ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠠᠶᠤᠯ᠎ᠲᠠᠢ ᠭᠢᠮᠢ ᠵᠢᠨ ᠦᠢ᠍ᠯᠡᠳᠪᠦᠷᠢᠯᠡᠯ᠎ᠤᠨ ᠡᠨᠳᠡᠯ——ᠠᠶᠤᠯᠳᠠᠢ ᠬᠢᠮᠢ ᠵᠢᠨ ᠪᠤᠳᠠᠰ᠎ᠤᠳ᠎ᠢ ᠦᠢ᠍ᠯᠠᠭ᠋ᠠᠨ᠎ᠠ ᠦᠦ
ᠨᠡᠶ᠋ᠢᠲᠡᠯᠡᠭᠰᠡᠨ ᠴᠠᠭ᠄ 2015-03-02

      ᠠᠶᠤᠯᠳᠠᠢ ᠬᠢᠮᠢ ᠵᠢᠨ ᠪᠤᠳᠠᠰ ᠪᠤᠯ ᠭᠤᠤᠯ᠎ᠨᠢ ᠲᠡᠯᠪᠡᠷᠡᠬᠥ ᠴᠢᠨᠠᠷᠳᠠᠢ᠂ ᠠᠮᠠᠷᠬᠠᠨ ᠨᠤᠴᠤᠳᠠᠭ᠂ ᠬᠤᠤᠷ᠎ᠠ᠎ᠲᠠᠢ  ᠂ ᠢᠯᠵᠠᠷᠠᠭᠤᠯᠬᠤ ᠴᠢᠨᠠᠷᠳᠠᠢ ᠬᠢᠮᠢ ᠵᠢᠨ ᠪᠤᠳᠠᠰ᠎ᠢ ᠵᠢᠭ᠋ᠠᠵᠤ ᠪᠤᠢ᠃ ᠥᠷᠬᠥᠯᠵᠢ ᠤᠢ᠍ᠢ᠍ᠷᠠᠳᠤᠳᠠᠭ ᠬᠢᠮᠢ ᠵᠢᠨ ᠪᠤᠳᠠᠰ᠎ᠲᠤ᠄   ᠪᠸᠨᠽᠸᠨ᠂ ᠰᠢᠨᠭᠭᠡᠵᠢᠯ ᠭᠡᠢ᠂ ᠴᠢᠶᠢᠤ᠂ ᠠᠯᠳ᠋ᠸᠬᠢᠳ᠋᠂ ᠰᠢᠪᠳᠤᠷ ᠤᠰᠤ᠂ ᠬᠥᠬᠥᠷ᠎ᠤᠨ ᠲᠠᠪᠬᠤᠷ ᠢᠰᠥᠯ᠂ ᠬᠥᠬᠥᠷᠳᠤ ᠤᠰᠤᠳᠥᠢ᠍ᠷᠥᠭᠴᠢ᠂ ᠲᠡᠷᠢᠶᠠᠨ ᠡᠮ᠂ ᠰᠢᠨᠭᠭᠡᠵᠢᠯ ᠠ᠋ᠾᠯᠤᠷ ᠵᠡᠷᠭᠡ ᠪᠤᠢ᠃ ᠠ᠋ᠳᠡᠭᠡᠷ ᠠᠶᠤᠯᠳᠠᠢ ᠪᠤᠳᠠᠰ᠎ᠨᠢ ᠬᠥᠮᠥᠰ᠎ᠤᠨ ᠨᠢᠳᠤ ᠵᠢ ᠬᠤᠷᠤᠰᠬᠠᠵᠤ᠂ ᠨᠢᠯᠪᠤᠰᠤ ᠭᠤᠭᠤᠵᠢᠭᠤᠯᠵᠤ᠂ ᠲᠤᠯᠤᠭ᠋ᠠᠢ ᠠ᠋ᠷᠬᠢᠨ ᠪᠥᠭᠡᠯᠵᠢᠰᠤ ᠬᠥᠷᠥᠬᠥᠯᠵᠤ᠂ ᠲᠤᠳᠤᠷ᠎ᠠ   ᠪᠠᠴᠢᠮᠳᠠᠬᠤ ᠪᠠ ᠠᠮᠢᠰᠬᠤᠬᠤ᠎ᠳᠤ ᠬᠥᠴᠢᠷᠳᠡᠵᠤ᠂ ᠬᠥᠨᠳᠤ ᠨᠤᠴᠢᠳᠠᠢ᠎ᠨᠢ ᠪᠥᠳᠡᠵᠤ ᠥᠬᠥᠬᠥᠯᠳᠡᠭ᠃
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠭᠡᠭᠡᠵᠤ ᠤᠷᠬᠢᠭᠰᠠᠨ ᠬᠢᠮᠢ ᠵᠢᠨ ᠪᠤᠳᠠᠰ᠎ᠢ ᠤᠯᠵᠤ ᠮᠡᠳᠡᠪᠡᠯ ᠲᠡᠬᠥᠵᠤ ᠪᠤᠯᠬᠤ ᠥᠭᠡᠢ᠂ ᠲᠡᠷᠤᠢ᠍ᠢ᠍ᠬᠠᠨ ᠴᠠᠭᠳᠠᠭ᠎ᠠ᠎ᠳᠤ ᠤᠳᠠᠰᠤᠳᠠᠨ ᠮᠡᠳᠡᠬᠥᠯᠵᠤ᠂ ᠪᠤᠳᠠᠳᠠᠢ ᠪᠠᠢ᠍ᠢ᠍ᠷᠢᠯᠠᠯ᠂ ᠪᠤᠭᠤᠳᠠᠯ᠎ᠤᠨ ᠲᠡᠮᠳᠡᠭ᠂ ᠶᠡᠭᠡ ᠲᠥᠯᠥᠪ ᠲᠤᠭ᠎ᠠ ᠭᠡᠮᠵᠢᠶ᠎ᠡ ᠵᠢᠴᠢ ᠥᠨᠥᠷᠳᠡᠢ ᠪᠠᠢ᠍ᠢ᠍ᠬᠤ ᠠ᠋ᠰᠡᠬᠥ ᠵᠡᠷᠭᠡ ᠪᠠᠢ᠍ᠢ᠍ᠳᠠᠯ᠎ᠢ ᠨᠠᠷᠢᠨ ᠬᠡᠯᠡᠵᠤ ᠦᠭᠴᠤ ᠪᠠᠢ᠌ᠭ᠋ᠠᠷᠠᠢ᠃        
     ● ᠭᠡᠷᠡᠭ ᠠ᠋ᠬᠥᠰᠥᠭᠰᠡᠨ ᠭᠠᠵᠠᠷ ᠲᠠᠯᠠᠪᠤᠷ᠎ᠤᠨ ᠤᠷᠴᠢᠨ ᠲᠤᠭᠤᠷᠢᠨ᠎ᠳᠤ ᠲᠡᠷᠤᠢ᠍ᠢ᠍ᠬᠠᠨ ᠰᠡᠷᠡᠮᠵᠢ ᠵᠢᠨ ᠲᠡᠮᠳᠡᠭ ᠲᠡᠯᠪᠢᠵᠤ ᠪᠤᠰᠬᠠᠬᠤ ᠭᠡᠷᠡᠭᠳᠡᠢ᠃ ᠤᠷᠴᠢᠨ ᠲᠤᠭᠤᠷᠢᠨ᠎ᠳᠤᠨᠢ ᠤᠳᠠᠭ᠋ᠠᠨ ᠪᠠᠢ᠍ᠢ᠍ᠵᠤ ᠪᠤᠯᠬᠤ ᠥᠭᠡᠢ᠃ ᠲᠡᠮᠡᠬᠢ ᠲᠠᠳᠠᠬᠤ ᠵᠢ ᠴᠠᠭ᠋ᠠᠵᠠᠯᠠᠵᠤ᠂ ᠭᠠᠯ᠎ᠤᠨ ᠠᠶᠤᠯ ᠠ᠋ᠬᠥᠰᠬᠥ ᠪᠠ ᠲᠡᠯᠪᠡᠷᠡᠬᠥ᠎ᠠᠴᠠ ᠰᠡᠷᠡᠮᠵᠢᠯᠡᠬᠥ ᠵᠢ ᠬᠡᠯᠡᠵᠤ ᠦᠭᠭᠦᠨ᠎ᠡ᠃
     ● ᠠᠶᠤᠯᠳᠠᠢ ᠭᠢᠮᠢ ᠵᠢᠨ ᠪᠤᠳᠠᠰ ᠵᠥᠭᠡᠭᠡᠪᠥᠷᠢᠯᠡᠬᠥ ᠲᠡᠷᠭᠡ ᠬᠥᠰᠭᠡ ᠡ᠊ᠨᠳᠡᠯ ᠭᠠᠷᠤᠭᠰᠠᠨ᠎ᠢ ᠤᠯᠵᠤ ᠮᠡᠳᠡᠪᠡᠯ᠂ ᠡ᠊ᠨᠳᠡᠯ ᠭᠠᠷᠤᠭᠰᠠᠨ ᠲᠤᠬᠠᠢ ᠵᠢᠨ ᠲᠠᠯᠠᠪᠤᠷ᠎ᠠᠴᠠ ᠲᠥᠷᠭᠡᠨ ᠵᠠᠢ᠍ᠢ᠍ᠯᠠᠵᠤ᠂ ᠰᠠᠯᠬᠢᠨ᠎ᠤ ᠲᠡᠭᠡᠷ᠎ᠡ ᠲᠡᠯ᠎ᠠ᠎ᠳᠤ ᠰᠢᠯᠵᠢᠵᠤ᠂   ᠲᠡᠷᠤᠢ᠍ᠢ᠍ᠬᠠᠨ ᠴᠠᠭᠳᠠᠭ᠎ᠠ᠎ᠳᠤ ᠤᠳᠠᠰᠤᠳᠠᠨ   ᠮᠡᠳᠡᠭᠦᠯᠦᠨ᠎ᠡ᠃ ᠪᠤᠰᠤᠳ ᠮᠠᠰᠢᠨᠳᠤ ᠲᠡᠷᠭᠡᠨ᠎ᠤ ᠵᠢᠯᠤᠭᠤᠴᠢ ᠨᠠᠷ ᠠᠵᠢᠯᠳᠠ᠎ᠤ ᠵᠢᠯᠤᠭᠤᠳᠤᠯᠭ᠎ᠠ ᠵᠢ ᠲᠠᠭ᠋ᠠᠵᠤ᠂ ᠠ᠋ᠮᠬᠢ ᠵᠢᠷᠤᠮ᠎ᠲᠠᠢ᠎ᠪᠠᠷ ᠲᠤᠬᠠᠢ ᠵᠢᠨ ᠲᠠᠯᠠᠪᠤᠷ ᠵᠢᠡᠷ ᠥᠨᠭᠭᠡᠷᠡᠬᠥ ᠭᠡᠷᠡᠭᠳᠡᠢ᠃
     ● ᠰᠠᠭᠤᠭ᠋ᠠᠯᠢ ᠠᠷᠠᠳ᠎ᠤᠨ ᠲᠤᠭᠤᠷᠢᠬ᠎ᠤᠨ ᠪᠠᠷᠢᠯᠭ᠎ᠠ ᠵᠢᠨ ᠶᠠᠪᠤᠴᠠ᠎ᠳᠤ ᠰᠤᠨᠢᠨ ᠥᠨᠥᠷᠳᠡᠢ ᠬᠥᠷᠥᠰᠤ ᠰᠢᠷᠤᠢ ᠮᠠᠯᠳᠠᠵᠤ ᠭᠠᠷᠭ᠋ᠠᠭᠰᠠᠨ ᠪᠤᠯ ᠲᠡᠷᠤᠢ᠍ᠢ᠍ᠬᠠᠨ ᠲᠤᠬᠠᠢ ᠵᠢᠨ ᠭᠠᠵᠠᠷ᠎ᠤᠨ ᠬᠤᠰᠢᠭᠤ ᠰᠢᠶᠠᠨ (ᠲᠤᠭᠤᠷᠢᠬ)᠎ᠤ ᠵᠠᠰᠠᠭ  ᠎ᠤᠨ ᠤᠷᠳᠤᠨ᠎ᠤ ᠵᠢᠵᠢᠬᠥᠷ ᠤᠳᠠᠰᠤᠨ᠎ᠳᠤ ᠪᠠᠢ᠍ᠢ᠍ᠳᠠᠯ ᠵᠢᠡᠨ ᠲᠤᠳᠤᠷᠬᠠᠢ᠍ᠢ᠍ᠯᠠᠨ ᠭᠡᠯᠡᠬᠥ ᠵᠢᠨ ᠲᠠᠭ᠋ᠠᠤ ᠲᠡᠬᠥᠨ᠎ᠤ ᠤᠷᠴᠢᠨ ᠲᠤᠭᠤᠷᠢᠨ᠎ᠳᠤ ᠰᠡᠷᠡᠮᠵᠢ ᠵᠢᠨ ᠲᠤᠤᠷ ᠲᠠᠳᠠᠬᠤ ᠪᠤᠶᠤ ᠰᠡᠷᠡᠮᠵᠢ ᠵᠢᠨ ᠲᠡᠮᠳᠡᠭ ᠪᠤᠰᠬᠠᠬᠤ ᠭᠡᠷᠡᠭᠳᠡᠢ᠃ ᠰᠤᠨᠢᠨ ᠥᠨᠥᠷᠳᠡᠢ ᠬᠥᠷᠥᠰᠤ ᠰᠢᠷᠤᠢ ᠵᠢ ᠴᠡᠪᠡᠷᠯᠡᠬᠥ᠎ᠠᠴᠠ ᠠ᠋ᠮᠥᠨ᠎ᠡ᠂ ᠤᠷᠴᠢᠨ ᠲᠤᠭᠤᠷᠢᠨ᠎ᠳᠠᠬᠢ ᠰᠠᠭᠤᠭ᠋ᠠᠯᠢ ᠠᠷᠠᠳ ᠪᠤᠯᠤᠨ ᠨᠢᠭᠡᠴᠡ  ᠎ᠨᠦᠭᠦᠳ ᠴᠤᠨᠭ᠌ᠬᠤ᠎ᠪᠠᠨ ᠨᠡᠭᠡᠭᠡᠨ ᠰᠠᠯᠬᠢ ᠤᠷᠤᠭᠤᠯᠵᠤ ᠪᠤᠯᠬᠤ ᠥᠭᠡᠢ᠃          
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠠᠶᠤᠯᠳᠠᠢ ᠬᠢᠮᠢ ᠵᠢᠨ ᠪᠤᠳᠠᠰ᠎ᠲᠤ ᠬᠥᠨᠥᠭᠡᠭᠳᠡᠭᠰᠡᠨ ᠥᠶᠡᠰ᠂ ᠲᠡᠷᠤᠢ᠍ᠢ᠍ᠬᠠᠨ ᠠ᠋ᠮᠨᠡᠯᠭᠡ᠎ᠳᠤ ᠬᠥᠷᠴᠤ ᠠ᠋ᠮᠨᠡᠬᠥᠯᠬᠥ   ᠭᠡᠷᠡᠭᠳᠡᠢ᠂ ᠤᠳᠠᠭ᠋ᠠᠰᠢᠷᠠᠭᠤᠯᠵᠤ ᠪᠤᠯᠬᠤ ᠥᠭᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ