ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠴᠠᠬᠢᠯᠭ᠋ᠠᠨ ᠱᠠᠳᠤ ᠵᠢᠨ ᠡ᠊ᠨᠳᠡᠯ᠎ᠢ ᠦᠢ᠍ᠯᠡᠭ᠋ᠠᠵᠤ ᠮᠡᠳᠡᠭᠡᠷᠡᠢ
ᠨᠡᠶ᠋ᠢᠲᠡᠯᠡᠭᠰᠡᠨ ᠴᠠᠭ᠄ 2015-03-02

      ᠴᠠᠬᠢᠯᠭ᠋ᠠᠨ ᠱᠠᠳᠤ ᠪᠤᠯ ᠥᠨᠳᠥᠷ ᠲᠠᠪᠬᠤᠷᠭ᠋ᠠᠳᠤ ᠪᠠᠷᠢᠯᠭ᠎ᠠ ᠵᠢᠨ ᠴᠢᠬᠤᠯᠠ ᠠᠴᠢᠶᠠᠯᠠᠪᠤᠷᠢ ᠵᠢᠨ ᠪᠠᠭ᠋ᠠᠵᠢ ᠮᠥᠨ᠂   ᠭᠡᠷᠪᠡ ᠡ᠊ᠨᠳᠡᠯ ᠠ᠋ᠬᠥᠰᠬᠥ᠎ᠳᠤ ᠬᠥᠷᠪᠡᠯ᠂ ᠬᠥᠮᠥᠨ ᠬᠤᠷᠢᠭᠳᠠᠬᠤ᠂ ᠤᠨᠠᠵᠤ ᠤᠢ᠍ᠢ᠍ᠴᠢᠬᠤ ᠲᠤᠯᠠ ᠬᠥᠮᠥᠰ ᠠᠶᠤᠯᠭ᠋ᠠᠨ   ᠰᠠᠨᠳᠤᠷᠬᠤ᠂ ᠴᠢᠨᠠᠭᠰᠢᠯᠠᠪᠠᠯ ᠠᠶᠤᠯᠳᠠᠢ ᠡ᠊ᠨᠳᠡᠯ ᠭᠠᠷᠬᠤ ᠪᠤᠯᠤᠨ᠎ᠠ᠃          
    ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ        
     ● ᠴᠠᠬᠢᠯᠭ᠋ᠠᠨ ᠱᠠᠳᠤ ᠵᠢᠨ ᠬᠤᠷᠳᠤᠴᠠ᠎ᠨᠢ ᠭᠡᠪ᠎ᠤᠨ ᠪᠤᠰᠤ ᠪᠠᠢ᠍ᠢ᠍ᠪᠠᠯ᠂ ᠪᠡᠶ᠎ᠡ᠎ᠪᠠᠨ ᠪᠥᠬᠥᠢ᠍ᠢ᠍ᠨ ᠬᠤᠶᠠᠷ ᠬᠥᠯ   ᠵᠢᠡᠨ ᠲᠡᠭ᠍ᠭᠴᠡᠬᠥᠷᠢ᠎ᠲᠠᠢ ᠪᠠᠢ᠍ᠢ᠍ᠯᠭ᠋ᠠᠬᠤ᠂ ᠭᠠᠷᠴᠤ ᠮᠡᠳᠡᠬᠥ ᠵᠢ ᠠᠷᠭ᠋ᠠᠴᠠᠬᠤ ᠭᠡᠷᠡᠭᠳᠡᠢ᠃        
     ● ᠭᠡᠷᠪᠡ ᠴᠠᠬᠢᠯᠭ᠋ᠠᠨ ᠱᠠᠳᠤᠨ ᠲᠤᠳᠤᠷ᠎ᠠ ᠬᠤᠷᠢᠭᠳᠠᠪᠠᠯ᠂ ᠲᠡᠷᠡ ᠲᠤᠤᠷ᠎ᠠ᠎ᠨᠢ ᠴᠠᠬᠢᠯᠭ᠋ᠠᠨ ᠱᠠᠳᠤᠨ ᠲᠤᠳᠤᠷᠠᠬᠢ   ᠰᠡᠷᠡᠮᠵᠢ ᠵᠢᠨ ᠬᠤᠨᠭ᠌ᠬᠤ᠂ ᠶᠠᠷᠢᠯᠴᠠᠬᠤ ᠮᠠᠰᠢᠨ ᠪᠠ ᠳ᠋ᠢᠶᠠᠨᠭ᠌ᠬᠤᠸᠠ᠎ᠪᠠᠷ ᠬᠠᠮᠢᠶᠠᠷᠬᠤ ᠬᠥᠮᠥᠨ᠎ᠲᠠᠢ ᠬᠠᠷᠢᠯᠴᠠᠵᠤ᠂ ᠭᠠᠳᠠᠨ᠎ᠠ  ᠎ᠠᠴᠠ ᠠᠪᠤᠷᠠᠨ ᠲᠤᠰᠠᠯᠠᠬᠤ ᠵᠢ ᠬᠥᠯᠢᠶᠡᠬᠥ ᠭᠡᠷᠡᠭᠳᠡᠢ᠃ ᠭᠡᠷᠪᠡ ᠰᠡᠷᠡᠮᠵᠢ ᠵᠢᠨ ᠬᠤᠨᠭ᠌ᠬᠤ᠎ᠨᠢ ᠲᠤᠰᠠ ᠥᠭᠡᠢ ᠪᠤᠯ ᠶᠡᠭᠡ   ᠲᠠᠭᠤᠨ ᠵᠢᠡᠷ ᠬᠠᠰᠬᠢᠷᠬᠤ ᠪᠤᠶᠤ ᠴᠠᠬᠢᠯᠭ᠋ᠠᠨ ᠱᠠᠳᠤᠨ᠎ᠤ ᠠ᠋ᠬᠥᠳᠡ ᠵᠢ ᠵᠠᠪᠰᠠᠷᠯᠠᠭᠤᠯᠤᠨ ᠠᠯᠠᠭ᠋ᠠᠳᠠᠬᠤ ᠭᠡᠷᠡᠭᠳᠡᠢ᠃        
     ● ᠴᠠᠬᠢᠯᠭ᠋ᠠᠨ ᠱᠠᠳᠤ ᠵᠤᠭᠰᠤᠬᠤ ᠥᠶᠡᠰ᠂ ᠴᠠᠬᠢᠯᠭ᠋ᠠᠨ ᠱᠠᠳᠤ ᠭᠡᠨᠡᠳᠳᠡ ᠬᠥᠳᠡᠯᠬᠥ ᠵᠢ ᠰᠡᠷᠭᠡᠢ᠍ᠢ᠍ᠯᠡᠬᠥ ᠵᠢᠨ   ᠲᠥᠯᠥᠭᠡ᠂ ᠪᠤᠯᠬᠤ ᠵᠢᠨ ᠲᠤᠳᠤᠷ᠎ᠠ ᠠ᠋ᠬᠥᠳᠡ ᠵᠢ᠎ᠨᠢ ᠨᠡᠭᠡᠭᠡᠨ ᠮᠥᠯᠬᠥᠵᠤ ᠭᠠᠷᠴᠤ ᠪᠤᠯᠬᠤ᠃        
     ● ᠴᠠᠬᠢᠯᠭ᠋ᠠᠨ ᠱᠠᠳᠤ ᠠᠵᠢᠯᠯᠠᠭ᠋ᠠᠨ᠎ᠳᠠᠭᠠᠨ ᠪᠠᠢ᠍ᠢ᠍ᠬᠤ᠎ᠳᠤᠨᠢ ᠤᠰᠤ ᠤᠷᠤᠪᠠᠯ ᠴᠠᠬᠢᠯᠭ᠋ᠠᠨ ᠱᠠᠳᠤ ᠵᠢ ᠬᠠᠮᠤᠭ   ᠲᠡᠭᠡᠷ᠎ᠡ ᠲᠠᠪᠬᠤᠷᠭ᠎ᠠ᠎ᠳᠤ ᠬᠥᠷᠬᠡᠬᠥ ᠵᠢᠨ ᠬᠠᠮᠳᠤ ᠰᠡᠯᠪᠢᠨ ᠵᠠᠰᠠᠬᠤ ᠠᠵᠢᠯᠳᠠᠨ᠎ᠳᠤ   ᠮᠡᠳᠡᠭᠦᠯᠦᠨ᠎ᠡ᠃        
     ● ᠭᠡᠷᠪᠡ ᠠᠵᠢᠯᠯᠠᠭ᠋ᠠᠨ᠎ᠳᠠᠭᠠᠨ ᠪᠠᠢ᠍ᠢ᠍ᠭ᠎ᠠ ᠴᠠᠬᠢᠯᠭ᠋ᠠᠨ ᠱᠠᠳᠤ ᠭᠠᠯ ᠨᠤᠴᠠᠪᠠᠯ᠂ ᠴᠠᠬᠢᠯᠭ᠋ᠠᠨ ᠱᠠᠳᠤ ᠵᠢ ᠤᠢ᠍ᠢ᠍ᠷ᠎ᠠ   ᠪᠠᠢ᠍ᠢ᠍ᠭ᠎ᠠ ᠲᠠᠪᠬᠤᠷᠭ᠎ᠠ᠎ᠳᠤ ᠵᠤᠭᠰᠤᠭ᠋ᠠᠬᠤ ᠵᠢᠨ ᠬᠠᠮᠳᠤ᠂ ᠠᠰᠠᠷ᠎ᠤᠨ ᠱᠠᠳᠤ᠎ᠪᠠᠷ ᠬᠤᠷᠳᠤᠨ ᠲᠤᠳᠠᠭ᠋ᠠᠨ ᠵᠠᠢ᠍ᠢ᠍ᠯᠠᠬᠤ  ᠎ᠨᠢ   ᠴᠢᠬᠤᠯᠨ᠃        
    ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ᠄        
     ◆ ᠴᠠᠬᠢᠯᠭ᠋ᠠᠨ ᠱᠠᠳᠤᠨ᠎ᠳᠤ ᠬᠥᠮᠥᠨ ᠬᠤᠷᠢᠭᠳᠠᠬᠤ ᠥᠵᠡᠭᠳᠡᠯ᠎ᠨᠢ ᠨᠢᠭᠡ ᠵᠥᠢ᠍ᠯ᠎ᠤᠨ ᠬᠠᠮᠠᠭ᠋ᠠᠯᠠᠯᠳᠠ ᠵᠢᠨ   ᠪᠠᠢ᠍ᠢ᠍ᠳᠠᠯ ᠪᠤᠯᠤᠨ᠎ᠠ᠂ ᠬᠠᠷᠢᠨ ᠠᠶᠤᠯᠳᠠᠢ ᠪᠠᠢ᠍ᠢ᠍ᠳᠠᠯ ᠪᠢᠰᠢ᠂ ᠠ᠋ᠢ᠍ᠢ᠍ᠮᠥ᠎ᠠᠴᠠ ᠠᠶᠤᠵᠤ ᠰᠠᠨᠳᠤᠷᠬᠤ ᠭᠡᠷᠡᠭ ᠥᠭᠡᠢ᠃

     ◆ ᠭᠠᠵᠠᠷ ᠬᠥᠳᠡᠯᠥᠯᠳᠡ᠂ ᠭᠠᠯ᠎ᠤᠨ ᠭᠠᠮᠰᠢᠭ᠂ ᠴᠠᠬᠢᠯᠭ᠋ᠠᠨ ᠱᠠᠳᠤᠨ᠎ᠳᠤ ᠤᠰᠤ ᠤᠷᠤᠬᠤ ᠵᠡᠷᠭᠡ ᠪᠠᠴᠢᠮ   ᠪᠠᠢ᠍ᠢ᠍ᠳᠠᠯ᠎ᠳᠤ᠂ ᠴᠠᠬᠢᠯᠭ᠋ᠠᠨ ᠱᠠᠳᠤ ᠭᠡᠷᠡᠭᠯᠡᠬᠥ ᠵᠢ ᠠ᠋ᠷᠡᠰ ᠴᠠᠭ᠋ᠠᠵᠠᠯᠠᠵᠤ᠂ ᠭᠠᠯ ᠤᠨᠳᠠᠷᠠᠭ᠋ᠠᠬᠤ ᠨᠡᠪᠳᠡᠷᠡᠯᠭᠡ ᠵᠢᠨ ᠵᠠᠮ ᠪᠤᠶᠤ   ᠠᠰᠠᠷ᠎ᠤᠨ ᠱᠠᠳᠤ᠎ᠪᠠᠷ ᠶᠠᠪᠤᠬᠤ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ