ᠰᠤᠷᠪᠤᠯᠵᠢᠯᠠᠭ᠍ᠴᠢ ᠲᠦᠩᠯᠢᠶᠣᠣ ᠬᠣᠲᠠ᠎ᠶᠢᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠣᠪᠴᠢᠶ᠎ᠠ᠎ᠠᠴᠠ ᠣᠢᠯᠠᠭᠠᠭᠰᠠᠨ᠎ᠢᠶᠠᠷ᠂ ᠲᠦᠷᠦᠭᠦᠬᠡᠨ ᠲᠤᠰᠬᠠᠢ ᠮᠡᠷᠭᠡᠵᠢᠯᠲᠠᠳ᠎ᠤᠨ ᠳᠤᠭᠤᠢᠯᠠᠩ ᠥᠪᠥᠷ ᠮᠣᠩᠭᠣᠯ᠎ᠤᠨ ᠨᠠᠢ᠍ᠮᠠᠨ ᠬᠣᠰᠢᠭᠤᠨ᠎ᠤ ᠡᠷᠳᠡᠨᠢ ᠰᠢᠰᠢ᠎ᠶᠢᠨ ᠲᠠᠯᠠᠪᠠᠶ ᠨᠢᠭᠡᠴᠢ᠎ᠶᠢᠨ ᠤᠨᠠᠯᠲᠠ᠎ᠶᠢ ᠨᠡᠮᠡᠭᠳᠡᠭᠦᠯᠬᠦ ᠠᠵᠢᠯᠯᠠᠭᠠᠨ᠎ᠤ ᠲᠠᠷᠢᠶᠠᠨ ᠭᠠᠵᠠᠷ᠎ᠤᠨ ᠲᠤᠬᠠᠢ᠎ᠶᠢᠨ ᠲᠠᠯᠠᠪᠤᠷ᠎ᠲᠤ ᠬᠡᠮᠵᠢᠯᠲᠡ ᠬᠢᠬᠦ᠎ᠳᠦ ᠡᠯᠡᠰᠦᠷᠬᠡᠭ ᠭᠠᠵᠠᠷ᠎ᠤᠨ ᠵᠠᠭᠤᠨ ᠮᠦ᠍ ᠲᠠᠷᠢᠶᠠᠨ᠎ᠤ ᠮᠦ᠍ ᠪᠦᠷᠢ᠎ᠶᠢᠨ ᠤᠨᠠᠯᠲᠠ ᠳᠤᠮᠳᠠᠴᠢ᠎ᠪᠠᠷ 1236.79 ᠺᠢᠯᠣᠭ᠌ᠷᠠᠮ (14%᠎ᠶᠢᠨ ᠴᠢᠭᠢᠭ᠌ ᠲᠠᠢ)᠂ ᠮᠢᠩᠭᠠᠨ ᠮᠦ᠍ ᠳᠥᠷᠪᠡᠯᠵᠢ ᠬᠡᠰᠡᠭ᠎ᠦᠨ ᠮᠦ᠍ ᠪᠦᠷᠢ᠎ᠶᠢᠨ ᠤᠨᠠᠯᠲᠠ ᠳᠤᠮᠳᠠᠴᠢ᠎ᠪᠠᠷ 1146.43 ᠺᠢᠯᠣᠭ᠌ᠷᠠᠮ (14%᠎ᠶᠢᠨ ᠴᠢᠭᠢᠭ᠌ ᠲᠠᠢ)᠎ᠳᠤ ᠬᠦᠷᠴᠦ᠂ ᠲᠣᠰ ᠪᠦᠷᠢ ᠵᠡᠭᠦᠨ ᠬᠣᠢᠲᠤ᠎ᠶᠢᠨ ᠬᠠᠪᠤᠷ᠎ᠤᠨ ᠡᠷᠳᠡᠨᠢ ᠰᠢᠰᠢ ᠲᠠᠷᠢᠬᠤ ᠣᠷᠣᠨ᠎ᠳᠡᠬᠢ ᠡᠯᠡᠰᠦᠷᠬᠡᠭ ᠭᠠᠵᠠᠷ᠎ᠤᠨ ᠡᠷᠳᠡᠨᠢ ᠰᠢᠰᠢ᠎ᠶᠢᠨ ᠵᠠᠭᠤᠨ ᠮᠦ᠍ ᠲᠠᠷᠢᠶ᠎ᠠ᠂ ᠮᠢᠩᠭᠠᠨ ᠮᠦ᠍ ᠳᠥᠷᠪᠡᠯᠵᠢ ᠬᠡᠰᠡᠭᠦᠨᠳᠥᠷ ᠤᠨᠠᠯᠲᠠ᠎ᠶᠢᠨ ᠲᠡᠮᠳᠡᠭᠯᠡᠯ᠎ᠢ ᠰᠢᠨᠡᠳᠬᠡᠪᠡ᠃
10 ᠳ᠋ᠤᠭᠠᠷ ᠰᠠᠷ᠎ᠠ᠎ᠶᠢᠨ 6᠎ᠤ ᠡᠳᠦᠷ᠂ ᠲᠠᠷᠢᠶᠠᠯᠠᠩ ᠬᠥᠳᠡᠭᠡ ᠲᠣᠰᠬᠣᠨ᠎ᠤ ᠶᠠᠮᠤᠨ᠎ᠤ ᠡᠷᠳᠡᠨᠢ ᠰᠢᠰᠢ᠎ᠶᠢᠨ ᠲᠠᠯᠠᠪᠠᠶ ᠨᠢᠭᠡᠴᠢ᠎ᠶᠢᠨ ᠤᠨᠠᠯᠲᠠ᠎ᠶᠢ ᠨᠡᠮᠡᠭᠳᠡᠭᠦᠯᠬᠦ ᠢᠨᠵᠧᠨᠧᠷᠢᠩ᠎ᠦᠨ ᠲᠤᠰᠬᠠᠢ ᠮᠡᠷᠭᠡᠵᠢᠯᠲᠡᠳ᠎ᠦᠨ ᠳᠤᠭᠤᠢᠯᠠᠩ ᠵᠢᠴᠢ ᠾᠧᠨᠠᠨ᠎ᠤ ᠪᠠᠭ᠍ᠰᠢ᠎ᠶᠢᠨ ᠶᠡᠬᠡ ᠰᠤᠷᠭᠠᠭᠤᠯᠢ᠂ ᠥᠪᠥᠷ ᠮᠣᠩᠭᠣᠯ᠎ᠤᠨ ᠦᠨᠳᠦᠰᠦᠲᠡᠨ᠎ᠦ ᠶᠡᠬᠡ ᠰᠤᠷᠭᠠᠭᠤᠯᠢ᠂ ᠥᠪᠥᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠢ᠎ᠶᠢᠨ ᠰᠢᠨᠵᠢᠯᠡᠬᠦ ᠤᠬᠠᠭᠠᠨ᠎ᠤ ᠬᠦᠷᠢᠶᠡᠯᠡᠩ᠂ ᠲᠦᠩᠯᠢᠶᠣᠣ ᠬᠣᠲᠠ᠎ᠶᠢᠨ ᠲᠠᠷᠢᠶᠠᠯᠠᠩ ᠮᠠᠯ ᠠᠵᠤ ᠠᠬᠤᠢ᠎ᠶᠢᠨ ᠰᠢᠨᠵᠢᠯᠡᠬᠦ ᠤᠬᠠᠭᠠᠨ᠎ᠤ ᠬᠦᠷᠢᠶᠡᠯᠡᠩ ᠵᠡᠷᠭᠡ ᠬᠠᠮᠢᠶ᠎ᠠ ᠪᠦᠬᠦᠢ ᠨᠢᠭᠡᠴᠢ᠎ᠶᠢᠨ ᠲᠤᠰᠬᠠᠢ ᠮᠡᠷᠭᠡᠵᠢᠯᠲᠡᠳ ᠥᠪᠥᠷ ᠮᠣᠩᠭᠣᠯ᠎ᠤᠨ ᠲᠦᠩᠯᠢᠶᠣᠣ ᠬᠣᠲᠠ᠎ᠶᠢᠨ ᠨᠠᠢ᠍ᠮᠠᠨ ᠬᠣᠰᠢᠭᠤᠨ᠎ᠤ ᠡᠷᠳᠡᠨᠢ ᠰᠢᠰᠢ᠎ᠶᠢᠨ ᠲᠠᠯᠠᠪᠠᠶ ᠨᠢᠭᠡᠴᠢ᠎ᠶᠢᠨ ᠤᠨᠠᠯᠲᠠ᠎ᠶᠢ ᠨᠡᠮᠡᠭᠳᠡᠭᠦᠯᠬᠦ ᠠᠵᠢᠯᠯᠠᠭᠠᠨ᠎ᠤ ᠲᠠᠷᠢᠶᠠᠨ ᠭᠠᠵᠠᠷ᠎ᠤᠨ ᠲᠤᠬᠠᠢ᠎ᠶᠢᠨ ᠲᠠᠯᠠᠪᠤᠷ᠎ᠲᠤ ᠬᠡᠮᠵᠢᠯᠲᠡ ᠬᠢᠪᠡ᠃
ᠲᠤᠰᠬᠠᠢ ᠮᠡᠷᠭᠡᠵᠢᠯᠲᠡᠳ᠎ᠦᠨ ᠳᠤᠭᠤᠢᠯᠠᠩ᠎ᠤᠨ ᠬᠢᠨ 《2025 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠣᠣᠯ ᠪᠣᠯᠬᠤ ᠠᠮᠤ ᠲᠣᠰᠣᠨ᠎ᠤ ᠲᠠᠷᠢᠮᠠᠯ᠎ᠤᠨ ᠶᠡᠬᠡ ᠲᠠᠯᠠᠪᠠᠶ᠎ᠶᠢᠨ ᠲᠠᠯᠠᠪᠠᠶ ᠨᠢᠭᠡᠴᠢ᠎ᠶᠢᠨ ᠤᠨᠠᠯᠲᠠ᠎ᠶᠢ ᠨᠡᠮᠡᠭᠳᠡᠭᠦᠯᠵᠦ ᠤᠨᠠᠯᠲᠠ᠎ᠶᠢ ᠬᠡᠮᠵᠢᠬᠦ ᠠᠵᠢᠯ᠎ᠤᠨ ᠬᠡᠷᠡᠭᠵᠢᠭᠦᠯᠬᠦ ᠲᠥᠰᠥᠯ》᠎ᠢᠶᠡᠷ ᠯᠠᠪᠯᠠᠯᠲᠠ ᠪᠣᠯᠭᠠᠭᠠᠳ ᠳᠠᠬᠢᠨᠲᠠ ᠬᠡᠮᠵᠢᠯᠲᠡ ᠬᠢᠵᠦ᠂ ᠵᠠᠭᠤᠨ ᠮᠦ᠍ ᠲᠠᠷᠢᠶᠠᠨ᠎ᠳᠤ ᠥᠯᠢᠭᠡᠷ ᠠᠪᠬᠤ 5 ᠴᠡᠭ᠂ ᠮᠢᠩᠭᠠᠨ ᠮᠦ᠍ ᠳᠥᠷᠪᠡᠯᠵᠢ ᠬᠡᠰᠡᠭ᠎ᠲᠦ ᠥᠯᠢᠭᠡᠷ ᠠᠪᠬᠤ 12 ᠴᠡᠭ ᠭᠠᠷᠭᠠᠵᠤ᠂ ᠥᠯᠢᠭᠡᠷ ᠠᠪᠬᠤ ᠴᠡᠭ᠎ᠦᠨ ᠲᠠᠯᠠᠪᠠᠶ᠎ᠶᠢ 66.7 ᠺᠦᠸᠠᠲ ᠮᠧᠲᠷ᠎ᠡᠴᠡ ᠢᠯᠡᠭᠦᠦ ᠪᠠᠢᠯᠭᠠᠵᠤ᠂ ᠬᠥᠮᠥᠨ᠎ᠦ ᠬᠦᠴᠦ᠎ᠪᠡᠷ ᠪᠣᠳᠠᠲᠠᠢ ᠬᠤᠷᠢᠶᠠᠭᠰᠠᠨ ᠤᠨᠠᠯᠲᠠ᠎ᠶᠢ ᠬᠡᠮᠵᠢᠭᠰᠡᠨ᠎ᠳᠦ ᠡᠯᠡᠰᠦᠷᠬᠡᠭ ᠭᠠᠵᠠᠷ᠎ᠤᠨ ᠵᠠᠭᠤᠨ ᠮᠦ᠍ ᠲᠠᠷᠢᠶᠠᠨ᠎ᠤ ᠮᠦ᠍ ᠪᠦᠷᠢ᠎ᠶᠢᠨ ᠤᠨᠠᠯᠲᠠ ᠳᠤᠮᠳᠠᠴᠢ᠎ᠪᠠᠷ 1236.79 ᠺᠢᠯᠣᠭ᠌ᠷᠠᠮ (14%᠎ᠶᠢᠨ ᠴᠢᠭᠢᠭ᠌ ᠲᠠᠢ)᠂ ᠮᠢᠩᠭᠠᠨ ᠮᠦ᠍ ᠳᠥᠷᠪᠡᠯᠵᠢ ᠬᠡᠰᠡᠭ᠎ᠦᠨ ᠮᠦ᠍ ᠪᠦᠷᠢ᠎ᠶᠢᠨ ᠤᠨᠠᠯᠲᠠ ᠳᠤᠮᠳᠠᠴᠢ᠎ᠪᠠᠷ 1146.43 ᠺᠢᠯᠣᠭ᠌ᠷᠠᠮ (14%᠎ᠶᠢᠨ ᠴᠢᠭᠢᠭ᠌ ᠲᠠᠢ) ᠪᠠᠢᠵᠤ᠂ ᠲᠤᠰ ᠪᠦᠷᠢ ᠵᠡᠭᠦᠨ ᠬᠣᠢᠲᠤ ᠣᠷᠣᠨ᠎ᠤ ᠬᠠᠪᠤᠷ᠎ᠤᠨ ᠡᠷᠳᠡᠨᠢ ᠰᠢᠰᠢ ᠲᠠᠷᠢᠬᠤ ᠣᠷᠣᠨ᠎ᠳᠠᠬᠢ ᠡᠯᠡᠰᠦᠷᠬᠡᠭ ᠭᠠᠵᠠᠷ᠎ᠤᠨ ᠡᠷᠳᠡᠨᠢ ᠰᠢᠰᠢ᠎ᠶᠢᠨ ᠵᠠᠭᠤᠨ ᠮᠦ᠍ ᠲᠠᠷᠢᠶ᠎ᠠ᠂ ᠮᠢᠩᠭᠠᠨ ᠮᠦ᠍ ᠳᠥᠷᠪᠡᠯᠵᠢ ᠬᠡᠰᠡᠭ᠎ᠦᠨ ᠥᠨᠳᠥᠷ ᠤᠨᠠᠯᠲᠠ᠎ᠶᠢᠨ ᠲᠡᠮᠳᠡᠭᠯᠡᠯ᠎ᠢ ᠡᠭᠦᠳᠪᠡ᠃
2025 ᠣᠨ᠎ᠳᠤ᠂ ᠨᠠᠢ᠍ᠮᠠᠨ ᠬᠣᠰᠢᠭᠤ ᠤᠯᠤᠰ᠎ᠤᠨ ᠠᠮᠤ ᠪᠤᠳᠠᠭᠠᠨ᠎ᠤ ᠠᠮᠤᠷ ᠲᠦᠪᠰᠢᠨ᠎ᠦ ᠪᠠᠢᠯᠳᠤᠬᠤ ᠪᠣᠳᠣᠯᠭ᠎ᠠ᠎ᠶᠢ ᠭᠦᠨᠵᠡᠭᠡᠢ ᠨᠠᠢᠳᠠᠪᠤᠷᠢᠵᠢᠭᠤᠯᠵᠤ᠂ ᠤᠯᠤᠰ᠎ᠤᠨ ᠭᠣᠣᠯ ᠪᠣᠯᠬᠤ ᠠᠮᠤ ᠲᠣᠰᠣᠨ᠎ᠤ ᠲᠠᠷᠢᠮᠠᠯ᠎ᠤᠨ ᠲᠠᠯᠠᠪᠠᠶ ᠨᠢᠭᠡᠴᠢ᠎ᠶᠢᠨ ᠤᠨᠠᠯᠲᠠ᠎ᠶᠢ ᠨᠡᠮᠡᠭᠳᠡᠭᠦᠯᠬᠦ ᠪᠠ ᠪᠣᠬᠢᠷᠲᠤᠯ ᠦᠭᠡᠢ ᠥᠨᠳᠥᠷ ᠤᠨᠠᠯᠲᠠ ᠥᠨᠳᠥᠷ ᠦᠷ᠎ᠡ ᠠᠰᠢᠭ᠋ ᠣᠯᠬᠤ ᠵᠡᠷᠭᠡ ᠲᠥᠷᠥᠯ ᠵᠦᠢᠯ ᠪᠠ ᠲᠥᠷᠥ᠎ᠶᠢᠨ ᠪᠣᠳᠣᠯᠭ᠎ᠠ᠎ᠶᠢᠨ ᠳᠡᠮᠵᠢᠯᠭᠡ᠎ᠪᠠᠷ᠂ ᠳᠤᠮᠳᠠᠳᠤ ᠤᠯᠤᠰ᠎ᠤᠨ ᠲᠠᠷᠢᠶᠠᠯᠠᠩ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠰᠤᠳᠤᠯᠭᠠᠨ᠎ᠤ ᠭᠠᠵᠠᠷ᠎ᠤᠨ ᠯᠢ ᠱᠣᠸ᠋ ᠺᠦᠨ ᠰᠤᠳᠤᠯᠤᠭ᠍ᠴᠢ᠎ᠶᠢᠨ ᠪᠦᠯᠬᠦᠮ ᠯᠦ᠍ᠭᠡ ᠬᠣᠯᠪᠣᠭᠠᠯᠠᠭᠠᠳ ᠡᠷᠳᠡᠨᠢ ᠰᠢᠰᠢ᠎ᠶᠢ ᠢᠭ᠍ᠴᠤ ᠳᠠᠷᠢᠵᠤ ᠨᠠᠷᠢᠯᠢᠭ᠋ ᠣᠨᠣᠴᠠᠲᠠᠢ᠎ᠪᠠᠷ ᠲᠣᠬᠢᠷᠠᠭᠤᠯᠤᠨ ᠡᠵᠡᠮᠳᠡᠬᠦ ᠥᠨᠳᠥᠷ ᠤᠨᠠᠯᠲᠠ᠎ᠶᠢᠨ ᠮᠡᠷᠭᠡᠵᠢᠯ᠎ᠦᠨ ᠬᠡᠪ ᠵᠠᠭᠪᠤᠷ᠎ᠢ ᠪᠥᠬᠥ ᠬᠣᠰᠢᠭᠤᠨ᠎ᠳᠤ᠎ᠪᠠᠨ ᠠᠬᠢᠭᠤᠯᠵᠤ᠂ ᠪᠥᠬᠥ ᠬᠣᠰᠢᠭᠤ᠎ᠪᠠᠷ᠎ᠢᠶᠠᠨ ᠳᠡᠯᠭᠡᠷᠡᠭᠦᠯᠦᠨ ᠬᠡᠷᠡᠭᠯᠡᠭᠰᠡᠨ ᠲᠠᠯᠠᠪᠠᠶ 215 ᠲᠦᠮᠡᠨ ᠮᠦ᠍᠎ᠳᠦ ᠬᠦᠷᠴᠦ᠂ ᠡᠩ᠎ᠦᠨ ᠲᠠᠷᠢᠶᠠᠨ ᠭᠠᠵᠠᠷ᠎ᠤᠨ ᠮᠦ᠍ ᠪᠦᠷᠢ᠎ᠶᠢᠨ ᠤᠨᠠᠯᠲᠠ᠎ᠶᠢ 100 ᠺᠢᠯᠣᠭ᠌ᠷᠠᠮ᠎ᠠᠴᠠ ᠢᠯᠡᠭᠦᠦ ᠨᠡᠮᠡᠭᠳᠡᠭᠦᠯᠵᠦ᠂ ᠡᠯᠡᠰᠦᠷᠬᠡᠭ ᠭᠠᠵᠠᠷ᠎ᠤᠨ ᠮᠦ᠍ ᠪᠦᠷᠢ᠎ᠶᠢᠨ ᠤᠨᠠᠯᠲᠠ᠎ᠶᠢ 300 - 500 ᠺᠢᠯᠣᠭ᠌ᠷᠠᠮ ᠨᠡᠮᠡᠭᠳᠡᠭᠦᠯᠬᠦ᠎ᠪᠡᠷ ᠵᠢᠱ᠌ᠢᠪᠡ ᠃
ᠨᠠᠢ᠍ᠮᠠᠨ ᠬᠣᠰᠢᠭᠤᠨ᠎ᠤ ᠡᠯᠡᠰᠦᠷᠬᠡᠭ ᠭᠠᠵᠠᠷ᠎ᠤᠨ ᠡᠷᠳᠡᠨᠢ ᠰᠢᠰᠢ᠎ᠶᠢᠨ ᠤᠨᠠᠯᠲᠠ ᠲᠡᠦᠬᠡᠲᠦ ᠴᠢᠨᠠᠷᠲᠠᠢ ᠰᠢᠪᠲᠤᠯᠤᠯᠲᠠ᠎ᠶᠢ ᠪᠡᠶᠡᠯᠡᠭᠦᠯᠦᠭᠰᠡᠨ ᠶᠠᠪᠤᠳᠠᠯ ᠪᠣᠯ 《 ᠭᠠᠵᠠᠷ ᠠᠰᠢᠭ᠍ᠯᠠᠵᠤ ᠠᠮᠤ ᠬᠤᠷᠢᠶᠠᠬᠤ᠂ ᠮᠡᠷᠭᠡᠵᠢᠯ᠎ᠳᠦ ᠲᠦᠰᠢᠭᠯᠡᠵᠦ ᠬᠦᠨᠡᠰᠦ ᠨᠥᠭᠡᠴᠡᠯᠡᠬᠦ 》 ᠪᠠᠢᠯᠳᠤᠬᠤ ᠪᠣᠳᠣᠯᠭ᠎ᠠ᠎ᠶᠢᠨ ᠠᠮᠢᠳᠤᠯᠢᠭ᠋ ᠦᠢᠯᠡᠳᠦᠯᠭᠡ ᠮᠥᠨ᠃ ᠡᠨᠡ ᠬᠦ᠌ ᠦᠷ᠎ᠡ ᠪᠦᠲᠦᠭᠡᠯ ᠨᠢ ᠠᠳᠠᠯᠢᠪᠲᠤᠷ ᠠᠮᠢ ᠠᠬᠤᠢ᠎ᠶᠢᠨ ᠣᠷᠣᠨ᠎ᠳᠤ ᠬᠠᠭᠤᠯᠪᠤᠷᠢᠯᠠᠵᠤ ᠪᠣᠯᠬᠤᠢᠴᠠ᠂ ᠳᠡᠯᠭᠡᠷᠡᠭᠦᠯᠵᠦ ᠪᠣᠯᠬᠤᠢᠴᠠ 《ᠨᠠᠢ᠍ᠮᠠᠨ᠎ᠤ ᠲᠥᠰᠥᠯ》 ᠪᠣᠯᠪᠠ᠃