ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠮᠠᠰᠢᠨ ᠲᠡᠷᠭᠡᠨ᠎ᠤ ᠭᠠᠯ᠎ᠤᠨ ᠠᠶᠤᠯ᠎ᠠᠴᠠ ᠰᠡᠷᠭᠡᠢ᠌ᠯᠡᠬᠦ᠎ᠨᠢ
ᠨᠡᠶ᠋ᠢᠲᠡᠯᠡᠭᠰᠡᠨ ᠴᠠᠭ᠄ 2015-03-02

      ᠮᠠᠰᠢᠨ ᠲᠡᠷᠭᠡᠨ᠎ᠤ ᠭᠠᠯ᠎ᠤᠨ ᠠᠶᠤᠯ ᠭᠡᠳᠡᠭ ᠪᠤᠯ ᠮᠠᠰᠢᠨ ᠲᠡᠷᠭᠡ ᠵᠡᠷᠭᠡ ᠵᠠᠮ ᠬᠠᠷᠢᠯᠴᠠᠭ᠋ᠠᠨ᠎ᠤ ᠪᠠᠭ᠋ᠠᠵᠢ᠎ᠳᠤ ᠴᠠᠬᠢᠯᠭ᠋ᠠᠨ ᠵᠠᠮ᠂ ᠰᠢᠳᠠᠭ᠋ᠠᠯᠭ᠎ᠠ᠂ ᠭᠡᠢ ᠵᠠᠯᠠᠬᠤ ᠰᠢᠰᠲᠸᠮ ᠵᠡᠷᠭᠡ᠎ᠨᠢ ᠰᠠᠭ᠋ᠠᠳ᠎ᠲᠤ ᠤᠴᠠᠷᠠᠭᠰᠠᠨ ᠪᠤᠶᠤ ᠬᠥᠮᠥᠨ᠎ᠤ ᠤᠷᠰᠢᠬ᠎ᠠᠴᠠ ᠪᠤᠯᠤᠭᠰᠠᠨ ᠪᠤᠰᠤᠳ ᠵᠥᠢ᠍ᠯ᠎ᠤᠨ ᠭᠠᠯ᠎ᠤᠨ ᠠᠶᠤᠯ᠎ᠢ ᠵᠢᠭ᠋ᠠᠵᠤ ᠪᠠᠢ᠍ᠢ᠍ᠨ᠎ᠠ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠮᠠᠰᠢᠨ ᠲᠡᠷᠭᠡᠨ᠎ᠤ ᠬᠥᠳᠡᠯᠭᠡᠬᠥᠷ ᠮᠠᠰᠢᠨ᠎ᠨᠢ ᠰᠢᠳᠠᠭᠰᠠᠨ ᠥᠶᠡᠰ᠂ ᠵᠢᠯᠤᠭᠤᠴᠢ᠎ᠨᠢ ᠲᠠᠷᠤᠢ᠍ᠢ᠍ᠬᠠᠨ ᠲᠡᠷᠭᠡ᠎ᠪᠠᠨ ᠵᠤᠭᠰᠤᠭ᠋ᠠᠵᠤ᠂ ᠲᠡᠷᠭᠡᠨ᠎ᠳᠠᠬᠢ ᠬᠥᠮᠥᠰ᠎ᠢ ᠲᠥᠷᠭᠡᠨ ᠪᠠᠭᠤᠯᠭ᠋ᠠᠵᠤ᠂ ᠲᠠᠷᠠᠭ᠎ᠠ᠎ᠪᠠᠷ᠎ᠨᠢ ᠴᠠᠬᠢᠯᠭ᠋ᠠᠨ ᠠ᠋ᠬᠥᠰᠭᠡᠭᠴᠢ ᠵᠢ   ᠲᠠᠰᠤᠳᠠᠵᠤ᠂ ᠲᠡᠷᠭᠡᠨ᠎ᠳᠠᠬᠢ ᠭᠠᠯ ᠤᠨᠳᠠᠷᠠᠭ᠋ᠠᠬᠤ ᠪᠠᠭ᠋ᠠᠵᠢ᠎ᠪᠠᠨ ᠠᠪᠴᠤ᠂ ᠰᠢᠳᠠᠵᠤ ᠪᠠᠢ᠍ᠢ᠍ᠭ᠎ᠠ ᠭᠡᠰᠡᠭ᠎ᠲᠤ ᠴᠢᠭᠯᠡᠬᠥᠯᠥᠨ ᠬᠥᠴᠥᠳᠡᠢ ᠰᠥᠷᠴᠢᠵᠤ᠂ ᠭᠠᠯ᠎ᠤᠨ ᠰᠤᠷ᠎ᠢ᠎ᠨᠢ   ᠤᠨᠳᠠᠷᠠᠭ᠋ᠠᠨ᠎ᠠ᠃        
     ● ᠮᠠᠰᠢᠨ ᠲᠡᠷᠭᠡᠨ᠎ᠤ ᠤᠨᠭ᠌ᠭᠤᠴᠠᠨ᠎ᠳᠠᠬᠢ ᠪᠠᠷᠠᠭ᠋ᠠᠨ᠎ᠳᠤ ᠭᠠᠯ ᠭᠠᠷᠤᠭᠰᠠᠨ ᠪᠤᠯ ᠵᠢᠯᠤᠭᠤᠴᠢ᠎ᠨᠢ ᠮᠠᠰᠢᠨ ᠲᠡᠷᠭᠡ  ᠎ᠪᠠᠨ ᠴᠢᠬᠤᠯᠠ ᠬᠡᠷᠰᠡᠤ ᠭᠠᠵᠠᠷ (ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ)᠎ᠠᠴᠠ ᠬᠤᠯᠠᠬᠠᠨ ᠵᠠᠢ᠍ᠢ᠍ᠳᠠᠭᠤᠯᠵᠤ᠂   ᠲᠡᠷᠤᠢ᠍ᠢ᠍ᠬᠠᠨ ᠭᠠᠯ ᠤᠨᠳᠠᠷᠠᠭ᠋ᠠᠬᠤ ᠠᠨᠭ᠌ᠬᠢ᠎ᠳᠤ ᠮᠡᠳᠡᠬᠥᠯᠬᠥ ᠭᠡᠷᠡᠭᠳᠡᠢ᠃ ᠠ᠋ᠬᠥᠨ᠎ᠤ ᠬᠠᠮᠳᠤ᠂ ᠵᠢᠯᠤᠭᠤᠴᠢ᠎ᠨᠢ ᠲᠡᠷᠭᠡᠨ᠎ᠳᠠᠬᠢ   ᠭᠠᠯ ᠤᠨᠳᠠᠷᠠᠭ᠋ᠠᠬᠤ ᠪᠠᠭ᠋ᠠᠵᠢ᠎ᠪᠠᠨ ᠠᠪᠴᠤ ᠭᠠᠯ᠎ᠢ ᠲᠠᠷᠤᠬᠤ ᠭᠡᠷᠡᠭᠳᠡᠢ᠂ ᠭᠠᠯ᠎ᠢ ᠨᠢᠭᠡᠯᠡ ᠲᠡᠭᠡᠷ᠎ᠡ ᠲᠡᠷᠤᠵᠤ ᠲᠡᠢ᠍ᠢ᠍ᠯᠬᠥ   ᠥᠭᠡᠢ ᠥᠶᠡᠰ᠂ ᠲᠤᠭᠤᠷᠢᠨ ᠥᠵᠡᠬᠥ ᠬᠥᠮᠥᠰ᠎ᠢ ᠲᠤᠬᠠᠢ ᠵᠢᠨ ᠲᠠᠯᠠᠪᠤᠷ᠎ᠠᠴᠠ ᠢᠳᠬᠠᠨ ᠵᠠᠢ᠍ᠢ᠍ᠯᠠᠭᠤᠯᠵᠤ᠂ ᠲᠡᠯᠪᠡᠷᠡᠯᠳᠡ   ᠵᠢᠨ ᠠ᠋ᠨᠳᠡᠯ ᠠ᠋ᠬᠥᠰᠬᠥ᠎ᠠᠴᠠ ᠰᠡᠷᠭᠡᠢ᠌ᠯᠡᠨ᠎ᠡ᠃        
     ● ᠮᠠᠰᠢᠨ ᠲᠡᠷᠭᠡ᠎ᠨᠢ ᠲᠤᠰᠤ ᠨᠡᠮᠡᠬᠥ ᠶᠠᠪᠤᠴᠠ᠎ᠳᠤ ᠭᠠᠯ ᠭᠠᠷᠪᠠᠯ᠂ ᠲᠤᠰᠤ ᠨᠡᠮᠡᠬᠥ᠎ᠪᠠᠨ ᠲᠡᠷᠤᠢ᠍ᠢ᠍ᠬᠠᠨ ᠵᠤᠭᠰᠤᠭ᠋ᠠᠵᠤ᠂ ᠲᠡᠷᠭᠡ᠎ᠪᠠᠨ ᠲᠤᠰᠤ ᠨᠡᠮᠡᠬᠥ ᠥᠷᠳᠡᠭᠡ (ᠬᠥᠮᠥᠷᠭᠡ)᠎ᠠᠴᠠ ᠱᠠᠯᠠᠪᠬᠠᠨ ᠵᠠᠢ᠍ᠢ᠍ᠯᠠᠭᠤᠯᠵᠤ᠂ ᠲᠡᠷᠭᠡᠨ᠎ᠳᠠᠬᠢ ᠭᠠᠯ ᠤᠨᠳᠠᠷᠠᠭ᠋ᠠᠬᠤ ᠪᠠᠭ᠋ᠠᠵᠢ ᠪᠤᠶᠤ ᠲᠤᠰᠤ ᠨᠡᠮᠡᠬᠥ ᠥᠷᠳᠡᠭᠡᠨ᠎ᠤ ᠭᠠᠯ ᠤᠨᠳᠠᠷᠠᠭ᠋ᠠᠬᠤ ᠪᠠᠭ᠋ᠠᠵᠢ ᠵᠢᠴᠢ ᠬᠤᠪᠴᠠᠰᠤ ᠵᠡᠷᠭᠡ᠎ᠪᠠᠷ ᠵᠢᠡᠨ ᠲᠤᠰᠤᠨ᠎ᠤ ᠬᠠᠢ᠍ᠢ᠍ᠷᠴᠠᠭ ᠲᠡᠭᠡᠷᠡᠬᠢ ᠭᠠᠯ᠎ᠤᠨ ᠰᠤᠷ᠎ᠢ ᠲᠡᠷᠤᠨ ᠤᠨᠳᠠᠷᠠᠭ᠋ᠠᠬᠤ ᠭᠡᠷᠡᠭᠳᠡᠢ᠃ ᠭᠡᠷᠪᠡ ᠭᠠᠵᠠᠷ   ᠲᠡᠭᠡᠷ᠎ᠡ ᠲᠤᠰᠤ ᠲᠤᠰᠤᠯᠠᠵᠤ ᠠᠰᠬᠠᠭᠳᠠᠭᠰᠠᠨ ᠪᠠᠢ᠍ᠢ᠍ᠪᠠᠯ ᠭᠠᠯ ᠤᠨᠳᠠᠷᠠᠭ᠋ᠠᠬᠤ ᠪᠠᠭ᠋ᠠᠵᠢ ᠪᠤᠶᠤ ᠠ᠋ᠯᠡᠰᠥ ᠰᠢᠷᠤᠢ᠎ᠪᠠᠷ ᠲᠡᠷᠤᠵᠤ ᠤᠨᠳᠠᠷᠠᠭ᠋ᠠᠨ᠎ᠠ  ᠃        
     ● ᠮᠠᠰᠢᠨ ᠲᠡᠷᠭᠡ ᠵᠢ ᠰᠡᠯᠪᠢᠨ ᠵᠠᠰᠠᠭᠤᠯᠵᠤ ᠪᠠᠢ᠍ᠢ᠍ᠭ᠎ᠠ ᠥᠶᠡᠰ ᠭᠠᠯ ᠭᠠᠷᠤᠭᠰᠠᠨ ᠪᠤᠯ ᠰᠡᠯᠪᠢᠨ ᠵᠠᠰᠠᠭᠴᠢ   ᠬᠥᠮᠥᠰ ᠲᠡᠷᠭᠡᠨ᠎ᠠᠴᠠ ᠲᠥᠷᠭᠡᠨ ᠪᠠᠭᠤᠬᠤ ᠪᠤᠶᠤ ᠵᠠᠢ᠍ᠢ᠍ᠯᠠᠵᠤ᠂ ᠴᠠᠬᠢᠯᠭ᠋ᠠᠨ ᠠ᠋ᠬᠥᠰᠭᠡᠭᠴᠢ ᠵᠢ ᠲᠠᠰᠤᠯᠵᠤ᠂ ᠭᠠᠯ ᠤᠨᠳᠠᠷᠠᠭ᠋ᠠᠬᠤ ᠪᠠᠭ᠋ᠠᠵᠢ ᠪᠤᠶᠤ ᠪᠤᠰᠤᠳ ᠵᠥᠢ᠍ᠯ᠎ᠤᠨ ᠭᠡᠷᠡᠭᠰᠡᠯ ᠵᠢᠡᠷ ᠭᠠᠯ᠎ᠤᠨ ᠰᠤᠷ᠎ᠢ ᠲᠠᠷᠤᠵᠤ ᠠᠪᠬᠤ ᠭᠡᠷᠡᠭᠳᠡᠢ᠃        
     ● ᠮᠠᠰᠢᠨ ᠲᠡᠷᠭᠡ ᠮᠥᠷᠬᠥᠯᠳᠥᠭᠡᠳ ᠭᠠᠯ᠎ᠤᠨ ᠠᠶᠤᠯ ᠠ᠋ᠬᠥᠰᠥᠭᠰᠡᠨ ᠪᠤᠯ ᠲᠡᠷᠤᠢ᠍ᠢ᠍ᠬᠠᠨ ᠠ᠋ᠬᠥᠳᠡ᠎ᠪᠠᠨ ᠨᠡᠭᠡᠭᠡᠵᠤ ᠲᠡᠷᠭᠡᠨ᠎ᠳᠠᠬᠢ ᠬᠥᠮᠥᠰ᠎ᠢ ᠲᠥᠷᠭᠡᠨ ᠵᠠᠢ᠌ᠯᠠᠭᠤᠯᠤᠨ᠎ᠠ  ᠃        
     ● ᠮᠠᠰᠢᠨ ᠲᠡᠷᠭᠡ ᠵᠤᠭᠰᠤᠭ᠋ᠠᠬᠤ ᠲᠠᠯᠠᠪᠤᠷ᠎ᠲᠤ ᠭᠠᠯ᠎ᠤᠨ ᠠᠶᠤᠯ ᠠ᠋ᠬᠥᠰᠥᠭᠰᠡᠨ ᠪᠤᠯ ᠶᠡᠷᠥᠨᠭᠭᠡᠢ᠎ᠳᠡᠭᠡᠨ ᠭᠠᠯ ᠭᠠᠷᠤᠭᠰᠠᠨ ᠲᠡᠷᠭᠡᠨ᠎ᠤ ᠪᠠᠢ᠍ᠢ᠍ᠷᠢᠰᠢᠯ᠎ᠢ ᠥᠨᠳᠥᠰᠥᠯᠡᠨ ᠠᠪᠤᠷᠠᠯᠳᠠ ᠵᠢᠨ ᠠᠷᠭ᠎ᠠ ᠭᠡᠮᠵᠢᠶ᠎ᠡ ᠪᠠ ᠲᠠᠷᠬᠠᠭ᠋ᠠᠨ ᠵᠠᠢ᠍ᠢ᠍ᠯᠠᠭᠤᠯᠬᠤ ᠠᠷᠭ᠎ᠠ ᠭᠡᠮᠵᠢᠶ᠎ᠡ ᠵᠢ ᠠᠪᠬᠤ ᠭᠡᠷᠡᠭᠳᠡᠢ᠃ ᠭᠡᠷᠪᠡ ᠭᠠᠯ ᠭᠠᠷᠤᠭᠰᠠᠨ ᠮᠠᠰᠢᠨ ᠲᠡᠷᠭᠡ᠎ᠨᠢ ᠲᠡᠷᠭᠡ ᠵᠤᠭᠰᠤᠭ᠋ᠠᠬᠤ ᠲᠠᠯᠠᠪᠤᠷ᠎ᠤᠨ ᠲᠤᠮᠳᠠ ᠪᠠᠢ᠍ᠢ᠍ᠪᠠᠯ᠂ ᠭᠠᠯ᠎ᠢ᠎ᠨᠢ ᠤᠨᠳᠠᠷᠠᠭ᠋ᠠᠬᠤ ᠵᠢᠨ ᠲᠠᠭ᠋ᠠᠤ ᠬᠥᠮᠥᠰ᠎ᠢ ᠵᠤᠬᠢᠶᠠᠨ ᠪᠠᠢ᠍ᠢ᠍ᠭᠤᠯᠤᠨ ᠤᠢ᠍ᠢ᠍ᠷ᠎ᠠ ᠤᠷᠴᠢᠮ᠎ᠳᠤᠨᠢ ᠵᠤᠭᠰᠤᠭ᠋ᠠᠵᠤ ᠪᠠᠢ᠍ᠢ᠍ᠭ᠎ᠠ ᠲᠡᠷᠭᠡ᠎ᠨᠦᠭᠦᠳ᠎ᠢ ᠵᠠᠢ᠍ᠢ᠍ᠯᠠᠭᠤᠯᠬᠤ ᠭᠡᠷᠡᠭᠳᠡᠢ᠃ ᠭᠡᠷᠪᠡ ᠭᠠᠯ ᠭᠠᠷᠤᠭᠰᠠᠨ ᠮᠠᠰᠢᠨ ᠲᠡᠷᠭᠡ᠎ᠨᠢ ᠲᠡᠷᠭᠡ ᠵᠤᠭᠰᠤᠭ᠋ᠠᠬᠤ ᠲᠠᠯᠠᠪᠤᠷ᠎ᠤᠨ ᠨᠢᠭᠡ ᠲᠠᠯ᠎ᠠ᠎ᠳᠤᠨᠢ ᠪᠠᠢ᠍ᠢ᠍ᠪᠠᠯ᠂ ᠭᠠᠯ᠎ᠢ᠎ᠨᠢ ᠤᠨᠳᠠᠷᠠᠭ᠋ᠠᠬᠤ ᠵᠢᠨ ᠲᠠᠭ᠋ᠠᠤ ᠭᠠᠯ   ᠭᠠᠷᠤᠭᠰᠠᠨ ᠲᠡᠷᠭᠡ᠎ᠲᠠᠢ ᠵᠠᠯᠭ᠋ᠠᠯᠳᠤᠵᠤ ᠪᠠᠢ᠍ᠢ᠍ᠭ᠎ᠠ ᠲᠡᠷᠭᠡ ᠵᠢ ᠵᠠᠢ᠌ᠯᠠᠭᠤᠯᠤᠨ᠎ᠠ  ᠃        
     ● ᠤᠯᠠᠨ ᠨᠡᠢ᠍ᠢ᠍ᠳᠡ ᠵᠢᠨ ᠮᠠᠰᠢᠨ ᠲᠡᠷᠭᠡᠨ᠎ᠳᠤ ᠭᠠᠯ ᠭᠠᠷᠤᠭᠰᠠᠨ ᠪᠤᠯ ᠠ᠋ᠩ ᠲᠡᠷᠢᠬᠥᠨ᠎ᠳᠤ ᠬᠥᠮᠥᠰ᠎ᠢ ᠠᠪᠤᠷᠠᠬᠤ ᠪᠠ ᠴᠠᠭᠳᠠᠭ᠎ᠠ᠎ᠳᠤ ᠮᠡᠳᠡᠬᠥᠯᠬᠥ ᠵᠢ ᠪᠤᠳᠤᠯᠬᠢᠯᠠᠬᠤ ᠭᠡᠷᠡᠭᠳᠡᠢ᠃ ᠭᠡᠷᠪᠡ ᠮᠠᠰᠢᠨ ᠲᠡᠷᠭᠡᠨ᠎ᠤ ᠬᠥᠳᠡᠯᠭᠡᠬᠥᠷ ᠮᠠᠰᠢᠨ᠎ᠤ ᠬᠠᠪᠢ  ᠎ᠳᠤ ᠭᠠᠯ ᠭᠠᠷᠤᠭᠰᠠᠨ ᠪᠤᠯ ᠵᠢᠯᠤᠭᠤᠴᠢ᠎ᠨᠢ ᠪᠥᠬᠥ ᠠ᠋ᠬᠥᠳᠡ᠎ᠪᠠᠨ ᠨᠡᠭᠡᠭᠡᠵᠤ ᠲᠡᠷᠭᠡᠨ᠎ᠳᠤ ᠰᠠᠭᠤᠭᠰᠠᠳ᠎ᠢ ᠲᠡᠷᠭᠡᠨ᠎ᠠᠴᠠ   ᠪᠠᠭᠤᠯᠭ᠋ᠠᠭ᠋ᠠᠳ᠂ ᠲᠠᠷᠠᠭ᠋ᠠᠪᠡᠷ ᠭᠠᠯ᠎ᠢ ᠤᠨᠳᠠᠷᠠᠭ᠋ᠠᠬᠤ ᠭᠡᠷᠡᠭᠳᠡᠢ᠃ ᠮᠠᠰᠢᠨ ᠲᠡᠷᠭᠡᠨ᠎ᠤ ᠲᠤᠮᠳᠠ ᠭᠡᠰᠡᠭ᠎ᠲᠤ ᠭᠠᠯ ᠭᠠᠷᠤᠭᠰᠠᠨ ᠪᠤᠯ ᠵᠢᠯᠤᠭᠤᠴᠢ᠎ᠨᠢ ᠠ᠋ᠬᠥᠳᠡ᠎ᠪᠠᠨ ᠨᠡᠭᠡᠭᠡᠨ ᠬᠥᠮᠥᠰ᠎ᠢ ᠬᠤᠶᠠᠷ ᠥᠵᠥᠬᠥᠷ᠎ᠤᠨ ᠠ᠋ᠬᠥᠳᠡ᠎ᠪᠠᠷ ᠪᠠᠭᠤᠯᠭ᠋ᠠᠨ᠂ ᠲᠠᠷᠠᠭ᠋ᠠᠪᠡᠷ᠎ᠨᠢ ᠭᠠᠯ᠎ᠢ ᠤᠨᠳᠠᠷᠠᠭ᠋ᠠᠨ᠂ ᠭᠠᠯ᠎ᠤᠨ ᠬᠥᠴᠥᠨ᠎ᠢ ᠲᠠᠷᠤᠬᠤ ᠭᠡᠷᠡᠭᠳᠡᠢ᠃ ᠭᠡᠷᠪᠡ ᠲᠡᠷᠭᠡᠨ ᠲᠡᠭᠡᠷᠡᠬᠢ ᠴᠠᠬᠢᠯᠭ᠋ᠠᠨ ᠤᠳᠠᠰᠤ᠎ᠨᠢ ᠰᠢᠳᠠᠭ᠋ᠠᠳ᠂ ᠲᠡᠷᠭᠡᠨ ᠠ᠋ᠬᠥᠳᠡ᠎ᠨᠢ ᠨᠡᠭᠡᠭᠡᠭᠳᠡᠬᠥ ᠥᠭᠡᠢ ᠥᠶᠡᠰ᠂ ᠲᠡᠷᠭᠡᠨ᠎ᠳᠤ ᠰᠠᠭᠤᠭᠰᠠᠳ ᠬᠠᠵᠠᠭᠤ ᠬᠠᠪᠢ ᠵᠢᠨ ᠲᠡᠷᠭᠡᠨ ᠴᠤᠨᠭ᠌ᠬᠤ᠎ᠪᠠᠷ ᠪᠠᠭᠤᠵᠤ ᠪᠤᠯᠤᠨ᠎ᠠ᠃ ᠭᠡᠷᠪᠡ ᠭᠠᠯ᠎ᠤᠨ ᠰᠤᠷ ᠲᠡᠷᠭᠡᠨ ᠠ᠋ᠬᠥᠳᠡ ᠵᠢ ᠪᠢᠳᠡᠬᠥᠮᠵᠢᠯᠡᠭᠡᠳ᠂ ᠲᠡᠷᠭᠡᠨ ᠴᠤᠨᠭ᠌ᠬᠤ᠎ᠪᠠᠷ ᠴᠤ᠌ ᠪᠠᠭᠤᠵᠤ ᠲᠡᠢ᠍ᠢ᠍ᠯᠬᠥ ᠥᠭᠡᠢ ᠥᠶᠡᠰ᠂ ᠬᠤᠪᠴᠠᠰᠤ ᠬᠤᠨᠠᠷ ᠵᠢᠡᠷ ᠲᠤᠯᠤᠭ᠋ᠠᠢ᠎ᠪᠠᠨ ᠪᠥᠳᠡᠭᠡᠵᠤ ᠲᠡᠷᠭᠡᠨ ᠠ᠋ᠬᠥᠳᠡ᠎ᠪᠠᠷ ᠰᠢᠪᠳᠤᠯᠤᠨ ᠭᠠᠷᠴᠤ ᠪᠤᠯᠤᠨ᠎ᠠ᠃          
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ          
     ◇ ᠲᠡᠷᠭᠡ᠎ᠪᠠᠨ ᠠ᠋ᠳᠥᠷ ᠲᠤᠳᠤᠮ ᠰᠠᠢ᠍ᠢ᠍ᠳᠤᠷ ᠪᠠᠢ᠍ᠢ᠍ᠴᠠᠭ᠋ᠠᠨ ᠥᠵᠡᠵᠤ᠂ ᠲᠡᠷᠭᠡ᠎ᠪᠠᠨ ᠪᠠᠳᠤᠯᠠᠭ᠎ᠠ᠎ᠲᠠᠢ ᠪᠠᠢ᠍ᠢ᠍ᠯᠭ᠋ᠠᠵᠤ᠂ ᠭᠡᠢ ᠭᠠᠷᠬᠤ᠂ ᠲᠤᠰᠤ ᠭᠤᠭᠤᠵᠢᠬᠤ ᠥᠵᠡᠭᠳᠡᠯ᠎ᠢ   ᠰᠡᠷᠭᠡᠢ᠌ᠯᠡᠨ᠎ᠡ  ᠃
     ◇ ᠭᠡᠷᠪᠡ ᠭᠤᠮ ᠰᠢᠳᠠᠭᠰᠠᠨ ᠥᠨᠥᠷ ᠭᠠᠷᠬᠤ ᠪᠤᠶᠤ ᠤᠳᠤᠭ᠎ᠠ ᠭᠠᠷᠬᠤ ᠵᠡᠷᠭᠡ ᠶᠡᠷᠥ ᠪᠤᠰᠤ ᠵᠢᠨ ᠥᠵᠡᠭᠳᠡᠯ ᠭᠠᠷᠪᠠᠯ᠂ ᠲᠡᠷᠭᠡ᠎ᠪᠠᠨ ᠲᠡᠷᠤᠢ᠍ᠢ᠍ᠬᠠᠨ ᠵᠤᠭᠰᠤᠭ᠋ᠠᠵᠤ ᠪᠠᠢ᠍ᠢ᠍ᠴᠠᠭ᠋ᠠᠵᠤ   ᠵᠠᠰᠠᠨ᠎ᠠ  ᠃        
     ◇ ᠲᠡᠷᠭᠡᠨ᠎ᠳᠡᠭᠡᠨ ᠵᠠᠪᠠᠯ ᠬᠢᠷᠢ᠎ᠳᠤ ᠲᠡᠨᠭᠴᠡᠭᠰᠡᠨ ᠭᠠᠯ ᠤᠨᠳᠠᠷᠠᠭ᠋ᠠᠬᠤ ᠪᠠᠭ᠋ᠠᠵᠢ ᠪᠡᠯᠡᠳᠭᠡᠵᠤ᠂ ᠲᠡᠬᠥᠨ ᠵᠢᠡᠨ ᠲᠤᠭᠳᠠᠮᠠᠯ ᠬᠤᠭᠤᠴᠠᠭ᠎ᠠ᠎ᠪᠠᠷ ᠬᠠᠯᠠᠨ ᠰᠤᠯᠢᠵᠤ᠂ ᠭᠡᠷᠡᠭᠯᠡᠬᠥ ᠠᠷᠭ᠎ᠠ ᠵᠢ᠎ᠨᠢ ᠰᠤᠷᠴᠤ ᠡᠵᠡᠮᠰᠢᠬᠥ ᠭᠡᠷᠡᠭᠳᠡᠢ᠃        
     ◇ ᠭᠠᠯ ᠰᠡᠷᠭᠡᠢ᠍ᠢ᠍ᠯᠡᠬᠥ ᠨᠠᠷᠢᠨ ᠪᠠᠢ᠍ᠢ᠍ᠳᠠᠯ᠎ᠢ ᠬᠡᠵᠢᠶᠡᠳᠡ ᠠᠨᠭ᠌ᠬᠠᠷᠴᠤ᠂ ᠲᠡᠮᠡᠬᠢᠨ ᠨᠤᠴᠢᠭ᠋ᠠᠭᠤᠷ᠎ᠢ ᠢᠯᠡ ᠲᠡᠯᠪᠢᠵᠤ   ᠪᠤᠯᠬᠤ ᠥᠭᠡᠢ᠂ ᠲᠡᠯᠪᠡᠷᠡᠬᠥ᠎ᠠᠴᠠ ᠰᠡᠷᠭᠡᠢ᠌ᠯᠡᠨ᠎ᠡ; ᠲᠡᠷᠭᠡᠨ ᠲᠤᠳᠤᠷ᠎ᠠ ᠲᠡᠮᠡᠬᠢᠨ ᠶᠤᠵᠤᠭᠤᠷ᠎ᠢ ᠲᠤᠷ᠎ᠠ᠎ᠪᠠᠷ ᠵᠢᠡᠨ ᠬᠠᠶᠠᠵᠤ ᠪᠤᠯᠬᠤ ᠥᠭᠡᠢ; ᠥᠨᠥᠷᠳᠤ ᠤᠰᠤ᠂ ᠱᠥᠷᠬᠥᠬᠥᠯ ᠰᠢᠷᠭᠡᠭ ᠵᠡᠷᠭᠡ ᠬᠢᠯᠪᠠᠷ ᠨᠤᠴᠤᠬᠤ ᠪᠤᠳᠠᠰ᠎ᠢ ᠲᠡᠷᠭᠡᠨ ᠲᠤᠳᠤᠷ᠎ᠠ᠎ᠪᠠᠨ ᠲᠠᠯᠪᠢᠵᠤ ᠪᠤᠯᠬᠤ ᠥᠭᠡᠢ᠃        
     ◇ ᠮᠠᠰᠢᠨ ᠲᠡᠷᠭᠡ ᠭᠡᠨᠡᠳᠳᠡ ᠥᠪᠡᠷᠳᠡᠭᠡᠨ ᠰᠢᠳᠠᠬᠤ᠎ᠳᠤ ᠬᠥᠷᠪᠡᠯ ᠲᠡᠷᠤᠢ᠍ᠢ᠍ᠬᠠᠨ ᠭᠠᠷ ᠲᠤᠷᠤᠮᠰᠤᠭᠤᠷ ᠵᠢᠡᠨ ᠲᠠᠳᠠᠵᠤ᠂ ᠴᠠᠬᠢᠯᠭ᠋ᠠᠨ ᠠ᠋ᠬᠥᠰᠭᠡᠭᠴᠢ ᠵᠢ ᠬᠠᠭ᠋ᠠᠵᠤ᠂ ᠭᠠᠯ ᠤᠨᠳᠠᠷᠠᠭ᠋ᠠᠬᠤ ᠪᠠᠭ᠋ᠠᠵᠢ᠎ᠪᠠᠷ ᠲᠤᠰᠤᠨ ᠰᠠᠪᠠ ᠪᠤᠯᠤᠨ ᠨᠤᠴᠤᠵᠤ   ᠪᠠᠢ᠍ᠢ᠍ᠭ᠎ᠠ ᠭᠡᠰᠡᠭ᠎ᠤᠨ ᠬᠠᠯᠠᠭᠤᠨ᠎ᠢ ᠪᠠᠭᠤᠷᠠᠭᠤᠯᠤᠨ ᠭᠠᠯ᠎ᠢ ᠤᠨᠳᠠᠷᠠᠭ᠋ᠠᠬᠤ ᠵᠢᠨ ᠲᠠᠭ᠋ᠠᠤ ᠲᠠᠷᠤᠢ᠍ᠢ᠍ᠬᠠᠨ ᠴᠠᠭᠳᠠᠭ᠎ᠠ᠎ᠳᠤ ᠮᠡᠳᠡᠬᠥᠯᠬᠥ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ