ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠶᠠᠪᠠᠭ᠋ᠠᠨ ᠬᠥᠮᠥᠨ᠎ᠤ ᠵᠠᠮ ᠬᠠᠷᠢᠯᠴᠠᠭ᠋ᠠᠨ᠎ᠤ ᠡ᠊ᠨᠳᠡᠯ᠎ᠤᠨ ᠲᠤᠬᠠᠢ ᠦᠢ᠍ᠯᠠᠭ᠋ᠠᠯᠳᠠ
ᠨᠡᠶ᠋ᠢᠲᠡᠯᠡᠭᠰᠡᠨ ᠴᠠᠭ᠄ 2015-03-02

      ᠶᠠᠪᠠᠭ᠋ᠠᠨ ᠬᠥᠮᠥᠨ ᠪᠤᠯ ᠵᠠᠮ ᠬᠠᠷᠢᠯᠴᠠᠭ᠋ᠠᠨ᠎ᠤ ᠡ᠊ᠨᠳᠡᠯ᠎ᠤᠨ ᠲᠤᠳᠤᠷ᠎ᠠ ᠪᠠᠭᠤᠷᠠᠢ᠍ᠢ᠍ᠴᠤᠳ ᠪᠤᠯᠬᠤ ᠪᠥᠭᠡᠳ ᠲᠤᠩ ᠠᠮᠠᠷᠬᠠᠨ ᠬᠥᠨᠥᠭᠡᠯ ᠠᠮᠰᠠᠳᠠᠭ᠃        

      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ● ᠶᠠᠪᠠᠭ᠋ᠠᠨ ᠬᠥᠮᠥᠨ ᠮᠠᠰᠢᠨᠳᠤ ᠲᠡᠷᠭᠡ᠎ᠯᠦᠭᠡ ᠡ᠊ᠨᠳᠡᠯ ᠠ᠋ᠬᠥᠰᠥᠭᠰᠡᠨ᠎ᠤ ᠰᠡᠬᠥᠯᠡᠷ ᠵᠥᠪᠳᠡᠯᠴᠡᠨ ᠰᠢᠢ᠍ᠳᠪᠥᠷᠢᠯᠡᠵᠤ ᠴᠢᠳᠠᠬᠤ ᠥᠭᠡᠢ ᠥᠶᠡᠰ᠂ ᠲᠡᠷᠤᠢ᠍ᠢ᠍ᠬᠠᠨ ᠴᠠᠭᠳᠠᠭ᠎ᠠ᠎ᠳᠤ ᠮᠡᠳᠡᠬᠥᠯᠬᠥ ᠵᠢᠨ ᠲᠠᠭ᠋ᠠᠤ ᠭᠡᠷᠡᠭ ᠭᠠᠷᠭ᠋ᠠᠭᠰᠠᠨ ᠮᠡᠰᠢᠨ ᠲᠡᠷᠭᠡᠨ᠎ᠤ ᠲᠡᠮᠳᠡᠭ ᠳ᠋ᠤᠭ᠋ᠠᠷ᠎ᠢ ᠲᠡᠮᠳᠡᠭᠯᠡᠨ ᠠᠪᠴᠤ᠂ ᠵᠠᠮ ᠬᠠᠷᠢᠯᠴᠠᠭ᠋ᠠᠨ᠎ᠤ ᠴᠠᠭᠳᠠᠭ᠎ᠠ ᠬᠥᠷᠥᠯᠴᠡᠨ ᠢᠷᠡᠵᠤ ᠰᠢᠢ᠍ᠳᠪᠥᠷᠢᠯᠡᠬᠥ ᠵᠢ ᠬᠥᠯᠢᠶᠡᠬᠥ ᠭᠡᠷᠡᠭᠳᠡᠢ᠃        
     ● ᠶᠠᠪᠠᠭ᠋ᠠᠨ ᠬᠥᠮᠥᠨ ᠮᠠᠰᠢᠨᠳᠤ ᠲᠡᠷᠭᠡᠨ᠎ᠳᠤ ᠬᠥᠨᠳᠤ ᠨᠤᠴᠢᠳᠠᠢ ᠮᠥᠷᠬᠥᠭᠳᠡᠨ ᠰᠢᠷᠬᠠᠳᠤᠭᠰᠠᠨ ᠪᠤᠯ ᠵᠢᠯᠤᠭᠤᠴᠢ᠎ᠨᠢ ᠲᠡᠷᠤᠢ᠍ᠢ᠍ᠬᠠᠨ 122᠎ᠳᠤ ᠤᠳᠠᠰᠤᠳᠠᠨ ᠴᠠᠭᠳᠠᠭ᠎ᠠ᠎ᠳᠤ ᠮᠡᠳᠡᠬᠥᠯᠵᠤ᠂ 120᠎ᠳᠤ ᠤᠳᠠᠰᠤᠳᠠᠨ ᠠᠪᠤᠷᠠᠨ   ᠲᠤᠰᠠᠯᠠᠭᠤᠯᠬᠤ ᠵᠢᠨ ᠬᠠᠮᠳᠤ ᠴᠢᠰᠤ ᠲᠤᠭᠳᠠᠭ᠋ᠠᠬᠤ᠂ ᠪᠤᠭᠤᠬᠤ ᠪᠤᠶᠤ ᠲᠤᠭᠳᠠᠪᠤᠷᠢᠵᠢᠭᠤᠯᠬᠤ ᠵᠡᠷᠭᠡ ᠠᠨᠭ᠌ᠬ᠎ᠠ ᠠᠯᠬᠤᠮ  ᠎ᠤᠨ ᠠᠪᠤᠷᠠᠯᠳᠠ ᠵᠢᠨ ᠠᠷᠭ᠎ᠠ ᠭᠡᠮᠵᠢᠶ᠎ᠡ ᠵᠢ ᠠᠪᠴᠤ᠂ ᠰᠢᠷᠬᠠᠳᠤᠭᠰᠠᠳ᠎ᠤᠨ ᠠᠮᠢᠰᠬᠤᠯ᠎ᠤᠨ ᠵᠠᠮ᠎ᠢ ᠰᠢᠯᠤᠭᠤᠳᠬᠠᠨ ᠪᠠᠢ᠍ᠢ᠍ᠯᠭ᠋ᠠᠬᠤ ᠵᠢ ᠠᠨᠭ᠌ᠬᠠᠷᠬᠤ ᠭᠡᠷᠡᠭᠳᠡᠢ᠂ ᠭᠡᠷᠪᠡ ᠠᠮᠢᠰᠬᠤᠯ ᠪᠠ ᠵᠢᠷᠥᠭᠡᠨ ᠴᠤᠬᠢᠯᠭ᠎ᠠ᠎ᠨᠢ ᠵᠤᠭᠰᠤᠭᠰᠠᠨ ᠪᠤᠯ ᠲᠡᠷᠡᠤᠢ᠍ᠢ᠍ᠬᠠᠨ   ᠠᠭᠤᠰᠬᠢ ᠵᠢᠷᠥᠭᠡ ᠵᠢ᠎ᠨᠢ ᠰᠡᠷᠬᠥᠭᠡᠬᠥ ᠠᠷᠭ᠎ᠠ᠎ᠪᠠᠷ ᠲᠥᠷᠭᠡᠨ ᠠᠪᠤᠷᠠᠯᠳᠠ ᠬᠢᠨ᠎ᠠ᠃        
     ● ᠶᠠᠪᠠᠭ᠋ᠠᠨ ᠬᠥᠮᠥᠨ ᠮᠠᠰᠢᠨᠳᠤ ᠪᠤᠰᠤ ᠲᠡᠷᠭᠡ᠎ᠯᠦᠭᠡ ᠵᠠᠮ ᠬᠠᠷᠢᠯᠴᠠᠭ᠋ᠠᠨ᠎ᠤ ᠡ᠊ᠨᠳᠡᠯ ᠠ᠋ᠬᠥᠰᠥᠭᠰᠡᠨ᠎ᠤ ᠰᠡᠬᠥᠯᠡᠷ   ᠥᠪᠡᠷᠳᠡᠭᠡᠨ ᠵᠥᠪᠳᠡᠯᠴᠡᠨ ᠰᠢᠢ᠍ᠳᠪᠥᠷᠢᠯᠡᠵᠤ ᠴᠢᠳᠠᠬᠤ ᠥᠭᠡᠢ ᠪᠠᠢ᠍ᠢ᠍ᠳᠠᠯ ᠲᠤᠤᠷ᠎ᠠ᠂ ᠲᠡᠷᠤᠢ᠍ᠢ᠍ᠬᠠᠨ ᠴᠠᠭᠳᠠᠭ᠎ᠠ᠎ᠳᠤ   ᠮᠡᠳᠡᠭᠦᠯᠦᠨ᠎ᠡ᠃
     ● ᠬᠥᠮᠥᠨ ᠲᠠᠭ᠋ᠠᠷᠢᠴᠢᠬᠠᠭ᠋ᠠᠳ ᠲᠡᠷᠭᠡ ᠵᠢᠯᠤᠭᠤᠳᠤᠨ ᠲᠤᠳᠠᠭ᠋ᠠᠭᠰᠠᠨ ᠪᠠᠢ᠍ᠢ᠍ᠳᠠᠯ᠎ᠳᠤ ᠲᠤᠬᠢᠶᠠᠯᠳᠤᠪᠠᠯ᠂ ᠠᠯᠢ   ᠴᠢᠳᠠᠬᠤ᠎ᠪᠠᠷ ᠭᠡᠷᠡᠭ ᠭᠠᠷᠭ᠋ᠠᠭᠰᠠᠳ᠎ᠢ ᠨᠡᠭᠡᠮᠵᠢᠯᠡᠬᠥ ᠭᠡᠷᠡᠭᠳᠡᠢ᠃ ᠰᠢᠷᠬᠠᠳᠤᠭᠰᠠᠨ ᠪᠠᠢ᠍ᠢ᠍ᠳᠠᠯ ᠲᠤᠤᠷ᠎ᠠ᠂ ᠬᠠᠵᠠᠭᠤ ᠬᠠᠪᠢ   ᠵᠢᠨ ᠬᠥᠮᠥᠰ᠎ᠢ ᠭᠤᠶᠤᠨ ᠭᠡᠷᠡᠭ ᠭᠠᠷᠭ᠋ᠠᠭᠰᠠᠳ᠎ᠢ ᠲᠤᠰᠤᠨ ᠵᠤᠭᠰᠤᠭ᠋ᠠᠬᠤ ᠪᠤᠶᠤ ᠬᠠᠮᠢᠶ᠎ᠠ ᠪᠥᠬᠥᠢ ᠤᠨᠴᠠᠯᠢᠬ᠎ᠢ᠎ᠨᠢ   ᠴᠡᠭᠡᠵᠢᠯᠡᠬᠥᠯᠥᠨ ᠠᠪᠬᠤ ᠭᠡᠷᠡᠭᠳᠡᠢ᠃        
     ● ᠵᠠᠮ ᠬᠠᠷᠢᠯᠴᠠᠭ᠋ᠠᠨ᠎ᠤ ᠬᠥᠨᠳᠤ ᠨᠤᠴᠢᠳᠠᠢ ᠡ᠊ᠨᠳᠡᠯ ᠠ᠋ᠬᠥᠰᠥᠭᠰᠡᠨ ᠥᠶᠡᠰ᠂ ᠰᠢᠷᠬᠠᠳᠤᠭᠰᠠᠳ᠎ᠤᠨ ᠨᠢᠷᠤᠭᠤ   ᠰᠡᠭᠡᠷ᠎ᠤᠨ ᠶᠠᠰᠤ᠎ᠨᠢ ᠬᠤᠭᠤᠷᠠᠭᠰᠠᠨ ᠪᠠᠢ᠍ᠢ᠍ᠵᠤ ᠮᠡᠳᠡᠬᠥ ᠲᠤᠯᠠ᠂ ᠠ᠋ᠨᠡ ᠥᠶᠡᠰ ᠲᠡᠬᠥᠨ᠎ᠢ ᠶᠠᠭ᠋ᠠᠬᠢᠭᠰᠠᠨ ᠴᠤ᠌ ᠤᠷᠪᠠᠭᠤᠯᠵᠤ   ᠬᠥᠷᠪᠡᠬᠥᠯᠵᠤ ᠪᠤᠯᠬᠤ ᠥᠭᠡᠢ᠃ ᠨᠢᠷᠤᠭᠤ ᠰᠡᠭᠡᠷ᠎ᠤᠨ ᠶᠠᠰᠤ᠎ᠨᠢ ᠬᠤᠭᠤᠷᠠᠭᠰᠠᠨ ᠠ᠋ᠰᠡᠬᠥ ᠵᠢ ᠮᠠᠭ᠋ᠠᠳᠯᠠᠨ ᠲᠤᠳᠤᠯᠵᠤ   ᠴᠢᠳᠠᠬᠤ ᠥᠭᠡᠢ ᠪᠤᠯ ᠮᠥᠨᠬᠥ ᠨᠢᠷᠤᠭᠤ ᠰᠡᠭᠡᠷ᠎ᠤᠨ ᠶᠠᠰᠤ ᠬᠤᠭᠤᠷᠠᠭᠰᠠᠨ ᠵᠢᠡᠷ ᠰᠢᠢ᠍ᠳᠪᠥᠷᠢᠯᠡᠬᠥ ᠭᠡᠷᠡᠭᠳᠡᠢ᠃          

      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ          
     ◇ ᠶᠠᠪᠠᠭ᠋ᠠᠨ ᠬᠥᠮᠥᠨ ᠵᠠᠰᠠᠮᠠᠯ ᠵᠠᠮ᠎ᠢ ᠤᠭᠳᠤᠯᠤᠨ ᠭᠠᠷᠬᠤ᠎ᠳᠠᠭᠠᠨ ᠶᠠᠪᠠᠭ᠋ᠠᠨ ᠬᠥᠮᠥᠨ᠎ᠤ ᠵᠠᠮ᠂ ᠱᠠᠳᠤᠳᠤ   ᠬᠥᠬᠥᠷᠭᠡ᠂ ᠨᠥᠭᠡᠨ ᠵᠠᠮ ᠵᠢᠡᠷ ᠶᠠᠪᠤᠬᠤ ᠭᠡᠷᠡᠭᠳᠡᠢ᠃ ᠶᠠᠪᠠᠭ᠋ᠠᠨ ᠬᠥᠮᠥᠨ᠎ᠤ ᠵᠠᠮ ᠵᠢᠡᠷ ᠶᠠᠪᠤᠬᠤ᠎ᠳᠠᠭᠠᠨ ᠴᠤ᠌ ᠵᠡᠬᠥᠨᠰᠢ   ᠪᠠᠷᠠᠭᠤᠨᠰᠢ᠎ᠪᠠᠨ ᠰᠠᠢ᠍ᠢ᠍ᠳᠤᠷ ᠯᠠᠪᠯᠠᠨ ᠬᠠᠷᠠᠵᠤ᠂ ᠠᠶᠤᠯ ᠥᠭᠡᠢ ᠪᠠᠢ᠍ᠢ᠍ᠳᠠᠯ ᠲᠤᠤᠷ᠎ᠠ ᠰᠠᠶᠢ ᠲᠥᠷᠭᠡᠭᠡᠨ ᠥᠨᠭᠭᠡᠷᠡᠨ ᠭᠠᠷᠬᠤ   ᠭᠡᠷᠡᠭᠳᠡᠢ᠃        
     ◇ ᠶᠠᠪᠠᠭ᠋ᠠᠨ ᠬᠥᠮᠥᠨ ᠵᠠᠮ ᠲᠡᠭᠡᠷᠡᠬᠢ ᠲᠤᠰᠠᠭ᠋ᠠᠷᠯᠠᠬᠤ ᠬᠠᠰᠢᠯᠭ᠎ᠠ ᠵᠢ ᠲᠠᠪᠠᠨ ᠭᠠᠷᠬᠤ ᠪᠠ ᠵᠠᠢ᠍ᠢ᠍ᠳᠠᠯᠠᠨ ᠰᠠᠭᠤᠵᠤ   ᠪᠤᠯᠬᠤ ᠥᠭᠡᠢ᠃ ᠲᠡᠷᠭᠡᠨ᠎ᠳᠤ ᠠᠪᠢᠷᠠᠬᠤ᠂ ᠲᠡᠷᠭᠡ ᠵᠢ ᠠᠯᠪᠠᠳᠠᠨ ᠬᠤᠷᠢᠭᠯᠠᠬᠤ ᠪᠠ ᠵᠠᠮ ᠱᠤᠭᠤᠮ᠎ᠤᠨ ᠠᠮᠤᠷ   ᠲᠥᠪᠰᠢᠨ᠎ᠢ ᠬᠠᠷᠰᠢᠯᠠᠬᠤ ᠪᠤᠰᠤᠳ ᠵᠥᠢ᠍ᠯ᠎ᠤᠨ ᠠᠵᠢᠯᠯᠠᠭ᠎ᠠ ᠠᠪᠴᠤ ᠪᠤᠯᠬᠤ ᠥᠭᠡᠢ᠃        
     ◇ ᠰᠤᠷᠭ᠋ᠠᠭᠤᠯᠢ ᠵᠢᠨ ᠨᠠᠰᠤᠨ᠎ᠠᠴᠠ ᠠ᠋ᠮᠥᠨᠡᠬᠢ ᠭᠡᠥᠭᠡᠳ᠂ ᠮᠡᠳᠡᠷᠡᠯ᠎ᠤᠨ ᠡᠪᠡᠳᠴᠢᠨ᠎ᠲᠠᠢ ᠬᠥᠮᠥᠨ᠂ ᠤᠬᠠᠭ᠋ᠠᠨ   ᠰᠠᠨᠠᠭ᠎ᠠ ᠲᠤᠳᠠᠮᠠᠭ ᠬᠥᠮᠥᠰ ᠭᠠᠳᠠᠭᠰᠢ ᠭᠠᠷᠬᠤ᠎ᠳᠤ ᠵᠠᠪᠠᠯ ᠬᠥᠮᠥᠨ ᠲᠠᠭ᠋ᠠᠭᠤᠯᠬᠤ ᠭᠡᠷᠡᠭᠳᠡᠢ᠃        
     ◇ ᠮᠠᠰᠢᠨᠳᠤ ᠲᠡᠷᠭᠡᠨ᠎ᠤ ᠵᠠᠮ ᠲᠡᠭᠡᠷ᠎ᠡ ᠠ᠋ᠳ᠋ ᠪᠠᠷᠠᠭ᠎ᠠ ᠬᠤᠳᠠᠯᠳᠤᠬᠤ᠂ ᠰᠤᠨᠢᠨ ᠰᠡᠳᠬᠥᠯ ᠬᠤᠳᠠᠯᠳᠤᠬᠤ᠂ ᠵᠠᠷ   ᠮᠡᠳᠡᠭᠡ ᠲᠡᠷᠬᠠᠭ᠋ᠠᠬᠤ ᠵᠢ ᠴᠠᠭ᠋ᠠᠵᠠᠯᠠᠬᠤ ᠮᠥᠷᠳᠡᠭᠡᠨ ᠭᠡᠥᠭᠡᠳ᠎ᠤᠳ ᠮᠠᠰᠢᠨᠳᠤ ᠲᠡᠷᠭᠡᠨ᠎ᠤ ᠵᠠᠮ ᠲᠡᠭᠡᠷ᠎ᠡ ᠨᠠᠭ᠋ᠠᠳᠴᠤ   ᠲᠤᠭᠯᠠᠬᠤ ᠵᠢ   ᠴᠠᠭ᠋ᠠᠵᠠᠯᠠᠨ᠎ᠠ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ