ᠲᠡᠷᠢᠭᠦᠨ ᠬᠠᠭᠤᠳᠠᠰᠤ   -   ᠲᠡᠷᠢᠭᠦᠨ ᠮᠡᠳᠡᠭᠡ
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠎ᠶᠢᠨ ᠤᠯᠤᠰ ᠲᠥᠷᠥ᠎ᠶᠢᠨ ᠲᠣᠪᠴᠢᠶᠠᠨ᠎ᠤ ᠪᠠᠢᠩᠭᠤ᠎ᠶᠢᠨ ᠬᠣᠷᠢᠶ᠎ᠠ ᠬᠤᠷᠠᠯ ᠬᠤᠷᠠᠯᠳᠤᠭᠤᠯᠵᠤ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠶᠡᠷᠦᠩᠬᠡᠢ ᠱᠦᠵᠢ ᠰᠢ᠎ᠵᠢᠨ᠎ᠫᠢᠩ ᠬᠤᠷᠠᠯ᠎ᠢ ᠡᠷᠭᠢᠯᠡᠵᠡᠢ
ᠨᠡᠶ᠋ᠢᠲᠡᠯᠡᠭᠰᠡᠨ ᠴᠠᠭ᠄ 2026-01-09

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠎ᠶᠢᠨ ᠤᠯᠤᠰ ᠲᠥᠷᠥ᠎ᠶᠢᠨ ᠲᠣᠪᠴᠢᠶᠠᠨ᠎ᠤ ᠪᠠᠢᠩᠭᠤ᠎ᠶᠢᠨ ᠬᠣᠷᠢᠶ᠎ᠠ ᠬᠤᠷᠠᠯ ᠬᠤᠷᠠᠯᠳᠤᠭᠤᠯᠵᠤ  ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ ᠲᠥᠷᠥ᠎ᠶᠢᠨ ᠶᠠᠪᠤᠳᠠᠯ᠎ᠤᠨ ᠬᠣᠷᠢᠶ᠎ᠠ ᠪᠦᠬᠦ ᠤᠯᠤᠰ᠎ᠤᠨ ᠤᠯᠤᠰ ᠲᠥᠷᠥ᠎ᠶᠢᠨ ᠵᠥᠪᠯᠡᠯᠭᠡᠨ ᠠᠷᠠᠳ᠎ᠤᠨ ᠳᠡᠭᠡᠳᠦ ᠰᠢᠭᠦᠬᠦ ᠬᠣᠷᠢᠶ᠎ᠠ ᠠᠷᠠᠳ᠎ᠤᠨ ᠳᠡᠭᠡᠳᠦ ᠪᠠᠢᠴᠠᠭᠠᠬᠤ ᠬᠤᠷᠢᠶ᠎ᠠ᠎ᠵᠢᠨ ᠨᠠᠮ᠎ᠤᠨ ᠤᠳᠤᠷᠢᠳᠬᠤ ᠳᠤᠭᠤᠢᠯᠠᠩ᠎ᠤᠨ ᠠᠵᠢᠯ᠎ᠤᠨ ᠬᠠᠷᠢᠭᠤ ᠮᠡᠳᠡᠭᠦᠯᠦᠯᠲᠡ᠎ᠶᠢ ᠰᠣᠨᠣᠰᠴᠤ ᠲᠥᠪ᠎ᠤᠨ ᠱᠦᠵᠢ ᠨᠠᠷ᠎ᠦᠨ ᠭᠠᠵᠠᠷ᠎ᠤᠨ ᠠᠵᠢᠯ᠎ᠤᠨ ᠮᠡᠳᠡᠭᠦᠯᠦᠯᠲᠡ᠎ᠶᠢ ᠰᠣᠨᠣᠰᠪᠠ  ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠶᠡᠷᠦᠩᠬᠡᠢ ᠱᠦᠵᠢ ᠰᠢ᠎ᠵᠢᠨ᠎ᠫᠢᠩ ᠬᠤᠷᠠᠯ᠎ᠢ ᠡᠷᠭᠢᠯᠡᠵᠡᠢ

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠤᠯᠤᠰ ᠲᠥᠷᠥ᠎ᠶᠢᠨ ᠲᠣᠪᠴᠢᠶᠠᠨ᠎ᠤ ᠪᠠᠢᠩᠭᠤ᠎ᠶᠢᠨ ᠬᠣᠷᠢᠶ᠎ᠠ 1 ᠰᠠᠷ᠎ᠠ᠎ᠶᠢᠨ 8 ᠎ᠤ᠋ ᠡᠳᠦᠷ ᠪᠦᠬᠦᠯᠢ ᠡᠳᠦᠷ᠎ᠬᠤᠷᠠᠯ ᠬᠤᠷᠠᠯᠳᠤᠭᠤᠯᠵᠤ᠂ ᠪᠥᠬᠥ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠂ ᠲᠥᠷᠥ᠎ᠶᠢᠨ ᠶᠠᠪᠤᠳᠠᠯ᠎ᠤᠨ ᠬᠣᠷᠢᠶ᠎ᠠ᠂ ᠪᠥᠬᠥ ᠤᠯᠤᠰ᠎ᠤᠨ ᠤᠯᠤᠰ ᠲᠥᠷᠥ᠎ᠶᠢᠨ ᠵᠥᠪᠯᠡᠯᠭᠡᠨ᠂ ᠠᠷᠠᠳ᠎ᠤᠨ ᠳᠡᠭᠡᠳᠦ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠪᠠᠢᠴᠠᠭᠠᠬᠤ ᠬᠤᠷᠢᠶ᠎ᠠ᠎ᠵᠢᠨ ᠨᠠᠮ᠎ᠤᠨ ᠤᠳᠤᠷᠢᠳᠬᠤ ᠳᠤᠭᠤᠢᠯᠠᠩ᠎ᠤᠨ ᠠᠵᠢᠯ᠎ᠤᠨ ᠬᠠᠷᠢᠭᠤ ᠮᠡᠳᠡᠭᠦᠯᠦᠯᠲᠡ᠎ᠶᠢ ᠰᠣᠨᠣᠰᠴᠤ᠂ ᠲᠥᠪ᠎ᠦᠨ ᠱᠦᠵᠢ ᠨᠠᠷ᠎ᠦᠨ ᠭᠠᠵᠠᠷ᠎ᠤᠨ ᠠᠵᠢᠯ᠎ᠤᠨ ᠮᠡᠳᠡᠭᠦᠯᠦᠯᠲᠡ᠎ᠶᠢ ᠰᠣᠨᠣᠰᠪᠠ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠶᠡᠷᠦᠩᠬᠡᠢ ᠱᠦᠵᠢ ᠰᠢ᠎ᠵᠢᠨ᠎ᠫᠢᠩ ᠬᠤᠷᠠᠯ᠎ᠢ ᠡᠷᠬᠢᠯᠡᠭᠰᠡᠨ ᠪᠥᠭᠡᠳ ᠴᠢᠬᠤᠯᠠ ᠶᠠᠷᠢᠶ᠎ᠠ ᠲᠠᠯᠪᠢᠪᠠ᠃

ᠬᠤᠷᠠᠯ᠎ᠡᠴᠡ᠂ ᠨᠠᠮ᠎ᠤᠨ ᠲᠥᠪ ᠬᠣᠷᠢᠶ᠎ᠠ᠎ᠡᠴᠡ ᠪᠥᠬᠥ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠂ ᠲᠥᠷᠥ᠎ᠶᠢᠨ ᠶᠠᠪᠤᠳᠠᠯ᠎ᠤᠨ ᠬᠣᠷᠢᠶ᠎ᠠ᠂ ᠪᠥᠬᠥ ᠤᠯᠤᠰ᠎ᠤᠨ ᠤᠯᠤᠰ ᠲᠥᠷᠥ᠎ᠶᠢᠨ ᠵᠥᠪᠯᠡᠯᠭᠡᠨ᠂ ᠠᠷᠠᠳ᠎ᠤᠨ ᠳᠡᠭᠡᠳᠦ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠪᠠᠢᠴᠠᠭᠠᠬᠤ ᠬᠤᠷᠢᠶ᠎ᠠ᠎ᠵᠢᠨ ᠨᠠᠮ᠎ᠤᠨ ᠤᠳᠤᠷᠢᠳᠬᠤ ᠳᠤᠭᠤᠢᠯᠠᠩ᠎ᠤᠨ ᠠᠵᠢᠯ᠎ᠤᠨ ᠬᠠᠷᠢᠭᠤ ᠮᠡᠳᠡᠭᠦᠯᠦᠯᠲᠡ ᠪᠠ ᠲᠥᠪ᠎ᠦᠨ ᠱᠦᠵᠢ ᠨᠠᠷ᠎ᠦᠨ ᠭᠠᠵᠠᠷ᠎ᠤᠨ ᠠᠵᠢᠯ᠎ᠤᠨ ᠮᠡᠳᠡᠭᠦᠯᠦᠯᠲᠡ᠎ᠶᠢ ᠰᠣᠨᠣᠰᠬᠤ ᠪᠣᠯ ᠨᠠᠮ᠎ᠤᠨ ᠤᠳᠤᠷᠢᠳᠬᠤ ᠳᠦᠷᠢᠮ᠎ᠦᠨ ᠰᠢᠰᠲᠧᠮ᠎ᠢ ᠪᠠᠷᠢᠮᠲᠠᠯᠠᠨ ᠲᠡᠭᠦᠯᠳᠡᠷᠵᠢᠭᠦᠯᠬᠦ᠂ ᠨᠠᠮ᠎ᠤᠨ ᠲᠥᠪ ᠬᠤᠷᠢᠶ᠎ᠠ᠎ᠵᠢᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ᠎ᠶᠢ ᠤᠯᠤᠰ᠎ᠤᠨ ᠵᠠᠰᠠᠯᠲᠠ᠎ᠶᠢᠨ ᠡᠯ᠎ᠡ ᠬᠦᠷᠢᠶ᠎ᠡ ᠡᠯ᠎ᠡ ᠲᠠᠯ᠎ᠠ ᠡᠯ᠎ᠡ ᠭᠣᠭᠴᠣᠭ᠎ᠠ᠎ᠳᠤ ᠨᠠᠢᠳᠠᠪᠤᠷᠢᠵᠢᠭᠤᠯᠬᠤ ᠴᠢᠬᠤᠯᠠ ᠠᠷᠭ᠎ᠠ ᠬᠡᠮᠵᠢᠶ᠎ᠡ ᠮᠥᠨ᠃ 《ᠠᠷᠪᠠᠨ ᠲᠠᠪᠤᠳᠤᠭᠠᠷ ᠲᠠᠪᠤᠨ ᠵᠢᠯ》᠎ᠦᠨ ᠬᠤᠭᠤᠴᠠᠭᠠᠨ᠎ᠳᠤ᠂ ᠮᠠᠨ᠎ᠤ ᠤᠯᠤᠰ᠎ᠤᠨ ᠬᠥᠭᠵᠢᠯᠲᠡ᠎ᠶᠢᠨ ᠣᠷᠴᠢᠨ ᠨᠥᠬᠥᠴᠡᠯ᠎ᠳᠦ ᠭᠦᠨᠵᠡᠭᠡᠢ ᠪᠥᠭᠡᠳ ᠪᠤᠳᠤᠯᠢᠶᠠᠨᠲᠠᠢ ᠬᠤᠪᠢᠷᠠᠯᠲᠠ ᠲᠤᠯᠭᠠᠷᠠᠵᠤ᠂ ᠠᠵᠢᠯ᠎ᠤᠨ ᠡᠭᠦᠷᠭᠡ ᠪᠡᠷᠬᠡ ᠬᠠᠲᠠᠭᠤᠵᠢᠯᠲᠠᠢ ᠪᠥᠭᠡᠳ ᠨᠦᠰᠡᠷ ᠬᠦᠨᠳᠦ ᠪᠠᠢᠨ᠎ᠠ᠂ ᠨᠠᠮ᠎ᠤᠨ ᠤᠳᠤᠷᠢᠳᠤᠯᠭ᠎ᠠ ᠡᠨᠡ ᠬᠦ᠌ ᠬᠠᠮᠤᠭ᠎ᠤᠨ ᠶᠡᠬᠡ ᠳᠠᠪᠠᠭᠤᠯᠢᠭ᠋᠎ᠢ ᠰᠠᠢᠲᠤᠷ ᠪᠠᠷᠢᠮᠲᠠᠯᠠᠵᠤ᠂ ᠰᠠᠢᠲᠤᠷ ᠬᠡᠷᠡᠭᠯᠡᠵᠦ᠂ ᠰᠠᠢᠲᠤᠷ ᠬᠥᠭᠵᠢᠭᠦᠯᠵᠦ᠂ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠵᠢᠨ ᠪᠦᠲᠦᠭᠡᠨ ᠪᠠᠢᠭᠤᠯᠤᠯᠲᠠ᠎ᠳᠤ ᠦᠨᠳᠦᠰᠦᠨ ᠪᠠᠲᠤᠯᠠᠭ᠎ᠠ ᠬᠠᠩᠭᠠᠬᠤ ᠬᠡᠷᠡᠭᠲᠡᠢ ᠭᠡᠵᠦ ᠵᠢᠭᠠᠵᠤ ᠭᠠᠷᠭᠠᠪᠠ᠃

ᠬᠤᠷᠠᠯ᠎ᠡᠴᠡ᠂ ᠥᠩᠭᠡᠷᠡᠭᠰᠡᠨ ᠨᠢᠭᠡ ᠵᠢᠯ᠎ᠳᠦ ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠂ ᠲᠦᠷᠦ᠎ᠶᠢᠨ ᠶᠠᠪᠤᠳᠠᠯ᠎ᠤᠨ ᠬᠣᠷᠢᠶ᠎ᠠ᠂ ᠪᠦᠬᠦ ᠤᠯᠤᠰ᠎ᠤᠨ ᠤᠯᠤᠰ ᠲᠦᠷᠦ᠎ᠶᠢᠨ ᠵᠥᠪᠯᠡᠯᠭᠡᠨ᠂ ᠠᠷᠠᠳ᠎ᠤᠨ ᠳᠡᠭᠡᠳᠦ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠪᠠᠢᠴᠠᠭᠠᠬᠤ ᠬᠤᠷᠢᠶ᠎ᠠ᠎ᠵᠢᠨ ᠨᠠᠮ᠎ᠤᠨ ᠤᠳᠤᠷᠢᠳᠬᠤ ᠳᠤᠭᠤᠢᠯᠠᠩ ᠰᠢ᠎ᠵᠢᠨ᠎ᠫᠢᠩ᠎ᠦᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭᠠᠬᠤ᠎ᠶᠢ ᠪᠠᠷᠢᠮᠲᠠᠯᠠᠵᠤ᠂ ᠨᠠᠮ᠎ᠤᠨ ᠲᠥᠪ ᠬᠤᠷᠢᠶ᠎ᠠ᠎ᠵᠢᠨ ᠡᠷᠬᠡ ᠰᠦᠷ ᠪᠣᠯᠣᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ᠎ᠶᠢ ᠡᠷᠡᠰ ᠬᠠᠮᠠᠭᠠᠯᠠᠵᠤ᠂ ᠨᠠᠮ᠎ᠤᠨ ᠬᠣᠷᠢᠳᠤᠭᠠᠷ ᠶᠡᠬᠡ ᠬᠤᠷᠠᠯ ᠪᠣᠯᠣᠨ ᠬᠣᠷᠢᠳᠤᠭᠠᠷ ᠬᠤᠭᠤᠴᠠᠭᠠᠨ᠎ᠤ ᠤᠳᠠᠭ᠎ᠠ ᠪᠦᠷᠢ᠎ᠶᠢᠨ ᠪᠦᠬᠦᠳᠠ ᠬᠤᠷᠠᠯ᠎ᠤᠨ ᠵᠣᠷᠢᠭ᠋ ᠰᠠᠨᠠᠭ᠎ᠠ᠎ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠢᠳᠠᠪᠤᠷᠢᠵᠢᠭᠤᠯᠵᠤ᠂ ᠨᠠᠮ ᠪᠣᠯᠣᠨ ᠤᠯᠤᠰ᠎ᠤᠨ ᠠᠵᠢᠯ᠎ᠤᠨ ᠶᠡᠬᠡ ᠲᠠᠯ᠎ᠠ᠎ᠶᠢᠨ ᠲᠣᠭᠣᠷᠢᠨ᠎ᠳᠤ ᠲᠤᠰᠢᠶᠠᠯ ᠬᠠᠷᠢᠭᠤᠴᠠᠯᠭ᠎ᠠ᠎ᠪᠠᠨ ᠭᠦᠢᠴᠡᠳᠬᠡᠵᠦ᠂ ᠨᠠᠮ᠎ᠤᠨ ᠤᠳᠤᠷᠢᠳᠬᠤ ᠳᠤᠭᠤᠢᠯᠠᠩ᠎ᠤᠨ ᠲᠤᠰ ᠪᠡᠶ᠎ᠡ᠎ᠶᠢᠨ ᠪᠠᠢᠭᠤᠯᠤᠯᠲᠠ᠎ᠶᠢ ᠦᠨᠡᠨ ᠬᠦ᠌ ᠴᠢᠩᠭᠠᠳᠬᠠᠵᠤ᠂ ᠡᠯ᠎ᠡ ᠲᠠᠯ᠎ᠠ᠎ᠶᠢᠨ ᠠᠵᠢᠯ ᠰᠢᠨ᠎ᠡ ᠦᠷ᠎ᠡ ᠪᠦᠲᠦᠮᠵᠢ ᠣᠯᠵᠠᠢ ᠭᠡᠵᠦ ᠦᠵᠡᠪᠡ᠃

ᠬᠤᠷᠠᠯ᠎ᠡᠴᠡ᠂ ᠥᠩᠭᠡᠷᠡᠭᠰᠡᠨ ᠨᠢᠭᠡ ᠵᠢᠯ᠎ᠳᠦ ᠨᠠᠮ᠎ᠤᠨ ᠲᠥᠪ ᠬᠣᠷᠢᠶ᠎ᠡ᠎ᠶᠢᠨ ᠤᠯᠤᠰ ᠲᠦᠷᠦ᠎ᠶᠢᠨ ᠲᠣᠪᠴᠢᠶ᠎ᠠ᠂ ᠨᠠᠮ᠎ᠤᠨ ᠲᠥᠪ ᠬᠣᠷᠢᠶ᠎ᠡ᠎ᠶᠢᠨ ᠤᠯᠤᠰ ᠲᠦᠷᠦ᠎ᠶᠢᠨ ᠲᠤᠪᠴᠢᠶᠠᠨ᠎ᠤ ᠪᠠᠢᠩᠭᠤ᠎ᠶᠢᠨ ᠬᠣᠷᠢᠶ᠎ᠡ᠎ᠶᠢᠨ ᠤᠳᠤᠷᠢᠳᠤᠯᠭ᠎ᠠ ᠳᠣᠣᠷ᠎ᠠ᠂ ᠲᠥᠪ᠎ᠦᠨ ᠱᠦᠵᠢ ᠨᠠᠷ᠎ᠦᠨ ᠭᠠᠵᠠᠷ ᠨᠠᠮ᠎ᠤᠨ ᠲᠥᠪ ᠬᠣᠷᠢᠶ᠎ᠡ᠎ᠶᠢᠨ ᠰᠢᠢᠳᠪᠦᠷᠢᠲᠦ ᠪᠣᠳᠣᠯᠭ᠎ᠠ ᠪᠠᠢᠷᠢᠯᠠᠭᠤᠯᠤᠯᠲᠠ᠎ᠶᠢ ᠨᠠᠷᠢᠨ ᠬᠢᠨᠠᠮᠠᠭᠠᠢ ᠲᠤᠭᠤᠰᠢᠯᠠᠭᠤᠯᠵᠤ᠂ ᠡᠭᠦᠷᠭᠡ ᠬᠠᠷᠢᠭᠤᠴᠠᠯᠭ᠎ᠠ᠎ᠪᠠᠨ ᠢᠳᠡᠪᠬᠢᠲᠡᠢ ᠭᠦᠢᠴᠡᠳᠬᠡᠵᠦ᠂ ᠨᠠᠮ᠎ᠤᠨ ᠲᠥᠪ ᠬᠣᠷᠢᠶ᠎ᠡ᠎ᠡᠴᠡ ᠲᠤᠰᠢᠶᠠᠭᠰᠠᠨ ᠡᠭᠦᠷᠭᠡ᠎ᠶᠢ ᠪᠡᠶᠡᠯᠡᠭᠦᠯᠬᠦ᠂ ᠨᠠᠮ᠎ᠤᠨ ᠳᠣᠲᠣᠭᠠᠳᠤ᠎ᠶᠢᠨ ᠬᠠᠤᠯᠢ ᠲᠣᠭᠲᠠᠭᠠᠯ ᠳᠦᠷᠢᠮ᠎ᠦᠨ ᠪᠠᠢᠭᠤᠯᠤᠯᠲᠠ᠎ᠶᠢ ᠴᠢᠩᠭᠠᠳᠬᠠᠬᠤ᠂ ᠤᠯᠠᠨ ᠲᠦᠮᠡᠨ᠎ᠦ ᠪᠦᠯᠬᠦᠮ᠎ᠦᠨ ᠠᠵᠢᠯ᠎ᠢ ᠵᠢᠯᠣᠭᠣᠳᠴᠦ ᠠᠬᠢᠭᠤᠯᠬᠤ᠂ ᠬᠡᠯᠪᠡᠷᠢᠴᠢ ᠦᠵᠡᠯ᠎ᠢ ᠴᠡᠭᠴᠡᠯᠡᠨ ᠵᠠᠰᠠᠵᠤ ᠦᠨᠳᠦᠰᠦᠨ ᠱᠠᠲᠤᠨ᠎ᠤ ᠳᠠᠷᠤᠭᠠᠰᠤ᠎ᠶᠢ ᠬᠥᠩᠭᠡᠷᠡᠭᠦᠯᠬᠦ ᠵᠡᠷᠭᠡ ᠲᠠᠯ᠎ᠠ᠎ᠪᠠᠷ ᠶᠡᠬᠡ ᠬᠡᠮᠵᠢᠶᠡᠨ᠎ᠦ ᠠᠵᠢᠯ ᠬᠢᠵᠡᠢ ᠭᠡᠵᠦ ᠦᠵᠡᠪᠡ᠃

ᠬᠤᠷᠠᠯ᠎ᠡᠴᠡ᠂ ᠡᠨᠡ ᠵᠢᠯ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭᠳᠠᠭᠰᠠᠨ 105 ᠵᠢᠯ᠎ᠦᠨ ᠣᠢ᠂ 《ᠠᠷᠪᠠᠨ ᠲᠠᠪᠤᠳᠤᠭᠠᠷ ᠲᠠᠪᠤᠨ ᠵᠢᠯ》᠎ᠤᠨ ᠡᠬᠢᠯᠡᠯᠲᠡ᠎ᠶᠢᠨ ᠵᠢᠯ ᠮᠥᠨ᠃ ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠂ ᠲᠥᠷᠥ᠎ᠶᠢᠨ ᠶᠠᠪᠤᠳᠠᠯ᠎ᠤᠨ ᠬᠣᠷᠢᠶ᠎ᠠ᠂ ᠪᠦᠬᠦ ᠤᠯᠤᠰ᠎ᠤᠨ ᠤᠯᠤᠰ ᠲᠥᠷᠥ᠎ᠶᠢᠨ ᠵᠥᠪᠯᠡᠯᠭᠡᠨ᠂ ᠠᠷᠠᠳ᠎ᠤᠨ ᠳᠡᠭᠡᠳᠦ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠪᠠᠢᠴᠠᠭᠠᠬᠤ ᠬᠣᠷᠢᠶ᠎ᠡ᠎ᠶᠢᠨ ᠨᠠᠮ᠎ᠤᠨ ᠤᠳᠤᠷᠢᠳᠬᠤ ᠳᠤᠭᠤᠢᠯᠠᠩ ᠰᠢ᠎ᠵᠢᠨ᠎ᠫᠢᠩ᠎ᠤᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠤᠭᠤᠳᠤᠯᠭ᠎ᠠ ᠪᠤᠯᠭᠠᠵᠤ᠂ ᠨᠠᠮ᠎ᠤᠨ ᠬᠣᠷᠢᠳᠤᠭᠠᠷ ᠶᠡᠬᠡ ᠬᠤᠷᠠᠯ ᠪᠣᠯᠣᠨ ᠬᠣᠷᠢᠳᠤᠭᠠᠷ ᠬᠤᠭᠤᠴᠠᠭᠠᠨ᠎ᠤ ᠤᠳᠠᠭ᠎ᠠ ᠪᠦᠷᠢ᠎ᠶᠢᠨ ᠪᠥᠬᠥᠳᠡ ᠬᠤᠷᠠᠯ᠎ᠤᠨ ᠵᠣᠷᠢᠭ᠋ ᠰᠠᠨᠠᠭ᠎ᠠ᠎ᠶᠢ ᠭᠦᠨᠵᠡᠭᠡᠢ ᠲᠤᠭᠤᠰᠢᠯᠠᠭᠤᠯᠵᠤ᠂ ᠳᠥᠷᠪᠡᠳᠦᠭᠡᠷ ᠪᠥᠬᠥᠳᠡ ᠬᠤᠷᠠᠯ᠎ᠤᠨ ᠪᠠᠢᠷᠢᠯᠠᠭᠤᠯᠤᠯᠲᠠ᠎ᠶᠢ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ᠂ ᠨᠠᠮ᠎ᠤᠨ ᠲᠥᠪ ᠬᠣᠷᠢᠶ᠎ᠡ᠎ᠶᠢᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ᠎ᠶᠢ ᠪᠠᠷᠢᠮᠲᠠᠯᠠᠵᠤ᠂ 《ᠬᠣᠶᠠᠷ᠎ᠢ ᠲᠣᠭᠲᠠᠭᠠᠭᠰᠠᠨ》᠎ᠤ ᠰᠢᠢᠳᠪᠦᠷᠢᠯᠡᠭᠴᠢ ᠴᠢᠨᠠᠷᠲᠠᠢ ᠠᠴᠢ ᠬᠣᠯᠪᠣᠭᠳᠠᠯ᠎ᠢ ᠭᠦᠨᠵᠡᠭᠡᠢ ᠣᠢᠯᠠᠭᠠᠵᠤ᠂ 《ᠲᠦᠷᠪᠡᠨ ᠤᠬᠠᠮᠰᠠᠷ》᠎ᠢᠶᠠᠨ ᠴᠢᠩᠭᠠᠳᠬᠠᠵᠤ᠂ 《ᠲᠦᠷᠪᠡᠨ ᠢᠲᠡᠭᠡᠯ》᠎ᠢᠶᠠᠨ ᠪᠠᠲᠤᠳᠬᠠᠵᠤ᠂ 《ᠬᠣᠶᠠᠷ᠎ᠢ ᠬᠠᠮᠠᠭᠠᠯᠠᠬᠤ》᠎ᠶᠢ ᠪᠡᠶᠡᠯᠡᠭᠦᠯᠵᠦ᠂ ᠦᠵᠡᠯ ᠰᠠᠨᠠᠭ᠎ᠠ ᠤᠯᠤᠰ ᠲᠦᠷᠦ ᠦᠢᠯᠡ ᠠᠵᠢᠯᠯᠠᠭ᠎ᠠ᠎ᠶᠢᠨ ᠲᠠᠯ᠎ᠠ᠎ᠪᠠᠷ ᠢᠮᠠᠭᠲᠠ ᠰᠢ᠎ᠵᠢᠨ᠎ᠫᠢᠩ ᠨᠥᠬᠥᠷ᠎ᠢᠶᠡᠷ ᠭᠣᠣᠯ ᠪᠣᠯᠭᠠᠭᠰᠠᠨ ᠨᠠᠮ᠎ᠤᠨ ᠲᠥᠪ ᠬᠣᠷᠢᠶ᠎ᠠ᠎ᠲᠠᠢ ᠳᠡᠭᠡᠳᠦ ᠬᠡᠮᠵᠢᠶ᠎ᠡ᠎ᠪᠡᠷ ᠨᠢᠭᠡᠳᠦᠯᠲᠡᠢ ᠪᠠᠢᠵᠤ᠂ ᠨᠠᠮ᠎ᠤᠨ ᠲᠥᠪ ᠬᠣᠷᠢᠶ᠎ᠡ᠎ᠶᠢᠨ ᠡᠯ᠎ᠡ ᠵᠦᠢᠯ᠎ᠦᠨ ᠰᠢᠢᠳᠪᠦᠷᠢᠲᠦ ᠪᠣᠳᠣᠯᠭ᠎ᠠ ᠪᠠᠢᠷᠢᠯᠠᠭᠤᠯᠤᠯᠲᠠ᠎ᠶᠢ ᠲᠡᠷᠡ ᠬᠡᠪ᠎ᠢᠶᠡᠷ ᠨᠢ ᠪᠣᠳᠠᠲᠠᠢ᠎ᠳᠤ ᠨᠠᠢᠳᠠᠪᠤᠷᠢᠵᠢᠭᠤᠯᠬᠤ ᠬᠡᠷᠡᠭᠲᠡᠢ᠃ 《ᠠᠷᠪᠠᠨ ᠲᠠᠪᠤᠳᠤᠭᠠᠷ ᠲᠠᠪᠤᠨ ᠵᠢᠯ》᠎ᠤᠨ ᠬᠤᠭᠤᠴᠠᠭᠠᠨ᠎ᠦ ᠠᠵᠤ ᠠᠬᠤᠢ ᠨᠡᠢᠭᠡᠮ᠎ᠦᠨ ᠬᠥᠭᠵᠢᠯᠲᠡ᠎ᠶᠢᠨ ᠴᠢᠬᠤᠯᠠ ᠶᠡᠬᠡ ᠪᠠᠢᠯᠳᠤᠬᠤ ᠪᠣᠳᠣᠯᠭ᠎ᠠ᠎ᠶᠢᠨ ᠡᠭᠦᠷᠭᠡ᠎ᠶᠢ ᠪᠠᠲᠦ ᠡᠵᠡᠮᠳᠡᠵᠤ᠂ ᠵᠣᠷᠢᠭ᠋ ᠰᠠᠨᠠᠭ᠎ᠠ᠎ᠪᠠᠨ ᠨᠢᠭᠡᠳᠬᠡᠨ᠂ ᠬᠠᠮᠲᠤᠷᠠᠯ ᠬᠦᠴᠦᠨ᠎ᠢ ᠪᠦᠷᠢᠯᠳᠦᠭᠦᠯᠵᠦ᠂ ᠡᠯ᠎ᠡ ᠬᠦᠷᠢᠶᠡᠨ᠎ᠦ ᠠᠵᠢᠯ᠎ᠢ ᠬᠠᠮᠲᠤ᠎ᠪᠠᠷ ᠠᠬᠢᠭᠤᠯᠵᠤ᠂ ᠰᠠᠢᠨ ᠰᠠᠢᠬᠠᠨ ᠡᠬᠢᠯᠡᠯᠲᠡ᠎ᠶᠢ ᠴᠢᠷᠮᠠᠢᠨ ᠪᠡᠶᠡᠯᠡᠭᠦᠯᠬᠦ ᠬᠡᠷᠡᠭᠲᠡᠢ᠃ ᠵᠦᠪ ᠠᠵᠢᠯ᠎ᠤᠨ ᠪᠦᠲᠦᠮᠵᠢ᠎ᠶᠢᠨ ᠦᠵᠡᠯᠲᠡ᠎ᠶᠢ ᠪᠤᠢ ᠪᠣᠯᠭᠠᠨ ᠦᠢᠯᠡᠳᠦᠯᠭᠡᠵᠢᠭᠦᠯᠵᠦ᠂ ᠠᠷᠠᠳ ᠲᠦᠮᠡᠨ᠎ᠤ ᠲᠦᠯᠦᠭᠡ ᠠᠵᠢᠯ᠎ᠤᠨ ᠪᠦᠲᠦᠮᠵᠢ ᠭᠠᠷᠭᠠᠬᠤ᠂ ᠪᠣᠳᠠᠲᠠᠢ ᠠᠵᠢᠯᠯᠠᠬᠤ᠎ᠪᠠᠷ ᠠᠵᠢᠯ᠎ᠤᠨ ᠪᠦᠲᠦᠮᠵᠢ ᠭᠠᠷᠭᠠᠬᠤ᠎ᠶᠢ ᠪᠠᠷᠢᠮᠲᠠᠯᠠᠬᠤ ᠬᠡᠷᠡᠭᠳᠡᠢ᠃ ᠨᠠᠮ᠎ᠤᠨ ᠤᠳᠤᠷᠢᠳᠬᠤ ᠳᠤᠭᠤᠢᠯᠠᠩ᠎ᠤᠨ ᠲᠤᠰ ᠪᠡᠶ᠎ᠡ᠎ᠶᠢᠨ ᠪᠠᠢᠭᠤᠯᠤᠯᠲᠠ᠎ᠶᠢ ᠴᠢᠩᠭᠠᠳᠬᠠᠵᠤ᠂ ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠬᠤ ᠭᠤᠤᠯ ᠴᠣᠭᠴᠠ᠎ᠶᠢᠨ ᠬᠠᠷᠢᠭᠤᠴᠠᠯᠭ᠎ᠠ᠎ᠶᠢ ᠨᠠᠷᠢᠨ ᠬᠢᠨᠠᠮᠠᠭᠠᠢ ᠭᠦᠢᠴᠡᠳᠬᠡᠵᠦ᠂ ᠥᠪᠡᠷ᠎ᠪᠡᠶ᠎ᠡ᠎ᠶᠢᠨ ᠬᠤᠪᠢᠰᠬᠠᠯ᠎ᠤᠨ ᠤᠬᠠᠮᠰᠠᠷᠲᠤ ᠴᠢᠨᠠᠷ ᠭᠤᠢᠪᠢᠰᠢ ᠦᠭᠡᠢ ᠴᠢᠨᠠᠷ᠎ᠢ ᠦᠨᠡᠨ ᠬᠦ᠌ ᠴᠢᠩᠭᠠᠳᠬᠠᠬᠤ ᠬᠡᠷᠡᠭᠳᠡᠢ ᠭᠡᠵᠤ ᠴᠢᠬᠤᠯᠠᠴᠢᠯᠠᠪᠠ᠃

ᠬᠤᠷᠠᠯ᠎ᠡᠴᠡ᠂ ᠰᠢᠨ᠎ᠡ ᠨᠢᠭᠡᠨ ᠵᠢᠯ᠎ᠳᠦ ᠲᠥᠪ᠎ᠤᠨ ᠱᠦᠵᠢ ᠨᠠᠷ᠎ᠦᠨ ᠭᠠᠵᠠᠷ᠎ᠨᠠᠮ᠎ᠤᠨ ᠬᠣᠷᠢᠳᠤᠭᠠᠷ ᠶᠡᠬᠡ ᠬᠤᠷᠠᠯ ᠪᠣᠯᠣᠨ ᠬᠣᠷᠢᠳᠤᠭᠠᠷ ᠬᠤᠭᠤᠴᠠᠭᠠᠨ᠎ᠤ ᠤᠳᠠᠭ᠎ᠠ ᠪᠦᠷᠢ᠎ᠶᠢᠨ ᠪᠥᠬᠥᠳᠡ ᠬᠤᠷᠠᠯ᠎ᠤᠨ ᠵᠣᠷᠢᠭ᠋ ᠰᠠᠨᠠᠭ᠎ᠠ᠎ᠶᠢ ᠭᠦᠨᠵᠡᠭᠡᠢ ᠲᠤᠭᠤᠰᠢᠯᠠᠭᠤᠯᠵᠤ᠂ ᠳᠥᠷᠪᠡᠳᠦᠭᠡᠷ ᠪᠥᠬᠥᠳᠡ ᠬᠤᠷᠠᠯ᠎ᠤᠨ ᠪᠠᠢᠷᠢᠯᠠᠭᠤᠯᠤᠯᠲᠠ᠎ᠶᠢ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ᠂ ᠨᠠᠮ᠎ᠤᠨ ᠲᠥᠪ ᠬᠣᠷᠢᠶ᠎ᠡ᠎ᠶᠢᠨ ᠤᠯᠤᠰ ᠲᠦᠷᠦ᠎ᠶᠢᠨ ᠲᠣᠪᠴᠢᠶ᠎ᠠ᠂ ᠨᠠᠮ᠎ᠤᠨ ᠲᠥᠪ ᠬᠣᠷᠢᠶ᠎ᠡ᠎ᠶᠢᠨ ᠤᠯᠤᠰ ᠲᠦᠷᠦ᠎ᠶᠢᠨ ᠲᠣᠪᠴᠢᠶ᠎ᠡ᠎ᠶᠢᠨ ᠪᠠᠢᠩᠭᠤ᠎ᠶᠢᠨ ᠬᠣᠷᠢᠶ᠎ᠡ᠎ᠶᠢᠨ ᠪᠠᠢᠷᠢᠯᠠᠭᠤᠯᠤᠯᠲᠠ ᠱᠠᠭᠠᠷᠳᠠᠯᠭ᠎ᠠ᠎ᠶᠢᠨ ᠲᠤᠭᠤᠷᠢᠨ᠎ᠳᠦ᠂ ᠲᠤᠰᠢᠶᠠᠯ ᠬᠠᠷᠢᠭᠤᠴᠠᠯᠭ᠎ᠠ᠎ᠳᠠᠭᠠᠨ ᠰᠠᠭᠤᠷᠢᠯᠠᠨ ᠨᠠᠮ᠎ᠤᠨ ᠳᠣᠲᠣᠭᠠᠳᠤ᠎ᠶᠢᠨ ᠲᠥᠪᠯᠡᠷᠡᠩᠭᠦᠢ ᠬᠥᠮᠦᠵᠢᠯ᠎ᠢ ᠵᠢᠯᠣᠭᠣᠳᠤᠨ ᠥᠷᠨᠢᠭᠦᠯᠬᠦ᠂ ᠨᠠᠮ᠎ᠤᠨ ᠳᠣᠲᠣᠭᠠᠳᠤ᠎ᠶᠢᠨ ᠬᠠᠤᠯᠢ ᠲᠣᠭᠲᠠᠭᠠᠯ ᠳᠦᠷᠢᠮ᠎ᠦᠨ ᠪᠠᠢᠭᠤᠯᠤᠯᠲᠠ᠂ ᠤᠯᠠᠨ ᠲᠦᠮᠡᠨᠴᠢ ᠪᠦᠯᠬᠦᠮ᠎ᠦᠨ ᠵᠣᠬᠢᠶᠠᠨ ᠪᠠᠢᠭᠤᠯᠤᠯᠲᠠ᠎ᠶᠢᠨ ᠴᠤᠭᠴᠠᠯᠠᠯᠲᠠ ᠪᠠ ᠥᠭᠡᠷᠡᠴᠢᠯᠡᠯᠲᠡ᠎ᠶᠢ ᠲᠡᠭᠦᠯᠳᠡᠷᠵᠢᠭᠦᠯᠬᠦ᠂ ᠬᠡᠯᠪᠡᠷᠢᠴᠢ ᠦᠵᠡᠯ᠎ᠢ ᠦᠷᠭᠦᠯᠵᠢᠯᠡᠨ ᠴᠡᠭᠴᠡᠯᠡᠨ ᠵᠠᠰᠠᠵᠤ ᠦᠨᠳᠦᠰᠦᠨ ᠱᠠᠲᠤᠨ᠎ᠤ ᠳᠠᠷᠤᠭᠠᠰᠤ᠎ᠶᠢ ᠬᠥᠩᠭᠡᠷᠡᠭᠦᠯᠬᠦ ᠵᠡᠷᠭᠡ ᠭᠣᠣᠯᠳᠠᠯᠭ᠎ᠠ᠎ᠲᠠᠢ ᠡᠭᠦᠷᠭᠡ᠎ᠶᠢ ᠨᠠᠢᠳᠠᠪᠤᠷᠢᠵᠢᠭᠤᠯᠬᠤ᠎ᠶᠢ ᠰᠠᠢᠲᠤᠷ ᠠᠳᠬᠤᠵᠤ᠂ ᠨᠠᠮ᠎ᠤᠨ ᠲᠥᠪ ᠬᠣᠷᠢᠶ᠎ᠡ᠎ᠠᠴᠠ ᠲᠤᠰᠢᠶᠠᠭᠰᠠᠨ ᠡᠯ᠎ᠡ ᠵᠦᠢᠯ᠎ᠦᠨ ᠡᠭᠦᠷᠭᠡ᠎ᠶᠢ ᠴᠢᠨᠠᠷ ᠰᠠᠢᠲᠠᠢ ᠪᠡᠶᠡᠯᠡᠭᠦᠯᠬᠦ ᠬᠡᠷᠡᠭᠳᠡᠢ ᠭᠡᠵᠤ ᠴᠢᠬᠤᠯᠠᠴᠢᠯᠠᠵᠠᠢ᠃

ᠢᠷᠡᠯᠲᠡ᠄    