7 ᠰᠠᠷ᠎ᠠ᠎ᠶ᠋ᠢᠨ 16 ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠪᠠᠢᠩᠭᠤ᠎ᠶ᠋ᠢᠨ ᠬᠣᠷᠢᠶ᠎ᠠ ᠬᠤᠷᠠᠯ ᠬᠤᠷᠠᠯᠳᠤᠭᠤᠯᠵᠤ᠂ ᠶᠡᠷᠦᠩᠬᠡᠶ ᠱᠦᠵᠢ ᠰᠢ ᠵᠢᠨ ᠫᠢᠩ᠎ᠦᠨ ᠲᠥᠪ᠎ᠦᠨ ᠬᠣᠲᠠ᠎ᠶ᠋ᠢᠨ ᠠᠵᠢᠯ᠎ᠤᠨ ᠬᠤᠷᠠᠯ ᠳᠡᠭᠡᠷᠡᠬᠢ ᠴᠢᠬᠤᠯᠠ ᠶᠠᠷᠢᠶ᠎ᠠ ᠪᠣᠯᠤᠨ ᠶᠡᠷᠦᠩᠬᠡᠶ ᠰᠠᠢᠳ ᠯᠢ ᠴᠢᠶᠠᠩ᠎ᠤᠨ ᠳ᠋ᠦᠩᠨᠡᠯᠲᠡ᠎ᠶ᠋ᠢᠨ ᠶᠠᠷᠢᠶ᠎ᠠ᠎ᠶ᠋ᠢ ᠤᠯᠠᠮᠵᠢᠯᠠᠨ ᠰᠤᠷᠤᠯᠴᠠᠵᠤ᠂ ᠲᠤᠭᠤᠱᠢᠯᠠᠭᠤᠯᠤᠨ ᠨᠠᠢᠳᠠᠪᠤᠷᠢᠵᠢᠭᠤᠯᠬᠤ ᠠᠵᠢᠯ᠎ᠢ ᠰᠤᠳᠤᠯᠤᠨ ᠪᠠᠢᠷᠢᠯᠠᠭᠤᠯᠪᠠ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠰᠦᠨ ᠱᠤᠤ ᠴᠧᠩ ᠬᠤᠷᠠᠯ ᠡᠷᠬᠢᠯᠡᠵᠡᠢ᠃
ᠬᠤᠷᠠᠯ᠎ᠡᠴᠡ᠂ ᠶᠡᠷᠦᠩᠬᠡᠶ ᠱᠦᠵᠢ ᠰᠢ ᠵᠢᠨ ᠫᠢᠩ᠎ᠦᠨ ᠴᠢᠬᠤᠯᠠ ᠶᠠᠷᠢᠶ᠎ᠠ᠎ᠨᠢ ᠬᠣᠲᠠ᠎ᠶᠢ ᠬᠦᠭᠵᠢᠭᠦᠯᠬᠦ᠎ᠨᠢ ᠬᠡᠨ᠎ᠦ ᠲᠥᠯᠥᠭᠡ ᠪᠠᠢᠬᠤ᠂ ᠬᠡᠨ᠎ᠳᠦ ᠲᠦᠱᠢᠭ᠌ᠯᠡᠬᠦ᠌᠂ ᠵᠢᠴᠢ ᠶᠠᠮᠠᠷ ᠶᠠᠩᠵᠤ᠎ᠶᠢᠨ ᠬᠣᠲᠠ᠎ᠶ᠋ᠢ ᠪᠥᠲᠥᠭᠡᠨ ᠪᠠᠢᠭᠤᠯᠬᠤ᠂ ᠬᠣᠲᠠ᠎ᠶ᠋ᠢ ᠬᠡᠷᠬᠢᠨ ᠪᠥᠲᠥᠭᠡᠨ ᠪᠠᠢᠭᠤᠯᠬᠤ ᠵᠡᠷᠭᠡ ᠴᠢᠬᠤᠯᠠ ᠶᠡᠬᠡ ᠣᠨᠣᠯ ᠪᠠ ᠦᠶ᠋ᠯᠡᠳᠦᠯᠭᠡ᠎ᠶ᠋ᠢᠨ ᠠᠰᠠᠭᠤᠯᠳᠠ᠎ᠵᠢ ᠱᠢᠨᠵᠢᠯᠡᠬᠦ᠌ ᠤᠬᠠᠭᠠᠨᠴᠢ᠎ᠪᠠᠷ ᠬᠠᠷᠢᠭᠤᠯᠵᠤ᠂ ᠰᠢᠨ᠎ᠡ ᠴᠠᠭ ᠦᠶ᠎ᠡ ᠱᠢᠨ᠎ᠡ ᠠᠶᠠᠨ᠎ᠤ ᠬᠣᠲᠠ᠎ᠶ᠋ᠢᠨ ᠠᠵᠢᠯ᠎ᠢ ᠰᠠᠢᠲᠤᠷ ᠬᠢᠬᠦ᠌᠎ᠳᠦ ᠤᠷᠤᠭ᠍ᠰᠢᠯᠠᠯᠲᠠ᠎ᠶ᠋ᠢᠨ ᠴᠢᠭ᠌ᠯᠡᠯ᠎ᠢ ᠲᠣᠳᠣᠷᠬᠠᠶ ᠵᠢᠭᠠᠵᠤ ᠥᠭ᠌ᠴᠡᠶ᠃ ᠡᠯ᠎ᠡ ᠱᠠᠲᠤᠨ᠎ᠤ ᠬᠢᠨ ᠭᠦᠨᠵᠡᠭᠡᠢ ᠰᠤᠷᠤᠯᠴᠠᠵᠤ᠂ ᠲᠠᠬᠢᠨ ᠳᠠᠪᠲᠠᠨ ᠰᠤᠷᠤᠯᠴᠠᠵᠤ᠂ ᠶᠡᠷᠦᠩᠬᠡᠢ ᠱᠦᠵᠢ ᠰᠢ ᠵᠢᠨ ᠫᠢᠩ᠎ᠦᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢᠨ ᠮᠥᠨ ᠴᠢᠨᠠᠷ᠂ ᠪᠠᠶᠠᠯᠢᠭ ᠠᠭᠤᠯᠤᠭ᠍ᠳᠠᠬᠤᠨ᠂ ᠦᠢᠯᠡᠳᠦᠯᠭᠡ᠎ᠶ᠋ᠢᠨ ᠱᠠᠭᠠᠷᠳᠠᠯᠭ᠎ᠠ᠎ᠶ᠋ᠢ ᠭᠦᠨᠵᠡᠭᠡᠢ ᠤᠢ᠍ᠢᠯᠠᠭᠠᠨ ᠡᠵᠡᠮᠱᠢᠵᠦ᠍᠂ ᠶᠡᠷᠦᠩᠬᠡᠢ ᠰᠠᠢᠳ ᠯᠢ ᠴᠢᠶᠠᠩ᠎ᠤᠨ ᠶᠠᠷᠢᠶᠠᠨ᠎ᠤ ᠪᠠᠢᠷᠢᠯᠠᠭᠤᠯᠤᠯᠲᠠ ᠶᠣᠰᠣᠭᠠᠷ᠂ ᠪᠣᠳᠠᠲᠤ ᠪᠠᠢᠳᠠᠯ᠎ᠲᠠᠶ᠎ᠪᠠᠨ ᠤᠶᠠᠯᠳᠤᠭᠤᠯᠤᠨ ᠲᠤᠭᠤᠱᠢᠯᠠᠭᠤᠯᠤᠨ ᠨᠠᠢᠳᠠᠪᠤᠷᠢᠵᠢᠭᠤᠯᠬᠤ᠎ᠶ᠋ᠢ ᠰᠠᠢᠲᠤᠷ ᠠᠳᠭᠤᠬᠤ ᠬᠡᠷᠡᠭ᠌ᠲᠡᠢ᠃ ᠬᠥᠮᠦᠨ ᠠᠮᠠ᠎ᠶ᠋ᠢᠨ ᠪᠠᠢᠷᠢᠱᠢᠯ᠎ᠢ ᠱᠢᠯᠢᠳᠡᠭ᠌ᠵᠢᠭᠦᠯᠵᠦ᠍᠂ ᠬᠥᠮᠦᠨ ᠠᠮᠠ ᠪᠠ ᠬᠡᠷᠡᠭ᠌ᠴᠡᠭᠡ᠎ᠶᠢᠨ ᠪᠦᠲᠦᠴᠡ᠎ᠶ᠋ᠢᠨ ᠬᠤᠪᠢᠷᠠᠯᠲᠠ᠎ᠶ᠋ᠢ ᠭᠦᠢᠴᠡᠳ ᠪᠣᠳᠣᠯᠬᠢᠯᠠᠨ ᠰᠤᠷᠭᠠᠨ ᠬᠥᠮᠦᠵᠢᠯ ᠡᠮ ᠡᠮᠨᠡᠯᠭᠡ ᠵᠡᠷᠭᠡ ᠡᠬᠢ ᠪᠠᠶᠠᠯᠢᠭ᠎ᠢ ᠪᠠᠷᠠᠯᠠᠯᠳᠤ ᠴᠢᠨᠠᠷᠲᠠᠢ ᠪᠠᠢᠷᠢᠱᠢᠭᠤᠯᠬᠤ᠎ᠶ᠋ᠢ ᠴᠢᠩᠭᠠᠳᠭᠠᠬᠤ ᠬᠡᠷᠡᠭ᠌ᠲᠡᠢ᠃ ᠡᠬᠢ ᠪᠠᠶᠠᠯᠢᠭ᠎ᠢ ᠠᠷᠪᠢᠳᠠᠢ ᠡᠷᠴᠢᠮᠵᠢᠭᠦᠯᠦᠨ ᠠᠱᠢᠭ᠍ᠯᠠᠬᠤ᠎ᠶ᠋ᠢ ᠴᠢᠩᠭᠠᠳᠭᠠᠵᠤ᠂ ᠬᠤᠳᠠ ᠪᠠᠯᠭᠠᠰᠤ᠎ᠶᠢ ᠨᠡᠭᠡᠭᠡᠨ ᠬᠥᠭ᠌ᠵᠢᠭᠦᠯᠬᠦ᠌ ᠵᠠᠭᠠᠭ ᠬᠢᠵᠠᠭᠠᠷ᠎ᠢ ᠴᠢᠩᠭ᠎ᠠ ᠲᠣᠭ᠍ᠲᠠᠭᠠᠵᠤ᠂ ᠨᠡᠭᠡᠭᠡᠯᠳᠡ᠎ᠶᠢᠨ ᠲᠤᠭᠤᠷᠢᠭ᠎ᠤᠨ ᠭᠠᠵᠠᠷ ᠱᠢᠷᠣᠢ ᠡᠵᠡᠯᠡᠬᠦ ᠬᠡᠪᠴᠢᠶ᠎ᠠ᠎ᠶ᠋ᠢ ᠥᠷᠭᠡᠳᠭᠡᠬᠦ᠌᠎ᠶ᠋ᠢ ᠴᠢᠩᠭ᠎ᠠ ᠬᠢᠵᠠᠭᠠᠷᠯᠠᠵᠤ᠂ ᠵᠠᠬ᠎ᠠ ᠳᠡᠯᠭᠡᠭᠦᠷᠴᠢᠯᠡᠭ᠌ᠰᠡᠨ ᠠᠷᠭ᠎ᠠ ᠪᠠᠷᠢᠯ᠎ᠢ ᠬᠡᠷᠡᠭ᠌ᠯᠡᠨ ᠤᠯᠠᠨ ᠨᠡᠢᠲᠡ᠎ᠶ᠋ᠢᠨ ᠲᠤᠨᠤᠭ ᠲᠥᠬᠥᠭᠡᠷᠦᠮᠵᠢ᠎ᠶ᠋ᠢᠨ ᠡᠵᠡᠩᠨᠡᠯᠲᠡ ᠬᠠᠮᠢᠶᠠᠷᠤᠯᠲᠠ᠎ᠶ᠋ᠢᠨ ᠲᠦᠪᠱᠢᠨ᠎ᠢ ᠳᠡᠭᠡᠭ᠌ᠰᠢᠯᠡᠭᠦᠯᠬᠦ᠌᠎ᠶ᠋ᠢ ᠨᠡᠩ ᠴᠢᠬᠤᠯᠠᠴᠢᠯᠠᠬᠤ ᠬᠡᠷᠡᠭ᠌ᠲᠡᠢ᠃ ᠭᠠᠵᠠᠷ ᠲᠤᠤᠷᠡᠬᠢ ᠳᠤᠯᠠᠭᠠᠯᠠᠭ᠎ᠠ᠂ ᠪᠠᠢᠭᠠᠯᠢ ᠵᠢᠨ ᠰᠢᠳᠠᠮᠠᠬᠠᠢ ᠬᠡᠢ᠂ ᠤᠰᠤᠨ᠎ᠤ ᠬᠣᠭᠣᠯᠠᠢ ᠵᠢᠨ ᠲᠣᠣᠷ᠎ᠤᠨ ᠪᠦᠲᠦᠭᠡᠨ ᠪᠠᠢᠭᠤᠯᠤᠯᠲᠠ᠎ᠶ᠋ᠢ ᠴᠢᠩᠭᠠᠳᠭᠠᠵᠤ᠂ ᠬᠤᠲᠠ᠎ᠶ᠋ᠢᠨ 《ᠭᠠᠳᠠᠷ ᠳᠦᠷᠢ ᠲᠦᠷᠬᠦ》᠎ᠶᠢ ᠴᠢᠬᠤᠯᠠᠴᠢᠯᠠᠬᠤ ᠪᠦᠭᠡᠳ ᠬᠤᠲᠠ᠎ᠶ᠋ᠢᠨ 《ᠳᠤᠳᠤᠭᠠᠳᠤ ᠶᠠᠰᠤ ᠴᠢᠨᠠᠷ》᠎ᠢ᠋ ᠴᠤ᠌ ᠴᠢᠬᠤᠯᠠᠴᠢᠯᠠᠬᠤ ᠬᠡᠷᠡᠭ᠌ᠲᠡᠢ᠃ ᠨᠠᠮ᠎ᠤᠨ ᠪᠠᠢᠭᠤᠯᠤᠯᠲᠠ᠎ᠪᠠᠷ ᠬᠥᠲᠥᠯᠥᠨ ᠳᠠᠭᠠᠭᠤᠯᠬᠤ᠎ᠶ᠋ᠢ ᠪᠠᠷᠢᠮᠲᠠᠯᠠᠵᠤ᠂ ᠬᠣᠲᠠ᠎ᠶ᠋ᠢᠨ ᠬᠠᠮᠢᠶᠠᠷᠤᠯᠲᠠ ᠪᠠ ᠦᠶ᠋ᠯᠡᠴᠢᠯᠡᠭᠡ᠎ᠶ᠋ᠢ ᠴᠢᠩᠭᠠᠳᠭᠠᠬᠤ ᠬᠡᠷᠡᠭ᠌ᠲᠡᠶ᠃ ᠠᠳᠠᠯ ᠠᠬᠤᠢ᠎ᠶ᠋ᠢᠨ ᠬᠠᠮᠢᠶᠠᠷᠤᠯᠲᠠ᠎ᠶ᠋ᠢ ᠵᠠᠬ᠎ᠠ ᠳᠡᠯᠭᠡᠭᠦᠷᠴᠢᠯᠡᠬᠦ᠌ ᠥᠭᠡᠷᠡᠴᠢᠯᠡᠯᠲᠡ᠎ᠶ᠋ᠢ ᠢᠳᠡᠪᠬᠢᠲᠡᠶ᠎ᠪᠡᠷ ᠠᠬᠢᠭᠤᠯᠵᠤ᠂ ᠠᠳᠠᠯ ᠠᠬᠤᠢ᠎ᠶ᠋ᠢᠨ ᠦᠶ᠋ᠯᠡᠴᠢᠯᠡᠭᠡᠨ᠎ᠦ ᠪᠠᠷᠢᠮᠵᠢᠶ᠎ᠠ᠎ᠶ᠋ᠢᠨ ᠱᠢᠰᠲ᠋ᠧᠮ᠎ᠢ ᠲᠡᠭᠦᠯᠳᠡᠷᠵᠢᠭᠦᠯᠦᠨ᠂ ᠶᠠᠰᠤ ᠴᠢᠨᠠᠷ᠎ᠢᠶᠠᠷ ᠦᠨ᠎ᠡ ᠲᠣᠭ᠍ᠲᠠᠭᠠᠵᠤ ᠠᠳᠠᠯ ᠠᠬᠤᠢ᠎ᠶ᠋ᠢᠨ ᠦᠶ᠋ᠯᠡᠴᠢᠯᠡᠭᠡᠨ᠎ᠦ ᠲᠦᠪᠰᠢᠨ᠎ᠢ ᠳᠡᠭᠡᠭ᠌ᠰᠢᠯᠡᠭᠦᠯᠬᠦ ᠭᠡᠷᠡᠭᠳᠠᠢ᠃ ᠬᠤᠳᠠ᠎ᠶ᠋ᠢᠨ ᠲᠤᠮᠳᠠᠬᠢ 《ᠮᠤᠬᠤᠷ ᠵᠠᠮ》᠎ᠢ᠋ ᠲᠦᠷᠭᠡᠨ ᠨᠡᠪᠲᠡᠷᠡᠭᠦᠯᠵᠦ᠍᠂ ᠤᠯᠠᠨ ᠲᠦᠮᠡᠨ᠎ᠦ ᠶᠠᠪᠤᠵᠤ ᠰᠠᠭᠤᠬᠤ᠎ᠳᠤ ᠨᠡᠩ ᠲᠦᠬᠦᠮ ᠦᠵᠡᠭᠦᠯᠬᠦ᠌ ᠬᠡᠷᠡᠭ᠌ᠲᠡᠢ᠃ ᠭᠠᠯ ᠰᠡᠷᠭᠡᠢᠯᠡᠵᠤ ᠭᠠᠯ ᠤᠨᠲᠠᠷᠠᠭᠠᠬᠤ᠂ ᠵᠠᠮ ᠬᠠᠷᠢᠯᠴᠠᠭ᠎ᠠ᠂ ᠤᠰᠤᠲᠤᠯ᠎ᠢ ᠵᠠᠯᠠᠬᠤ ᠵᠡᠷᠭᠡ ᠭᠣᠣᠯᠳᠠᠯᠭ᠎ᠠ᠎ᠲᠠᠶ ᠬᠦᠷᠢᠶᠡᠨ ᠳ᠋ᠡᠬᠢ ᠭᠠᠮᠱᠢᠭ᠎ᠢ ᠰᠡᠷᠭᠡᠢᠯᠡᠵᠦ᠍ ᠭᠠᠮᠱᠢᠭ᠎ᠢ ᠪᠠᠭᠠᠰᠭᠠᠬᠤ ᠴᠢᠳᠠᠪᠤᠷᠢ᠎ᠶ᠋ᠢ ᠳᠡᠭᠡᠭ᠌ᠰᠢᠯᠡᠭᠦᠯᠵᠦ᠍᠂ 《ᠶᠢᠰᠦᠨ ᠵᠢᠵᠢᠭ ᠲᠠᠯᠠᠪᠤᠷ ᠭᠠᠵᠠᠷ》᠎ᠤ᠋ᠨ ᠠᠮᠤᠷ ᠲᠦᠪᠱᠢᠨ᠎ᠦ ᠬᠠᠮᠢᠶᠠᠷᠤᠯᠲᠠ᠎ᠶ᠋ᠢ ᠴᠢᠩᠭᠠᠳᠭᠠᠬᠤ ᠬᠡᠷᠡᠭ᠌ᠲᠡᠢ᠃ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠠᠵᠢᠯ᠎ᠤᠨ ᠭᠣᠣᠯ ᠱᠢᠵᠢᠮ᠎ᠢ ᠬᠤᠲᠠ᠎ᠶ᠋ᠢᠨ ᠠᠵᠢᠯ᠎ᠤᠨ ᠪᠦᠬᠦ᠌ ᠶᠠᠪᠤᠴᠠ᠎ᠳᠤ ᠲᠤᠭᠤᠱᠢᠯᠠᠭᠤᠯᠵᠤ᠂ ᠬᠤᠲᠠ᠎ᠶ᠋ᠢᠨ ᠦᠨᠳᠦᠰᠦᠲᠡᠨ᠎ᠦ ᠠᠵᠢᠯ᠎ᠢ ᠰᠠᠢᠲᠤᠷ ᠬᠢᠬᠦ᠌᠎ᠶ᠋ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠨ᠂《ᠨᠠᠮ᠎ᠤᠨ ᠠᠴᠢ᠎ᠳᠤ ᠲᠠᠯᠠᠷᠬᠠᠬᠤ᠂ ᠨᠠᠮ᠎ᠤᠨ ᠦᠭᠡ᠎ᠶ᠋ᠢ ᠰᠣᠨᠣᠰᠭᠤ᠂ ᠨᠠᠮ᠎ᠢᠶᠠᠨ ᠳᠠᠭᠠᠬᠤ 》 ᠤᠯᠠᠨ ᠲᠦᠮᠡᠨᠴᠢ ᠬᠥᠮᠦᠵᠢᠯ᠎ᠢ ᠤᠯᠠᠮ ᠨᠢᠭᠡ ᠠᠯᠬᠤᠮ ᠥᠷᠨᠢᠭᠦᠯᠬᠦ᠌ ᠬᠡᠷᠡᠭ᠌ᠲᠡᠢ ᠭᠡᠵᠤ ᠵᠢᠭᠠᠵᠤ ᠭᠠᠷᠭᠠᠪᠠ᠃
ᠬᠤᠷᠠᠯ᠎ᠡᠴᠡ 《ᠦᠨᠡᠨ》 ᠰᠡᠳᠬᠦᠯ᠎ᠳᠦ ᠨᠡᠢᠲᠡᠯᠡᠭ᠌ᠰᠡᠨ ᠶᠡᠷᠦᠩᠬᠡᠶ ᠱᠦᠵᠢ ᠰᠢ ᠵᠢᠨ ᠫᠢᠩ᠎ᠦᠨ《ᠥᠨᠳᠥᠷ ᠲᠦᠪᠱᠢᠨ ᠪᠥᠬᠥᠶ ᠭᠠᠳᠠᠭᠠᠳᠤ ᠨᠡᠭᠡᠭᠡᠯᠲᠡ᠎ᠶ᠋ᠢ ᠡᠷᠡᠰ ᠭᠤᠢᠪᠢᠰᠢ ᠥᠬᠡᠶ ᠠᠬᠢᠭᠤᠯᠬᠤ ᠭᠡᠷᠡᠭᠳᠠᠢ》 ᠭᠡᠬᠦ ᠴᠢᠬᠤᠯᠠ ᠵᠤᠬᠢᠶᠠᠯ᠎ᠢ ᠤᠯᠠᠮᠵᠢᠯᠠᠨ ᠰᠤᠷᠤᠯᠴᠠᠵᠤ᠂ ᠨᠠᠩ ᠢᠳᠡᠪᠬᠢᠲᠡᠶ ᠰᠠᠨᠠᠭᠠᠴᠢᠯᠠᠭᠠᠳᠤ ᠣᠪᠣᠷ᠎ᠢᠶᠠᠷ ᠭᠠᠳᠠᠭᠠᠳᠤ ᠨᠡᠭᠡᠭᠡᠯᠲᠡ᠎ᠶ᠋ᠢ ᠥᠷᠭᠡᠳᠭᠡᠵᠦ᠍᠂ ᠮᠠᠨ᠎ᠤ ᠤᠯᠤᠰ᠎ᠤᠨ ᠤᠮᠠᠷᠠᠰᠢ ᠨᠡᠭᠡᠭᠡᠯᠲᠡ ᠬᠢᠬᠦ᠌ ᠪᠡᠬᠢᠯᠡᠯᠲᠡ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠡᠯ᠎ᠡ ᠵᠦᠶ᠋ᠯ᠎ᠦᠨ ᠡᠭᠦᠷᠭᠡ᠎ᠶ᠋ᠢ ᠪᠣᠳᠠᠲᠠᠶ᠎ᠳᠤ ᠨᠠᠢᠳᠠᠪᠤᠷᠢᠵᠢᠭᠤᠯᠬᠤ᠎ᠶ᠋ᠢ ᠲᠦᠷᠭᠡᠳᠭᠡᠨ ᠠᠬᠢᠭᠤᠯᠬᠤ ᠬᠡᠷᠡᠭ᠌ᠲᠡᠶ᠃《ᠨᠢᠭᠡ ᠪᠦᠰᠡ ᠨᠢᠭᠡ ᠵᠠᠮ》 ᠲᠠᠭᠠᠤ ᠤᠯᠤᠰ ᠤ᠋ᠳᠤᠨ ᠬᠣᠯᠪᠣᠭ᠍ᠳᠠᠯ ᠪᠦᠬᠦᠢ ᠭᠠᠵᠠᠷ ᠣᠷᠣᠨ᠎ᠯᠤᠭ᠎ᠠ᠎ᠶ᠋ᠢᠨ ᠪᠣᠳᠠᠲᠠᠢ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ᠎ᠶ᠋ᠢ ᠤᠷᠳᠤᠳᠬᠠᠨ ᠥᠷᠭᠡᠳᠭᠡᠵᠦ᠍᠂ ᠭᠠᠳᠠᠭᠠᠳᠤ ᠠᠷᠠᠯᠵᠢᠶᠠᠨ᠎ᠤ ᠱᠢᠨ᠎ᠡ ᠨᠡᠮᠡᠭ᠌ᠳᠡᠯ᠎ᠦᠨ ᠴᠡᠭ᠎ᠢ ᠢᠳᠡᠪᠬᠢᠲᠡᠢ ᠪᠣᠢᠵᠢᠭᠤᠯᠬᠤ ᠬᠡᠷᠡᠭ᠌ᠲᠡᠢ᠃ ᠭᠠᠳᠠᠭᠠᠳᠤ ᠪᠡᠯᠡ᠎ᠶ᠋ᠢ ᠠᠱᠢᠭ᠍ᠯᠠᠬᠤ ᠤᠬᠠᠮᠰᠠᠷ᠎ᠢᠶᠠᠨ ᠴᠢᠩᠭᠠᠳᠭᠠᠵᠤ᠂ ᠠᠷᠭ᠎ᠠ ᠪᠦᠬᠦᠨ ᠢ ᠰᠦᠪᠡᠭ᠌ᠴᠢᠯᠡᠨ ᠭᠠᠳᠠᠭᠠᠳᠤ ᠪᠡᠯᠡ᠎ᠶ᠋ᠢ ᠠᠱᠢᠭ᠍ᠯᠠᠬᠤ ᠬᠡᠪᠴᠢᠶ᠎ᠡ᠎ᠪᠡᠨ ᠥᠷᠭᠡᠳᠭᠡᠬᠦ᠌ ᠬᠡᠷᠡᠭ᠌ᠲᠡᠢ ᠭᠡᠵᠤ ᠴᠢᠬᠤᠯᠠᠴᠢᠯᠠᠪᠠ᠃
ᠬᠤᠷᠠᠯ᠎ᠡᠴᠡ ᠶᠡᠷᠦᠩᠬᠡᠶ ᠱᠦᠵᠢ ᠰᠢ ᠵᠢᠨ ᠫᠢᠩ᠎ᠦᠨ ᠲᠢᠶᠠᠨ ᠬᠤᠸᠠ ᠵᠡᠷᠭᠡ 8 ᠺᠢᠨᠣ᠋ ᠤᠷᠠᠯᠢᠭ᠍ᠴᠢᠨ᠎ᠳᠦ ᠢᠯᠡᠭᠡᠭ᠌ᠰᠡᠨ ᠬᠠᠷᠢᠭᠤ ᠵᠠᠬᠢᠳᠠᠯ᠎ᠢ ᠤᠯᠠᠮᠵᠢᠯᠠᠨ ᠰᠤᠷᠤᠯᠴᠠᠵᠤ᠂ ᠮᠠᠨ᠎ᠤ ᠣᠷᠣᠨ᠎ᠤ ᠪᠣᠳᠠᠲᠤ ᠪᠠᠢᠳᠠᠯ᠎ᠲᠠᠶ ᠤᠶᠠᠯᠳᠤᠭᠤᠯᠤᠨ᠂ ᠺᠢᠨᠣ᠋ ᠤᠷᠠᠯᠢᠭ᠎ᠤᠨ ᠦᠶ᠋ᠯᠡᠰ᠎ᠤᠨ ᠬᠥᠭ᠌ᠵᠢᠯᠲᠡ᠎ᠶᠢ ᠠᠬᠢᠭᠤᠯᠬᠤ ᠲᠤᠬᠠᠶ ᠱᠠᠭᠠᠷᠳᠠᠯᠭ᠎ᠠ ᠳᠤᠷᠠᠳᠪᠠ᠃
ᠬᠤᠷᠠᠯ᠎ᠡᠴᠡ ᠪᠠᠰᠠ ᠪᠤᠰᠤᠳ ᠵᠦᠢᠯ᠎ᠢ ᠰᠤᠳᠤᠯᠵᠠᠢ᠃