ᠲᠡᠷᠢᠭᠦᠨ ᠬᠠᠭᠤᠳᠠᠰᠤ   -   ᠠᠯᠪᠠᠨ ᠵᠠᠷ
《ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠎ᠠ᠎ᠲᠠᠢ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠨᠡᠷᠡᠰ》᠎ᠤᠨ ᠲᠤᠬᠠᠢ ᠠᠯᠪᠠᠨ ᠵᠠᠷᠯᠠᠯ
ᠨᠡᠶ᠋ᠢᠲᠡᠯᠡᠭᠰᠡᠨ ᠴᠠᠭ᠄ 2024-05-15

    3 ᠳ᠋ᠤᠭ᠋ᠠᠷ ᠰᠠᠷ᠎ᠠ ᠵᠢᠨ 29᠎ᠤ ᠡᠳᠦᠷ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠠᠵᠢᠯ᠎ᠤᠨ ᠶᠠᠷᠢᠯᠴᠠᠬᠤ ᠬᠤᠷᠠᠯ᠎ᠤᠨ ᠵᠣᠷᠢᠭ ᠰᠠᠨᠠᠭ᠎ᠠ ᠵᠢ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠪᠠᠢ᠌ᠭᠤᠯᠤᠮᠵᠢ ᠵᠢᠨ ᠣᠷᠣᠨ ᠲᠣᠭ᠋ᠠᠨ᠎ᠤ ᠠᠯᠪᠠᠨ ᠭᠡᠷ᠎ᠤᠨ 《ᠠᠷᠠᠳ᠎ᠤᠨ ᠡᠵᠡᠩᠨᠡᠯᠲᠡ ᠵᠢᠨ ᠠᠵᠤ ᠠᠬᠤᠢ ᠵᠢᠨ ᠬᠥᠭᠵᠢᠯᠲᠡ ᠪᠠ ᠠᠷᠠᠳ᠎ᠤᠨ ᠡᠵᠡᠩᠨᠡᠯᠲᠡ ᠵᠢᠨ ᠠᠵᠤ ᠠᠬᠤᠢ ᠵᠢᠨ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠪᠠᠢ᠌ᠭᠤᠯᠤᠮᠵᠢ ᠲᠣᠭᠲᠠᠴᠠ ᠵᠢ ᠰᠢᠯᠢᠳᠡᠭᠵᠢᠭᠦᠯᠦᠨ ᠠᠬᠢᠭᠤᠯᠬᠤ ᠬᠣᠯᠪᠣᠭᠳᠠᠯ ᠪᠦᠬᠦᠢ ᠤᠴᠢᠷ ᠶᠠᠪᠤᠳᠠᠯ᠎ᠤᠨ ᠲᠤᠬᠠᠢ ᠮᠡᠳᠡᠭᠳᠡᠯ》 (ᠥᠪᠥᠷ ᠪᠠᠢ᠌ᠭᠤᠯᠤᠮᠵᠢ ᠣᠷᠣᠨ ᠠᠯᠪᠠᠨ ᠲᠠᠷᠬᠠᠭ᠋ᠠᠭᠰᠠᠨ [2024] 91 ᠳ᠋ᠦ᠍ᠭᠡᠷ ᠲᠣᠭ᠋ᠠᠲᠤ)᠎ᠤᠨ ᠱᠠᠭ᠋ᠠᠷᠳᠠᠯᠭ᠎ᠠ ᠶᠣᠰᠣᠭ᠋ᠠᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠡᠵᠡᠩᠨᠡᠯᠲᠡ ᠵᠢᠨ ᠠᠵᠤ ᠠᠬᠤᠢ ᠵᠢᠨ ᠬᠥᠭᠵᠢᠯᠲᠡ ᠵᠢᠨ ᠦᠢ᠍ᠯᠡᠴᠢᠯᠡᠭᠡᠨ᠎ᠤ ᠲᠣᠪᠴᠢᠶ᠎ᠠ᠎ᠨᠢ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠵᠣᠬᠢᠶᠠᠨ ᠪᠠᠶ᠋ᠢᠭᠤᠯᠬᠤ ᠬᠡᠯᠲᠡᠰ᠂ ᠨᠡᠢ᠌ᠭᠡᠮ᠎ᠤᠨ ᠠᠵᠢᠯ᠎ᠤᠨ ᠬᠡᠯᠲᠡᠰ ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ᠎ᠤᠳ᠎ᠲᠠᠢ ᠬᠠᠮᠲᠤᠷᠠᠨ ᠭᠣᠣᠯᠳᠠᠯᠭ᠎ᠠ᠎ᠲᠠᠢ ᠠᠵᠤ ᠠᠬᠤᠢ᠌ᠯᠠᠯ᠎ᠤᠨ ᠪᠠᠷᠢᠮᠵᠢᠶ᠎ᠠ ᠵᠢ ᠲᠣᠭᠲᠠᠭ᠋ᠠᠵᠤ᠂ ᠪᠠᠷᠢᠮᠵᠢᠶ᠎ᠠ ᠵᠢ ᠴᠢᠩᠭ᠎ᠠ ᠵᠢᠷᠤᠮᠯᠠᠨ ᠡᠮᠬᠢᠯᠡᠬᠦ ᠵᠢᠨ ᠬᠠᠮᠲᠤ ᠢᠲᠡᠭᠡᠮᠵᠢ ᠵᠢᠨ ᠬᠢᠨᠠᠨ ᠪᠠᠢ᠌ᠴᠠᠭ᠋ᠠᠯᠲᠠ ᠬᠢᠵᠦ᠂ ᠵᠢᠷᠭᠤᠭ᠋ᠠᠨ ᠲᠥᠷᠥᠯ᠎ᠤᠨ 48 ᠠᠵᠤ ᠠᠬᠤᠢ᠌ᠯᠠᠯ᠎ᠢ ᠪᠠᠭᠲᠠᠭ᠋ᠠᠭᠰᠠᠨ 《ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠎ᠠ᠎ᠲᠠᠢ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠨᠡᠷᠡᠰ》᠎ᠢ ᠭᠠᠷᠭ᠋ᠠᠪᠠ᠂ ᠪᠣᠳᠠᠲᠠᠢ᠎ᠪᠠᠷ ᠬᠡᠯᠡᠪᠡᠯ ᠳᠣᠣᠷᠠᠬᠢ ᠮᠡᠲᠦ᠄

    ᠨᠢᠭᠡ᠎ᠳᠤ᠂ ᠮᠠᠨ᠎ᠤ ᠣᠷᠣᠨ᠎ᠳᠤ ᠳᠠᠩᠰᠠᠯᠠᠭᠤᠯᠤᠭᠰᠠᠨ ᠶᠡᠷᠦᠩᠬᠡᠢ ᠬᠡᠯᠲᠡᠰ ᠬᠡᠯᠪᠡᠷᠢ ᠵᠢᠨ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠄ ᠲᠤᠬᠠᠢ᠌ᠯᠠᠪᠠᠯ ᠠᠵᠤ ᠦᠢ᠍ᠯᠡᠰ᠎ᠢ ᠪᠦᠬᠦ ᠤᠯᠤᠰ᠎ᠲᠤ ᠪᠠᠢ᠌ᠷᠢᠰᠢᠭᠤᠯᠵᠤ᠂ ᠶᠡᠷᠦᠩᠬᠡᠢ ᠬᠡᠯᠲᠡᠰ᠎ᠢ ᠮᠠᠨ᠎ᠤ ᠣᠷᠣᠨ᠎ᠳᠤ ᠰᠢᠯᠵᠢᠭᠦᠯᠦᠨ ᠳᠠᠩᠰᠠᠯᠠᠭᠤᠯᠤᠭᠰᠠᠨ᠂ ᠶᠡᠷᠦᠩᠬᠡᠢ ᠬᠡᠯᠲᠡᠰ᠎ᠨᠢ ᠨᠢᠭᠡᠳᠦᠯᠲᠡᠢ ᠳ᠋ᠦᠩᠨᠡᠨ ᠪᠣᠳᠣᠵᠤ᠂ ᠲᠣᠭ᠋ᠠᠴᠠᠭ᠎ᠠ ᠬᠢᠭᠰᠡᠨ ᠪᠦᠯᠦᠭᠯᠡᠯᠵᠢᠭᠰᠡᠨ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ; ᠨᠡᠶ᠋ᠢᠲᠡ 3 ᠡᠷᠦᠬᠡ ᠪᠠᠢ᠌ᠵᠤ᠂ ᠡᠵᠡᠩᠨᠡᠯᠲᠡ ᠵᠢᠨ ᠣᠷᠣᠯᠭ᠎ᠠ ᠵᠢᠨ ᠳᠠᠷᠠᠭ᠋ᠠᠯᠠᠯ ᠵᠶ᠋ᠠᠷ ᠵᠢᠭᠰᠠᠭ᠋ᠠᠪᠠ᠃ ᠬᠣᠶᠠᠷ᠎ᠲᠤ᠂ ᠬᠡᠲᠦ ᠲᠣᠮᠣ ᠬᠡᠯᠪᠡᠷᠢ ᠵᠢᠨ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠄ ᠳᠠᠷᠤᠢ ᠨᠢᠭᠡᠨᠲᠡ ᠨᠡᠢ᠌ᠲᠡᠯᠡᠭᠰᠡᠨ ᠳᠡᠯᠡᠬᠡᠢ ᠵᠢᠨ ᠲᠠᠪᠤᠨ ᠵᠠᠭᠤᠨ ᠬᠦᠴᠦᠷᠬᠡᠭ ᠪᠠ ᠳᠤᠮᠳᠠᠳᠤ ᠤᠯᠤᠰ᠎ᠤᠨ ᠲᠠᠪᠤᠨ ᠵᠠᠭᠤᠨ ᠬᠦᠴᠦᠷᠬᠡᠭ᠎ᠲᠤ ᠰᠣᠩᠭᠣᠭᠳᠠᠭᠰᠠᠨ ᠮᠠᠨ᠎ᠤ ᠣᠷᠣᠨ᠎ᠤ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ ᠵᠢᠴᠢ ᠨᠢᠭᠡᠨᠲᠡ ᠨᠡᠢ᠌ᠲᠡᠯᠡᠭᠰᠡᠨ ᠵᠢᠯ᠎ᠤᠨ ᠡᠵᠡᠩᠨᠡᠯᠲᠡ ᠵᠢᠨ ᠣᠷᠣᠯᠭ᠎ᠠ᠎ᠨᠢ 150 ᠳ᠋ᠦᠩᠰᠢᠭᠤᠷ ᠲᠥᠭᠥᠷᠢᠭ᠎ᠢ ᠳᠠᠪᠠᠭᠰᠠᠨ ᠥᠪᠡᠷᠲᠡᠭᠡᠨ ᠵᠠᠰᠠᠬᠤ ᠣᠷᠣᠨ᠎ᠤ ᠵᠠᠭᠤᠨ ᠬᠦᠴᠦᠷᠬᠡᠭ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ ᠪᠣᠯᠣᠨ᠎ᠠ; ᠨᠡᠶ᠋ᠢᠲᠡ 16 ᠡᠷᠦᠬᠡ ᠪᠠᠢ᠌ᠵᠤ᠂ ᠡᠵᠡᠩᠨᠡᠯᠲᠡ ᠵᠢᠨ ᠣᠷᠣᠯᠭ᠎ᠠ ᠵᠢᠨ ᠳᠠᠷᠠᠭ᠋ᠠᠯᠠᠯ ᠵᠶ᠋ᠠᠷ ᠵᠢᠭᠰᠠᠭ᠋ᠠᠪᠠ᠃ ᠭᠤᠷᠪᠠ᠎ᠳᠤ᠂ ᠭᠣᠣᠯᠳᠠᠯᠭ᠎ᠠ᠎ᠲᠠᠢ ᠠᠵᠤ ᠦᠢ᠍ᠯᠡᠰ᠎ᠤᠨ ᠬᠡᠯᠬᠢᠶ᠎ᠡ ᠵᠢᠨ ᠡᠵᠡᠨ ᠪᠣᠯᠬᠤ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠄ ᠲᠤᠬᠠᠢ᠌ᠯᠠᠪᠠᠯ ᠬᠠᠮᠢᠶ᠎ᠠ ᠪᠦᠬᠦᠢ ᠠᠵᠢᠯ ᠲᠥᠷᠥᠯ᠎ᠤᠨ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠯᠬᠢᠶ᠎ᠡ ᠵᠢᠨ ᠡᠵᠡᠨ ᠠᠵᠤ ᠠᠬᠤᠢ᠌ᠯᠠᠯ᠎ᠢ ᠭᠤᠶᠤᠴᠢᠯᠠᠨ ᠮᠡᠳᠡᠭᠦᠯᠬᠦ ᠪᠠ ᠬᠠᠮᠢᠶᠠᠷᠬᠤ ᠠᠷᠭ᠎ᠠ》 ᠵᠢ ᠦᠨᠳᠦᠰᠦᠯᠡᠵᠦ ᠰᠣᠩᠭᠣᠭᠰᠠᠨ ᠥᠪᠡᠷᠲᠡᠭᠡᠨ ᠵᠠᠰᠠᠬᠤ ᠣᠷᠣᠨ᠎ᠤ 16 ᠵᠤᠷᠪᠤᠰ ᠭᠣᠣᠯᠳᠠᠯᠭ᠎ᠠ᠎ᠲᠠᠢ ᠠᠵᠤ ᠦᠢ᠍ᠯᠡᠰ᠎ᠤᠨ ᠬᠡᠯᠬᠢᠶ᠎ᠡ ᠵᠢᠨ ᠡᠵᠡᠨ ᠠᠵᠤ ᠠᠬᠤᠢ᠌ᠯᠠᠯ ᠳᠣᠲᠣᠷᠠᠬᠢ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ; ᠨᠡᠶ᠋ᠢᠲᠡ 8 ᠡᠷᠦᠬᠡ ᠪᠠᠢ᠌ᠵᠤ᠂ ᠡᠵᠡᠩᠨᠡᠯᠲᠡ ᠵᠢᠨ ᠣᠷᠣᠯᠭ᠎ᠠ ᠵᠢᠨ ᠳᠠᠷᠠᠭ᠋ᠠᠯᠠᠯ ᠵᠶ᠋ᠠᠷ ᠵᠢᠭᠰᠠᠭ᠋ᠠᠪᠠ᠃ ᠳᠥᠷᠪᠡ᠎ᠳᠤ᠂ ᠵᠠᠬ᠎ᠠ ᠳᠡᠯᠭᠡᠭᠦᠷ᠎ᠲᠤ ᠭᠠᠷᠤᠭᠰᠠᠨ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠄ ᠲᠤᠬᠠᠢ᠌ᠯᠠᠪᠠᠯ ᠣᠲᠣ ᠪᠣᠯᠲᠠᠯ᠎ᠠ ᠮᠠᠨ᠎ᠤ ᠣᠷᠣᠨ᠎ᠤ ᠠᠷᠠᠳ᠎ᠤᠨ ᠡᠵᠡᠩᠨᠡᠯᠲᠡ ᠵᠢᠨ ᠵᠠᠬ᠎ᠠ ᠳᠡᠯᠭᠡᠭᠦᠷ᠎ᠲᠤ ᠭᠠᠷᠤᠭᠰᠠᠨ ᠠᠵᠤ ᠠᠬᠤᠢ᠌ᠯᠠᠯ᠎ᠤᠨ ᠳᠣᠲᠣᠷ᠎ᠠ᠂ ᠬᠢᠯᠢ ᠵᠢᠨ ᠳᠣᠲᠣᠷᠠᠬᠢ A ᠰᠲ᠋ᠣᠺ᠎ᠤᠨ ᠵᠠᠬ᠎ᠠ ᠳᠡᠯᠭᠡᠭᠦᠷ᠎ᠲᠤ ᠭᠠᠷᠤᠭᠰᠠᠨ ᠪᠥᠭᠡᠳ ᠲᠡᠮᠳᠡᠭᠲᠦ ᠵᠢᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠵᠢᠨ ᠲᠦᠭᠰᠢᠭᠦᠷᠢ ᠵᠢ ᠬᠢᠨᠠᠨ ᠰᠢᠨᠵᠢᠬᠦ ᠨᠡᠷᠡᠰ᠎ᠲᠤ ᠣᠷᠣᠭᠤᠯᠤᠭ᠋ᠠᠳᠤᠢ ᠠᠵᠤ ᠠᠬᠤᠢ᠌ᠯᠠᠯ; ᠨᠡᠶ᠋ᠢᠲᠡ 11 ᠡᠷᠦᠬᠡ ᠪᠠᠢ᠌ᠵᠤ᠂ ᠵᠠᠬ᠎ᠠ ᠳᠡᠯᠭᠡᠭᠦᠷ᠎ᠲᠤ ᠭᠠᠷᠤᠭᠰᠠᠨ ᠺᠣᠮᠫᠠᠨᠢ ᠵᠢᠨ ᠵᠠᠬ᠎ᠠ ᠳᠡᠯᠭᠡᠭᠦᠷ᠎ᠤᠨ ᠥᠷᠲᠡᠭ ᠵᠶ᠋ᠡᠷ ᠵᠢᠭᠰᠠᠭ᠋ᠠᠪᠠ; ᠲᠠᠪᠤ᠎ᠳᠤ᠂ ᠠᠵᠢᠯ ᠲᠥᠷᠥᠯ᠎ᠤᠨ ᠳᠠᠭ᠋ᠠᠭᠤᠯᠤᠭᠴᠢ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠄ ᠲᠤᠬᠠᠢ᠌ᠯᠠᠪᠠᠯ ᠤᠯᠤᠰ ᠠᠷᠠᠳ᠎ᠤᠨ ᠠᠵᠤ ᠠᠬᠤᠢ ᠵᠢᠨ ᠠᠵᠢᠯ ᠲᠥᠷᠥᠯ᠎ᠢ ᠬᠤᠪᠢᠶᠠᠬᠤ ᠪᠠᠷᠢᠮᠵᠢᠶ᠎ᠠ ᠵᠢ ᠦᠨᠳᠦᠰᠦᠯᠡᠨ᠂ 17 ᠠᠵᠢᠯ ᠲᠥᠷᠥᠯ᠎ᠤᠨ ᠲᠦᠷᠦᠭᠦᠸ᠋ ᠵᠢᠯ᠎ᠤᠨ ᠭᠣᠣᠯ ᠡᠵᠡᠩᠨᠡᠯᠲᠡ ᠵᠢᠨ ᠲᠤᠬᠠᠢ᠌ᠯᠠᠭᠰᠠᠨ ᠠᠵᠢᠯ᠎ᠤᠨ ᠣᠷᠣᠯᠭ᠎ᠠ᠎ᠪᠠᠷ ᠨᠢᠭᠡᠳᠦᠭᠡᠷ᠎ᠲᠤ ᠵᠢᠭᠰᠠᠭ᠋ᠠᠭᠳᠠᠭᠰᠠᠨ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ; ᠨᠡᠶ᠋ᠢᠲᠡ 4 ᠡᠷᠦᠬᠡ ᠪᠠᠢ᠌ᠵᠤ᠂ ᠡᠵᠡᠩᠨᠡᠯᠲᠡ ᠵᠢᠨ ᠣᠷᠣᠯᠭ᠎ᠠ ᠵᠢᠨ ᠳᠠᠷᠠᠭ᠋ᠠᠯᠠᠯ ᠵᠶ᠋ᠠᠷ ᠵᠢᠭᠰᠠᠭ᠋ᠠᠪᠠ᠃ ᠵᠢᠷᠭᠤᠭ᠎ᠠ᠎ᠳᠤ᠂ ᠭᠣᠣᠯᠳᠠᠯᠭ᠎ᠠ᠎ᠲᠠᠢ ᠪᠣᠢ᠌ᠵᠢᠭᠤᠯᠬᠤ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠄ ᠲᠤᠬᠠᠢ᠌ᠯᠠᠪᠠᠯ ᠠᠢ᠌ᠮᠠᠭ ᠬᠣᠲᠠ ᠲᠠᠨᠢᠯᠴᠠᠭᠤᠯᠤᠨ ᠳᠡᠭᠡᠭᠰᠢ ᠮᠡᠳᠡᠭᠦᠯᠵᠦ᠂ ᠥᠪᠡᠷᠲᠡᠭᠡᠨ ᠵᠠᠰᠠᠬᠤ ᠣᠷᠣᠨ ᠪᠤᠶᠤ ᠠᠢ᠌ᠮᠠᠭ ᠬᠣᠲᠠ᠎ᠯᠤᠭ᠎ᠠ ᠪᠠᠢ᠌ᠯᠳᠤᠬᠤ ᠪᠣᠳᠣᠯᠭ᠎ᠠ ᠵᠢᠨ ᠵᠥᠪᠯᠡᠯᠴᠡᠭᠡᠷ ᠲᠣᠭᠲᠠᠵᠤ᠂ ᠶᠡᠷᠦᠩᠬᠡᠢ ᠪᠡᠯᠡ ᠣᠷᠣᠭᠤᠯᠤᠯᠲᠠ᠎ᠨᠢ ᠵᠠᠭᠤᠨ ᠳ᠋ᠦᠩᠰᠢᠭᠤᠷ ᠲᠥᠭᠥᠷᠢᠭ᠎ᠠᠴᠠ ᠳᠡᠭᠡᠭᠰᠢ᠂ ᠲᠥᠰᠥᠯ᠎ᠢ ᠨᠢᠭᠡᠨᠲᠡ ᠠᠵᠢᠯ ᠡᠬᠢᠯᠡᠭᠦᠯᠦᠭᠰᠡᠨ ᠪᠤᠶᠤ ᠡᠯ᠎ᠡ ᠵᠦᠢ᠍ᠯ᠎ᠤᠨ ᠡᠮᠦᠨᠡᠬᠢ ᠬᠤᠭᠤᠴᠠᠭ᠋ᠠᠨ᠎ᠤ ᠭᠠᠷᠳᠠᠮ᠎ᠤᠨ ᠠᠬᠢᠴᠠ᠎ᠨᠢ ᠤᠷᠤᠭᠰᠢᠲᠠᠢ᠂ ᠲᠣᠭᠲᠠᠭᠰᠠᠨ ᠬᠤᠭᠤᠴᠠᠭ᠋ᠠᠨ᠎ᠳᠤ ᠨᠠᠢ᠌ᠳᠠᠪᠤᠷᠢᠵᠢᠭᠤᠯᠵᠤ ᠳᠡᠶ᠋ᠢᠯᠬᠦ ᠮᠥᠷᠲᠡᠭᠡᠨ ᠨᠢᠭᠡᠨᠲᠡ ᠮᠠᠨ᠎ᠤ ᠣᠷᠣᠨ᠎ᠳᠤ ᠳᠠᠩᠰᠠᠯᠠᠭᠤᠯᠤᠭᠰᠠᠨ ᠲᠣᠮᠣ ᠬᠡᠯᠪᠡᠷᠢ ᠵᠢᠨ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ; ᠨᠡᠶ᠋ᠢᠲᠡ 6 ᠡᠷᠦᠬᠡ ᠪᠠᠢ᠌ᠵᠤ᠂ ᠪᠡᠯᠡ ᠣᠷᠣᠭᠤᠯᠤᠯᠲᠠ ᠵᠢᠨ ᠬᠡᠪᠴᠢᠶ᠎ᠡ᠎ᠪᠠᠷ ᠵᠢᠭᠰᠠᠭ᠋ᠠᠪᠠ᠃ ᠳᠡᠭᠡᠷᠡᠬᠢ ᠡᠯ᠎ᠡ ᠲᠥᠷᠥᠯ ᠳᠣᠲᠣᠷᠠᠬᠢ ᠳᠠᠪᠬᠤᠷᠳᠠᠭᠰᠠᠨ ᠠᠵᠤ ᠠᠬᠤᠢ᠌ᠯᠠᠯ᠎ᠢ ᠤᠷᠢᠳ ᠵᠶ᠋ᠠᠷ ᠡᠮᠦᠨᠡᠬᠢ ᠲᠥᠷᠥᠯ ᠳᠣᠲᠣᠷ᠎ᠠ ᠢᠯᠡᠷᠡᠭᠦᠯᠦᠭᠰᠡᠨ ᠮᠥᠷᠲᠡᠭᠡᠨ ᠬᠠᠷᠭᠤᠭᠤᠯᠤᠨ ᠪᠠᠢ᠌ᠴᠠᠭ᠋ᠠᠬᠤ᠎ᠪᠠᠷ ᠳᠡᠮᠵᠢᠨ ᠬᠦᠨᠳᠦ ᠨᠣᠴᠢᠲᠠᠢ ᠢᠲᠡᠭᠡᠯ ᠠᠯᠳᠠᠭᠰᠠᠨ ᠠᠵᠤ ᠠᠬᠤᠢ᠌ᠯᠠᠯ᠎ᠢ ᠪᠠᠭᠲᠠᠭ᠋ᠠᠭᠰᠠᠨ ᠦᠭᠡᠢ᠃

    ᠡᠳᠦᠭᠡ 《ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠎ᠠ᠎ᠲᠠᠢ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠨᠡᠷᠡᠰ》᠎ᠢ ᠨᠡᠢ᠌ᠲᠡᠯᠡᠪᠡ᠂ ᠢᠯᠡ ᠨᠡᠢ᠌ᠲᠡᠯᠡᠬᠦ ᠬᠤᠭᠤᠴᠠᠭ᠎ᠠ᠎ᠨᠢ 5 ᠠᠵᠢᠯᠯᠠᠬᠤ ᠡᠳᠦᠷ ᠪᠠᠢ᠌ᠵᠤ᠂ 2024 ᠣᠨ᠎ᠤ 5 ᠳ᠋ᠤᠭ᠋ᠠᠷ ᠰᠠᠷ᠎ᠠ ᠵᠢᠨ 11᠎ᠤ ᠡᠳᠦᠷ᠎ᠠᠴᠠ 5 ᠳ᠋ᠤᠭ᠋ᠠᠷ ᠰᠠᠷ᠎ᠠ ᠵᠢᠨ 16᠎ᠤ ᠡᠳᠦᠷ ᠪᠣᠯᠲᠠᠯ᠎ᠠ᠃ ᠢᠯᠡ ᠨᠡᠢ᠌ᠲᠡᠯᠡᠬᠦ ᠬᠤᠭᠤᠴᠠᠭ᠋ᠠᠨ᠎ᠳᠤ᠂ ᠶᠠᠮᠠᠷᠪᠠ ᠬᠤᠪᠢ ᠬᠥᠮᠥᠨ᠂ ᠨᠢᠭᠡᠴᠢ ᠵᠠᠬᠢᠳᠠᠯ ᠢᠷᠡᠭᠦᠯᠬᠦ᠂ ᠤᠲᠠᠰᠤᠳᠠᠬᠤ ᠵᠡᠷᠭᠡ ᠠᠷᠭ᠎ᠠ᠎ᠪᠠᠷ ᠰᠠᠨᠠᠯ ᠰᠠᠨᠠᠭᠤᠯᠭ᠎ᠠ᠎ᠪᠠᠨ ᠲᠤᠰᠬᠠᠵᠤ ᠪᠣᠯᠣᠨ᠎ᠠ᠃ ᠠᠰᠠᠭᠤᠳᠠᠯ᠎ᠢ ᠲᠤᠰᠬᠠᠬᠤ᠎ᠳᠤ᠎ᠪᠠᠨ ᠦᠨᠡᠨ ᠪᠣᠳᠠᠲᠠᠢ ᠦᠨᠳᠦᠰᠦ ᠪᠠᠷᠢᠮᠲᠠ᠎ᠲᠠᠢ ᠪᠠᠢ᠌ᠵᠤ᠂ ᠨᠢᠭᠡᠴᠢ ᠵᠢᠨ ᠨᠡᠷ᠎ᠡ᠎ᠪᠠᠷ ᠠᠰᠠᠭᠤᠳᠠᠯ ᠲᠤᠰᠬᠠᠪᠠᠯ᠂ ᠠᠯᠪᠠᠨ ᠲᠠᠮᠠᠭ᠎ᠠ ᠳᠠᠷᠤᠬᠤ ᠬᠡᠷᠡᠭᠲᠡᠢ; ᠬᠤᠪᠢ ᠬᠥᠮᠥᠨ᠎ᠤ ᠨᠡᠷ᠎ᠡ᠎ᠪᠠᠷ ᠠᠰᠠᠭᠤᠳᠠᠯ ᠲᠤᠰᠬᠠᠪᠠᠯ᠂ ᠲᠣᠰ ᠬᠥᠮᠥᠨ᠎ᠤ ᠦᠨᠡᠨ ᠪᠣᠳᠠᠲᠠᠢ ᠣᠪᠣᠭ ᠨᠡᠷ᠎ᠡ ᠵᠢᠴᠢ ᠬᠦᠴᠦᠨ ᠪᠦᠬᠦᠢ ᠬᠠᠷᠢᠯᠴᠠᠬᠤ ᠠᠷᠭ᠎ᠠ ᠮᠠᠶᠢᠭ ᠵᠡᠷᠭᠡ ᠮᠡᠳᠡᠭᠡ ᠵᠠᠩᠭᠢ᠎ᠪᠠᠨ ᠬᠠᠩᠭ᠋ᠠᠬᠤ ᠬᠡᠷᠡᠭᠲᠡᠢ᠃ 《ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠎ᠠ᠎ᠲᠠᠢ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠨᠡᠷᠡᠰ》 ᠵᠢᠴᠢ ᠪᠠᠷᠢᠮᠵᠢᠶ᠎ᠠ᠎ᠳᠤ ᠪᠥᠬᠥ ᠣᠷᠣᠨ᠎ᠤ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠳ᠋ᠠᠢ᠌ᠲ᠋ᠠ ᠵᠢᠨ ᠬᠤᠪᠢᠷᠠᠯᠲᠠ ᠵᠢ ᠦᠨᠳᠦᠰᠦᠯᠡᠨ ᠴᠠᠭ ᠲᠤᠬᠠᠢ᠎ᠳᠤ᠎ᠨᠢ ᠬᠥᠳᠡᠯᠦᠩᠭᠦᠢ ᠲᠣᠬᠢᠷᠠᠭᠤᠯᠵᠤ᠂ ᠪᠠᠷᠢᠮᠵᠢᠶ᠎ᠠ᠎ᠳᠤ ᠰᠢᠨ᠎ᠡ᠎ᠪᠠᠷ ᠬᠦᠷᠦᠭᠰᠡᠨ ᠠᠵᠤ ᠠᠬᠤᠢ᠌ᠯᠠᠯ᠎ᠢ ᠴᠠᠭ ᠲᠤᠬᠠᠢ᠎ᠳᠤ᠎ᠨᠢ ᠨᠡᠷᠡᠰ᠎ᠲᠤ ᠣᠷᠣᠭᠤᠯᠵᠤ᠂ ᠪᠠᠷᠢᠮᠵᠢᠶ᠎ᠠ᠎ᠠᠴᠠ ᠳᠣᠣᠷ᠎ᠠ ᠠᠵᠤ ᠠᠬᠤᠢ᠌ᠯᠠᠯ ᠪᠠ ᠵᠥᠪᠯᠡᠯᠴᠡᠭᠡᠷ ᠶᠣᠰᠣᠭ᠋ᠠᠷ ᠲᠣᠭᠲᠠᠭᠰᠠᠨ ᠬᠤᠭᠤᠴᠠᠭ᠋ᠠᠨ᠎ᠳᠤ ᠨᠠᠢ᠌ᠳᠠᠪᠤᠷᠢᠵᠢᠭᠤᠯᠤᠭᠰᠠᠨ ᠦᠭᠡᠢ ᠭᠣᠣᠯᠳᠠᠯᠭ᠎ᠠ᠎ᠲᠠᠢ ᠪᠣᠢ᠌ᠵᠢᠭᠤᠯᠬᠤ ᠲᠥᠷᠥᠯ᠎ᠤᠨ ᠠᠵᠤ ᠠᠬᠤᠢ᠌ᠯᠠᠯ᠎ᠢ ᠨᠡᠷᠡᠰ᠎ᠠᠴᠠ ᠰᠢᠯᠵᠢᠭᠦᠯᠦᠨ ᠭᠠᠷᠭ᠋ᠠᠨ᠎ᠠ᠃

    ᠭᠥᠯᠢᠶᠡᠨ ᠠᠪᠴᠤ ᠰᠢᠢ᠍ᠳᠪᠦᠷᠢᠯᠡᠬᠦ ᠰᠠᠯᠠᠭ᠎ᠠ ᠮᠥᠴᠢᠷ᠄ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠡᠵᠡᠩᠨᠡᠯᠲᠡ ᠵᠢᠨ ᠠᠵᠤ ᠠᠬᠤᠢ ᠵᠢᠨ ᠬᠥᠭᠵᠢᠯᠲᠡ ᠵᠢᠨ ᠦᠢ᠍ᠯᠡᠴᠢᠯᠡᠭᠡᠨ᠎ᠤ ᠲᠣᠪᠴᠢᠶᠠᠨ᠎ᠤ ᠶᠡᠷᠦᠩᠬᠡᠢ᠌ᠯᠡᠭᠰᠡᠨ ᠭᠠᠵᠠᠷ

    ᠬᠠᠷᠢᠯᠴᠠᠬᠤ ᠬᠥᠮᠥᠨ ᠵᠢᠴᠢ ᠤᠲᠠᠰᠤ᠄ ᠴᠧᠨ ᠰᠧ ᠵᠧᠩ 0471-6659401

    ᠳᠠᠭ᠋ᠠᠯᠳᠤᠭᠤᠯᠤᠯ᠄ ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠎ᠠ᠎ᠲᠠᠢ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠨᠡᠷᠡᠰ

 

ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠡᠵᠡᠩᠨᠡᠯᠲᠡ ᠵᠢᠨ      

ᠠᠵᠤ ᠠᠬᠤᠢ ᠵᠢᠨ ᠬᠥᠭᠵᠢᠯᠲᠡ ᠵᠢᠨ ᠦᠢ᠍ᠯᠡᠴᠢᠯᠡᠭᠡᠨ᠎ᠤ ᠲᠣᠪᠴᠢᠶ᠎ᠠ     

2024 ᠣᠨ᠎ᠤ 5 ᠳ᠋ᠤᠭ᠋ᠠᠷ ᠰᠠᠷ᠎ᠠ ᠵᠢᠨ 11᠎ᠤ ᠡᠳᠦᠷ    

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ