ᠲᠡᠷᠢᠭᠦᠨ ᠬᠠᠭᠤᠳᠠᠰᠤ   -   ᠥᠨᠥᠳᠥᠷ᠎ᠤᠨ ᠦᠪᠦᠷ ᠮᠣᠩᠭᠤᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ ᠠᠵᠢᠯᠲᠠᠨ ᠠᠵᠢᠯᠴᠢᠨ᠎ᠤ ᠰᠤᠪᠢᠯᠠᠯᠲᠠ ᠠᠮᠠᠷᠠᠯᠲᠠ ᠵᠢᠨ ᠬᠡᠪᠴᠢᠶ᠎ᠡ ᠵᠢ ᠦᠷᠭᠦᠯᠵᠢᠯᠡᠨ ᠥᠷᠭᠡᠳᠬᠡᠵᠦ ᠪᠠᠢ᠌ᠨ᠎ᠠ
ᠨᠡᠶ᠋ᠢᠲᠡᠯᠡᠭᠰᠡᠨ ᠴᠠᠭ᠄ 2025-07-01


ᠠᠵᠢᠯᠲᠠᠨ ᠠᠵᠢᠯᠴᠢᠨ᠎ᠤ ᠰᠤᠪᠢᠯᠠᠯᠲᠠ ᠠᠮᠠᠷᠠᠯᠲᠠ ᠵᠢᠨ ᠬᠡᠪᠴᠢᠶ᠎ᠡ ᠵᠢ ᠦᠷᠭᠦᠯᠵᠢᠯᠡᠨ ᠥᠷᠭᠡᠳᠬᠡᠵᠦ ᠂  ᠠᠵᠢᠯᠴᠢᠨ᠎ᠤ ᠰᠤᠪᠢᠯᠠᠯᠲᠠ ᠵᠢᠨ ᠬᠦᠷᠢᠶᠡᠯᠡᠩ᠎ᠤᠨ ᠦᠢ᠍ᠯᠡᠳᠦᠯ᠎ᠢ ᠭᠦᠢ᠍ᠴᠡᠳ ᠪᠠᠳᠠᠷᠠᠭᠤᠯᠬᠤ ᠵᠢᠨ ᠲᠥᠯᠥᠭᠡ ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ᠎ᠤᠨ  ᠣᠢ᠌ᠷ᠎ᠠ᠎ᠳᠤ  ᠨᠡᠢ᠌ᠲᠡᠯᠡᠭᠰᠡᠨ  ᠮᠡᠳᠡᠭᠳᠡᠯ ᠵᠶ᠋ᠠᠷ ᠪᠣᠯ᠂  ᠡᠨᠡ ᠵᠢᠯ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ 150 ᠲᠦᠮᠡᠨ ᠲᠥᠭᠥᠷᠢᠭ᠎ᠤᠨ  ᠲᠤᠰᠬᠠᠢ ᠨᠥᠬᠥᠪᠦᠷᠢ ᠲᠣᠬᠢᠷᠠᠭᠤᠯᠤᠨ ᠂  ᠡᠯ᠎ᠡ ᠱᠠᠲᠤᠨ᠎ᠤ ᠠᠵᠢᠯᠴᠢᠨ᠎ᠤ ᠡᠪᠯᠡᠯ᠎ᠤᠨ ᠠᠵᠢᠯᠲᠠᠨ ᠠᠵᠢᠯᠴᠢᠨ᠎ᠤ ᠰᠤᠪᠢᠯᠠᠯᠲᠠ ᠠᠮᠠᠷᠠᠯᠲᠠ ᠵᠢᠨ ᠠᠵᠢᠯᠯᠠᠭ᠎ᠠ᠎ᠪᠠᠨ  ᠥᠷᠭᠡᠨ ᠵᠶ᠋ᠡᠷ ᠥᠷᠨᠢᠭᠦᠯᠬᠦ ᠵᠢ ᠎ᠨᠢ  ᠳᠡᠮᠵᠢᠨ ᠵᠣᠷᠢᠭᠵᠢᠭᠤᠯᠵᠤ ᠂  ᠠᠵᠢᠯᠲᠠᠨ ᠠᠵᠢᠯᠴᠢᠨ᠎ᠤ ᠰᠤᠪᠢᠯᠠᠯᠲᠠ ᠠᠮᠠᠷᠠᠯᠲᠠ ᠵᠢᠨ ᠡᠷᠬᠡ ᠠᠰᠢᠭ᠎ᠢ ᠦᠨᠡᠨ ᠬᠦ᠌ ᠪᠠᠲᠤᠯᠠᠬᠤ᠎ᠪᠠᠷ ᠪᠠᠢ᠌ᠨ᠎ᠠ᠃

ᠮᠡᠳᠡᠭᠳᠡᠯ᠎ᠳᠤ ᠲᠣᠳᠣᠷᠬᠠᠢ ᠲᠣᠭᠲᠠᠭ᠋ᠠᠭᠰᠠᠨ ᠵᠶ᠋ᠠᠷ᠂ ᠲᠣᠰ  ᠨᠥᠬᠥᠪᠦᠷᠢ ᠵᠢᠨ ᠪᠡᠯᠡ ᠮᠥᠩᠭᠥ ᠵᠢ ᠡᠯ᠎ᠡ ᠱᠠᠲᠤᠨ᠎ᠤ ᠠᠵᠢᠯᠴᠢᠨ᠎ᠤ ᠡᠪᠯᠡᠯ᠎ᠤᠳ  ᠠᠵᠢᠯᠲᠠᠨ ᠠᠵᠢᠯᠴᠢᠨ ᠵᠶ᠋ᠠᠨ  ᠵᠣᠬᠢᠶᠠᠨ  ᠪᠠᠢ᠌ᠭᠤᠯᠵᠤ  ᠪᠦᠬᠦ ᠤᠯᠤᠰ᠎ᠤᠨ ᠠᠵᠢᠯᠴᠢᠨ᠎ᠤ ᠶᠡᠷᠦᠩᠬᠡᠢ ᠡᠪᠯᠡᠯ᠎ᠤᠨ ᠨᠡᠢ᠌ᠲᠡᠯᠡᠭᠰᠡᠨ ᠠᠵᠢᠯᠴᠢᠨ᠎ᠤ ᠰᠤᠪᠢᠯᠠᠯᠲᠠ ᠵᠢᠨ  ᠬᠦᠷᠢᠶᠡᠯᠡᠩ ᠵᠶ᠋ᠡᠷ  ᠰᠤᠪᠢᠯᠠᠯᠲᠠ ᠠᠮᠠᠷᠠᠯᠲᠠ ᠵᠢᠨ ᠠᠵᠢᠯᠯᠠᠭ᠎ᠠ ᠥᠷᠨᠢᠭᠦᠯᠬᠦ᠎ᠳᠤ ᠎ᠨᠢ ᠬᠡᠷᠡᠭᠯᠡᠭᠦᠯᠦᠨ᠎ᠡ᠂ ᠡᠭᠦᠨ᠎ᠳᠤ  ᠪᠥᠬᠥ ᠤᠯᠤᠰ᠎ᠤᠨ ᠠᠵᠢᠯᠴᠢᠨ᠎ᠤ ᠶᠡᠷᠦᠩᠬᠡᠢ ᠡᠪᠯᠡᠯ ᠵᠢᠴᠢ ᠪᠡᠭᠡᠵᠢᠩ ᠂  ᠲᠢᠶᠠᠨᠵᠢᠨ ᠂  ᠾᠧᠪᠧᠢ ᠵᠡᠷᠭᠡ 23 ᠮᠤᠵᠢ ᠣᠷᠣᠨ ᠬᠣᠲᠠ ᠵᠢᠨ ᠠᠵᠢᠯᠴᠢᠨ᠎ᠤ ᠰᠤᠪᠢᠯᠠᠯᠲᠠ ᠵᠢᠨ 56  ᠬᠦᠷᠢᠶᠡᠯᠡᠩ ᠪᠠᠭᠲᠠᠨ᠎ᠠ᠂  ᠥᠪᠥᠷ ᠮᠣᠩᠭᠣᠯ᠎ᠤᠨ ᠠᠵᠢᠯᠴᠢᠨ᠎ᠤ ᠰᠤᠪᠢᠯᠠᠯᠲᠠ ᠵᠢᠨ  ᠬᠦᠷᠢᠶᠡᠯᠡᠩ ᠪᠠ  ᠥᠪᠥᠷ ᠮᠣᠩᠭᠣᠯ᠎ᠤᠨ ᠠᠵᠢᠯᠴᠢᠨ᠎ᠤ ᠪᠤᠭᠤᠲᠤ᠎ᠳᠠᠬᠢ  ᠰᠤᠪᠢᠯᠠᠯᠲᠠ ᠵᠢᠨ  ᠬᠦᠷᠢᠶᠡᠯᠡᠩ᠎ᠳᠤ ᠰᠤᠪᠢᠯᠠᠯᠲᠠ ᠠᠮᠠᠷᠠᠯᠲᠠ ᠵᠢᠨ ᠠᠵᠢᠯᠯᠠᠭ᠎ᠠ  ᠥᠷᠨᠢᠭᠦᠯᠦᠭᠰᠡᠳ᠎ᠲᠤ ᠤᠷᠢᠳ ᠵᠶ᠋ᠠᠷ  ᠨᠥᠬᠥᠪᠦᠷᠢ  ᠣᠯᠭᠣᠨ᠎ᠠ᠂  ᠨᠥᠬᠥᠪᠦᠷᠢ ᠵᠢᠨ ᠪᠠᠷᠢᠮᠵᠢᠶ᠎ᠠ᠎ᠨᠢ ᠬᠥᠮᠥᠨ  ᠨᠢᠵᠡᠭᠡᠳ᠎ᠲᠤ  ᠡᠳᠦᠷ  ᠪᠦᠷᠢ 200 ᠲᠥᠭᠥᠷᠢᠭ ᠪᠣᠯᠣᠨ᠎ᠠ᠃

ᠰᠤᠪᠢᠯᠠᠯᠲᠠ  ᠠᠮᠠᠷᠠᠯᠲᠠ ᠵᠢᠨ ᠠᠵᠢᠯᠯᠠᠭ᠎ᠠ᠎ᠳᠤ᠂  ᠰᠢᠶᠠᠨ᠎ᠤ ᠱᠠᠲᠤᠨ᠎ᠤ ᠠᠵᠢᠯᠴᠢᠨ᠎ᠤ ᠡᠪᠯᠡᠯ ᠂  ᠦᠨᠳᠦᠰᠦᠨ ᠱᠠᠲᠤᠨ᠎ᠤ ᠠᠵᠢᠯᠴᠢᠨ᠎ᠤ ᠡᠪᠯᠡᠯ  ᠪᠠ ᠬᠦᠴᠢᠷᠳᠡᠯᠲᠡᠢ  ᠠᠵᠤ ᠠᠬᠤᠢ᠌ᠯᠠᠯ᠎ᠤᠨ ᠎ᠬᠢᠨ᠎ᠤ  ᠠᠵᠢᠯᠲᠠᠨ ᠠᠵᠢᠯᠴᠢᠨ᠎ᠤ ᠰᠤᠪᠢᠯᠠᠯᠲᠠ  ᠠᠮᠠᠷᠠᠯᠲᠠ ᠵᠢᠨ ᠬᠡᠷᠡᠭᠴᠡᠭᠡ ᠵᠢ ᠤᠷᠢᠳ ᠵᠶ᠋ᠠᠷ ᠪᠠᠲᠤᠯᠠᠵᠤ ᠂  ᠠᠵᠤ ᠦᠢ᠍ᠯᠡᠰ᠎ᠤᠨ ᠠᠵᠢᠯᠴᠢᠨ ᠢᠯᠠᠩᠭᠤᠶ᠎ᠠ ᠮᠡᠷᠭᠡᠵᠢᠯ᠎ᠤᠨ ᠰᠢᠯᠢᠳᠡᠭ  ᠠᠵᠢᠯᠴᠢᠳ ᠵᠶ᠋ᠠᠨ  ᠰᠤᠪᠢᠯᠠᠯᠲᠠ  ᠠᠮᠠᠷᠠᠯᠲᠠ ᠵᠢᠨ ᠠᠵᠢᠯᠯᠠᠭ᠎ᠠ᠎ᠳᠤ  ᠣᠷᠣᠯᠴᠠᠭᠤᠯᠬᠤ ᠵᠢ ᠭᠣᠣᠯᠳᠠᠯᠭ᠎ᠠ᠎ᠲᠠᠢ ᠲᠡᠮᠵᠢᠨ᠎ᠠ ᠃ ᠡᠯ᠎ᠡ ᠱᠠᠲᠤᠨ᠎ᠤ ᠠᠵᠢᠯᠴᠢᠨ᠎ᠤ ᠡᠪᠯᠡᠯ᠎ᠤᠨ ᠵᠣᠬᠢᠶᠠᠨ ᠪᠠᠢ᠌ᠭᠤᠯᠤᠯᠲᠠ  ᠲᠣᠰ  ᠨᠥᠬᠥᠪᠦᠷᠢ ᠵᠢᠨ ᠪᠡᠯᠡ ᠮᠥᠩᠭᠥ ᠵᠢ ᠬᠡᠷᠡᠭᠯᠡᠨ ᠰᠤᠪᠢᠯᠠᠯᠲᠠ ᠠᠮᠠᠷᠠᠯᠲᠠ ᠵᠢᠨ ᠠᠵᠢᠯᠯᠠᠭ᠎ᠠ ᠵᠢ ᠥᠷᠨᠢᠭᠦᠯᠬᠦ᠎ᠳᠤ ᠡᠷᠬᠡᠪᠰᠢ 《ᠠᠵᠢᠯᠲᠠᠨ ᠠᠵᠢᠯᠴᠢᠨ᠎ᠤ ᠭᠡᠷ》 APP ᠵᠶ᠋ᠠᠷ  ᠡᠯ᠎ᠡ  ᠭᠣᠭᠴᠣᠭ᠋ᠠᠨ᠎ᠤ  ᠠᠵᠢᠯ ᠵᠶ᠋ᠠᠨ ᠭᠦᠢ᠍ᠴᠡᠳᠬᠡᠬᠦ  ᠬᠡᠷᠡᠭᠲᠡᠢ;  ᠲᠣᠰ  ᠨᠥᠬᠥᠪᠦᠷᠢ ᠵᠢᠨ ᠪᠡᠯᠡ ᠮᠥᠩᠭᠥ ᠵᠢ ᠡᠯ᠎ᠡ ᠱᠠᠲᠤᠨ᠎ᠤ ᠠᠵᠢᠯᠴᠢᠨ᠎ᠤ ᠡᠪᠯᠡᠯ᠎ᠤᠨ ᠵᠠᠷᠤᠳᠠᠯ᠎ᠤᠨ ᠨᠥᠬᠥᠪᠦᠷᠢ ᠂  ᠠᠵᠢᠯᠲᠠᠨ ᠠᠵᠢᠯᠴᠢᠨ᠎ᠤ ᠪᠠᠢ᠌ᠭ᠎ᠠ ᠠᠵᠤ ᠠᠬᠤᠢ᠌ᠯᠠᠯ ᠠᠵᠢᠯ ᠦᠢ᠍ᠯᠡᠰ᠎ᠤᠨ  ᠨᠢᠭᠡᠴᠢ ᠵᠢᠨ ᠪᠡᠯᠡ ᠮᠥᠩᠭᠥ᠎ᠯᠦᠭᠡ ᠨᠢᠭᠡᠳᠦᠯᠲᠡᠢ ᠲᠥᠯᠥᠪᠯᠡᠨ  ᠬᠡᠷᠡᠭᠯᠡᠬᠦ ᠬᠡᠷᠡᠭᠲᠡᠢ᠂  ᠨᠢᠭᠡᠨᠲᠡ ᠲᠥᠯᠥᠪᠯᠡᠭᠡ᠎ᠳᠤ ᠵᠢᠭᠰᠠᠭ᠋ᠠᠨ ᠣᠷᠣᠭᠤᠯᠤᠭᠰᠠᠨ ᠰᠤᠪᠢᠯᠠᠯᠲᠠ ᠠᠮᠠᠷᠠᠯᠲᠠ ᠵᠢᠨ ᠠᠵᠢᠯᠯᠠᠭ᠎ᠠ (ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ᠎ᠤᠨ  ᠬᠥᠭᠵᠢᠶᠡᠨᠲᠦ ᠪᠤᠰᠤ  ᠤᠯᠠᠷᠢᠯ᠎ᠳᠠᠬᠢ  ᠰᠤᠪᠢᠯᠠᠯᠲᠠ ᠠᠮᠠᠷᠠᠯᠲᠠ ᠵᠢᠨ ᠠᠵᠢᠯᠯᠠᠭ᠎ᠠ ᠵᠢ ᠪᠠᠭᠲᠠᠭ᠋ᠠᠨ᠎ᠠ )᠎ᠳᠤ  ᠬᠡᠷᠡᠭᠯᠡᠵᠦ ᠪᠣᠯᠣᠨ᠎ᠠ᠂ ᠡᠭᠦᠨ᠎ᠤ ᠬᠠᠮᠲᠤ  ᠰᠢᠨ᠎ᠡ᠎ᠪᠠᠷ ᠨᠡᠮᠡᠭᠳᠡᠭᠰᠡᠨ ᠠᠵᠢᠯᠲᠠᠨ ᠠᠵᠢᠯᠴᠢᠨ᠎ᠤ ᠰᠤᠪᠢᠯᠠᠯᠲᠠ ᠠᠮᠠᠷᠠᠯᠲᠠ ᠵᠢᠨ ᠠᠵᠢᠯᠯᠠᠭ᠎ᠠ᠎ᠳᠤ ᠬᠡᠷᠡᠭᠯᠡᠬᠦ ᠵᠢ ᠵᠣᠷᠢᠭᠵᠢᠭᠤᠯᠤᠨ᠎ᠠ᠃

ᠣᠢ᠌ᠯᠠᠭ᠋ᠠᠭᠰᠠᠨ ᠵᠶ᠋ᠠᠷ ᠂ ᠥᠨᠥ  ᠵᠢᠯ᠎ᠠᠴᠠ  ᠡᠬᠢᠯᠡᠨ᠂  ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ ᠣᠷᠣᠭᠤᠯᠤᠯᠲᠠ ᠵᠢᠨ ᠡᠷᠴᠢᠮ ᠵᠶ᠋ᠡᠨ ᠤᠯᠠᠮ ᠨᠢᠭᠡ ᠠᠯᠬᠤᠮ ᠴᠢᠩᠭ᠋ᠠᠷᠠᠭᠤᠯᠵᠤ ᠂  ᠡᠯ᠎ᠡ ᠱᠠᠲᠤᠨ᠎ᠤ ᠠᠵᠢᠯᠴᠢᠨ᠎ᠤ ᠡᠪᠯᠡᠯ᠎ᠢ ᠵᠣᠷᠢᠭᠵᠢᠭᠤᠯᠤᠨ ᠳᠠᠶ᠋ᠢᠴᠢᠯᠠᠵᠤ ᠪᠠᠢ᠌ᠭ᠋ᠠᠳ ᠠᠵᠢᠯᠲᠠᠨ ᠠᠵᠢᠯᠴᠢᠨ᠎ᠤ  ᠰᠤᠪᠢᠯᠠᠯᠲᠠ ᠠᠮᠠᠷᠠᠯᠲᠠ ᠵᠢᠨ  ᠬᠡᠪᠴᠢᠶ᠎ᠡ ᠵᠢ᠎ᠨᠢ ᠦᠷᠭᠦᠯᠵᠢᠯᠡᠨ  ᠥᠷᠭᠡᠳᠬᠡᠵᠦ ᠪᠠᠢ᠌ᠨ᠎ᠠ ᠃  ᠲᠦᠷᠦᠭᠦᠬᠡᠨ᠎ᠳᠤ᠂  ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ᠎ᠤᠨ ᠲᠤᠰ ᠱᠠᠲᠤᠨ᠎ᠤ᠎ᠬᠢᠨ ᠨᠢᠭᠡᠨᠲᠡ ᠬᠥᠳᠡᠯᠮᠦᠷᠢ ᠵᠢᠨ ᠵᠢᠱ᠌ᠢᠶᠡᠴᠢ ᠪᠠ ᠨᠢᠭᠡᠳᠦᠭᠡᠷ ᠹᠷᠣᠨᠲ᠎ᠤᠨ ᠠᠵᠢᠯᠲᠠᠨ ᠠᠵᠢᠯᠴᠢᠨ᠎ᠢ 2000  ᠬᠥᠮᠥᠨ᠎ᠢ ᠳᠣᠬᠢᠷᠠᠭᠤᠯᠤᠨ  ᠰᠤᠪᠢᠯᠠᠯᠲᠠ ᠠᠮᠠᠷᠠᠯᠲᠠ ᠵᠢᠨ  ᠠᠵᠢᠯᠯᠠᠭ᠎ᠠ ᠵᠢ ᠥᠷᠨᠢᠭᠦᠯᠵᠦ ᠂  ᠲᠥᠷᠥ ᠵᠢᠨ ᠪᠣᠳᠣᠯᠭ᠎ᠠ  ᠨᠡᠢ᠌ᠲᠡᠯᠡᠨ ᠬᠥᠭᠵᠢᠶᠡᠨᠲᠦ ᠪᠤᠰᠤ  ᠤᠯᠠᠷᠢᠯ᠎ᠳᠠᠬᠢ  ᠠᠵᠢᠯᠲᠠᠨ ᠠᠵᠢᠯᠴᠢᠨ᠎ᠤ ᠰᠤᠪᠢᠯᠠᠯᠲᠠ ᠠᠮᠠᠷᠠᠯᠲᠠ᠎ᠳᠤ ᠬᠥᠮᠥᠨ  ᠨᠢᠵᠡᠭᠡᠳ᠎ᠲᠤ  ᠡᠳᠦᠷ  ᠪᠦᠷᠢ 200 ᠲᠥᠭᠥᠷᠢᠭ᠎ᠤᠨ ᠨᠥᠬᠥᠪᠦᠷᠢ  ᠥᠭᠪᠡ᠂  ᠡᠭᠦᠨ᠎ᠤ ᠳᠡᠭᠡᠷ᠎ᠡ ᠲᠣᠰ ᠤᠳᠠᠭ᠋ᠠᠨ᠎ᠤ ᠲᠤᠰᠬᠠᠢ ᠨᠥᠬᠥᠪᠦᠷᠢ ᠵᠢ ᠨᠡᠮᠡᠪᠡᠯ ᠂  ᠵᠥᠪᠬᠡᠨ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ᠎ᠤᠨ ᠲᠣᠰ ᠱᠠᠲᠤᠨ᠎ᠤ ᠲᠣᠬᠢᠷᠠᠭᠤᠯᠤᠭᠰᠠᠨ ᠰᠤᠪᠢᠯᠠᠯᠲᠠ ᠠᠮᠠᠷᠠᠯᠲᠠ ᠵᠢᠨ ᠵᠠᠷᠤᠳᠠᠯ ᠨᠢᠭᠡᠨᠲᠡ 1200 ᠲᠦᠮᠡᠨ ᠲᠥᠭᠥᠷᠢᠭ  ᠰᠢᠬᠠᠮ ᠪᠣᠯᠵᠠᠢ᠂  ᠵᠢᠱ᠌ᠢᠯᠲᠡ᠎ᠪᠠᠷ ᠡᠨᠡ ᠵᠢᠯ ᠪᠥᠬᠥ ᠣᠷᠣᠨ᠎ᠤ ᠡᠯ᠎ᠡ ᠱᠠᠲᠤᠨ᠎ᠤ ᠠᠵᠢᠯᠴᠢᠨ᠎ᠤ ᠡᠪᠯᠡᠯ᠎ᠤᠨ ᠵᠣᠬᠢᠶᠠᠨ ᠪᠠᠢ᠌ᠭᠤᠯᠤᠯᠲᠠ ᠵᠢᠨ ᠠᠵᠢᠯᠲᠠᠨ ᠠᠵᠢᠯᠴᠢᠨ᠎ᠤ ᠰᠤᠪᠢᠯᠠᠯᠲᠠ ᠠᠮᠠᠷᠠᠯᠲᠠ ᠵᠢᠨ ᠬᠡᠪᠴᠢᠶ᠎ᠡ ᠎ᠨᠢ 2 ᠲᠦᠮᠡᠨ ᠬᠥᠮᠥᠨ᠎ᠢ  ᠳᠠᠪᠠᠬᠤ ᠪᠣᠯᠣᠨ᠎ᠠ᠃

 


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ