ᠠ᠋ᠷᠳᠡᠨ᠎ᠤ ᠥᠭᠡᠨ᠎ᠳᠤ᠄ 《ᠠᠷᠪᠠᠨ ᠡ᠊ᠨᠳᠡᠯ᠎ᠤᠨ ᠶᠢᠰᠤ᠎ᠨᠢ ᠬᠤᠷᠳᠤᠨ ᠬᠥᠶᠥᠯᠭᠡᠭᠰᠡᠨ᠎ᠠᠴᠠ ᠪᠤᠯᠵᠤ᠂ ᠰᠡᠳᠬᠢᠯ ᠰᠠᠨᠠᠭ᠋ᠠᠨ᠎ᠤ ᠠᠨᠭ᠌ᠬᠠᠷᠤᠮᠵᠢ ᠥᠭᠡᠢ᠎ᠨᠢ ᠡ᠊ᠨᠳᠡᠯ᠎ᠤᠨ ᠢᠷᠡᠯᠳᠡ》 ᠭᠡᠳᠡᠭ᠃ ᠮᠠᠰᠢᠨᠳᠤ ᠲᠡᠷᠭᠡ ᠵᠢ ᠵᠢᠯᠤᠭᠤᠳᠤᠨ ᠠᠶᠠᠯᠠᠬᠤ᠎ᠳᠠᠭᠠᠨ ᠲᠤᠤᠷᠠᠬᠢ ᠭᠡᠳᠥᠨ ᠵᠥᠢ᠍ᠯ᠎ᠢ ᠠ᠋ᠷᠭᠡᠪᠰᠢ ᠬᠥᠢ᠍ᠴᠡᠳᠭᠡᠬᠥ ᠭᠡᠷᠡᠭᠳᠡᠢ᠃ ᠲᠤᠬᠠᠢ᠍ᠢ᠍ᠯᠠᠪᠠᠯ᠄ 《ᠬᠠᠤᠯᠢ ᠶᠤᠰᠤᠭ᠋ᠠᠷ ᠮᠠᠰᠢᠨᠳᠤ ᠲᠡᠷᠭᠡ ᠵᠢᠨ ᠵᠢᠯᠤᠭᠤᠴᠢ ᠵᠢᠨ ᠥᠨᠡᠮᠯᠡᠯ ᠠᠪᠬᠤ ᠭᠡᠷᠡᠭᠳᠡᠢ; ᠵᠠᠰᠠᠮᠠᠯ ᠵᠠᠮ᠎ᠤᠨ ᠪᠠᠷᠠᠭᠤᠨ ᠲᠠᠯ᠎ᠠ ᠪᠠᠷ ᠠᠶᠠᠯᠠᠬᠤ ᠭᠡᠷᠡᠭᠳᠡᠢ; ᠮᠠᠰᠢᠨᠳᠤ ᠲᠡᠷᠭᠡᠨ᠎ᠤ ᠠᠶᠠᠯᠠᠯ᠎ᠤᠨ ᠲᠤᠭᠳᠠᠭ᠋ᠠᠯ᠂ ᠠᠴᠢᠶᠠᠯᠭᠠ ᠵᠢᠨ ᠲᠤᠭᠳᠠᠭ᠋ᠠᠯ᠂ ᠠᠶᠠᠨᠴᠢᠳ ᠰᠠᠭᠤᠯᠭ᠋ᠠᠬᠤ ᠲᠤᠭᠳᠠᠭ᠋ᠠᠯ᠂ ᠬᠥᠶᠥᠯᠭᠡᠭᠡᠬᠥ ᠬᠤᠷᠳᠤᠴᠠ ᠵᠢᠨ ᠲᠤᠭᠳᠠᠭ᠋ᠠᠯ᠂ ᠲᠡᠷᠭᠡ ᠵᠤᠭᠰᠤᠭ᠋ᠠᠬᠤ ᠲᠤᠭᠳᠠᠭ᠋ᠠᠯ᠎ᠢ ᠴᠢᠨᠭᠭ᠎ᠠ ᠵᠢᠷᠤᠮᠯᠠᠬᠤ ᠭᠡᠷᠡᠭᠳᠡᠢ; ᠵᠠᠮ ᠬᠠᠷᠢᠯᠴᠠᠭ᠋ᠠᠨ᠎ᠤ ᠴᠠᠭᠳᠠᠭ᠎ᠠ ᠵᠢᠨ ᠵᠢᠯᠤᠭᠤᠳᠤᠯᠭ᠎ᠠ ᠵᠢ ᠲᠠᠭ᠋ᠠᠬᠤ ᠭᠡᠷᠡᠭᠳᠡᠢ᠃》
ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ
● ᠵᠠᠮ ᠬᠠᠷᠢᠯᠴᠠᠭ᠋ᠠᠨ᠎ᠤ ᠡ᠊ᠨᠳᠡᠯ ᠠ᠋ᠬᠥᠰᠥᠭᠰᠡᠨ ᠥᠶ᠎ᠡ᠎ᠳᠤ ᠲᠡᠷᠤᠢ᠍ᠢ᠍ᠬᠠᠨ ᠲᠡᠷᠭᠡ᠎ᠪᠠᠨ ᠵᠤᠭᠰᠤᠭ᠋ᠠᠵᠤ᠂ ᠲᠤᠬᠠᠢ ᠵᠢᠨ ᠭᠠᠵᠠᠷ᠎ᠢ ᠬᠠᠮᠠᠭ᠋ᠠᠯᠠᠨ᠂ ᠠᠶᠤᠯ ᠲᠥᠭᠰᠢᠬᠥᠷᠢ ᠵᠢ ᠮᠡᠳᠡᠭᠡᠯᠡᠬᠥ ᠲᠤᠬᠢᠶᠠᠨ ᠳ᠋ᠸᠩ᠎ᠢ ᠭᠡᠷᠡᠯᠳᠥᠬᠥᠯᠬᠥ ᠵᠢᠨ ᠲᠠᠭ᠋ᠠᠤ ᠲᠡᠷᠭᠡ ᠢᠷᠡᠬᠥ ᠵᠥᠭ᠎ᠲᠤ 50 ᠮᠸᠲᠷ᠎ᠠᠴᠠ 100 ᠮᠸᠲᠷ᠎ᠲᠤ ᠲᠤᠬᠢᠶᠠᠨ᠎ᠤ ᠲᠡᠮᠳᠡᠭ ᠲᠠᠯᠪᠢᠵᠤ ᠰᠡᠷᠡᠮᠵᠢ ᠦᠭᠬᠦᠨ᠎ᠡ᠃
● ᠬᠥᠮᠥᠨ ᠠᠮᠢᠳᠠᠨ ᠰᠢᠷᠬᠠᠳᠤᠭᠰᠠᠨ ᠪᠤᠯ ᠵᠢᠯᠤᠭᠤᠴᠢ᠎ᠨᠢ ᠲᠡᠷᠤᠢ᠍ᠢ᠍ᠬᠠᠨ ᠰᠢᠷᠬᠠᠳᠤᠭᠰᠠᠳᠢ ᠠᠪᠤᠷᠠᠨ ᠲᠤᠰᠠᠯᠠᠬᠤ ᠵᠢᠨ ᠲᠠᠭ᠋ᠠᠤ ᠴᠠᠭᠳᠠᠭ᠎ᠠ᠎ᠳᠤ ᠲᠥᠷᠭᠡᠨ ᠮᠡᠳᠡᠭᠦᠯᠦᠨ᠎ᠡ᠃
● ᠰᠢᠷᠬᠠᠳᠤᠭᠰᠠᠳᠢ ᠠᠪᠤᠷᠠᠬᠤ ᠵᠢᠨ ᠲᠤᠰᠠᠳᠠ ᠲᠤᠬᠠᠢ ᠵᠢᠨ ᠲᠠᠯᠠᠪᠠᠢ ᠵᠢ ᠥᠭᠡᠷᠡᠴᠢᠯᠡᠬᠥ ᠥᠶᠡᠰ᠂ ᠡ᠊ᠨᠳᠡᠯ ᠤᠨ ᠲᠡᠷᠭᠡ ᠪᠤᠯᠤᠨ ᠬᠥᠮᠥᠨ᠎ᠤ ᠪᠠᠢ᠍ᠢ᠍ᠷᠢᠰᠢᠯ᠎ᠢ ᠲᠤᠳᠤᠷᠬᠠᠢ᠌ᠯᠠᠨ᠎ᠠ᠃
● ᠵᠠᠮ ᠲᠡᠭᠡᠷ᠎ᠠ ᠵᠠᠮ ᠬᠠᠷᠢᠯᠴᠠᠭ᠋ᠠᠨ᠎ᠤ ᠡ᠊ᠨᠳᠡᠯ ᠭᠠᠷᠴᠤ᠂ ᠬᠥᠮᠥᠨ ᠬᠠᠷ᠎ᠠ ᠥᠬᠥᠵᠤ ᠰᠢᠷᠬᠠᠳᠤᠭᠰᠠᠨ ᠥᠭᠡᠢ ᠪᠤᠶᠤ ᠠ᠋ᠳ᠋ ᠬᠥᠷᠥᠨᠭᠭᠡ ᠲᠡᠮᠡᠢ ᠬᠤᠬᠢᠷᠠᠵᠤ ᠰᠥᠢ᠍ᠳᠥᠭᠰᠡᠨ ᠥᠭᠡᠢ ᠪᠤᠯ ᠲᠤᠬᠠᠢ ᠵᠢᠨ ᠬᠥᠮᠥᠨ᠎ᠨᠢ ᠤᠷᠢᠳᠠᠪᠡᠷ ᠲᠤᠬᠠᠢ ᠵᠢᠨ ᠲᠠᠯᠠᠪᠤᠷ᠎ᠠᠴᠠ ᠵᠠᠢ᠍ᠢ᠍ᠯᠠᠵᠤ᠂ ᠲᠡᠬᠢᠨ ᠵᠥᠪᠳᠡᠯᠴᠡᠨ ᠰᠢᠢ᠍ᠳᠪᠥᠷᠢᠯᠡᠵᠤ ᠪᠤᠯᠤᠨ᠎ᠠ᠃
ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ
◇ ᠡᠪᠳᠡᠷᠭᠡᠢ ᠲᠡᠷᠭᠡ ᠵᠢᠯᠤᠭᠤᠳᠤᠨ ᠠᠶᠠᠯᠠᠵᠤ ᠪᠤᠯᠬᠤ ᠥᠭᠡᠢ᠃
◇ ᠠᠭᠤᠯᠠᠨ᠎ᠤ ᠵᠠᠰᠠᠮᠠᠯ ᠵᠠᠮ ᠵᠢᠡᠷ ᠠᠶᠠᠯᠠᠬᠤ᠎ᠳᠠᠭᠠᠨ ᠬᠠᠰᠢᠷ ᠵᠢᠯᠤᠭᠤᠴᠢ ᠵᠢ ᠰᠤᠨᠭ᠌ᠭᠤᠨ ᠵᠢᠯᠤᠭᠤᠳᠤᠭᠤᠯᠬᠤ ᠭᠡᠷᠡᠭᠳᠡᠢ᠃
◇ ᠠᠷᠢᠬᠢ ᠤᠤᠭᠤᠭ᠋ᠠᠳ ᠲᠡᠷᠭᠡ ᠵᠢᠯᠤᠭᠤᠳᠬᠤ᠂ ᠥᠨᠡᠮᠯᠡᠯ ᠥᠭᠡᠢ᠎ᠪᠠᠷ ᠲᠡᠷᠭᠡ ᠵᠢᠯᠤᠭᠤᠳᠬᠤ᠂ ᠶᠡᠳᠠᠷᠠᠯ᠎ᠲᠠᠢ ᠪᠠᠷ ᠲᠡᠷᠭᠡ ᠵᠢᠯᠤᠭᠤᠳᠬᠤ ᠵᠢ ᠴᠠᠭ᠋ᠠᠵᠠᠯᠠᠬᠤ ᠪᠥᠭᠡᠳ ᠲᠡᠷᠭᠡ ᠵᠢᠯᠤᠭᠤᠳᠴᠤ ᠪᠠᠢ᠍ᠢ᠍ᠭ᠋ᠠᠳ ᠭᠠᠷ ᠤᠳᠠᠰᠤ᠎ᠪᠠᠷ ᠤᠳᠠᠰᠤᠳᠠᠬᠤ ᠵᠢ ᠴᠠᠭ᠋ᠠᠵᠠᠯᠠᠨ᠎ᠠ᠃
◇ ᠲᠡᠮᠥᠷ ᠵᠠᠮ᠎ᠤᠨ ᠠᠭᠤᠯᠵᠠᠷ ᠵᠢᠡᠷ ᠥᠨᠭᠭᠡᠷᠡᠬᠥ᠎ᠳᠡᠭᠡᠨ ᠭᠠᠯ ᠲᠡᠷᠭᠡᠨ᠎ᠳᠤ ᠰᠠᠨᠠᠭ᠋ᠠᠴᠢᠯᠠᠭ᠎ᠠ᠎ᠠᠴᠠ᠎ᠪᠠᠨ ᠵᠠᠮ ᠲᠠᠯᠪᠢᠵᠤ ᠥᠭᠬᠥ ᠭᠡᠷᠡᠭᠳᠡᠢ᠃ ᠵᠠᠪᠳᠤᠨ ᠲᠤᠪᠳᠤᠯᠬᠤ᠂ ᠪᠤᠯᠢᠶᠠᠯᠳᠤᠨ ᠲᠤᠪᠳᠤᠯᠬᠤ ᠠᠵᠢᠯᠯᠠᠭ᠎ᠠ ᠵᠢ ᠠ᠋ᠷᠡᠰ
ᠴᠡᠭᠡᠷᠯᠡᠨ᠎ᠡ᠃