ᠲᠡᠷᠢᠭᠦᠨ ᠬᠠᠭᠤᠳᠠᠰᠤ   -   ᠲᠡᠷᠢᠭᠦᠨ ᠮᠡᠳᠡᠭᠡ
ᠱᠢᠨ᠎ᠡ ᠵᠢᠯ᠎ᠦᠨ ᠰᠢ ᠵᠦᠴᠦᠭᠡ᠎ᠶ᠋ᠢᠨ ᠦᠳᠡᠱᠢᠯᠡᠭᠡ ᠪᠡᠭᠡᠵᠢᠩ᠎ᠳᠦ ᠶᠠᠪᠤᠭ᠍ᠳᠠᠪᠠ  ᠰᠢ ᠎ᠶᠢᠨ ᠫᠢᠩ  ᠯᠢ ᠴᠢᠶᠠᠩ  ᠵᠤᠤ ᠯᠸ ᠵᠶ᠋ᠢ  ᠸᠠᠩ ᠬᠤ᠌ ᠨᠢᠩ  ᠼᠠᠢ ᠴᠢ  ᠳ᠋ᠢᠩ ᠱᠢᠤᠸᠠᠢ ᠱᠢᠶᠠᠩ  ᠯᠢ ᠰᠢ  ᠬᠠᠨ ᠵᠧᠩ ᠲᠣᠭ᠍ᠯᠠᠯᠲᠠ᠎ᠶ᠋ᠢ ᠰᠣᠨᠢᠷᠬᠠᠵᠠᠢ
ᠨᠡᠶ᠋ᠢᠲᠡᠯᠡᠭᠰᠡᠨ ᠴᠠᠭ᠄ 2025-12-31

2026 ᠣᠨ᠎ᠤ ᠱᠢᠨ᠎ᠡ ᠵᠢᠯ᠎ᠦᠨ ᠰᠢ ᠵᠦᠴᠦᠭᠡ᠎ᠶ᠋ᠢᠨ ᠦᠳᠡᠱᠢᠯᠡᠭᠡ 30᠎ᠤ ᠤᠷᠤᠢ ᠤᠯᠤᠰ᠎ᠤᠨ ᠶᠡᠬᠡ ᠲᠢᠶᠠᠲᠷ᠎ᠲᠤ ᠶᠠᠪᠤᠭ᠍ᠳᠠᠪᠠ᠃ ᠨᠠᠮ ᠪᠣᠯᠤᠨ ᠲᠦᠷᠦ᠍᠎ᠶ᠋ᠢᠨ ᠤᠳᠤᠷᠢᠳᠭᠤ ᠬᠥᠮᠦᠨ ᠰᠢ ᠎ᠶᠢᠨ ᠫᠢᠩ᠂ ᠯᠢ ᠴᠢᠶᠠᠩ᠂ ᠵᠤᠤ ᠯᠸ ᠵᠶ᠋ᠢ᠂ ᠸᠠᠩ ᠬᠤ᠌ ᠨᠢᠩ᠂ ᠼᠠᠢ ᠴᠢ᠂ ᠳ᠋ᠢᠩ ᠱᠢᠤᠸᠠᠢ ᠱᠢᠶᠠᠩ᠂ ᠯᠢ ᠰᠢ᠂ ᠬᠠᠨ ᠵᠧᠩ᠎ᠨᠡᠷ ᠨᠡᠢᠰᠯᠡᠯ᠎ᠦᠨ ᠡᠯ᠎ᠡ ᠡᠲᠡᠭᠡᠳ᠎ᠦᠨ ᠤᠯᠠᠨ ᠲᠦᠮᠡᠨ᠎ᠲᠡᠶ ᠬᠠᠮᠲᠤ ᠲᠣᠭ᠍ᠯᠠᠯᠲᠠ᠎ᠶ᠋ᠢ ᠰᠣᠨᠢᠷᠬᠠᠵᠤ᠂ ᠱᠢᠨ᠎ᠡ ᠵᠢᠯ᠎ᠢ ᠪᠠᠶᠠᠷᠯᠠᠨ ᠤᠭ᠍ᠲᠤᠵᠠᠢ᠃

ᠦᠳᠡᠰᠢ᠎ᠶ᠋ᠢᠨ ᠪᠦᠷᠦᠢ᠎ᠶᠢᠨ ᠤᠯᠤᠰ᠎ᠤᠨ ᠶᠡᠬᠡ ᠲᠢᠶᠠᠲ᠋ᠷ᠎ᠲᠤ ᠦᠩᠭᠡᠳᠦ ᠳ᠋ᠸᠩ ᠳᠤᠸᠠᠯᠠᠵᠤ᠂ ᠬᠠᠯᠠᠭᠤᠨ ᠳᠤᠯᠠᠭᠠᠨ ᠠᠭᠤᠷ ᠠᠮᠢᠰᠭᠤᠯ᠎ᠢᠶᠡᠷ ᠪᠢᠯᠬᠠᠨ᠎ᠠ᠃ 19 ᠴᠠᠭ 45 ᠮᠢᠨᠦ᠋ᠲ᠎ᠦᠨ ᠦᠶ᠎ᠡ᠎ᠪᠡᠷ᠂ ᠰᠢ ᠎ᠶᠢᠨ ᠫᠢᠩ ᠵᠡᠷᠭᠡ ᠨᠠᠮ ᠪᠣᠯᠤᠨ ᠲᠦᠷᠦ᠍᠎ᠶ᠋ᠢᠨ ᠤᠳᠤᠷᠢᠳᠭᠤ ᠬᠥᠮᠦᠰ ᠦᠳᠡᠱᠢᠯᠡᠭᠡ᠎ᠶ᠋ᠢᠨ ᠠᠬᠤᠢ ᠲᠠᠯᠠᠪᠠᠢ᠎ᠳᠤ ᠬᠦᠷᠴᠦ᠍ ᠢᠷᠡᠬᠦ᠌᠎ᠳᠦ ᠲᠠᠯᠠᠪᠠᠢ ᠳᠠᠶᠠᠭᠠᠷ ᠨᠢᠵᠢᠭᠢᠨᠡᠲᠡᠯ᠎ᠡ ᠠᠯᠠᠭ᠎ᠠ ᠲᠠᠱᠢᠪᠠ᠃

ᠢᠷᠠᠭᠤ ᠳᠠᠭᠤᠤ᠎ᠪᠠᠷ ᠱᠢᠨ᠎ᠡ ᠵᠢᠯ᠎ᠢ ᠪᠡᠯᠭᠡᠯᠡᠵᠦ᠍᠂ ᠰᠢ ᠵᠦᠴᠦᠭᠡ᠎ᠪᠠᠷ ᠱᠢᠨ᠎ᠡ ᠵᠢᠯ᠎ᠢ ᠮᠠᠭ᠍ᠲᠠᠨ ᠳᠠᠭᠤᠯᠠᠨ᠎ᠠ᠃ 《ᠫᠢ ᠬᠤᠸᠠᠩ ᠠᠶ᠎ᠠ᠎ᠪᠠᠷ ᠱᠢᠨ᠎ᠡ ᠵᠢᠯ᠎ᠢ ᠤᠭ᠍ᠲᠤᠶ᠎ᠠ》 ᠭᠡᠬᠦ᠌ ᠪᠠᠶᠠᠷ ᠬᠦᠷ ᠲᠠᠢ ᠬᠦᠭᠵᠢᠮ᠎ᠤᠨ ᠲᠤᠭᠯᠠᠯᠳᠠ ᠳᠤᠮᠳᠠ ᠦᠳᠡᠱᠢᠯᠡᠭᠡ᠎ᠶᠢᠨ ᠬᠦᠰᠢᠭᠡ ᠰᠡᠬᠦᠭᠳᠡᠪᠡ᠃ 《ᠪᠡᠭᠡᠵᠢᠩ ᠵᠦᠴᠦᠭᠡ᠎ᠶ᠋ᠢᠨ ᠱᠢᠨ᠎ᠡ ᠰᠣᠳᠣᠨ ᠴᠦᠷᠭᠡᠯᠡᠭᠡ ᠳᠠᠭᠤᠯᠠᠯ》 ᠨᠢ ᠤᠷᠤᠰᠤᠮ᠎ᠠ ᠰᠠᠢᠬᠠᠨ ᠪᠠᠢᠵᠤ᠂ 《ᠬᠠᠪᠤᠷ᠎ᠤᠨ ᠭᠤᠷᠭᠤᠤᠯᠳᠠᠢ ᠬᠦᠨ ᠵᠢᠯᠠᠭ᠎ᠠ᠎ᠠᠴᠠ ᠭᠠᠷᠤᠬᠰᠡᠨ ᠨᠢ》 ᠭᠡᠬᠦ ᠪᠠᠭᠠᠴᠤᠳ ᠬᠡᠦᠬᠡᠳ᠎ᠦᠨ ᠲᠣᠭ᠍ᠯᠠᠯᠲᠠ ᠨᠢ ᠰᠢ ᠵᠦᠴᠦᠭᠡ᠎ᠶ᠋ᠢᠨ ᠤᠷᠠᠯᠢᠭ᠎ᠤᠨ ᠰᠠᠯᠠᠭ᠎ᠠ ᠨᠠᠮᠠᠭ᠎ᠠ᠎ᠨᠢ ᠢᠭ᠍ᠴᠤ ᠰᠠᠬᠤᠯᠢᠭ ᠤᠷᠭᠤᠵᠦ᠂ ᠡᠮᠬᠢ ᠵᠢᠷᠤᠮ᠎ᠲᠠᠶ ᠤᠯᠠᠮᠵᠢᠯᠠᠭᠰᠠᠨ ᠪᠠᠶᠠᠷᠯᠠᠭᠤᠱᠢᠲᠠᠶ ᠪᠠᠢᠳᠠᠯ᠎ᠢ ᠢᠯᠡᠷᠡᠭᠦᠯᠪᠡ᠃ 《ᠵᠢᠶᠠᠩᠵᠸᠤ᠎ᠡᠴᠡ ᠠᠷᠢᠬᠢ ᠬᠦᠷᠭᠡᠭ᠌ᠰᠡᠨ ᠨᠢ》 ᠭᠡᠬᠦ ᠺᠦᠨᠱᠠᠨ ᠵᠦᠴᠦᠭᠡ᠎ᠶᠢᠨ ᠰᠣᠩᠭᠣᠮᠠᠯ ᠬᠡᠰᠡᠭ᠎ᠲᠦ ᠡᠷᠲᠡᠨ᠎ᠦ ᠵᠦᠴᠦᠭᠡ᠎ᠶ᠋ᠢᠨ ᠲᠥᠷᠥᠯ᠎ᠦᠨ ᠢᠷᠠᠭᠤ ᠠᠶᠠᠯᠭᠤ᠎ᠶ᠋ᠢ ᠳᠠᠬᠢᠨ ᠢᠯᠡᠷᠡᠭᠦᠯᠪᠡ᠃ ᠠᠬᠤᠶ ᠦᠵᠡᠭ᠌ᠳᠡᠯᠳᠤ ᠲᠣᠭ᠍ᠯᠠᠯᠲᠠ 《ᠰᠢ ᠲᠠᠭᠤᠷᠢᠯᠢᠭ᠎ᠢ ᠬᠡᠷ᠎ᠦᠨ ᠡᠬᠦᠳᠠᠨ᠎ᠳᠤ ᠬᠦᠷᠭᠡᠭᠰᠡᠨ ᠨᠢ》 ᠪᠠ ᠴᠦ ᠤᠯᠤᠰ᠎ᠤᠨ ᠵᠦᠴᠦᠭᠡ 《ᠬᠦᠯᠭᠡᠨ ᠦᠬᠡᠷ᠎ᠦᠨ ᠥᠯᠢᠭᠡᠷ》᠎ᠤᠨ ᠰᠣᠩᠭᠣᠮᠠᠯ ᠬᠡᠰᠡᠭ᠎ᠨᠢ ᠲᠣᠰ ᠲᠣᠰ᠎ᠤᠨ ᠣᠨᠴᠠᠯᠢᠭ᠎ᠵᠢᠡᠨ ᠢᠯᠡᠷᠡᠭᠦᠯᠵᠤ᠂ ᠣᠷᠣᠨ ᠨᠤᠲᠤᠭ᠎ᠤᠨ ᠰᠢ ᠲᠠᠭᠤᠷᠢᠯᠢᠭ᠎ᠤᠨ ᠬᠥᠭ᠌ᠵᠢᠯᠲᠡ᠎ᠶ᠋ᠢᠨ ᠰᠠᠢᠨ ᠰᠠᠢᠬᠠᠨ ᠠᠮᠢ ᠠᠬᠤᠶ ᠪᠠ ᠥᠪᠡᠷᠮᠢᠴᠡ ᠬᠡᠪ ᠨᠠᠮᠪᠠ᠎ᠶ᠋ᠢ ᠢᠯᠡᠷᠡᠭᠦᠯᠪᠡ᠃ 《ᠪᠡᠭᠡᠵᠢᠩ ᠵᠦᠴᠦᠭᠡ᠎ᠶ᠋ᠢᠨ ᠰᠣᠩᠭᠣᠳᠠᠭ ᠪᠠᠳᠠᠭ》᠎ᠲᠤ 《ᠬᠣᠭᠣᠰᠣᠨ ᠬᠤᠳᠠ᠎ᠶ᠋ᠢᠨ ᠠᠷᠭ᠎ᠠ》᠂ 《ᠰᠢ ᠱ᠌ᠢ》᠂ 《ᡂᠢ ᠪᠢ᠎ᠶ᠋ᠢᠨ ᠳᠠᠢᠯᠠᠯᠳᠤᠭᠠᠨ》 ᠵᠡᠷᠭᠡ ᠨᠢ ᠬᠥᠮᠦᠰ᠎ᠤᠨ ᠰᠠᠢᠰᠢᠶᠠᠯ᠎ᠢ ᠤᠯᠵᠤ᠂ ᠤᠯᠤᠰ᠎ᠤᠨ ᠰᠣᠳᠣᠨ ᠤᠷᠠᠯᠢᠭ᠎ᠤᠨ ᠳᠣᠲᠣᠭᠠᠳᠤ ᠠᠭᠤᠯᠬᠤᠨ ᠪᠠ ᠲᠠᠲᠠᠬᠤ ᠬᠦᠴᠦᠨ᠎ᠢ ᠢᠯᠡᠷᠡᠭᠦᠯᠪᠡ᠃ ᠣᠳᠣ ᠦᠶ᠎ᠡ᠎ᠶ᠋ᠢᠨ ᠪᠡᠭᠡᠵᠢᠩ ᠵᠦᠴᠦᠭᠡ 《ᠤᠯᠠᠭᠠᠨ ᠳ᠋ᠧᠩ᠎ᠦᠨ ᠲᠡᠮᠳᠡᠭ᠌ᠯᠡᠯ》᠎ᠤᠨ ᠰᠣᠩᠭᠣᠮᠠᠯ ᠬᠡᠰᠡᠭ᠎ᠲᠦ ᠡᠷᠡᠯᠬᠡᠭ ᠪᠠᠭᠠᠲᠤᠷᠯᠢᠭ᠎ᠢᠶᠠᠷ ᠶᠠᠫᠣᠨ᠎ᠢ ᠡᠰᠡᠷᠭᠦᠴᠡᠭ᠌ᠰᠡᠨ ᠳᠤᠮᠳᠠᠳᠤ᠎ᠶ᠋ᠢᠨ ᠬᠥᠪᠡᠭᠦᠳ ᠥᠬᠢᠳ᠎ᠦᠨ ᠳᠦᠷᠢ᠎ᠶ᠋ᠢ ᠠᠮᠢᠳᠤᠯᠢᠭ ᠵᠢᠷᠤᠭ᠍ᠯᠠᠪᠠ᠃ ᠪᠠᠢᠯᠳᠤᠭᠠᠨᠳᠤ ᠰᠢ 《ᠶᠠᠨ ᠳ᠋ᠠᠩ ᠱᠠᠨ ᠠᠭᠤᠯᠠ》 ᠶ᠋ᠢᠨ ᠰᠣᠩᠭᠤᠮᠠᠯ ᠬᠡᠰᠡᠭ ᠨᠢ ᠴᠠᠭᠠᠷᠠᠬᠰᠡᠨ ᠡᠷᠳᠡᠮ᠎ᠢᠶᠡᠷ ᠪᠡᠭᠡᠵᠢᠩ ᠵᠦᠴᠦᠭᠡ᠎ᠶ᠋ᠢᠨ ᠪᠠᠢᠯᠳᠤᠭᠠᠨᠳᠤ ᠰᠢ ᠎ᠶᠢᠨ ᠰᠦᠷ ᠵᠢᠪᠬᠤᠭ᠎ᠠ᠎ᠶᠢ ᠢᠯᠡᠷᠡᠭᠦᠯᠪᠡ᠃ ᠤᠮᠤᠭ ᠰᠦᠷᠳᠤ ᠰᠢ ᠵᠦᠴᠦᠭᠡ 《ᠤᠯᠤᠰ᠎ᠤᠨ ᠰᠣᠳᠣᠨ ᠡᠭᠡᠰᠢᠭᠯᠡᠯ》 ᠨᠢ ᠦᠳᠡᠱᠢᠯᠡᠭᠡ᠎ᠶ᠋ᠢᠨ ᠠᠭᠤᠷ ᠠᠮᠢᠰᠭᠤᠯ᠎ᠢ ᠤᠷᠬᠢᠯ᠎ᠳᠤᠨᠢ ᠬᠦᠷᠭᠡᠵᠦ᠍᠂ ᠥᠷᠭᠡᠨ ᠤᠯᠠᠨ ᠤᠳᠭ᠎ᠠ ᠤᠷᠠᠯᠢᠭ᠎ᠤᠨ ᠠᠵᠢᠯᠳᠠᠨ ᠰᠢ ᠎ᠶᠢᠨ ᠫᠢᠩ᠎ᠦᠨ ᠰᠣᠶᠣᠯ᠎ᠤᠨ ᠦᠵᠡᠯ ᠰᠠᠨᠠᠭ᠎ᠠ᠎ᠪᠠᠷ ᠵᠢᠯᠤᠭᠤᠳᠤᠯᠭ᠎ᠠ ᠪᠣᠯᠭᠠᠬᠤ᠎ᠶ᠋ᠢ ᠪᠠᠷᠢᠮᠲᠠᠯᠠᠵᠤ᠂ ᠤᠳᠭ᠎ᠠ ᠤᠷᠠᠯᠢᠭ᠎ᠤᠨ ᠦᠢᠯᠡᠰ᠎ᠢ ᠴᠡᠴᠡᠭ᠌ᠯᠡᠭᠦᠯᠦᠨ ᠬᠥᠭ᠌ᠵᠢᠭᠦᠯᠬᠦ᠌᠂ ᠰᠣᠶᠣᠯ᠎ᠤᠨ ᠬᠦᠴᠦᠷᠬᠡᠭ ᠤᠯᠤᠰ᠎ᠢ ᠪᠠᠢᠭᠤᠯᠬᠤ᠎ᠳᠤ ᠨᠡᠩ ᠶᠡᠬᠡ ᠬᠤᠪᠢ ᠨᠡᠮᠡᠷᠢ ᠦᠵᠡᠭᠦᠯᠬᠦ᠌ ᠬᠠᠮᠲᠤ᠎ᠶ᠋ᠢᠨ ᠰᠡᠳᠭᠢᠯ᠎ᠦᠨ ᠳᠠᠭᠤᠨ᠎ᠢ ᠬᠠᠩᠭᠢᠨᠠᠭᠤᠯᠪᠠ᠃ ᠤᠷᠠᠯᠢᠭ᠍ᠴᠢᠳ᠎ᠤᠨ ᠭᠣᠢᠳᠠ ᠰᠠᠢᠬᠠᠨ ᠲᠣᠭ᠍ᠯᠠᠯᠲᠠ ᠨᠢ ᠲᠠᠯᠠᠪᠠᠢ ᠳᠠᠶᠠᠭᠠᠷ᠎ᠤᠨ ᠮᠠᠭ᠍ᠲᠠᠭᠠᠯ ᠰᠠᠢᠱᠢᠶᠠᠯ ᠪᠠ ᠬᠠᠯᠠᠭᠤᠨ ᠠᠯᠠᠭ᠎ᠠ ᠲᠠᠱᠢᠯᠳᠠ᠎ᠶᠢ ᠤᠯᠪᠠ᠃

ᠦᠳᠡᠱᠢᠯᠡᠭᠡ᠎ᠳᠦ ᠠᠬᠠᠮᠠᠳ ᠢᠳᠡᠷᠴᠤᠳ ᠵᠠᠯᠠᠭᠤᠴᠤᠳ ᠪᠠᠭᠠᠴᠤᠳ ᠴᠤᠭ ᠵᠢᠪᠬᠤᠭ᠎ᠠ᠎ᠪᠠᠨ ᠪᠠᠳᠠᠷᠠᠭᠤᠯᠵᠤ᠂ ᠰᠣᠩᠭᠣᠳᠠᠭ ᠵᠦᠴᠦᠭᠡ ᠪᠣᠯᠤᠨ ᠱᠢᠨ᠎ᠡ ᠰᠣᠳᠣᠨ ᠪᠦᠲᠦᠭᠡᠯ ᠤ᠋ᠳ ᠮᠦᠴᠡᠭᠡᠷᠭᠡᠨ᠂ ᠠᠳᠠᠯᠢ ᠪᠤᠰᠤ ᠬᠡᠪ ᠨᠠᠮᠪᠠ ᠲᠠᠢ ᠵᠦᠴᠦᠭᠡ ᠨᠤᠭᠦᠳ ᠲᠤᠬᠯᠠᠬᠳᠠᠵᠦ᠂ ᠰᠢ ᠵᠦᠴᠦᠭᠡ᠎ᠶ᠋ᠢᠨ ᠤᠷᠠᠯᠢᠭ᠎ᠤᠨ ᠬᠥᠭ᠌ᠵᠢᠯ ᠴᠡᠴᠡᠭ᠌ᠯᠡᠯ᠎ᠦᠨ ᠥᠷᠨᠢᠭᠦᠨ ᠪᠠᠳᠠᠷᠠᠩᠭᠤᠢ ᠠᠮᠢᠵᠢᠷᠠᠯ᠎ᠤᠨ ᠬᠦᠴᠦᠨ᠎ᠢ ᠢᠯᠡᠷᠡᠭᠦᠯᠵᠦ᠍᠂ ᠱᠢᠨ᠎ᠡ ᠠᠶᠠᠨ᠎ᠳᠠᠭᠠᠨ ᠦᠷᠭᠦᠯᠵᠢᠯᠡᠨ ᠲᠡᠮᠡᠴᠡᠬᠦ᠌ ᠴᠠᠭ ᠦᠶ᠎ᠡ᠎ᠶ᠋ᠢᠨ ᠢᠯᠠᠯᠲᠠ᠎ᠶ᠋ᠢᠨ ᠳᠠᠭᠤᠤ᠎ᠶ᠋ᠢ ᠬᠠᠩᠭᠢᠨᠠᠭᠤᠯᠪᠠ᠃

ᠨᠠᠮ ᠪᠣᠯᠤᠨ ᠲᠦᠷᠦ᠎ᠶᠢᠨ ᠬᠣᠯᠪᠣᠭ᠍ᠳᠠᠯ ᠪᠦᠬᠦᠢ ᠤᠳᠤᠷᠢᠳᠭᠤ ᠨᠥᠬᠥᠳ᠂ ᠬᠣᠯᠪᠣᠭ᠍ᠳᠠᠯ ᠪᠦᠬᠦᠢ ᠰᠠᠯᠠᠭ᠎ᠠ ᠮᠥᠴᠢᠷ᠎ᠦᠨ ᠬᠠᠷᠢᠭᠤᠴᠠᠯᠭᠠᠲᠠᠨ ᠨᠥᠬᠥᠳ ᠲᠣᠭ᠍ᠯᠠᠯᠲᠠ᠎ᠶ᠋ᠢ ᠰᠣᠨᠢᠷᠬᠠᠪᠠ᠃

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ