ᠲᠡᠷᠢᠭᠦᠨ ᠬᠠᠭᠤᠳᠠᠰᠤ   -   ᠥᠨᠥᠳᠥᠷ᠎ᠦᠨ ᠮᠡᠳᠡᠭᠡ
114 ᠵᠦᠢᠯ᠎ᠦᠨ ᠡᠮ᠎ᠦᠨ ᠵᠦᠢᠯ ᠰᠢᠨ᠎ᠡ᠎ᠪᠡᠷ ᠨᠡᠮᠡᠭᠳᠡᠪᠡ  ᠥᠪᠥᠷ ᠮᠣᠩᠭᠣᠯ᠎ᠳᠤ ᠡᠮᠴᠢᠯᠡᠭᠡᠨ᠎ᠦ ᠳᠠᠭᠠᠳᠬᠠᠯ᠎ᠤᠨ ᠡᠮ᠎ᠦᠨ ᠵᠦᠢᠯ᠎ᠦᠨ ᠰᠢᠨ᠎ᠡ ᠭᠠᠷᠴᠠᠭ᠎ᠢ ᠬᠡᠷᠡᠭᠵᠢᠭᠦᠯᠪᠡ
ᠨᠡᠶ᠋ᠢᠲᠡᠯᠡᠭᠰᠡᠨ ᠴᠠᠭ᠄ 2026-01-14

2026 ᠣᠨ᠎ᠤ 1 ᠳ᠋ᠦ᠍ᠭᠡᠷ ᠰᠠᠷ᠎ᠠ᠎ᠶᠢᠨ 1᠎ᠦ ᠡᠳᠦᠷ᠎ᠡᠴᠡ ᠡᠬᠢᠯᠡᠨ᠂ ᠤᠯᠤᠰ᠎ᠤᠨ ᠡᠮᠴᠢᠯᠡᠭᠡᠨ᠎ᠦ ᠳᠠᠭᠠᠳᠬᠠᠯ᠎ᠤᠨ ᠡᠮ᠎ᠦᠨ ᠵᠦᠢᠯ᠎ᠦᠨ ᠰᠢᠨ᠎ᠡ ᠭᠠᠷᠴᠠᠭ ᠵᠢᠴᠢ ᠬᠤᠳᠠᠯᠳᠤᠭᠠᠨ᠎ᠤ ᠳᠠᠭᠠᠳᠬᠠᠯ᠎ᠤᠨ ᠰᠢᠨ᠎ᠡ ᠡᠭᠦᠳᠦᠯᠲᠡ ᠲᠡᠢ ᠡᠮ᠎ᠦᠨ ᠭᠠᠷᠴᠠᠭ᠎ᠢ ᠮᠠᠨ᠎ᠤ ᠣᠷᠣᠨ᠎ᠳᠤ ᠬᠡᠷᠡᠭᠵᠢᠭᠦᠯᠪᠡ᠃

ᠡᠮ᠎ᠦᠨ ᠵᠦᠢᠯ᠎ᠦᠨ ᠰᠢᠨ᠎ᠡ ᠭᠠᠷᠴᠠᠭ᠎ᠲᠤ ᠨᠡᠢᠲᠡ 3253  ᠡᠮ᠎ᠦᠨ ᠵᠦᠢᠯ ᠪᠠᠭᠲᠠᠵᠤ ᠂ ᠨᠢᠳᠤᠨᠤᠨ᠎ᠤ ᠬᠢ᠎ᠡᠴᠡ 114 ᠵᠦᠢᠯ ᠰᠢᠨ᠎ᠡ᠎ᠪᠡᠷ ᠨᠡᠮᠡᠭᠳᠡᠪᠡ᠃ ᠤᠯᠤᠰ᠎ᠤᠨ ᠡᠮ᠎ᠦᠨ ᠵᠦᠢᠯ᠎ᠦᠨ ᠬᠡᠯᠡᠯᠴᠡᠭᠡᠷ᠎ᠦᠨ ᠲᠥᠷᠥ᠎ᠶᠢᠨ ᠪᠣᠳᠣᠯᠭ᠎ᠠ᠎ᠶᠢ ᠮᠠᠨ᠎ᠤ ᠣᠷᠣᠨ ᠬᠢᠨᠠᠮᠠᠭᠠᠢ ᠨᠠᠢᠳᠠᠪᠤᠷᠢᠵᠢᠭᠤᠯᠵᠤ᠂ ᠨᠡᠢᠲᠡ ᠪᠠᠷᠤᠭ 1143 ᠲᠦᠮᠡᠨ ᠬᠥᠮᠥᠨ ᠤᠳᠠᠭ᠎ᠠ᠎ᠳᠤ 77.33 ᠳ᠋ᠦᠩᠰᠢᠭᠤᠷ ᠲᠥᠭᠥᠷᠢᠭ᠎ᠦᠨ ᠳᠠᠷᠤᠭᠠᠰᠤ᠎ᠶᠢ ᠨᠢ ᠬᠥᠩᠭᠡᠷᠡᠭᠦᠯᠵᠦ ᠥᠭᠪᠡ᠃

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ