ᠴᠥᠮ᠎ᠡ ᠵᠢᠨ ᠤᠷᠪᠠᠯ᠎ᠤᠨ ᠵᠤᠤᠬ᠎ᠠ᠂ ᠴᠥᠮ᠎ᠡ ᠵᠢᠨ ᠴᠠᠬᠢᠯᠭ᠋ᠠᠨ ᠥᠷᠳᠡᠭᠡ᠎ᠨᠢ ᠭᠡᠷᠪᠡ ᠡ᠊ᠨᠳᠡᠯ ᠠ᠋ᠬᠥᠰᠪᠡᠯ᠂ ᠶᠡᠭᠡ ᠭᠡᠮᠵᠢᠶᠡᠨ᠎ᠤ ᠰᠠᠴᠤᠷᠠᠭ ᠪᠤᠳᠠᠰ᠎ᠢ ᠠᠭ᠋ᠠᠷ᠎ᠲᠤ ᠲᠠᠷᠬᠠᠭ᠋ᠠᠵᠤ᠂ ᠶᠡᠭᠡ ᠭᠡᠮᠵᠢᠶᠡᠨ᠎ᠤ ᠰᠠᠴᠤᠷᠠᠭ ᠥᠨᠡᠰᠤ ᠲᠤᠭᠤᠰᠤ ᠵᠢ ᠪᠤᠢ ᠪᠤᠯᠭ᠋ᠠᠳᠠᠭ᠃ ᠲᠡᠷᠡ᠎ᠨᠢ ᠬᠥᠮᠥᠨ᠎ᠤ ᠪᠡᠶ᠎ᠡ᠎ᠳᠤ ᠰᠢᠭᠤᠳ ᠲᠤᠰᠳᠠᠭ ᠪᠥᠭᠡᠳ ᠪᠠᠰᠠ ᠠᠮᠢᠰᠬᠤᠬᠤ᠂ ᠠᠷᠠᠰᠤ ᠬᠥᠷᠥᠰᠤ ᠪᠤᠬᠢᠷᠳᠤᠬᠤ᠂ ᠢᠳᠡᠵᠤ ᠤᠤᠭᠤᠬᠤ ᠵᠡᠷᠭᠡ᠎ᠪᠠᠷ ᠲᠡᠮᠵᠢᠨ ᠬᠥᠮᠥᠨ᠎ᠤ ᠪᠡᠶ᠎ᠡ᠎ᠳᠤ ᠨᠡᠪᠴᠢᠳᠡᠭ᠃
ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ
● ᠷᠠᠳᠢᠤ᠋ ᠨᠡᠪᠳᠡᠷᠡᠬᠥᠯᠭᠡ᠂ ᠲᠸᠯᠸᠢᠰ ᠵᠡᠷᠭᠡ᠎ᠪᠠᠷ ᠲᠡᠮᠵᠢᠨ ᠴᠥᠮ᠎ᠠ ᠵᠢᠨ ᠴᠠᠬᠢᠯᠭ᠋ᠠᠨ ᠥᠢ᠍ᠯᠡᠳᠪᠥᠷᠢ ᠪᠤᠶᠤ ᠴᠥᠮ᠎ᠡ ᠵᠢᠨ ᠤᠷᠪᠠᠯ᠎ᠤᠨ ᠵᠤᠤᠬ᠎ᠠ᠎ᠨᠢ ᠴᠥᠮ᠎ᠠ ᠵᠢᠨ ᠡ᠊ᠨᠳᠡᠯ ᠠ᠋ᠬᠥᠰᠥᠭᠰᠡᠨᠢ ᠤᠯᠵᠤ ᠮᠡᠳᠡᠪᠡᠯ᠂ ᠠᠯᠢ ᠴᠢᠳᠠᠬᠤ᠎ᠪᠠᠷ ᠭᠡᠷ᠎ᠠᠴᠠ᠎ᠪᠠᠨ ᠭᠠᠷᠬᠤ ᠥᠭᠡᠢ ᠪᠠᠢ᠍ᠢ᠍ᠵᠤ᠂ ᠠ᠋ᠬᠥᠳᠡ ᠴᠤᠨᠭ᠌ᠬᠤ ᠪᠠ ᠪᠤᠢ ᠪᠥᠬᠥᠢ ᠰᠠᠯᠬᠢ ᠨᠡᠪᠳᠡᠷᠡᠬᠥ ᠰᠢᠰᠲᠸᠮ᠎ᠢ ᠶᠠᠭ ᠲᠠᠭ ᠲᠡᠷᠤᠬᠤ ᠭᠡᠷᠡᠭᠳᠡᠢ᠃ ᠭᠡᠷᠪᠡ ᠥᠷᠥᠭᠡ ᠭᠡᠷ᠎ᠠᠴᠠ᠎ᠪᠠᠨ ᠭᠠᠳᠠᠨ᠎ᠠ ᠪᠠᠢ᠍ᠢ᠍ᠪᠠᠯ ᠭᠠᠷᠤᠨ ᠠᠯᠴᠢᠭᠤᠷ᠂ ᠠᠮᠠᠪᠴᠢ᠂ ᠠ᠋ᠷᠡᠬᠥᠯ ᠬᠠᠮᠠᠭ᠋ᠠᠯᠠᠯ᠎ᠤᠨ ᠴᠠᠭ᠋ᠠᠰᠤ ᠠᠯᠴᠢᠭᠤᠷ ᠪᠤᠶᠤ ᠪᠤᠰᠤᠳ ᠵᠥᠢ᠍ᠯ ᠵᠢᠡᠷ ᠠᠮᠠ ᠬᠠᠮᠠᠷ ᠵᠢᠡᠨ ᠲᠡᠷᠤᠵᠤ᠂ ᠰᠠᠯᠬᠢ ᠥᠭᠡᠳᠡ ᠵᠠᠢ᠍ᠢ᠍ᠯᠠᠵᠤ᠂ ᠠᠮᠤᠷ ᠲᠥᠪᠰᠢᠨ ᠭᠠᠵᠠᠷ᠎ᠢ ᠰᠤᠨᠭ᠌ᠭᠤᠨ ᠪᠡᠶ᠎ᠡ ᠲᠠᠯᠳᠠᠯᠠᠬᠤ ᠭᠡᠷᠡᠭᠳᠡᠢ᠃
● ᠬᠤᠪᠴᠠᠰᠤ ᠬᠤᠨᠠᠷ ᠪᠠ ᠠᠷᠠᠰᠤ ᠬᠥᠷᠥᠰᠤ ᠴᠢᠨᠢ ᠪᠤᠬᠢᠷᠳᠤᠭᠰᠠᠨ ᠪᠤᠶᠤ ᠪᠤᠷᠬᠢᠷᠳᠤᠵᠤ ᠮᠡᠳᠡᠬᠥ ᠥᠶᠡᠰ᠂ ᠭᠠᠳᠠᠷ ᠬᠤᠪᠴᠠᠰᠤ᠎ᠪᠠᠨ ᠲᠠᠢ᠍ᠢ᠍ᠯᠬᠤ ᠵᠢᠨ ᠲᠠᠭ᠋ᠠᠤ᠂ ᠭᠠᠷ᠂ ᠨᠢᠭᠤᠷ᠂ ᠲᠤᠯᠤᠭ᠋ᠠᠢ᠎ᠪᠠᠨ ᠰᠠᠢ᠍ᠢ᠍ᠳᠤᠷ ᠤᠬᠢᠶᠠᠨ᠎ᠠ᠃
● ᠪᠤᠬᠢᠷᠳᠤᠯ᠎ᠤᠨ ᠤᠷᠤᠨ᠎ᠠᠴᠠ ᠵᠠᠢ᠍ᠢ᠍ᠯᠠᠭᠰᠠᠨᠤ ᠰᠡᠬᠥᠯᠡᠷ᠂ ᠪᠤᠬᠢᠷᠳᠤᠭᠰᠠᠨ ᠬᠤᠪᠴᠠᠰᠤ ᠬᠤᠨᠠᠷ ᠵᠢᠡᠨ ᠲᠥᠪᠯᠡᠷᠡᠬᠥᠯᠥᠨ ᠰᠢᠳᠠᠭ᠋ᠠᠬᠤ ᠪᠠ ᠪᠤᠯᠠᠬᠤ ᠵᠢ ᠠᠩᠬᠠᠷᠤᠯ᠎ᠳᠤ ᠠᠪᠤᠨ᠎ᠠ᠃
ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ
◇ ᠴᠥᠮ᠎ᠡ ᠵᠢᠨ ᠡ᠊ᠨᠳᠡᠯ ᠠ᠋ᠬᠥᠰᠥᠭᠰᠡᠨ ᠥᠶᠡᠰ᠂ ᠬᠠᠮᠢᠶ᠎ᠠ ᠪᠥᠬᠥᠢ ᠰᠠᠯᠠᠭ᠎ᠠ ᠮᠥᠴᠢᠷ ᠪᠤᠶᠤ ᠲᠤᠰᠬᠠᠢ ᠠᠵᠢᠯᠳᠠᠨ᠎ᠤ ᠵᠢᠯᠤᠭᠤᠳᠤᠯᠭ᠎ᠠ ᠵᠢ ᠰᠤᠨᠤᠰᠴᠤ᠂ ᠱᠠᠯᠠᠪᠬᠠᠨ ᠠᠷᠭ᠎ᠠ ᠭᠡᠮᠵᠢᠶ᠎ᠡ ᠠᠪᠴᠤ᠂ ᠰᠠᠴᠤᠷᠠᠭ ᠪᠤᠳᠠᠰ᠎ᠢ ᠰᠢᠨᠭᠭᠡᠭᠡᠨ ᠠᠪᠬᠤ᠎ᠠᠴᠠ ᠰᠡᠷᠭᠡᠢ᠌ᠯᠡᠨ᠎ᠡ᠃
◇ ᠲᠡᠷᠤᠢ᠍ᠢ᠍ᠬᠠᠨ ᠤᠢ᠍ᠢ᠍ᠷ᠎ᠠ ᠬᠠᠪᠢ ᠵᠢᠨ ᠠᠷᠠᠳ᠎ᠤᠨ ᠠᠭ᠋ᠠᠷ᠎ᠤᠨ ᠰᠡᠷᠭᠡᠢ᠍ᠢ᠍ᠯᠡᠯᠳᠡ ᠵᠢᠨ ᠪᠠᠷᠢᠯᠭ᠎ᠠ᠎ᠳᠤ ᠨᠢᠭᠤᠭᠳᠠᠪᠡᠯ ᠰᠠᠢ᠌ᠨ ᠃