ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠤᠢ ᠰᠢᠭᠤᠢ ᠨᠤᠳᠤᠭ ᠪᠡᠯᠴᠢᠭᠡᠷ᠎ᠤᠨ ᠭᠠᠯ᠎ᠤᠨ ᠠᠶᠤᠯ᠎ᠢ ᠰᠡᠷᠭᠡᠢ᠌ᠯᠡᠬᠦ ᠲᠤᠬᠠᠢ
ᠨᠡᠶ᠋ᠢᠲᠡᠯᠡᠭᠰᠡᠨ ᠴᠠᠭ᠄ 2015-03-02

      ᠤᠢ ᠰᠢᠭᠤᠢ ᠨᠤᠳᠤᠭ ᠪᠡᠯᠴᠢᠭᠡᠷ᠎ᠤᠨ ᠭᠠᠯ᠎ᠤᠨ ᠠᠶᠤᠯ ᠭᠡᠳᠡᠭ᠎ᠨᠢ ᠤᠢ ᠰᠢᠭᠤᠢ᠂ ᠰᠢᠭᠤᠢ᠍ᠢ᠍ᠳᠤ ᠤᠷᠤᠨ᠂ ᠤᠢ ᠮᠤᠳᠤᠨ᠎ᠤ ᠲᠥᠢ᠍ᠮᠡᠷ ᠪᠠ ᠪᠠᠢ᠍ᠢ᠍ᠭ᠋ᠠᠯᠢᠯᠢᠬ ᠡᠪᠡᠰᠤ ᠪᠡᠯᠴᠢᠭᠡᠷ᠂ ᠲᠡᠷᠢᠮᠠᠯ ᠡᠪᠡᠰᠤ ᠪᠡᠯᠴᠢᠭᠡᠷ᠎ᠤᠨ ᠲᠥᠢ᠍ᠮᠡᠷ᠎ᠢ ᠵᠢᠭ᠋ᠠᠵᠤ ᠪᠠᠢ᠍ᠢ᠍ᠨ᠎ᠠ᠃  
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
      ᠤᠢ ᠰᠢᠭᠤᠢ ᠨᠤᠳᠤᠭ ᠪᠡᠯᠴᠢᠭᠡᠷ᠎ᠤᠨ ᠲᠥᠢ᠍ᠮᠡᠷ᠎ᠢ ᠤᠯᠵᠤ ᠮᠡᠳᠡᠪᠡᠯ᠂ ᠲᠡᠷᠤᠢ᠍ᠢ᠍ᠬᠠᠨ ᠴᠠᠭᠳᠠᠭ᠎ᠠ᠎ᠳᠤ ᠮᠡᠳᠡᠭᠥᠯᠬᠥ   ᠭᠡᠷᠡᠭᠳᠡᠢ᠂ ᠴᠠᠭᠳᠠᠭ᠎ᠠ᠎ᠳᠤ ᠮᠡᠳᠡᠬᠥᠯᠬᠥ᠎ᠳᠡᠭᠡᠨ ᠲᠥᠢ᠍ᠮᠡᠷ᠎ᠤᠨ ᠭᠠᠵᠠᠷ ᠪᠠᠢ᠍ᠢ᠍ᠷᠢ᠂ ᠲᠥᠢ᠍ᠮᠡᠷ᠎ᠤᠨ ᠶᠡᠭᠡ ᠪᠠᠭ᠎ᠠ ᠵᠢᠨ ᠪᠠᠢ᠍ᠢ᠍ᠳᠠᠯ᠂ ᠬᠥᠮᠥᠨ ᠠᠮᠢᠳᠠᠨ ᠥᠬᠥᠵᠤ ᠰᠢᠷᠬᠠᠳᠤᠭᠰᠠᠨ ᠠ᠋ᠰᠡᠬᠥ ᠵᠢᠴᠢ ᠮᠡᠳᠡᠬᠥᠯᠥᠭᠰᠡᠨ ᠬᠥᠮᠥᠨ᠎ᠤ ᠤᠪᠤᠭ ᠨᠡᠷ᠎ᠡ ᠪᠠ ᠬᠠᠷᠢᠯᠴᠠᠬᠤ   ᠭᠡᠯᠪᠡᠷᠢ᠎ᠪᠠᠨ ᠲᠤᠳᠤᠷᠬᠠᠢ ᠮᠡᠳᠡᠭᠳᠡᠬᠥ ᠭᠡᠷᠡᠭᠳᠡᠢ᠃          
     12119 ᠤᠳᠠᠰᠤ ᠪᠤᠯ ᠰᠥᠢ᠍ᠳᠭᠡᠯ ᠬᠤᠷᠢᠶᠠᠬᠤ ᠥᠭᠡᠢ᠂ ᠮᠥᠨᠭᠬᠥ ᠰᠢᠷᠭᠤᠭᠤᠯᠬᠤ᠂ ᠺᠠᠷᠲ ᠵᠡᠷᠭᠡ ᠤᠯᠠᠨ   ᠨᠡᠢ᠍ᠢ᠍ᠳᠡ ᠵᠢᠨ ᠭᠡᠷᠡᠭᠯᠡᠭᠡᠨ᠎ᠤ ᠤᠳᠠᠰᠤ᠎ᠪᠠᠷ ᠴᠥᠮ ᠰᠢᠭᠤᠳ ᠤᠳᠠᠰᠤᠳᠠᠵᠤ ᠪᠤᠯᠤᠨ᠎ᠠ᠃        
     ● ᠭᠠᠯ ᠲᠠᠯᠪᠢᠵᠤ ᠲᠠᠷᠤᠬᠤ᠄ ᠨᠡᠯᠢᠶᠡᠳ ᠠᠭᠤᠳᠠᠮ ᠲᠡᠭᠰᠢ ᠲᠡᠯ᠎ᠠ᠎ᠳᠤ ᠪᠤᠯ ᠭᠤᠤᠯ ᠭᠤᠷᠤᠬ᠎ᠠ᠂ ᠵᠠᠮ ᠱᠤᠭᠤᠮ ᠵᠢᠡᠷ ᠲᠥᠰᠢᠭ ᠪᠤᠯᠭ᠋ᠠᠵᠤ᠂ ᠭᠠᠯ ᠲᠠᠯᠪᠢᠬᠤ ᠪᠠᠭ᠋ᠠᠵᠢ᠎ᠪᠠᠷ ᠠ᠋ᠰᠡᠷᠬᠥ ᠵᠥᠭ᠎ᠲᠤᠨᠢ ᠭᠠᠯ ᠲᠠᠯᠪᠢᠵᠤ᠂ ᠶᠡᠭᠡ ᠲᠥᠢ᠍ᠮᠡᠷ  ᠎ᠤᠨ ᠠ᠋ᠰᠡᠷᠬᠥ ᠵᠥᠭ᠎ᠲᠤᠨᠢ ᠬᠥᠭᠵᠢᠭᠡᠵᠤ᠂ ᠲᠥᠢ᠍ᠮᠡᠷ᠎ᠤᠨ ᠬᠥᠴᠥᠨ᠎ᠢ ᠬᠤᠷᠢᠭᠯᠠᠨ ᠲᠠᠷᠤᠵᠤ ᠠᠪᠤᠨ᠎ᠠ᠃          
      ᠭᠤᠤᠯ ᠭᠤᠷᠤᠬ᠎ᠠ᠂ ᠵᠠᠮ ᠱᠤᠭᠤᠮ ᠥᠭᠡᠢ ᠪᠤᠯ ᠭᠠᠯ ᠲᠠᠯᠪᠢᠬᠤ ᠪᠠᠭ᠋ᠠᠵᠢ᠎ᠪᠠᠷ ᠤᠷᠤᠭᠤ ᠵᠥᠭ᠎ᠲᠤᠨᠢ ᠭᠠᠯ ᠲᠠᠯᠪᠢᠵᠤ᠂ ᠬᠥᠮᠥᠰ ᠭᠠᠯᠳᠠᠭᠰᠠᠨ ᠮᠥᠷ ᠵᠢᠡᠷ ᠪᠡᠶ᠎ᠡ ᠲᠠᠯᠳᠠᠯᠠᠬᠤ ᠵᠢᠨ ᠲᠠᠭ᠋ᠠᠤ ᠭᠠᠷ ᠵᠢᠡᠷ ᠵᠢᠡᠨ ᠨᠤᠢ᠍ᠢ᠍ᠳᠠᠨ ᠰᠢᠷᠤᠢ ᠵᠢ ᠮᠠᠯᠳᠠᠨ ᠬᠤᠨᠭ᠌ᠬᠤᠢ᠍ᠢ᠍ᠯᠠᠵᠤ᠂ ᠨᠤᠢ᠍ᠢ᠍ᠳᠠᠨ ᠰᠢᠷᠤᠢ᠎ᠳᠤ ᠨᠠᠭ᠋ᠠᠯᠳᠤᠨ ᠠᠮᠢᠰᠬᠤᠬᠤ ᠪᠤᠶᠤ ᠨᠤᠢ᠍ᠢ᠍ᠳᠠᠨ ᠠᠯᠴᠢᠭᠤᠷ ᠵᠢᠡᠷ ᠠᠮᠠ ᠬᠠᠮᠠᠷ ᠵᠢᠡᠨ ᠲᠠᠷᠤᠵᠤ᠂ ᠨᠡᠬᠥᠷᠡᠰᠥᠳᠥᠢ᠍ᠷᠥᠭᠴᠢ ᠵᠢᠨ ᠲᠠᠩ ᠢᠰᠥᠯ᠎ᠳᠤ ᠬᠤᠤᠷᠳᠠᠭᠳᠠᠬᠤ᠎ᠠᠴᠠ ᠰᠡᠷᠭᠡᠢ᠌ᠯᠡᠨ᠎ᠡ᠃        
     ● ᠰᠠᠯᠬᠢᠨ᠎ᠢ ᠰᠥᠷᠥᠵᠤ ᠭᠠᠯ᠎ᠤᠨ ᠱᠤᠭᠤᠮ᠎ᠢ ᠰᠢᠪᠳᠤᠯᠤᠨ ᠭᠠᠷᠬᠤ᠄ ᠭᠠᠯ ᠲᠠᠯᠪᠢᠬᠤ ᠪᠤᠶᠤ ᠪᠤᠰᠤᠳ ᠵᠥᠢ᠍ᠯ  ᠎ᠤᠨ ᠨᠥᠬᠥᠴᠡᠯ ᠥᠭᠡᠢ ᠥᠶᠡᠰ᠂ ᠰᠠᠯᠬᠢᠨ᠎ᠤ ᠤᠷᠤᠭᠤ ᠬᠥᠶᠥᠵᠤ ᠤᠭᠳᠤ ᠪᠤᠯᠬᠤ ᠥᠭᠡᠢ᠂ ᠨᠢᠭᠡᠨᠳᠡ ᠰᠢᠳᠠᠵᠤ ᠥᠨᠭᠭᠡᠷᠡᠭᠰᠡᠨ ᠪᠤᠶᠤ ᠡᠪᠡᠰᠤ ᠪᠡᠯᠴᠢᠭᠡᠷ ᠰᠡᠢ᠍ᠢ᠍ᠷᠡᠭ᠂ ᠭᠠᠵᠠᠷ ᠲᠠᠯᠠᠪᠠᠢ ᠲᠡᠭᠰᠢ ᠭᠠᠵᠠᠷ᠎ᠢ ᠰᠤᠨᠭ᠌ᠭᠤᠨ ᠬᠤᠪᠴᠠᠰᠤ ᠬᠤᠨᠠᠷ   ᠵᠢᠡᠷ ᠵᠢᠡᠨ ᠲᠤᠯᠤᠭ᠋ᠠᠢ᠎ᠪᠠᠨ ᠪᠥᠳᠡᠭᠡᠵᠤ᠂ ᠰᠠᠯᠬᠢᠨ᠎ᠤ ᠠ᠋ᠰᠡᠷᠬᠥ ᠵᠥᠭ ᠭᠠᠯ᠎ᠤᠨ ᠱᠤᠭᠤᠮ᠎ᠢ ᠰᠢᠪᠳᠤᠯᠤᠨ ᠭᠠᠷᠴᠤ ᠰᠢᠳᠠᠭᠳᠠᠭᠰᠠᠨ ᠭᠠᠵᠠᠷ ᠲᠡᠭᠡᠷ᠎ᠡ ᠭᠠᠷᠬᠤ ᠭᠡᠷᠡᠭᠳᠡᠢ᠃        
     ● ᠠ᠋ᠯᠢᠭᠡᠳᠡᠨ ᠭᠡᠪᠳᠡᠵᠤ ᠭᠠᠯ ᠤᠳᠤᠭ᠎ᠠ᠎ᠠᠴᠠ ᠲᠠᠯᠳᠠᠯᠠᠬᠤ᠄ ᠭᠠᠯ ᠲᠠᠯᠪᠢᠵᠤ ᠲᠠᠷᠤᠵᠤ ᠵᠠᠪᠳᠤᠬᠤ ᠥᠭᠡᠢ᠂ ᠤᠢ᠍ᠢ᠍ᠷᠠᠬᠠᠨ ᠭᠤᠤᠯ ᠪᠠᠢ᠍ᠢ᠍ᠬᠤ ᠪᠠ ᠡᠪᠡᠰᠤ ᠤᠷᠭᠤᠮᠠᠯ ᠥᠭᠡᠢ ᠪᠤᠶᠤ ᠤᠷᠭᠤᠮᠠᠯ ᠰᠡᠢ᠍ᠢ᠍ᠷᠡᠭ ᠪᠠᠢ᠍ᠢ᠍ᠬᠤ ᠰᠠᠯᠬᠢᠨ᠎ᠤ ᠠ᠋ᠰᠡᠷᠬᠥ   ᠲᠡᠭᠰᠢ ᠲᠠᠯ᠎ᠠ᠎ᠲᠠᠢ ᠭᠠᠵᠠᠷ ᠪᠤᠯ ᠬᠤᠪᠴᠠᠰᠤ᠎ᠪᠠᠨ ᠨᠤᠷᠠᠭ᠋ᠠᠵᠤ ᠲᠤᠯᠤᠭ᠋ᠠᠢ᠎ᠪᠠᠨ ᠪᠥᠳᠡᠭᠡᠵᠤ᠂ ᠬᠤᠶᠠᠷ ᠭᠠᠷ ᠵᠢᠡᠨ ᠴᠡᠭᠡᠵᠢᠨ ᠲᠡᠭᠡᠷ᠎ᠡ ᠲᠠᠯᠪᠢᠵᠤ᠂ ᠠ᠋ᠯᠢᠭᠡᠳᠡᠨ ᠭᠡᠪᠳᠡᠵᠤ ᠭᠠᠯ ᠤᠳᠤᠭ᠎ᠠ᠎ᠠᠴᠠ ᠲᠠᠯᠳᠠᠯᠠᠬᠤ ᠭᠡᠷᠡᠭᠳᠡᠢ᠃ ᠠ᠋ᠯᠢᠭᠡᠳᠡᠨ ᠭᠡᠪᠳᠡᠬᠥ᠎ᠳᠡᠭᠡᠨ ᠤᠳᠤᠭ᠎ᠠ ᠤᠨᠢᠶᠠᠷ᠎ᠲᠤ ᠬᠠᠬᠠᠵᠤ ᠪᠥᠳᠡᠬᠥ᠎ᠠᠴᠠ ᠰᠡᠷᠭᠡᠢ᠍ᠢ᠍ᠯᠡᠬᠥ ᠵᠢᠨ ᠲᠤᠰᠠᠳᠠ᠂ ᠨᠤᠢ᠍ᠢ᠍ᠳᠠᠨ ᠠᠯᠴᠢᠭᠤᠷ ᠵᠢᠡᠷ ᠠᠮᠠ   ᠬᠠᠮᠠᠷ ᠵᠢᠡᠨ ᠲᠠᠷᠤᠬᠤ ᠵᠢᠨ ᠲᠠᠭ᠋ᠠᠤ ᠭᠠᠵᠠᠷ ᠬᠤᠨᠭ᠌ᠬᠤᠢ᠍ᠢ᠍ᠯᠠᠨ ᠠᠮᠢᠰᠬᠤᠪᠠᠯ ᠤᠳᠤᠭ᠋ᠠᠨ᠎ᠤ ᠭᠠᠯ᠎ᠠᠴᠠ ᠵᠠᠢ᠍ᠢ᠍ᠯᠠᠵᠤ᠎ᠪᠠᠷ   ᠪᠤᠳᠦᠯᠬᠢᠯᠠᠨ᠎ᠠ᠃ ᠶᠡᠭᠡ ᠲᠠᠮᠢᠷ ᠲᠠᠭ᠋ᠠᠷᠢᠨ ᠢᠷᠡᠵᠤ᠂ ᠬᠥᠮᠥᠨ᠎ᠤ ᠬᠥᠴᠤ᠎ᠪᠠᠷ ᠬᠤᠷᠢᠭᠯᠠᠵᠤ ᠲᠡᠢ᠍ᠢ᠍ᠯᠬᠥ ᠥᠭᠡᠢ ᠪᠤᠯᠤᠭᠰᠠᠨ ᠥᠶᠡᠰ᠂ ᠴᠠᠭ ᠮᠥᠴᠡ ᠵᠠᠪ᠎ᠲᠠᠢ ᠯᠠ ᠪᠤᠯ ᠲᠥᠷᠭᠡᠨ ᠠᠮᠤᠷ ᠲᠥᠪᠰᠢᠨ ᠭᠠᠵᠠᠷ ᠰᠢᠯᠵᠢᠵᠤ᠂ ᠥᠬᠥᠯ ᠰᠢᠷᠬᠠᠳᠤᠯ᠎ᠠᠴᠠ ᠵᠠᠢ᠍ᠢ᠍ᠯᠠᠬᠤ ᠭᠡᠷᠡᠭᠳᠡᠢ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇10∶00 ~ 16∶00 ᠴᠠᠭ᠎ᠤᠨ ᠬᠤᠭᠤᠷᠤᠨᠳᠤ ᠢᠯᠠᠨᠭ᠌ᠭᠤᠶ᠎ᠠ ᠥᠳᠡ ᠵᠢᠨ ᠬᠤᠢ᠍ᠢ᠍ᠨ᠎ᠠ ᠪᠤᠯ ᠰᠠᠯᠬᠢ ᠶᠡᠭᠡ ᠶᠠᠭᠤᠮ᠎ᠠ ᠬᠠᠭᠤᠷᠠᠢ᠂ ᠲᠥᠢ᠍ᠮᠡᠷ᠎ᠤᠨ ᠢᠯᠴᠢ ᠥᠨᠳᠥᠷ᠂ ᠴᠢᠬᠢᠭ ᠪᠠᠭ᠎ᠠ᠂ ᠰᠠᠯᠬᠢᠨ᠎ᠤ ᠴᠢᠭᠯᠡᠯ᠎ᠤᠨ ᠬᠤᠪᠢᠷᠠᠯᠳᠠ   ᠲᠥᠷᠭᠡᠨ ᠪᠠᠢ᠍ᠢ᠍ᠳᠠᠭ ᠪᠤᠯᠬᠤᠷ ᠤᠢ ᠰᠢᠭᠤᠢ ᠵᠢᠨ ᠲᠥᠢ᠍ᠮᠡᠷ᠎ᠢ ᠤᠨᠳᠠᠷᠠᠭ᠋ᠠᠬᠤ᠎ᠳᠤ ᠲᠤᠢ᠍ᠢ᠍ᠯ᠎ᠤᠨ ᠠᠰᠢᠬ ᠥᠭᠡᠢ ᠴᠠᠭ   ᠬᠤᠭᠤᠴᠠᠭ᠎ᠠ ᠪᠠ ᠴᠠᠭ ᠠᠭᠤᠷ᠎ᠤᠨ ᠨᠥᠬᠥᠴᠡᠯ ᠪᠤᠯᠤᠨ᠎ᠠ᠃        
     ◇ ᠲᠥᠢ᠍ᠮᠡᠷ᠎ᠤᠨ ᠤᠷᠴᠢᠨ᠎ᠳᠠᠬᠢ ᠰᠢᠳᠠᠮᠠᠭ᠋ᠠᠢ ᠪᠤᠳᠠᠰ᠎ᠤᠨ ᠲᠥᠪᠰᠢᠨ ᠪᠤᠯᠤᠨ ᠠ᠋ᠭ᠌ᠴᠡ ᠲᠡᠷᠬᠠᠴᠠ ᠵᠢᠨ ᠪᠠᠢ᠍ᠢ᠍ᠳᠠᠯ᠎ᠨᠢ ᠤᠢ ᠵᠢᠨ ᠲᠥᠢ᠍ᠮᠡᠷ᠎ᠤᠨ ᠰᠢᠳᠠᠬᠤ ᠴᠢᠭᠯᠡᠯ᠎ᠤᠨ ᠬᠤᠪᠢᠷᠠᠯᠳᠠ ᠵᠢ ᠨᠥᠯᠥᠭᠡᠯᠡᠳᠡᠭ᠃ ᠢᠯᠠᠨᠭ᠌ᠭᠤᠶ᠎ᠠ ᠪᠢᠯᠢᠭ ᠴᠢᠨᠠᠷᠳᠠᠢ ᠰᠤᠯᠠ ᠡᠪᠡᠰᠤ ᠪᠤᠯᠤᠨ ᠨᠤᠴᠤᠮᠠᠳᠠᠭ᠋ᠠᠢ ᠰᠥᠭᠡᠭ ᠮᠤᠳᠤᠨ ᠪᠥᠰᠡ᠎ᠨᠢ ᠤᠢ ᠵᠢᠨ ᠲᠥᠢ᠍ᠮᠡᠷ᠎ᠤᠨ ᠥᠷᠪᠢᠰᠬᠥ ᠬᠤᠷᠳᠤᠴᠠ ᠵᠢ   ᠭᠡᠨᠡᠳᠳᠡ ᠰᠢᠷᠥᠬᠥᠰᠭᠡᠵᠤ᠂ ᠤᠢ ᠵᠢᠨ ᠲᠥᠢ᠍ᠮᠡᠷ᠎ᠤᠨ ᠰᠢᠳᠠᠬᠤ ᠴᠢᠭᠯᠡᠯ᠎ᠢ ᠥᠭᠡᠷᠡᠳᠡᠬᠥᠯᠵᠤ᠂ ᠶᠡᠭᠡ ᠬᠥᠴᠥᠳᠡᠢ ᠤᠢ ᠵᠢᠨ ᠲᠥᠢ᠍ᠮᠡᠷ᠎ᠢ ᠪᠤᠢ ᠪᠤᠯᠭ᠋ᠠᠳᠠᠭ᠃ ᠰᠢᠳᠠᠮᠠᠬᠠᠢ ᠪᠤᠳᠠᠰ᠎ᠤᠨ ᠠ᠋ᠭ᠌ᠴᠡ ᠲᠡᠷᠬᠠᠯᠳᠠ᠎ᠨᠢ ᠢᠯᠡᠳᠳᠡ ᠪᠠᠢ᠍ᠢ᠍ᠳᠠᠭ ᠭᠠᠵᠠᠷ᠎ᠲᠤ ᠭᠠᠵᠠᠷ ᠲᠡᠭᠡᠷᠡᠬᠢ ᠲᠥᠢ᠍ᠮᠡᠷ ᠪᠠ ᠮᠤᠳᠤᠨ᠎ᠤ ᠤᠷᠤᠢ ᠵᠢᠨ ᠭᠠᠯ ᠴᠤᠭ᠎ᠲᠠᠭᠠᠨ ᠠ᠋ᠬᠥᠰᠴᠤ᠂ ᠪᠤᠰᠤᠭ᠎ᠠ ᠴᠤᠭᠴᠠ᠎ᠪᠠᠷ ᠰᠢᠳᠠᠳᠠᠭ᠃        
     ◇ ᠤᠢ ᠵᠢᠨ ᠲᠥᠢ᠍ᠮᠡᠷ ᠭᠠᠷᠤᠭᠰᠠᠨ ᠥᠶ᠎ᠡ᠎ᠳᠤ ᠥᠬᠥᠯ ᠰᠢᠷᠬᠠᠳᠤᠯ᠎ᠤᠨ ᠠ᠋ᠨᠳᠡᠯ ᠭᠠᠷᠳᠠᠭ᠎ᠤᠨ ᠭᠤᠤᠯ ᠰᠢᠯᠳᠠᠭ᠋ᠠᠨ᠎ᠨᠢ ᠭᠡᠪᠡᠯ᠄ ᠤᠢ ᠵᠢᠨ ᠲᠥᠢ᠍ᠮᠡᠷ᠎ᠤᠨ ᠰᠢᠳᠠᠯᠳᠠ ᠵᠢᠨ ᠴᠢᠭᠯᠡᠯ᠎ᠤᠨ ᠬᠤᠪᠢᠷᠠᠯᠳᠠ ᠵᠢ ᠪᠤᠷᠤᠭᠤ ᠮᠠᠭ᠋ᠠᠳᠯᠠᠭᠰᠠᠨ᠎ᠠᠴᠠ ᠪᠤᠯᠳᠠᠭ; ᠰᠠᠯᠬᠢᠨ ᠤᠷᠤᠭᠤ ᠲᠤᠳᠠᠭ᠋ᠠᠵᠤ ᠵᠠᠢ᠍ᠢ᠍ᠯᠠᠭᠰᠠᠨ᠎ᠠᠴᠠ ᠪᠤᠯᠳᠠᠭ; ᠡᠪᠡᠰᠤ ᠪᠡᠯᠴᠢᠭᠡᠷ ᠪᠤᠶᠤ ᠰᠤᠯᠠ ᠪᠤᠳᠠ ᠰᠥᠭᠡᠭ᠎ᠲᠤ ᠲᠠᠯᠳᠠᠯᠠᠭᠰᠠᠨ᠎ᠠᠴᠠ ᠪᠤᠯᠳᠠᠭ; ᠭᠠᠵᠠᠷ᠎ᠤᠨ ᠪᠠᠢ᠍ᠢ᠍ᠴᠠ ᠵᠢᠨ ᠨᠥᠬᠥᠴᠡᠯ᠎ᠢ ᠲᠤᠳᠤᠷᠬᠠᠢ ᠮᠡᠳᠡᠬᠥ ᠥᠭᠡᠢ᠂ ᠲᠥᠢ᠍ᠮᠡᠷ᠎ᠠᠴᠠ ᠵᠠᠢ᠍ᠢ᠍ᠯᠠᠬᠤ ᠠᠮᠤᠷ ᠲᠥᠪᠰᠢᠨ ᠤᠷᠤᠨ ᠪᠠᠢ᠍ᠢ᠍ᠭᠤᠯᠤᠭᠰᠠᠨ ᠥᠭᠡᠢ᠎ᠠᠴᠠ ᠪᠤᠯᠳᠠᠭ; ᠥᠳᠭᠡᠨ ᠤᠳᠤᠭ᠋ᠠᠨ᠎ᠳᠤ ᠬᠠᠬᠠᠵᠤ ᠪᠥᠭᠯᠡᠷᠡᠭᠰᠡᠨ ᠪᠠ ᠥᠨᠳᠥᠷ ᠬᠠᠯᠠᠭᠤᠨ᠎ᠳᠤ ᠬᠠᠯᠠᠵᠤ ᠰᠢᠷᠬᠠᠳᠠᠭᠰᠠᠨ᠎ᠠᠴᠠ ᠪᠤᠯᠳᠠᠭ; ᠤᠢ ᠵᠢᠨ ᠲᠥᠢ᠍ᠮᠡᠷ᠎ᠲᠤ ᠭᠡᠳᠥᠷᠭᠡᠢ ᠠᠶᠤᠵᠤ ᠭᠡᠯᠮᠡᠭᠳᠡᠭᠰᠡᠨ᠎ᠠᠴᠠ ᠪᠤᠯᠳᠠᠭ; ᠪᠠᠭ᠎ᠠ ᠭᠠᠯ᠎ᠢ ᠪᠠᠰᠤᠮᠵᠢᠯᠠᠭᠰᠠᠨ ᠪᠠ ᠰᠢᠳᠠᠭᠰᠠᠨ ᠮᠤᠳᠤ᠂ ᠴᠢᠯᠠᠭᠤᠨ᠎ᠳᠤ ᠴᠤᠬᠢᠭᠳᠠᠭᠰᠠᠨ᠎ᠠᠴᠠ ᠪᠤᠯᠳᠠᠭ᠃


ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ