ᠲᠡᠷᠢᠭᠦᠨ ᠬᠠᠭᠤᠳᠠᠰᠤ   -   ᠥᠨᠥᠳᠥᠷ᠎ᠦᠨ ᠮᠡᠳᠡᠭᠡ
ᠥᠪᠥᠷ ᠮᠣᠩᠭᠣᠯ᠎ᠳᠤ ᠰᠣᠷᠭ᠋ᠠᠭᠣᠯᠢ᠎ᠳᠤ ᠣᠷᠣᠬᠣ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠢ ᠲᠦᠭᠡᠮᠡᠯᠵᠢᠭᠦᠯᠬᠦ ᠲᠦᠭᠡᠮᠡᠯ ᠬᠠᠷᠠᠭ᠋ᠠᠯᠵᠠᠯᠲᠣ ᠰᠢᠶᠠᠨ ᠬᠤᠲᠠ ᠲᠣᠭᠣᠷᠢᠭ19 ᠨᠡᠮᠡᠭᠳᠡᠪᠡ
ᠨᠡᠶ᠋ᠢᠲᠡᠯᠡᠭᠰᠡᠨ ᠴᠠᠭ᠄ 2026-01-21

ᠣᠶ᠋ᠢᠷ᠎ᠠ᠎ᠳᠤ᠂ ᠰᠤᠷᠭ᠋ᠠᠨ ᠬᠥᠮᠦᠵᠢᠯ᠎ᠤᠨ ᠶᠠᠮᠤᠨ 2025 ᠣᠨ᠎ᠤ ᠰᠤᠷᠭ᠋ᠠᠭᠤᠯᠢ᠎ᠳᠤ ᠤᠷᠣᠬᠣ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠢ ᠲᠦᠭᠡᠮᠡᠯᠵᠢᠭᠦᠯᠬᠦ ᠲᠦᠭᠡᠮᠡᠯ ᠬᠠᠷᠠᠭ᠋ᠠᠯᠵᠠᠯᠲᠤ ᠰᠢᠶᠠᠨ (ᠬᠤᠲᠠ᠂ ᠲᠣᠭᠤᠷᠢᠭ)᠎ᠤ ᠨᠡᠷᠡᠰ᠎ᠢ ᠨᠡᠶ᠋ᠢᠲᠡᠯᠡᠵᠦ᠂ ᠥᠪᠥᠷ ᠮᠣᠩᠭᠤᠯ᠎ᠤᠨ 19 ᠬᠤᠰᠢᠭᠤ ᠰᠢᠶᠠᠨ (ᠬᠤᠲᠠ᠂ ᠲᠣᠭᠤᠷᠢᠭ) ᠰᠣᠩᠭᠤᠭᠳᠠᠪᠠ᠃ ᠣᠳᠣ ᠪᠣᠯᠲᠠᠯ᠎ᠠ᠂ ᠥᠪᠥᠷ ᠮᠣᠩᠭᠣᠯ᠎ᠳᠤ 35 ᠬᠣᠰᠢᠭᠤ ᠰᠢᠶᠠᠨ (ᠬᠣᠲᠠ᠂ ᠲᠣᠭᠣᠷᠢᠭ) ᠨᠢ ᠤᠯᠤᠰ᠎ᠤᠨ ᠮᠠᠭ᠋ᠠᠳᠯᠠᠨ ᠲᠣᠭᠲᠠᠭ᠋ᠠᠯᠲᠠ᠎ᠪᠠᠷ ᠪᠠᠲᠣᠯᠠᠭᠳᠠᠭ᠋ᠠᠳ᠂ ᠪᠦᠬᠦ ᠤᠯᠤᠰ᠎ᠤᠨ ᠳᠣᠯᠣᠳᠤᠭ᠋ᠠᠷ ᠪᠠᠢ᠌ᠷᠢᠨ᠎ᠳᠤ᠂ ᠪᠠᠷᠠᠭᠤᠨ ᠬᠡᠰᠡᠭ ᠮᠤᠵᠢ ᠣᠷᠣᠨ᠎ᠤ ᠳᠥᠷᠪᠡᠳᠦᠭᠡᠷ᠎ᠲᠤ ᠵᠢᠭᠰᠠᠭ᠋ᠠᠭᠳᠠᠪᠠ᠃

ᠣᠶ᠋ᠢᠯᠠᠭ᠋ᠠᠭᠰᠠᠨ᠎ᠢᠶᠠᠷ᠂ ᠲᠣᠰ ᠤᠳᠠᠭ᠎ᠠ ᠰᠣᠩᠭᠤᠭᠳᠠᠭᠰᠠᠨ ᠬᠣᠰᠢᠭᠣ ᠰᠢᠶᠠᠨ ( ᠬᠤᠲᠠ ᠲᠣᠭᠣᠷᠢᠭ)ᠨᠢ ᠲᠣᠰ ᠲᠣᠰ ᠬᠥᠯᠥᠨ ᠪᠤᠶ᠋ᠢᠷ ᠬᠤᠲᠠ᠎ᠶᠢᠨ ᠡᠸᠡᠩᠬᠢ ᠦᠨᠳᠦᠰᠦᠲᠡᠨ᠎ᠤ ᠥᠪᠡᠷᠲᠡᠭᠡᠨ ᠵᠠᠰᠠᠬᠤ ᠬᠤᠰᠢᠭᠤ ᠪᠠ ᠰᠢᠨ᠎ᠡ ᠪᠠᠷᠭᠤ ᠪᠠᠷᠠᠭᠤᠨ ᠬᠤᠰᠢᠭᠤ; ᠬᠢᠩᠭ᠋ᠠᠨ ᠠᠶ᠋ᠢᠮᠠᠭ᠎ᠤᠨ ᠷᠠᠰᠢᠶᠠᠨ ᠬᠤᠲᠠ; ᠤᠯᠠᠭ᠋ᠠᠨᠬᠠᠳᠠ ᠬᠤᠲᠠ᠎ᠶᠢᠨ ᠪᠠᠭ᠋ᠠᠷᠢᠨ ᠪᠠᠷᠠᠭᠤᠨ ᠬᠤᠰᠢᠭᠤ ᠪᠠ ᠬᠡᠰᠢᠭᠲᠡᠨ ᠬᠤᠰᠢᠭᠤ; ᠰᠢᠯᠢ᠎ᠶᠢᠨ ᠭᠤᠣᠯ ᠠᠶ᠋ᠢᠮᠠᠭ᠎ᠤᠨ ᠵᠡᠭᠦᠨ ᠦᠵᠦᠮᠦᠴᠢᠨ ᠬᠤᠰᠢᠭᠤ᠂ ᠬᠥᠪᠡᠭᠡᠲᠦ ᠰᠢᠷ᠎ᠠ ᠬᠤᠰᠢᠭᠤ᠂ ᠰᠢᠯᠤᠭᠤᠨ ᠬᠥᠪᠡᠭᠡᠲᠦ ᠴᠠᠭ᠋ᠠᠨ ᠬᠤᠰᠢᠭᠤ ᠪᠠ ᠰᠢᠯᠣᠭᠣᠨ ᠬᠥᠬᠡ ᠬᠤᠰᠢᠭᠤ;ᠤᠯᠠᠭ᠋ᠠᠨᠴᠠᠪ ᠬᠤᠲᠠ᠎ᠶᠢᠨ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ ᠪᠠ ᠵᠦᠸᠧᠽᠢ ᠰᠢᠶᠠᠨ; ᠣᠷᠳᠣᠰ ᠬᠤᠲᠠ᠎ᠶᠢᠨ ᠬᠢᠶ᠎ᠠ ᠪᠠᠭᠰᠢ ᠲᠣᠭᠤᠷᠢᠭ᠂ ᠵᠡᠭᠦᠨᠭ᠋ᠠᠷ ᠬᠤᠰᠢᠭᠤ᠂ ᠡᠵᠡᠨ ᠬᠤᠷᠤᠭ᠎ᠠ ᠬᠤᠰᠢᠭᠤ ᠪᠠ ᠣᠲᠤᠭ ᠬᠤᠰᠢᠭᠤ; ᠦᠬᠠᠢ ᠬᠤᠲᠠ᠎ᠶᠢᠨ ᠬᠠᠶ᠋ᠢᠷᠤᠪ᠎ᠤᠨ ᠲᠣᠬᠤᠢ ᠲᠣᠭᠤᠷᠢᠭ ᠪᠠ ᠤᠳᠠ ᠲᠣᠭᠤᠷᠢᠭ ᠵᠢᠴᠢ ᠠᠯᠠᠱ᠌ᠠ ᠠᠶ᠋ᠢᠮᠠᠭ᠎ᠤᠨ ᠠᠯᠠᠱ᠌ᠠ ᠪᠠᠷᠠᠭᠤᠨ ᠬᠤᠰᠢᠭᠤ ᠪᠣᠯᠤᠨ᠎ᠠ᠃

ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠨᠢ ᠡᠭᠦᠳᠦᠨ ᠪᠠᠶ᠋ᠢᠭᠤᠯᠤᠭᠰᠠᠨ ᠦᠷ᠎ᠡ ᠪᠦᠲᠦᠭᠡᠯ᠎ᠢᠶᠡᠨ ᠦᠷᠭᠦᠯᠵᠢᠯᠡᠨ ᠪᠠᠬᠢᠵᠢᠭᠦᠯᠦᠨ ᠥᠷᠭᠡᠳᠬᠡᠵᠦ᠂ ᠬᠤᠲᠠ ᠬᠥᠳᠡᠭᠡ᠎ᠶᠢ ᠬᠠᠮᠤᠷᠤᠭᠰᠠᠨ᠂ ᠪᠠᠢᠷᠢᠯᠠᠭᠤᠯᠤᠯᠲᠠ ᠨᠢ ᠵᠦᠶ ᠵᠣᠬᠢᠰᠲᠠᠶ᠂ ᠨᠡᠶ᠋ᠢᠲᠡ᠎ᠶᠢᠨ ᠠᠰᠠᠷᠠᠮᠵᠢ᠎ᠶᠢᠨ ᠲᠦᠭᠡᠮᠡᠯ ᠬᠠᠷᠠᠭ᠋ᠠᠯᠵᠠᠯ᠎ᠲᠠᠢ᠂ ᠰᠤᠷᠭ᠋ᠠᠭᠤᠯᠢ᠎ᠳᠤ ᠣᠷᠣᠬᠣ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠤᠨ ᠣᠯᠠᠨ ᠨᠡᠶ᠋ᠢᠲᠡ᠎ᠶᠢᠨ ᠦᠢ᠍ᠯᠡᠴᠢᠯᠡᠭᠡᠨ᠎ᠤ ᠠᠮᠤᠷ ᠲᠦᠪᠰᠢᠨ ᠪᠥᠭᠡᠳ ᠴᠢᠨᠠᠷᠯᠢᠭ ᠲᠣᠭᠲᠠᠯᠴᠠᠭ᠎ᠠ᠎ᠶᠢ ᠬᠦᠴᠦᠯᠡᠨ ᠪᠠᠶ᠋ᠢᠭᠤᠯᠵᠤ᠂ ᠠᠰᠠᠷᠠᠨ ᠬᠥᠮᠦᠵᠢᠭᠦᠯᠬᠦ ᠰᠤᠷᠭ᠋ᠠᠨ ᠬᠥᠮᠦᠵᠢᠯ᠎ᠤᠨ ᠴᠢᠨᠠᠷ ᠴᠢᠨᠰᠠᠭ᠎ᠠ᠎ᠪᠠᠨ ᠲᠠᠰᠤᠷᠠᠯᠲᠠ ᠥᠬᠡᠶ ᠳᠡᠭᠡᠭᠰᠢᠯᠡᠭᠦᠯᠦᠨ᠂ ᠰᠤᠷᠭ᠋ᠠᠭᠣᠯᠢ᠎ᠳᠤ ᠣᠷᠣᠬᠣ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠤᠨ 《ᠨᠢᠯᠬ᠎ᠠ᠎ᠳᠤ ᠬᠦᠮᠦᠵᠢᠯ ᠪᠠᠢ᠌ᠬᠤ》᠎ᠡᠴᠡ 《ᠨᠢᠯᠬ᠎ᠠ᠎ᠳᠤ ᠰᠢᠯᠢᠳᠡᠭ ᠬᠦᠮᠦᠵᠢᠯ ᠬᠦᠷᠲᠡᠭᠡᠬᠦ》 ᠲᠡᠶ᠋ᠢᠰᠢ ᠤᠷᠤᠭᠰᠢᠯᠠᠬᠤ᠎ᠶᠢ ᠠᠬᠢᠭᠤᠯᠵᠤ᠂ ᠰᠤᠷᠭ᠋ᠠᠭᠤᠯᠢ᠎ᠳᠤ ᠣᠷᠣᠬᠣ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠤᠨ ᠴᠢᠨᠠᠷᠯᠢᠭ ᠲᠦᠭᠡᠮᠡᠯ ᠬᠠᠷᠠᠭ᠋ᠠᠯᠵᠠᠯᠲᠣ ᠬᠥᠭᠵᠢᠯᠲᠡ᠎ᠶᠢ ᠠᠬᠢᠭᠤᠯᠤᠨ᠂ ᠠᠷᠠᠳ ᠲᠦᠮᠡᠨ᠎ᠳᠤ ᠲᠠᠭ᠋ᠠᠰᠢᠶᠠᠭᠳᠠᠭᠰᠠᠨ ᠰᠤᠷᠭ᠋ᠠᠭᠤᠯᠢ᠎ᠳᠤ ᠣᠷᠣᠬᠣ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠢ ᠬᠦᠴᠦᠯᠡᠨ ᠰᠠᠶ᠋ᠢᠲᠤᠷ ᠡᠷᠭᠢᠯᠡᠨ᠎ᠡ᠃

 

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ