《ᠠᠷᠠᠳ᠎ᠤᠨ ᠡᠳᠦᠷ᠎ᠤᠨ ᠰᠣᠨᠢᠨ》 (2025 ᠣᠨ᠎ᠤ 7 ᠳ᠋ᠤᠭᠠᠷ ᠰᠠᠷ᠎ᠠ᠎ᠶᠢᠨ 31᠎ᠤ ᠡᠳᠦᠷ 11 ᠳ᠋ᠦ᠍ᠭᠡᠷ ᠨᠢᠭᠤᠷ)
《ᠡᠨᠳᠡ ᠥᠩᠭᠡᠷᠡᠭᠰᠡᠨ᠎ᠳᠤ ᠤᠰᠤ ᠲᠤᠨᠤᠬ᠍ᠰᠠᠨ ᠬᠤᠲᠣᠭᠤᠷ ᠭᠠᠵᠠᠷ ᠪᠠᠢᠵᠠᠢ ᠂ ᠬᠣᠭ ᠨᠣᠪᠰᠢ ᠣᠪᠣᠭᠠᠷᠠᠭᠠᠳ ᠂ ᠰᠠᠭᠤᠭᠠᠯᠢ ᠠᠷᠠᠳ ᠴᠥᠮ ᠲᠤᠭᠤᠷᠢᠵᠤ ᠭᠠᠷᠳᠠᠭ ᠂ ᠥᠭᠡᠷᠡᠴᠢᠯᠡᠨ ᠱᠢᠨᠡᠳᠭᠡᠭ᠌ᠰᠡᠨ ᠦ ᠳᠠᠷᠠᠭ᠎ᠠ ᠴᠣ ᠰᠢᠨ᠎ᠡ ᠳᠦᠷᠢ ᠲᠥᠷᠬᠦ᠎ᠲᠠᠢ ᠪᠣᠯᠵᠠᠢ ᠃》 ᠥᠪᠥᠷ ᠮᠣᠩᠭᠣᠯ᠎ᠤᠨ ᠣᠷᠳᠣᠰ ᠬᠣᠲᠠ᠎ᠶᠢᠨ ᠳ᠋ᠦᠩᠱᠧᠩ ᠲᠣᠭᠣᠷᠢᠭ᠋᠎ᠤᠨ 《ᠳᠤᠯᠠᠭᠠᠨ ᠬᠣᠲᠠ᠎ᠶᠢᠨ ᠴᠠᠭ ᠮᠥᠴᠡ》 ᠰᠥᠨᠢ᠎ᠶᠢᠨ ᠵᠠᠬ᠎ᠠ᠎ᠳᠠᠬᠢ ᠵᠢᠵᠢᠭ ᠢᠳᠡᠭᠡᠨ᠎ᠤ ᠳᠡᠯᠭᠡᠭᠦᠷ᠎ᠤᠨ ᠡᠵᠡᠨᠳᠡᠨ ᠰᠢᠤᠸᠠᠢ ᠶᠦᠨ ᠬᠡᠯᠡᠬᠦ᠎ᠳᠦ᠎ᠪᠡᠨ 《ᠣᠲᠣ᠌ ᠮᠠᠢᠮᠠᠢᠯᠠᠬᠤ ᠪᠠᠢᠷᠢ ᠲᠣᠭᠲᠠᠴᠢᠬᠠᠭᠰᠠᠨ ᠪᠣᠯᠬᠣᠷ ᠡᠳᠦᠷ ᠪᠣᠯᠭᠠᠨ ᠵᠣᠴᠢᠨ ᠲᠠᠰᠤᠷᠠᠬᠤ ᠦᠭᠡᠢ ᠂ ᠠᠷᠠᠯᠵᠢᠶ᠎ᠠ ᠮᠠᠢᠮᠠᠢ ᠮᠠᠰᠢ ᠬᠥᠭᠵᠢᠶᠡᠨ᠎ᠲᠠᠢ ᠪᠠᠢᠨ᠎ᠠ》 ᠭᠡᠵᠡᠢ ᠃
ᠳ᠋ᠦᠩᠱᠧᠩ ᠲᠣᠭᠣᠷᠢᠭ᠋ ᠨᠢ ᠬᠤᠲᠠ᠎ᠶᠢᠨ ᠵᠠᠬ᠎ᠠ ᠵᠣᠬᠠᠶᠢᠨ ᠭᠠᠵᠠᠷ ᠂ ᠦᠢᠯᠡᠳᠪᠦᠷᠢ᠎ᠶᠢᠨ ᠬᠠᠶᠠᠭᠳᠠᠮᠠᠯ ᠭᠡᠷ ᠪᠠᠢᠰᠢᠩ ᠵᠡᠷᠭᠡ᠎ᠶᠢ ᠭᠦᠢᠴᠡᠳ ᠠᠰᠢᠭ᠍ᠯᠠᠨ ᠂ ᠰᠤᠯᠠ ᠲᠠᠯᠪᠢᠭ᠍ᠳᠠᠵᠤ ᠪᠠᠢᠭ᠎ᠠ ᠭᠠᠵᠠᠷ᠎ᠤᠳ᠎ᠢ ᠥᠪᠡᠷ᠎ᠦᠨ ᠥᠷᠲᠡᠭ ᠳᠣᠣᠷ᠎ᠠ ᠠᠷᠭ᠎ᠠ ᠪᠠᠷ ᠭᠦᠢᠯᠭᠡᠭᠡᠨ᠎ᠳᠦ ᠣᠷᠤᠭᠤᠯᠬᠤ᠎ᠶᠢ ᠢᠳᠡᠪᠬᠢᠲᠡᠢ ᠬᠠᠢᠨ ᠰᠦᠪᠡᠭᠴᠢᠯᠡᠵᠦ ᠂ ᠠᠯᠢ ᠣᠯᠠᠨ ᠰᠢᠨ᠎ᠡ᠎ᠶᠢ ᠡᠭᠦᠳᠦᠭ᠌ᠰᠡᠨ ᠠᠷᠭ᠎ᠠ ᠬᠢᠳᠡᠯ ᠢ ᠪᠤᠶ ᠪᠣᠯᠭᠠᠪᠠ ᠄ ᠪᠡᠯᠡ ᠮᠥᠩᠭᠥᠨ᠎ᠦ ᠲᠠᠯ᠎ᠠ᠎ᠪᠠᠷ ᠂ ᠭᠣᠣᠯᠳᠠᠭᠤ ᠨᠡᠢᠭᠡᠮ ᠲᠣᠭᠣᠷᠢᠭ᠋ ᠲᠠᠬᠢ ᠠᠵᠤ ᠠᠬᠤᠢᠯᠠᠯ ᠤᠳ ᠬᠤᠪᠢ ᠡᠵᠡᠮᠳᠡᠵᠦ ᠂ ᠨᠡᠢᠭᠡᠮ᠎ᠤᠨ ᠬᠥᠷᠥᠩᠭᠡ᠎ᠶᠢ ᠣᠷᠣᠭᠤᠯᠤᠨ ᠠᠪᠴᠢᠷᠠᠪᠠ ; ᠠᠵᠢᠯᠯᠠᠭᠤᠯᠤᠨ ᠡᠵᠡᠩᠨᠡᠬᠦ᠌ ᠠᠰᠢᠭ᠋ ᠣᠷᠣᠯᠭ᠎ᠠ᠎ᠶᠢᠨ ᠲᠠᠯ᠎ᠠ᠎ᠪᠠᠷ ᠂ ᠠᠰᠢᠭ᠋ ᠣᠯᠵᠠᠪᠤᠷᠢ᠎ᠶᠢᠨ ᠬᠢᠨᠢ 40%᠎ᠶᠢ ᠲᠠᠯᠠᠪᠤᠷ ᠭᠠᠵᠠᠷ᠎ᠤᠨ ᠬᠠᠮᠠᠭᠠᠯᠠᠯᠲᠠ᠎ᠳᠤ ᠬᠡᠷᠡᠭᠯᠡᠵᠦ ᠂ 30%᠎ᠶᠢ ᠨᠡᠢᠭᠡᠮ ᠲᠣᠭᠣᠷᠢᠭ᠋᠎ᠤᠨ ᠠᠷᠠᠳ᠎ᠤᠨ ᠠᠮᠢᠳᠤᠷᠠᠯ᠎ᠳᠤ ᠬᠡᠷᠡᠭᠯᠡᠪᠡ ; ᠵᠡᠭᠡᠯᠢ ᠲᠣᠭᠣᠷᠢᠭ᠋᠎ᠤᠨ ᠬᠠᠮᠢᠶᠠᠷᠤᠯᠲᠠ᠎ᠶᠢᠨ ᠲᠠᠯ᠎ᠠ᠎ᠪᠠᠷ ᠂ 《ᠵᠡᠭᠡᠯᠢ ᠭᠤᠳᠤᠮᠵᠢ ᠶ᠋ᠢᠨ ᠲᠠᠯ᠎ᠠ ᠠᠴᠠ ᠤᠷᠢᠶᠠᠯᠠᠭ᠎ᠠ ᠭᠠᠷᠭᠠᠪᠠᠯ ᠂ ᠰᠠᠯᠠᠭ᠎ᠠ ᠮᠥᠴᠢᠷ ᠤᠳ ᠠᠴᠠ ᠨᠡᠷ᠎ᠡ ᠮᠡᠳᠡᠭᠦᠯᠵᠦ ᠣᠷᠣᠯᠴᠠᠬᠤ》 ᠂ ᠣᠯᠠᠨ ᠰᠠᠯᠠᠭ᠎ᠠ ᠮᠥᠴᠢᠷ᠎ᠤᠳ ᠤᠨ ᠬᠣᠯᠪᠣᠭᠠᠯᠠᠭ᠍ᠰᠠᠨ ᠬᠠᠤᠯᠢ ᠬᠡᠷᠡᠭ᠌ᠵᠢᠭᠦᠯᠦᠯᠲᠡ ᠶ᠋ᠢ ᠪᠣᠢ ᠪᠣᠯᠭᠠᠵᠠᠢ᠃
ᠳ᠋ᠦᠩᠱᠧᠩ ᠲᠣᠭᠣᠷᠢᠭ᠋᠎ᠲᠤ ᠥᠷᠯᠥᠭᠡᠨᠦ ᠵᠠᠬ᠎ᠠ ᠰᠥᠨᠢ᠎ᠶᠢᠨ ᠵᠠᠬ᠎ᠠ ᠪᠠ ᠨᠡᠭᠦᠳᠡᠯ ᠬᠤᠳᠠᠯᠳᠤᠭᠠᠴᠢᠨ ᠢ ᠵᠠᠯᠠᠵᠤ ᠵᠢᠯᠤᠭᠤᠳᠤᠨ ᠬᠤᠳᠠᠯᠳᠤᠭᠠᠯᠠᠬᠤ ᠴᠡᠭ 60 ᠭᠠᠷᠤᠢ ᠪᠣᠯᠵᠤ᠂ ᠰᠥᠨᠢ᠎ᠶᠢᠨ ᠵᠠᠬ᠎ᠠ᠎ᠶᠢᠨ ᠣᠨᠴᠠᠯᠢᠭ᠍ᠲᠤ ᠵᠡᠭᠡᠯᠢ ᠲᠣᠭᠣᠷᠢᠭ᠋᠎ᠢ 10 ᠭᠠᠷᠤᠢ ᠪᠠᠢᠭᠤᠯᠵᠤ ᠂ ᠠᠮᠢᠳᠤᠯᠢᠭ᠋᠎ᠢᠶᠡᠷ ᠠᠵᠢᠯ ᠣᠯᠭᠣᠬᠤ ᠠᠵᠢᠯ᠎ᠤᠨ ᠪᠠᠢᠷᠢ᠎ᠶᠢ ᠰᠢᠭᠤᠳ 4000 ᠭᠠᠷᠤᠢ ᠪᠤᠢ ᠪᠤᠯᠭᠠᠬ᠍ᠰᠠᠨ ᠪᠠᠢᠨ᠎ᠠ ᠃