ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠤᠷᠴᠢᠨ ᠲᠤᠭᠤᠷᠢᠨ᠎ᠤ ᠪᠤᠬᠢᠷᠳᠤᠯ᠎ᠤᠨ ᠡ᠊ᠨᠳᠡᠯ᠎ᠢ ᠬᠡᠷᠬᠢᠨ ᠦᠢ᠍ᠯᠠᠭ᠋ᠠᠬᠤ ᠪᠤᠢ
ᠨᠡᠶ᠋ᠢᠲᠡᠯᠡᠭᠰᠡᠨ ᠴᠠᠭ᠄ 2015-03-02

      ᠤᠷᠴᠢᠨ ᠲᠤᠭᠤᠷᠢᠨ᠎ᠤ ᠪᠤᠬᠢᠷᠳᠤᠯ᠎ᠤᠨ ᠡ᠊ᠨᠳᠡᠯ᠎ᠢ ᠤᠰᠤᠨ᠎ᠤ ᠪᠤᠬᠢᠷᠳᠤᠯ᠎ᠤᠨ ᠡ᠊ᠨᠳᠡᠯ᠂ ᠠᠭ᠋ᠠᠷ ᠮᠠᠨᠳᠤᠯ᠎ᠤᠨ ᠪᠤᠬᠢᠷᠳᠤᠯ᠎ᠤᠨ ᠡ᠊ᠨᠳᠡᠯ᠂ ᠬᠠᠳᠠᠭᠤ ᠪᠡᠶᠡᠳᠤ ᠬᠠᠶᠠᠭᠳᠠᠮᠠᠯ ᠠ᠋ᠳ᠋᠎ᠤᠨ ᠪᠤᠬᠢᠷᠳᠤᠯ᠎ᠤᠨ ᠡ᠊ᠨᠳᠡᠯ᠂ ᠰᠠᠴᠤᠷᠠᠭ ᠴᠢᠨᠠᠷ᠎ᠤᠨ   ᠪᠤᠬᠢᠷᠳᠤᠯ᠎ᠤᠨ ᠡ᠊ᠨᠳᠡᠯ ᠭᠡᠬᠥ ᠵᠡᠷᠭᠡ ᠢᠯᠭ᠋ᠠᠳᠠᠭ᠃          
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠲᠤᠬᠠᠢ ᠵᠢᠨ ᠲᠠᠯᠠᠪᠤᠷ᠎ᠲᠤ ᠲᠡᠯᠪᠡᠷᠡᠭᠰᠡᠨ ᠭᠡᠢ ᠪᠡᠶᠡᠳᠤ ᠥᠭᠡᠢ ᠪᠠᠢ᠍ᠢ᠍ᠳᠠᠯ ᠲᠤᠤᠷ᠎ᠠ᠂ ᠲᠡᠷᠤᠢ᠍ᠢ᠍ᠬᠠᠨ 119᠂  110 ᠪᠤᠶᠤ ᠲᠤᠬᠠᠢ ᠵᠢᠨ ᠭᠠᠵᠠᠷ᠎ᠤᠨ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢᠨ ᠰᠠᠯᠠᠭ᠎ᠠ ᠮᠥᠴᠢᠷ᠎ᠲᠤ ᠤᠳᠠᠰᠤᠳᠠᠵᠤ᠂ ᠭᠡᠷᠡᠭ ᠠ᠋ᠬᠥᠰᠥᠭᠰᠡᠨ ᠲᠤᠳᠤᠷᠬᠠᠢ ᠭᠠᠵᠠᠷ ᠤᠷᠤᠨ᠂ ᠤᠷᠤᠨ ᠲᠤᠭᠤᠷᠢᠬ ᠪᠠ ᠪᠤᠬᠢᠷᠳᠤᠯ᠎ᠤᠨ ᠥᠵᠡᠭᠳᠡᠯ᠂   ᠬᠠᠷᠢᠯᠴᠠᠬᠤ ᠬᠥᠮᠥᠨ᠎ᠤ ᠤᠳᠠᠰᠤ᠎ᠪᠠᠨ ᠲᠤᠳᠤᠷᠬᠠᠢ ᠭᠡᠯᠡᠵᠤ ᠥᠭᠬᠥ   ᠪᠤᠯᠪᠠᠤ  ᠃          
     ● ᠪᠤᠬᠢᠷᠳᠤᠯ᠎ᠤᠨ ᠠ᠋ᠨᠳᠡᠯ᠎ᠤᠨ ᠲᠤᠬᠠᠢ ᠵᠢᠨ ᠲᠠᠯᠠᠪᠤᠷ᠎ᠤᠨ ᠪᠠᠢ᠍ᠢ᠍ᠳᠠᠯ᠎ᠢ ᠥᠨᠳᠥᠰᠥᠯᠡᠨ᠂ ᠪᠤᠬᠢᠷᠳᠤᠭᠰᠠᠨ   ᠭᠠᠵᠠᠷ ᠤᠷᠤᠨ᠎ᠤ ᠨᠠᠰᠤᠳᠠᠢ᠂ ᠪᠠᠭᠤᠷᠠᠢ᠂ ᠡᠪᠡᠳᠴᠢᠳᠡᠢ᠂ ᠵᠡᠮᠳᠡᠭ ᠬᠥᠮᠥᠰ ᠪᠠ ᠬᠤᠤᠷᠳᠠᠭᠳᠠᠭᠰᠠᠨ ᠬᠥᠮᠥᠰ᠎ᠢ   ᠲᠡᠷᠤᠢ᠍ᠢ᠍ᠬᠠᠨ ᠲᠤᠬᠢᠳᠠᠢ ᠰᠠᠢ᠍ᠢ᠍ᠨ ᠲᠥᠪᠬᠢᠨᠡᠬᠥᠯᠬᠥ ᠭᠡᠷᠡᠭᠳᠡᠢ᠃          
     ● ᠤᠪᠤᠭ᠋ᠠᠷᠠᠨ ᠥᠵᠡᠬᠥ ᠪᠠ ᠴᠤᠤ ᠲᠠᠷᠬᠠᠭ᠋ᠠᠵᠤ ᠪᠤᠯᠬᠤ ᠥᠭᠡᠢ᠃ ᠪᠤᠬᠢᠷᠳᠤᠯ᠎ᠤᠨ ᠲᠥᠷᠥᠯ ᠵᠥᠢ᠍ᠯ᠎ᠢ ᠥᠨᠳᠥᠰᠥᠯᠡᠨ ᠲᠤᠰᠬᠠᠢ ᠠᠵᠢᠯᠳᠠᠨ ᠵᠢᠡᠷ ᠠᠪᠤᠷᠠᠨ ᠵᠠᠰᠠᠭᠤᠯᠤᠨ᠎ᠠ᠃            
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ            
     ◇ ᠤᠰᠤ ᠪᠤᠬᠢᠷᠳᠤᠭᠰᠠᠨ᠎ᠢ ᠤᠯᠵᠤ ᠮᠡᠳᠡᠭᠰᠡᠨ ᠥᠶᠡᠰ᠂ ᠪᠤᠯᠭᠤᠮᠵᠢᠳᠠᠢ ᠭᠡᠷᠡᠭᠯᠡᠬᠥ ᠪᠠ ᠤᠤᠭᠤᠬᠤ ᠵᠢ ᠲᠠᠭ ᠬᠤᠷᠢᠭᠯᠠᠵᠤ᠂ ᠲᠡᠷᠤᠢ᠍ᠢ᠍ᠬᠠᠨ ᠲᠤᠬᠠᠢ ᠵᠢᠨ ᠭᠠᠵᠠᠷ᠎ᠤᠨ ᠵᠢᠡᠨ ᠠ᠋ᠷᠡᠬᠥᠯ ᠬᠠᠮᠠᠭ᠋ᠠᠯᠠᠯ ᠪᠤᠶᠤ ᠤᠷᠴᠢᠨ ᠲᠤᠭᠤᠷᠢᠨ᠎ᠤ   ᠬᠠᠮᠠᠭ᠋ᠠᠯᠠᠯᠳᠠ ᠵᠢᠨ ᠰᠠᠯᠠᠭ᠎ᠠ ᠮᠥᠴᠢᠷ᠎ᠲᠤ ᠮᠡᠳᠡᠭᠦᠯᠦᠨ᠎ᠡ᠃          
     ◇ ᠬᠤᠤᠷ᠎ᠲᠠᠢ ᠭᠡᠢ ᠪᠡᠶᠡᠳᠤ ᠵᠢ ᠤᠯᠵᠤ ᠮᠡᠳᠡᠭᠰᠡᠨ ᠥᠶᠡᠰ᠂ ᠰᠠᠭᠤᠭ᠋ᠠᠯᠢ ᠠᠷᠠᠳ ᠰᠠᠯᠬᠢᠨ᠎ᠤ ᠥᠭᠡᠳᠡ ᠰᠢᠯᠵᠢᠨ ᠵᠠᠢ᠍ᠢ᠍ᠯᠠᠵᠤ᠂ ᠬᠤᠤᠷᠳᠠᠭᠰᠠᠳ᠎ᠢ ᠰᠢᠨ᠎ᠡ ᠰᠤᠷᠭᠤᠭ ᠠᠭ᠋ᠠᠷ᠎ᠲᠠᠢ ᠭᠠᠵᠠᠷ᠎ᠲᠤ ᠰᠢᠯᠵᠢᠬᠥᠯᠵᠤ᠂ ᠲᠡᠷᠤᠢ᠍ᠢ᠍ᠬᠠᠨ ᠲᠤᠬᠠᠢ ᠵᠢᠨ ᠭᠠᠵᠠᠷ᠎ᠤᠨ ᠡᠮ ᠠ᠋ᠮᠨᠡᠯᠭᠡ ᠵᠢᠨ ᠲᠥᠷᠭᠡᠨ ᠠᠪᠤᠷᠠᠬᠤ ᠲᠥᠪ ᠪᠤᠯᠤᠨ ᠬᠠᠮᠢᠶ᠎ᠠ ᠪᠥᠬᠥᠢ ᠰᠠᠯᠠᠭ᠎ᠠ ᠮᠥᠴᠢᠷ᠎ᠲᠤ ᠮᠡᠳᠡᠭᠦᠯᠦᠨ᠎ᠡ᠃          
     ◇ ᠬᠤᠤᠷ᠎ᠲᠠᠢ ᠬᠢᠮᠢ ᠵᠢᠨ ᠪᠤᠳᠠᠰ᠎ᠢ ᠤᠯᠵᠤ ᠮᠡᠳᠡᠪᠡᠯ᠂ ᠬᠤᠤᠷᠳᠠᠭᠳᠠᠭᠰᠠᠳ᠎ᠢ ᠲᠡᠷᠤᠢ᠍ᠢ᠍ᠬᠠᠨ ᠠᠮᠤᠷ ᠲᠥᠪᠰᠢᠨ ᠭᠠᠵᠠᠷ ᠰᠢᠯᠵᠢᠬᠥᠯᠬᠥ ᠪᠤᠶᠤ ᠠ᠋ᠮᠨᠡᠯᠭᠡ᠎ᠳᠤ ᠬᠥᠷᠭᠡᠵᠤ ᠠᠪᠤᠷᠠᠨ ᠲᠤᠰᠠᠯᠠᠭᠤᠯᠬᠤ ᠭᠡᠷᠡᠭᠳᠡᠢ᠃ ᠪᠸᠨ᠋ᠽᠸᠨ᠂ ᠮᠸᠲ᠋ᠢᠯᠳᠤ ᠪᠸᠨ᠋ᠽᠸᠨ ᠵᠡᠷᠭᠡ ᠰᠢᠨᠭᠭᠡᠨ ᠪᠡᠶᠡᠳᠤ ᠵᠢᠨ ᠲᠥᠷᠥᠯ᠎ᠤᠨ ᠬᠤᠤᠷ᠎ᠲᠠᠢ ᠬᠢᠮᠢ ᠵᠢᠨ ᠪᠤᠳᠠᠰ ᠶᠡᠭᠡ ᠭᠡᠮᠵᠢᠶ᠎ᠡ᠎ᠪᠠᠷ ᠨᠠᠪᠴᠢᠨ ᠭᠤᠭᠤᠵᠢᠭᠰᠠᠨ᠎ᠢ ᠤᠯᠵᠤ ᠮᠡᠳᠡᠪᠡᠯ᠂ ᠲᠥᠭᠡᠭᠡᠯ ᠤᠰᠤ᠎ᠪᠠᠷ ᠰᠥᠷᠴᠢᠨ ᠤᠬᠢᠶᠠᠵᠤ ᠤᠭᠳᠤ ᠪᠤᠯᠬᠤ ᠥᠭᠡᠢ᠂ ᠬᠠᠷᠢᠨ ᠠ᠋ᠯᠡᠰᠤ ᠰᠢᠷᠤᠢ᠂ ᠰᠢᠪᠠᠷ ᠵᠢᠡᠷ ᠲᠠᠷᠤᠬᠤ ᠪᠤᠶᠤ ᠲᠤᠬᠢᠳᠠᠢ ᠰᠤᠷᠤᠯᠳᠠ ᠠ᠋ᠳ᠋ ᠵᠢᠡᠷ ᠰᠤᠷᠤᠭᠤᠯᠤᠨ ᠠᠪᠴᠤ᠂   ᠪᠤᠬᠢᠷᠳᠤᠯ᠎ᠤᠨ ᠥᠷᠪᠢᠰᠴᠤ ᠲᠡᠯᠡᠬᠥ ᠵᠢ ᠰᠡᠷᠭᠡᠢ᠌ᠯᠡᠨ᠎ᠡ᠃          
     ◇ ᠢᠯᠵᠠᠷᠠᠬᠤ ᠴᠢᠨᠠᠷᠳᠠᠢ ᠪᠤᠬᠢᠷᠳᠤᠯ ᠪᠤᠳᠠᠰ᠎ᠢ ᠤᠯᠵᠤ ᠮᠡᠳᠡᠪᠡᠯ᠂ ᠰᠠᠭ᠋ᠠᠷᠮᠠᠭᠵᠢᠭᠤᠯᠬᠤ ᠠᠷᠭ᠎ᠠ ᠵᠢ ᠭᠡᠷᠡᠭᠯᠡᠨ᠂ ᠲᠤᠬᠠᠢ᠍ᠢ᠍ᠯᠠᠪᠠᠯ ᠲᠠᠪᠤᠰᠤᠨ ᠬᠥᠴᠢᠯ᠂ ᠬᠥᠬᠥᠷ ᠬᠥᠴᠢᠯ᠎ᠢ ᠪᠤᠯ ᠴᠤᠬᠤᠢ᠎ᠪᠠᠷ ᠰᠠᠭ᠋ᠠᠷᠮᠠᠭᠵᠢᠭᠤᠯᠤᠨ ᠰᠢᠢ᠍ᠳᠪᠥᠷᠢᠯᠡᠵᠤ᠂   ᠶᠡᠷᠥ ᠵᠢᠨ ᠬᠤᠵᠢᠷᠯᠢᠬ ᠢᠯᠵᠡᠷᠡᠮᠡᠯ ᠠ᠋ᠳ᠋᠎ᠢ ᠡᠲ᠋ᠠ ᠬᠥᠴᠢᠯ ᠵᠢᠡᠷ ᠰᠢᠢ᠍ᠳᠪᠥᠷᠢᠯᠡᠬᠥ ᠭᠡᠷᠡᠭᠳᠡᠢ᠃ ᠰᠢᠢ᠍ᠳᠪᠥᠷᠢᠯᠡᠬᠥ ᠬᠥᠮᠥᠰ ᠠ᠋ᠷᠭᠡᠪᠰᠢ ᠬᠠᠮᠠᠭ᠋ᠠᠯᠠᠯᠳᠠ ᠵᠢᠨ ᠬᠤᠪᠴᠠᠰᠤ ᠬᠤᠨᠠᠷ ᠪᠠ ᠲᠤᠰᠬᠠᠢ ᠪᠠᠭ᠋ᠠᠵᠢ ᠭᠡᠷᠡᠭᠰᠡᠯ᠎ᠢ ᠭᠡᠷᠡᠭᠯᠡᠬᠥ ᠭᠡᠷᠡᠭᠳᠡᠢ᠃

     ◇ ᠰᠠᠴᠤᠷᠠᠭ᠎ᠤᠨ ᠴᠢᠨᠠᠷᠳᠠᠢ ᠪᠤᠬᠢᠷᠳᠤᠯ᠎ᠢ ᠤᠯᠵᠤ ᠮᠡᠳᠡᠪᠡᠯ᠂ ᠲᠤᠬᠠᠢ ᠵᠢᠨ ᠲᠠᠯᠠᠪᠤᠷ᠎ᠠᠴᠠ ᠲᠡᠷᠤᠢ᠍ᠢ᠍ᠬᠠᠨ ᠬᠤᠯᠠ ᠵᠠᠢ᠍ᠢ᠍ᠯᠠᠬᠤ ᠵᠢᠨ ᠲᠠᠭ᠋ᠠᠤ ᠴᠠᠭᠳᠠᠭ᠎ᠠ᠎ᠳᠤ ᠮᠡᠳᠡᠬᠥᠯᠬᠥ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ