ᠲᠡᠷᠢᠭᠦᠨ ᠬᠠᠭᠤᠳᠠᠰᠤ   -   ᠲᠡᠷᠢᠭᠦᠨ ᠮᠡᠳᠡᠭᠡ
ᠰᠢ᠎ᠵᠢᠨ᠎ᠫᠢᠩ ᠦᠷᠦ᠋ᠭᠤᠸᠠᠢ᠎ᠶᠢᠨ ᠶᠡᠷᠦᠩᠬᠡᠢᠯᠡᠭ᠌ᠴᠢ ᠤᠤᠷᠰᠢ ᠲᠠᠢ ᠬᠡᠯᠡᠯᠴᠡᠭᠡ ᠬᠢᠪᠡ
ᠨᠡᠶ᠋ᠢᠲᠡᠯᠡᠭᠰᠡᠨ ᠴᠠᠭ᠄ 2026-02-04

2 ᠰᠠᠷ᠎ᠠ᠎ᠶ᠋ᠢᠨ 3᠎ᠦ ᠦᠳᠡ᠎ᠶ᠋ᠢᠨ ᠡᠮᠦᠨ᠎ᠡ᠂ ᠤᠯᠤᠰ᠎ᠤᠨ ᠲᠡᠷᠢᠭᠦᠯᠡᠭ᠌ᠴᠢ ᠰᠢ᠎ᠵᠢᠨ᠎ᠫᠢᠩ ᠪᠡᠭᠡᠵᠢᠩ᠎ᠦᠨ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠳᠤᠮᠳᠠᠳᠤ ᠤᠯᠤᠰ᠎ᠲᠤ ᠲᠦᠷᠦ᠍᠎ᠶ᠋ᠢᠨ ᠶᠠᠪᠤᠳᠠᠯ᠎ᠤᠨ ᠠᠢᠯᠴᠢᠯᠠᠯᠲᠠ ᠬᠢᠬᠦ᠌᠎ᠪᠡᠷ ᠢᠷᠡᠭ᠌ᠰᠡᠨ ᠦᠷᠦ᠋ᠭᠤᠸᠠᠢ᠎ᠶ᠋ᠢᠨ ᠶᠡᠷᠦᠩᠬᠡᠢᠯᠡᠭ᠌ᠴᠢ ᠤᠤᠷᠰᠢ ᠲᠠᠢ ᠬᠡᠯᠡᠯᠴᠡᠭᠡ ᠬᠢᠪᠡ᠃

ᠰᠢ᠎ᠵᠢᠨ᠎ᠫᠢᠩ᠂ ᠳᠤᠮᠳᠠᠳᠤ ᠤᠯᠤᠰ ᠪᠣᠯᠤᠨ ᠦᠷᠦ᠋ᠭᠤᠸᠠᠢ ᠬᠡᠳᠦᠢᠪᠡᠷ ᠲᠠᠯᠠᠢ ᠲᠠᠩᠭᠢᠰ᠎ᠢᠶᠠᠷ ᠠᠯᠤᠰᠯᠠᠵᠤ ᠪᠠᠢᠭ᠎ᠠ ᠪᠣᠯᠪᠠᠴᠤ᠌ ᠬᠣᠶᠠᠷ ᠲᠠᠯ᠎ᠠ᠎ᠶ᠋ᠢᠨ ᠣᠢᠯᠠᠭᠠᠭ᠍ᠳᠠᠬᠤᠨ ᠠᠳᠠᠯᠢᠪᠲᠤᠷ᠂ ᠨᠥᠬᠥᠷᠯᠡᠯ ᠭᠦᠨ ᠵᠤᠵᠠᠭᠠᠨ ᠶᠤᠮ᠃ 38 ᠵᠢᠯ᠎ᠦᠨ ᠡᠮᠦᠨᠡᠬᠢ ᠦᠨᠦᠳᠦᠷ ᠳᠤᠮᠳᠠᠳᠤ ᠦᠷᠦ᠋ᠭᠤᠸᠠᠢ ᠭᠠᠳᠠᠭᠠᠳᠤ ᠬᠠᠷᠢᠯᠴᠠᠭ᠎ᠠ ᠪᠠᠢᠭᠤᠯᠪᠠ᠃ 38 ᠵᠢᠯ᠎ᠦᠨ ᠲᠤᠷᠰᠢ᠂ ᠳᠡᠯᠡᠬᠡᠢ᠎ᠶ᠋ᠢᠨ ᠪᠠᠢᠳᠠᠯ ᠶᠠᠭᠠᠬᠢᠵᠤ ᠬᠤᠪᠢᠷᠠᠭ᠍ᠰᠠᠨ ᠴᠤ᠌᠂ ᠬᠣᠶᠠᠷ ᠤᠯᠤᠰ᠎ᠢᠶᠠᠷ᠎ᠢᠶᠠᠨ ᠢᠮᠠᠭ᠍ᠲᠠ ᠬᠠᠷᠢᠯᠴᠠᠨ ᠬᠦᠨᠳᠦᠳᠭᠡᠬᠦ᠌᠂ ᠬᠠᠷᠢᠯᠴᠠᠨ ᠠᠱᠢᠭ᠍ᠲᠠᠢ ᠬᠠᠮᠲᠤᠷᠠᠯᠴᠠᠬᠤ ᠶᠠᠪᠤᠯᠴᠠᠬᠤ ᠠᠷᠭ᠎ᠠ ᠵᠠᠮ᠎ᠢ ᠪᠠᠷᠢᠮᠲᠠᠯᠠᠭ᠍ᠰᠠᠭᠠᠷ ᠢᠷᠡᠵᠠᠢ᠃ ᠱᠢᠨ᠎ᠡ ᠪᠠᠢᠳᠠᠯ ᠳᠣᠣᠷ᠎ᠠ᠂ ᠬᠣᠶᠠᠷ ᠲᠠᠯ᠎ᠠ᠎ᠪᠠᠷ᠎ᠢᠶᠠᠨ ᠤᠯᠠᠮᠵᠢᠯᠠᠯ᠎ᠢᠶᠠᠨ ᠵᠠᠯᠭᠠᠮᠵᠢᠯᠠᠵᠤ᠂ ᠪᠦᠬᠦ᠌ ᠲᠠᠯ᠎ᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠬᠠᠨᠢᠲᠠᠨ᠎ᠤ ᠬᠠᠷᠢᠯᠴᠠᠭ᠎ᠠ᠎ᠪᠠᠨ ᠭᠦᠨᠵᠡᠭᠡᠢᠷᠡᠭᠦᠯᠵᠦ᠍᠂ ᠬᠣᠶᠠᠷ ᠤᠯᠤᠰ᠎ᠤᠨ ᠨᠥᠬᠥᠷᠯᠡᠯ᠎ᠦᠨ ᠮᠣᠳᠣ᠎ᠶ᠋ᠢ ᠤᠯᠠᠮ ᠢᠭ᠍ᠴᠤ ᠰᠠᠬᠤᠯᠢᠭ ᠪᠣᠯᠭᠠᠶ᠎ᠠ ᠭᠡᠵᠦ ᠵᠢᠭᠠᠵᠤ ᠭᠠᠷᠭᠠᠪᠠ᠃

ᠰᠢ᠎ᠵᠢᠨ᠎ᠫᠢᠩ᠂ ᠳᠤᠮᠳᠠᠳᠤ ᠦᠷᠦ᠋ᠭᠤᠸᠠᠢ ᠬᠣᠶᠠᠷ ᠤᠯᠤᠰ ᠲᠣᠰ ᠲᠣᠰ᠎ᠤᠨ᠎ᠢᠶᠠᠨ ᠭᠤᠤᠯᠯᠠᠭ᠍ᠴᠢ ᠠᠱᠢᠭ ᠲᠤᠰᠠ ᠪᠣᠯᠤᠨ ᠠᠩᠬᠠᠷᠴᠤ᠌ ᠪᠠᠢᠭ᠎ᠠ ᠴᠢᠬᠤᠯᠠ ᠶᠡᠬᠡ ᠠᠰᠠᠭᠤᠳᠠᠯ᠎ᠢ ᠦᠷᠭᠦᠯᠵᠢᠯᠡᠨ ᠡᠷᠡᠰ ᠳᠡᠮᠵᠢᠵᠦ᠍᠂ ᠡᠯ᠎ᠡ ᠲᠠᠰ ᠳᠠᠪᠬᠤᠷᠭ᠎ᠠ᠂ ᠪᠥᠬᠥ᠌ ᠲᠠᠯ᠎ᠠ᠎ᠶ᠋ᠢᠨ ᠨᠥᠬᠥᠷᠰᠡᠭ ᠶᠠᠪᠤᠯᠴᠠᠭ᠎ᠠ᠎ᠪᠠᠨ ᠨᠢᠭ᠍ᠲᠠᠷᠠᠭᠤᠯᠵᠤ᠂ ᠲᠥᠷᠥ᠎ᠶ᠋ᠢ ᠵᠠᠰᠠᠬᠤ ᠲᠤᠷᠱᠢᠯᠭ᠎ᠠ᠎ᠶ᠋ᠢᠨ ᠰᠣᠯᠢᠯᠴᠠᠭ᠎ᠠ᠎ᠪᠠᠨ ᠴᠢᠩᠭᠠᠳᠭᠠᠵᠤ᠂ ᠪᠠᠢᠯᠳᠤᠬᠤ ᠪᠣᠳᠣᠯᠭ᠎ᠠ᠎ᠶ᠋ᠢᠨ ᠢᠲᠡᠭᠡᠯᠴᠡᠭᠡ᠎ᠪᠡᠨ ᠲᠠᠰᠤᠷᠠᠯᠲᠠ ᠥᠬᠡᠶ ᠭᠦᠨᠵᠡᠭᠡᠢᠷᠡᠭᠦᠯᠦᠶ᠎ᠡ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ᠎ᠶᠢᠨ ᠳᠥᠷᠪᠡᠳᠦᠭᠡᠷ ᠪᠦᠭᠦᠳᠡ ᠬᠤᠷᠠᠯ᠎ᠡᠴᠡ 《ᠠᠷᠪᠠᠨ ᠲᠠᠪᠤᠳᠤᠭᠠᠷ ᠲᠠᠪᠤᠨ ᠵᠢᠯ》᠎ᠤ᠋ᠨ ᠲᠥᠯᠥᠪᠵᠢᠭᠦᠯᠭᠡ᠎ᠶ᠋ᠢᠨ ᠰᠠᠨᠠᠭᠤᠯᠭ᠎ᠠ᠎ᠶ᠋ᠢ ᠪᠠᠲᠤᠯᠠᠵᠤ᠂ ᠢᠷᠡᠭᠡᠳᠦᠢ᠎ᠶ᠋ᠢᠨ 5 ᠵᠢᠯ᠎ᠦᠨ ᠳᠤᠮᠳᠠᠳᠤ ᠤᠯᠤᠰ᠎ᠤᠨ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠵᠢᠷᠤᠭ ᠲᠥᠰᠦᠪ᠎ᠢ ᠵᠢᠷᠤᠭ᠍ᠯᠠᠭ᠍ᠰᠠᠨ ᠪᠥᠭᠡᠳ ᠦᠷᠦ᠋ᠭᠤᠸᠠᠢ᠎ᠶᠢ ᠪᠠᠭ᠍ᠲᠠᠭᠠᠭ᠍ᠰᠠᠨ ᠡᠯ᠎ᠡ ᠤᠯᠤᠰ᠎ᠲᠤ ᠨᠡᠩ ᠤᠯᠠᠨ ᠠᠵᠠ ᠲᠣᠬᠢᠶᠠᠯ ᠬᠠᠩᠭᠠᠬᠤ ᠪᠤᠯᠤᠨ᠎ᠠ᠃ ᠬᠣᠶᠠᠷ ᠲᠠᠯ᠎ᠠ᠎ᠪᠠᠷ᠎ᠢᠶᠠᠨ ᠬᠥᠭ᠌ᠵᠢᠯᠲᠡ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠵᠣᠯᠭᠠᠯᠴᠠᠭ᠎ᠠ᠎ᠪᠠᠨ ᠴᠢᠩᠭᠠᠳᠭᠠᠵᠤ᠂ ᠠᠵᠤ ᠠᠬᠤᠢ ᠠᠷᠠᠯᠵᠢᠶ᠎ᠠ᠂ ᠮᠥᠩᠭᠥᠨ ᠭᠦᠢᠯᠭᠡᠭᠡ᠂ ᠮᠠᠯ ᠠᠵᠤ ᠠᠬᠤᠢ ᠲᠠᠷᠢᠶᠠᠯᠠᠩ᠂ ᠰᠠᠭᠤᠷᠢ ᠲᠥᠬᠥᠭᠡᠷᠦᠮᠵᠢ᠎ᠶ᠋ᠢᠨ ᠪᠦᠳᠦᠭᠡᠨ ᠪᠠᠢᠭᠤᠯᠤᠯᠲᠠ᠂ ᠮᠡᠳᠡᠭᠡ ᠵᠠᠩᠭᠢ ᠴᠢᠮᠡᠭᠡ ᠬᠣᠯᠪᠣᠭ᠎ᠠ ᠵᠡᠷᠭᠡ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠵᠦ᠍᠂ ᠪᠣᠬᠢᠷᠲᠤᠯ ᠦᠭᠡᠢ ᠬᠥᠭ᠌ᠵᠢᠯᠲᠡ᠂ ᠲᠣᠭᠠᠴᠢᠯᠠᠭ᠍ᠰᠠᠨ ᠠᠵᠤ ᠠᠬᠤᠢ᠂ ᠵᠣᠬᠢᠶᠠᠮᠠᠯ ᠤᠶᠤᠨ ᠴᠢᠳᠠᠪᠤᠷᠢ᠂ ᠴᠡᠪᠡᠷ ᠡᠨᠧᠷᠭᠢ ᠵᠡᠷᠭᠡ ᠱᠢᠨ᠎ᠡ᠎ᠪᠡᠷ ᠮᠠᠨᠳᠤᠭ᠍ᠰᠠᠨ ᠬᠦᠷᠢᠶᠡᠨ᠎ᠳ᠋ᠡᠬᠢ ᠬᠠᠮᠲᠤᠷᠠᠯᠴᠠᠭᠠᠨ᠎ᠤ ᠲᠠᠯᠳᠠ ᠬᠦᠴᠦᠨ᠎ᠢ ᠠᠭᠤᠳᠠᠯᠵᠤ᠂ ᠠᠵᠤ ᠠᠬᠤᠢ᠎ᠶ᠋ᠢᠨ ᠨᠡᠮᠡᠭ᠌ᠳᠡᠯ᠎ᠦᠨ ᠬᠡᠯᠪᠡᠷᠢ᠎ᠶ᠋ᠢ ᠬᠤᠪᠢᠷᠠᠭᠤᠯᠤᠨ ᠲᠡᠰ ᠳᠡᠪᠱᠢᠭᠦᠯᠬᠦ᠌᠎ᠶ᠋ᠢ ᠠᠬᠢᠭᠤᠯᠤᠶ᠎ᠠ᠃ ᠳᠤᠮᠳᠠᠳᠤ ᠤᠯᠤᠰ ᠪᠣᠯᠤᠨ ᠦᠷᠦ᠋ᠭᠤᠸᠠᠢ᠎ᠶᠢᠨ ᠠᠷᠠᠳ ᠲᠦᠮᠡᠨ ᠠᠶᠠᠨᠳᠠᠭᠠᠨ᠎ᠤ ᠳᠣᠲᠣᠨᠣ ᠬᠠᠢᠷ᠎ᠠ ᠰᠡᠳᠭᠢᠯᠭᠡ᠎ᠲᠡᠶ ᠶᠤᠮ᠂ ᠬᠣᠶᠠᠷ ᠲᠠᠯ᠎ᠠ᠎ᠪᠠᠷ᠎ᠢᠶᠠᠨ ᠰᠣᠶᠣᠯ᠂ ᠰᠤᠷᠭᠠᠨ ᠬᠥᠮᠦᠵᠢᠯ᠂ ᠪᠡᠶ᠎ᠡ᠎ᠶ᠋ᠢᠨ ᠲᠠᠮᠢᠷ᠂ ᠵᠠᠭᠤᠴᠢᠯᠠᠭᠤᠷ᠂ ᠣᠷᠣᠨ ᠨᠤᠲᠤᠭ ᠵᠡᠷᠭᠡ ᠲᠠᠯ᠎ᠠ᠎ᠶ᠋ᠢᠨ ᠰᠣᠯᠢᠯᠴᠠᠭ᠎ᠠ᠎ᠪᠠᠨ ᠦᠷᠭᠦᠯᠵᠢᠯᠡᠨ ᠭᠦᠨᠵᠡᠭᠡᠢᠷᠡᠭᠦᠯᠵᠦ᠍᠂ ᠬᠥᠮᠦᠰ᠎ᠦᠨ ᠶᠠᠪᠤᠯᠴᠠᠭ᠎ᠠ᠎ᠳᠤ ᠲᠦᠬᠦᠮ ᠦᠵᠡᠭᠦᠯᠵᠦ᠍᠂ ᠠᠷᠠᠳ᠎ᠤᠨ ᠰᠡᠳᠭᠢᠯ᠎ᠦᠨ ᠨᠡᠪᠲᠡᠷᠡᠯᠴᠡᠭᠡ᠎ᠶ᠋ᠢ ᠠᠬᠢᠭᠤᠯᠤᠶ᠎ᠠ ᠭᠡᠵᠦ ᠴᠢᠬᠤᠯᠠᠴᠢᠯᠠᠪᠠ᠃

ᠰᠢ᠎ᠵᠢᠨ᠎ᠫᠢᠩ᠂ ᠣᠳᠣᠬᠠᠨ᠎ᠤ ᠳᠡᠯᠡᠬᠡᠢ ᠶᠢᠷᠲᠢᠨᠴᠦ᠍ ᠶᠠᠭ ᠵᠠᠭᠤᠨ ᠵᠢᠯ᠎ᠳᠦ ᠲᠣᠬᠢᠶᠠᠯᠳᠤᠭ᠎ᠠ ᠦᠭᠡᠢ ᠶᠡᠬᠡ ᠬᠤᠪᠢᠰᠤᠯᠲᠠ ᠲᠤᠮᠳᠠ ᠣᠷᠣᠱᠢᠵᠤ᠂ ᠳᠡᠯᠡᠬᠡᠢ᠎ᠶ᠋ᠢᠨ ᠪᠠᠢᠳᠠᠯ ᠤᠷᠪᠠᠭᠠᠨ ᠬᠥᠷᠪᠡᠭᠡᠨ᠎ᠲᠡᠶ ᠪᠤᠯᠵᠤ᠂ ᠭᠠᠭ᠍ᠴᠠ ᠲᠠᠯᠠᠲᠤ ᠦᠵᠡᠯ ᠡᠵᠡᠷᠬᠡᠭ᠌ᠯᠡᠯ ᠶᠠᠪᠤᠬᠤ ᠲᠤᠳᠤᠮ ᠱᠢᠷᠦᠭᠦᠰᠴᠦ᠍ ᠪᠤᠢ᠂ ᠳᠤᠮᠳᠠᠳᠤ ᠤᠯᠤᠰ ᠦᠷᠦ᠋ᠭᠤᠸᠠᠢ᠎ᠶᠢᠨ 《77 ᠤᠯᠤᠰ᠎ᠤᠨ ᠪᠦᠯᠦᠭ᠌ᠯᠡᠯ ᠪᠣᠯᠤᠨ ᠳᠤᠮᠳᠠᠳᠤ ᠤᠯᠤᠰ》᠎ᠤᠨ ᠵᠢᠵᠢᠭᠦᠷ ᠲᠡᠷᠢᠭᠦᠯᠡᠭ᠌ᠴᠢ ᠤᠯᠤᠰ᠎ᠤᠨ ᠲᠤᠱᠢᠶᠠᠯ᠎ᠢ ᠦᠷᠭᠦᠯᠵᠢᠯᠡᠨ ᠬᠠᠷᠢᠭᠤᠴᠠᠬᠤ᠎ᠶ᠋ᠢ ᠲᠡᠮᠵᠢᠵᠥ᠍᠂ ᠳᠤᠷᠠᠲᠠᠶ᠎ᠠ ᠦᠷᠦ᠋ᠭᠤᠸᠠᠢ᠎ᠯᠤᠭ᠎ᠠ ᠪᠦᠬᠦ᠌ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ᠎ᠤᠳ᠎ᠤᠨ ᠪᠦᠯᠬᠦᠮᠳᠡᠯ ᠪᠠ ᠬᠠᠮᠵᠢᠯᠴᠠᠭ᠎ᠠ᠎ᠵᠢ ᠴᠢᠩᠭᠠᠳᠭᠠᠵᠤ᠂ ᠡᠷᠬᠡ ᠲᠡᠭ᠌ᠰᠢ ᠡᠮᠬᠢ ᠵᠢᠷᠤᠮ᠎ᠲᠠᠶ ᠳᠡᠯᠡᠬᠡᠢ᠎ᠶ᠋ᠢᠨ ᠤᠯᠠᠨ ᠲᠤᠢ᠌ᠯᠵᠢᠯᠲᠡ᠂ ᠲᠦᠭᠡᠮᠡᠯ ᠬᠠᠷᠠᠭᠠᠯᠵᠠᠯᠳᠤ ᠪᠠᠭ᠍ᠲᠠᠭᠠᠮᠵᠢᠲᠠᠢ ᠠᠵᠤ ᠠᠬᠤᠢ᠎ᠶ᠋ᠢᠨ ᠳᠡᠯᠡᠬᠡᠢᠵᠢᠯᠲᠡ᠎ᠶ᠋ᠢ ᠬᠠᠮᠲᠤ᠎ᠪᠠᠷ ᠠᠬᠢᠭᠤᠯᠵᠤ᠂ ᠭᠠᠷ ᠬᠣᠯᠪᠣᠯᠴᠠᠨ ᠵᠡᠷᠭᠡ᠎ᠪᠡᠷ ᠤᠷᠤᠭ᠍ᠰᠢᠯᠠᠵᠤ᠂ ᠬᠥᠭ᠌ᠵᠢᠯᠲᠡ᠎ᠶ᠋ᠢ ᠬᠠᠮᠲᠤ᠎ᠪᠠᠷ ᠡᠷᠢᠯᠬᠢᠯᠡᠵᠦ᠍᠂ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ᠎ᠳᠤ ᠨᠡᠩ ᠶᠡᠬᠡ ᠬᠤᠪᠢ ᠨᠡᠮᠡᠷᠢ ᠦᠵᠡᠭᠦᠯᠦᠨ᠎ᠡ᠃ ᠳᠤᠮᠳᠠᠳᠤ ᠤᠯᠤᠰ ᠢᠮᠠᠭ᠍ᠲᠠ ᠳᠤᠮᠳᠠᠳᠤ ᠤᠯᠤᠰ ᠯᠠᠲ᠋ᠢᠨ ᠠᠮᠧᠷᠢᠺᠠ ᠲᠢᠪ᠎ᠤᠨ ᠬᠠᠷᠢᠯᠴᠠᠭ᠎ᠠ᠎ᠶᠢ ᠴᠢᠬᠤᠯᠠᠴᠢᠯᠠᠵᠤ᠂ ᠯᠠᠲ᠋ᠢᠨ ᠠᠮᠧᠷᠢᠺᠠ ᠲᠢᠪ ᠪᠤᠯᠤᠨ ᠺᠠᠷᠢᠪᠸ ᠣᠷᠣᠨ᠎ᠤ ᠤᠯᠤᠰ᠎ᠤᠳ᠎ᠤᠨ ᠲᠤᠰ ᠪᠡᠶ᠎ᠡ᠎ᠶ᠋ᠢᠨ ᠡᠷᠬᠡ ᠮᠡᠳᠡᠯ᠂ ᠠᠮᠤᠷ ᠲᠦᠪᠱᠢᠨ᠂ ᠬᠥᠭ᠌ᠵᠢᠯᠲᠡ᠎ᠶ᠋ᠢᠨ ᠠᠱᠢᠭ ᠲᠤᠰᠠ᠎ᠪᠠᠨ ᠬᠠᠮᠠᠭᠠᠯᠠᠬᠤ᠎ᠶ᠋ᠢ ᠲᠡᠮᠵᠢᠵᠥ᠍᠂ ᠦᠷᠦ᠋ᠭᠤᠸᠠᠢ᠎ᠶᠢᠨ ᠯᠠᠲ᠋ᠢᠨ ᠠᠮᠧᠷᠢᠺᠠ ᠲᠢᠪ ᠪᠣᠯᠤᠨ ᠺᠠᠷᠢᠪᠸ ᠣᠷᠣᠨ᠎ᠤ ᠤᠯᠤᠰ᠎ᠤᠳ᠎ᠤᠨ ᠬᠠᠮᠲᠤ᠎ᠶ᠋ᠢᠨ ᠴᠣᠭ᠍ᠴᠠ ᠵᠢᠴᠢ ᠬᠦᠭᠵᠢᠵᠦ ᠪᠠᠢᠭ᠎ᠠ ᠤᠯᠤᠰ᠎ᠤᠳ᠎ᠤᠨ ᠬᠠᠮᠲᠤ᠎ᠶ᠋ᠢᠨ ᠵᠠᠬ᠎ᠠ ᠳᠡᠯᠭᠡᠭᠦᠷ᠎ᠦᠨ ᠵᠢᠵᠢᠭᠦᠷ ᠲᠡᠷᠢᠭᠦᠯᠡᠭ᠌ᠴᠢ ᠤᠯᠤᠰ᠎ᠤᠨ ᠲᠤᠱᠢᠶᠠᠯ᠎ᠢ ᠦᠷᠭᠦᠯᠵᠢᠯᠡᠨ ᠬᠠᠷᠢᠭᠤᠴᠠᠬᠤ᠎ᠶ᠋ᠢ ᠲᠡᠮᠵᠢᠵᠥ᠍᠂ ᠳᠤᠷᠠᠲᠠᠶ᠎ᠠ ᠦᠷᠦ᠋ᠭᠤᠸᠠᠢ ᠪᠤᠯᠤᠨ ᠺᠠᠷᠢᠪᠸ ᠣᠷᠣᠨ᠎ᠤ ᠤᠯᠤᠰ᠎ᠯᠤᠭ᠎ᠠ ᠳᠤᠮᠳᠠᠳᠤ ᠤᠯᠤᠰ ᠯᠠᠲ᠋ᠢᠨ ᠠᠮᠧᠷᠢᠺᠠ ᠲᠢᠪ᠎ᠦᠨ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠬᠠᠮᠲᠤ᠎ᠪᠠᠷ ᠪᠠᠢᠭᠤᠯᠬᠤ᠎ᠶᠢ ᠭᠦᠨᠵᠡᠭᠡᠢᠷᠡᠭᠦᠯᠦᠨ ᠪᠤᠲᠠᠲᠠᠢᠵᠢᠭᠤᠯᠬᠤ᠎ᠶ᠋ᠢ ᠠᠬᠢᠭᠤᠯᠤᠨ᠎ᠠ ᠭᠡᠵᠦ᠍ ᠵᠢᠭᠠᠵᠤ ᠭᠠᠷᠭᠠᠪᠠ᠃

ᠤᠤᠷᠰᠢ᠂ ᠳᠤᠮᠳᠠᠳᠤ ᠤᠯᠤᠰ ᠲᠡᠷᠢᠭᠦᠯᠡᠭ᠌ᠴᠢ ᠰᠢ᠎ᠵᠢᠨ᠎ᠫᠢᠩ᠎ᠦᠨ ᠤᠳᠤᠷᠢᠳᠤᠯᠭ᠎ᠠ ᠳᠣᠣᠷ᠎ᠠ ᠠᠭᠤᠤ ᠶᠡᠬᠡ ᠠᠮᠵᠢᠯᠲᠠ ᠪᠦᠲᠦᠮᠵᠢ ᠣᠯᠤᠭ᠍ᠰᠠᠨ ᠨᠢ ᠬᠥᠮᠦᠰ᠎ᠢ ᠪᠢᠱᠢᠷᠡᠭᠦᠯᠵᠦ᠍ ᠪᠠᠢᠨ᠎ᠠ᠂ 《ᠠᠷᠪᠠᠨ ᠲᠠᠪᠤᠳᠤᠭᠠᠷ ᠲᠠᠪᠤᠨ ᠵᠢᠯ》᠎ᠤᠨ ᠲᠥᠯᠥᠪᠵᠢᠭᠦᠯᠭᠡ ᠨᠢ ᠳᠡᠯᠡᠬᠡᠢ ᠳ᠋ᠠᠬᠢᠨ᠎ᠳᠤ ᠨᠡᠩ ᠶᠡᠬᠡ ᠠᠵᠠ ᠲᠣᠬᠢᠶᠠᠯ ᠠᠪᠴᠢᠷᠠᠬᠤ᠎ᠶ᠋ᠢ ᠬᠦᠰᠡᠵᠦ ᠪᠠᠢᠨ᠎ᠠ᠃ ᠥᠨᠥᠳᠦᠷ ᠪᠣᠯ ᠶᠠᠭ ᠰᠠᠢᠬᠠᠨ ᠦᠷᠦ᠋ᠭᠤᠸᠠᠢ ᠳᠤᠮᠳᠠᠳᠤ᠎ᠶ᠋ᠢᠨ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 38 ᠵᠢᠯ᠎ᠦᠨ ᠤᠢ ᠪᠣᠯᠤᠨ᠎ᠠ᠂ ᠬᠣᠶᠠᠷ ᠤᠯᠤᠰ᠎ᠤᠨ ᠪᠦᠬᠦ᠌ ᠲᠠᠯ᠎ᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠬᠠᠨᠢᠲᠠᠨ᠎ᠤ ᠬᠠᠷᠢᠯᠴᠠᠭ᠎ᠠ ᠲᠡᠦᠬᠡ᠎ᠶ᠋ᠢᠨ ᠬᠠᠮᠤᠭ᠎ᠤᠨ ᠰᠠᠢ᠌ᠨ ᠴᠠᠭ ᠦᠶ᠎ᠡ᠎ᠳᠦ ᠣᠷᠣᠱᠢᠵᠤ ᠪᠤᠢ᠃ ᠳᠤᠮᠳᠠᠳᠤ ᠤᠯᠤᠰ ᠪᠣᠯ ᠦᠷᠦ᠋ᠭᠤᠸᠠᠢ᠎ᠶᠢᠨ ᠴᠢᠬᠤᠯᠠ ᠬᠠᠮᠲᠤᠷᠠᠯᠴᠠᠭᠠᠨ᠎ᠤ ᠬᠠᠨᠢᠲᠠᠨ ᠮᠥᠨ᠂ ᠦᠷᠦ᠋ᠭᠤᠸᠠᠢ᠎ᠶᠢᠨ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠬᠠᠷᠠᠮ ᠦᠭᠡᠢ ᠬᠠᠪᠰᠤᠷᠤᠯᠭ᠎ᠠ ᠬᠠᠩᠭᠠᠵᠠᠢ᠃ ᠳᠤᠮᠳᠠᠳᠤ ᠤᠯᠤᠰ᠎ᠯᠤᠭ᠎ᠠ᠎ᠶ᠋ᠢᠨ ᠬᠠᠷᠢᠯᠴᠠᠭ᠎ᠠ᠎ᠪᠠᠨ ᠬᠥᠭ᠌ᠵᠢᠭᠦᠯᠬᠦ᠌ ᠨᠢ ᠨᠢᠭᠡᠨᠲᠡ ᠦᠷᠦ᠋ᠭᠤᠸᠠᠢ᠎ᠶᠢᠨ ᠤᠯᠤᠰ᠎ᠤᠨ ᠪᠤᠳᠤᠯᠭ᠎ᠠ ᠪᠤᠯᠵᠤ᠂ ᠡᠯ᠎ᠡ ᠨᠠᠮ ᠪᠦᠯᠦᠭ ᠪᠠ ᠨᠡᠢᠭᠡᠮ᠎ᠦᠨ ᠡᠯ᠎ᠡ ᠡᠲᠡᠭᠡᠳ᠎ᠦᠨ ᠬᠢᠨ᠎ᠦ ᠰᠠᠨᠠᠯ ᠨᠢᠭᠡᠲᠡᠢ ᠳᠡᠮᠵᠢᠯᠭᠡ᠎ᠶ᠋ᠢ ᠤᠯᠪᠠ᠃ ᠦᠷᠦ᠋ᠭᠤᠸᠠᠢ᠎ᠵᠢᠨ ᠬᠢᠨ ᠨᠢᠭᠡ ᠳᠤᠮᠳᠠᠳᠤ ᠤᠯᠤᠰ ᠪᠠᠢᠬᠤ ᠵᠠᠷᠴᠢᠮ᠎ᠢ ᠡᠷᠡᠰ ᠳᠡᠮᠵᠢᠵᠦ᠍᠂ 《ᠨᠢᠭᠡ ᠤᠯᠤᠰ᠎ᠲᠤ ᠬᠣᠶᠠᠷ ᠪᠠᠢᠭᠤᠯᠤᠯ᠎ᠢ ᠬᠡᠷᠡᠭᠵᠢᠭᠦᠯᠬᠦ》 ᠴᠢᠭ᠌ᠯᠡᠯᠲᠡ᠎ᠶ᠋ᠢ ᠳᠡᠮᠵᠢᠨ᠎ᠠ᠃ ᠦᠷᠦ᠋ᠭᠤᠸᠠᠢ᠎ᠵᠢᠨ᠎ᠬᠢᠨ ᠳᠤᠮᠳᠠᠳᠤ ᠤᠯᠤᠰ᠎ᠯᠤᠭ᠎ᠠ ᠪᠦᠬᠦ᠌ ᠲᠠᠯ᠎ᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠬᠠᠨᠢᠲᠠᠨ᠎ᠤ ᠬᠠᠷᠢᠯᠴᠠᠭ᠎ᠠ᠎ᠪᠠᠨ ᠭᠦᠨᠵᠡᠭᠡᠢᠷᠡᠭᠦᠯᠵᠦ᠍᠂ ᠬᠣᠶᠠᠷ ᠲᠠᠯ᠎ᠠ᠎ᠶ᠋ᠢᠨ ᠬᠠᠮᠲᠤᠷᠠᠯᠴᠠᠭ᠎ᠠ᠎ᠶ᠋ᠢ ᠨᠡᠩ ᠥᠨᠳᠥᠷ ᠲᠦᠪᠱᠢᠨ᠎ᠳᠦ ᠬᠦᠷᠭᠡᠬᠦ᠌᠎ᠶ᠋ᠢ ᠬᠦᠰᠡᠵᠦ᠍ ᠪᠠᠢᠨ᠎ᠠ᠃ ᠬᠣᠶᠠᠷ ᠲᠠᠯ᠎ᠠ᠎ᠪᠠᠷ᠎ᠢᠶᠠᠨ ᠬᠥᠭ᠌ᠵᠢᠯᠲᠡ᠎ᠶ᠋ᠢᠨ ᠪᠠᠢᠯᠳᠤᠬᠤ ᠪᠤᠳᠤᠯᠭ᠎ᠠ᠎ᠶᠢᠨ ᠵᠣᠯᠭᠠᠯᠴᠠᠭ᠎ᠠ᠎ᠪᠠᠨ ᠴᠢᠩᠭᠠᠳᠭᠠᠵᠤ᠂ ᠠᠷᠠᠯᠵᠢᠶ᠎ᠠ᠂ ᠪᠡᠯᠡ ᠣᠷᠣᠭᠤᠯᠤᠯᠲᠠ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠂ ᠶᠠᠳᠠᠭᠤ ᠬᠦᠴᠢᠷᠳᠡᠯᠲᠡᠢ ᠬᠥᠮᠦᠨ ᠠᠮᠠ᠎ᠶ᠋ᠢ ᠴᠥᠭᠡᠳᠭᠡᠬᠦ᠌᠂ ᠪᠣᠬᠢᠷᠲᠤᠯ ᠦᠭᠡᠢ ᠠᠵᠤ ᠠᠬᠤᠢ᠂ ᠲᠣᠭᠠᠴᠢᠯᠠᠭ᠍ᠰᠠᠨ ᠠᠵᠤ ᠠᠬᠤᠢ ᠵᠡᠷᠭᠡ ᠬᠦᠷᠢᠶᠡᠨ᠎ᠳᠡᠬᠢ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠵᠦ᠍᠂ ᠰᠤᠷᠭᠠᠨ ᠬᠥᠮᠦᠵᠢᠯ᠂ ᠪᠡᠶ᠎ᠡ᠎ᠶ᠋ᠢᠨ ᠲᠠᠮᠢᠷ᠂ ᠵᠢᠭᠤᠯᠴᠢᠯᠠᠯ ᠵᠡᠷᠭᠡ ᠬᠦᠷᠢᠶᠡᠨ᠎ᠳᠡᠬᠢ ᠰᠣᠶᠣᠯ ᠢᠷᠭᠡᠨᠱᠢᠯ᠎ᠦᠨ ᠰᠣᠯᠢᠯᠴᠠᠭ᠎ᠠ᠎ᠶ᠋ᠢ ᠠᠬᠢᠭᠤᠯᠵᠤ᠂ ᠬᠣᠶᠠᠷ ᠤᠯᠤᠰ᠎ᠤᠨ ᠬᠠᠷᠢᠯᠴᠠᠭ᠎ᠠ᠎ᠳᠤ ᠨᠡᠩ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠵᠦ᠍᠂ ᠬᠣᠶᠠᠷ ᠤᠯᠤᠰ᠎ᠤᠨ ᠠᠷᠠᠳ ᠲᠦᠮᠡᠨ᠎ᠳᠦ ᠨᠡᠩ ᠤᠯᠠᠨ ᠪᠤᠶᠠᠨ ᠦᠢᠯᠡᠳᠦᠶ᠎ᠡ᠃ ᠦᠷᠦ᠋ᠭᠤᠸᠠᠢ᠎ᠶᠢᠨ ᠬᠢᠨ ᠲᠡᠷᠢᠭᠦᠯᠡᠭ᠌ᠴᠢ ᠰᠢ᠎ᠵᠢᠨ᠎ᠫᠢᠩ᠎ᠦᠨ ᠳᠤᠷᠠᠳᠤᠭ᠍ᠰᠠᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢᠨ ᠣᠢᠯᠠᠭᠠᠭ᠍ᠳᠠᠬᠤᠨ᠎ᠢ ᠳᠡᠭᠡᠳᠦ ᠬᠡᠮᠵᠢᠢ᠎ᠡ᠎ᠪᠡᠷ ᠮᠠᠭ᠍ᠲᠠᠨ ᠰᠠᠢᠱᠢᠶᠠᠵᠤ᠂ ᠥᠷᠢᠰᠥᠯᠳᠦᠭᠡᠨ᠎ᠢᠶᠡᠷ ᠳᠦᠭᠦᠷᠦᠭ᠌ᠰᠡᠨ ᠳᠡᠯᠡᠬᠡᠢ᠎ᠶ᠋ᠢᠨ ᠪᠠ ᠭᠠᠵᠠᠷ ᠣᠷᠣᠨ᠎ᠤ ᠪᠠᠢᠳᠠᠯ᠎ᠤᠨ ᠡᠮᠦᠨ᠎ᠡ ᠳᠤᠷᠠᠲᠠᠶ᠎ᠠ ᠳᠤᠮᠳᠠᠳᠤ ᠤᠯᠤᠰ᠎ᠯᠤᠭ᠎ᠠ ᠭᠠᠷ ᠬᠣᠯᠪᠣᠯᠴᠠᠨ ᠬᠠᠮᠲᠤᠷᠠᠯᠴᠠᠵᠤ᠂ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠦᠨᠳᠦᠰᠦᠨ ᠲᠦᠷᠢᠮ᠎ᠦᠨ ᠵᠣᠷᠢᠯᠲᠠ ᠪᠠ ᠵᠠᠷᠴᠢᠮ᠎ᠢ ᠬᠦᠨᠳᠦᠳᠭᠡᠵᠦ᠍᠂ ᠤᠯᠠᠨ ᠲᠠᠯᠠᠲᠤ ᠦᠵᠡᠯ᠎ᠢ ᠪᠠᠷᠢᠮᠲᠠᠯᠠᠵᠤ᠂ ᠤᠯᠠᠨ ᠤᠯᠤᠰ᠎ᠤᠨ ᠠᠷᠠᠯᠵᠢᠶᠠᠨ᠎ᠤ ᠪᠠᠢᠭᠤᠯᠤᠯ᠎ᠢ ᠬᠠᠮᠠᠭᠠᠯᠠᠵᠤ᠂ ᠯᠠᠲ᠋ᠢᠨ ᠠᠮᠧᠷᠢᠺᠠ ᠲᠢᠪ ᠳᠤᠮᠳᠠᠳᠤ᠎ᠤᠯᠤᠰ᠎ᠤᠨ ᠬᠠᠷᠢᠯᠴᠠᠭ᠎ᠠ᠎ᠶ᠋ᠢᠨ ᠲᠠᠰᠤᠷᠠᠯᠳᠡ ᠦᠭᠡᠢ ᠬᠥᠭ᠌ᠵᠢᠬᠦ᠌᠎ᠶ᠋ᠢ ᠠᠬᠢᠭᠤᠯᠵᠤ᠂ ᠪᠦᠬᠦ᠌ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ᠎ᠤᠳ᠎ᠤᠨ ᠬᠠᠮᠲᠤ᠎ᠶ᠋ᠢᠨ ᠠᠱᠢᠭ ᠲᠤᠰᠠ᠎ᠶ᠋ᠢ ᠬᠠᠮᠠᠭᠠᠯᠠᠨ᠎ᠠ ᠭᠡᠵᠦ ᠢᠯᠡᠳᠭᠡᠪᠡ᠃

ᠬᠡᠯᠡᠯᠴᠡᠭᠡ ᠲᠡᠭᠦᠰᠦᠭ᠌ᠰᠡᠨ᠎ᠦ ᠲᠠᠷᠠᠭ᠎ᠠ ᠬᠣᠶᠠᠷ ᠤᠯᠤᠰ᠎ᠤᠨ ᠲᠡᠷᠢᠭᠦᠨ ᠪᠡᠯᠡ ᠣᠷᠣᠭᠤᠯᠤᠯᠲᠠ᠎ᠶ᠋ᠢ ᠠᠬᠢᠭᠤᠯᠬᠤ᠂ ᠠᠷᠠᠯᠵᠢᠶ᠎ᠠ ᠵᠡᠷᠭᠡ ᠬᠦᠷᠢᠶᠡᠨ᠎ᠦ 10 ᠭᠠᠷᠤᠢ ᠬᠤᠪᠢ ᠬᠠᠮᠲᠤᠷᠠᠯᠴᠠᠭᠠᠨ᠎ᠤ ᠪᠢᠴᠢᠭ ᠮᠠᠲ᠋ᠧᠷᠢᠶᠠᠯ᠎ᠳᠤ ᠭᠠᠷ᠎ᠤᠨ ᠦᠰᠦᠭ ᠵᠢᠷᠤᠬᠤ᠎ᠶ᠋ᠢ ᠬᠠᠮᠲᠤ᠎ᠪᠠᠷ ᠭᠡᠷᠡᠴᠢᠯᠡᠪᠡ᠃

ᠬᠡᠯᠡᠯᠴᠡᠭᠡ ᠬᠢᠬᠦ᠌᠎ᠡᠴᠡ ᠡᠮᠦᠨ᠎ᠡ᠂ ᠰᠢ᠎ᠵᠢᠨ᠎ᠫᠢᠩ ᠠᠷᠠᠳ᠎ᠤᠨ ᠶᠡᠬᠡ ᠬᠤᠷᠠᠯ᠎ᠤᠨ ᠲᠠᠩᠬᠢᠮ᠎ᠤᠨ ᠬᠣᠢᠲᠤ ᠶᠡᠬᠡ ᠲᠢᠩᠬᠢᠮ᠎ᠳᠦ ᠤᠤᠷᠰᠢ᠎ᠶᠢ ᠤᠭ᠍ᠲᠤᠬᠤ ᠶᠣᠰᠣᠯᠠᠯ ᠶᠠᠪᠤᠭᠤᠯᠪᠠ᠃

ᠤᠤᠷᠰᠢ ᠬᠦᠷᠴᠦ᠍ ᠢᠷᠡᠬᠦ᠌ ᠦᠶ᠎ᠡ᠎ᠳᠦ᠂ ᠶᠣᠰᠣᠯᠠᠯ᠎ᠤᠨ ᠴᠡᠷᠢᠭ ᠮᠥᠷᠯᠡᠨ ᠵᠣᠭ᠍ᠰᠣᠵᠤ ᠶᠣᠰᠣᠯᠠᠪᠠ᠃ ᠬᠣᠶᠠᠷ ᠤᠯᠤᠰ᠎ᠤᠨ ᠲᠡᠷᠢᠭᠦᠨ ᠱᠢᠯᠭᠠᠨ ᠦᠵᠡᠬᠦ᠌ ᠲᠠᠢᠰᠠᠨ᠎ᠳᠤ ᠭᠠᠷᠴᠤ᠌᠂ ᠴᠡᠷᠢᠭ᠎ᠦᠨ ᠬᠥᠭ᠌ᠵᠢᠮ᠎ᠦᠨ ᠪᠦᠯᠬᠦᠮ ᠳᠤᠮᠳᠠᠳᠤ ᠦᠷᠦ᠋ᠭᠤᠸᠠᠢ ᠬᠣᠶᠠᠷ ᠤᠯᠤᠰ᠎ᠤᠨ ᠤᠯᠤᠰ᠎ᠤᠨ ᠰᠦᠯᠳᠡ ᠳᠠᠭᠤᠤ᠎ᠶ᠋ᠢ ᠬᠥᠭ᠌ᠵᠢᠮᠳᠡᠵᠦ᠍᠂ ᠲᠢᠶᠠᠨ ᠠᠨ ᠮᠸᠨ ᠲᠠᠯᠠᠪᠠᠢ᠎ᠳᠤ ᠶᠣᠰᠣᠯᠠᠯ᠎ᠤᠨ ᠫᠤᠤ᠎ᠶᠢ 21 ᠳᠤᠤᠭᠠᠷᠭᠠᠪᠠ᠃ ᠤᠤᠷᠰᠢ ᠰᠢ᠎ᠵᠢᠨ᠎ᠫᠢᠩ᠎ᠦᠨ ᠪᠠᠷ᠎ᠠ ᠪᠤᠯᠤᠯᠭ᠎ᠠ᠎ᠲᠠᠶ᠎ᠪᠠᠷ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ᠎ᠦᠨ ᠶᠣᠰᠣᠯᠠᠯ᠎ᠤᠨ ᠠᠩᠬᠢ᠎ᠶ᠋ᠢ ᠱᠢᠯᠭᠠᠨ ᠦᠵᠡᠭ᠌ᠰᠡᠨ ᠪᠥᠭᠡᠳ ᠵᠢᠭ᠍ᠰᠠᠭᠠᠯ᠎ᠢ ᠰᠣᠨᠢᠷᠬᠠᠪᠠ᠃

ᠲᠤᠰ ᠡᠳᠦᠷ᠎ᠦᠨ ᠦᠳᠡ᠎ᠳᠦ᠂ ᠰᠢ᠎ᠵᠢᠨ᠎ᠫᠢᠩ ᠠᠷᠠᠳ᠎ᠤᠨ ᠶᠡᠬᠡ ᠬᠤᠷᠠᠯ᠎ᠤᠨ ᠲᠠᠩᠬᠢᠮ᠎ᠤᠨ ᠠᠯᠲᠠᠨ ᠱᠢᠷᠭᠠᠯ ᠶᠡᠬᠡ ᠲᠢᠩᠬᠢᠮ᠎ᠳᠦ ᠤᠤᠷᠰᠢ᠎ᠶᠢ ᠤᠭ᠍ᠲᠤᠬᠤ ᠳᠠᠢᠯᠠᠯᠭ᠎ᠠ ᠬᠢᠪᠡ᠃

ᠸᠠᠩ ᠢ ᠳᠡᠭᠡᠷᠡᠬᠢ ᠠᠵᠢᠯᠯᠠᠭ᠎ᠠ᠎ᠳᠤ ᠣᠷᠣᠯᠴᠠᠵᠡᠢ᠃

ᠠᠢᠯᠴᠢᠯᠠᠯᠲᠠ ᠬᠢᠬᠦ ᠬᠤᠭᠤᠴᠠᠭᠠᠨ᠎ᠳᠤ᠂ ᠬᠣᠶᠠᠷ ᠲᠠᠯ᠎ᠠ᠎ᠪᠠᠷ᠎ᠢᠶᠠᠨ 《ᠪᠦᠬᠦᠳᠠ ᠨᠠᠢᠷᠠᠮᠳᠠᠬᠤ ᠳᠤᠮᠳᠠᠳᠤ ᠠᠷᠠᠳ ᠤᠯᠤᠰ ᠪᠣᠯᠤᠨ ᠪᠦᠬᠦᠳᠠ ᠨᠠᠢᠷᠠᠮᠳᠠᠬᠤ ᠦᠷᠦ᠋ᠭᠤᠸᠠᠢ ᠤᠯᠤᠰ᠎ᠤᠨ ᠳᠤᠮᠳᠠᠳᠤ ᠦᠷᠦ᠋ᠭᠤᠸᠠᠢ᠎ᠶ᠋ᠢᠨ ᠪᠦᠬᠦ᠌ ᠲᠠᠯ᠎ᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠬᠠᠨᠢᠲᠠᠨ᠎ᠤ ᠬᠠᠷᠢᠯᠴᠠᠭ᠎ᠠ᠎ᠶ᠋ᠢ ᠭᠦᠨᠵᠡᠭᠡᠢᠷᠡᠭᠦᠯᠬᠦ᠌ ᠲᠤᠬᠠᠢ ᠬᠠᠮᠲᠤᠷᠠᠭ᠍ᠰᠠᠨ ᠢᠯᠡᠷᠬᠡᠢᠯᠡᠯᠲᠡ》᠎ᠶᠢ ᠨᠡᠢᠲᠡᠯᠡᠨ᠎ᠡ᠃

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ