ᠠ᠋ᠩ᠎ᠤᠨ ᠵᠡᠪᠰᠡᠭ᠎ᠤᠨ ᠠᠭ᠋ᠠᠷ᠎ᠤᠨ ᠲᠠᠭ᠋ᠠᠷᠢᠯᠳᠠ ᠭᠡᠳᠡᠭ ᠪᠤᠯ ᠴᠥᠮ᠎ᠡ᠂ ᠬᠢᠮᠢ᠂ ᠠᠮᠢᠳᠤ ᠪᠤᠳᠠᠰ᠎ᠤᠨ ᠵᠡᠪᠰᠡᠭ᠎ᠠᠴᠠ ᠪᠤᠰᠤᠳ ᠵᠥᠢ᠍ᠯ᠎ᠤᠨ ᠵᠡᠪᠰᠡᠭ ᠠᠭ᠋ᠠᠷ᠎ᠠᠴᠠ ᠭᠠᠵᠠᠷ ᠲᠡᠭᠡᠷᠡᠬᠢ ᠤᠰᠤᠨ ᠲᠡᠭᠡᠷᠡᠬᠢ ᠬᠠᠷᠠᠯᠳᠠ ᠵᠢ ᠲᠠᠭ᠋ᠠᠷᠢᠬᠤ ᠵᠢ ᠵᠢᠭ᠋ᠠᠵᠤ ᠪᠠᠢ᠍ᠢ᠍ᠨ᠎ᠠ᠃
ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ
● ᠰᠡᠷᠡᠮᠵᠢ ᠵᠢᠨ ᠲᠤᠬᠢᠶ᠎ᠠ ᠵᠢ ᠤᠯᠵᠤ ᠰᠤᠨᠤᠰᠤᠮᠠᠭᠴᠠ᠎ᠪᠠᠨ ᠴᠠᠬᠢᠯᠭ᠋ᠠᠨ ᠠ᠋ᠬᠥᠰᠭᠡᠭᠴᠢ᠎ᠪᠠᠨ ᠲᠠᠰᠤᠯᠵᠤ᠂ ᠨᠡᠬᠥᠷᠡᠰᠥᠨ ᠭᠡᠢ᠎ᠪᠠᠨ ᠬᠠᠭ᠋ᠠᠵᠤ᠂ ᠵᠤᠤᠬ᠎ᠠ ᠵᠢᠨ ᠭᠠᠯ ᠵᠢᠡᠨ ᠤᠨᠳᠠᠷᠠᠭ᠋ᠠᠵᠤ᠂ ᠠᠭ᠋ᠠᠷ᠎ᠤᠨ ᠰᠡᠷᠭᠡᠢ᠍ᠢ᠍ᠯᠡᠯᠳᠡ ᠵᠢᠨ ᠬᠠᠮᠠᠭ᠋ᠠᠯᠠᠯᠳᠠ ᠵᠢᠨ ᠪᠠᠭ᠋ᠠᠵᠢ ᠭᠡᠷᠡᠭᠰᠡᠯ ᠪᠠ ᠠᠮᠢᠳᠤᠷᠠᠯ᠎ᠤᠨ ᠴᠢᠬᠤᠯᠠ ᠠ᠋ᠳ᠋ᠯᠡᠯ ᠭᠡᠷᠡᠭᠰᠡᠯ ᠵᠢᠡᠨ ᠠᠪᠴᠤ᠂ ᠲᠡᠷᠤᠢ᠍ᠢ᠍ᠬᠠᠨ ᠠ᠋ᠮᠬᠢ ᠲᠢᠭᠯᠢᠮ᠎ᠲᠠᠢ᠎ᠪᠠᠷ ᠠᠭ᠋ᠠᠷ᠎ᠤᠨ ᠰᠡᠷᠭᠡᠢ᠍ᠢ᠍ᠯᠡᠯᠳᠡ ᠵᠢᠨ ᠪᠠᠷᠢᠯᠭ᠎ᠠ ᠪᠤᠶᠤ ᠵᠢᠭ᠋ᠠᠨ ᠲᠤᠭᠳᠠᠭ᠋ᠠᠭᠰᠠᠨ ᠲᠠᠯᠳᠠᠯᠠᠬᠤ ᠤᠷᠤᠨ ᠪᠠᠢ᠍ᠢ᠍ᠷᠢ᠎ᠳᠤ ᠰᠢᠯᠵᠢᠬᠥ ᠭᠡᠷᠡᠭᠳᠡᠢ᠃
● ᠠᠭ᠋ᠠᠷ᠎ᠤᠨ ᠲᠠᠭ᠋ᠠᠷᠢᠯᠳᠠ ᠵᠢᠨ ᠰᠡᠷᠡᠮᠵᠢ ᠵᠢᠨ ᠲᠤᠬᠢᠶ᠎ᠠ ᠵᠢ ᠰᠤᠨᠤᠰᠤᠮᠠᠭᠴᠠ᠎ᠪᠠᠨ ᠤᠢ᠍ᠢ᠍ᠷ᠎ᠠ ᠬᠠᠪᠢ ᠵᠢᠨ ᠠᠭ᠋ᠠᠷ᠎ᠤᠨ ᠰᠡᠷᠭᠡᠢ᠍ᠢ᠍ᠯᠡᠯᠳᠡ ᠵᠢᠨ ᠪᠠᠷᠢᠯᠭ᠎ᠠ᠎ᠳᠤ ᠨᠢᠭᠤᠨ ᠲᠠᠯᠳᠠᠯᠠᠵᠤ᠂ ᠪᠠᠢ᠍ᠢ᠍ᠳᠠᠯ ᠪᠠᠴᠢᠮ ᠲᠤᠯᠭ᠋ᠠᠮ᠎ᠠ ᠪᠤᠯᠵᠤ ᠠᠭ᠋ᠠᠷ᠎ᠤᠨ ᠰᠡᠷᠭᠡᠢ᠍ᠢ᠍ᠯᠡᠯᠳᠡ ᠵᠢᠨ ᠪᠠᠷᠢᠯᠭ᠎ᠠ᠎ᠳᠤ ᠤᠷᠤᠵᠤ ᠵᠠᠪᠳᠤᠬᠤ ᠥᠭᠡᠢ ᠥᠶᠡᠰ᠂ ᠭᠠᠵᠠᠷ᠎ᠤᠨ ᠪᠠᠢ᠍ᠢ᠍ᠴᠠ ᠪᠠ ᠭᠠᠵᠠᠷ ᠲᠡᠭᠡᠷᠡᠬᠢ ᠲᠤᠬᠢᠳᠠᠢ ᠭᠠᠵᠠᠷ ᠨᠢᠭᠤᠨ ᠲᠠᠯᠳᠠᠯᠠᠭ᠋ᠠᠷᠠᠢ᠃
● ᠤᠯᠠᠨ ᠨᠡᠢ᠍ᠢ᠍ᠳᠡ ᠵᠢᠨ ᠭᠠᠵᠠᠷ ᠲᠠᠯᠠᠪᠠᠢ᠎ᠳᠤ ᠪᠠᠢ᠍ᠢ᠍ᠪᠠᠯ᠂ ᠤᠢ᠍ᠢ᠍ᠷ᠎ᠠ ᠤᠷᠴᠢᠮ᠎ᠤᠨ ᠨᠥᠭᠡᠨ ᠭᠡᠷ᠂ ᠭᠠᠵᠠᠷ ᠲᠤᠤᠷᠠᠬᠢ ᠲᠡᠮᠥᠷ ᠵᠠᠮ᠎ᠤᠨ ᠥᠷᠳᠡᠭᠡ ᠪᠤᠶᠤ ᠪᠤᠯᠤᠳ ᠰᠢᠷᠪᠤᠰᠤᠳᠤ ᠫᠸᠲ᠋ᠤᠨ ᠪᠥᠳᠥᠴᠡ᠎ᠳᠤ ᠪᠠᠷᠢᠯᠭ᠎ᠠ ᠵᠢᠨ ᠲᠤᠤᠷ᠎ᠠ ᠲᠠᠪᠬᠤᠷᠭ᠎ᠠ ᠵᠡᠷᠭᠡ ᠭᠠᠵᠠᠷ ᠨᠢᠭᠤᠨ ᠲᠠᠯᠳᠠᠯᠠᠬᠤ ᠭᠡᠷᠡᠭᠳᠡᠢ᠃ ᠥᠨᠳᠥᠷ ᠲᠡᠷᠤᠯᠳᠠ᠎ᠳᠤ ᠴᠠᠬᠢᠯᠭ᠋ᠠᠨ ᠤᠳᠠᠰᠤ᠂ ᠲᠤᠰ᠎ᠤᠨ ᠬᠥᠮᠥᠷᠭᠡ ᠵᠡᠷᠭᠡ ᠠᠶᠤᠯᠳᠠᠢ ᠭᠠᠵᠠᠷ ᠶᠠᠭ᠋ᠠᠬᠢᠭᠰᠠᠨ ᠴᠤ᠌ ᠲᠠᠯᠳᠠᠯᠠᠵᠤ ᠪᠤᠯᠬᠤ ᠥᠭᠡᠢ᠃
● ᠲᠠᠭ᠋ᠠᠷᠢᠯᠳᠠ ᠵᠢᠨ ᠭᠠᠵᠠᠷ᠎ᠲᠤ ᠪᠠᠢ᠍ᠢ᠍ᠪᠠᠯ᠂ ᠤᠢ᠍ᠢ᠍ᠷ᠎ᠠ ᠬᠠᠪᠢ ᠵᠢᠨ ᠬᠤᠳᠤᠭᠤᠷ ᠭᠠᠵᠠᠷ᠂ ᠰᠢᠷᠤᠢ ᠵᠢᠨ ᠤᠪᠤᠭ᠎ᠠ᠂ ᠲᠤᠮᠤ ᠮᠤᠳᠤᠨ᠎ᠤ ᠲᠤᠤᠷ᠎ᠠ ᠲᠡᠷᠬᠠᠨ ᠲᠠᠯᠳᠠᠯᠠᠬᠤ ᠭᠡᠷᠡᠭᠳᠡᠢ᠃ ᠭᠡᠷᠪᠡ ᠲᠡᠰᠥᠷᠡᠬᠥ ᠪᠥᠮᠪᠥᠭᠡ ᠤᠢ᠍ᠢ᠍ᠷ᠎ᠠ ᠬᠠᠪᠢ᠎ᠳᠤᠨᠢ ᠴᠢᠨᠢ ᠪᠠᠭᠤᠬᠤ ᠪᠤᠶᠤ ᠲᠡᠯᠪᠡᠷᠡᠬᠥ ᠥᠶᠡᠰ᠂ ᠱᠠᠯᠠᠪᠬᠠᠨ ᠠ᠋ᠯᠢᠭᠡ ᠲᠥᠷᠥᠬᠥᠯᠥᠨ ᠭᠡᠪᠳᠡᠵᠤ᠂ ᠴᠢᠬᠢ᠎ᠪᠠᠨ ᠪᠥᠭᠯᠡᠨ᠂ ᠠᠮᠠ᠎ᠪᠠᠨ ᠠᠨᠭ᠌ᠭ᠋ᠠᠢ᠍ᠢ᠍ᠵᠤ᠂ ᠨᠢᠳᠤ᠎ᠪᠠᠨ ᠠᠨᠢᠬᠤ ᠭᠡᠷᠡᠭᠳᠡᠢ᠃ ᠭᠡᠪᠳᠡᠬᠥᠳᠡᠭᠡᠨ ᠴᠡᠭᠡᠵᠢᠨ ᠪᠡᠶ᠎ᠡ᠎ᠪᠠᠨ ᠭᠠᠵᠠᠷ᠎ᠲᠠᠢ ᠶᠠᠭ ᠨᠠᠭ᠋ᠠᠯᠳᠤᠭᠤᠯᠵᠤ ᠪᠤᠯᠬᠤ ᠥᠭᠡᠢ᠂ ᠲᠤᠷᠬᠢᠭᠳᠠᠨ ᠰᠢᠷᠬᠠᠳᠤᠬᠤ᠎ᠠᠴᠠ ᠬᠢᠴᠢᠶᠡᠨ᠎ᠡ᠃
● ᠰᠡᠷᠡᠮᠵᠢ ᠵᠢᠨ ᠲᠤᠬᠢᠶ᠎ᠠ ᠵᠢ ᠵᠤᠭᠰᠤᠭ᠋ᠠᠭᠰᠠᠨᠤ ᠰᠡᠬᠥᠯᠡᠷ᠂ ᠵᠤᠬᠢᠶᠠᠨ ᠪᠠᠢ᠍ᠢ᠍ᠭᠤᠯᠤᠯᠳᠠᠲᠠᠢᠪᠠᠷ ᠠᠶᠤᠯᠳᠠᠢ ᠤᠷᠤᠨ᠎ᠠᠴᠠ ᠵᠠᠢ᠍ᠢ᠍ᠯᠠᠵᠤ᠂ ᠥᠪᠡᠷ᠎ᠢ᠎ᠪᠠᠨ ᠠᠪᠤᠷᠠᠬᠤ᠂ ᠬᠠᠷᠢᠯᠴᠠᠨ ᠠᠪᠤᠷᠠᠬᠤ ᠪᠠ ᠥᠢ᠍ᠯᠡᠳᠪᠥᠷᠢᠯᠡᠯ ᠠᠮᠢᠳᠤᠷᠠᠯ᠎ᠤᠨ ᠠ᠋ᠮᠬᠢ ᠲᠢᠭᠯᠢᠮ ᠵᠢᠡᠨ ᠰᠡᠷᠬᠥᠭᠡᠬᠥ ᠠᠵᠢᠯ᠎ᠤᠳ᠎ᠢ ᠲᠡᠷᠤᠢ᠍ᠢ᠍ᠬᠠᠨ ᠦᠷᠨᠢᠭᠦᠯᠦᠨ᠎ᠡ᠃
ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ
◇ ᠠᠭ᠋ᠠᠷ᠎ᠤᠨ ᠰᠡᠷᠭᠡᠢ᠍ᠢ᠍ᠯᠡᠯᠳᠡ ᠵᠢᠨ ᠰᠡᠷᠡᠮᠵᠢ ᠵᠢᠨ ᠲᠤᠬᠢᠶ᠎ᠠ ᠵᠢ ᠢᠯᠭ᠋ᠠᠨ ᠲᠠᠨᠢᠬᠤ ᠤᠷᠢᠳᠴᠢᠯᠠᠭᠰᠠᠨ ᠰᠡᠷᠡᠮᠵᠢ ᠵᠢᠨ ᠲᠤᠬᠢᠶ᠎ᠠ᠄ 36 ᠰᠺᠥᠢ᠍ᠨ᠋ᠲ ᠲᠤᠤᠭ᠋ᠠᠷᠴᠤ᠂ 24 ᠰᠺᠥᠢ᠍ᠨ᠋ᠳ᠋ ᠵᠤᠭᠰᠤᠭ᠋ᠠᠵᠤ᠂ 3 ᠤᠳᠠᠭ᠎ᠠ ᠲᠠᠪᠳᠠᠵᠤ᠂ 3 ᠮᠢᠨᠥᠢ᠍ᠲᠤᠨ ᠴᠠᠭ ᠭᠡᠷᠡᠭᠰᠡᠨ᠎ᠡ᠃
ᠠᠭ᠋ᠠᠷ᠎ᠤᠨ ᠲᠠᠭ᠋ᠠᠷᠢᠯᠳᠠ ᠵᠢᠨ ᠰᠡᠷᠡᠮᠵᠢ ᠵᠢᠨ ᠲᠤᠬᠢᠶ᠎ᠠ᠄ 6 ᠰᠺᠥᠢ᠍ᠨ᠋ᠳ᠋ ᠲᠤᠤᠭ᠋ᠠᠷᠴᠤ᠂ 6 ᠰᠺᠥᠢ᠍ᠨ᠋ᠳ᠋ ᠵᠤᠭᠰᠤᠵᠤ᠂ 15 ᠤᠳᠠᠭ᠎ᠠ ᠲᠠᠪᠳᠠᠵᠤ᠂ 3 ᠮᠢᠨᠥᠢ᠍ᠲᠤᠨ ᠴᠠᠭ ᠭᠡᠷᠡᠭᠰᠡᠨ᠎ᠡ᠃ ᠰᠡᠷᠡᠮᠵᠢ ᠵᠢᠨ ᠲᠤᠬᠢᠶ᠎ᠠ ᠵᠢ ᠵᠤᠭᠰᠤᠭ᠋ᠠᠬᠤ᠄ ᠥᠷᠬᠥᠯᠵᠢᠯᠡᠨ 3 ᠮᠢᠨᠥᠢ᠍ᠲ ᠤᠷᠳᠤᠯᠵᠢᠭᠤᠯᠤᠨ ᠲᠤᠤᠭ᠋ᠠᠷᠭ᠋ᠠᠨᠠ᠃
◇ ᠠᠭ᠋ᠠᠷ᠎ᠤᠨ ᠲᠠᠭ᠋ᠠᠷᠢᠯᠳᠠ᠎ᠠᠴᠠ ᠠ᠋ᠮᠥᠨ᠎ᠡ᠎ᠬᠢ ᠰᠡᠷᠭᠡᠢ᠍ᠢ᠍ᠯᠡᠯᠳᠡ ᠵᠢᠨ ᠪᠡᠯᠡᠳᠭᠡᠯ ᠤᠢ᠍ᠢ᠍ᠷ᠎ᠠ ᠤᠷᠴᠢᠮ᠎ᠤᠨ ᠠᠭ᠋ᠠᠷ᠎ᠤᠨ ᠰᠡᠷᠭᠡᠢ᠍ᠢ᠍ᠯᠡᠯᠳᠡ ᠵᠢᠨ ᠲᠠᠯᠳᠠᠯᠠᠬᠤ ᠪᠡᠯᠡᠳᠭᠡᠮᠵᠢ ᠵᠢ ᠮᠡᠳᠡᠨ ᠠᠪᠴᠤ᠂ ᠲᠠᠷᠬᠠᠭ᠋ᠠᠬᠤ᠂ ᠲᠠᠯᠳᠠᠯᠠᠬᠤ ᠵᠠᠮ ᠱᠤᠭᠤᠮ᠎ᠢ ᠲᠤᠳᠤᠷᠬᠠᠢ᠍ᠢ᠍ᠯᠠᠨᠠ᠃ ᠭᠠᠷ ᠭᠡᠷᠡᠯᠳᠥᠬᠥᠯᠭᠡ᠂ ᠤᠤᠭᠤᠬᠤ ᠤᠰᠤ᠂ ᠲᠥᠷᠭᠡᠨ ᠠᠪᠤᠷᠠᠯᠳᠠ ᠵᠢᠨ ᠪᠤᠭᠴᠤ ᠵᠡᠷᠭᠡ ᠪᠡᠶ᠎ᠡ᠎ᠳᠡᠭᠡᠨ ᠠᠪᠴᠤ ᠶᠠᠪᠤᠬᠤ ᠠᠮᠢᠳᠤᠷᠠᠯ᠎ᠤᠨ ᠬᠡᠷᠡᠭᠰᠡᠯ ᠪᠠ ᠡᠮ᠎ᠢ ᠰᠠᠢ᠍ᠢ᠍ᠳᠤᠷ ᠪᠡᠯᠡᠳᠭᠡᠬᠥ ᠭᠡᠷᠡᠭᠳᠡᠢ᠃ ᠥᠷᠥᠭᠡ ᠭᠡᠷ᠎ᠤᠨ ᠵᠢᠡᠨ ᠰᠢᠯ ᠴᠤᠨᠭ᠌ᠬᠤ᠎ᠪᠠᠨ ᠴᠥᠮ 《米》 ᠪᠤᠶᠤ 《井》 ᠭᠡᠯᠪᠡᠷᠢ ᠵᠢᠨ ᠴᠠᠭ᠋ᠠᠰᠤ ᠪᠤᠶᠤ ᠪᠥᠰ ᠵᠢᠡᠷ ᠵᠤᠷᠪᠤᠰᠯᠠᠨ ᠨᠠᠭ᠋ᠠᠵᠤ᠂ ᠰᠢᠯ᠎ᠨᠢ ᠲᠤᠷᠬᠢᠭᠳᠠᠨ ᠬᠠᠭ᠋ᠠᠷᠴᠤ ᠬᠥᠮᠥᠨ᠎ᠢ ᠰᠢᠷᠬᠠᠳᠤᠭᠤᠯᠬᠤ᠎ᠠᠴᠠ ᠰᠡᠷᠭᠡᠢ᠍ᠢ᠍ᠯᠡᠨᠡ᠃