ᠰᠠᠴᠤᠷᠠᠭ ᠠ᠋ᠬᠥᠰᠭᠡᠭᠴᠢ ᠭᠡᠳᠡᠭ ᠪᠤᠯ ᠰᠠᠪᠠᠨ ᠲᠤᠳᠤᠷ᠎ᠠ ᠨᠢᠬᠳᠠ ᠪᠢᠳᠡᠬᠥᠮᠵᠢᠯᠡᠭᠰᠡᠨ ᠪᠤᠶᠤ ᠨᠢᠬᠳᠠ ᠴᠢᠨᠭᠭ᠎ᠠ ᠪᠤᠭᠤᠯᠳᠠ᠎ᠲᠠᠢ ᠬᠠᠳᠠᠭᠤ ᠲᠥᠯᠥᠪ᠎ᠤᠨ ᠰᠠᠴᠤᠷᠠᠭ ᠴᠢᠨᠠᠷᠳᠠᠢ ᠮᠠᠲᠸᠷᠢᠶᠠᠯ᠎ᠢ ᠵᠢᠭ᠋ᠠᠵᠤ ᠪᠠᠢ᠍ᠢ᠍ᠨ᠎ᠠ᠃ ᠰᠠᠴᠤᠷᠠᠭ ᠠ᠋ᠬᠥᠰᠭᠡᠭᠴᠢ ᠵᠢᠨ ᠬᠠᠷᠪᠤᠵᠤ ᠭᠠᠷᠭ᠋ᠠᠭᠰᠠᠨ ᠬᠠᠷᠪᠤᠯᠳᠠ ᠵᠢᠨ ᠱᠤᠭᠤᠮ ᠪᠤᠯ ᠬᠥᠮᠥᠨ᠎ᠤ ᠨᠢᠳᠥᠨ᠎ᠳᠤ ᠥᠵᠡᠭᠳᠡᠬᠥ ᠥᠭᠡᠢ᠂ ᠭᠠᠷ᠎ᠲᠤ ᠪᠠᠷᠢᠭᠳᠠᠬᠤ ᠥᠭᠡᠢ᠂ ᠥᠨᠥᠷ ᠥᠭᠡᠢ ᠵᠥᠢ᠍ᠯ ᠶᠤᠮ᠃ ᠲᠡᠷᠡ᠎ᠨᠢ ᠵᠤᠬᠢᠬᠤ ᠠ᠋ᠨ᠋ᠸᠷᠬᠢ᠎ᠲᠠᠢ ᠪᠠᠢ᠍ᠢ᠍ᠵᠤ᠂ ᠠ᠋ᠰᠤᠨ ᠨᠡᠭᠡᠭᠡᠯᠳᠡ ᠵᠢ ᠡᠪᠳᠡᠵᠤ᠂ ᠬᠥᠮᠥᠨ᠎ᠤ ᠪᠡᠶ᠎ᠡ ᠵᠢ ᠬᠥᠨᠥᠭᠡᠳᠡᠭ᠃ ᠰᠠᠴᠤᠷᠠᠭ ᠠ᠋ᠬᠥᠰᠭᠡᠭᠴᠢ ᠵᠢ ᠢᠯᠭ᠋ᠠᠨ ᠲᠠᠨᠢᠬᠤ᠎ᠳᠤ ᠱᠤᠰᠢᠭ᠎ᠠ ᠲᠡᠮᠳᠡᠭ᠂ ᠪᠤᠭᠤᠳᠠᠯᠠᠴᠠᠨᠢ ᠮᠡᠳᠡᠬᠥ ᠵᠢ ᠭᠠᠷᠭ᠋ᠠᠪᠠᠯ᠂ ᠵᠥᠪᠭᠡᠨ ᠲᠤᠰᠬᠠᠢ ᠠᠵᠢᠯᠳᠠᠳ ᠲᠤᠰᠬᠠᠢ ᠭᠡᠮᠵᠢᠬᠥᠷ ᠪᠠᠭ᠋ᠠᠵᠢ᠎ᠪᠠᠷ ᠯᠠ ᠰᠠᠶᠢ ᠢᠯᠭ᠋ᠠᠨ ᠲᠠᠨᠢᠵᠤ ᠴᠢᠳᠠᠨ᠎ᠠ᠃
ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ
● ᠬᠥᠮᠥᠨ ᠬᠠᠮᠢᠶᠠᠷᠴᠤ ᠥᠭᠡᠢ ᠠᠶᠤᠨᠵᠢᠭᠰᠠᠨ ᠰᠠᠴᠤᠷᠠᠭ᠎ᠤᠨ ᠲᠡᠮᠳᠡᠭ ᠠ᠋ᠳ᠋᠎ᠢ ᠤᠯᠵᠤ ᠮᠡᠳᠡᠭᠰᠡᠨ ᠪᠤᠶᠤ ᠬᠠᠷ᠎ᠠ ᠲᠤᠭᠤᠯᠭ᠎ᠠ᠂ ᠪᠤᠯᠤᠳ᠂ ᠴᠢᠯᠠᠭᠤᠨ ᠯᠠ ᠵᠡᠷᠭᠡ᠎ᠪᠠᠷ ᠬᠢᠭᠰᠡᠨ ᠪᠥᠮᠪᠥᠷᠭᠡᠨ ᠭᠡᠯᠪᠡᠷᠢ ᠪᠤᠶᠤ ᠪᠥᠮᠪᠥᠭᠡᠨ ᠭᠡᠯᠪᠡᠷᠢ ᠵᠢᠨ ᠠ᠋ᠳ᠋᠎ᠢ ᠤᠯᠵᠤ ᠥᠵᠡᠪᠡᠯ᠂ ᠶᠠᠭ᠋ᠠᠬᠢᠭᠰᠠᠨ ᠴᠤ᠌ ᠲᠤᠷ᠎ᠠ᠎ᠪᠠᠷ ᠵᠢᠡᠨ ᠰᠢᠯᠵᠢᠬᠥᠯᠬᠥ᠂ ᠨᠡᠭᠡᠭᠡᠵᠤ ᠥᠵᠡᠬᠥ᠂ ᠭᠡᠷ᠎ᠲᠡᠭᠡᠨ ᠠᠪᠴᠢᠷᠠᠬᠤ ᠪᠤᠶᠤ ᠬᠠᠶᠠᠭᠳᠠᠮᠠᠯ ᠠ᠋ᠳ᠋ ᠬᠤᠳᠠᠯᠳᠤᠨ ᠠᠪᠬᠤ ᠭᠠᠵᠠᠷ ᠬᠤᠳᠠᠯᠳᠤᠵᠤ ᠪᠤᠯᠬᠤ ᠥᠭᠡᠢ᠃
● ᠬᠥᠮᠥᠨ ᠬᠠᠮᠢᠶᠠᠷᠴᠤ ᠥᠭᠡᠢ ᠬᠡᠷᠡᠯᠳᠥᠨ ᠬᠢᠯᠳᠤᠭ᠋ᠠᠨᠠᠵᠤ ᠪᠠᠢ᠍ᠢ᠍ᠭ᠎ᠠ ᠲᠡᠮᠥᠷᠯᠢᠭ ᠬᠢᠨᠵᠢ ᠵᠡᠷᠭᠡ ᠲᠡᠮᠥᠷᠯᠢᠭ ᠮᠥᠨ ᠠ᠋ᠰᠡᠬᠥ᠎ᠨᠢ ᠲᠤᠳᠤᠷᠬᠠᠢ ᠥᠭᠡᠢ ᠠ᠋ᠳ᠋᠎ᠢ ᠤᠯᠵᠤ ᠥᠵᠡᠪᠡᠯ ᠲᠡᠷᠤᠢ᠍ᠢ᠍ᠬᠠᠨ ᠲᠤᠬᠠᠢ ᠵᠢᠨ ᠲᠠᠯᠠᠪᠤᠷ᠎ᠠᠴᠠ ᠬᠤᠯᠠ ᠵᠠᠢ᠍ᠢ᠍ᠯᠠᠬᠤ ᠭᠡᠷᠡᠭᠳᠡᠢ᠂ ᠶᠠᠭ᠋ᠠᠬᠢᠭᠰᠠᠨ ᠴᠤ᠌ ᠠ᠋ᠳᠡᠭᠡᠷ ᠠ᠋ᠳ᠋᠎ᠢ ᠰᠢᠯᠵᠢᠬᠥᠯᠬᠥ ᠪᠠ ᠠ᠋ᠷᠥᠭᠡ ᠭᠡᠷ᠎ᠲᠡᠭᠡᠨ ᠠᠪᠴᠢᠷᠠᠵᠤ ᠪᠤᠯᠬᠤ ᠥᠭᠡᠢ ᠃
● ᠰᠡᠵᠢᠭ᠎ᠲᠠᠢ ᠠ᠋ᠳ᠋᠎ᠤᠨ ᠤᠢ᠍ᠢ᠍ᠷ᠎ᠠ ᠤᠷᠴᠢᠮ᠎ᠳᠤ ᠲᠡᠮᠳᠡᠭ ᠪᠤᠰᠬᠠᠵᠤ᠂ ᠬᠥᠮᠥᠰ᠎ᠲᠤ ᠤᠢ᠍ᠢ᠍ᠷᠠᠳᠤᠵᠤ ᠪᠤᠯᠬᠤ ᠥᠭᠡᠢ ᠭᠡᠮᠡᠨ ᠰᠡᠷᠡᠮᠵᠢᠯᠡᠬᠥᠯᠵᠤ᠂ ᠤᠷᠴᠢᠨ ᠲᠤᠭᠤᠷᠢᠨ᠎ᠤ ᠬᠠᠮᠠᠭ᠋ᠠᠯᠠᠯᠳᠠ ᠵᠡᠷᠭᠡ ᠬᠠᠮᠢᠶ᠎ᠠ ᠪᠥᠬᠥᠢ ᠰᠠᠯᠠᠭ᠎ᠠ ᠮᠥᠴᠢᠷ᠎ᠲᠤ ᠲᠡᠷᠤᠢ᠍ᠢ᠍ᠬᠠᠨ ᠤᠳᠠᠰᠤᠳᠠᠨ ᠮᠡᠳᠡᠭᠦᠯᠦᠨ᠎ᠡ᠃
ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ
◇ ᠰᠠᠴᠤᠷᠠᠭ ᠴᠢᠨᠠᠷ᠎ᠤᠨ ᠰᠡᠷᠡᠮᠵᠢ ᠵᠢᠨ ᠲᠡᠮᠳᠡᠭ᠎ᠲᠠᠢ ᠭᠠᠵᠠᠷ ᠤᠷᠤᠨ᠎ᠳᠤ ᠰᠤᠬᠤᠷ ᠪᠠᠯᠠᠢ᠎ᠪᠠᠷ ᠤᠷᠤᠵᠤ ᠪᠤᠯᠬᠤ ᠥᠭᠡᠢ᠃
◇ ᠰᠠᠴᠤᠷᠠᠭ ᠠ᠋ᠬᠥᠰᠭᠡᠭᠴᠢ ᠵᠢᠨ ᠬᠥᠮᠥᠰ᠎ᠤᠨ ᠪᠡᠶ᠎ᠡ ᠮᠠᠬᠠᠪᠤᠳ᠎ᠢ ᠬᠥᠨᠥᠭᠡᠬᠥ ᠵᠢ ᠰᠡᠷᠭᠡᠢ᠍ᠢ᠍ᠯᠡᠬᠥ ᠪᠠ ᠪᠠᠭ᠋ᠠᠰᠬᠠᠬᠤ ᠵᠢᠨ ᠲᠤᠯᠠᠳᠠ᠂ ᠰᠠᠴᠤᠷᠠᠭ ᠠ᠋ᠬᠥᠰᠭᠡᠭᠴᠢ᠎ᠠᠴᠠ ᠭᠡᠳᠥᠢ ᠬᠤᠯᠠ ᠵᠠᠢ᠍ᠢ᠍ᠳᠠᠢ ᠪᠤᠯ ᠲᠡᠳᠥᠢ ᠪᠠᠭ᠎ᠠ ᠬᠥᠨᠥᠭᠡᠯ᠎ᠳᠤ ᠤᠴᠠᠷᠠᠨ᠎ᠠ᠃ ᠵᠤᠬᠢᠬᠤ ᠬᠠᠯᠬᠠᠪᠴᠢ ᠮᠠᠲᠸᠷᠢᠶᠠᠯ᠎ᠢ ᠰᠤᠨᠭ᠌ᠭᠤᠨ ᠰᠠᠴᠤᠷᠠᠭ ᠠ᠋ᠬᠥᠰᠭᠡᠭᠴᠢ᠎ᠠᠴᠠ ᠬᠠᠷᠪᠤᠭᠰᠠᠨ ᠱᠤᠭᠤᠮ᠎ᠢ ᠬᠠᠯᠬᠠᠯᠠᠬᠤ ᠭᠡᠷᠡᠭᠳᠡᠢ᠃ ᠰᠠᠴᠤᠷᠠᠭ ᠠ᠋ᠬᠥᠰᠭᠡᠭᠴᠢ᠎ᠲᠠᠢ ᠤᠢ᠍ᠢ᠍ᠷᠠᠳᠤᠬᠤ ᠴᠠᠭ᠎ᠢ ᠠᠯᠢ ᠴᠢᠳᠠᠬᠤ᠎ᠪᠠᠷ ᠪᠤᠭᠤᠨᠢᠰᠬᠠᠨ᠎ᠠ ᠃