ᠲᠡᠷᠢᠭᠦᠨ ᠬᠠᠭᠤᠳᠠᠰᠤ   -   ᠥᠨᠥᠳᠥᠷ᠎ᠤᠨ ᠦᠪᠦᠷ ᠮᠣᠩᠭᠤᠯ
7 ᠲᠦᠮᠡ ᠭᠠᠷᠤᠶ ᠲᠣᠨ ᠡᠪᠡᠰᠦ ᠪᠣᠷᠳᠣᠭ᠎ᠠ ᠨᠦᠭᠡᠴᠡᠯᠡᠨ ᠮᠠᠯ ᠤᠨᠤᠭ᠎ᠠ᠎ᠶᠢᠨ ᠮᠡᠨᠳᠦ ᠤᠨᠳᠤᠷᠤᠯᠳᠠ᠎ᠶᠢ ᠪᠠᠳᠤᠯᠠᠵᠤ ᠪᠤᠢ
ᠨᠡᠶ᠋ᠢᠲᠡᠯᠡᠭᠰᠡᠨ ᠴᠠᠭ᠄ 2025-12-26

12 ᠰᠠᠷ᠎ᠠ᠎ᠶ᠋ᠢᠨ 10᠎ᠤ᠋ ᠡᠳᠦᠷ᠂ ᠰᠤᠷᠪᠤᠯᠵᠢᠯᠠᠭ᠍ᠴᠢ ᠠᠯᠠᠱᠠ ᠠᠢᠮᠠᠭ᠎ᠤᠨ ᠬᠤᠶᠠᠷᠬᠤᠳᠳᠤᠭ᠎ᠤᠨ ᠠᠮᠢ ᠠᠬᠤᠶ᠎ᠶ᠋ᠢᠨ ᠨᠡᠭᠦᠳᠡᠯ ᠠᠷᠠᠳ᠎ᠤᠨ ᠵᠢᠱ᠌ᠢᠶ᠎ᠡ ᠦᠵᠡᠭᠦᠯᠬᠦ᠌ ᠤᠷᠤᠨ᠎ᠤ ᠵᠢᠷᠭᠠᠯᠰᠠᠢᠬᠠᠨ ᠪᠠᠯᠭᠠᠰᠤᠨ᠎ᠤ ᠠᠭ᠍ᠳᠠ᠎ᠵᠢᠨ ᠤᠰᠤ ᠭᠠᠴᠠᠭᠠᠨ᠎ᠤ ᠮᠠᠯᠴᠢᠨ ᠼᠤᠤ ᠲᠢᠶᠠᠨ ᠮᠢᠨ᠎ᠦ ᠦᠬᠡᠷ᠎ᠤᠨ ᠬᠠᠱᠢᠶᠠᠨ᠎ᠳᠤ ᠤᠷᠤᠬᠤ᠎ᠳᠤ᠂ ᠡᠪᠡᠰᠦ ᠪᠣᠷᠳᠣᠭ᠎ᠠ᠎ᠶ᠋ᠢᠨ ᠨᠥᠭᠡᠴᠡ ᠡᠯᠪᠡᠭ ᠬᠠᠷᠠᠬᠳᠠᠵᠦ᠂ ᠴᠡᠪᠡᠷ ᠳᠡᠭᠰᠢ ᠬᠠᠱᠢᠶ᠎ᠠ ᠰᠠᠷᠠᠪᠴᠢᠨ᠎ᠳᠤ ᠱᠢᠮᠧᠨ᠋ᠳᠡᠷ ᠦᠬᠡᠷ ᠲᠠᠪᠠᠳᠠᠢ ᠢᠳᠡᠰᠢᠯᠡᠵᠦ ᠪᠠᠢᠯ᠎ᠠ᠃

《ᠮᠠᠨ᠎ᠤ ᠬᠢᠨ ᠣᠲᠣ 100 ᠭᠠᠷᠤᠶ ᠱᠢᠮᠧᠨ᠋ᠳᠡᠷ ᠦᠬᠡᠷ ᠲᠡᠵᠢᠭᠡᠵᠦ᠍᠂ 40 ᠭᠠᠷᠤᠶ ᠲᠣᠨ ᠨᠣᠬᠠᠶ᠎ᠶ᠋ᠢᠨ ᠬᠣᠱᠢᠭᠤ᠂ 330 ᠭᠠᠷᠤᠶ ᠳᠤᠨ ᠬᠦᠬᠡ ᠳᠠᠷᠤᠰᠢ ᠪᠣᠯᠤᠨ 4000 ᠭᠠᠷᠤᠶ ᠤᠭᠤᠲᠠ ᠡᠷᠳᠡᠨᠢ ᠱᠢᠰᠢ᠎ᠶ᠋ᠢᠨ ᠡᠰᠢ ᠰᠦᠷᠡᠯ ᠨᠥᠭᠡᠴᠡᠯᠡᠵᠡᠶ᠃ ᠡᠭᠦᠨ᠎ᠦ ᠳᠡᠭᠡᠷ᠎ᠡ ᠡᠨᠡ ᠵᠢᠯ ᠠᠮᠤ ᠪᠤᠳᠠᠭᠠᠨ᠎ᠤ ᠲᠠᠷᠢᠮᠠᠯ᠎ᠢ ᠲᠡᠵᠢᠭᠡᠯ ᠪᠣᠷᠳᠣᠭ᠎ᠠ ᠪᠣᠯᠭᠠᠨ ᠥᠭᠡᠷᠡᠴᠢᠯᠡᠬᠦ᠌ ᠲᠥᠷᠥᠯ ᠵᠦᠶ᠋ᠯ᠎ᠦᠨ ᠨᠥᠬᠥᠪᠥᠷᠢ᠎ᠲᠠᠢ᠂ ᠪᠠᠰᠠ ᠮᠡᠷᠭᠡᠵᠢᠯ᠎ᠦᠨ ᠠᠵᠢᠯᠲᠠᠨ ᠬᠡᠷ᠎ᠲᠦ ᠢᠷᠡᠵᠦ᠍ ᠵᠢᠭᠠᠨ ᠵᠢᠯᠣᠭᠣᠳᠴᠤ᠌᠂ ᠲᠡᠵᠢᠭᠡᠯ ᠡᠪᠡᠰᠦ ᠪᠣᠷᠳᠣᠭ᠎ᠠ ᠨᠥᠭᠡᠴᠡᠯᠡᠬᠦ᠌ ᠠᠵᠢᠯ᠎ᠢ ᠠᠯᠢ ᠡᠷᠲᠡ ᠪᠡᠶᠡᠯᠡᠭᠦᠯᠵᠦ᠂ ᠮᠠᠰᠢ ᠰᠠᠨᠠᠭ᠎ᠠ ᠠᠮᠤᠷ ᠪᠤᠯᠵᠠᠢ》 ᠭᠡᠵᠦ ᠼᠤᠤ ᠲᠢᠶᠠᠨ ᠮᠢᠨ ᠰᠤᠷᠪᠤᠯᠵᠢᠯᠠᠭ᠍ᠴᠢ᠎ᠳᠤ ᠬᠡᠯᠡᠪᠡ᠃

ᠮᠠᠯ᠎ᠤᠨ ᠡᠪᠡᠰᠦ ᠪᠤᠷᠳᠤᠭ᠎ᠠ ᠵᠢ ᠨᠦᠭᠡᠴᠡᠯᠡᠬᠦ ᠪᠣᠯ ᠮᠠᠯᠴᠢᠳ᠎ᠤᠨ ᠰᠠᠨᠠᠭᠠᠰᠢᠷᠠᠳᠠᠬ ᠴᠢᠬᠤᠯᠠ ᠶᠠᠪᠤᠳᠠᠯ ᠪᠤᠯᠤᠨ᠎ᠠ᠃ ᠨᠠᠩ ᠴᠤ᠌ ᠮᠠᠯ ᠠᠵᠤ ᠠᠬᠤᠶ᠎ᠶ᠋ᠢᠨ ᠴᠢᠨᠠᠷ ᠰᠠᠢᠲᠠᠶ ᠬᠥᠭ᠌ᠵᠢᠯᠲᠡ᠎ᠶ᠋ᠢᠨ ᠰᠠᠭᠤᠷᠢ ᠮᠥᠨ᠃ ᠣᠢᠷ᠎ᠠ᠎ᠶ᠋ᠢᠨ ᠡᠳᠦᠷ᠂ ᠬᠤᠶᠠᠷᠬᠤᠳᠳᠤᠭ᠎ᠤᠨ ᠠᠮᠢ ᠠᠬᠤᠶ᠎ᠶ᠋ᠢᠨ ᠨᠡᠭᠦᠳᠡᠯ ᠠᠷᠠᠳ᠎ᠤᠨ ᠵᠢᠱ᠌ᠢᠶ᠎ᠡ ᠦᠵᠡᠭᠦᠯᠬᠦ᠌ ᠣᠷᠣᠨ᠎ᠤ ᠬᠢᠨ ᠥᠷᠭᠡᠨ ᠣᠯᠠᠨ ᠮᠠᠯᠴᠢᠨ ᠲᠠᠷᠢᠶᠠᠴᠢᠨ᠎ᠢ ᠵᠢᠯᠣᠭᠣᠳᠴᠤ᠌᠂ ᠲᠡᠵᠢᠭᠡᠯ ᠡᠪᠡᠰᠦ ᠪᠣᠷᠳᠣᠭ᠎ᠠ ᠨᠥᠭᠡᠴᠡᠯᠡᠬᠦ᠌ ᠵᠠᠩᠭᠢᠯᠠᠭ᠎ᠠ᠎ᠶ᠋ᠢᠨ ᠬᠤᠭᠤᠴᠠᠭ᠎ᠠ᠎ᠶ᠋ᠢ ᠵᠠᠪᠳᠤᠨ ᠠᠳᠭᠤᠵᠤ᠂ ᠬᠥᠮᠥᠷᠭᠡᠯᠡᠯᠳᠡ᠎ᠶ᠋ᠢ ᠨᠡᠮᠡᠭ᠌ᠳᠡᠭᠦᠯᠵᠦ᠍᠂ ᠮᠠᠯ᠎ᠤᠨᠤᠭ᠎ᠠ᠎ᠵᠢᠨ ᠮᠡᠨᠳᠦ ᠡᠪᠦᠯᠵᠢᠬᠦ᠌᠎ᠶᠢ ᠪᠠᠳᠤᠯᠠᠨ᠂ ᠢᠷᠡᠬᠦ᠌ ᠵᠢᠯ᠎ᠦᠨ ᠮᠠᠯ ᠠᠵᠤ ᠠᠬᠤᠶ᠎ᠶ᠋ᠢᠨ ᠦᠶ᠋ᠯᠡᠳᠪᠦᠷᠢᠯᠡᠯ᠎ᠦᠨ ᠡᠯᠪᠡᠭ ᠬᠤᠷᠢᠶᠠᠯᠲᠠ ᠤᠯᠬᠤ᠎ᠳᠤ ᠪᠠᠲᠤ ᠪᠠᠬᠢ ᠰᠠᠭᠤᠷᠢ᠎ᠶᠢ ᠲᠠᠯᠪᠢᠵᠤ ᠥᠭ᠌ᠪᠡ᠃ ᠣᠳᠣᠬᠠᠨ᠎ᠳᠤ᠂ ᠲᠣᠰ ᠵᠢᠱ᠌ᠢᠶ᠎ᠡ ᠦᠵᠡᠭᠦᠯᠬᠦ᠌ ᠤᠷᠤᠨ᠎ᠨᠢ ᠲᠠᠷᠠᠬᠠᠶ ᠡᠷᠦᠬᠡ᠎ᠶ᠋ᠢᠨ ᠪᠡᠶ᠎ᠡ᠎ᠪᠡᠨ ᠳᠠᠭᠠᠭᠠᠵᠤ ᠨᠥᠭᠡᠴᠡᠯᠡᠬᠦ᠌᠎ᠡᠴᠡ ᠠᠪᠤᠭᠠᠳ ᠬᠣᠷᠱᠢᠶ᠎ᠠ᠎ᠡᠴᠡ ᠬᠡᠪᠴᠢᠶᠡᠵᠢᠭᠦᠯᠦᠨ ᠪᠠᠲᠤᠯᠠᠬᠤ ᠬᠦᠷᠲᠡᠯ᠎ᠡ᠂ ᠲᠡᠵᠢᠭᠡᠯ ᠡᠪᠡᠰᠦ ᠪᠣᠷᠳᠣᠭ᠎ᠠ ᠨᠥᠭᠡᠴᠡᠯᠡᠬᠦ᠌ ᠠᠵᠢᠯ᠎ᠳᠤ 《ᠣᠯᠠᠨ ᠲᠠᠯ᠎ᠠ᠎ᠪᠠᠷ ᠬᠦᠴᠦᠯᠡᠵᠦ᠍᠂ ᠪᠥᠬᠥ᠌ ᠣᠷᠣᠨ ᠪᠦᠰᠡ᠎ᠶ᠋ᠢ ᠬᠠᠮᠤᠷᠴᠤ᠌᠂ ᠬᠡᠮᠵᠢᠶ᠎ᠡ ᠶᠠᠰᠤ ᠴᠢᠨᠠᠷ ᠵᠡᠷᠭᠡ᠎ᠪᠡᠷ ᠳᠡᠭᠡᠭ᠌ᠰᠢᠯᠡᠭ᠌ᠰᠡᠨ》 ᠰᠠᠢᠨ ᠪᠠᠢᠳᠠᠯ ᠲᠠᠢ ᠪᠤᠯᠵᠠᠢ᠃

《ᠪᠢᠳᠡ 〈ᠨᠢᠭᠡᠳᠦᠯᠲᠡᠶ ᠳᠠᠷᠢᠬᠤ᠂ ᠨᠢᠭᠡᠳᠦᠯᠲᠡᠶ ᠪᠣᠯᠪᠠᠰᠤᠷᠠᠭᠤᠯᠬᠤ᠂ ᠨᠢᠭᠡᠳᠦᠯᠲᠡᠶ ᠲᠣᠬᠢᠷᠠᠭᠤᠯᠬᠤ〉 ᠡᠷᠴᠢᠮᠵᠢᠭᠦᠯᠦᠭ᠌ᠰᠡᠨ ᠵᠠᠭ᠍ᠪᠤᠷ᠎ᠢ ᠠᠪᠴᠤ᠌᠂ ᠡᠪᠡᠰᠦ ᠪᠣᠷᠳᠣᠭ᠎ᠠ ᠪᠡᠯᠡᠳᠭᠡᠬᠦ᠌ ᠠᠵᠢᠯ᠎ᠢ 3 ᠰᠠᠷ᠎ᠠ ᠤᠷᠢᠳᠴᠢᠯᠠᠨ ᠡᠬᠢᠯᠡᠭᠦᠯᠪᠡ᠂ ᠡᠨᠡ ᠨᠢ ᠲᠣᠰ ᠪᠡᠶ᠎ᠡ᠎ᠶ᠋ᠢᠨ ᠲᠡᠵᠢᠭᠡᠨ ᠦᠷᠡᠵᠢᠭᠦᠯᠬᠦ᠌ ᠬᠡᠷᠡᠭ᠌ᠴᠡᠭᠡ ᠱᠠᠭᠠᠷᠳᠠᠯᠭ᠎ᠠ᠎ᠶ᠋ᠢ ᠬᠠᠩᠭᠠᠵᠤ ᠴᠢᠳᠠᠬᠤ᠎ᠪᠠᠷ ᠪᠠᠷᠠᠬᠤ ᠥᠬᠡᠶ ᠪᠠᠰᠠ ᠡᠪᠡᠰᠦ ᠪᠣᠷᠳᠣᠭ᠎ᠠ ᠬᠤᠳᠠᠯᠳᠤᠨ ᠠᠪᠬᠤ᠎ᠪᠠᠷ ᠳᠠᠮᠵᠢᠭᠤᠯᠤᠨ ᠡᠷᠬᠢᠨ ᠲᠣᠭᠣᠷᠢᠨ᠎ᠤ ᠲᠠᠷᠢᠶᠠᠴᠢᠳ᠎ᠤᠨ ᠣᠷᠣᠯᠭ᠎ᠠ᠎ᠶ᠋ᠢᠨ ᠨᠡᠮᠡᠭ᠌ᠳᠡᠯ᠎ᠢ ᠳᠠᠢᠴᠢᠯᠠᠵᠤ ᠪᠠᠢᠨ᠎ᠠ᠃ ᠣᠲᠣ ᠨᠢᠭᠡᠨᠲᠡ 320 ᠭᠠᠷᠤᠶ ᠲᠣᠨ ᠬᠦᠭᠡ ᠳᠠᠷᠤᠰᠢ ᠪᠠ 1000 ᠮᠥ᠍ ᠭᠠᠵᠠᠷ᠎ᠤᠨ ᠡᠷᠳᠡᠨᠢ ᠱᠢᠰᠢ᠎ᠶ᠋ᠢᠨ ᠡᠰᠢ ᠰᠦᠷᠡᠯ᠎ᠢ ᠨᠥᠭᠡᠴᠡᠯᠡᠵᠡᠢ》 ᠭᠡᠵᠦ᠍ ᠵᠥᠩ ᠪᠸᠨ ᠮᠢᠬᠠᠨ᠎ᠤ ᠦᠬᠡᠷ ᠲᠡᠵᠢᠭᠡᠨ ᠦᠷᠡᠵᠢᠭᠦᠯᠬᠦ᠌ ᠲᠤᠰᠭᠠᠶ ᠬᠤᠷᠰᠢᠶ᠎ᠠ ᠵᠢᠨ ᠬᠠᠷᠢᠭᠤᠴᠠᠯᠭᠠᠲᠠᠨ ᠴᠢ ᠬᠣᠶ ᠬᠣᠶ ᠬᠡᠯᠡᠨ᠎ᠠ᠃

ᠣᠢᠯᠠᠭᠠᠭ᠍ᠰᠠᠨ᠎ᠢᠶᠠᠷ᠂ ᠬᠤᠶᠠᠷᠬᠤᠳᠳᠤᠭ᠎ᠤᠨ ᠠᠮᠢ ᠠᠬᠤᠶ᠎ᠶ᠋ᠢᠨ ᠨᠡᠭᠦᠳᠡᠯ ᠠᠷᠠᠳ᠎ᠤᠨ ᠵᠢᠱ᠌ᠢᠶ᠎ᠡ ᠦᠵᠡᠭᠦᠯᠬᠦ᠌ ᠤᠷᠤᠨ᠎ᠨᠢ ᠮᠠᠯ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠪᠣᠳᠠᠲᠤ ᠪᠠᠢᠳᠠᠯ᠎ᠳᠤ ᠰᠠᠭᠤᠷᠢᠯᠠᠨ᠂ ᠡᠪᠡᠰᠦ ᠪᠣᠷᠳᠣᠭ᠎ᠠ ᠨᠥᠭᠡᠴᠡᠯᠡᠬᠦ᠌᠎ᠶ᠋ᠢ ᠮᠠᠯ᠎ᠤᠨᠤᠭ᠎ᠠ᠎ᠶᠢ ᠮᠡᠨᠳᠦ ᠡᠪᠦᠯᠵᠢᠬᠦᠯᠭᠦ᠂ ᠮᠠᠯ ᠠᠵᠤ ᠠᠬᠤᠶ᠎ᠶ᠋ᠢᠨ ᠦᠶ᠋ᠯᠡᠳᠪᠦᠷᠢᠯᠡᠯ᠎ᠢ ᠲᠣᠭ᠍ᠲᠠᠪᠤᠷᠢᠵᠢᠭᠤᠯᠬᠤ ᠵᠠᠩᠭᠢᠯᠠᠭ᠎ᠠ᠎ᠶ᠋ᠢᠨ ᠠᠷᠭ᠎ᠠ ᠬᠡᠮᠵᠢᠶ᠎ᠡ ᠪᠣᠯᠭᠠᠪᠠ᠃ 《ᠲᠥᠷᠥ᠎ᠶ᠋ᠢᠨ ᠪᠣᠳᠣᠯᠭ᠎ᠠ᠎ᠪᠠᠷ ᠲᠡᠳᠬᠦᠬᠦ᠌ + ᠮᠡᠷᠭᠡᠵᠢᠯ ᠳᠡᠯᠭᠡᠷᠡᠭᠦᠯᠬᠦ᠌ + ᠦᠶ᠋ᠯᠡᠳᠪᠦᠷᠢᠯᠡᠯ ᠪᠣᠷᠣᠯᠠᠭᠤᠯᠭ᠎ᠠ᠎ᠶ᠋ᠢ ᠵᠣᠯᠭᠠᠭᠤᠯᠬᠤ》 ᠠᠷᠭ᠎ᠠ ᠬᠡᠮᠵᠢᠶ᠎ᠡ᠎ᠵᠢ ᠱᠢᠨ᠎ᠡ᠎ᠶ᠋ᠢ ᠡᠭᠦᠳᠦᠨ ᠭᠠᠷᠭᠠᠪᠠ᠄ ᠲᠤᠰᠭᠠᠶ ᠠᠵᠢᠯ᠎ᠤᠨ ᠳᠤᠭᠤᠢᠯᠠᠩ ᠪᠠᠢᠭᠤᠯᠵᠤ ᠡᠯ᠎ᠡ ᠭᠠᠴᠠᠭ᠎ᠠ ᠲᠣᠰᠭᠣᠨ᠎ᠳᠤ ᠭᠦᠨᠵᠡᠭᠡᠢᠷᠡᠨ ᠲᠡᠵᠢᠭᠡᠯ ᠡᠪᠡᠰᠦ ᠪᠣᠷᠳᠣᠭᠠᠨ᠎ᠤ ᠬᠡᠷᠡᠭ᠌ᠴᠡᠭᠡ ᠱᠠᠭᠠᠷᠳᠠᠯᠭ᠎ᠠ᠎ᠶ᠋ᠢ ᠤᠢᠯᠠᠭᠠᠨ᠂ ᠬᠥᠳᠡᠯᠦᠩᠭᠦᠶ ᠬᠠᠮᠢᠶᠠᠷᠤᠯᠲᠠ᠎ᠶ᠋ᠢᠨ ᠡᠬᠡ ᠲᠠᠩᠰᠠ᠎ᠶ᠋ᠢ ᠪᠠᠢᠭᠤᠯᠤᠨ᠂ ᠮᠠᠯ᠎ᠤᠨ ᠲᠣᠭ᠎ᠠ᠂ ᠲᠡᠵᠢᠭᠡᠯ ᠡᠪᠡᠰᠦ ᠪᠣᠷᠳᠣᠭ᠎ᠠ ᠳᠤᠲᠠᠭ᠍ᠳᠠᠵᠤ ᠪᠠᠢᠭ᠎ᠠ ᠵᠡᠷᠭᠡ ᠵᠠᠩᠭᠢᠯᠠᠭ᠎ᠠ᠎ᠶ᠋ᠢᠨ ᠮᠡᠳᠡᠭᠡ ᠵᠠᠩᠭᠢ᠎ᠶ᠋ᠢ ᠣᠨᠣᠪᠴᠢᠲᠠᠶ ᠡᠵᠡᠮᠱᠢᠵᠦ᠍᠂ ᠪᠠᠲᠤᠯᠠᠭ᠎ᠠ᠎ᠶ᠋ᠢᠨ ᠠᠷᠭ᠎ᠠ ᠬᠡᠮᠵᠢᠶ᠎ᠡ᠎ᠶ᠋ᠢ ᠬᠠᠷᠠᠯᠲᠠ᠎ᠲᠠᠶ᠎ᠪᠠᠷ ᠲᠣᠭ᠍ᠲᠠᠭᠠᠪᠠ᠃ ᠡᠭᠦᠨ᠎ᠦ ᠬᠠᠮᠲᠤ 《ᠵᠠᠰᠠᠭ᠎ᠤᠨ ᠣᠷᠳᠣᠨ ᠬᠥᠲᠥᠯᠥᠨ ᠵᠢᠯᠣᠭᠣᠳᠭᠤ + ᠠᠵᠤ ᠠᠬᠤᠢᠯᠠᠯ ᠳᠠᠢᠴᠢᠯᠠᠬᠤ + ᠲᠠᠷᠢᠶᠠᠴᠢᠨ ᠡᠷᠦᠬᠡ ᠣᠷᠣᠯᠴᠠᠬᠤ》 ᠣᠯᠠᠨ ᠡᠱᠢᠵᠢᠭ᠌ᠰᠡᠨ ᠨᠥᠭᠡᠴᠡᠯᠡᠯᠲᠡ᠎ᠶ᠋ᠢᠨ ᠱᠢᠰᠲ᠋ᠧᠮ᠎ᠢ ᠪᠠᠢᠭᠤᠯᠵᠤ᠂ ᠡᠯ᠎ᠡ ᠲᠥᠷᠥᠯ᠎ᠦᠨ ᠡᠬᠢ ᠪᠠᠶᠠᠯᠢᠭ᠎ᠢ ᠨᠡᠢᠳᠭᠡᠵᠦ᠂ ᠲᠣᠬᠢᠷᠠᠭᠤᠯᠤᠨ ᠲᠡᠭᠡᠭᠡᠪᠦᠷᠢᠯᠡᠬᠦ᠌ ᠠᠷᠭ᠎ᠠ ᠵᠠᠮ᠎ᠢ ᠰᠠᠭᠠᠳ ᠥᠬᠡᠶ ᠨᠡᠪᠲᠡᠷᠡᠭᠦᠯᠵᠦ᠍᠂ ᠲᠡᠵᠢᠭᠡᠯ ᠡᠪᠡᠰᠦ ᠪᠣᠷᠳᠣᠭᠠᠨ᠎ᠤ ᠨᠥᠭᠡᠴᠡᠯᠡᠯᠲᠡ᠎ᠶ᠋ᠢ ᠬᠡᠮᠵᠢᠶ᠎ᠡ ᠲᠠᠢ ᠮᠥᠷᠲᠡᠭᠡᠨ ᠨᠠᠩ ᠴᠢᠨᠠᠷᠯᠢᠭ ᠪᠣᠯᠭᠠᠨ᠎ᠠ᠃ ᠣᠳᠣᠬᠠᠨ ᠪᠣᠯᠲᠠᠯ᠎ᠠ᠂ ᠲᠣᠰ ᠵᠢᠱ᠌ᠢᠶ᠎ᠡ ᠦᠵᠡᠭᠦᠯᠬᠦ᠌ ᠣᠷᠣᠨ ᠨᠡᠢᠲᠡ 7 ᠲᠦᠮᠡ ᠭᠠᠷᠤᠶ ᠲᠣᠨ ᠡᠪᠡᠰᠦ ᠪᠣᠷᠳᠣᠭ᠎ᠠ ᠨᠥᠭᠡᠴᠡᠯᠡᠵᠦ᠍᠂ ᠠᠮᠤ ᠪᠤᠳᠠᠭ᠎ᠠ᠎ᠶ᠋ᠢ ᠲᠡᠵᠢᠭᠡᠯ ᠪᠣᠷᠳᠣᠭ᠎ᠠ ᠪᠣᠯᠭᠠᠨ ᠥᠭᠡᠷᠡᠴᠢᠯᠡᠬᠦ᠌ ᠲᠥᠷᠥᠯ ᠵᠦᠶ᠋ᠯ᠎ᠦᠨ ᠨᠥᠬᠥᠪᠥᠷᠢ ᠪᠠᠯᠠ ᠮᠥᠩᠭᠥ᠎ᠶ᠋ᠢ 127.5 ᠲᠦᠮᠡᠨ ᠲᠥᠭᠥᠷᠢᠭ ᠲᠠᠷᠬᠠᠭᠠᠵᠤ᠂ 109 ᠲᠡᠵᠢᠭᠡᠨ ᠦᠷᠡᠵᠢᠭᠦᠯᠬᠦ᠌ ᠲᠠᠯᠠᠪᠠᠶ (ᠡᠷᠦᠬᠡ)᠎ᠳᠦ ᠠᠱᠢᠭ ᠬᠦᠷᠲᠡᠭᠡᠵᠦ᠍᠂ ᠮᠠᠯᠴᠢᠨ ᠲᠠᠷᠢᠶᠠᠴᠢᠨ᠎ᠤ ᠣᠷᠣᠯᠭ᠎ᠠ᠎ᠶ᠋ᠢ ᠦᠷᠭᠦᠯᠵᠢᠯᠡᠨ ᠨᠡᠮᠡᠭ᠌ᠳᠡᠭᠦᠯᠬᠦ᠌ ᠪᠠ ᠠᠵᠤ ᠦᠶ᠋ᠯᠡᠰ᠎ᠦᠨ ᠲᠠᠰ ᠳᠡᠪᠱᠢᠬᠦ᠌᠎ᠳᠦ ᠬᠥᠳᠡᠯᠭᠡᠬᠦ᠌ ᠬᠦᠴᠦᠨ ᠨᠡᠮᠡᠷᠢᠯᠡᠵᠡᠢ᠃

《ᠪᠢᠳᠡ 〈ᠮᠡᠨᠳᠦ ᠡᠪᠦᠯᠵᠢᠭᠦᠯᠬᠦ᠂ ᠬᠠᠪᠤᠷ᠎ᠤᠨ ᠤᠨᠳᠤᠷᠤᠯᠳᠠ᠎ᠶ᠋ᠢ ᠪᠠᠲᠤᠯᠠᠬᠤ᠂ ᠬᠡᠯᠪᠡᠷᠢ᠎ᠪᠡᠨ ᠬᠤᠪᠢᠷᠠᠭᠤᠯᠬᠤ᠎ᠶ᠋ᠢ ᠠᠬᠢᠭᠤᠯᠬᠤ〉᠎ᠪᠠᠷ ᠭᠣᠣᠯ ᠪᠣᠯᠭᠠᠵᠤ᠂ ᠮᠠᠯ ᠠᠵᠤ ᠠᠬᠤᠢ᠎ᠶ᠋ᠢᠨ ᠴᠢᠨᠠᠷ ᠰᠠᠢᠲᠠᠢ ᠬᠥᠭ᠌ᠵᠢᠯᠲᠡ᠎ᠶ᠋ᠢᠨ ᠰᠠᠭᠤᠷᠢ᠎ᠶ᠋ᠢ ᠦᠷᠭᠦᠯᠵᠢᠯᠡᠨ ᠪᠡᠬᠢᠵᠢᠭᠦᠯᠵᠦ᠍᠂ ᠡᠪᠦᠯ᠎ᠦᠨ ᠤᠯᠠᠷᠢᠯ᠎ᠤᠨ ᠠᠷᠠᠴᠢᠯᠠᠭ᠎ᠠ ᠬᠠᠮᠢᠶᠠᠷᠤᠯᠲᠠ᠎ᠶ᠋ᠢ ᠨᠠᠷᠢᠯᠢᠬ᠍ᠵᠢᠭᠤᠯᠬᠤ ᠲᠦᠪᠱᠢᠨ᠎ᠵᠢᠡᠨ ᠲᠠᠰᠤᠷᠠᠯᠳᠠ ᠦᠭᠡᠢ ᠳᠡᠭᠡᠭᠰᠢᠯᠡᠬᠦᠯᠦᠨ᠎ᠠ; ᠮᠠᠯ ᠠᠵᠤ ᠠᠬᠤᠶ᠎ᠶ᠋ᠢᠨ ᠨᠡᠢᠭᠡᠮᠴᠢᠯᠡᠭ᠌ᠰᠡᠨ ᠦᠶ᠋ᠯᠡᠴᠢᠯᠡᠭᠡᠨ᠎ᠦ ᠱᠢᠰᠲ᠋ᠧᠮ᠎ᠳᠦ ᠲᠦᠱᠢᠭ᠌ᠯᠡᠨ ᠡᠪᠦᠯ᠎ᠦᠨ ᠤᠯᠠᠷᠢᠯ᠎ᠤᠨ ᠮᠠᠯ ᠠᠵᠤ ᠠᠬᠤᠶ᠎ᠶ᠋ᠢᠨ ᠦᠶ᠋ᠯᠡᠳᠪᠦᠷᠢᠯᠡᠯ᠎ᠦᠨ ᠮᠡᠷᠭᠡᠵᠢᠯ᠎ᠢ ᠳᠡᠯᠭᠡᠷᠡᠭᠦᠯᠬᠦ᠌ ᠡᠷᠴᠢᠮ᠎ᠢᠶᠡᠨ ᠴᠢᠩᠭᠠᠷᠠᠭᠤᠯᠵᠤ᠂ ᠮᠠᠯᠴᠢᠨ ᠲᠠᠷᠢᠶᠠᠴᠢᠳ᠎ᠢ ᠵᠢᠯᠣᠭᠣᠳᠤᠨ ᠮᠠᠯ᠎ᠤᠨᠤᠭ᠎ᠠ᠎ᠵᠢᠨ ᠬᠦᠶ᠋ᠲᠡᠨ᠎ᠡᠴᠡ ᠰᠡᠷᠭᠡᠢᠯᠡᠵᠦ᠍ ᠳᠤᠯᠠᠭᠠᠨ᠎ᠢ ᠬᠠᠮᠠᠭᠠᠯᠠᠬᠤ᠂ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠵᠡᠷᠭᠡ ᠠᠵᠢᠯ᠎ᠢ ᠰᠠᠢᠲᠤᠷ ᠬᠢᠵᠦ᠍᠂ ᠮᠠᠯ ᠠᠵᠤ ᠠᠬᠤᠶ᠎ᠶ᠋ᠢᠨ ᠭᠠᠷᠤᠯᠲᠠ᠎ᠶ᠋ᠢ ᠲᠣᠭ᠍ᠲᠠᠪᠤᠷᠢᠵᠢᠭᠤᠯᠤᠨ ᠬᠠᠩᠭᠠᠯᠭ᠎ᠠ᠎ᠶ᠋ᠢ ᠪᠠᠲᠤᠯᠠᠬᠤ᠎ᠶ᠋ᠢ ᠪᠥᠬᠥ᠌ ᠬᠦᠴᠦᠨ᠎ᠢᠶᠡᠷ ᠪᠠᠲᠤᠯᠠᠵᠤ᠂ ᠮᠠᠯᠴᠢᠨ ᠲᠠᠷᠢᠶᠠᠴᠢᠳ᠎ᠤᠨ ᠣᠷᠣᠯᠭ᠎ᠠ᠎ᠶ᠋ᠢ ᠦᠷᠭᠦᠯᠵᠢᠯᠡᠨ ᠨᠡᠮᠡᠭ᠌ᠳᠡᠭᠦᠯᠬᠦ᠌᠎ᠳᠦ ᠪᠠᠲᠤ ᠴᠢᠩᠭ᠎ᠠ ᠲᠤᠯᠭᠠᠭᠤᠷᠢᠯᠠᠯ ᠬᠠᠩᠭᠠᠨ᠎ᠠ》 ᠭᠡᠵᠦ ᠬᠤᠶᠠᠷᠬᠤᠳᠳᠤᠭ᠎ᠤᠨ ᠠᠮᠢ ᠠᠬᠤᠢ᠎ᠶ᠋ᠢᠨ ᠨᠡᠭᠦᠳᠡᠯ ᠠᠷᠠᠳ᠎ᠤᠨ ᠵᠢᠱ᠌ᠢᠢ᠎ᠡ ᠦᠵᠡᠭᠦᠯᠬᠦ᠌ ᠣᠷᠣᠨ᠎ᠤ ᠵᠢᠷᠭᠠᠯᠰᠠᠢᠬᠠᠨ ᠪᠠᠯᠭᠠᠰᠤᠨ᠎ᠤ ᠲᠠᠷᠢᠶᠠᠯᠠᠩ᠎ᠮᠠᠯ ᠠᠵᠤ ᠠᠬᠤᠢ᠎ᠶᠢᠨ ᠶᠡᠷᠦᠩᠬᠡᠢᠯᠡᠭ᠌ᠰᠡᠨ ᠦᠢᠯᠡᠴᠢᠯᠡᠭᠡᠨ᠎ᠦ ᠪᠠᠲᠤᠯᠠᠭ᠎ᠠ᠎ᠶ᠋ᠢᠨ ᠲᠥᠪ᠎ᠦᠨ ᠡᠷᠬᠢᠯᠡᠭ᠌ᠴᠢ ᠵᠤᠤ ᠶᠢᠩ ᠴᠧᠨ ᠬᠡᠯᠡᠪᠡ᠃

 

 

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ