ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠨᠡᠬᠥᠷᠡᠰᠥᠨ ᠠᠭᠤᠷᠬᠠᠢ ᠵᠢᠨ ᠭᠠᠰ ᠲᠡᠯᠪᠡᠷᠡᠬᠥ ᠵᠢ ᠬᠡᠷᠬᠢᠨ ᠦᠢ᠍ᠯᠠᠭ᠋ᠠᠬᠤ ᠪᠤᠢ
ᠨᠡᠶ᠋ᠢᠲᠡᠯᠡᠭᠰᠡᠨ ᠴᠠᠭ᠄ 2015-03-02

      ᠭᠠᠰ ᠪᠤᠯ ᠨᠢᠭᠡ ᠵᠥᠢ᠍ᠯ᠎ᠤᠨ ᠥᠨᠭᠭᠡ ᠥᠭᠡᠢ᠂ ᠥᠨᠥᠷ ᠥᠭᠡᠢ᠂ ᠠᠮᠠᠷᠬᠠᠨ ᠨᠤᠴᠤᠵᠤ᠂ ᠠᠮᠠᠷᠬᠠᠨ ᠲᠡᠯᠪᠡᠷᠡᠳᠡᠭ ᠭᠡᠢ ᠪᠡᠶᠡᠳᠤ ᠪᠤᠯᠤᠨ᠎ᠠ᠃ ᠭᠡᠷᠪᠡ ᠠᠭ᠋ᠠᠷ ᠲᠤᠳᠤᠷ᠎ᠠ ᠭᠠᠰ᠎ᠤᠨ ᠥᠳᠭᠡᠴᠡ᠎ᠨᠢ 5.5%᠎ᠠᠴᠠ 16% ᠪᠤᠯᠬᠤ ᠥᠶᠡᠰ᠂ ᠢᠯᠡ ᠭᠠᠯ᠎ᠲᠠᠢ ᠪᠠᠢ᠍ᠢ᠍ᠳᠠᠯ ᠲᠤᠤᠷ᠎ᠠ ᠲᠡᠷᠤᠢ ᠲᠡᠯᠪᠡᠷᠡᠳᠡᠭ᠃ ᠭᠠᠰ ᠲᠡᠯᠪᠡᠷᠡᠪᠡᠯ ᠥᠨᠳᠥᠷ   ᠬᠠᠯᠠᠭᠤᠨ᠂ ᠥᠨᠳᠥᠷ ᠲᠠᠷᠤᠯᠳᠠ᠂ ᠲᠠᠭ᠋ᠠᠷᠢᠯᠳᠠ ᠲᠤᠯᠬᠢᠶᠠᠨ᠎ᠢ ᠪᠤᠢ ᠪᠤᠯᠭ᠋ᠠᠬᠤ ᠮᠥᠷᠳᠡᠭᠡᠨ ᠬᠤᠤᠷ᠎ᠲᠠᠢ ᠭᠡᠢ ᠪᠡᠶᠡᠳᠤ ᠵᠢ ᠭᠠᠷᠭ᠋ᠠᠳᠠᠭ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠭᠠᠰ ᠲᠡᠯᠪᠡᠷᠡᠬᠥ ᠵᠢ ᠰᠤᠨᠤᠰᠬᠤ ᠪᠤᠶᠤ ᠥᠵᠡᠭᠰᠡᠨ ᠥᠶᠡᠰ᠂ ᠲᠡᠯᠪᠡᠷᠡᠭᠰᠡᠨ ᠭᠠᠵᠠᠷ᠎ᠤᠨ ᠠ᠋ᠰᠡᠷᠬᠥ ᠵᠥᠭ᠎ᠲᠤ ᠲᠡᠷᠤᠢ᠍ᠢ᠍ᠬᠠᠨ ᠭᠠᠵᠠᠷ ᠭᠡᠪᠳᠡᠵᠤ᠂ ᠤᠢ᠍ᠢ᠍ᠷᠠᠬᠠᠨ ᠤᠰᠤ ᠪᠠᠢ᠍ᠢ᠍ᠪᠠᠯ᠂ ᠤᠰᠤᠨ ᠲᠤᠳᠤᠷ᠎ᠠ ᠲᠡᠭᠡᠭᠰᠢ ᠬᠠᠨᠳᠤᠬᠤ ᠪᠤᠶᠤ ᠬᠠᠵᠠᠭᠤᠯᠳᠠᠨ ᠭᠡᠪᠳᠡᠵᠤ᠂ ᠨᠤᠢ᠍ᠢ᠍ᠳᠠᠨ ᠠᠯᠴᠢᠭᠤᠷ ᠵᠢᠡᠷ ᠠᠮᠠ ᠬᠠᠮᠠᠷ ᠵᠢᠡᠨ ᠪᠢᠳᠡᠬᠥᠯᠡᠬᠥ ᠭᠡᠷᠡᠭᠳᠡᠢ᠃        
     ● ᠲᠡᠯᠪᠡᠷᠡᠯᠳᠡ ᠵᠢᠨ ᠲᠥᠪ᠎ᠠᠴᠠ ᠨᠡᠯᠢᠶᠡᠳ ᠤᠢ᠍ᠢ᠍ᠷᠠᠬᠠᠨ ᠪᠠᠢ᠍ᠢ᠍ᠭ᠎ᠠ ᠬᠥᠮᠥᠰ ᠲᠡᠭᠡᠷ᠎ᠡ ᠲᠤᠷᠠᠳᠤᠭᠰᠠᠨ ᠥᠪᠡᠷ᠎ᠢ᠎ᠪᠠᠨ ᠠᠪᠤᠷᠠᠬᠤ ᠠᠷᠭ᠎ᠠ ᠭᠡᠮᠵᠢᠶ᠎ᠡ ᠵᠢ ᠠᠪᠤᠭᠰᠠᠨ᠎ᠤ᠎ᠪᠠᠨ ᠲᠠᠷᠠᠭ᠎ᠠ᠂ ᠲᠤᠬᠠᠢ ᠵᠢᠨ ᠲᠠᠯᠠᠪᠤᠷ᠎ᠠᠴᠠ ᠱᠠᠯᠠᠪᠬᠠᠨ ᠵᠠᠢ᠍ᠢ᠍ᠯᠠᠵᠤ᠂ ᠬᠤᠶᠠᠷᠳᠡᠬᠢ ᠲᠡᠯᠪᠡᠷᠡᠯᠳᠡ᠎ᠠᠴᠠ   ᠰᠡᠷᠭᠡᠢ᠌ᠯᠡᠨ᠎ᠡ᠃        
     ● ᠭᠠᠰ ᠲᠡᠯᠪᠡᠷᠡᠭᠰᠡᠨ᠎ᠤ ᠲᠠᠷᠠᠭ᠎ᠠ᠂ ᠡ᠊ᠨᠳᠡᠯ ᠭᠠᠷᠤᠭᠰᠠᠨ ᠭᠠᠵᠠᠷ᠎ᠲᠤ ᠨᠡᠪᠳᠡᠷᠡᠬᠥ ᠴᠠᠬᠢᠯᠭ᠋ᠠᠨ᠎ᠤ ᠢᠷᠡᠯᠳᠡ ᠵᠢ ᠲᠡᠷᠤᠢ᠍ᠢ᠍ᠬᠠᠨ ᠲᠠᠰᠤᠳᠠᠵᠤ᠂ ᠲᠥᠷᠭᠡᠨ ᠰᠠᠯᠬᠢ ᠨᠡᠪᠳᠡᠷᠡᠬᠥᠯᠵᠤ᠂ ᠠᠷᠭ᠎ᠠ ᠰᠥᠪᠡᠭᠴᠢᠯᠡᠨ ᠢᠯᠡ ᠭᠠᠯ ᠪᠠ ᠥᠯᠡᠳᠡᠪᠥᠷᠢ ᠭᠠᠯ᠎ᠢ ᠤᠨᠳᠠᠷᠠᠭ᠋ᠠᠵᠤ᠂ ᠲᠡᠬᠢᠨᠳᠠ ᠲᠡᠯᠪᠡᠷᠡᠬᠥ᠎ᠠᠴᠠ ᠰᠡᠷᠭᠡᠢ᠍ᠢ᠍ᠯᠡᠬᠥ ᠭᠡᠷᠡᠭᠳᠡᠢ᠃ ᠠᠮᠢ ᠥᠯᠡᠳᠡᠭᠰᠡᠨ ᠬᠥᠮᠥᠨ ᠪᠥᠬᠥᠨ ᠡ᠊ᠨᠳᠡᠯ ᠭᠠᠷᠤᠭᠰᠠᠨ᠎ᠤ ᠰᠡᠬᠥᠯᠡᠷ ᠠᠶᠤᠯᠳᠠᠢ ᠤᠷᠤᠨ᠎ᠠᠴᠠ ᠠ᠋ᠮᠬᠢ ᠲᠠᠷᠠᠭ᠎ᠠ᠎ᠲᠠᠢ᠎ᠪᠠᠷ ᠰᠢᠯᠵᠢᠬᠥ ᠭᠡᠷᠡᠭᠳᠡᠢ᠃        
     ● ᠨᠡᠬᠥᠷᠡᠰᠥᠳᠥᠢ᠍ᠷᠥᠭᠴᠢ ᠵᠢᠨ ᠲᠠᠩ ᠢᠰᠥᠯ᠎ᠳᠤ ᠬᠤᠤᠷᠳᠠᠭᠳᠠᠭᠰᠠᠳ᠎ᠢ ᠱᠠᠯᠠᠪᠬᠠᠨ ᠰᠠᠯᠬᠢ ᠰᠠᠢ᠍ᠢ᠍ᠳᠠᠢ ᠠᠮᠤᠷ ᠲᠥᠪᠰᠢᠨ ᠭᠠᠵᠠᠷ᠎ᠲᠤ ᠰᠢᠯᠵᠢᠭᠦᠯᠦᠨ᠎ᠡ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠠᠭᠤᠷᠬᠠᠢ ᠵᠢᠨ ᠬᠤᠳᠳᠤᠭ᠎ᠲᠤ ᠰᠠᠯᠬᠢ ᠰᠠᠢ᠍ᠢ᠍ᠳᠤᠷ ᠨᠡᠪᠳᠡᠷᠡᠬᠥᠯᠵᠤ᠂ ᠤᠯᠠᠨ ᠵᠥᠢ᠍ᠯ᠎ᠤᠨ ᠰᠠᠯᠬᠢ ᠨᠡᠪᠳᠡᠷᠡᠬᠥᠯᠬᠥ ᠠᠷᠭ᠎ᠠ ᠭᠡᠮᠵᠢᠶ᠎ᠡ ᠵᠢ ᠭᠡᠷᠡᠭᠯᠡᠵᠤ᠂ ᠬᠤᠳᠳᠤᠭ᠎ᠲᠠᠬᠢ ᠭᠠᠰ᠎ᠤᠨ ᠭᠡᠮᠵᠢᠶ᠎ᠡ ᠵᠢ ᠲᠤᠭᠳᠠᠭ᠋ᠠᠭᠰᠠᠨ ᠠᠭᠤᠯᠤᠭᠳᠠᠴᠠ᠎ᠠᠴᠠ ᠭᠡᠳᠥᠷᠡᠬᠥᠯᠬᠥ ᠥᠭᠡᠢ ᠪᠠᠢ᠍ᠢ᠍ᠬᠤ ᠵᠢ ᠪᠠᠳᠤᠯᠠᠵᠤ᠂ ᠪᠠᠢ᠍ᠢ᠍ᠴᠠᠭ᠋ᠠᠬᠤ ᠲᠥᠷᠢᠮ᠎ᠢ ᠴᠢᠨᠭ᠌ᠭ᠋ᠠᠷᠠᠭᠤᠯᠬᠤ ᠭᠡᠷᠡᠭᠳᠡᠢ᠂ ᠭᠠᠰ ᠲᠤᠤᠷ᠎ᠠ ᠠᠭᠤᠷᠬᠠᠢ ᠵᠢᠨ ᠬᠤᠳᠳᠤᠭ᠎ᠲᠤ ᠪᠤᠯ ᠠ᠋ᠭᠡᠯᠵᠢ ᠪᠥᠷᠢ ᠠᠯᠢ ᠴᠥᠭᠡᠨ᠎ᠳᠡᠭᠡᠨ ᠬᠤᠶᠠᠷ ᠤᠳᠠᠭ᠎ᠠ ᠪᠠᠢ᠍ᠢ᠍ᠴᠠᠭ᠋ᠠᠵᠤ᠂ ᠭᠠᠰ ᠥᠨᠳᠥᠷ ᠠᠭᠤᠷᠬᠠᠢ ᠵᠢᠨ ᠬᠤᠳᠳᠤᠭ᠎ᠲᠤ ᠪᠤᠯ ᠠ᠋ᠭᠡᠯᠵᠢ ᠪᠥᠷᠢ ᠠᠯᠢ ᠴᠥᠭᠡᠨ᠎ᠳᠡᠭᠡᠨ 3 ᠤᠳᠠᠭ᠎ᠠ   ᠪᠠᠢ᠌ᠴᠠᠭ᠋ᠠᠨ᠎ᠠ᠃        
     ◇ ᠬᠤᠳᠳᠤᠭ᠎ᠲᠤ ᠪᠠᠭᠤᠬᠤ᠎ᠳᠤ ᠲᠡᠮᠡᠬᠢ᠂ ᠨᠤᠴᠤᠭ᠋ᠠᠯᠭ᠎ᠠ ᠠ᠋ᠳ᠋ ᠠᠪᠴᠤ ᠤᠷᠤᠬᠤ ᠵᠢ ᠴᠠᠭ᠋ᠠᠵᠠᠯᠠᠨ᠎ᠠ᠂ ᠴᠠᠬᠢᠯᠭ᠋ᠠᠨ ᠵᠤᠤᠬ᠎ᠠ ᠪᠤᠯᠤᠨ ᠴᠠᠬᠢᠯᠭ᠋ᠠᠨ ᠳ᠋ᠸᠩ ᠵᠢᠡᠷ ᠲᠤᠯᠠᠭ᠋ᠠᠴᠠᠵᠤ ᠪᠤᠯᠬᠤ ᠥᠭᠡᠢ᠃ ᠬᠤᠳᠳᠤᠭ᠎ᠲᠤ ᠪᠠᠭᠤᠬᠤ᠎ᠳᠤ ᠥᠪᠡᠷ᠎ᠤᠨ ᠠᠪᠤᠷᠠᠬᠤ ᠭᠡᠷᠡᠭᠰᠡᠯ ᠵᠢᠡᠨ ᠠᠪᠴᠤ ᠤᠷᠤᠬᠤ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ