ᠲᠡᠳᠡᠨᠦᠰ᠎ᠦᠨ ᠭᠠᠷ ᠨᠢ
ᠲᠦᠭ ᠲᠦᠮᠡᠨ ᠠᠢᠯ ᠡᠷᠦᠬᠡ᠎ᠶᠢᠨ ᠠᠮᠤᠷ ᠵᠢᠷᠭᠠᠯ᠎ᠢ ᠬᠠᠮᠠᠭᠠᠯᠠᠬᠤ ᠭᠡᠵᠦ
ᠡᠬᠡ ᠭᠠᠵᠠᠷ᠎ᠤᠨ ᠠᠩᠬᠠᠳᠠᠭᠴᠢ ᠦᠷ᠎ᠦᠨ ᠲᠤᠶᠠᠭ᠎ᠠ᠎ᠶᠢ ᠲᠡᠮᠲᠡᠷᠬᠢᠯᠡᠳᠡᠭ
ᠲᠡᠳᠡᠨᠦᠰ᠎ᠦᠨ ᠭᠠᠷ ᠨᠢ
ᠡᠪᠡᠷᠰᠢᠭᠰᠡᠨ ᠴᠦ᠍ ᠬᠦᠴᠦᠨ᠎ᠲᠠᠢ᠂ ᠨᠡᠩ ᠴᠦ᠍ ᠴᠠᠭ ᠮᠡᠲᠦ ᠣᠨᠣᠪᠴᠢᠲᠠᠢ
ᠮᠢᠨᠦ᠋ᠲ ᠰᠧᠺᠦ᠋ᠨ᠋ᠳ᠋᠎ᠦᠨ ᠬᠣᠭᠣᠷᠣᠨᠳᠤ ᠢᠯᠠᠯᠲᠠ᠎ᠶᠢᠨ ᠵᠠᠪᠰᠢᠶᠠᠨ᠎ᠢ ᠠᠳᠬᠤᠳᠠᠭ
ᠲᠡᠳᠡᠨᠦᠰ᠎ᠦᠨ ᠭᠠᠷ ᠨᠢ
ᠬᠠᠬᠢᠷ ᠬᠦᠢᠲᠡᠨ ᠠᠭᠠᠭᠢᠮ᠎ᠠ ᠬᠠᠯᠠᠭᠤᠨ᠎ᠠᠴᠠ ᠠᠶᠤᠵᠤ ᠡᠮᠢᠶᠡᠭᠰᠡᠨ ᠦᠭᠡᠢ
ᠤᠯᠤᠰ ᠣᠷᠣᠨ᠎ᠳᠤ᠎ᠪᠠᠨ ᠪᠣᠯᠣᠳ ᠬᠡᠷᠡᠮ ᠪᠣᠰᠬᠠᠪᠠ
ᠲᠡᠳᠡᠨᠦᠰ᠎ᠦᠨ ᠭᠠᠷ ᠨᠢ
ᠲᠥᠷᠥᠯ ᠰᠠᠳᠤᠨᠠᠴᠠᠪᠠᠨ ᠬᠠᠭᠠᠴᠠᠵᠤ ᠶᠠᠳᠠᠨ ᠰᠠᠯᠤᠯᠴᠠᠭᠰᠠᠨ ᠴᠤ᠌
ᠭᠡᠷ ᠪᠦᠯᠢ᠎ᠶᠢᠨ᠎ᠢᠶᠡᠨ ᠬᠠᠢᠷ᠎ᠠ᠎ᠶᠢ ᠰᠡᠳᠬᠢᠯ᠎ᠦᠨ ᠭᠦᠨ᠎ᠳᠦ᠎ᠪᠡᠨ ᠨᠢᠭᠤᠳᠠᠭ
ᠲᠡᠳᠡᠨᠦᠰ᠎ᠦᠨ ᠭᠠᠷ ᠨᠢ
ᠲᠦᠭᠰᠢᠭᠦᠷᠢᠲᠦ ᠦᠶ᠎ᠡ ᠪᠣᠯᠭᠠᠨ ᠢᠲᠡᠭᠡᠯ᠎ᠦᠨ ᠲᠤᠯᠭᠠᠭᠤᠷᠢ ᠪᠣᠯᠵᠤ
ᠬᠠᠲᠠᠨ ᠵᠣᠷᠢᠭ᠋᠎ᠢᠶᠠᠷ᠎ᠢᠶᠠᠨ ᠠᠮᠢ ᠨᠠᠰᠤᠨ᠎ᠤ ᠪᠡᠬᠢᠯᠡᠯᠲᠡ᠎ᠶᠢ ᠴᠣᠭᠴᠠᠯᠠᠳᠠᠭ
ᠲᠡᠳᠡᠨᠦᠰ᠎ᠦᠨ ᠭᠠᠷ ᠨᠢ
ᠬᠥᠮᠥᠨ ᠲᠥᠷᠥᠯᠬᠢᠲᠡᠨ᠎ᠦ ᠬᠠᠮᠲᠤ᠎ᠶᠢᠨ ᠬᠦᠰᠡᠯᠡᠩ᠎ᠢ ᠪᠡᠶᠡᠯᠡᠭᠦᠯᠬᠦ ᠭᠡᠵᠦ
ᠬᠦᠰᠡᠯ᠎ᠦᠨ ᠦᠷ᠎ᠡ᠎ᠶᠢ ᠲᠠᠷᠢᠵᠤ᠂ ᠨᠥᠬᠥᠷᠯᠡᠯ᠎ᠦᠨ ᠵᠢᠮᠢᠰ᠎ᠢ ᠬᠤᠷᠢᠶᠠᠳᠠᠭ
ᠦᠵᠡᠰᠬᠦᠯᠡᠩᠲᠦ ᠰᠠᠢᠬᠠᠨ ᠠᠭᠤᠯᠠ ᠤᠰᠤ᠎ᠪᠠᠨ ᠰᠠᠬᠢᠨ
ᠥᠨᠢᠳᠡ᠎ᠶᠢᠨ ᠠᠮᠤᠷ ᠠᠮᠤᠭᠤᠯᠠᠩ᠎ᠢ ᠬᠠᠮᠠᠭᠠᠯᠠᠨ
ᠳᠡᠯᠡᠬᠡᠢ᠎ᠶᠢᠨ ᠡᠩᠬᠡ ᠲᠠᠢᠪᠤᠩ᠎ᠤᠨ ᠲᠥᠯᠥᠭᠡ
ᠳᠤᠮᠳᠠᠳᠤ ᠤᠯᠤᠰ᠎ᠤᠨ ᠴᠡᠷᠢᠭ
ᠡᠭᠦᠷᠢᠳᠡ ᠨᠠᠢᠳᠠᠪᠤᠷᠢᠲᠠᠢ
ᠳᠤᠮᠳᠠᠳᠤ ᠤᠯᠤᠰ᠎ᠤᠨ ᠴᠡᠷᠢᠭ ᠠᠩᠭᠢ
ᠰᠠᠢᠨ ᠰᠠᠢᠬᠠᠨ᠎ᠢ ᠰᠠᠬᠢᠨ ᠬᠠᠮᠠᠭᠠᠯᠠᠭᠰᠠᠭᠠᠷ ᠢᠷᠡᠪᠡ
ᠡᠨᠡ ᠹᠢᠯᠢᠮ᠎ᠢ
ᠬᠠᠮᠤᠭ᠎ᠤᠨ ᠬᠠᠢᠷᠠᠯᠠᠯᠲᠠᠢ ᠬᠥᠮᠥᠰ᠎ᠲᠦ᠎ᠪᠡᠨ ᠬᠢᠴᠢᠶᠡᠩᠭᠦᠢᠯᠡᠨ ᠵᠣᠷᠢᠭᠤᠯᠪᠠ