7 ᠳ᠋ᠤᠭᠠᠷ ᠰᠠᠷ᠎ᠠ᠎ᠶᠢᠨ 27᠎ᠤ ᠡᠳᠦᠷ᠂ ᠰᠤᠷᠪᠤᠯᠵᠢᠯᠠᠭ᠍ᠴᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶᠢᠨ ᠲᠢᠩᠬᠢᠮ᠎ᠡᠴᠡ ᠣᠢᠯᠠᠭᠠᠭᠰᠠᠨ᠎ᠢᠶᠠᠷ᠂ ᠮᠠᠨ᠎ᠤ ᠣᠷᠣᠨ᠎ᠤ ᠣᠯᠠᠨ ᠭᠠᠵᠠᠷ᠎ᠲᠤ ᠦᠶᠡᠷ ᠤᠰᠤᠲᠤᠯ᠎ᠤᠨ ᠭᠠᠮᠰᠢᠭ᠋ ᠡᠬᠦᠰᠦᠭᠰᠡᠨ᠎ᠳᠤ ᠴᠢᠭᠯᠡᠭᠦᠯᠦᠨ᠂ ᠥᠪᠡᠷᠲᠡᠭᠡᠨ ᠵᠠᠰᠠᠬᠤ ᠣᠷᠣᠨ᠎ᠤ ᠭᠠᠮᠰᠢᠭ᠋᠎ᠢ ᠰᠡᠷᠭᠡᠢᠯᠡᠨ ᠭᠠᠮᠰᠢᠭ᠋᠎ᠢ ᠪᠠᠭᠠᠰᠬᠠᠵᠤ ᠭᠠᠮᠰᠢᠭ᠋᠎ᠠᠴᠠ ᠠᠪᠤᠷᠠᠬᠤ ᠵᠥᠪᠯᠡᠯ᠎ᠦᠨ ᠠᠯᠪᠠᠨ ᠭᠡᠷ᠂ ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶᠢᠨ ᠲᠢᠩᠬᠢᠮ ᠥᠪᠡᠷᠲᠡᠭᠡᠨ ᠵᠠᠰᠠᠬᠤ ᠣᠷᠣᠨ᠎ᠤ ᠠᠮᠤ ᠪᠤᠳᠠᠭ᠎ᠠ ᠪᠠ ᠡᠳ᠋ ᠪᠣᠳᠠᠰ ᠨᠥᠭᠡᠴᠡᠯᠡᠬᠦ ᠲᠣᠪᠴᠢᠶ᠎ᠠ᠎ᠲᠠᠢ ᠬᠠᠮᠲᠤᠷᠠᠨ 3.4 ᠲᠦᠮᠡᠨ ᠬᠤᠪᠢ (ᠢᠵᠢ) ᠭᠠᠮᠰᠢᠭ᠋᠎ᠠᠴᠠ ᠠᠪᠤᠷᠠᠬᠤ ᠡᠳ᠋ ᠪᠣᠳᠠᠰ᠎ᠢ ᠰᠢᠯᠵᠢᠭᠦᠯᠦᠨ ᠪᠠᠭᠤᠯᠭᠠᠵᠤ᠂ ᠭᠣᠣᠯᠳᠠᠯᠭ᠎ᠠ᠎ᠲᠠᠢ ᠭᠠᠮᠰᠢᠭ᠍ᠳᠠᠭᠰᠠᠨ ᠭᠠᠵᠠᠷ ᠣᠷᠣᠨ᠎ᠤ ᠭᠠᠮᠰᠢᠭ᠍ᠳᠠᠭᠰᠠᠨ ᠣᠯᠠᠨ ᠲᠦᠮᠡᠨ᠎ᠢ ᠰᠢᠯᠵᠢᠭᠦᠯᠦᠨ ᠲᠥᠪᠬᠢᠨᠡᠭᠦᠯᠬᠦ ᠪᠠ ᠭᠠᠮᠰᠢᠭ᠋᠎ᠠᠴᠠ ᠠᠪᠤᠷᠠᠨ ᠲᠤᠰᠠᠯᠠᠬᠤ ᠠᠵᠢᠯ᠎ᠢ ᠰᠠᠢᠲᠤᠷ ᠬᠢᠬᠦ᠎ᠶᠢ ᠳᠡᠮᠵᠢᠪᠡ᠃
ᠣᠢᠯᠠᠭᠠᠭᠰᠠᠨ᠎ᠢᠶᠠᠷ᠂ ᠦᠶᠡᠷ᠎ᠦᠨ ᠬᠤᠭᠤᠴᠠᠭᠠᠨ᠎ᠳᠤ ᠣᠷᠣᠭᠰᠠᠨ᠎ᠠᠴᠠ ᠨᠠᠭᠠᠰᠢ᠂ ᠪᠥᠬᠥ ᠣᠷᠣᠨ᠎ᠤ ᠡᠯ᠎ᠡ ᠭᠠᠵᠠᠷ ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ᠎ᠦᠨ ᠬᠢᠨ ᠦᠶᠡᠷ᠎ᠢ ᠰᠡᠷᠭᠡᠢᠯᠡᠵᠦ ᠭᠠᠮᠰᠢᠭ᠋᠎ᠠᠴᠠ ᠠᠪᠤᠷᠠᠬᠤ ᠬᠠᠷᠢᠭᠤᠴᠠᠯᠭ᠎ᠠ᠎ᠶᠢ ᠪᠣᠳᠠᠲᠠᠢᠵᠢᠭᠤᠯᠵᠤ᠂ ᠬᠣᠯᠪᠣᠭᠠᠯᠠᠨ ᠵᠥᠪᠳᠡᠯᠴᠡᠵᠥ ᠰᠤᠳᠤᠯᠤᠨ ᠮᠠᠭᠠᠳᠯᠠᠬᠤ᠎ᠶᠢ ᠨᠢᠭ᠍ᠲᠠ ᠥᠷᠨᠢᠭᠦᠯᠵᠦ᠂ ᠰᠢᠷᠦᠭᠦᠨ ᠪᠣᠷᠣᠭᠠᠨ ᠤᠷᠤᠬᠤ ᠣᠷᠣᠨ᠂ ᠬᠡᠮᠵᠢᠶ᠎ᠡ᠂ ᠴᠠᠭ ᠵᠢᠴᠢ ᠡᠭᠦᠰᠦᠮᠡᠯ ᠭᠠᠮᠰᠢᠭ᠋᠎ᠤᠨ ᠠᠶᠤᠯ ᠲᠦᠭᠰᠢᠭᠦᠷᠢ᠎ᠶᠢ ᠣᠨᠣᠪᠴᠢᠲᠠᠶ ᠤᠷᠢᠳᠴᠢᠯᠠᠨ ᠮᠡᠳᠡᠭᠦᠯᠵᠦ᠂ ᠬᠥᠮᠥᠨ᠎ᠦ ᠬᠦᠴᠦᠨ ᠪᠣᠳᠠᠰ᠎ᠤᠨ ᠬᠦᠴᠦᠨ ᠡᠳ᠋᠎ᠦᠨ ᠬᠦᠴᠦᠨ᠎ᠢ ᠨᠢᠭᠡᠳᠦᠯᠲᠡᠢ ᠲᠥᠯᠥᠪᠵᠢᠭᠦᠯᠦᠨ ᠲᠣᠬᠢᠷᠠᠭᠤᠯᠵᠤ᠂ ᠦᠶᠡᠷ᠎ᠢ ᠰᠡᠷᠭᠡᠢᠯᠡᠬᠦ ᠡᠯ᠎ᠡ ᠵᠦᠢᠯ᠎ᠦᠨ ᠠᠷᠭ᠎ᠠ ᠬᠡᠮᠵᠢᠶ᠎ᠡ᠎ᠶᠢ ᠨᠠᠢᠳᠠᠪᠤᠷᠢᠵᠢᠭᠤᠯᠪᠠ᠃
ᠡᠭᠦᠨ᠎ᠳᠦ᠂ ᠬᠥᠬᠡᠬᠣᠲᠠ᠂ ᠪᠤᠭᠤᠲᠤ᠂ ᠪᠠᠶᠠᠨᠨᠠᠭᠤᠷ ᠵᠡᠷᠭᠡ ᠭᠠᠵᠠᠷ ᠰᠢᠷᠦᠭᠦᠨ ᠪᠤᠷᠤᠭᠠᠨ ᠡᠴᠡ ᠪᠣᠶ ᠪᠣᠯᠤᠭᠰᠠᠨ ᠣᠬᠣᠷ ᠬᠤᠭᠤᠴᠠᠭᠠᠨ᠎ᠤ ᠬᠣᠲᠠ᠎ᠶᠢᠨ ᠤᠰᠤᠲᠤᠯ ᠪᠠ ᠲᠠᠷᠢᠶᠠᠨ ᠭᠠᠵᠠᠷ᠎ᠤᠨ ᠤᠰᠤ ᠬᠤᠷᠠᠭᠰᠠᠨ ᠪᠠᠢᠳᠠᠯ᠎ᠳᠤ ᠴᠢᠭᠯᠡᠭᠦᠯᠦᠨ᠂ ᠤᠰᠤᠲᠤᠯ᠎ᠢ ᠵᠠᠯᠠᠨ ᠬᠤᠷᠠᠮᠠᠯ᠎ᠢ ᠴᠡᠪᠡᠷᠯᠡᠬᠦ ᠠᠵᠢᠯ᠎ᠢ ᠦᠳᠲᠡᠷ ᠲᠦᠷᠭᠡᠨ ᠥᠷᠨᠢᠭᠦᠯᠪᠡ; ᠪᠠᠴᠢᠮ ᠪᠠᠢᠳᠠᠯ᠎ᠢ ᠠᠷᠭᠠᠴᠠᠭᠠᠬᠤ᠂ ᠴᠠᠭ ᠠᠭᠤᠷ᠂ ᠤᠰᠤᠨ ᠠᠰᠢᠭ᠍ᠯᠠᠯᠲᠠ᠂ ᠲᠠᠷᠢᠶᠠᠯᠠᠩ ᠮᠠᠯ ᠠᠵᠤ ᠠᠬᠤᠢ ᠵᠡᠷᠭᠡ ᠰᠠᠯᠠᠭ᠎ᠠ ᠮᠥᠴᠢᠷ᠎ᠦᠳ ᠦᠶᠡᠷ᠎ᠢ ᠰᠡᠷᠬᠡᠢᠯᠡᠬᠦ ᠪᠠᠢᠳᠠᠯ᠎ᠢ ᠰᠢᠨᠵᠢᠯᠡᠬᠦ ᠤᠬᠠᠭᠠᠨᠴᠢ᠎ᠪᠠᠷ ᠰᠤᠳᠤᠯᠤᠨ ᠮᠠᠭᠠᠳᠯᠠᠵᠤ᠂ ᠠᠶᠤᠯᠲᠤ ᠪᠠᠢᠳᠠᠯ᠂ ᠪᠣᠷᠣᠭᠠᠨ᠎ᠤ ᠪᠠᠢᠳᠠᠯ᠂ ᠤᠰᠤᠨ᠎ᠤ ᠪᠠᠢᠳᠠᠯ᠂ ᠲᠠᠷᠢᠶᠠᠯᠠᠩ ᠦᠢᠯᠡᠳᠪᠦᠷᠢᠯᠡᠯ ᠵᠡᠷᠭᠡ᠎ᠶᠢ ᠬᠢᠨᠠᠨ ᠰᠢᠨᠵᠢᠵᠦ ᠤᠷᠢᠳᠴᠢᠯᠠᠨ ᠮᠡᠳᠡᠭᠡᠯᠡᠵᠦ ᠰᠡᠷᠡᠮᠵᠢᠯᠡᠭᠦᠯᠬᠦ᠎ᠶᠢ ᠴᠢᠩᠭᠠᠳᠬᠠᠪᠠ; ᠣᠷᠣᠨ ᠰᠠᠭᠤᠴᠠ ᠪᠠ ᠪᠦᠲᠦᠭᠡᠨ ᠪᠠᠢᠭᠤᠯᠤᠯᠲᠠ᠂ ᠬᠣᠲᠠ᠎ᠶᠢᠨ ᠬᠠᠮᠢᠶᠠᠷᠤᠯᠲᠠ᠂ ᠤᠰᠤᠨ᠎ᠤ ᠶᠠᠪᠤᠳᠠᠯ ᠵᠡᠷᠭᠡ ᠰᠠᠯᠠᠭ᠎ᠠ ᠮᠥᠴᠢᠷ᠎ᠦᠳ ᠬᠣᠯᠪᠤᠭᠠᠯᠠᠨ ᠬᠠᠮᠵᠢᠯᠴᠠᠵᠤ᠂ ᠬᠣᠲᠠ᠎ᠶᠢᠨ ᠤᠰᠤᠲᠤᠯ᠎ᠤᠨ ᠳᠠᠯᠳᠠ ᠭᠡᠮ᠎ᠦᠨ ᠴᠡᠭ᠎ᠢ ᠰᠡᠷᠡᠮᠵᠢᠯᠡᠭᠦᠯᠦᠨ ᠰᠡᠷᠭᠡᠢᠯᠡᠬᠦ᠎ᠶᠢ ᠴᠢᠩᠭᠠᠳᠬᠠᠪᠠ᠃
ᠠᠶᠤᠯ᠎ᠠᠴᠠ ᠠᠪᠤᠷᠠᠨ ᠲᠤᠰᠠᠯᠠᠬᠤ ᠲᠠᠯ᠎ᠠ᠎ᠪᠠᠷ᠂ ᠣᠷᠳᠣᠰ ᠬᠣᠲᠠ᠂ ᠤᠯᠠᠭᠠᠨᠴᠠᠪ ᠬᠣᠲᠠ᠂ ᠰᠢᠯᠢ᠎ᠶᠢᠨ ᠭᠣᠣᠯ ᠠᠢᠮᠠᠭ ᠵᠡᠷᠭᠡ ᠭᠠᠵᠠᠷ 2.2 ᠲᠦᠮᠡ ᠭᠠᠷᠤᠢ ᠬᠥᠮᠥᠨ᠎ᠢ ᠰᠢᠯᠵᠢᠭᠦᠯᠦᠨ ᠲᠥᠪᠬᠢᠨᠡᠭᠦᠯᠵᠦ᠂ 1.4 ᠲᠦᠮᠡ ᠭᠠᠷᠤᠢ ᠢᠵᠢ ᠮᠠᠰᠢᠨ᠂ ᠦᠶᠡᠷ᠎ᠢ ᠵᠠᠯᠠᠬᠤ 737 ᠰᠠᠤᠷᠢ ᠳᠦᠬᠦᠬᠡᠷᠤᠮᠵᠢ᠂ 8287 ᠢᠵᠢ ᠠᠪᠤᠷᠠᠨ ᠲᠤᠰᠠᠯᠠᠬᠤ ᠡᠳ᠋ ᠪᠣᠳᠠᠰ᠎ᠢ ᠲᠤᠬᠢᠷᠠᠭᠤᠯᠵᠤ᠂ ᠦᠶᠡᠷ᠎ᠢ ᠰᠡᠷᠭᠡᠢᠯᠡᠵᠦ ᠭᠠᠮᠰᠢᠭ᠋᠎ᠠᠴᠠ ᠠᠪᠤᠷᠠᠬᠤ ᠠᠵᠢᠯ᠎ᠢ ᠪᠥᠬᠥ ᠬᠦᠴᠦᠨ᠎ᠢᠶᠡᠷ᠎ᠢᠶᠡᠨ ᠥᠷᠨᠢᠭᠦᠯᠪᠡ᠃