ᠮᠠᠰᠢᠨ ᠲᠡᠷᠭᠡᠨ᠎ᠳᠤ ᠰᠠᠭᠤᠭᠰᠠᠳ᠎ᠤᠨ ᠰᠠᠨᠠᠭ᠋ᠠᠨ᠎ᠳᠤ ᠥᠭᠡᠢ ᠡ᠊ᠨᠳᠡᠯ᠎ᠨᠢ ᠪᠥᠭᠡᠮ ᠵᠢᠡᠷ ᠥᠬᠥᠵᠤ ᠪᠥᠭᠡᠮ ᠵᠢᠡᠷ ᠰᠢᠷᠬᠠᠳᠤᠬᠤ ᠬᠥᠨᠳᠤ ᠨᠤᠴᠢᠳᠠᠢ ᠥᠷ᠎ᠡ ᠳ᠋ᠥ᠋ᠢ᠍ᠩᠢ ᠪᠤᠢ ᠪᠤᠯᠭ᠋ᠠᠳᠠᠭ᠃
ᠪᠠᠴᠢᠮ ᠪᠠᠢ᠍ᠢ᠍ᠳᠠᠯ᠎ᠢ ᠠᠷᠭ᠋ᠠᠴᠠᠭ᠋ᠠᠬᠤ ᠭᠤᠤᠯᠳᠠᠯᠭ᠎ᠠ
● ᠠᠶᠠᠨᠴᠢᠳ ᠮᠠᠰᠢᠨ ᠲᠡᠷᠭᠡᠨ ᠲᠤᠳᠤᠷ᠎ᠠ ᠭᠤᠮ ᠪᠤᠳᠠᠰ ᠰᠢᠳᠠᠵᠤ ᠪᠠᠢ᠍ᠢ᠍ᠭ᠎ᠠ ᠥᠨᠥᠷᠢ ᠥᠨᠥᠷᠳᠡᠬᠥ ᠪᠤᠶᠤ ᠶᠡᠷᠥ ᠪᠤᠰᠤ ᠵᠢᠨ ᠤᠳᠤᠭ᠎ᠠ ᠭᠠᠷᠴᠤ ᠪᠠᠢ᠍ᠢ᠍ᠬᠤ ᠵᠢ ᠤᠯᠵᠤ ᠬᠠᠷᠠᠪᠠᠯ᠂ ᠵᠢᠯᠤᠭᠤᠴᠢ᠎ᠳᠠᠭᠠᠨ ᠲᠡᠷᠤᠢ᠍ᠢ᠍ᠬᠠᠨ ᠮᠡᠳᠡᠭᠳᠡᠬᠥ ᠭᠡᠷᠡᠭᠳᠡᠢ᠃ ᠵᠢᠯᠤᠭᠤᠴᠢ ᠪᠠ ᠪᠢᠯᠸᠲ ᠬᠤᠳᠠᠯᠳᠤᠭᠴᠢ᠎ᠨᠢ ᠲᠡᠷᠭᠡ᠎ᠪᠠᠨ ᠵᠤᠭᠰᠤᠭ᠋ᠠᠵᠤ ᠪᠠᠢ᠍ᠢ᠍ᠴᠠᠭ᠋ᠠᠨ ᠥᠵᠡᠵᠤ᠂ ᠠᠶᠠᠨᠴᠢᠳ᠎ᠢ ᠠᠮᠤᠷ ᠲᠥᠪᠰᠢᠨ ᠭᠠᠵᠠᠷ᠎ᠲᠤ ᠲᠠᠷᠬᠠᠨ ᠰᠢᠯᠵᠢᠬᠥᠯᠵᠤ᠂ ᠠ᠋ᠮᠬᠢ ᠲᠢᠭᠯᠢᠮ᠎ᠲᠠᠢ ᠵᠠᠢ᠍ᠢ᠍ᠯᠠᠭᠤᠯᠬᠤ ᠵᠢᠨ ᠲᠠᠭ᠋ᠠᠤ ᠨᠠᠰᠤᠳᠠᠳ᠂ ᠠ᠋ᠮᠡᠭᠳᠡᠢ᠍ᠢ᠍ᠴᠤᠳ ᠪᠤᠯᠤᠨ ᠭᠡᠥᠭᠡᠳᠢ ᠬᠠᠯᠠᠮᠵᠢᠯᠠᠨ ᠬᠠᠮᠠᠭ᠋ᠠᠯᠠᠬᠤ ᠬᠠᠷᠢᠭᠤᠴᠠᠯᠭ᠎ᠠ
ᠲᠠᠢ᠃
● ᠵᠢᠯᠤᠭᠤᠴᠢ ᠪᠠ ᠪᠢᠯᠸᠲ ᠬᠤᠳᠠᠯᠳᠤᠬ᠍ᠴᠢᠨᠢ ᠬᠤᠢ᠍ᠢ᠍ᠨ᠎ᠠ᠎ᠠᠴᠠ ᠲᠡᠷᠭᠡ ᠢᠷᠡᠬᠥ ᠵᠥᠭ᠎ᠲᠤ 50 ~ 100 ᠮᠸᠲᠷ᠎ᠤᠨ ᠭᠠᠵᠠᠷ᠎ᠲᠤ ᠲᠤᠰᠬᠠᠢ ᠬᠡᠷᠡᠭᠯᠡᠭᠡᠨ᠎ᠤ ᠰᠡᠷᠡᠮᠵᠢ ᠵᠢᠨ ᠲᠡᠮᠳᠡᠭ ᠲᠠᠯᠪᠢᠬᠤ ᠭᠡᠷᠡᠭᠳᠡᠢ᠃
● ᠵᠢᠯᠤᠭᠤᠴᠢ ᠪᠠ ᠪᠢᠯᠸᠲ ᠬᠤᠳᠠᠯᠳᠤᠭᠴᠢ ᠠᠶᠠᠨᠴᠢᠳ᠎ᠠᠴᠠ ᠮᠥᠨᠭᠬᠥ ᠬᠤᠷᠢᠶᠠᠬᠤ ᠥᠭᠡᠢ᠎ᠪᠠᠷ ᠠᠳᠠᠯᠢ ᠱᠤᠭᠤᠮ᠂ ᠠᠳᠠᠯᠢ ᠵᠥᠭ᠎ᠤᠨ ᠲᠡᠷᠭᠡᠨ᠎ᠳᠤ ᠰᠤᠯᠢᠵᠤ ᠰᠠᠭᠤᠯᠭ᠋ᠠᠬᠤ ᠪᠤᠶᠤ ᠠᠰᠳᠠᠭ᠋ᠠᠨ ᠲᠡᠷᠭᠡ ᠲᠤᠬᠢᠷᠠᠭᠤᠯᠤᠨ ᠰᠠᠭᠤᠯᠭ᠋ᠠᠨᠠ᠃
● ᠤᠯᠠᠨ ᠨᠡᠢ᠍ᠢ᠍ᠳᠡ ᠵᠢᠨ ᠮᠠᠰᠢᠨ ᠲᠡᠷᠭᠡᠨ᠎ᠳᠤ ᠰᠠᠭᠤᠭ᠋ᠠᠳ ᠭᠠᠯ᠎ᠤᠨ ᠠᠶᠤᠯ ᠲᠤᠬᠢᠶᠠᠯᠳᠤᠪᠠᠯ᠂ ᠠᠶᠠᠨᠴᠢᠳ ᠲᠡᠷᠤᠢ᠍ᠢ᠍ᠬᠠᠨ ᠭᠠᠯ ᠭᠠᠷᠤᠭᠰᠠᠨ ᠲᠡᠷᠭᠡ᠎ᠠᠴᠠ ᠵᠠᠢ᠍ᠢ᠍ᠯᠠᠵᠤ ᠲᠠᠷᠬᠠᠬᠤ ᠭᠡᠷᠡᠭᠳᠡᠢ᠂ ᠪᠥᠭᠡᠮᠨᠡᠷᠡᠯᠳᠥᠨ ᠥᠵᠡᠵᠤ ᠰᠤᠨᠢᠷᠬᠠᠵᠤ ᠪᠤᠯᠬᠤ ᠥᠭᠡᠢ᠃
● ᠤᠯᠠᠨ ᠨᠡᠢ᠍ᠢ᠍ᠳᠡ ᠵᠢᠨ ᠮᠠᠰᠢᠨ ᠲᠡᠷᠭᠡ ᠠᠶᠠᠯᠠᠵᠤ ᠪᠠᠢ᠍ᠢ᠍ᠭ᠎ᠠ ᠶᠠᠪᠤᠴᠠ᠎ᠳᠤ ᠠᠶᠠᠨᠴᠢᠳ ᠭᠡᠷᠪᠡ ᠰᠡᠵᠢᠭᠳᠡᠢ ᠪᠤᠳᠠᠰ᠎ᠢ ᠤᠯᠵᠤ ᠬᠠᠷᠠᠪᠠᠯ᠂ ᠲᠡᠷᠡ ᠲᠤᠤᠷ᠎ᠠ᠎ᠪᠠᠨ ᠵᠢᠯᠤᠭᠤᠴᠢ ᠪᠠ ᠪᠢᠯᠸᠲ ᠬᠤᠳᠠᠯᠳᠤᠭᠴᠢ᠎ᠳᠤ ᠮᠡᠳᠡᠭᠳᠡᠬᠥ ᠵᠢᠨ ᠲᠠᠭ᠋ᠠᠤ ᠠᠮᠤᠷ ᠲᠥᠪᠰᠢᠨ ᠪᠠᠢ᠍ᠢ᠍ᠷᠢᠨ᠎ᠳᠤ ᠰᠢᠯᠵᠢᠬᠥ ᠭᠡᠷᠡᠭᠳᠡᠢ᠂ ᠲᠤᠷ᠎ᠠ᠎ᠪᠠᠷ ᠵᠢᠡᠨ ᠰᠢᠢ᠍ᠳᠪᠥᠷᠢᠯᠡᠵᠤ ᠤᠭᠳᠤ ᠪᠤᠯᠬᠤ ᠥᠭᠡᠢ᠃
● ᠥᠬᠥᠯ ᠰᠢᠷᠬᠠᠳᠤᠯ ᠭᠠᠷᠪᠠᠯ ᠲᠡᠷᠤᠢ᠍ᠢ᠍ᠬᠠᠨ ᠲᠥᠷᠭᠡᠨ ᠠᠪᠤᠷᠠᠯᠳᠠ ᠵᠢᠨ ᠤᠳᠠᠰᠤ ᠵᠢ
ᠤᠳᠠᠰᠤᠳᠠᠭ᠋ᠠᠷᠠᠢ᠃
ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ
◇ ᠮᠠᠰᠢᠨ ᠲᠡᠷᠭᠡᠨ᠎ᠳᠤ ᠰᠠᠭᠤᠭᠰᠠᠳ᠎ᠤᠨ ᠰᠠᠨᠠᠭ᠋ᠠᠨ᠎ᠳᠤ ᠥᠭᠡᠢ ᠡ᠊ᠨᠳᠡᠯ ᠠ᠋ᠬᠥᠰᠪᠡᠯ᠂ ᠠᠶᠤᠨ ᠰᠤᠴᠢᠵᠤ᠂ ᠰᠢᠬᠠᠯᠳᠤᠨ ᠴᠢᠬᠢᠯᠳᠥᠵᠤ ᠪᠤᠯᠬᠤ ᠥᠭᠡᠢ᠃ ᠲᠡᠷᠤᠢ᠍ᠢ᠍ᠬᠠᠨ ᠴᠠᠭᠳᠠᠭ᠎ᠠ᠎ᠳᠤ ᠮᠡᠳᠡᠬᠥᠯᠬᠥ ᠵᠢᠨ ᠲᠠᠭ᠋ᠠᠤ ᠵᠢᠯᠤᠭᠤᠴᠢ ᠪᠢᠯᠸᠲ ᠬᠤᠳᠠᠯᠳᠤᠭᠴᠢ ᠵᠢᠨ ᠵᠢᠯᠤᠭᠤᠳᠤᠯᠭ᠎ᠠ ᠵᠢ ᠲᠠᠭ᠋ᠠᠵᠤ᠂ ᠥᠪᠡᠷ᠎ᠢ᠎ᠪᠠᠨ ᠠᠪᠤᠷᠠᠬᠤ᠂ ᠬᠠᠷᠢᠯᠴᠠᠨ ᠠᠪᠤᠷᠠᠬᠤ ᠠᠵᠢᠯᠯᠠᠭ᠎ᠠ ᠵᠢ ᠢᠳᠡᠪᠬᠢᠳᠡᠢ ᠦᠷᠨᠢᠭᠦᠯᠦᠨ᠎ᠡ᠃
◇ ᠠᠶᠠᠯᠠᠵᠤ ᠪᠠᠢ᠍ᠢ᠍ᠭ᠎ᠠ ᠮᠠᠰᠢᠨ ᠲᠡᠷᠭᠡᠨ᠎ᠤ ᠲᠤᠳᠤᠷ᠎ᠠ ᠭᠡᠥᠭᠡᠳᠢ ᠬᠥᠶᠥᠵᠤ ᠲᠤᠭᠯᠠᠭᠤᠯᠬᠤ ᠪᠠ ᠨᠠᠭ᠋ᠠᠳᠤᠭᠤᠯᠵᠤ ᠪᠤᠯᠬᠤ ᠥᠭᠡᠢ᠃