12 ᠳ᠋ᠤᠭᠠᠷ ᠰᠠᠷ᠎ᠠ᠎ᠶ᠋ᠢᠨ 6᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠪᠦᠬᠦ᠌ ᠣᠷᠣᠨ᠎ᠤ 2026 ᠣᠨ᠎ᠤ ᠭᠣᠣᠯᠳᠠᠯᠭ᠎ᠠ᠎ᠲᠠᠶ ᠲᠦᠷᠦᠯ ᠵᠦᠢᠯ᠎ᠦᠨ ᠬᠠᠷᠢᠭᠤ ᠮᠡᠳᠡᠭᠦᠯᠦᠯᠲᠡ᠎ᠶ᠋ᠢᠨ ᠬᠤᠷᠠᠯ ᠬᠤᠷᠠᠯᠳᠤᠭᠤᠯᠪᠠ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭ᠌ᠴᠢ ᠪᠦᠦ ᠭᠠᠩ ᠬᠤᠷᠠᠯ᠎ᠢ ᠡᠷᠬᠢᠯᠡᠭ᠌ᠰᠡᠨ ᠪᠥᠭᠡᠳ ᠶᠠᠷᠢᠶ᠎ᠠ ᠲᠠᠯᠪᠢᠪᠠ᠃
ᠬᠤᠷᠠᠯ᠎ᠡᠴᠡ ᠡᠯ᠎ᠡ ᠠᠢᠮᠠᠭ ᠬᠣᠲᠠ᠎ᠶ᠋ᠢᠨ 2026 ᠣᠨ᠎ᠤ ᠭᠤᠤᠯᠳᠠᠯᠭ᠎ᠠ᠎ᠲᠠᠶ ᠲᠥᠷᠥᠯ ᠵᠦᠶ᠋ᠯ᠎ᠢ ᠤᠬᠠᠭᠠᠯᠠᠨ ᠲᠦᠯᠦᠪᠯᠡᠭᠰᠡᠨ ᠪᠠᠢᠳᠠᠯ᠎ᠢ ᠰᠣᠨᠣᠰᠤᠭ᠍ᠰᠠᠨ ᠪᠥᠭᠡᠳ ᠦᠨᠡᠯᠡᠯᠲᠡ ᠵᠠᠳᠠᠯᠤᠯᠲᠠ ᠬᠢᠵᠦ᠂ 《ᠬᠣᠶᠠᠷ ᠬᠠᠯᠬᠠᠪᠴᠢ》᠂ 《ᠬᠣᠶᠠᠷ ᠰᠠᠭᠤᠷᠢᠨ》᠂ 《ᠨᠢᠭᠡ ᠪᠡᠬᠢᠯᠡᠯᠲᠡ》᠎ᠶᠢᠨ ᠪᠠᠢᠯᠳᠤᠬᠤ ᠪᠣᠳᠣᠯᠭ᠎ᠠ᠎ᠶ᠋ᠢᠨ ᠪᠠᠢᠷᠢ ᠲᠣᠭ᠍ᠲᠠᠭᠠᠯᠲᠠ᠎ᠶᠢᠨ ᠲᠣᠭᠣᠷᠢᠨ᠎ᠳᠤ᠂ ᠤᠯᠤᠰ᠎ᠤᠨ ᠠᠵᠤ ᠦᠶ᠋ᠯᠡᠰ᠎ᠦᠨ ᠲᠥᠷᠥ᠎ᠶ᠋ᠢᠨ ᠪᠣᠳᠣᠯᠭ᠎ᠠ᠎ᠶ᠋ᠢᠨ ᠤᠳᠤᠷᠢᠳᠤᠮᠵᠢ᠎ᠶ᠋ᠢ ᠣᠨᠣᠪᠴᠢᠲᠠᠶ ᠡᠵᠡᠮᠳᠡᠵᠦ᠂ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠠᠷᠭ᠎ᠠ ᠪᠠᠷᠢᠯ᠎ᠢᠶᠠᠷ ᠱᠢᠨ᠎ᠡ ᠡᠨᠧᠷᠭᠢ ᠬᠢᠬᠡᠳ ᠪᠣᠯᠣᠳ ᠲᠡᠮᠦᠷ᠂ ᠬᠢᠮᠢ᠎ᠶ᠋ᠢᠨ ᠠᠵᠤ ᠦᠢᠯᠡᠳᠪᠦᠷᠢ᠂ ᠴᠠᠬᠢᠯᠭᠠᠨ ᠵᠠᠳᠠᠯᠤᠯᠳᠠ᠎ᠶᠢᠨ ᠬᠥᠩᠭᠡᠨᠴᠠᠭᠠᠨ᠂ ᠥᠩᠭᠡᠲᠦ ᠲᠡᠮᠦᠷᠯᠢᠭ ᠵᠡᠷᠭᠡ ᠤᠯᠠᠮᠵᠢᠯᠠᠯᠲᠤ ᠠᠵᠤ ᠦᠶ᠋ᠯᠡᠰ᠎ᠦᠨ ᠡᠪᠴᠡᠯᠳᠦᠯ ᠬᠥᠭ᠌ᠵᠢᠯᠲᠡ᠎ᠶᠢ ᠠᠬᠢᠭᠤᠯᠬᠤ᠎ᠶ᠋ᠢ ᠪᠠᠷᠢᠮᠲᠠᠯᠠᠵᠤ᠂ ᠨᠢᠭᠡ ᠪᠦᠯᠦᠭ ᠱᠢᠨ᠎ᠡ ᠡᠨᠧᠷᠭᠢ᠂ ᠱᠢᠨ᠎ᠡ ᠮᠠᠲ᠋ᠧᠷᠢᠶᠠᠯ᠂ ᠲᠣᠨᠣᠭ᠍ᠯᠠᠯ ᠦᠢᠯᠡᠳᠬᠦ᠂ ᠬᠣᠪᠣᠷ ᠱᠢᠷᠣᠶ ᠵᠡᠷᠭᠡ ᠣᠨᠴᠠᠯᠢᠭ᠍ᠲᠤ ᠳᠠᠪᠠᠭᠤᠯᠢᠭ ᠲᠥᠷᠥᠯ ᠵᠦᠶ᠋ᠯ᠎ᠢ ᠤᠬᠠᠭᠠᠯᠠᠨ ᠲᠦᠯᠦᠪᠯᠡᠵᠦ᠂ ᠨᠢᠭᠡ ᠪᠦᠯᠦᠭ ᠪᠣᠬᠢᠷᠲᠤᠯ ᠥᠬᠡᠶ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠢ ᠡᠳ᠋ᠱᠢᠭᠦᠯᠬᠦ᠌ ᠪᠠ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠲᠥᠷᠥᠯ ᠵᠦᠶ᠋ᠯ᠎ᠢ ᠠᠬᠢᠭᠤᠯᠵᠤ᠂ ᠨᠢᠭᠡ ᠪᠦᠯᠦᠭ ᠠᠮᠢᠳᠤ ᠪᠣᠳᠠᠰ᠎ᠤᠨ ᠦᠢᠯᠡᠳᠭᠡᠯ᠂ ᠪᠤᠬᠢᠷᠳᠤᠯ ᠦᠭᠡᠢ ᠪᠤᠳᠤᠯᠲᠠ᠎ᠶᠢᠨ ᠬᠦᠴᠦᠨ᠂ ᠵᠣᠬᠢᠶᠠᠮᠠᠯ ᠤᠶᠤᠨ ᠴᠢᠳᠠᠪᠦᠷᠢ᠂ ᠤᠢᠷ᠎ᠠ ᠤᠭᠲᠠᠷᠭᠤᠢ᠎ᠶᠢᠨ ᠠᠵᠤ ᠠᠬᠤᠶ᠂ ᠵᠢᠷᠭᠤᠳᠤᠭᠠᠷ ᠦᠶ᠎ᠡ᠎ᠶ᠋ᠢᠨ ᠱᠢᠯᠵᠢᠮᠡᠯ ᠮᠡᠳᠡᠭᠡ ᠬᠣᠯᠪᠣᠭ᠎ᠠ ᠵᠡᠷᠭᠡ ᠪᠠᠢᠯᠳᠤᠬᠤ ᠪᠤᠳᠤᠯᠭ᠎ᠠ᠎ᠶᠢᠨ ᠴᠢᠨᠠᠷᠲᠠᠢ ᠱᠢᠨ᠎ᠡ᠎ᠪᠠᠷ ᠮᠠᠨᠳᠤᠭᠰᠠᠨ ᠢᠷᠡᠭᠡᠳᠦᠶ᠎ᠶ᠋ᠢᠨ ᠠᠵᠤ ᠦᠶ᠋ᠯᠡᠰ᠎ᠦᠨ ᠲᠥᠷᠥᠯ ᠵᠦᠶ᠋ᠯ᠎ᠢ ᠪᠠᠢᠷᠢᠰᠢᠭᠤᠯᠵᠤ᠂ ᠨᠢᠭᠡ ᠪᠦᠯᠦᠭ ᠴᠢᠬᠤᠯᠠ ᠶᠡᠬᠡ ᠰᠠᠭᠤᠷᠢ ᠲᠥᠬᠥᠭᠡᠷᠦᠮᠵᠢ᠂ ᠠᠮᠢ ᠠᠬᠤᠶ ᠣᠷᠴᠢᠨ ᠲᠣᠭᠣᠷᠢᠨ᠎ᠤ ᠬᠠᠮᠠᠭᠠᠯᠠᠯᠲᠠ᠂ ᠣᠯᠠᠨ ᠨᠡᠢᠲᠡ᠎ᠶ᠋ᠢᠨ ᠦᠶ᠋ᠯᠡᠴᠢᠯᠡᠭᠡ ᠪᠠ ᠠᠷᠠᠳ᠎ᠤᠨ ᠠᠮᠢᠳᠤᠷᠠᠯ᠎ᠤᠨ ᠪᠠᠲᠤᠯᠠᠭ᠎ᠠ᠎ᠶ᠋ᠢᠨ ᠲᠥᠷᠥᠯ ᠵᠦᠶ᠋ᠯ᠎ᠢ ᠬᠡᠷᠡᠭᠵᠢᠭᠦᠯᠬᠦ ᠬᠡᠷᠡᠭᠲᠡᠢ᠃ ᠴᠢᠬᠤᠯᠠ ᠶᠡᠬᠡ ᠲᠥᠷᠥᠯ ᠵᠦᠶ᠋ᠯ᠎ᠦᠨ ᠬᠤᠯᠪᠤᠭᠠᠯᠠᠨ ᠬᠢᠨᠠᠵᠤ ᠬᠤᠯᠪᠤᠭᠠᠯᠠᠨ ᠵᠥᠪᠱᠢᠶᠡᠷᠡᠬᠦ᠌ ᠲᠣᠭ᠍ᠲᠠᠴᠠ᠎ᠶ᠋ᠢ ᠰᠠᠢᠲᠤᠷ ᠬᠡᠷᠡᠭ᠌ᠯᠡᠵᠦ᠍᠂ ᠵᠠᠰᠠᠭ ᠵᠠᠬᠢᠷᠭᠠᠨ᠎ᠤ ᠬᠢᠨᠠᠨ ᠵᠥᠪᠱᠢᠶᠡᠷᠡᠬᠦ᠌ ᠲᠦᠭ᠌ᠵᠢᠷᠡᠯ ᠪᠤᠭᠤᠮᠢ᠎ᠶᠢ ᠨᠡᠪᠲᠡᠷᠡᠭᠦᠯᠵᠦ᠍᠂ ᠢᠷᠡᠬᠦ᠌ ᠵᠢᠯ᠎ᠦᠨ 3 ᠰᠠᠷ᠎ᠠ᠎ᠳᠤ ᠲᠦᠷᠦᠭᠦᠦ ᠪᠦᠯᠦᠭ᠎ᠤᠨ ᠲᠥᠷᠥᠯ ᠵᠦᠶ᠋ᠯ᠎ᠢ ᠬᠢᠨᠠᠨ ᠵᠥᠪᠱᠢᠶᠡᠷᠡᠵᠦ᠍᠂ ᠲᠣᠭ᠍ᠲᠠᠭ᠍ᠰᠠᠨ ᠬᠤᠭᠤᠴᠠᠭᠠᠨ᠎ᠳᠤ ᠠᠵᠢᠯ᠎ᠢᠶᠠᠨ ᠡᠬᠢᠯᠡᠭᠦᠯᠬᠦ᠌᠎ᠶ᠋ᠢ ᠦᠨᠡᠨ ᠬᠦ᠌ ᠪᠠᠲᠤᠯᠠᠬᠤ ᠬᠡᠷᠡᠭ᠌ᠲᠡᠶ ᠭᠡᠵᠦ ᠴᠢᠬᠤᠯᠠᠴᠢᠯᠠᠪᠠ᠃ ᠬᠤᠷᠠᠯ᠎ᠡᠴᠡ ᠣᠳᠣᠬᠠᠨ᠎ᠤ ᠠᠵᠤ ᠠᠬᠤᠶ᠎ᠶ᠋ᠢᠨ ᠪᠠᠢᠳᠠᠯ᠎ᠳᠤ ᠵᠠᠳᠠᠯᠤᠯᠲᠠ ᠬᠢᠵᠦ᠍᠂ ᠠᠰᠠᠭᠤᠳᠠᠯ᠎ᠢᠶᠠᠷ ᠤᠳᠤᠷᠢᠳᠤᠮᠵᠢ ᠪᠣᠯᠭᠠᠬᠤ᠎ᠶ᠋ᠢ ᠪᠠᠷᠢᠮᠲᠠᠯᠠᠨ᠂ ᠠᠵᠤ ᠠᠬᠤᠶ᠎ᠶ᠋ᠢᠨ ᠠᠵᠢᠯᠯᠠᠭᠠᠨ᠎ᠤ ᠲᠣᠬᠢᠷᠠᠭᠤᠯᠤᠯᠲᠠ᠎ᠶ᠋ᠢ ᠴᠢᠩᠭᠠᠳᠭᠠᠵᠤ᠂ ᠦᠨᠳᠦᠰᠦᠨ ᠱᠠᠲᠤᠨ᠎ᠳᠤ ᠦᠶ᠋ᠯᠡᠴᠢᠯᠡᠬᠦ᠌ ᠣᠢᠯᠠᠭᠠᠭ᠍ᠳᠠᠬᠤᠨ᠎ᠢ ᠪᠣᠶ ᠪᠣᠯᠭᠠᠨ᠂ ᠦᠨᠳᠦᠰᠦᠨ ᠱᠠᠲᠤ᠎ᠶ᠋ᠢ ᠬᠠᠪᠰᠤᠷᠤᠨ ᠬᠦᠴᠢᠷᠳᠡᠯ᠎ᠢ᠎ᠨᠢ ᠱᠢᠶ᠋ᠳᠪᠦᠷᠢᠯᠡᠬᠦ ᠬᠡᠷᠡᠭ᠌ᠲᠡᠶ᠂ ᠡᠯ᠎ᠡ ᠠᠢᠮᠠᠭ ᠬᠣᠲᠠ ᠴᠤ᠌ ᠬᠦᠴᠦᠯᠡᠨ ᠱᠢᠪᠲᠤᠯᠤᠯᠲᠠ ᠬᠢᠵᠦ᠍᠂ ᠪᠥᠬᠥ᠌ ᠵᠢᠯ᠎ᠦᠨ ᠬᠠᠷᠠᠯᠲᠠ ᠡᠭᠦᠷᠭᠡ᠎ᠪᠡᠨ ᠴᠢᠷᠮᠠᠢᠨ ᠪᠡᠶᠡᠯᠡᠭᠦᠯᠬᠦ᠌ ᠬᠡᠷᠡᠭ᠌ᠲᠡᠶ ᠭᠡᠵᠦ᠍ ᠴᠢᠬᠤᠯᠠᠴᠢᠯᠠᠪᠠ᠃ ᠬᠤᠷᠠᠯ᠎ᠡᠴᠡ ᠪᠠᠰᠠ ᠲᠣᠭᠣᠷᠢᠨ ᠪᠠᠢᠴᠠᠭᠠᠵᠤ ᠴᠡᠭ᠌ᠴᠡᠯᠡᠨ ᠰᠠᠢᠵᠢᠷᠠᠭᠤᠯᠬᠤ᠂ ᠣᠷᠴᠢᠨ ᠲᠣᠭᠣᠷᠢᠨ᠎ᠤ ᠬᠠᠮᠠᠭᠠᠯᠠᠯᠲᠠ᠎ᠶ᠋ᠢᠨ ᠬᠢᠨᠠᠨ ᠪᠠᠢᠴᠠᠭᠠᠵᠤ ᠴᠡᠭ᠌ᠴᠡᠯᠡᠨ ᠰᠠᠢᠵᠢᠷᠠᠭᠤᠯᠬᠤ᠂ ᠠᠶᠤᠯᠭᠦᠢ ᠦᠢᠯᠡᠳᠪᠦᠷᠢᠯᠡᠯ᠂ ᠠᠶᠤᠯ ᠲᠦᠭ᠌ᠰᠢᠭᠦᠷᠢ᠎ᠶ᠋ᠢ ᠰᠡᠷᠭᠡᠢᠯᠡᠨ ᠡᠵᠡᠮᠳᠡᠬᠦ᠌ ᠪᠠ ᠠᠷᠠᠳ᠎ᠤᠨ ᠠᠮᠢᠳᠤᠷᠠᠯ᠎ᠤᠨ ᠪᠠᠲᠤᠯᠠᠭ᠎ᠠ ᠵᠡᠷᠭᠡ ᠠᠵᠢᠯ᠎ᠢ ᠪᠠᠢᠷᠢᠯᠠᠭᠤᠯᠪᠠ᠃
ᠵᠠᠰᠠᠭ᠎ᠤᠨ ᠣᠷᠳᠣᠨ᠎ᠤ ᠤᠳᠤᠷᠢᠳᠭᠤ ᠪᠠᠭ᠎ᠤᠨ ᠪᠦᠷᠢᠯᠳᠦᠬᠦᠨ᠂ ᠬᠣᠯᠪᠣᠭ᠍ᠳᠠᠯ ᠪᠥᠬᠥᠶ ᠰᠠᠯᠠᠭ᠎ᠠ ᠮᠥᠴᠢᠷ ᠪᠣᠯᠤᠨ ᠡᠯ᠎ᠡ ᠠᠢᠮᠠᠭ ᠬᠣᠲᠠ᠎ᠶ᠋ᠢᠨ ᠵᠠᠰᠠᠭ᠎ᠤᠨ ᠣᠷᠳᠣᠨ (ᠵᠠᠬᠢᠷᠭ᠎ᠠ)᠎ᠤ ᠭᠤᠤᠯ ᠬᠠᠷᠢᠭᠤᠴᠠᠯᠭᠠᠲᠠᠨ ᠨᠥᠬᠥᠳ ᠬᠤᠷᠠᠯ᠎ᠳᠤ ᠣᠷᠣᠯᠴᠠᠵᠠᠶ᠃