ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠲᠤᠳᠠᠭᠤ ᠠᠽᠤᠲ ᠬᠥᠴᠢᠯ᠎ᠤᠨ ᠲᠠᠪᠤᠰᠤᠨ᠎ᠤ ᠬᠤᠤᠷᠳᠠᠯ᠎ᠠᠴᠠ ᠰᠡᠷᠭᠡᠢ᠌ᠯᠡᠬᠦ ᠠᠷᠭ᠎ᠠ
ᠨᠡᠶ᠋ᠢᠲᠡᠯᠡᠭᠰᠡᠨ ᠴᠠᠭ᠄ 2015-03-02

      ᠲᠤᠳᠠᠭᠤ ᠠᠽᠤᠲ ᠬᠥᠴᠢᠯ᠎ᠤᠨ ᠲᠠᠪᠤᠰᠤᠨ ᠲᠥᠷᠥᠯ᠎ᠤᠨ ᠢᠳᠡᠭᠡᠨ᠎ᠤ ᠬᠤᠤᠷᠳᠠᠯ᠎ᠢ ᠪᠠᠰᠠ ᠭᠡᠳᠡᠰᠥᠨ᠎ᠤ ᠬᠥᠭᠡ ᠲᠤᠯᠪᠤ ᠡᠪᠡᠳᠴᠢᠨ᠂ ᠬᠥᠭᠡᠷᠡᠬᠥ ᠡᠪᠡᠳᠴᠢᠨ᠂ ᠬᠠᠷ᠎ᠠ ᠬᠤᠰᠢᠭᠤᠳᠤ ᠡᠪᠡᠳᠴᠢᠨ ᠭᠡᠳᠡᠭ᠃ ᠲᠤᠰ ᠡᠪᠡᠳᠴᠢᠨ᠎ᠤ ᠬᠤᠤᠷᠳᠠᠯ ᠭᠡᠳᠡᠭ᠎ᠨᠢ ᠨᠡᠯᠢᠶᠡᠳ ᠶᠡᠭᠡ ᠠᠽᠤᠲ ᠬᠥᠴᠢᠯ᠎ᠤᠨ ᠲᠠᠪᠤᠰᠤ᠎ᠲᠠᠢ ᠪᠠ ᠲᠤᠳᠠᠭᠤ ᠠᠽᠤᠲ ᠬᠥᠴᠢᠯ᠎ᠤᠨ ᠲᠠᠪᠤᠰᠤ᠎ᠲᠠᠢ ᠢᠳᠡᠭᠡᠨ᠎ᠢ ᠶᠡᠭᠡᠳᠡ ᠢᠳᠡᠭᠰᠡᠨ ᠪᠠ ᠠᠽᠤᠲ ᠬᠥᠴᠢᠯ᠎ᠤᠨ ᠲᠠᠪᠤᠰᠤ ᠪᠤᠶᠤ ᠲᠤᠳᠠᠭᠤ ᠠᠽᠤᠲ ᠬᠥᠴᠢᠯ  ᠎ᠤᠨ ᠲᠠᠪᠤᠰᠤ ᠶᠡᠭᠡᠳᠡᠢ ᠤᠰᠤ ᠵᠢ ᠤᠤᠭᠤᠭᠰᠠᠨ ᠵᠢᠴᠢ ᠲᠤᠳᠠᠭᠤ ᠠᠽᠤᠲ ᠬᠥᠴᠢᠯ᠎ᠤᠨ ᠲᠠᠪᠤᠰᠤ ᠵᠢ ᠢᠳᠡᠭᠡᠨ᠎ᠤ   ᠲᠠᠪᠤᠰᠤ᠎ᠪᠠᠷ ᠠ᠋ᠨᠳᠡᠬᠥᠷᠡᠨ ᠢᠳᠡᠭᠰᠡᠨ᠎ᠠᠴᠠ ᠪᠤᠯᠵᠤ ᠠ᠋ᠬᠥᠰᠥᠭᠰᠡᠨ ᠬᠤᠤᠷᠳᠠᠯ᠎ᠢ ᠵᠢᠭ᠋ᠠᠵᠤ ᠪᠠᠢ᠍ᠢ᠍ᠨ᠎ᠠ᠃ ᠲᠤᠳᠠᠭᠤ ᠠᠽᠤᠲ ᠬᠥᠴᠢᠯ᠎ᠤᠨ ᠲᠠᠪᠤᠰᠤ᠎ᠨᠢ ᠴᠢᠰᠤᠨ ᠲᠤᠳᠤᠷ᠎ᠠ ᠭᠡᠪ᠎ᠤᠨ ᠬᠥᠴᠢᠯᠳᠥᠢ᠍ᠷᠥᠭᠴᠢ ᠲᠥᠷᠥᠬᠥᠯᠬᠥ ᠲᠤᠤᠷ᠎ᠠ ᠲᠡᠮᠥᠷᠳᠤ ᠴᠢᠰᠤᠨ ᠤᠯᠠᠭ᠋ᠠᠨ ᠤᠭᠤᠷᠠᠭ᠎ᠢ ᠬᠥᠴᠢᠯᠳᠥᠢ᠍ᠷᠥᠬᠥᠯᠥᠨ ᠥᠨᠳᠥᠷ ᠲᠡᠮᠥᠷᠳᠤ ᠴᠢᠰᠤᠨ ᠤᠯᠠᠭ᠋ᠠᠨ ᠤᠭᠤᠷᠠᠭ ᠪᠤᠯᠭ᠋ᠠᠭᠰᠠᠨ ᠵᠢᠡᠷ   ᠬᠥᠴᠢᠯᠳᠥᠢ᠍ᠷᠥᠭᠴᠢ ᠲᠥᠷᠥᠬᠥᠯᠬᠥ ᠴᠢᠳᠠᠪᠤᠷᠢ ᠵᠢ ᠠᠯᠳᠠᠭᠤᠯᠤᠭ᠋ᠠᠳ᠂ ᠨᠡᠭᠡᠭᠡᠳᠡᠰᠤ ᠠ᠋ᠷᠭᠡᠳᠡᠨ᠎ᠳᠤ ᠬᠥᠴᠢᠯᠳᠥᠢ᠍ᠷᠥᠭᠴᠢ ᠲᠤᠳᠠᠭᠳᠠᠭᠤᠯᠳᠠᠭ ᠪᠠᠢ᠍ᠢ᠍ᠨ᠎ᠠ᠃          
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠬᠤᠤᠷᠳᠠᠭᠤᠯᠵᠤ ᠮᠡᠳᠡᠬᠥ ᠢᠳᠡᠭᠡᠨ᠎ᠢ ᠢᠳᠡᠬᠥ᠎ᠪᠠᠨ ᠲᠡᠷᠤᠢ᠍ᠢ᠍ᠬᠠᠨ ᠵᠤᠭᠰᠤᠭ᠋ᠠᠨ᠎ᠠ᠃        
     ● ᠨᠡᠯᠢᠶᠡᠳ ᠬᠥᠨᠳᠤ ᠬᠤᠤᠷᠳᠠᠭᠳᠠᠭᠰᠠᠳ᠎ᠢ ᠪᠥᠭᠡᠯᠵᠢᠬᠥᠯᠬᠥ᠂ ᠬᠤᠳᠤᠭᠤᠳᠤ ᠵᠢ᠎ᠨᠢ ᠤᠬᠢᠶᠠᠬᠤ ᠪᠠ ᠲᠤᠭᠤᠯᠠᠭᠤᠯᠬᠤ ᠭᠡᠷᠡᠭᠳᠡᠢ᠃        
     ● ᠮᠠᠨᠠᠷᠠᠭᠰᠠᠳ᠎ᠤᠨ ᠠᠮᠢᠰᠬᠤᠯ᠎ᠤᠨ ᠵᠠᠮ᠎ᠢ᠎ᠨᠢ ᠰᠢᠯᠤᠭᠤᠬᠠᠨ ᠪᠠᠢ᠍ᠢ᠍ᠯᠭ᠋ᠠᠵᠤ᠂ ᠬᠠᠵᠠᠭᠤᠯᠳᠠᠭᠤᠯᠤᠨ ᠭᠡᠪᠳᠡᠬᠥᠯᠵᠤ᠂ ᠪᠥᠭᠡᠯᠵᠢᠰᠤ᠎ᠨᠢ ᠮᠥᠭᠡᠷᠰᠥᠨ ᠬᠤᠭᠤᠯᠠᠢ ᠵᠢ ᠲᠥᠭᠵᠢᠭᠡᠳ ᠪᠥᠳᠡᠬᠥ᠎ᠠᠴᠠ

ᠰᠡᠷᠭᠡᠢ᠌ᠯᠡᠨ᠎ᠡ᠃        
     ● ᠬᠤᠤᠷᠳᠠᠭᠳᠠᠭᠰᠠᠳ᠎ᠢ ᠱᠠᠯᠠᠪᠬᠠᠨ ᠤᠢ᠍ᠢ᠍ᠷ᠎ᠠ ᠤᠷᠴᠢᠮ᠎ᠤᠨ ᠠ᠋ᠮᠨᠡᠯᠭᠡ᠎ᠳᠤ ᠬᠥᠷᠭᠡᠨ

ᠡᠮᠨᠡᠭᠦᠯᠦᠨ᠎ᠡ᠃        
     ● ᠶᠠ ᠵᠢᠶᠠ ᠯᠠᠨ ᠡᠮ ᠪᠤᠯ ᠤᠨᠴᠠ ᠲᠤᠰᠠᠳᠠᠢ ᠡᠮ ᠪᠤᠯᠤᠨ᠎ᠠ᠂ ᠠ᠋ᠬᠥᠨ᠎ᠠᠴᠠ ᠭᠠᠳᠠᠨ᠎ᠠ ᠶᠡᠭᠡ ᠭᠡᠮᠵᠢᠶᠡᠨ᠎ᠤ ᠸᠢᠲ᠋ᠠᠮᠢᠨ C ᠪᠤᠯᠤᠨ ᠥᠵᠥᠮ᠎ᠤᠨ ᠰᠢᠬᠢᠷ ᠨᠥᠬᠥᠬᠥ ᠴᠢᠬᠤᠯᠠ᠎ᠲᠠᠢ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠲᠤᠳᠠᠭᠤ ᠠᠽᠤᠲ ᠬᠥᠴᠢᠯ᠎ᠤᠨ ᠲᠠᠪᠤᠰᠤ ᠵᠢ ᠢᠳᠡᠭᠡᠨ᠎ᠤ ᠲᠠᠪᠤᠰᠤ ᠪᠤᠶᠤ ᠬᠤᠵᠢᠷ ᠵᠢᠡᠷ ᠠ᠋ᠨᠳᠡᠬᠥᠷᠡᠨ ᠭᠡᠷᠡᠭᠯᠡᠬᠥ ᠵᠢ ᠬᠢᠴᠢᠶᠡᠨ᠎ᠡ᠃        
     ◇ ᠨᠤᠭᠤᠭ᠎ᠠ ᠴᠠᠭ᠎ᠠ᠎ᠪᠠᠨ ᠲᠤᠬᠢᠳᠠᠢ ᠬᠠᠳᠠᠭ᠋ᠠᠯᠠᠵᠤ᠂ ᠢᠯᠵᠠᠷᠠᠵᠤ ᠰᠢᠯᠵᠠᠷᠠᠬᠤ᠎ᠠᠴᠠ ᠰᠡᠷᠭᠡᠢ᠍ᠢ᠍ᠯᠡᠬᠥ ᠭᠡᠷᠡᠭᠳᠡᠢ᠃ ᠢᠯᠵᠠᠷᠠᠵᠤ ᠰᠢᠯᠵᠠᠷᠠᠭᠰᠠᠨ ᠨᠤᠭᠤᠭ᠎ᠠ ᠴᠠᠭ᠎ᠠ ᠵᠢ ᠢᠳᠡᠵᠤ ᠪᠤᠯᠬᠤ ᠥᠭᠡᠢ᠃        
     ◇ ᠢᠳᠡᠭᠡᠳ ᠥᠯᠡᠳᠡᠭᠰᠡᠨ ᠨᠤᠭᠤᠭ᠎ᠠ ᠬᠠᠭᠤᠷᠠᠯᠭ᠎ᠠ᠎ᠪᠠᠨ ᠥᠨᠳᠥᠷ ᠬᠠᠯᠠᠭᠤᠨ᠎ᠳᠤ ᠤᠷᠳᠤ ᠴᠠᠭ ᠵᠢᠡᠷ ᠲᠠᠯᠪᠢᠭ᠋ᠠᠳ ᠲᠠᠬᠢᠨ ᠢᠳᠡᠵᠤ ᠪᠤᠯᠬᠤ ᠥᠭᠡᠢ᠃        
     ◇ ᠲᠡᠪᠤᠰᠤᠯᠠᠨ ᠲᠡᠷᠤᠭ᠋ᠠᠳ ᠤᠳᠠᠭ᠋ᠠᠳᠤᠢ ᠨᠤᠭᠤᠭ᠎ᠠ ᠶᠡᠭᠡ ᠢᠳᠡᠵᠤ ᠪᠤᠯᠬᠤ ᠥᠭᠡᠢ᠂ ᠨᠤᠭᠤᠭ᠎ᠠ ᠲᠡᠷᠤᠬᠤ  ᠎ᠳᠠᠭᠠᠨ ᠢᠯᠡᠬᠥᠭᠡᠨ ᠲᠠᠪᠤᠰᠤ ᠬᠢᠵᠤ᠂ ᠠᠯᠢ ᠤᠬᠤᠷ᠎ᠲᠠᠭᠠᠨ 15 ᠬᠤᠨᠤᠭ᠎ᠠᠴᠠ ᠲᠡᠭᠡᠭᠰᠢ ᠲᠠᠷᠤᠪᠠᠯ ᠰᠠᠶᠢ ᠢᠳᠡᠵᠤ ᠪᠤᠯᠤᠨ᠎ᠠ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ