ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ᠎ᠤᠨ ᠭᠠᠯ ᠎ᠤᠨ ᠠᠶᠤᠯ ᠎ᠠᠴᠠ ᠰᠡᠷᠭᠡᠢ᠌ᠯᠡᠬᠦ ᠎ᠨᠢ
ᠨᠡᠶ᠋ᠢᠲᠡᠯᠡᠭᠰᠡᠨ ᠴᠠᠭ᠄ 2015-03-02

      ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ᠎ᠤᠨ ᠭᠠᠯ᠎ᠤᠨ ᠠᠶᠤᠯ ᠭᠡᠳᠡᠭ᠎ᠨᠢ ᠬᠥᠮᠥᠰ᠎ᠤᠨ ᠠᠵᠢᠯᠯᠠᠬᠤ᠂   ᠠᠮᠢᠳᠤᠷᠠᠬᠤ᠂ ᠰᠤᠷᠤᠯᠴᠠᠬᠤ᠂ ᠴᠡᠨᠭᠭᠡᠯᠳᠥᠬᠥ ᠬᠤᠳᠠᠯᠳᠤᠭ᠎ᠠ᠂ ᠵᠠᠬ᠎ᠠ ᠲᠡᠯᠭᠡᠬᠥᠷ᠂ ᠲᠠᠭᠤᠤ ᠪᠥᠵᠢᠭ᠎ᠤᠨ ᠲᠠᠨᠭ᠌ᠬᠢᠮ᠂ ᠺᠢᠨᠤ᠋   ᠵᠥᠴᠥᠭᠡ ᠵᠢᠨ ᠲᠠᠯᠠᠪᠤᠷ᠂ ᠪᠡᠶ᠎ᠡ ᠵᠢᠨ ᠲᠠᠮᠢᠷ᠎ᠤᠨ ᠤᠷᠳᠤᠨ᠂ ᠰᠡᠯᠡᠬᠥᠴᠡᠵᠤ ᠲᠤᠭᠤᠷᠢᠬᠤ ᠭᠠᠵᠠᠷ ᠲᠠᠯᠠᠪᠤᠷ ᠵᠡᠷᠭᠡ   ᠬᠥᠮᠥᠨ ᠤᠯᠠᠨ ᠲᠥᠪᠯᠡᠷᠡᠵᠤ ᠨᠢᠭᠳᠠᠷᠠᠬᠤ ᠭᠠᠵᠠᠷ ᠲᠠᠯᠠᠪᠤᠷ᠎ᠲᠠᠬᠢ ᠭᠠᠯ᠎ᠤᠨ ᠠᠶᠤᠯ᠎ᠢ ᠵᠢᠭ᠋ᠠᠵᠤ ᠪᠤᠢ᠃ ᠬᠥᠮᠥᠨ ᠤᠯᠠᠨ   ᠲᠥᠪᠯᠡᠷᠡᠬᠥ ᠭᠠᠵᠠᠷ ᠲᠠᠯᠠᠪᠤᠷ᠎ᠨᠢ ᠬᠥᠮᠥᠨ ᠬᠠᠷ᠎ᠠ᠂ ᠠ᠋ᠳ᠋ ᠪᠤᠳᠠᠰ ᠨᠢᠭᠳᠠ ᠲᠥᠪᠯᠡᠷᠡᠭᠰᠡᠨ ᠪᠠ ᠭᠠᠯ᠎ᠤᠨ ᠠᠶᠤᠯ ᠤᠯᠠᠨᠳᠠ   ᠠ᠋ᠬᠥᠰᠳᠡᠭ ᠤᠨᠴᠠᠯᠢᠬ᠎ᠲᠠᠢ ᠪᠤᠯᠬᠤᠷ᠂ ᠬᠡᠨᠡᠳᠳᠡ ᠭᠠᠯ ᠭᠠᠷᠬᠤ᠎ᠳᠤ ᠬᠥᠷᠪᠡᠯ ᠤᠯᠠᠨ ᠬᠥᠮᠥᠨ ᠠᠮᠠᠷᠬᠠᠨ ᠥᠬᠥᠵᠤ   ᠰᠢᠷᠬᠠᠳᠤᠨ ᠬᠥᠨᠳᠤ ᠨᠤᠴᠢᠳᠠᠢ ᠭᠠᠯ᠎ᠤᠨ ᠠᠶᠤᠯ᠎ᠤᠨ ᠠᠳᠠᠯ ᠪᠤᠯᠤᠨ᠎ᠠ᠃        
    ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ● ᠭᠠᠯ᠎ᠤᠨ ᠠᠶᠤᠯ ᠭᠠᠷᠪᠠᠯ ᠲᠠᠷᠤᠢ᠍ᠢ᠍ᠬᠠᠨ ᠬᠥᠳᠡᠯᠥᠯᠴᠡᠬᠥ ᠭᠡᠷᠡᠭᠳᠡᠢ᠂ ᠲᠤᠳᠠᠭ᠋ᠠᠵᠤ ᠵᠠᠢ᠍ᠢ᠍ᠯᠠᠬᠤ ᠪᠤᠯ ᠴᠠᠭ   ᠮᠥᠴᠡ ᠵᠢ ᠵᠠᠪᠳᠤᠬᠤ ᠠᠵᠢᠯᠯᠠᠭ᠎ᠠ ᠮᠥᠨ᠃ ᠭᠡᠷᠪᠡ ᠷᠠᠳᠢᠤ᠋᠎ᠪᠠᠷ ᠨᠡᠪᠳᠡᠷᠡᠬᠥᠯᠪᠡᠯ᠂ ᠠᠭᠤᠯᠭ᠎ᠠ ᠵᠢ᠎ᠨᠢ ᠨᠠᠷᠢᠨ ᠲᠤᠳᠤᠷᠬᠠᠢ   ᠰᠤᠨᠤᠰᠴᠤ᠂ ᠷᠠᠳᠢᠤ᠋᠎ᠪᠠᠷ ᠵᠢᠯᠤᠭᠤᠳᠤᠭᠰᠠᠨ ᠲᠤᠳᠠᠭ᠋ᠠᠵᠤ ᠵᠠᠢ᠍ᠢ᠍ᠯᠠᠬᠤ ᠵᠠᠮ ᠱᠤᠭᠤᠮ ᠪᠠ ᠠᠨᠭ᠌ᠬᠠᠷᠬᠤ ᠵᠥᠢ᠍ᠯ᠎ᠢ ᠶᠤᠰᠤᠴᠢᠯᠠᠨ   ᠲᠠᠭ᠋ᠠᠬᠤ ᠭᠡᠷᠡᠭᠳᠡᠢ᠃ ᠭᠡᠷᠪᠡ ᠷᠡᠳᠢᠤ᠋ ᠨᠡᠪᠳᠡᠷᠡᠬᠥᠯᠭᠡ ᠥᠭᠡᠢ ᠪᠤᠶᠤ ᠬᠥᠮᠥᠨ ᠵᠢᠯᠤᠭᠤᠳᠤᠨ ᠲᠤᠳᠠᠭ᠋ᠠᠵᠤ ᠵᠠᠢ᠍ᠢ᠍ᠯᠠᠬᠤ ᠥᠶᠡᠰ᠂ ᠤᠢ᠍ᠢ᠍ᠷ᠎ᠠ ᠲᠥᠳᠡ ᠪᠥᠭᠡᠳ ᠰᠢᠭᠤᠳ ᠠᠰᠠᠷ᠎ᠤᠨ ᠭᠠᠳᠠᠨ᠎ᠠ ᠨᠡᠪᠳᠡᠷᠡᠬᠥ ᠠᠶᠤᠯᠬᠥᠢ ᠵᠠᠮ ᠱᠤᠭᠤᠮ ᠵᠢᠡᠷ ᠲᠠᠷᠬᠠᠭ᠋ᠠᠵᠤ   ᠵᠠᠢ᠌ᠯᠠᠭᠤᠯᠤᠨ᠎ᠠ᠃        
     ● ᠭᠡᠷᠪᠡ ᠭᠤᠯᠳᠤᠩ ᠪᠤᠶᠤ ᠠᠰᠠᠷ᠎ᠤᠨ ᠱᠠᠳᠤ᠎ᠪᠠᠷ ᠤᠳᠤᠭ᠎ᠠ ᠤᠨᠢᠶᠠᠷ ᠲᠤᠨᠤᠵᠤ ᠪᠠᠢ᠍ᠢ᠍ᠪᠠᠯ᠂ ᠬᠠᠮᠤᠭ᠎ᠤᠨ   ᠰᠠᠢ᠍ᠢ᠍ᠨ᠎ᠨᠢ ᠬᠤᠪᠴᠠᠰᠤ ᠬᠤᠨᠠᠷ ᠪᠠ ᠠᠯᠴᠢᠭᠤᠷ᠎ᠢ ᠤᠰᠤᠨ᠎ᠳᠤ ᠲᠡᠪᠳᠥᠭᠡᠨ ᠠᠮᠠ ᠬᠠᠮᠠᠷ ᠵᠢᠡᠨ ᠪᠥᠭᠯᠡᠵᠤ᠂ ᠪᠡᠶ᠎ᠡ᠎ᠪᠠᠨ   ᠪᠥᠬᠥᠢ᠍ᠢ᠍ᠵᠤ᠂ ᠠᠶᠤᠯᠬᠥᠢ ᠵᠠᠮ ᠱᠤᠭᠤᠮ᠎ᠢ ᠠ᠋ᠷᠢᠵᠤ ᠤᠯᠵᠤ ᠵᠠᠢ᠍ᠢ᠍ᠯᠠᠬᠤ   ᠵᠢ ᠪᠤᠳᠤᠯᠬᠢᠯᠠᠨ᠎ᠠ  ᠃        
     ● ᠠᠰᠠᠷ᠎ᠤᠨ ᠱᠠᠳᠤ ᠵᠢᠨ ᠠᠮᠠ ᠪᠤᠶᠤ ᠨᠥᠭᠡᠨ ᠵᠠᠮ᠎ᠨᠢ ᠭᠠᠯ ᠤᠳᠤᠭ᠋ᠠᠨ᠎ᠳᠤ ᠠᠪᠳᠠᠭᠰᠠᠨ ᠥᠶᠡᠰ᠂ ᠭᠡᠷᠪᠡ   ᠠ᠋ᠷᠭᠡᠪᠰᠢ ᠥᠨᠭᠭᠡᠷᠡᠬᠥ ᠭᠠᠯ ᠤᠳᠤᠭ᠋ᠠᠨ᠎ᠤ ᠵᠠᠢ᠎ᠨᠢ ᠤᠬᠤᠷ᠂ ᠭᠠᠯ᠎ᠤᠨ ᠢᠳᠡ᠎ᠨᠢ ᠰᠤᠯᠠ ᠪᠠᠢ᠍ᠢ᠍ᠪᠠᠯ᠂ ᠨᠤᠢ᠍ᠢ᠍ᠳᠠᠨ   ᠬᠤᠪᠴᠠᠰᠤ ᠬᠤᠨᠠᠷ ᠵᠢᠡᠷ ᠠᠮᠠ ᠬᠠᠮᠠᠷ ᠵᠢᠡᠨ ᠲᠠᠷᠤᠵᠤ ᠠ᠋ᠷᠡᠰ ᠰᠢᠭᠤᠷᠬᠠᠢ ᠰᠢᠪᠳᠤᠯᠤᠨ ᠭᠠᠷᠬᠤ ᠭᠡᠷᠡᠭᠳᠡᠢ᠃ ᠪᠠᠰᠠᠴᠤ   ᠠᠰᠠᠷ ᠲᠤᠳᠤᠷᠠᠬᠢ ᠭᠠᠯ ᠤᠨᠳᠠᠷᠠᠭ᠋ᠠᠬᠤ ᠪᠠᠭ᠋ᠠᠵᠢ ᠵᠢ ᠠᠰᠢᠭᠯᠠᠨ ᠤᠰᠤ ᠰᠥᠷᠴᠢᠵᠤ ᠪᠠᠢ᠍ᠢ᠍ᠭ᠋ᠠᠳ ᠬᠥᠮᠥᠰ᠎ᠢ ᠲᠥᠷᠭᠡᠨ   ᠵᠠᠢ᠌ᠯᠠᠭᠤᠯᠤᠨ᠎ᠠ  ᠃        
     ● ᠭᠠᠯ ᠭᠠᠷᠤᠭᠰᠠᠨ ᠠᠰᠠᠷ᠎ᠤᠨ ᠲᠠᠪᠬᠤᠷᠭ᠎ᠠ ᠵᠢᠨ ᠲᠡᠭᠡᠷᠡᠬᠢ ᠲᠡᠪᠬᠤᠷᠭ᠎ᠠ᠎ᠨᠤᠭᠤᠳ ᠪᠠ ᠲᠤᠤᠷᠠᠬᠢ   ᠲᠠᠪᠬᠤᠷᠭ᠎ᠠ᠎ᠨᠤᠭᠤᠳ᠎ᠤᠨ᠎ᠬᠢᠨ᠎ᠢ ᠴᠥᠮ ᠨᠢᠭᠡᠯᠡ ᠵᠠᠮ ᠱᠤᠭᠤᠮ ᠵᠢᠡᠷ ᠵᠠᠢ᠍ᠢ᠍ᠯᠠᠭᠤᠯᠬᠤ ᠴᠢᠬᠤᠯᠠ᠎ᠲᠠᠢ ᠥᠶᠡᠰ᠂   ᠤᠷᠢᠳᠠᠪᠡᠷ ᠭᠠᠯ ᠭᠠᠷᠤᠭᠰᠠᠨ ᠲᠠᠪᠬᠤᠷᠭ᠎ᠠ ᠵᠢᠨ ᠬᠥᠮᠥᠰ᠎ᠢ ᠵᠠᠢ᠍ᠢ᠍ᠯᠠᠭᠤᠯᠵᠤ᠂ ᠲᠠᠷᠠᠭ᠎ᠠ᠎ᠪᠠᠷ᠎ᠨᠢ ᠭᠠᠯ ᠭᠠᠷᠤᠭᠰᠠᠨ   ᠲᠠᠪᠬᠤᠷᠭ᠎ᠠ᠎ᠠᠴᠠ ᠲᠡᠭᠡᠷᠡᠬᠢ ᠲᠠᠪᠬᠤᠷᠭ᠎ᠠ᠎ᠨᠤᠭᠤᠳ᠎ᠤᠨ ᠬᠥᠮᠥᠰ᠎ᠢ ᠵᠠᠢ᠍ᠢ᠍ᠯᠠᠭᠤᠯᠵᠤ᠂ ᠲᠠᠬᠢᠭ᠋ᠠᠳ ᠭᠠᠯ ᠭᠠᠷᠤᠭᠰᠠᠨ   ᠲᠠᠪᠬᠤᠷᠭ᠎ᠠ ᠵᠢᠨ ᠲᠤᠤᠷᠠᠬᠢ ᠲᠠᠪᠬᠤᠷᠭ᠎ᠠ᠎ᠨᠤᠭᠤᠳ᠎ᠤᠨ ᠬᠥᠮᠥᠰ᠎ᠢ ᠵᠠᠢ᠍ᠢ᠍ᠯᠠᠭᠤᠯᠬᠤ ᠭᠡᠷᠡᠭᠳᠡᠢ᠃ ᠢᠨᠭ᠌ᠬᠢᠵᠤ ᠵᠠᠢ᠍ᠢ᠍ᠯᠠᠭᠤᠯᠬᠤ   ᠵᠢᠨ ᠤᠴᠢᠷ᠎ᠨᠢ ᠭᠡᠪᠡᠯ᠂ ᠭᠠᠯ᠎ᠤᠨ ᠰᠤᠷ ᠲᠡᠭᠡᠭᠰᠢ ᠮᠠᠨᠳᠤᠬᠤ᠎ᠨᠢ ᠮᠠᠰᠢ ᠲᠥᠷᠭᠡᠨ ᠪᠠᠢ᠍ᠢ᠍ᠳᠠᠭ ᠪᠤᠯᠬᠤᠷ ᠲᠡᠭᠡᠷᠡᠬᠢ ᠭᠡᠰᠡᠭ  ᠎ᠨᠢ ᠠ᠋ᠩ ᠲᠡᠷᠢᠬᠥᠨ᠎ᠳᠤ ᠭᠠᠯ᠎ᠤᠨ ᠬᠥᠴᠥᠨ᠎ᠳᠤ ᠰᠥᠷᠳᠡᠬᠥᠯᠥᠭᠳᠡᠳᠡᠭ᠎ᠠᠴᠠ ᠪᠤᠯᠤᠭᠰᠠᠨ ᠶᠤᠮ᠃        
     ● ᠶᠡᠷᠥ ᠵᠢᠨ ᠠᠶᠤᠯᠬᠥᠢ᠎ᠪᠠᠷ ᠵᠠᠢ᠍ᠢ᠍ᠯᠠᠭᠤᠯᠬᠤ ᠵᠠᠮ ᠱᠤᠭᠤᠮ᠎ᠨᠢ ᠨᠢᠭᠡᠨᠳᠡ ᠭᠠᠯ᠎ᠳᠤ ᠪᠥᠰᠡᠯᠡᠭᠳᠡᠭᠰᠡᠨ᠎ᠢ   ᠪᠠᠳᠤᠳᠠᠢ ᠤᠯᠵᠤ ᠮᠡᠳᠡᠭᠰᠡᠨ ᠥᠶᠡᠰ᠂ ᠠᠰᠠᠷ᠎ᠤᠨ ᠲᠤᠳᠤᠷᠠᠬᠢ ᠡᠯ᠎ᠡ ᠵᠥᠢ᠍ᠯ᠎ᠤᠨ ᠲᠤᠰᠠᠯᠠᠮᠵᠢ ᠪᠡᠯᠡᠳᠭᠡᠮᠵᠢ ᠲᠤᠬᠠᠢ᠍ᠢ᠍ᠯᠠᠪᠠᠯ   ᠤᠳᠤᠭ᠎ᠠ ᠰᠡᠷᠭᠡᠢ᠍ᠢ᠍ᠯᠡᠬᠥ ᠱᠠᠳᠤ᠂ ᠪᠠᠴᠢᠮ ᠵᠠᠢ᠍ᠢ᠍ᠯᠠᠭᠤᠯᠬᠤ ᠵᠠᠮ ᠱᠤᠭᠤᠮ᠂ ᠪᠠᠴᠢᠮ ᠴᠠᠬᠢᠯᠭ᠋ᠠᠨ ᠱᠠᠳᠤ᠂ ᠭᠡᠷ᠎ᠤᠨ ᠭᠠᠳᠠᠨᠠᠬᠢ   ᠱᠠᠳᠤ ᠵᠢᠴᠢ ᠭᠠᠯ ᠤᠨᠳᠠᠷᠠᠭ᠋ᠠᠬᠤ ᠱᠠᠳᠤ ᠵᠡᠷᠭᠡ ᠪᠡᠯᠡᠳᠭᠡᠮᠵᠢ᠎ᠨᠦᠭᠦᠳ᠎ᠢ ᠠᠰᠢᠭᠯᠠᠨ᠂ ᠲᠥᠷᠭᠡᠨ ᠵᠠᠢ᠍ᠢ᠍ᠯᠠᠭᠤᠯᠬᠤ ᠭᠡᠷᠡᠭᠳᠡᠢ᠃          
     ● ᠨᠢᠭᠡᠨᠳᠡ ᠵᠠᠢ᠍ᠢ᠍ᠯᠠᠵᠤ ᠵᠠᠪᠳᠤᠬᠤ ᠥᠭᠡᠢ ᠪᠤᠯᠤᠭᠰᠠᠨ ᠥᠶᠡᠰ᠂ ᠠᠶᠤᠯ᠎ᠠᠴᠠ ᠲᠠᠯᠳᠠᠯᠠᠬᠤ ᠭᠠᠵᠠᠷ ᠲᠠᠯᠠᠪᠤᠷ   ᠠ᠋ᠷᠢᠵᠤ᠂ ᠭᠠᠯ ᠤᠨᠳᠠᠷᠠᠭ᠋ᠠᠬᠤ ᠠᠨᠭ᠌ᠬᠢ ᠵᠢᠨ᠎ᠬᠢᠨ ᠢᠷᠡᠵᠤ ᠠᠪᠤᠷᠠᠨ ᠲᠤᠰᠠᠯᠠᠬᠤ ᠵᠢ ᠬᠥᠯᠢᠶᠡᠬᠥ ᠭᠡᠷᠡᠭᠳᠡᠢ᠃

     ● ᠲᠤᠳᠠᠭ᠋ᠠᠵᠤ ᠵᠠᠢ᠍ᠢ᠍ᠯᠠᠬᠤ ᠥᠶ᠎ᠡ᠎ᠳᠡᠭᠡᠨ ᠲᠤᠷ᠎ᠠ᠎ᠪᠠᠷ ᠵᠢᠡᠨ ᠬᠥᠶᠥᠵᠤ ᠲᠤᠳᠠᠭ᠋ᠠᠬᠤ ᠪᠠ ᠤᠷᠢᠯᠠᠵᠤ   ᠬᠠᠰᠬᠢᠷᠤᠯᠳᠤᠵᠤ ᠪᠤᠯᠬᠤ ᠥᠭᠡᠢ᠃ ᠢᠨᠭᠬᠢᠬᠥ᠎ᠳᠤ ᠬᠥᠷᠪᠡᠯ ᠬᠥᠴᠤ ᠴᠢᠳᠠᠯ ᠵᠢᠡᠨ ᠶᠡᠭᠡᠪᠡᠷ ᠪᠠᠷᠠᠵᠤ᠂ ᠨᠡᠩ ᠶᠡᠭᠡ   ᠤᠳᠤᠭ᠎ᠠ ᠤᠨᠢᠶᠠᠷ ᠰᠤᠷᠤᠵᠤ ᠠᠪᠬᠤ ᠮᠥᠷᠳᠡᠭᠡᠨ ᠪᠠᠰᠠ ᠭᠡᠪ᠎ᠤᠨ ᠶᠤᠰᠤᠭ᠋ᠠᠷ ᠵᠠᠢ᠍ᠢ᠍ᠯᠠᠬᠤ ᠵᠢ ᠬᠠᠷᠰᠢᠯᠠᠬᠤ ᠪᠥᠭᠡᠳ ᠠ᠋ᠮᠬᠢ   ᠵᠠᠮᠪᠠᠷᠠᠭ᠎ᠠ ᠥᠭᠡᠢ ᠪᠤᠯᠭ᠋ᠠᠨ᠎ᠠ᠃ ᠢᠯᠠᠨᠭ᠌ᠭᠤᠶ᠎ᠠ ᠠ᠋ᠮᠥᠨᠡᠬᠢ᠎ᠨᠢ ᠤᠷᠢᠯᠠᠯᠳᠤᠨ ᠬᠤᠢ᠍ᠢ᠍ᠨᠠᠬᠢ᠎ᠨᠢ ᠰᠢᠬᠠᠯᠴᠠᠵᠤ ᠠ᠋ᠮᠬᠢ ᠵᠠᠮᠪᠠᠷᠠᠭ᠎ᠠ   ᠥᠭᠡᠢ ᠪᠤᠯᠤᠭᠰᠠᠨ ᠥᠶ᠎ᠡ᠎ᠳᠤ ᠶᠠᠭ᠋ᠠᠬᠢᠭᠰᠠᠨ ᠴᠤ᠌ ᠬᠥᠨᠭᠭᠡᠨ ᠬᠠᠭᠤᠳᠠᠮ ᠤᠷᠤᠯᠴᠠᠵᠤ ᠪᠤᠯᠬᠤ ᠥᠭᠡᠢ᠃ ᠠ᠋ᠨᠡ ᠪᠤᠯ   ᠲᠤᠳᠠᠭ᠋ᠠᠨ ᠵᠠᠢ᠍ᠢ᠍ᠯᠠᠬᠤ ᠶᠠᠪᠤᠴᠠ᠎ᠳᠠᠬᠢ ᠲᠤᠮᠤ ᠴᠡᠭᠡᠷ ᠪᠤᠯᠤᠨ᠎ᠠ᠂ ᠮᠥᠨᠴᠤ ᠥᠬᠥᠯ ᠰᠢᠷᠬᠠᠳᠤᠯ᠎ᠢ ᠶᠡᠭᠡᠳᠬᠥ ᠵᠢᠨ ᠴᠢᠬᠤᠯᠠ   ᠰᠢᠯᠳᠠᠭ᠋ᠠᠨ ᠪᠤᠯᠤᠨ᠎ᠠ᠃        
    ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠬᠥᠮᠥᠨ ᠤᠯᠠᠨ ᠨᠢᠭᠳᠠᠷᠠᠵᠤ ᠲᠥᠪᠯᠡᠷᠡᠭᠰᠡᠨ ᠭᠠᠵᠠᠷ ᠲᠠᠯᠠᠪᠤᠷ᠎ᠤᠨ ᠭᠠᠯ᠎ᠤᠨ ᠠᠶᠤᠯ᠎ᠠᠴᠠ ᠲᠤᠳᠠᠭ᠋ᠠᠵᠤ   ᠵᠠᠢ᠍ᠢ᠍ᠯᠠᠬᠤ ᠵᠢᠨ ᠥᠨᠳᠥᠰᠥᠨ ᠱᠠᠭ᠋ᠠᠷᠳᠠᠯᠭ᠎ᠠ ᠪᠤᠯ ᠯᠠᠪᠳᠠᠭᠤᠨ ᠲᠤᠭᠳᠠᠭᠤᠨ ᠪᠠᠢ᠍ᠢ᠍ᠬᠤ ᠭᠡᠷᠡᠭᠳᠡᠢ᠂ ᠡᠯ᠎ᠡ ᠵᠥᠢ᠍ᠯ᠎ᠤᠨ ᠭᠠᠯ   ᠤᠨᠳᠠᠷᠠᠭ᠋ᠠᠬᠤ ᠪᠡᠯᠡᠳᠭᠡᠮᠵᠢ ᠵᠢ ᠬᠥᠢ᠍ᠴᠡᠳ ᠠᠰᠢᠭᠯᠠᠵᠤ᠂ ᠲᠤᠳᠠᠭ᠋ᠠᠵᠤ ᠵᠠᠢ᠍ᠢ᠍ᠯᠠᠬᠤ ᠵᠥᠪ ᠵᠠᠮ᠎ᠢ ᠪᠠᠷᠢᠮᠳᠠᠯᠠᠵᠤ᠂ ᠪᠡᠶ᠎ᠡ   ᠮᠤᠯᠳᠤᠷᠠᠬᠤ ᠪᠠ ᠠᠶᠤᠯ᠎ᠠᠴᠠ ᠵᠠᠢ᠍ᠢ᠍ᠯᠠᠬᠤ ᠪᠥᠳᠥᠮᠵᠢᠳᠡᠢ ᠠᠷᠭ᠎ᠠ ᠵᠢ ᠠᠪᠬᠤ ᠭᠡᠷᠡᠭᠳᠡᠢ᠃ ᠪᠤᠳᠠᠳᠠᠢ ᠭᠠᠯ᠎ᠤᠨ ᠠᠶᠤᠯ   ᠲᠤᠮᠳᠠ᠂ ᠪᠡᠶ᠎ᠡ ᠮᠤᠯᠳᠤᠷᠠᠬᠤ ᠠᠷᠭ᠎ᠠ ᠭᠡᠮᠵᠢᠶ᠎ᠡ ᠵᠢ ᠲᠤᠬᠢᠷᠠᠮᠵᠢᠳᠠᠢ ᠡᠵᠡᠮᠰᠢᠳᠡᠭ ᠯᠠ ᠶᠤᠮ ᠪᠤᠯ ᠯᠠᠪᠳᠠᠢ ᠰᠠᠭ᠋ᠠᠳ ᠥᠭᠡᠢ   ᠵᠠᠢ᠍ᠢ᠍ᠯᠠᠵᠤ ᠲᠡᠢ᠍ᠢ᠍ᠯᠥᠨ᠎ᠡ᠃        
     ◇ ᠥᠪᠡᠷ᠎ᠢ ᠵᠢᠡᠨ ᠠᠪᠤᠷᠠᠬᠤ ᠵᠤᠬᠢᠬᠤ ᠮᠡᠳᠡᠯᠭᠡ ᠵᠢ ᠡᠵᠡᠮᠰᠢᠬᠥ ᠭᠡᠷᠡᠭᠳᠡᠢ᠃ ᠪᠠᠢ᠍ᠢ᠍ᠭᠤᠯᠤᠯᠭ᠎ᠠ ᠨᠢᠭᠡᠴᠡ ᠵᠢᠨ   ᠵᠤᠬᠢᠶᠠᠨ ᠪᠠᠢ᠍ᠢ᠍ᠭᠤᠯᠤᠭᠰᠠᠨ ᠭᠠᠯ ᠤᠨᠳᠠᠷᠠᠭ᠋ᠠᠬᠤ ᠥᠵᠡᠬᠥᠯᠥᠯᠭᠡ᠂ ᠲᠤᠳᠠᠭ᠋ᠠᠵᠤ ᠵᠠᠢ᠍ᠢ᠍ᠯᠠᠬᠤ ᠰᠤᠷᠢᠯᠳᠠ᠂ ᠭᠠᠯ ᠤᠨᠳᠠᠷᠠᠭ᠋ᠠᠬᠤ   ᠮᠡᠳᠡᠯᠭᠡ ᠵᠢᠨ ᠪᠤᠯᠪᠠᠰᠤᠷᠠᠭᠤᠯᠤᠯ᠎ᠳᠤ ᠠ᠋ᠷᠭᠡᠪᠰᠢ ᠢᠳᠡᠪᠬᠢᠳᠡᠢ ᠤᠷᠤᠯᠴᠠᠬᠤ ᠮᠥᠷᠳᠡᠭᠡᠨ ᠶᠡᠷᠥ ᠵᠢᠨ ᠴᠠᠭ᠎ᠲᠠᠭᠠᠨ ᠴᠤ᠌ ᠠ᠋ᠨᠡ   ᠲᠤᠬᠠᠢ ᠮᠡᠳᠡᠯᠭᠡ᠎ᠨᠦᠭᠦᠳ᠎ᠢ ᠢᠯᠡᠬᠥᠭᠡᠨ ᠰᠤᠷᠴᠤ ᠡᠵᠡᠮᠰᠢᠬᠥ ᠭᠡᠷᠡᠭᠳᠡᠢ᠃        
     ◇ ᠬᠥᠮᠥᠰ ᠤᠯᠠᠨ ᠨᠢᠬᠳᠠ ᠲᠥᠪᠯᠡᠷᠡᠬᠥ ᠭᠠᠵᠠᠷ ᠲᠠᠯᠠᠪᠤᠷ᠎ᠲᠤ ᠤᠷᠤᠬᠤ᠎ᠳᠠᠭᠠᠨ ᠲᠡᠬᠥᠨ᠎ᠤ ᠲᠤᠳᠤᠭ᠋ᠠᠳᠤ   ᠪᠠᠢ᠍ᠢ᠍ᠷᠢᠰᠢᠯ᠎ᠢ ᠵᠤᠷᠢᠯᠬ᠎ᠠ᠎ᠲᠠᠢ᠎ᠪᠠᠷ ᠤᠢ᠍ᠢ᠍ᠯᠠᠭ᠋ᠠᠵᠤ᠂ ᠭᠠᠵᠠᠷ ᠲᠠᠯᠠᠪᠤᠷ᠎ᠲᠠᠬᠢ ᠰᠠᠭ᠋ᠠᠳ ᠥᠭᠡᠢ ᠨᠡᠪᠳᠡᠷᠡᠬᠥ ᠵᠠᠮ ᠱᠤᠭᠤᠮ᠎ᠤᠨ   ᠴᠢᠭᠯᠡᠯ᠎ᠢ ᠮᠡᠳᠡᠨ ᠠᠪᠴᠤ᠂ ᠲᠤᠳᠤᠷ᠎ᠠ᠎ᠪᠠᠨ ᠲᠤᠭ᠎ᠠ᠎ᠲᠠᠢ ᠪᠠᠢ᠍ᠢ᠍ᠬᠤ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ