ᠲᠡᠷᠢᠭᠦᠨ ᠬᠠᠭᠤᠳᠠᠰᠤ   -   ᠴᠢᠬᠤᠯᠠ ᠮᠡᠳᠡᠭᠡ
ᠠᠷᠠᠳ᠎ᠤᠨ ᠠᠮᠢᠳᠤᠷᠠᠯ ᠵᠣᠯ ᠵᠢᠷᠭᠠᠯ᠎ᠢᠶᠠᠷ ᠪᠢᠯᠬᠠᠮ᠎ᠡ — ᠡᠷᠡᠮᠡᠬᠡᠢᠯᠡᠨ ᠲᠡᠮᠡᠴᠡᠭ᠌ᠰᠡᠨ 2025·ᠵᠢᠯ᠎ᠤᠨ ᠡᠴᠦᠰ᠎ᠤᠨ ᠠᠵᠢᠭ᠍ᠯᠠᠯᠲᠠ (ᠭᠤᠷᠪᠠ)
ᠨᠡᠶ᠋ᠢᠲᠡᠯᠡᠭᠰᠡᠨ ᠴᠠᠭ᠄ 2025-12-30

ᠠᠷᠠᠳ᠎ᠤᠨ ᠠᠮᠢᠳᠤᠷᠠᠯ᠎ᠳᠤ ᠵᠢᠵᠢᠭ ᠶᠠᠪᠤᠳᠠᠯ ᠠᠯᠠᠭ᠎ᠠ᠃ 2025 ᠣᠨ᠎ᠳᠤ᠂ ᠥᠪᠥᠷ ᠮᠣᠩᠭᠣᠯ ᠬᠥᠭ᠌ᠵᠢᠯᠲᠡ᠎ᠶᠢᠨ ᠳᠤᠮᠳᠠ ᠠᠷᠠᠳ᠎ᠤᠨ ᠠᠮᠢᠳᠤᠷᠠᠯ᠎ᠢ ᠦᠷᠭᠦᠯᠵᠢᠯᠡᠨ ᠪᠠᠲᠤᠯᠠᠨ ᠰᠠᠢᠵᠢᠷᠠᠭᠤᠯᠵᠤ᠂ ᠪᠤᠳᠠᠳᠠᠢ ᠠᠷᠭ᠎ᠠ ᠬᠡᠮᠵᠢᠶ᠎ᠡ᠎ᠪᠡᠷ ᠣᠯᠠᠨ ᠲᠦᠮᠡᠨ᠎ᠦ ᠬᠦᠰᠡᠯ ᠡᠷᠡᠮᠡᠯᠵᠡᠯ᠎ᠳᠤ ᠬᠠᠷᠢᠭᠤᠯᠲᠠ ᠥᠭ᠌ᠴᠦ᠂ ᠠᠷᠠᠳ᠎ᠤᠨ ᠠᠮᠢᠳᠤᠷᠠᠯ᠎ᠤᠨ ᠠᠵᠠ ᠵᠢᠷᠭᠠᠯ᠎ᠢ ᠨᠡᠮᠡᠭ᠌ᠳᠡᠭᠦᠯᠵᠤ᠂ ᠲᠦᠭ ᠲᠦᠮᠡᠨ ᠠᠢᠯ ᠡᠷᠤᠬᠡ᠎ᠶᠢᠨ ᠵᠤᠯ ᠵᠢᠷᠭᠠᠯ᠎ᠢ ᠨᠡᠮᠡᠭᠳᠡᠬᠦᠯᠪᠡ᠃

ᠦᠳᠡᠬᠦᠰ ᠨᠢᠯᠬᠠᠰ ᠵᠢᠨᠨ ᠠᠰᠠᠷᠠᠨ ᠬᠠᠷᠠᠭᠠᠯᠵᠠᠵᠤ ᠵᠤᠯ ᠵᠢᠷᠭᠠᠯ ᠡᠳ᠋ᠯᠡᠬᠦᠯᠪᠡ

ᠦᠷ᠎ᠤᠨ ᠲᠤᠶᠠᠭ᠎ᠠ ᠬᠥᠬᠡᠬᠣᠲᠠ᠎ᠶᠢᠨ ᠵᠡᠭᠡᠯᠢ ᠭᠤᠳᠤᠮᠵᠢ᠎ᠶᠢ ᠬᠡᠢᠬᠦᠯᠬᠦ᠎ᠳᠤ᠂ ᠸᠠᠩ ᠢ ᠬᠣᠶᠠᠷ ᠬᠡᠦᠬᠡᠳ᠎ᠢᠶᠡᠨ ᠬᠥᠲᠥᠯᠵᠦ᠍ ᠭᠡᠷ᠎ᠤᠨ ᠡᠬᠦᠳᠡᠨ᠎ᠳᠡᠬᠢ ᠬᠡᠦᠬᠡᠳ ᠰᠠᠭᠠᠲᠠᠭᠤᠯᠬᠤ ᠭᠠᠵᠠᠷ᠎ᠲᠦ ᠬᠦᠷᠬᠡᠯ᠎ᠡ᠃

2025 ᠣᠨ᠎ᠳᠤ᠂ ᠥᠪᠥᠷ ᠮᠣᠩᠭᠣᠯ ᠦᠷᠡᠵᠢᠯ᠎ᠤᠨ ᠳᠡᠮᠵᠢᠯᠭᠡ᠂ ᠲᠦᠭᠡᠮᠡᠯ ᠬᠠᠷᠠᠭᠠᠯᠵᠠᠯᠲᠤ ᠬᠡᠦᠬᠡᠳ ᠰᠠᠭᠠᠲᠠᠭᠤᠯᠬᠤ ᠦᠶ᠋ᠯᠡᠴᠢᠯᠡᠭᠡ ᠵᠡᠷᠭᠡ ᠲᠠᠯ᠎ᠠ᠎ᠪᠠᠷ ᠠᠵᠤ ᠠᠬᠤᠶ᠎ᠶᠢᠨ ᠨᠥᠬᠥᠪᠥᠷᠢ᠎ᠶ᠋ᠢ ᠨᠠᠢᠳᠠᠪᠤᠷᠢᠵᠢᠭᠤᠯᠬᠤ᠂ ᠦᠷᠡᠵᠢᠯ᠎ᠤᠨ ᠠᠮᠠᠷᠠᠯᠲᠠ᠎ᠶᠢᠨ ᠲᠦᠷᠢᠮ᠎ᠢ ᠠᠬᠢᠭᠤᠯᠬᠤ᠂ 8 ᠵᠦᠶ᠋ᠯ᠎ᠤᠨ ᠲᠤᠰᠠᠯᠠᠬᠤ ᠦᠷᠡᠵᠢᠯ᠎ᠤᠨ ᠮᠡᠷᠭᠡᠵᠢᠯ ᠪᠠ ᠬᠥᠩᠭᠡᠵᠢᠯᠲᠡ᠎ᠶᠢᠨ ᠡᠪᠡᠳᠬᠦ᠌᠎ᠶ᠋ᠢ ᠨᠠᠮᠳᠠᠭᠤᠯᠬᠤ ᠲᠦᠷᠦᠯ ᠵᠦᠢᠯ᠎ᠢ ᠡᠮ ᠡᠮᠨᠡᠯᠭᠡ᠎ᠶᠢᠨ ᠳᠠᠭᠠᠳᠭᠠᠯ᠎ᠳᠤ ᠤᠷᠤᠭᠤᠯᠵᠤ᠂ ᠲᠦᠭᠡᠮᠡᠯ ᠬᠠᠷᠠᠭᠠᠯᠵᠠᠯᠲᠤ ᠬᠡᠦᠬᠡᠳ ᠰᠠᠭᠠᠳᠠᠭᠤᠯᠵᠤ ᠬᠦᠮᠦᠵᠢᠬᠦᠯᠬᠦ ᠦᠶ᠋ᠯᠡᠴᠢᠯᠡᠭᠡᠨ᠎ᠦ ᠪᠠᠢᠭᠤᠯᠤᠮᠵᠢ᠎ᠶᠢᠨ ᠬᠥᠩᠭᠡᠵᠢᠯᠳᠡ᠎ᠶᠢᠨ ᠳᠤᠮᠳᠠᠴᠢ ᠲᠣᠭ᠍ᠲᠠᠭ᠍ᠰᠠᠨ ᠲᠣᠭᠠᠨ᠎ᠤ ᠨᠥᠬᠥᠪᠥᠷᠢ ᠣᠯᠭᠣᠬᠤ᠂ 3 ᠨᠠᠰᠤᠨ ᠡᠴᠡ ᠳᠣᠷᠣᠭ᠍ᠰᠢᠬᠢ ᠨᠢᠯᠬ᠎ᠠ ᠬᠡᠦᠬᠡᠳ᠎ᠢ ᠠᠰᠠᠷᠠᠨ ᠬᠠᠷᠠᠭᠠᠯᠵᠠᠬᠤ ᠵᠠᠷᠤᠳᠡᠯ᠎ᠢ ᠬᠤᠪᠢ ᠬᠥᠮᠦᠨ᠎ᠦ ᠤᠯᠵᠠᠪᠤᠷᠢ᠎ᠶᠢᠨ ᠭᠠᠢᠯᠢ᠎ᠶᠢᠨ ᠲᠤᠰᠭᠠᠶ ᠵᠦᠶ᠋ᠯ᠎ᠤᠨ ᠨᠡᠮᠡᠯᠲᠡ ᠰᠠᠭᠤᠳᠬᠠᠯ᠎ᠳᠤ ᠤᠷᠤᠭᠤᠯᠬᠤ ᠵᠡᠷᠭᠡ ᠣᠯᠠᠨ ᠵᠦᠶ᠋ᠯ᠎ᠤᠨ ᠠᠷᠭ᠎ᠠ ᠬᠡᠮᠵᠢᠶ᠎ᠡ᠎ᠪᠡᠷ ᠳᠠᠮᠵᠢᠭᠤᠯᠤᠨ ᠬᠡᠷ ᠪᠦᠯᠢ᠎ᠶᠢᠨ ᠬᠡᠤᠬᠡᠳ ᠬᠦᠮᠦᠵᠢᠬᠦᠯᠬᠦ ᠥᠪᠡᠷ᠎ᠤᠨ ᠥᠷᠲᠡᠭ᠎ᠢ ᠦᠨᠡᠨ ᠬᠦ᠌ ᠪᠠᠭᠤᠷᠠᠭᠤᠯᠪᠠ᠃

ᠥᠪᠥᠷ ᠮᠣᠩᠭᠣᠯ᠎ᠳᠤ ᠨᠡᠢᠭᠡᠮ ᠲᠣᠭᠣᠷᠢᠭ᠎ᠤᠨ ᠡᠭᠦᠳᠡᠨ᠎ᠳᠤ ᠪᠠᠢᠭᠤᠯᠤᠭ᠍ᠰᠠᠨ ᠲᠤᠰᠭᠠᠶ ᠮᠡᠷᠭᠡᠵᠢᠯ᠎ᠤᠨ ᠬᠡᠦᠬᠡᠳ ᠰᠠᠭᠠᠳᠠᠭᠤᠯᠵᠤ ᠬᠦᠮᠦᠵᠢᠬᠦᠯᠬᠦ ᠪᠠᠢᠭᠤᠯᠤᠮᠵᠢ ᠨᠢᠭᠡᠨᠲᠡ 2100 ᠭᠠᠷᠤᠶ ᠪᠤᠯᠵᠤ᠂ ᠬᠡᠦᠬᠡᠳ ᠦᠰᠬᠡᠬᠦ ᠨᠥᠬᠥᠪᠥᠷᠢ᠎ᠶᠢ ᠭᠤᠶᠤᠴᠢᠯᠠᠨ ᠠᠪᠤᠭ᠍ᠰᠠᠨ ᠬᠥᠮᠦᠨ᠎ᠦ ᠲᠣᠭ᠎ᠠ 45.3 ᠲᠦᠮᠡ᠎ᠳᠤ ᠬᠦᠷᠴᠦ᠍᠂ ᠲᠦᠭᠡᠮᠡᠯ ᠬᠠᠷᠠᠭᠠᠯᠵᠠᠯᠲᠤ ᠬᠡᠦᠬᠡᠳ ᠰᠠᠭᠠᠳᠠᠭᠤᠯᠬᠤ ᠦᠶ᠋ᠯᠡᠴᠢᠯᠡᠭᠡᠨ᠎ᠦ ᠪᠠᠢᠭᠤᠯᠤᠮᠵᠢ᠎ᠶᠢᠨ ᠰᠣᠷᠣᠭ᠍ᠴᠢ ᠪᠦᠷᠢ᠎ᠶᠢᠨ ᠲᠣᠭ᠍ᠲᠠᠭ᠍ᠰᠠᠨ ᠲᠣᠭᠠᠨ᠎ᠤ ᠨᠥᠬᠥᠪᠥᠷᠢ ᠨᠢ ᠨᠢᠭᠡᠨᠲᠡ 7.4 ᠲᠦᠮᠡᠨ ᠬᠥᠮᠦᠨ ᠤᠳᠠᠭ᠎ᠠ᠎ᠳᠤ ᠠᠰᠢᠬ ᠬᠦᠷᠳᠡᠬᠡᠵᠦ᠂ ᠮᠢᠩᠭᠠᠨ ᠬᠥᠮᠦᠨ ᠠᠮᠠ ᠪᠦᠷᠢ᠎ᠳᠤ 3 ᠨᠠᠰᠤᠨ ᠡᠴᠡ ᠲᠤᠷᠤᠭᠰᠢᠬᠢ ᠬᠡᠦᠬᠡᠳ ᠰᠠᠭᠠᠳᠠᠭᠤᠯᠵᠤ ᠬᠦᠮᠦᠵᠢᠬᠦᠯᠬᠦ ᠣᠷᠣᠨ ᠲᠣᠭ᠎ᠠ᠎ᠶᠢ 4.5 ᠎ᠡᠴᠡ ᠲᠠᠪᠠᠭᠤᠯᠵᠤ᠂ ᠬᠡᠦᠬᠡᠳ ᠠᠪᠬᠤ᠎ᠳᠤ ᠨᠠᠩ ᠰᠠᠨᠠᠭ᠎ᠠ ᠠᠮᠤᠷ᠂ ᠬᠡᠦᠬᠡᠳ ᠬᠥᠮᠦᠵᠢᠭᠦᠯᠬᠦ᠌᠎ᠳᠤ ᠨᠠᠩ ᠲᠠᠭᠠᠯᠠᠮᠵᠢᠲᠠᠶ ᠪᠤᠯᠭᠠᠪᠠ᠃

ᠡᠪᠦᠯ᠎ᠤᠨ ᠡᠬᠢ᠎ᠪᠡᠷ᠂ ᠤᠷᠳᠤᠰ ᠬᠤᠳᠠ᠎ᠶᠢᠨ ᠦᠦᠱᠢᠨ ᠬᠣᠱᠢᠭᠤᠨ᠎ᠤ ᠦᠦᠱᠢᠨᠵᠤᠤ ᠪᠠᠯᠭᠠᠰᠤ᠎ᠶᠢᠨ ᠬᠤᠯᠪᠤᠭᠠᠯᠵᠢ ᠲᠣᠰᠭᠣᠨ᠎ᠤ 《ᠵᠣᠯ ᠵᠢᠷᠭᠠᠯᠲᠤ ᠪᠠᠭ᠎ᠠ ᠬᠦᠷᠢᠶᠡᠯᠡᠨᠭ》᠎ᠳᠦ ᠪᠠᠶᠠᠷ ᠬᠦᠷ ᠢ᠋ᠢᠡᠷ ᠪᠢᠯᠬᠠᠨ᠎ᠡ᠃ 2025 ᠣᠨ᠎ᠳᠤ᠂ ᠥᠪᠥᠷ ᠮᠣᠩᠭᠣᠯ ᠮᠠᠯᠵᠢᠬᠤ ᠲᠠᠷᠢᠶᠠᠯᠠᠬᠤ ᠣᠷᠣᠨ᠎ᠤ ᠬᠠᠷᠢᠯᠴᠠᠨ ᠬᠠᠪᠰᠤᠷᠤᠯᠴᠠᠬᠤ ᠨᠠᠰᠤᠵᠢᠯ᠎ᠤᠨ ᠠᠰᠠᠷᠠᠮᠵᠢ᠎ᠶᠢᠨ ᠵᠢᠷᠭᠠᠯᠠᠩᠲᠤ ᠬᠦᠷᠢᠶᠡᠯᠡᠩ᠎ᠤᠨ 5000 ᠡᠷᠦᠬᠡ᠎ᠶᠢᠨ ᠳᠤᠯᠠᠭᠠᠯᠠᠭ᠎ᠠ᠎ᠶᠢᠨ ᠲᠦᠬᠦᠬᠡᠷᠤᠮᠵᠢ᠎ᠶᠢ ᠦᠬᠡᠷᠡᠴᠢᠯᠡᠨ ᠰᠠᠢᠵᠢᠷᠠᠭᠤᠯᠵᠤ᠂ ᠰᠤᠮᠤ ᠱᠢᠶᠠᠩ ᠪᠠᠯᠭᠠᠰᠤ ᠣᠷᠣᠨ ᠪᠦᠰᠡ᠎ᠶᠢᠨ ᠨᠠᠰᠤᠵᠢᠯ᠎ᠤᠨ ᠠᠰᠠᠷᠠᠮᠵᠢ᠎ᠶᠢᠨ ᠦᠶ᠋ᠯᠡᠴᠢᠯᠡᠭᠡᠨ᠎ᠦ ᠲᠥᠪ᠎ᠢ 93᠂ ᠲᠣᠰᠭᠣᠨ᠎ᠤ ᠱᠠᠲᠤᠨ᠎ᠤ ᠨᠠᠰᠤᠵᠢᠯ᠎ᠤᠨ ᠠᠰᠠᠷᠠᠮᠵᠢ᠎ᠶᠢᠨ ᠦᠶ᠋ᠯᠡᠴᠢᠯᠡᠭᠡᠨ᠎ᠦ ᠥᠷᠲᠡᠭᠡ᠎ᠶ᠋ᠢ 1093 ᠪᠠᠢᠭᠤᠯᠵᠤ᠂ 284 ᠵᠢᠷᠭᠠᠯᠠᠩᠲᠤ ᠬᠦᠷᠢᠶᠡᠯᠡᠩ᠎ᠤᠨ ᠴᠢᠳᠠᠪᠬᠢ᠎ᠶᠢ ᠥᠷᠭᠡᠳᠭᠡᠨ ᠳᠡᠭᠡᠭ᠌ᠰᠢᠯᠡᠭᠦᠯᠵᠤ᠂ ᠬᠥᠳᠡᠭᠡ ᠲᠣᠰᠭᠣᠨ᠎ᠤ ᠨᠠᠰᠤᠲᠠᠢᠴᠤᠳ᠎ᠲᠤ ᠴᠢᠨᠠᠷ ᠰᠠᠢᠲᠠᠶ ᠨᠠᠰᠤᠵᠢᠯ᠎ᠤᠨ ᠠᠰᠠᠷᠠᠮᠵᠢ᠎ᠶᠢᠨ ᠦᠶ᠋ᠯᠡᠴᠢᠯᠡᠭᠡ ᠬᠦᠷᠲᠡᠭᠡᠪᠡ᠃

ᠥᠪᠥᠷ ᠮᠣᠩᠭᠣᠯ ᠣᠶᠤᠨᠴᠢ ᠨᠠᠰᠤᠵᠢᠯ᠎ᠤᠨ ᠠᠰᠠᠷᠠᠮᠵᠢ᠎ᠶᠢᠨ ᠲᠥᠬᠥᠭᠡᠷᠦᠮᠵᠢ᠎ᠶ᠋ᠢ ᠢᠳᠡᠪᠬᠢᠲᠡᠶ ᠳᠡᠯᠭᠡᠷᠡᠭᠦᠯᠦᠨ ᠬᠡᠷᠡᠭ᠌ᠯᠡᠵᠦ᠍᠂ ᠨᠠᠰᠤᠲᠠᠢᠴᠤᠳ ᠬᠡᠷ᠎ᠲᠡᠬᠡᠨ ᠰᠠᠭᠤᠵᠤ ᠡᠷᠡᠭᠦᠯ ᠮᠡᠨᠳᠦ᠍᠎ᠶᠢᠨ ᠬᠢᠨᠠᠨ ᠬᠡᠮᠵᠢᠯᠲᠡ᠂ ᠪᠠᠴᠢᠮ ᠠᠪᠤᠷᠠᠨ ᠲᠤᠰᠠᠯᠠᠯᠲᠠ᠎ᠶᠢᠨ ᠤᠢᠯᠡᠴᠢᠯᠡᠬᠡ ᠬᠦᠷᠳᠡᠵᠦ ᠲᠡᠢᠯᠭᠦ ᠪᠤᠯᠪᠡ; ᠨᠠᠰᠤᠲᠠᠢᠴᠤᠳ᠎ᠲᠤ ᠲᠤᠰᠠᠯᠠᠬᠤ ᠬᠣᠭᠣᠯᠠᠨ ᠬᠡᠷ᠎ᠢ ᠱᠢᠨ᠎ᠡ᠎ᠪᠡᠷ 527 ᠨᠡᠮᠡᠭ᠌ᠳᠡᠭᠦᠯᠵᠦ᠍᠂ ᠬᠡᠷ ᠪᠦᠯᠢ᠎ᠶᠢᠨ ᠨᠠᠰᠤᠵᠢᠯ᠎ᠤᠨ ᠠᠰᠠᠷᠠᠮᠵᠢ᠎ᠶᠢᠨ 《ᠡᠴᠦᠰ᠎ᠤᠨ ᠨᠢᠭᠡ ᠺᠢᠯᠦᠮᠧᠲ᠋ᠷ》᠎ᠢ ᠨᠡᠪᠲᠡᠷᠡᠭᠦᠯᠪᠡ; ᠨᠠᠰᠤᠵᠢᠯ᠎ᠤᠨ ᠠᠰᠠᠷᠠᠮᠵᠢ᠎ᠶᠢᠨ ᠮᠥᠩᠭᠥ᠎ᠶᠢᠨ ᠬᠠᠷᠠᠭᠠᠯᠵᠠᠯ᠎ᠤᠨ ᠲᠦᠪᠱᠢᠨ᠎ᠢ ᠦᠷᠭᠦᠯᠵᠢᠯᠡᠨ ᠳᠡᠭᠡᠭ᠌ᠰᠢᠯᠡᠭᠦᠯᠵᠦ᠍᠂ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠦ ᠨᠥᠬᠥᠪᠥᠷᠢ᠎ᠶᠢᠨ ᠲᠦᠷᠢᠮ᠎ᠢ ᠪᠦᠷᠢᠨᠱᠢᠬᠥᠯᠤᠨ᠂ ᠨᠠᠰᠤᠲᠠᠢᠴᠤᠳ ᠥᠲᠡᠯᠦᠭᠡ ᠨᠠᠰᠤ ᠪᠡᠨ ᠵᠣᠯ ᠵᠢᠷᠭᠠᠯ᠎ᠲᠠᠶ᠎ᠪᠠᠷ ᠦᠨᠭᠬᠡᠷᠡᠬᠦᠯᠬᠦ ᠪᠤᠯᠪᠠ᠃

ᠤᠯᠠᠨ ᠲᠦᠮᠡᠨ᠎ᠦ ᠡᠷᠡᠬᠦᠯ ᠮᠡᠨᠳᠤ᠎ᠶᠢ ᠪᠠᠳᠤᠯᠠᠪᠠ

ᠬᠥᠬᠡᠬᠣᠲᠠ᠎ᠶᠢᠨ ᠲᠣᠭ᠍ᠲᠠᠬᠤ ᠱᠢᠶᠠᠨ᠎ᠤ ᠡᠮᠨᠡᠯᠭᠡ᠎ᠶᠢᠨ ᠬᠣᠷᠢᠶᠠᠨ᠎ᠳᠤ ᠬᠠᠪᠰᠤᠷᠤᠨ ᠲᠡᠳᠬᠦᠬᠦ ᠠᠵᠢᠯ ᠦᠷᠨᠢᠬᠦᠯᠵᠤ ᠪᠠᠢᠭ᠎ᠠ ᠪᠡᠭᠡᠵᠢᠩ᠎ᠤᠨ ᠱᠢᠶᠧ ᠾᠧ ᠡᠮᠨᠡᠯᠭᠡ᠎ᠶᠢᠨ ᠬᠤᠷᠢᠶ᠎ᠡ᠎ᠶᠢᠨ ᠳᠦᠷᠬᠦ ᠵᠠᠰᠠᠬᠤ ᠭᠠᠳᠠᠷ ᠰᠠᠯᠠᠭᠠᠨ᠎ᠤ ᠲᠤᠰᠭᠠᠢ ᠮᠡᠷᠭᠡᠵᠢᠯᠲᠡᠨ ᠵᠠᠩ ᠬᠠᠢ ᠯᠢᠨ 43 ᠨᠠᠰᠤᠲᠠᠢ ᠯᠢᠦ ᠠᠪᠤᠭᠠᠢ᠎ᠶᠢᠨ ᠪᠠᠷᠠᠭᠤᠨ ᠨᠢᠳᠤᠨ᠎ᠳᠤ ᠮᠠᠰᠡ ᠵᠠᠰᠠᠯ ᠬᠢᠵᠤ ᠦᠭᠬᠦᠭᠰᠡᠨ ᠡᠴᠡ ᠲᠡᠬᠦᠨ᠎ᠦ ᠨᠢᠳᠦ ᠨᠢ ᠬᠡᠷᠡᠯ᠎ᠢ ᠲᠤᠳᠤᠷᠬᠠᠢ ᠤᠯᠵᠤ ᠦᠵᠡᠬᠦ ᠪᠤᠯᠵᠤ ᠪᠠᠶᠠᠷᠯᠠᠭᠰᠠᠨ ᠰᠡᠳᠬᠢᠯ᠎ᠢᠶᠡᠨ ᠲᠠᠷᠤᠵᠤ ᠶᠠᠳᠠᠨ᠎ᠡ᠃

12 ᠰᠠᠷ᠎ᠠ᠎ᠶᠢᠨ 20 ᠎ᠤ᠋ ᠡᠳᠦᠷ ᠪᠣᠯᠲᠠᠯ᠎ᠠ᠂ ᠪᠡᠭᠡᠵᠢᠩ ᠬᠣᠲᠠ ᠨᠢᠭᠡᠨᠲᠡ ᠲᠤᠷᠰᠢᠯᠭ᠎ᠠ ᠰᠠᠢᠳᠠᠢ 2050 ᠲᠤᠰᠭᠠᠶ ᠮᠡᠷᠭᠡᠵᠢᠯᠲᠡᠨ᠎ᠢ ᠥᠪᠥᠷ ᠮᠣᠩᠭᠣᠯ᠎ᠳᠤ ᠲᠤᠮᠢᠯᠠᠨ᠂ ᠨᠡᠢᠲᠡ 2.95 ᠲᠦᠮᠡᠨ ᠬᠥᠮᠦᠨ ᠤᠳᠠᠭ᠎ᠠ ᠡᠮᠴᠢᠯᠡᠬᠦᠯᠵᠦ᠂ ᠬᠦᠴᠢᠷ ᠲᠦᠪᠡᠭ᠌ᠲᠡᠶ ᠪᠤᠳᠤᠯᠢᠶᠠᠨᠲᠠᠶ ᠡᠪᠡᠳᠴᠢᠲᠡᠨ᠎ᠢ 45 ᠲᠦᠮᠡᠨ ᠬᠥᠮᠦᠨ ᠤᠳᠠᠭ᠎ᠠ ᠭᠥᠯᠢᠶᠡᠨ ᠠᠪᠴᠤ᠌ ᠡᠮᠴᠢᠯᠡᠪᠡ᠃ ᠪᠡᠭᠡᠵᠢᠩ ᠥᠪᠥᠷ ᠮᠣᠩᠭᠣᠯ᠎ᠤᠨ ᠬᠠᠮᠵᠢᠯᠴᠠᠭ᠎ᠠ ᠡᠷᠡᠭᠦᠯ ᠮᠡᠨᠳᠦ᠍᠎ᠶᠢᠨ ᠬᠥᠭᠥᠷᠭᠡ᠎ᠶ᠋ᠢ ᠪᠤᠰᠭᠠᠵᠤ᠂ ᠥᠪᠥᠷ ᠮᠣᠩᠭᠣᠯ᠎ᠤᠨ ᠠᠷᠠᠳ ᠢᠷᠭᠡᠳ ᠬᠡᠷ᠎ᠤᠨ ᠡᠭᠦᠳᠡᠨ᠎ᠳᠡᠭᠡᠨ ᠡᠷᠡᠭᠦᠯ ᠮᠡᠨᠳᠦ᠍᠎ᠢ᠋ᠢᠨ ᠤᠢᠯᠡᠴᠢᠯᠡᠬᠡ ᠬᠦᠷᠳᠡᠪᠡ᠃

《ᠮᠢᠨᠦ᠍ ᠡᠪᠡᠳᠴᠢᠨ ᠦᠵᠡᠭᠦᠯᠬᠦ᠌ ᠵᠠᠷᠤᠳᠠᠯ ᠨᠡᠮᠡᠭ᠌ᠳᠡᠭ᠌ᠰᠡᠨ᠎ᠢ ᠮᠡᠳᠡᠬᠡᠳ ᠲᠠᠳᠠ ᠰᠠᠨᠠᠭᠠᠴᠢᠯᠠᠭ᠎ᠠ᠎ᠠᠴᠠ᠎ᠪᠠᠨ ᠨᠠᠳᠠ᠎ᠳᠤ ᠠᠮᠢᠳᠤᠷᠠᠯ᠎ᠤᠨ ᠨᠠᠭᠠᠳᠤ ᠵᠠᠬ᠎ᠠ᠎ᠶᠢᠨ ᠪᠠᠲᠤᠯᠠᠭ᠎ᠠ ᠭᠤᠶᠤᠴᠢᠯᠠᠵᠤ ᠦᠭᠴᠡᠢ᠂ ᠣᠲᠣ ᠰᠠᠷ᠎ᠠ᠎ᠳᠤ 790 ᠲᠥᠭᠥᠷᠢᠭ᠎ᠤᠨ ᠨᠠᠭᠠᠳᠤ ᠵᠠᠬ᠎ᠠ᠎ᠶᠢᠨ ᠠᠮᠢᠳᠤᠷᠠᠯ᠎ᠤᠨ ᠪᠠᠲᠤᠯᠠᠭ᠎ᠠ᠎ᠶᠢᠨ ᠮᠥᠩᠭᠥ᠌ ᠣᠯᠵᠤ ᠪᠠᠢᠨ᠎ᠠ》 ᠭᠡᠵᠦ᠍ ᠱᠢᠯᠢ᠎ᠶᠢᠨ ᠭᠤᠤᠯ ᠠᠢᠮᠠᠭ᠎ᠤᠨ ᠪᠠᠷᠠᠭᠤᠨ ᠦᠵᠦᠮᠦᠴᠢᠨ ᠬᠣᠱᠢᠭᠤᠨ᠎ᠤ ᠪᠠᠯᠭᠠᠷᠭᠤᠤᠯ ᠪᠠᠯᠭᠠᠰᠤᠨ᠎ᠤ ᠨᠠᠭᠠᠳᠤ ᠵᠠᠬ᠎ᠠ᠎ᠶᠢᠨ ᠠᠮᠢᠳᠤᠷᠡᠯ᠎ᠤᠨ ᠪᠠᠲᠤᠯᠠᠭ᠎ᠠ ᠭᠥᠷᠳᠡᠭ᠌ᠴᠢ ᠱᠢᠤᠢ ᠭᠤᠸᠠᠶ ᠬᠡᠯᠡᠨ᠎ᠡ᠃ ᠥᠪᠥᠷ ᠮᠣᠩᠭᠣᠯ ᠣᠷᠣᠯᠭ᠎ᠠ ᠪᠠᠭ᠎ᠠ ᠬᠥᠮᠦᠨ ᠠᠮᠠ᠎ᠶ᠋ᠢ ᠬᠥᠳᠡᠯᠦᠩᠭᠦᠶ᠎ᠪᠡᠷ ᠬᠢᠨᠠᠨ ᠬᠡᠮᠵᠢᠬᠦ᠌ ᠮᠡᠳᠡᠭᠡ ᠵᠠᠩᠭᠢ᠎ᠶᠢᠨ ᠲᠠᠪᠴᠠᠩ᠎ᠪᠠᠢᠭᠤᠯᠵᠤ᠂ ᠬᠣᠲᠠ᠂ ᠱᠢᠶᠠᠨ᠂ ᠱᠢᠶᠠᠩ᠂ ᠲᠣᠰᠭᠣᠨ ᠳᠥᠷᠪᠡᠨ ᠱᠠᠲᠤ᠎ᠶ᠋ᠢ ᠬᠠᠮᠤᠷᠴᠤ᠌᠂ ᠲᠣᠮᠣ ᠳ᠋ᠠᠢᠲ᠋ᠠ᠎ᠶᠢᠨ ᠵᠠᠳᠠᠯᠤᠯᠲᠠ᠎ᠪᠠᠷ ᠳᠡᠮᠵᠢᠨ ᠠᠪᠤᠷᠠᠨ ᠲᠤᠰᠠᠯᠠᠬᠤ ᠡᠲᠡᠭᠡᠳ᠎ᠢ ᠣᠨᠣᠪᠴᠢᠲᠠᠶ ᠢᠯᠭᠠᠨ ᠲᠠᠨᠢᠵᠤ᠂ 《ᠲᠥᠷᠥ᠎ᠶᠢᠨ ᠪᠣᠳᠣᠯᠭ᠎ᠠ᠎ᠪᠠᠷ ᠬᠥᠮᠦᠨ ᠡᠷᠢᠵᠦ᠍》᠂ ᠠᠪᠤᠷᠠᠨ ᠲᠤᠰᠠᠯᠠᠵᠤ ᠬᠠᠪᠰᠤᠷᠤᠨ ᠲᠡᠳᠬᠦᠬᠦ᠌᠎ᠠᠵᠢᠯ᠎ᠢ ᠨᠠᠩ ᠰᠠᠨᠠᠭᠠᠴᠢᠯᠠᠭ᠎ᠠ᠎ᠲᠠᠶ᠂ ᠴᠠᠭ ᠲᠤᠬᠠᠶ ᠳ᠋ᠤᠨᠢ ᠬᠠᠪᠰᠤᠷᠴᠦ ᠲᠡᠢᠯᠬᠦ ᠪᠣᠯᠭᠠᠪᠠ᠃

2025 ᠣᠨ᠎ᠳᠤ᠂ ᠪᠥᠬᠥ᠌ ᠣᠷᠣᠨ᠎ᠤ ᠬᠣᠲᠠ ᠬᠥᠳᠡᠭᠡ᠎ᠶᠢᠨ ᠨᠠᠭᠠᠳᠤ ᠵᠠᠬ᠎ᠠ᠎ᠶᠢᠨ ᠠᠮᠢᠳᠤᠷᠠᠯ᠎ᠤᠨ ᠪᠠᠲᠤᠯᠠᠭ᠎ᠠ᠎ᠶᠢᠨ ᠳᠤᠮᠳᠠᠴᠢ ᠪᠠᠷᠢᠮᠵᠢᠶ᠎ᠠ ᠲᠣᠰ ᠲᠣᠰ ᠰᠠᠷ᠎ᠠ᠎ᠶᠢᠨ 815 ᠲᠥᠭᠥᠷᠢᠭ ᠪᠠ 615 ᠲᠥᠭᠥᠷᠢᠭ᠎ᠲᠦ ᠬᠦᠷᠴᠦ᠍᠂ ᠴᠥᠮ ᠪᠥᠬᠥ᠌ ᠤᠯᠤᠰ᠎ᠤᠨ ᠳᠤᠮᠳᠠᠴᠢ ᠲᠦᠪᠱᠢᠨ᠎ᠡᠴᠡ ᠲᠠᠪᠠᠪᠠ;699 ᠲᠦᠮᠡᠨ ᠲᠥᠭᠥᠷᠢᠭ᠎ᠤᠨ ᠪᠠᠯᠠ ᠣᠷᠣᠭᠤᠯᠵᠤ᠂ 10 ᠭᠠᠵᠠᠷ ᠣᠷᠣᠨ᠎ᠢ ᠰᠣᠩᠭᠣᠨ ᠵᠠᠰᠠᠭ᠎ᠤᠨ ᠣᠷᠳᠣᠨ ᠦᠶ᠋ᠯᠡᠴᠢᠯᠡᠭᠡ ᠬᠤᠳᠠᠯᠳᠤᠨ ᠠᠪᠬᠤ ᠲᠥᠷᠥᠯ᠎ᠤᠨ ᠨᠡᠢᠭᠡᠮ᠎ᠤᠨ ᠠᠪᠤᠷᠠᠨ ᠲᠤᠰᠠᠯᠠᠬᠤ ᠠᠵᠢᠯ᠎ᠢ ᠥᠷᠨᠢᠭᠦᠯᠵᠦ᠍᠂ 11 ᠰᠠᠷ᠎ᠠ᠎ᠶᠢᠨ ᠰᠡᠭᠦᠯᠴᠢ ᠪᠣᠯᠲᠠᠯ᠎ᠠ᠂ ᠨᠡᠢᠲᠡ 7.2 ᠲᠦᠮᠡᠨ ᠬᠥᠮᠦᠨ ᠤᠳᠠᠭ᠎ᠠ ᠬᠦᠴᠢᠷᠳᠡᠯᠲᠡᠶ ᠣᠯᠠᠨ ᠲᠦᠮᠡᠨ᠎ᠳᠤ ᠦᠶ᠋ᠯᠡᠴᠢᠯᠡᠪᠡ᠃

ᠪᠤᠯᠪᠠᠰᠤᠷᠡᠯ ᠬᠦᠷᠳᠡᠬᠡᠵᠦ ᠠᠵᠠ ᠵᠢᠷᠭᠠᠯ᠎ᠤᠨ ᠵᠠᠮ᠎ᠢ ᠰᠠᠷᠠᠭᠤᠯᠵᠢᠭᠤᠯᠪᠠ

《ᠠᠵᠢᠯ ᠣᠯᠭᠣᠯᠲᠠ᠎ᠶᠢᠨ ᠦᠶ᠋ᠯᠡᠴᠢᠯᠡᠭᠡᠨ᠎ᠦ ᠥᠷᠲᠡᠭᠡ᠎ᠳᠤ ᠪᠣᠯᠪᠠᠰᠤᠷᠠᠯ ᠬᠦᠷᠳᠡᠭᠡᠳ ᠪᠢ ᠨᠢᠬᠡ ᠮᠡᠷᠭᠡᠵᠢᠯ᠎ᠢ᠋ ᠰᠤᠷᠴᠤ ᠡᠵᠡᠮᠰᠢᠨ᠂ ᠦᠨᠡᠮᠯᠡᠯ ᠣᠯᠤᠭ᠍ᠰᠠᠨ᠎ᠢᠶᠠᠷ ᠪᠠᠷᠠᠬᠤ ᠥᠬᠡᠶ ᠪᠠᠰᠠ ᠲᠣᠭ᠍ᠲᠠᠪᠤᠷᠢᠲᠠᠶ ᠠᠵᠢᠯ ᠣᠯᠵᠤ᠂ ᠰᠠᠷ᠎ᠠ᠎ᠳ᠋ᠤ᠌ 4000 ᠭᠠᠷᠤᠶ ᠲᠥᠭᠥᠷᠢᠭ᠎ᠤᠨ ᠴᠠᠯᠢᠨᠭ᠌ ᠤᠯᠵᠤ ᠪᠠᠢᠨ᠎ᠡ》 ᠬᠡᠵᠤ ᠤᠯᠠᠭᠠᠨᠴᠠᠪ ᠬᠣᠲᠠ᠎ᠶᠢᠨ ᠵᠢᠨᠢᠩ ᠲᠣᠭᠣᠷᠢᠭ᠎ᠤᠨ ᠰᠠᠭᠤᠭᠠᠯᠢ ᠠᠷᠠᠳ ᠯᠢᠦ ᠬᠣᠶ ᠬᠤᠪᠢᠷᠠᠯᠳᠡ ᠪᠡᠨ ᠬᠡᠯᠡᠬᠦ᠎ᠳᠤ ᠴᠢᠷᠠᠢ ᠳ᠋ᠤᠨᠢ ᠪᠠᠶᠠᠷ᠎ᠤᠨ ᠢᠨᠢᠶᠠᠮᠰᠦᠭᠯᠡᠯ ᠲᠤᠳᠤᠷᠠᠵᠤ ᠪᠠᠢᠯ᠎ᠡ᠃

ᠥᠪᠥᠷ ᠮᠣᠩᠭᠣᠯ ᠠᠵᠢᠯ ᠣᠯᠭᠣᠯᠲᠠ᠎ᠶᠢᠨ ᠦᠶ᠋ᠯᠡᠴᠢᠯᠡᠭᠡᠨ᠎ᠦ ᠥᠷᠲᠡᠭᠡ᠎ᠶ᠋ᠢ 1052 ᠪᠠᠢᠭᠤᠯᠵᠤ᠂ ᠪᠠᠰᠠ ᠠᠷᠰᠠᠷ ᠠᠵᠢᠯ᠎ᠤᠨ ᠵᠠᠬ᠎ᠠ ᠳᠡᠯᠭᠡᠭᠦᠷ᠂ ᠠᠷᠰᠠᠷ ᠠᠵᠢᠯ᠎ᠤᠨ ᠥᠷᠲᠡᠭᠡ᠎ᠶᠢ 168 ᠪᠠᠢᠭᠤᠯᠵᠤ᠂ ᠠᠵᠢᠯ ᠣᠯᠭᠣᠯᠲᠠ᠎ᠶᠢᠨ ᠦᠶ᠋ᠯᠡᠴᠢᠯᠡᠭᠡ᠎ᠶ᠋ᠢ ᠪᠤᠳᠠᠳᠤ ᠦᠷ᠎ᠡ ᠪᠦᠳᠦᠮᠵᠢ ᠲᠠᠢ ᠪᠣᠯᠭᠠᠪᠠ᠃

ᠠᠵᠢᠯ ᠣᠯᠭᠣᠯᠲᠠ ᠪᠣᠯ ᠬᠠᠮᠤᠭ᠎ᠤᠨ ᠶᠡᠬᠡ ᠠᠷᠠᠳ᠎ᠤᠨ ᠠᠮᠢᠳᠤᠷᠠᠯ ᠮᠦᠨ᠃ 2025 ᠣᠨ᠎ᠳᠤ᠂ ᠥᠪᠥᠷ ᠮᠣᠩᠭᠣᠯ ᠠᠵᠢᠯᠲᠠᠨ ᠡᠯᠰᠡᠬᠦ᠌ ᠴᠤᠭ᠍ᠯᠠᠭᠠᠨ᠎ᠢ ᠬᠤᠳᠠᠯᠳᠤᠭᠠᠨ᠎ᠤ ᠲᠠᠯᠠᠪᠤᠷ᠂ ᠰᠥᠨᠢ᠎ᠶᠢᠨ ᠵᠠᠬ᠎ᠠ᠂ ᠰᠦᠮ᠎ᠡ᠎ᠶᠢᠨ ᠴᠤᠬᠯᠠᠭᠠᠠ ᠵᠡᠷᠭᠡ ᠬᠥᠮᠦᠨ ᠬᠠᠷ᠎ᠠ ᠲᠥᠪᠯᠡᠷᠡᠭ᠌ᠰᠡᠨ ᠲᠠᠯᠠᠪᠤᠷ ᠭᠠᠵᠠᠷ᠎ᠲᠤ ᠦᠷᠨᠢᠬᠦᠯᠵᠤ᠂ ᠡᠯ᠎ᠡ ᠲᠥᠷᠥᠯ᠎ᠤᠨ ᠠᠵᠢᠯᠲᠠᠨ ᠡᠯᠰᠡᠬᠦ ᠴᠤᠭ᠍ᠯᠠᠭᠠᠨ᠎ᠢ 3096 ᠤᠳᠠᠭ᠎ᠠ ᠥᠷᠨᠢᠭᠦᠯᠵᠦ᠍᠂ 139.53 ᠲᠦᠮᠡᠨ ᠠᠵᠢᠯ᠎ᠤᠨ ᠪᠠᠢᠷᠢ ᠬᠠᠨᠭᠭᠠᠪᠠ᠃ 《ᠠᠵᠢᠯ ᠪᠠᠢᠭᠠᠳ ᠬᠢᠬᠦ᠌ ᠬᠥᠮᠦᠨ ᠥᠬᠡᠶ》 ᠪᠠᠢᠳᠠᠯ᠎ᠳᠤ ᠴᠢᠭ᠌ᠯᠡᠭᠦᠯᠦᠨ ᠠᠵᠢᠯ᠎ᠤᠨ ᠪᠠᠢᠷᠢ᠎ᠶᠢᠨ ᠨᠠᠷᠢᠨ ᠲᠠᠩᠰᠠ ᠭᠠᠷᠭᠠᠵᠤ᠂ 《ᠬᠦᠮᠦᠨ ᠪᠠᠢᠭᠠᠳ ᠬᠢᠬᠦ ᠠᠵᠢᠯ ᠦᠬᠡᠢ》 ᠪᠠᠢᠳᠠᠯ᠎ᠳᠤ ᠴᠢᠭ᠌ᠯᠡᠭᠦᠯᠦᠨ ᠠᠵᠢᠯᠲᠠᠨ᠎ᠤ ᠨᠠᠷᠢᠨ ᠲᠠᠩᠰᠠ ᠪᠠᠢᠭᠤᠯᠵᠤ᠂ ᠬᠥᠮᠦᠨ ᠪᠠ ᠠᠵᠢᠯ᠎ᠤᠨ ᠪᠠᠢᠷᠢ᠎ᠶᠢᠨ ᠬᠠᠩᠭᠠᠯᠭ᠎ᠠ ᠬᠡᠷᠡᠭ᠌ᠴᠡᠭᠡ᠎ᠶ᠋ᠢ ᠵᠣᠯᠭᠠᠭᠤᠯᠬᠤ ᠠᠷᠭ᠎ᠠ ᠵᠠᠮ᠎ᠢ ᠱᠢᠯᠤᠭᠤᠳᠭᠠᠵᠤ᠂ ᠠᠵᠢᠯ ᠣᠯᠭᠣᠯᠲᠠ᠎ᠶᠢᠨ ᠲᠥᠷᠥ᠎ᠶᠢᠨ ᠪᠣᠳᠣᠯᠭ᠎ᠠ ᠪᠠ ᠦᠶ᠋ᠯᠡᠴᠢᠯᠡᠭᠡ᠎ᠶ᠋ᠢ ᠮᠡᠳᠡᠪᠡᠯ ᠵᠣᠬᠢᠬᠤ᠎ᠶᠢ ᠨᠢ ᠪᠦᠬᠦᠨ᠎ᠢ ᠮᠡᠳᠡᠬᠦᠯᠵᠤ᠂ ᠡᠳ᠋ᠯᠡᠪᠡᠯ ᠵᠣᠬᠢᠬᠤ᠎ᠶᠢ ᠨᠢ ᠪᠦᠬᠦᠨ᠎ᠢ ᠡᠳ᠋ᠯᠡᠬᠦᠯᠬᠦ᠎ᠶ᠋ᠢ ᠠᠬᠢᠭᠤᠯᠵᠡᠢ᠃

2025 ᠣᠨ᠎ᠳᠤ᠂ ᠥᠪᠥᠷ ᠮᠣᠩᠭᠣᠯ ᠪᠠᠰᠠ 《ᠠᠵᠢᠯ ᠣᠯᠭᠣᠯᠲᠠ᠎ᠶᠢᠨ ᠥᠪᠥᠷ ᠮᠣᠩᠭᠣᠯ》 ᠠᠵᠢᠯᠲᠠᠨ ᠡᠯᠰᠡᠬᠦ᠌ ᠲᠠᠪᠴᠠᠩ ᠪᠠ 《ᠮᠥᠩᠬᠡ ᠰᠤᠪᠠᠭ ᠡᠯᠰᠡᠯᠳᠡ》 ᠵᠢᠵᠢᠭ ᠫᠷᠤᠭ᠌ᠷᠠᠮ᠎ᠢ ᠠᠰᠢᠭᠯᠠᠯᠳᠡ᠎ᠳᠤ ᠤᠷᠤᠭᠤᠯᠵᠤ᠂ 52.14 ᠲᠦᠮᠡᠨ ᠠᠵᠢᠯ᠎ᠤᠨ ᠪᠠᠢᠷᠢ᠎ᠶᠢᠨ ᠮᠡᠳᠡᠭᠡ ᠵᠠᠩᠭᠢ᠎ᠶ᠋ᠢ ᠴᠤᠭ᠍ᠯᠠᠭᠤᠯᠤᠨ ᠨᠡᠢᠲᠡᠯᠡᠵᠦ᠍᠂ ᠠᠵᠢᠯ ᠡᠷᠢᠭ᠌ᠰᠡᠳ᠎ᠢ ᠬᠡᠷ᠎ᠡᠴᠡ᠎ᠪᠡᠨ ᠭᠠᠷᠬᠤ ᠥᠬᠡᠶ᠎ᠪᠡᠷ ᠭᠠᠷ ᠤᠲᠠᠰᠤᠨ ᠲᠡᠬᠡᠷ᠎ᠡ ᠡᠴᠡ ᠪᠡᠨ ᠰᠠᠨᠠᠭᠠᠨ᠎ᠳ᠋ᠠᠭᠠᠨ ᠲᠠᠭᠠᠷᠠᠭᠰᠠᠨ ᠠᠵᠢᠯ᠎ᠤᠨ ᠪᠠᠢᠷᠢ ᠤᠯᠬᠤ᠎ᠶᠢ ᠠᠬᠢᠭᠤᠯᠪᠡ᠃

ᠬᠥᠳᠡᠯᠮᠦᠷᠢ ᠰᠠᠢᠨ ᠰᠠᠢᠬᠠᠨ ᠠᠮᠢᠳᠤᠷᠠᠯ᠎ᠢ ᠴᠣᠭ᠍ᠴᠠᠯᠠᠨ᠎ᠠ᠃ 《ᠬᠥᠳᠡᠯᠮᠦᠷᠢᠯᠡᠪᠡᠯ ᠬᠥᠯᠥᠰᠥ᠍ ᠣᠯᠭᠣᠮᠵᠢ ᠤᠯᠬᠤ》 ᠪᠠᠲᠤᠯᠠᠭ᠎ᠠ ᠨᠢ ᠬᠥᠳᠡᠯᠮᠦᠷᠢᠴᠢᠨ ᠨᠢᠭᠡᠪᠦᠷᠢ᠎ᠶᠢᠨ ᠰᠠᠢ᠌ᠨ ᠰᠠᠢᠬᠠᠨ ᠠᠮᠢᠳᠤᠷᠠᠯ᠎ᠤᠨ ᠲᠥᠯᠥᠭᠡ ᠲᠡᠮᠡᠴᠡᠬᠦ᠌ ᠡᠷᠴᠢ ᠵᠣᠷᠢᠭ᠎ᠢ ᠨᠡᠩ ᠬᠥᠪᠴᠢᠯᠡᠪᠡ᠃

[ᠰᠤᠷᠪᠤᠯᠵᠢᠯᠠᠭ᠍ᠴᠢ᠎ᠶᠢᠨ ᠡᠪᠦᠷ ᠲᠡᠮᠳᠡᠭ᠌ᠯᠡᠯ] ᠡᠷᠡᠮᠡᠬᠡᠢᠯᠡᠨ ᠲᠡᠮᠡᠴᠡᠭᠰᠡᠨ 2025 ᠤᠨ᠎ᠳᠤ ᠥᠪᠥᠷ ᠮᠣᠩᠭᠣᠯ ᠦᠳᠡᠬᠦᠰ ᠨᠢᠯᠬᠠᠰ᠎ᠢᠶᠡᠨ ᠰᠡᠳᠬᠢᠯ ᠲᠠᠯᠪᠢᠨ ᠬᠠᠯᠠᠮᠵᠢᠯᠠᠵᠤ᠂ ᠡᠮ ᠡᠮᠨᠡᠯᠭᠡ᠎ᠶᠢᠨ ᠤᠢᠯᠡᠴᠢᠯᠡᠬᠡ᠎ᠪᠠᠷ ᠡᠪᠡᠳᠴᠢᠲᠡᠨ᠎ᠦ ᠠᠮᠢ ᠨᠠᠰᠤᠨ᠎ᠤ ᠬᠡᠷᠡᠯ ᠭᠢᠯᠪᠠᠭ᠎ᠠ᠎ᠶ᠋ᠢ ᠰᠠᠴᠤᠷᠠᠭᠤᠯᠵᠤ᠂ ᠤᠨᠤᠴᠠᠳᠡᠢ ᠠᠪᠤᠷᠠᠨ ᠲᠤᠰᠠᠯᠠᠯᠳᠡ᠎ᠪᠠᠷ ᠪᠠᠭᠤᠷᠠᠢ᠌ᠴᠤᠳ᠎ᠢᠶᠡᠨ ᠬᠠᠯᠠᠮᠵᠢᠯᠠᠵᠤ᠂ ᠠᠵᠢᠯ᠎ᠤᠨ ᠪᠠᠢᠷᠢ ᠲᠡᠬᠡᠷ᠎ᠡ ᠡᠷᠡᠮᠡᠬᠡᠢᠯᠡᠨ ᠲᠡᠮᠡᠴᠡᠭ᠌ᠰᠡᠳ᠎ᠤᠨ ᠢᠲᠡᠭᠡᠯ ᠵᠣᠷᠢᠭ᠎ᠢ ᠬᠦᠪᠴᠢᠯᠡᠪᠡ ᠁ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ ᠨᠢᠭᠡᠳ ᠨᠢᠭᠡ᠎ᠪᠡᠷ ᠪᠣᠳᠠᠲᠠᠢ᠎ᠳᠤ ᠨᠠᠢᠳᠠᠪᠤᠷᠢᠵᠢᠵᠤ᠂ ᠥᠪᠥᠷ ᠮᠣᠩᠭᠣᠯ ᠪᠣᠳᠠᠲᠠᠢ ᠠᠵᠢᠯᠯᠠᠭ᠎ᠠ ᠪᠠ ᠡᠬᠦᠷᠬᠡ ᠬᠠᠷᠢᠭᠤᠴᠠᠯᠭ᠎ᠠ᠎ᠪᠠᠷ ᠵᠢᠡᠨ ᠠᠷᠠᠳ ᠤᠯᠠᠨ᠎ᠦ ᠵᠤᠯ ᠵᠢᠷᠭᠠᠯ᠎ᠢ ᠨᠡᠮᠡᠭᠳᠡᠬᠦᠯᠪᠡ᠃

ᠢᠷᠡᠯᠲᠡ᠄    