ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠮᠠᠰᠢᠨᠳᠤ ᠪᠤᠰᠤ ᠲᠡᠷᠭᠡᠨ᠎ᠤ ᠵᠠᠮ ᠬᠠᠷᠢᠯᠴᠠᠭ᠋ᠠᠨ᠎ᠤ ᠡ᠊ᠨᠳᠡᠯ ᠎ᠤᠨ ᠲᠤᠬᠠᠢ ᠮᠡᠳᠡᠯᠭᠡ
ᠨᠡᠶ᠋ᠢᠲᠡᠯᠡᠭᠰᠡᠨ ᠴᠠᠭ᠄ 2015-03-02

      ᠮᠠᠰᠢᠨᠳᠤ ᠪᠤᠰᠤ ᠲᠡᠷᠭᠡ ᠵᠢᠯᠤᠭᠤᠳᠴᠤ ᠠᠶᠠᠯᠠᠬᠤ᠎ᠳᠠᠭᠠᠨ ᠮᠠᠰᠢᠨᠳᠤ ᠪᠤᠰᠤ ᠲᠡᠷᠭᠡᠨ᠎ᠤ ᠵᠠᠮ ᠵᠢᠡᠷ ᠶᠠᠪᠤᠨ᠎ᠠ᠂   ᠮᠠᠰᠢᠨᠳᠤ ᠪᠤᠰᠤ ᠲᠡᠷᠭᠡᠨ᠎ᠤ ᠵᠠᠮ ᠱᠤᠭᠤᠮ ᠥᠭᠡᠢ ᠵᠠᠮ ᠲᠡᠭᠡᠷ᠎ᠡ ᠪᠤᠯ ᠵᠠᠮ᠎ᠤᠨ ᠪᠠᠷᠠᠭᠤᠨ ᠲᠠᠯ᠎ᠠ ᠵᠢ ᠪᠠᠷᠢᠵᠤ ᠠᠶᠠᠯᠠᠨ᠎ᠠ᠃ ᠮᠠᠰᠢᠨᠳᠤ ᠪᠤᠰᠤ ᠲᠡᠷᠭᠡ᠎ᠨᠢ ᠲᠥᠷᠭᠡᠨ ᠬᠤᠷᠳᠤᠴᠠᠳᠤ ᠵᠠᠮ ᠵᠢᠡᠷ ᠠᠶᠠᠯᠠᠵᠤ ᠪᠤᠯᠬᠤ

ᠥᠭᠡᠢ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠮᠠᠰᠢᠨᠳᠤ ᠪᠤᠰᠤ ᠲᠡᠷᠭᠡ᠎ᠨᠢ ᠮᠠᠰᠢᠨᠳᠤ ᠲᠡᠷᠭᠡ᠎ᠯᠦᠭᠡ ᠡ᠊ᠨᠳᠡᠯ ᠠ᠋ᠬᠥᠰᠥᠭᠰᠡᠨ ᠪᠤᠯ ᠮᠠᠰᠢᠨᠳᠤ ᠪᠤᠰᠤ ᠲᠡᠷᠭᠡᠨ᠎ᠤ   ᠵᠢᠯᠤᠭᠤᠴᠢ᠎ᠨᠢ ᠭᠡᠷᠡᠭ ᠭᠠᠷᠭ᠋ᠠᠭᠰᠠᠨ ᠲᠡᠷᠭᠡᠨ᠎ᠤ ᠲᠡᠷᠭᠡᠨ ᠨᠤᠮᠸᠷ᠎ᠢ ᠴᠡᠬᠡᠵᠢᠯᠡᠨ ᠠᠪᠴᠤ᠂ ᠲᠤᠬᠠᠢ ᠵᠢᠨ ᠲᠠᠯᠠᠪᠠᠢ ᠵᠢ   ᠰᠠᠢ᠍ᠢ᠍ᠳᠤᠷ ᠬᠠᠮᠠᠭ᠋ᠠᠯᠠᠵᠤ᠂ ᠲᠡᠷᠤᠢ᠍ᠢ᠍ᠬᠠᠨ ᠴᠠᠭᠳᠠᠭ᠎ᠠ᠎ᠳᠤ ᠮᠡᠳᠡᠬᠥᠯᠬᠥ ᠭᠡᠷᠡᠭᠳᠡᠢ᠃ ᠭᠡᠷᠪᠡ ᠨᠡᠯᠢᠶᠡᠳ ᠬᠥᠨᠳᠤ ᠰᠢᠷᠬᠠᠳᠤᠭᠰᠠᠨ   ᠪᠤᠯ ᠪᠤᠰᠤᠳ᠎ᠢ ᠭᠤᠶᠤᠨ ᠲᠤᠬᠠᠢ ᠵᠢᠨ ᠲᠠᠯᠠᠪᠠᠢ ᠵᠢ ᠬᠠᠷᠠᠭᠤᠯᠵᠤ ᠲᠡᠷᠤᠢ᠍ᠢ᠍ᠬᠠᠨ ᠠ᠋ᠮᠨᠡᠯᠭᠡ᠎ᠳᠤ ᠬᠥᠷᠴᠤ   ᠡᠮᠨᠡᠭᠦᠯᠦᠨ᠎ᠡ᠃        
     ● ᠮᠠᠰᠢᠨᠳᠤ ᠪᠤᠰᠤ ᠲᠡᠷᠭᠡ ᠬᠤᠭᠤᠷᠤᠨᠳᠤ᠎ᠪᠠᠨ ᠡ᠊ᠨᠳᠡᠯ ᠭᠠᠷᠤᠭᠰᠠᠨ᠎ᠤ ᠰᠡᠬᠥᠯᠡᠷ᠂ ᠥᠪᠡᠷᠰᠡᠳ ᠵᠢᠡᠨ ᠵᠥᠪᠯᠡᠨ   ᠰᠢᠢ᠍ᠳᠪᠥᠷᠢᠯᠡᠵᠤ ᠲᠡᠢ᠍ᠢ᠍ᠯᠬᠥ ᠥᠭᠡᠢ ᠪᠠᠢ᠍ᠢ᠍ᠳᠠᠯ᠎ᠤᠨ ᠲᠤᠤᠷ᠎ᠠ᠂ ᠱᠠᠯᠠᠪᠬᠠᠨ ᠴᠠᠭᠳᠠᠭ᠎ᠠ᠎ᠳᠤ ᠮᠡᠳᠡᠬᠥᠯᠬᠥ ᠵᠢᠨ ᠬᠠᠮᠳᠤ ᠡ᠊ᠨᠳᠡᠯ   ᠭᠠᠷᠤᠭᠰᠠᠨ ᠲᠤᠬᠠᠢ ᠵᠢᠨ ᠲᠠᠯᠠᠪᠠᠢ ᠵᠢ ᠰᠠᠢ᠍ᠢ᠍ᠳᠤᠷ ᠬᠠᠮᠠᠭ᠋ᠠᠯᠠᠬᠤ ᠭᠡᠷᠡᠭᠳᠡᠢ᠃ ᠭᠡᠷᠪᠡ ᠲᠤᠬᠠᠢ ᠵᠢᠨ ᠬᠥᠮᠥᠨ᠎ᠨᠢ ᠬᠥᠨᠳᠤ   ᠰᠢᠷᠬᠠᠳᠤᠭᠰᠠᠨ ᠪᠤᠯ ᠲᠤᠬᠠᠢ ᠵᠢᠨ ᠲᠠᠯᠠᠪᠠᠢ ᠵᠢᠨ ᠬᠥᠮᠥᠰ᠎ᠢ ᠭᠤᠶᠤᠨ ᠬᠠᠪᠰᠤᠷᠠᠭᠤᠯᠬᠤ ᠵᠢᠨ ᠬᠠᠮᠳᠤ ᠲᠡᠷᠤᠢ᠍ᠢ᠍ᠬᠠᠨ  122᠎ᠳᠤ ᠤᠳᠠᠰᠤᠳᠠᠨ ᠴᠠᠭᠳᠠᠭ᠎ᠠ᠎ᠳᠤ ᠮᠡᠳᠡᠬᠥᠯᠬᠥ ᠵᠢᠨ ᠲᠠᠭ᠋ᠠᠤ 120᠎ᠳᠤ ᠤᠳᠠᠰᠤᠳᠠᠨ ᠲᠤᠰᠠᠯᠠᠭᠤᠯᠬᠤ ᠭᠡᠷᠡᠭᠳᠡᠢ᠃        
     ● ᠮᠠᠰᠢᠨᠳᠤ ᠪᠤᠰᠤ ᠲᠡᠷᠭᠡ᠎ᠨᠢ ᠶᠠᠪᠠᠭ᠋ᠠᠨ ᠬᠥᠮᠥᠨ᠎ᠯᠦᠭᠡ ᠡ᠊ᠨᠳᠡᠯ ᠭᠠᠷᠤᠭᠰᠠᠨ ᠪᠤᠯ ᠰᠢᠷᠬᠠᠳᠠᠨ᠎ᠤ ᠰᠢᠷᠬ᠎ᠠ   ᠵᠢᠨ ᠪᠠᠢ᠍ᠢ᠍ᠳᠠᠯ᠎ᠢ ᠲᠡᠷᠤᠢ᠍ᠢ᠍ᠬᠠᠨ ᠤᠢ᠍ᠢ᠍ᠯᠠᠭ᠋ᠠᠵᠤ᠂ ᠲᠤᠬᠠᠢ ᠵᠢᠨ ᠲᠠᠯᠠᠪᠠᠢ ᠵᠢ ᠰᠠᠢ᠍ᠢ᠍ᠳᠤᠷ ᠬᠠᠮᠠᠭ᠋ᠠᠯᠠᠬᠤ ᠵᠢᠨ ᠲᠠᠭ᠋ᠠᠤ ᠴᠠᠭᠳᠠᠭ᠎ᠠ  ᠎ᠳᠤ ᠮᠡᠳᠡᠬᠥᠯᠬᠥ ᠭᠡᠷᠡᠭᠳᠡᠢ᠃ ᠭᠡᠷᠪᠡ ᠰᠢᠷᠬᠠᠳᠠᠨ᠎ᠤ ᠰᠢᠷᠬ᠎ᠠ᠎ᠨᠢ ᠬᠥᠨᠳᠤ ᠪᠠᠢ᠍ᠢ᠍ᠪᠠᠯ᠂ ᠱᠠᠯᠠᠪᠬᠠᠨ ᠠ᠋ᠮᠨᠡᠯᠭᠡ᠎ᠳᠤ ᠬᠥᠷᠭᠡᠨ   ᠠᠪᠤᠷᠠᠨ ᠲᠤᠰᠠᠯᠠᠭᠤᠯᠤᠨ᠎ᠠ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠲᠤᠭᠤᠢ ᠲᠡᠷᠭᠡ ᠤᠨᠤᠵᠤ ᠶᠠᠪᠤᠬᠤ᠎ᠳᠠᠭᠠᠨ ᠤᠭᠵᠢᠮ ᠮᠤᠷᠤᠢ᠍ᠢ᠍ᠬᠤ ᠪᠠ ᠵᠠᠮ ᠪᠤᠯᠢᠶᠠᠯᠳᠤᠵᠤ ᠪᠤᠯᠬᠤ ᠥᠭᠡᠢ᠃   ᠮᠠᠰᠢᠨᠳᠤ ᠲᠡᠷᠭᠡᠨ᠎ᠤ ᠵᠠᠮ ᠵᠢᠡᠷ ᠶᠠᠪᠤᠵᠤ ᠪᠤᠯᠬᠤ ᠥᠭᠡᠢ ᠪᠥᠭᠡᠳ ᠨᠠᠭ᠋ᠠᠳᠤᠮ ᠲᠤᠭᠯᠠᠭ᠋ᠠᠮ ᠬᠢᠵᠤ ᠪᠤᠯᠬᠤ

ᠥᠭᠡᠢ᠃        
     ◇ ᠵᠠᠮ ᠬᠠᠷᠢᠯᠴᠠᠭ᠋ᠠᠨ᠎ᠤ ᠲᠤᠬᠢᠶᠠᠨ ᠳ᠋ᠸᠩ᠎ᠤᠨ ᠵᠢᠯᠤᠭᠤᠳᠤᠯᠭ᠎ᠠ ᠵᠢ ᠴᠢᠨᠭᠭ᠎ᠠ ᠵᠢᠷᠤᠮᠯᠠᠨ ᠰᠠᠬᠢᠬᠤ ᠭᠡᠷᠡᠭᠳᠡᠢ᠃   ᠶᠠᠪᠠᠭ᠋ᠠᠨ ᠬᠥᠮᠥᠨ᠎ᠤ ᠵᠠᠮ᠎ᠢ ᠬᠥᠨᠳᠡᠯᠡᠨ ᠬᠡᠳᠥᠯᠬᠥ᠎ᠳᠡᠭᠡᠨ᠂ ᠬᠥᠮᠥᠰ᠎ᠲᠤ ᠵᠠᠮ ᠲᠠᠯᠪᠢᠵᠤ ᠥᠭᠬᠥ ᠭᠡᠷᠡᠭᠳᠡᠢ; ᠲᠡᠷᠭᠡ   ᠵᠤᠭᠰᠤᠵᠤ ᠲᠤᠬᠢᠶᠠᠨ ᠳ᠋ᠸᠩ᠎ᠢ ᠬᠥᠯᠢᠶᠡᠬᠥ᠎ᠳᠡᠭᠡᠨ᠂ ᠲᠡᠷᠭᠡ ᠵᠤᠭᠰᠤᠬᠤ ᠱᠤᠭᠤᠮ᠎ᠠᠴᠠ ᠭᠡᠳᠥᠷᠡᠵᠤ ᠪᠤᠯᠬᠤ ᠥᠭᠡᠢ;   ᠮᠤᠷᠤᠢ᠍ᠢ᠍ᠬᠤ ᠥᠶᠡᠰ ᠭᠠᠷ ᠵᠢᠡᠨ ᠰᠤᠨᠭ᠌ᠭ᠋ᠠᠭ᠋ᠠᠨ ᠲᠤᠬᠢᠶᠠᠯᠠᠬᠤ ᠭᠡᠷᠡᠭᠳᠡᠢ᠃        
     ◇ ᠲᠡᠮᠥᠷ ᠵᠠᠮ᠎ᠤᠨ ᠠᠭᠤᠯᠵᠠᠷ ᠵᠢᠡᠷ ᠥᠨᠭᠭᠡᠷᠡᠬᠥ᠎ᠳᠡᠭᠡᠨ ᠭᠠᠯ ᠲᠡᠷᠭᠡ ᠬᠥᠷᠴᠤ ᠢᠷᠡᠬᠥ᠎ᠠᠴᠠ ᠠ᠋ᠮᠥᠨ᠎ᠡ᠂   ᠤᠬᠠᠮᠰᠠᠷ᠎ᠠᠴᠠ᠎ᠪᠠᠨ ᠵᠠᠮ᠎ᠤᠨ ᠠᠭᠤᠯᠵᠠᠷ᠎ᠤᠨ ᠵᠤᠭᠰᠤᠬᠤ ᠭᠠᠵᠠᠷ᠎ᠲᠤ ᠵᠤᠭᠰᠤᠬᠤ ᠪᠤᠶᠤ ᠲᠡᠮᠥᠷ ᠵᠠᠮ᠎ᠠᠴᠠ 5 ᠮᠸᠲᠷ   ᠵᠠᠢ᠍ᠢ᠍ᠳᠠᠢ ᠭᠠᠵᠠᠷ᠎ᠲᠤ ᠵᠤᠭᠰᠤᠨ ᠬᠥᠯᠢᠶᠡᠬᠥ ᠭᠡᠷᠡᠭᠳᠡᠢ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ