ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠬᠤᠤᠷᠳᠠᠭᠳᠠᠬᠤ ᠡᠨᠳᠡᠯ - ᠰᠡᠳᠡᠯᠳᠡ ᠵᠢᠨ ᠴᠢᠨᠠᠷᠳᠠᠢ ᠭᠡᠢ ᠪᠡᠶᠡᠳᠤ ᠵᠢᠨ ᠬᠤᠤᠷᠳᠠᠯ᠎ᠤᠨ ᠮᠡᠳᠡᠯᠭᠡ ᠵᠢ ᠦᠢ᠍ᠯᠠᠭ᠋ᠠᠷᠠᠢ
ᠨᠡᠶ᠋ᠢᠲᠡᠯᠡᠭᠰᠡᠨ ᠴᠠᠭ᠄ 2015-03-02

      ᠰᠡᠳᠡᠯᠳᠡ ᠵᠢᠨ ᠴᠢᠨᠠᠷᠳᠠᠢ ᠭᠡᠢ ᠪᠡᠶᠡᠳᠤ ᠭᠡᠳᠡᠭ ᠪᠤᠯ ᠠᠷᠠᠰᠤ᠂ ᠨᠢᠳᠤ᠂ ᠠᠮᠢᠰᠬᠤᠯ᠎ᠤᠨ ᠵᠠᠮ᠎ᠤᠨ ᠨᠠᠭ᠋ᠠᠯᠳᠤᠮᠠᠯ ᠪᠥᠷᠬᠥᠪᠴᠢ᠎ᠳᠤ ᠰᠡᠳᠡᠯᠳᠡ ᠪᠤᠯᠬᠤ ᠬᠤᠤᠷ᠎ᠲᠠᠢ ᠭᠡᠢ ᠪᠡᠶᠡᠳᠤ ᠵᠢᠨ ᠨᠢᠭᠡᠳᠥᠮᠡᠯ ᠨᠡᠷᠡᠢ᠍ᠢ᠍ᠳᠥᠯ ᠪᠤᠯᠤᠨ᠎ᠠ᠃   ᠭᠡᠵᠢᠶᠡᠳᠡ ᠰᠠᠨᠠᠭ᠋ᠠᠨ᠎ᠳᠤ ᠥᠭᠡᠢ ᠠ᠋ᠨᠳᠡᠯ᠎ᠠᠴᠠ ᠪᠤᠯᠵᠤ᠂ ᠥᠢ᠍ᠯᠡᠳᠪᠥᠷᠢᠯᠡᠯ᠎ᠤᠨ ᠠᠵᠢᠯᠴᠢᠨ ᠪᠤᠶᠤ ᠠᠷᠠᠳ ᠤᠯᠠᠨ ᠲᠥᠷᠭᠡᠨ ᠴᠢᠨᠠᠷᠳᠠᠢ ᠬᠤᠤᠷᠳᠠᠯ᠎ᠳᠤ ᠤᠴᠠᠷᠠᠳᠠᠭ᠃ ᠪᠠᠢ᠍ᠢ᠍ᠨᠭ᠌ᠭᠤ ᠵᠢᠨ ᠰᠡᠳᠡᠯᠳᠡ ᠵᠢᠨ ᠴᠢᠨᠠᠷᠳᠠᠢ ᠭᠡᠢ ᠪᠡᠶᠡᠳᠤ ᠭᠡᠪᠡᠯ ᠠ᠋ᠾᠯᠤᠷ᠂ ᠰᠢᠪᠳᠤᠷ᠂ ᠠᠽᠤᠲ ᠬᠥᠴᠢᠯᠳᠥᠢ᠍ᠷᠥᠭᠴᠢ᠂ ᠪᠤᠳᠠᠰ᠂ ᠹᠯᠤᠷᠳᠤ ᠤᠰᠤᠳᠥᠢ᠍ᠷᠥᠭᠴᠢ᠂ ᠬᠥᠬᠥᠷ᠎ᠤᠨ ᠲᠠᠪᠬᠤᠷ ᠢᠰᠥᠯ ᠵᠡᠷᠭᠡ ᠪᠤᠢ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠬᠤᠤᠷᠳᠠᠯ᠎ᠤᠨ ᠡ᠊ᠨᠳᠡᠯ ᠠ᠋ᠬᠥᠰᠥᠭᠰᠡᠨ (ᠢᠯᠠᠨᠭ᠌ᠭᠤᠶ᠎ᠠ ᠰᠠᠯᠬᠢᠨ᠎ᠤ ᠲᠤᠤᠷ᠎ᠠ ᠲᠡᠯ᠎ᠠ᠎ᠳᠠᠬᠢ) ᠭᠠᠵᠠᠷ ᠤᠷᠤᠨ᠎ᠤ ᠬᠥᠮᠥᠰ ᠱᠠᠯᠠᠪᠬᠠᠨ ᠵᠠᠢ᠍ᠢ᠍ᠯᠠᠬᠤ ᠪᠠ ᠲᠤᠬᠠᠢ ᠵᠢᠨ ᠭᠠᠵᠠᠷ᠎ᠤᠨ ᠪᠠᠷᠢᠯᠭ᠎ᠠ ᠵᠢᠨ ᠲᠤᠳᠤᠷ᠎ᠠ ᠲᠠᠯᠳᠠᠯᠠᠨ᠎ᠠ᠃        
     ● ᠬᠤᠤᠷᠳᠠᠭᠰᠠᠨ ᠬᠥᠮᠥᠨ᠎ᠤ ᠪᠤᠬᠢᠷᠳᠤᠭᠰᠠᠨ ᠬᠤᠪᠴᠠᠰᠤ ᠬᠤᠨᠠᠷ᠎ᠢ᠎ᠨᠢ ᠲᠥᠷᠭᠡᠨ ᠲᠠᠢ᠍ᠢ᠍ᠯᠵᠤ᠂ ᠶᠡᠭᠡᠭᠡᠨ ᠴᠡᠪᠡᠷ ᠤᠰᠤ᠎ᠪᠠᠷ ᠪᠤᠬᠢᠷᠳᠤᠭᠰᠠᠨ ᠠᠷᠠᠰᠤ ᠵᠢ᠎ᠨᠢ ᠤᠬᠢᠶᠠᠵᠤ᠂ ᠲᠤᠯᠠᠭ᠋ᠠᠬᠠᠨ ᠪᠠᠢ᠍ᠢ᠍ᠯᠭ᠋ᠠᠬᠤ ᠵᠢ ᠠᠨᠭ᠌ᠬᠠᠷᠬᠤ ᠭᠡᠷᠡᠭᠳᠡᠢ᠃ ᠨᠢᠳᠤ ᠪᠤᠬᠢᠷᠳᠤᠭᠰᠠᠨ ᠪᠤᠯ ᠠᠯᠢ ᠪᠠᠭ᠎ᠠ᠎ᠳᠠᠭᠠᠨ ᠥᠷᠬᠥᠯᠵᠢᠯᠡᠨ 10 ᠮᠢᠨᠥᠢ᠍ᠲ ᠰᠥᠷᠴᠢᠨ ᠤᠬᠢᠶᠠᠨ᠎ᠠ᠃        
     ● ᠬᠤᠤᠷᠳᠠᠭᠰᠠᠨ᠎ᠤ ᠲᠠᠷᠠᠭ᠎ᠠ ᠠᠮᠢᠰᠬᠤᠯ᠎ᠤᠨ ᠵᠠᠮ ᠵᠢᠡᠨ ᠰᠠᠭ᠋ᠠᠳ ᠥᠭᠡᠢ ᠪᠠᠢ᠍ᠢ᠍ᠯᠭ᠋ᠠᠵᠤ᠂ ᠤᠴᠤᠢ᠍ᠢ᠍ᠵᠤ ᠰᠠᠭᠤᠬᠤ ᠪᠤᠶᠤ ᠬᠠᠵᠠᠭᠤᠯᠳᠠᠵᠤ᠂ ᠰᠢᠯᠢ᠎ᠪᠠᠨ ᠬᠠᠨᠳᠠᠷᠠᠬᠤ ᠭᠡᠷᠡᠭᠳᠡᠢ᠃        
     ● ᠠᠮᠢᠰᠬᠤᠯ ᠪᠠ ᠵᠢᠷᠥᠭᠡᠨ ᠴᠤᠬᠢᠯᠭ᠎ᠠ᠎ᠨᠢ ᠵᠤᠭᠰᠤᠭᠴᠢᠳ᠎ᠢ ᠲᠠᠷᠤᠢ᠍ᠢ᠍ᠬᠠᠨ ᠬᠥᠮᠥᠨ᠎ᠤ ᠬᠥᠴᠤ᠎ᠪᠠᠷ ᠠᠮᠢᠰᠬᠤᠭᠤᠯᠬᠤ ᠪᠤᠶᠤ ᠴᠡᠭᠡᠵᠢᠨ ᠲᠡᠭᠡᠷ᠎ᠡ᠎ᠠᠴᠠ᠎ᠨᠢ ᠵᠢᠷᠥᠭᠡ ᠵᠢ᠎ᠨᠢ ᠲᠠᠷᠤᠯᠬᠢᠯᠠᠵᠤ   ᠠᠪᠤᠷᠠᠯᠳᠠ ᠬᠢᠬᠦ ᠪᠦᠭᠡᠳ ᠡᠪᠡᠳᠴᠢᠳᠡᠨ ᠠᠮᠢᠰᠬᠤᠵᠤ ᠲᠡᠢ᠍ᠢ᠍ᠯᠬᠥ ᠪᠠ ᠵᠢᠷᠥᠭᠡᠨ ᠴᠤᠬᠢᠯᠭ᠎ᠠ᠎ᠨᠢ ᠰᠡᠷᠬᠥᠭᠰᠡᠨ᠎ᠤ ᠰᠡᠬᠥᠯᠡᠷ ᠰᠠᠶᠢ ᠠ᠋ᠮᠨᠡᠯᠭᠡ᠎ᠳᠤ ᠬᠦᠷᠭᠡᠵᠤ ᠡᠮᠨᠡᠭᠦᠯᠦᠨ᠎ᠡ᠃          
     ● ᠮᠠᠨᠠᠷᠠᠭᠰᠠᠳ᠎ᠤᠨ ᠬᠥᠮᠥᠨ ᠪᠠᠯᠴᠢᠷ᠂ ᠪᠠᠭᠤᠤ ᠵᠢᠨ ᠪᠠᠯᠴᠢᠷ᠎ᠢ ᠲᠠᠷᠤᠵᠤ ᠥᠭᠬᠥ ᠭᠡᠷᠡᠭᠳᠡᠢ᠂ ᠭᠡᠬᠥ᠎ᠳᠤ 15 ᠰᠺᠥᠢ᠍ᠨ᠋ᠳ᠋᠎ᠠᠴᠠ ᠭᠡᠳᠥᠷᠡᠬᠥᠯᠵᠤ ᠪᠤᠯᠬᠤ ᠥᠭᠡᠢ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ          
     ◇ ᠬᠤᠤᠷᠳᠠᠭᠰᠠᠨ ᠬᠥᠮᠥᠨ᠎ᠢ ᠲᠠᠷᠤᠢ᠍ᠢ᠍ᠬᠠᠨ ᠰᠢᠨ᠎ᠡ ᠰᠤᠷᠭᠤᠭ ᠠᠭ᠋ᠠᠷ᠎ᠲᠠᠢ ᠭᠠᠵᠠᠷ᠎ᠲᠤ ᠰᠢᠯᠵᠢᠭᠦᠯᠤᠨ᠎ᠠ᠃        
     ◇ ᠠ᠋ᠮᠨᠡᠯᠭᠡ ᠵᠢᠨ ᠬᠤᠷᠢᠶᠠᠨ᠎ᠤ ᠠ᠋ᠮᠴᠢᠯᠡᠭᠡ ᠪᠤᠯ ᠰᠡᠳᠡᠯᠳᠡ ᠵᠢᠨ ᠴᠢᠨᠠᠷᠳᠠᠢ ᠭᠡᠢ ᠪᠡᠶᠡᠳᠤ ᠵᠢᠨ ᠬᠤᠤᠷᠳᠠᠯ᠎ᠠᠴᠠ ᠠᠪᠤᠷᠠᠬᠤ ᠵᠢᠨ ᠵᠠᠨᠭ᠌ᠬᠢᠯᠠᠭ᠎ᠠ ᠪᠤᠯᠤᠨ᠎ᠠ᠃        
     ◇ ᠬᠤᠤᠷᠳᠤ ᠠ᠋ᠳ᠋᠎ᠲᠠᠢ ᠤᠢ᠍ᠢ᠍ᠷᠠᠳᠤᠭᠰᠠᠤᠨ᠎ᠢ ᠨᠢᠬᠳᠠ ᠠᠵᠢᠭᠯᠠᠨ ᠪᠠᠢ᠍ᠢ᠍ᠴᠠᠭ᠋ᠠᠵᠤ᠂ ᠰᠠᠢ᠍ᠢ᠍ᠳᠤᠷ ᠠᠮᠠᠷᠠᠭ᠋ᠠᠵᠤ᠂ ᠡᠪᠡᠳᠴᠢᠨ ᠬᠥᠳᠡᠯᠬᠥ ᠵᠢ ᠰᠡᠷᠭᠡᠢ᠌ᠯᠡᠨ᠎ᠡ᠃  

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ