12 ᠳ᠋ᠤᠭᠠᠷ ᠰᠠᠷ᠎ᠠ᠎ᠶᠢᠨ 16᠎ᠤ ᠡᠳᠦᠷ᠂ ᠰᠤᠷᠪᠤᠯᠵᠢᠯᠠᠭ᠍ᠴᠢ ᠮᠠᠨᠵᠤᠤᠷ ᠪᠣᠭᠣᠮᠲᠠ᠎ᠡᠴᠡ ᠣᠢᠯᠠᠭᠠᠭᠰᠠᠨ᠎ᠢᠶᠠᠷ᠄ ᠡᠨᠡ ᠵᠢᠯ᠎ᠦᠨ ᠲᠦᠷᠦᠭᠦᠸ᠋ 11 ᠰᠠᠷ᠎ᠠ᠎ᠳᠤ᠂ ᠮᠠᠨᠵᠤᠤᠷ ᠬᠢᠯᠢ᠎ᠶᠢᠨ ᠪᠣᠭᠣᠮᠲᠠ᠎ᠪᠠᠷ ᠣᠷᠣᠵᠤ ᠭᠠᠷᠤᠭᠰᠠᠨ ᠳᠤᠮᠳᠠᠳᠤ ᠡᠸᠦ᠋ᠷᠦᠫᠡ᠎ᠶᠢᠨ ᠵᠢᠰᠢᠶᠠᠨ᠎ᠤ ᠭᠠᠯᠲᠤ ᠲᠡᠷᠭᠡ 4377 ᠴᠤᠪᠤᠭ᠎ᠠ ᠪᠠᠢᠵᠤ᠂ 45.7 ᠲᠦᠮᠡᠨ ᠪᠠᠷᠢᠮᠵᠢᠶᠠᠲᠤ ᠴᠢᠩᠭᠡᠯᠢᠭ ᠬᠠᠢᠷᠴᠠᠭ ᠠᠴᠢᠶᠠᠯᠠᠨ᠂ ᠠᠳᠠᠯᠢ ᠬᠤᠭᠤᠴᠠᠭᠠᠨ᠎ᠤ ᠬᠢ᠎ᠡᠴᠡ ᠲᠣᠰ ᠲᠣᠰ 8.4%᠂ 6.2%᠎ᠢᠶᠠᠷ ᠨᠡᠮᠡᠭᠳᠡᠵᠡᠢ᠃ ᠡᠭᠦᠨ᠎ᠳᠦ᠂ ᠣᠷᠣᠵᠤ ᠢᠷᠡᠭᠰᠡᠨ ᠵᠢᠰᠢᠶᠠᠨ᠎ᠤ ᠭᠠᠯᠲᠤ ᠲᠡᠷᠭᠡ 2705 ᠴᠤᠪᠤᠭ᠎ᠠ ᠪᠠᠢᠵᠤ᠂ 19.1 ᠲᠦᠮᠡᠨ ᠪᠠᠷᠢᠮᠵᠢᠶᠠᠲᠤ ᠴᠢᠩᠭᠡᠯᠢᠭ ᠬᠠᠢᠷᠴᠠᠭ ᠠᠴᠢᠶᠠᠯᠠᠨ᠂ ᠲᠡᠭᠡᠭᠡᠪᠦᠷᠢ᠎ᠶᠢᠨ ᠬᠡᠮᠵᠢᠶ᠎ᠡ ᠨᠢ 11 ᠰᠠᠷ᠎ᠠ ᠳᠠᠷᠠᠭᠠᠯᠠᠨ ᠪᠥᠬᠥ ᠤᠯᠤᠰ᠎ᠤᠨ ᠲᠡᠷᠢᠭᠦᠨ ᠪᠠᠢᠷᠢᠨ᠎ᠳᠤ ᠪᠠᠢᠷᠢᠯᠠᠵᠠᠢ᠃
ᠳᠤᠮᠳᠠᠳᠤ ᠡᠸᠦ᠋ᠷᠦᠫᠡ᠎ᠶᠢᠨ ᠵᠢᠰᠢᠶᠠᠨ᠎ᠤ ᠭᠠᠯᠲᠤ ᠲᠡᠷᠭᠡ᠎ᠶᠢᠨ 《ᠵᠡᠭᠦᠨ ᠵᠠᠮ》᠎ᠳᠡᠬᠢ ᠴᠢᠬᠤᠯᠠ ᠵᠠᠩᠭᠢᠯᠠᠭ᠎ᠠ᠎ᠶᠢᠨ ᠬᠢᠯᠢ᠎ᠶᠢᠨ ᠪᠣᠭᠣᠮᠲᠠ ᠪᠣᠯᠤᠭᠰᠠᠨ᠎ᠤ ᠬᠤᠪᠢ᠎ᠳᠤ᠂ ᠮᠠᠨᠵᠤᠤᠷ ᠬᠢᠯᠢ᠎ᠶᠢᠨ ᠪᠣᠭᠣᠮᠲᠠ᠎ᠪᠠᠷ ᠳᠤᠮᠳᠠᠳᠤ ᠡᠸᠦ᠋ᠷᠦᠫᠡ᠎ᠶᠢᠨ ᠵᠢᠰᠢᠶᠠᠨ᠎ᠤ ᠭᠠᠯᠲᠤ ᠲᠡᠷᠭᠡ᠎ᠶᠢ ᠨᠡᠪᠲᠡᠷᠡᠭᠦᠯᠦᠭᠡᠳ 12 ᠵᠢᠯ ᠪᠣᠯᠵᠠᠢ᠂ ᠤᠯᠠᠨ ᠤᠯᠤᠰ᠎ᠤᠨ ᠪᠠᠷᠠᠭᠠᠨ᠎ᠤ ᠭᠦᠢᠯᠭᠡᠭᠡᠨ᠎ᠦ ᠶᠡᠬᠡ ᠨᠡᠪᠲᠡᠷᠡᠯ᠎ᠤᠨ ᠭᠣᠣᠯ ᠵᠠᠮ᠎ᠢ ᠥᠷᠭᠡᠳᠬᠡᠭᠰᠡᠨ᠎ᠢᠶᠡᠷ ᠪᠠᠷᠠᠬᠤ ᠦᠭᠡᠢ᠂ ᠨᠡᠩ ᠴᠤ᠌ ᠠᠷᠠᠯᠵᠢᠶ᠎ᠠ ᠶᠠᠪᠤᠯᠴᠠᠭ᠎ᠠ᠎ᠶᠢ ᠠᠬᠢᠭᠤᠯᠬᠤ ᠬᠦᠴᠦᠲᠦ ᠬᠥᠳᠡᠯᠭᠡᠭᠦᠷ ᠪᠣᠯᠵᠤ᠂ ᠥᠪᠥᠷ ᠮᠣᠩᠭᠣᠯ᠎ᠤᠨ ᠥᠨᠳᠥᠷ ᠲᠦᠪᠰᠢᠨ ᠪᠦᠬᠦᠢ ᠭᠠᠳᠠᠭᠠᠳᠤ ᠨᠡᠭᠡᠭᠡᠯᠲᠡ᠎ᠶᠢ ᠥᠷᠭᠡᠳᠬᠡᠬᠦ᠂ 《ᠨᠢᠭᠡ ᠪᠦᠰᠡ ᠨᠢᠭᠡ ᠵᠠᠮ》᠎ᠢ ᠴᠢᠨᠠᠷ ᠰᠠᠢᠲᠠᠢ ᠪᠥᠭᠡᠳ ᠬᠠᠮᠲᠤ᠎ᠪᠠᠷ ᠪᠦᠲᠦᠭᠡᠨ ᠪᠠᠶ᠋ᠢᠭᠤᠯᠬᠤ᠎ᠳᠤ ᠰᠢᠨ᠎ᠡ ᠬᠥᠳᠡᠯᠭᠡᠭᠴᠢ ᠡᠨᠧᠷᠭᠢ ᠨᠡᠮᠡᠷᠢᠯᠡᠵᠡᠢ᠃ ᠳᠤᠮᠳᠠᠳᠤ ᠡᠸᠦ᠋ᠷᠦᠫᠡ᠎ᠶᠢᠨ ᠵᠢᠰᠢᠶᠠᠨ᠎ᠤ ᠭᠠᠯᠲᠤ ᠲᠡᠷᠭᠡ᠎ᠶᠢᠨ ᠬᠤᠷᠳᠤᠴᠠ᠎ᠶᠢ ᠳᠡᠭᠡᠭᠰᠢᠯᠡᠭᠦᠯᠦᠨ ᠦᠷ᠎ᠡ ᠠᠰᠢᠭ᠋᠎ᠢ ᠨᠢ ᠨᠡᠮᠡᠭᠳᠡᠭᠦᠯᠬᠦ᠎ᠶᠢ ᠪᠠᠲᠤᠯᠠᠬᠤ᠎ᠶᠢᠨ ᠲᠥᠯᠥᠭᠡ᠂ ᠮᠠᠨᠵᠤᠤᠷ ᠪᠣᠭᠣᠮᠲᠠ᠎ᠶᠢᠨ ᠬᠢᠨ ᠳᠤᠮᠳᠠᠳᠤ ᠡᠸᠦ᠋ᠷᠦᠫᠡ᠎ᠶᠢᠨ ᠵᠢᠰᠢᠶᠠᠨ᠎ᠤ ᠭᠠᠯᠲᠤ ᠲᠡᠷᠭᠡ᠎ᠶᠢᠨ ᠪᠤᠴᠠᠵᠤ ᠢᠷᠡᠬᠦ ᠵᠠᠮ᠎ᠤᠨ ᠬᠢᠯᠢ ᠳᠣᠲᠣᠷᠠᠬᠢ ᠬᠡᠰᠡᠭ᠎ᠲᠠᠬᠢ ᠲᠡᠭᠡᠭᠡᠪᠦᠷᠢ᠎ᠶᠢᠨ ᠵᠠᠷᠤᠳᠠᠯ᠎ᠢ ᠨᠢ ᠬᠠᠰᠤᠵᠤ ᠬᠡᠯᠲᠦᠷᠢᠭᠦᠯᠬᠦ᠎ᠪᠡᠷ ᠠᠵᠤ ᠠᠬᠤᠢᠯᠠᠯ᠎ᠳᠤ ᠠᠰᠢᠭ᠋ ᠬᠦᠷᠲᠡᠭᠡᠬᠦ ᠠᠷᠭ᠎ᠠ ᠬᠡᠮᠵᠢᠶ᠎ᠡ᠎ᠶᠢ ᠪᠥᠬᠥ ᠲᠠᠯ᠎ᠠ᠎ᠪᠠᠷ ᠬᠡᠷᠡᠭᠵᠢᠭᠦᠯᠵᠦ᠂ ᠲᠦᠷᠦᠭᠦᠸ᠋ 11 ᠰᠠᠷ᠎ᠠ᠎ᠳᠤ ᠠᠵᠤ ᠠᠬᠤᠢᠯᠠᠯ᠎ᠤᠨ ᠭᠠᠢᠯᠢ᠎ᠶᠢᠨ ᠵᠣᠭᠣᠰ᠎ᠢ 187.45 ᠲᠦᠮᠡᠨ ᠲᠥᠭᠥᠷᠢᠭ ᠬᠠᠰᠤᠵᠤ ᠬᠡᠯᠲᠦᠷᠢᠭᠦᠯᠪᠡ᠃ ᠡᠭᠦᠨ᠎ᠦ ᠬᠠᠮᠲᠤ᠂ ᠮᠠᠨᠵᠤᠤᠷ ᠪᠣᠭᠣᠮᠲᠠ᠎ᠶᠢᠨ ᠬᠢᠨ 《ᠲᠡᠮᠦᠷ ᠵᠠᠮ᠎ᠢ ᠲᠦᠷᠭᠡᠨ ᠨᠡᠪᠲᠡᠷᠡᠭᠦᠯᠬᠦ》 ᠲᠤᠬᠠᠢᠯᠠᠭᠰᠠᠨ ᠠᠵᠢᠯ᠎ᠤᠨ ᠬᠡᠪ ᠵᠠᠭᠪᠤᠷ᠎ᠢ ᠳᠡᠯᠭᠡᠷᠡᠭᠦᠯᠵᠦ᠂ ᠡᠨᠡ ᠬᠦ᠌ ᠬᠡᠪ ᠵᠠᠭᠪᠤᠷ᠎ᠤᠨ ᠠᠵᠢᠯᠯᠠᠭᠠᠨ᠎ᠢᠶᠠᠷ ᠠᠵᠤ ᠠᠬᠤᠢᠯᠠᠯ᠎ᠤᠳ ᠨᠢ ᠬᠢᠯᠢ᠎ᠶᠢᠨ ᠪᠣᠭᠣᠮᠲᠠ᠎ᠳᠤ ᠳᠠᠬᠢᠨᠲᠠ ᠭᠤᠶᠤᠴᠢᠯᠠᠨ ᠮᠡᠳᠡᠭᠦᠯᠬᠦ ᠪᠠ ᠪᠣᠭᠣᠮᠲᠠ ᠰᠢᠯᠵᠢᠭᠦᠯᠬᠦ᠂ ᠬᠠᠷᠭᠤᠭᠤᠯᠤᠨ ᠦᠭᠡᠢᠰᠬᠡᠬᠦ ᠵᠡᠷᠭᠡ ᠭᠠᠷᠳᠠᠮ᠎ᠢ ᠭᠦᠢᠴᠡᠳᠬᠡᠬᠦ ᠴᠢᠬᠤᠯᠠ ᠦᠭᠡᠢ ᠪᠠᠢᠵᠤ᠂ ᠮᠠᠨᠵᠤᠤᠷ ᠬᠢᠯᠢ᠎ᠶᠢᠨ ᠪᠣᠭᠣᠮᠲᠠ᠎ᠶᠢᠨ ᠳᠤᠮᠳᠠᠳᠤ ᠡᠸᠦ᠋ᠷᠦᠫᠡ᠎ᠶᠢᠨ ᠵᠢᠰᠢᠶᠡᠨᠦ ᠭᠠᠯᠲᠤ ᠲᠡᠷᠭᠡ᠎ᠶᠢᠨ ᠪᠦᠬᠦᠯᠢ ᠴᠣᠭᠴᠠ᠎ᠶᠢᠨ ᠠᠶᠠᠯᠠᠯ᠎ᠤᠨ ᠴᠠᠭ᠎ᠢ 1᠎ᠠᠴᠠ 2 ᠡᠳᠦᠷ ᠪᠣᠭᠣᠨᠢᠰᠬᠠᠪᠠ᠃
ᠰᠤᠷᠪᠤᠯᠵᠢᠯᠠᠭ᠍ᠴᠢ᠎ᠶᠢᠨ ᠣᠢᠯᠠᠭᠠᠭᠰᠠᠨ᠎ᠢᠶᠠᠷ᠂ ᠣᠢᠷ᠎ᠠ᠎ᠶᠢᠨ ᠵᠢᠯ᠎ᠦᠳ᠎ᠲᠦ ᠮᠠᠨᠵᠤᠤᠷ ᠬᠢᠯᠢ᠎ᠶᠢᠨ ᠪᠣᠭᠣᠮᠲᠠ᠎ᠶᠢᠨ ᠪᠣᠭᠣᠮᠲᠠ᠎ᠪᠠᠷ ᠥᠩᠭᠡᠷᠡᠭᠦᠯᠬᠦ᠎ᠶᠢ ᠳᠥᠭᠥᠮᠴᠢᠯᠡᠬᠦ ᠬᠢᠷᠢ ᠲᠦᠪᠰᠢᠨ᠎ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠬᠦ᠎ᠶᠢ ᠳᠠᠭᠠᠯᠳᠤᠨ᠂ ᠮᠠᠨᠵᠤᠤᠷ ᠬᠢᠯᠢ᠎ᠶᠢᠨ ᠪᠣᠭᠣᠮᠲᠠ᠎ᠳᠤ ᠨᠠᠩ ᠣᠯᠠᠨ ᠭᠠᠳᠠᠭᠠᠳᠤ᠎ᠠᠴᠠ ᠣᠷᠣᠭᠤᠯᠵᠤ ᠭᠠᠳᠠᠭᠠᠳᠤ᠎ᠳᠤ ᠭᠠᠷᠭᠠᠬᠤ ᠲᠤᠬᠠᠢᠯᠠᠭᠰᠠᠨ ᠠᠵᠢᠯ ᠲᠠᠲᠠᠨ ᠬᠤᠷᠠᠭᠤᠯᠵᠠᠢ᠃ ᠡᠭᠦᠨ᠎ᠦ ᠲᠤᠯᠠᠳᠠ᠂ ᠮᠠᠨᠵᠤᠤᠷ ᠪᠣᠭᠣᠮᠲᠠ᠎ᠶᠢᠨ ᠬᠢᠨ ᠤᠶᠤᠨᠲᠤ ᠬᠢᠨᠠᠯᠲᠠ ᠬᠠᠮᠢᠶᠠᠷᠤᠯᠲᠠ᠎ᠶᠢᠨ ᠥᠭᠡᠷᠡᠴᠢᠯᠡᠯᠲᠡ᠎ᠪᠠᠨ ᠦᠷᠭᠦᠯᠵᠢᠯᠡᠨ ᠭᠦᠨᠵᠡᠭᠡᠢᠷᠡᠭᠦᠯᠵᠦ᠂ ᠮᠡᠳᠡᠭᠡ ᠵᠠᠩᠭᠢ᠎ᠶᠢ ᠬᠠᠮᠲᠤ᠎ᠪᠠᠷ ᠬᠦᠷᠲᠡᠬᠦ᠂ ᠪᠠᠴᠢᠮ ᠪᠠᠢᠳᠠᠯ᠎ᠢ ᠠᠷᠭᠠᠴᠠᠭᠠᠨ ᠰᠢᠢᠳᠪᠦᠷᠢᠯᠡᠬᠦ᠂ ᠶᠡᠷᠦᠩᠬᠡᠢᠯᠡᠭᠰᠡᠨ ᠵᠠᠳᠠᠯᠤᠯᠲᠠ ᠬᠢᠵᠦ ᠳᠡᠭᠡᠭᠰᠢ ᠮᠡᠳᠡᠭᠦᠯᠬᠦ 《ᠭᠤᠷᠪᠠᠨ ᠵᠦᠢᠯ᠎ᠦᠨ ᠲᠣᠭᠲᠠᠴᠠ》᠎ᠶ᠋ᠢ ᠠᠰᠢᠭ᠍ᠯᠠᠨ᠂ ᠲᠡᠮᠦᠷ ᠵᠠᠮ᠎ᠤᠨ ᠬᠢᠯᠢ᠎ᠶᠢᠨ ᠪᠣᠭᠣᠮᠲᠠ᠎ᠶᠢᠨ ᠪᠠᠷᠠᠭᠠᠨ᠎ᠤ ᠭᠦᠢᠯᠭᠡᠭᠡ᠎ᠶᠢᠨ ᠤᠶᠤᠨᠲᠤ ᠬᠢᠨᠠᠯᠲᠠ ᠬᠠᠮᠢᠶᠠᠷᠤᠯᠲᠠ᠎ᠶᠢᠨ ᠲᠠᠪᠴᠠᠩ᠎ᠢ ᠪᠠᠢᠭᠤᠯᠵᠤ᠂ ᠪᠦᠬᠦ ᠲᠠᠯ᠎ᠠ᠎ᠪᠠᠷ᠂ ᠪᠦᠬᠦᠯᠢ ᠡᠳᠦᠷ᠎ᠦᠨ ᠳᠦᠷᠢᠮ᠎ᠢᠶᠡᠷ ᠬᠢᠯᠢ᠎ᠶᠢᠨ ᠪᠣᠭᠣᠮᠲᠠ᠎ᠶᠢᠨ ᠥᠷᠲᠡᠭᠡᠨ᠎ᠦ ᠬᠠᠳᠠᠭᠠᠯᠠᠯᠲᠠ᠂ ᠪᠠᠷᠠᠭᠠᠨ᠎ᠤ ᠭᠦᠢᠯᠭᠡᠭᠡ᠎ᠶᠢᠨ ᠪᠠᠢᠳᠠᠯ᠎ᠢ ᠬᠢᠨᠠᠨ ᠰᠢᠨᠵᠢᠵᠦ᠂ ᠰᠢᠢᠳᠪᠦᠷᠢᠯᠡᠬᠦ ᠠᠷᠭ᠎ᠠ ᠬᠡᠮᠵᠢᠶ᠎ᠡ᠂ ᠴᠤᠪᠤᠷᠠᠯ᠎ᠢ ᠲᠦᠷᠦᠯ ᠬᠤᠪᠢᠶᠠᠨ ᠲᠣᠬᠢᠷᠠᠭᠤᠯᠵᠤ᠂ ᠳᠤᠮᠳᠠᠳᠤ ᠡᠸᠦ᠋ᠷᠦᠫᠡ᠎ᠶᠢᠨ ᠵᠢᠰᠢᠶᠠᠨ᠎ᠤ ᠭᠠᠯᠲᠤ ᠲᠡᠷᠭᠡ᠎ᠶᠢᠨ ᠪᠣᠭᠣᠮᠲᠠ᠎ᠪᠠᠷ ᠰᠠᠭᠠᠳ ᠦᠭᠡᠢ ᠥᠩᠭᠡᠷᠡᠬᠦ᠎ᠶᠢ ᠪᠠᠲᠤᠯᠠᠪᠠ᠃