ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠫᠤᠤᠵᠢᠩ᠎ᠤᠨ ᠡ᠊ᠨᠳᠡᠯ᠎ᠢ ᠠᠩᠬᠠᠷᠬᠤ᠎ᠨᠢ
ᠨᠡᠶ᠋ᠢᠲᠡᠯᠡᠭᠰᠡᠨ ᠴᠠᠭ᠄ 2015-03-02

      ᠫᠤᠤᠵᠢᠩ᠎ᠤᠨ ᠡ᠊ᠨᠳᠡᠯ ᠪᠤᠯ ᠶᠡᠷᠥ᠎ᠨᠢ ᠫᠤᠤᠵᠢᠩ ᠲᠠᠯᠪᠢᠬᠤ ᠶᠡᠷᠥ ᠵᠢᠨ ᠮᠡᠳᠡᠯᠭᠡ ᠮᠡᠬᠥᠰ ᠪᠤᠶᠤ ᠰᠤᠬᠤᠷ ᠪᠠᠯᠠᠢ᠎ᠪᠠᠷ ᠲᠡᠯᠪᠢᠭ᠍ᠰᠠᠨ᠎ᠠᠴᠠ ᠠ᠋ᠬᠥᠰᠳᠡᠭ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
      ᠰᠢᠷᠬᠠᠳᠠᠭᠰᠠᠳ᠎ᠢ ᠲᠠᠷᠤᠢ᠍ᠢ᠍ᠬᠠᠨ ᠤᠢ᠍ᠢ᠍ᠷᠠᠯᠴᠠᠭ᠎ᠠ ᠠ᠋ᠮᠨᠡᠯᠭᠡ᠎ᠳᠤ ᠬᠥᠷᠭᠡᠨ ᠠᠪᠤᠷᠠᠨ ᠡᠮᠨᠡᠭᠦᠯᠤᠨ ᠠᠪᠤᠷᠠᠯᠳᠠ ᠬᠢᠨ᠎ᠠ  ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵ᠊᠎ᠢ        
     ◇ ᠫᠤᠤᠵᠢᠩ ᠲᠠᠯᠪᠢᠬᠤ᠎ᠠᠴᠠ᠎ᠪᠠᠨ ᠠ᠋ᠮᠥᠨ᠎ᠡ ᠫᠤᠤᠵᠢᠩ ᠲᠠᠯᠪᠢᠬᠤ ᠲᠤᠳᠤᠷᠬᠠᠢ᠍ᠢ᠍ᠯᠠᠯᠳᠠ ᠪᠤᠯᠤᠨ ᠰᠡᠷᠡᠮᠵᠢ ᠵᠢᠨ ᠥᠭᠡᠰ᠎ᠢ ᠬᠢᠨᠠᠮᠠᠭ᠋ᠠᠢ ᠤᠨᠭ᠌ᠰᠢᠨ ᠤᠢ᠍ᠢ᠍ᠯᠠᠭ᠋ᠠᠬᠤ ᠭᠡᠷᠡᠭᠳᠡᠢ᠃        
     ◇ ᠬᠥᠭᠵᠢᠭᠡᠨ᠎ᠲᠠᠢ ᠵᠡᠭᠡᠯᠢ ᠭᠤᠳᠤᠮᠵᠢ᠂ ᠵᠥᠴᠥᠭᠡ ᠵᠢᠨ ᠲᠢᠶᠠᠨᠲᠷ ᠵᠡᠷᠭᠡ ᠤᠯᠠᠨ ᠨᠡᠢ᠍ᠢ᠍ᠳᠡ ᠵᠢᠨ ᠭᠠᠵᠠᠷ ᠲᠠᠯᠠᠪᠤᠷ ᠪᠤᠯᠤᠨ ᠤᠢ ᠰᠢᠭᠤᠢ᠂ ᠴᠠᠬᠢᠯᠭ᠋ᠠᠨ᠎ᠲᠠᠢ ᠪᠡᠯᠡᠳᠭᠡᠮᠵᠢ ᠵᠢᠴᠢ ᠠᠮᠠᠷᠬᠠᠨ ᠨᠤᠴᠤᠵᠤ ᠲᠡᠯᠪᠡᠷᠡᠬᠥ ᠪᠤᠳᠠᠰ᠎ᠤᠨ ᠤᠢ᠍ᠢ᠍ᠷᠠᠯᠴᠠᠭ᠎ᠠ ᠭᠠᠵᠠᠷ᠎ᠲᠤ ᠫᠤᠤᠵᠢᠩ ᠲᠠᠯᠪᠢᠬᠤ ᠵᠢ ᠴᠠᠭ᠋ᠠᠵᠠᠯᠠᠨ᠎ᠠ; ᠠ᠋ᠷᠭᠡᠪᠰᠢ ᠡᠵᠡᠬᠥᠢ ᠬᠤᠭᠤᠰᠤᠨ᠂ ᠲᠡᠭᠰᠢ ᠲᠥᠪᠰᠢᠨ  ᠂ ᠬᠠᠷᠰᠢᠯᠠᠯ ᠠ᠋ᠳ᠋ ᠥᠭᠡᠢ ᠭᠠᠵᠠᠷ᠎ᠲᠤ ᠫᠤᠤᠵᠢᠩ ᠲᠠᠯᠪᠢᠬᠤ  ᠎ᠪᠠᠷ ᠲᠤᠬᠢᠷᠠᠭᠤᠯᠵᠤ ᠪᠤᠯᠤᠨ᠎ᠠ᠃        
     ◇ ᠬᠤᠸᠠᠷ ᠫᠤᠤᠵᠢᠩ ᠲᠠᠯᠪᠢᠬᠤ᠎ᠳᠠᠭᠠᠨ ᠲᠤᠨᠭ᠌ᠭᠤᠷᠠᠭᠤᠯᠤᠨ ᠲᠠᠯᠪᠢᠬᠤ ᠪᠠ ᠬᠥᠮᠥᠨ ᠪᠤᠶᠤ ᠪᠤᠳᠠᠰ᠎ᠤᠨ ᠥᠭᠡᠳᠡ ᠴᠢᠭᠯᠡᠬᠥᠯᠥᠨ ᠲᠠᠯᠪᠢᠵᠤ ᠪᠤᠯᠬᠤ ᠥᠭᠡᠢ᠃ ᠫᠤᠤᠵᠢᠩ ᠲᠠᠯᠪᠢᠬᠤ᠎ᠳᠠᠭᠠᠨ ᠪᠢᠯᠳᠡ ᠵᠢᠨ ᠨᠤᠴᠤᠬᠤ ᠴᠠᠭ ᠵᠢᠴᠢ ᠲᠤᠮᠳᠠ᠎ᠨᠢ ᠠᠯᠤᠰᠯᠠᠬᠤ ᠴᠠᠭ᠎ᠢ ᠠᠨᠭ᠌ᠬᠠᠷᠤᠯ᠎ᠳᠠᠭᠠᠨ ᠠᠪᠬᠤ ᠭᠡᠷᠡᠭᠳᠡᠢ᠃ ᠬᠠᠭ᠋ᠠᠰ ᠲᠤᠮᠳᠠ᠎ᠨᠢ ᠤᠢ᠍ᠢ᠍ᠷᠠᠳᠤᠨ ᠥᠵᠡᠵᠤ ᠤᠭᠳᠤ ᠪᠤᠯᠬᠤ   ᠥᠭᠡᠢ᠃ ᠭᠡᠷᠪᠡ ᠪᠢᠯᠳᠡ᠎ᠨᠢ ᠤᠨᠳᠠᠷᠠᠪᠠᠯ᠂ ᠶᠡᠷᠥᠨᠭᠭᠡᠢ᠎ᠳᠡᠭᠡᠨ 15 ᠮᠢᠨᠥᠢ᠍ᠲ᠎ᠤᠨ ᠲᠠᠷᠠᠭ᠎ᠠ ᠲᠡᠬᠢᠨ ᠰᠢᠢ᠍ᠳᠪᠦᠷᠢᠯᠡᠨ᠎ᠡ᠃        
     ◇ ᠨᠤᠴᠤᠭ᠋ᠠᠬᠤ ᠪᠠᠢ᠍ᠢ᠍ᠷᠢᠰᠢᠯ᠎ᠢ ᠤᠯᠵᠤ ᠠᠪᠴᠤ᠂ ᠨᠤᠴᠤᠭ᠋ᠠᠬᠤ ᠪᠢᠯᠳᠡ ᠵᠢᠨ ᠱᠤᠭᠤᠮ᠎ᠢ ᠪᠠᠢ᠍ᠢ᠍ᠴᠠᠭ᠋ᠠᠨ ᠥᠵᠡᠵᠤ᠂   ᠲᠥᠷᠭᠡᠨ ᠨᠤᠴᠤᠬᠤ ᠪᠠ ᠤᠳᠠᠭ᠋ᠠᠨ ᠨᠤᠴᠤᠬᠤ ᠵᠢ ᠢᠯᠭ᠋ᠠᠨ ᠲᠤᠳᠤᠯᠤᠭ᠋ᠠᠳ᠂ ᠲᠡᠮᠡᠬᠢᠨ ᠭᠠᠯ ᠪᠤᠶᠤ ᠬᠥᠵᠢ᠎ᠪᠠᠷ ᠨᠤᠴᠤᠭ᠋ᠠᠪᠠᠯ ᠰᠠᠢ᠌ᠨ᠃        
     ◇ ᠵᠥᠪ ᠨᠤᠴᠤᠭ᠋ᠠᠬᠤ ᠠᠷᠭ᠎ᠠ ᠪᠤᠯ ᠬᠠᠵᠠᠭᠤ ᠲᠡᠯ᠎ᠠ᠎ᠪᠠᠷ ᠨᠤᠴᠤᠭ᠋ᠠᠵᠤ᠂ ᠪᠡᠶ᠎ᠡ᠎ᠪᠠᠨ ᠫᠤᠤᠵᠢᠩ ᠲᠠᠯᠪᠢᠬᠤ ᠵᠠᠮ ᠮᠥᠷ ᠵᠥᠭ ᠬᠠᠨᠳᠤᠭᠤᠯᠵᠤ ᠪᠤᠯᠬᠤ ᠥᠭᠡᠢ᠃        
     ◇ ᠨᠤᠴᠤᠭ᠋ᠠᠮᠠᠭᠴᠠ᠎ᠪᠠᠨ ᠲᠥᠷᠭᠡᠨ ᠭᠡᠭᠴᠢ ᠠᠮᠤᠷ ᠲᠥᠪᠰᠢᠨ ᠭᠠᠵᠠᠷ   ᠵᠠᠢ᠌ᠯᠠᠨ᠎ᠠ᠃        
     ◇ ᠭᠡᠥᠭᠡᠳ ᠪᠤᠯ ᠠ᠋ᠷᠭᠡᠪᠰᠢ ᠲᠤᠮᠤ ᠬᠥᠮᠥᠰ᠎ᠤᠨ ᠵᠢᠯᠤᠭᠤᠳᠤᠯᠭ᠎ᠠ ᠲᠤᠤᠷ᠎ᠠ ᠲᠠᠯᠪᠢᠨ᠎ᠠ  ᠃        
     ◇ ᠮᠡᠳᠡᠷᠡᠯ᠎ᠤᠨ ᠡᠪᠡᠳᠴᠢᠨ᠎ᠲᠠᠢ ᠪᠠ ᠠᠷᠢᠬᠢ ᠤᠤᠭᠤᠭᠰᠠᠨ ᠬᠥᠮᠥᠰ ᠫᠤᠤᠵᠢᠩ ᠲᠠᠯᠪᠢᠵᠤ ᠪᠤᠯᠬᠤ ᠥᠭᠡᠢ᠂   ᠶᠡᠭᠡ ᠰᠠᠯᠬᠢ᠂ ᠶᠡᠭᠡ ᠪᠤᠷᠤᠭ᠎ᠠ᠂ ᠶᠡᠭᠡ ᠮᠠᠨᠠᠨ᠎ᠲᠠᠢ ᠥᠶ᠎ᠡ᠎ᠳᠤ ᠫᠤᠤᠵᠢᠩ ᠲᠠᠯᠪᠢᠵᠤ ᠪᠤᠯᠬᠤ ᠥᠭᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ