ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠬᠤᠤᠷᠳᠠᠭᠳᠠᠬᠤ ᠡᠨᠳᠡᠯ - ᠤᠷᠭ᠋ᠠᠨᠢᠬ ᠹᠤᠰᠹᠤᠷᠳᠤ ᠲᠡᠷᠢᠶᠠᠨ ᠡᠮ᠎ᠤᠨ ᠬᠤᠤᠷᠳᠠᠯ᠎ᠤᠨ ᠲᠤᠬᠠᠢ
ᠨᠡᠶ᠋ᠢᠲᠡᠯᠡᠭᠰᠡᠨ ᠴᠠᠭ᠄ 2015-03-02

      ᠤᠷᠭ᠋ᠠᠨᠢᠬ ᠹᠤᠰᠹᠤᠷᠳᠤ ᠲᠡᠷᠢᠶᠠᠨ ᠡᠮ ᠪᠤᠯ ᠮᠠᠨ᠎ᠤ ᠤᠯᠤᠰ᠎ᠤᠨ ᠤᠳᠤᠬᠠᠨ᠎ᠠ ᠬᠠᠮᠤᠭ᠎ᠤᠨ ᠥᠷᠭᠡᠨ ᠭᠡᠷᠡᠭᠯᠡᠵᠤ   ᠪᠠᠢ᠍ᠢ᠍ᠭ᠎ᠠ ᠲᠡᠷᠢᠶᠠᠨ ᠡᠮ ᠪᠤᠯᠤᠨ᠎ᠠ᠃ ᠬᠤᠤᠷᠳᠠᠯ᠎ᠤᠨ ᠰᠢᠯᠳᠠᠭ᠋ᠠᠨ ᠪᠤᠯ ᠭᠡᠪᠡᠯ ᠭᠤᠤᠯ᠎ᠨᠢ ᠤᠷᠭ᠋ᠠᠨᠢᠬ ᠹᠤᠰᠹᠤᠷᠳᠤ ᠲᠡᠷᠢᠶᠠᠨ ᠡᠮ᠎ᠳᠤ ᠪᠤᠬᠢᠷᠳᠤᠭᠰᠠᠨ ᠢᠳᠡᠭᠡᠨ᠎ᠢ ᠢᠳᠡᠭᠰᠡᠨ᠎ᠠᠴᠠ ᠠ᠋ᠬᠥᠰᠳᠡᠭ ᠪᠠᠢ᠍ᠢ᠍ᠨ᠎ᠠ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠬᠤᠤᠷ ᠠᠬᠤᠭᠤᠯᠤᠭᠳᠠᠵᠤ ᠪᠠᠢ᠍ᠢ᠍ᠵᠤ ᠮᠡᠳᠡᠬᠥ ᠢᠳᠡᠭᠡᠨ᠎ᠢ ᠢᠳᠡᠬᠥ᠎ᠪᠠᠨ ᠲᠡᠷᠤᠢ᠍ᠢ᠍ᠬᠠᠨ ᠵᠤᠭᠰᠤᠬᠤ ᠪᠠ ᠪᠢᠳᠡᠬᠥᠮᠵᠢᠯᠡᠨ ᠬᠠᠳᠠᠭ᠋ᠠᠯᠠᠨ᠎ᠠ᠃        
     ● ᠲᠡᠷᠤᠢ᠍ᠢ᠍ᠬᠠᠨ ᠪᠥᠭᠡᠯᠵᠢᠵᠤ ᠭᠠᠷᠭ᠋ᠠᠬᠤ ᠪᠠ ᠬᠤᠳᠤᠭᠤᠳᠤ᠎ᠪᠠᠨ ᠤᠬᠢᠶᠠᠯᠭ᠋ᠠᠨ᠎ᠠ᠃        
     ● ᠮᠠᠨᠠᠷᠠᠭᠰᠠᠳ᠎ᠤᠨ ᠠᠮᠢᠰᠬᠤᠯ᠎ᠤᠨ ᠵᠠᠮ᠎ᠢ᠎ᠨᠢ ᠰᠢᠯᠤᠭᠤᠨ ᠪᠠᠢ᠍ᠢ᠍ᠯᠭ᠋ᠠᠬᠤ ᠪᠠ ᠬᠠᠵᠠᠭᠤᠯᠳᠠᠭᠤᠯᠤᠨ ᠭᠡᠪᠳᠡᠬᠥᠯᠵᠤ᠂ ᠮᠥᠭᠡᠷᠰᠥᠨ ᠬᠤᠭᠤᠯᠠᠢ ᠵᠢ᠎ᠨᠢ ᠪᠥᠭᠡᠯᠵᠢᠭᠰᠡᠨ᠎ᠠᠴᠠ ᠪᠤᠯᠵᠤ ᠪᠥᠳᠡᠬᠥ᠎ᠠᠴᠠ   ᠰᠡᠷᠭᠡᠢ᠌ᠯᠡᠨ᠎ᠡ᠃          
     ● ᠲᠡᠷᠤᠢ᠍ᠢ᠍ᠬᠠᠨ ᠤᠢ᠍ᠢ᠍ᠷ᠎ᠠ ᠤᠷᠴᠢᠮ᠎ᠤᠨ ᠠ᠋ᠮᠨᠡᠯᠭᠡ᠎ᠳᠤ ᠬᠥᠷᠭᠡᠨ ᠲᠥᠷᠭᠡᠨ ᠠᠪᠤᠷᠠᠯᠳᠠ ᠬᠢᠯᠭᠡᠨ᠎ᠡ᠃          
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ          
     ◇ ᠤᠷᠭ᠋ᠠᠨᠢᠬ ᠹᠤᠰᠹᠤᠷᠳᠤ ᠲᠡᠷᠢᠶᠠᠨ ᠡᠮ᠎ᠢ ᠲᠤᠰᠬᠠᠢ ᠬᠥᠮᠥᠨ ᠬᠠᠮᠢᠶᠠᠷᠴᠤ᠂ ᠲᠤᠰᠠᠭ᠋ᠠᠷ᠎ᠨᠢ ᠬᠠᠳᠠᠭ᠋ᠠᠯᠠᠵᠤ᠂   ᠲᠤᠰᠬᠠᠢ ᠪᠠᠭ᠋ᠠᠵᠢ ᠭᠡᠷᠡᠭᠰᠡᠯ᠎ᠢ ᠭᠡᠷᠡᠭᠯᠡᠬᠥ ᠭᠡᠷᠡᠭᠳᠡᠢ᠃        
     ◇ ᠡᠮ ᠨᠠᠢ᠍ᠢ᠍ᠷᠠᠭᠤᠯᠬᠤ ᠪᠠ ᠥᠷ᠎ᠡ ᠪᠠᠭᠰᠤᠷᠠᠬᠤ᠎ᠳᠠᠭᠠᠨ ᠮᠠᠯ᠎ᠤᠨ ᠬᠠᠰᠢᠶ᠎ᠠ᠂ ᠤᠮᠳᠠ ᠤᠰᠤᠨ᠎ᠤ ᠰᠤᠷᠪᠤᠯᠵᠢ ᠪᠠ ᠭᠤᠸᠠ ᠵᠢᠮᠢᠰ᠎ᠤᠨ ᠭᠠᠵᠠᠷ ᠲᠠᠷᠢᠶ᠎ᠠ᠎ᠠᠴᠠ ᠬᠤᠯᠠᠬᠠᠨ ᠪᠠᠢ᠍ᠢ᠍ᠯᠭ᠋ᠠᠵᠤ᠂ ᠪᠤᠬᠢᠷᠳᠤᠭᠤᠯᠬᠤ᠎ᠠᠴᠠ   ᠰᠡᠷᠭᠡᠢ᠌ᠯᠡᠨ᠎ᠡ᠃        
     ◇ ᠤᠷᠭ᠋ᠠᠨᠢᠬ ᠹᠤᠰᠹᠤᠷᠳᠤ ᠲᠡᠷᠢᠶᠠᠨ ᠡᠮ᠎ᠨᠢ ᠪᠠᠰᠠ ᠠᠮᠢᠰᠬᠤᠯ᠎ᠤᠨ ᠵᠠᠮ᠂ ᠠᠷᠠᠰᠤ ᠬᠥᠷᠥᠰᠤ᠎ᠪᠠᠷ ᠲᠡᠮᠵᠢᠨ ᠬᠥᠮᠥᠨ᠎ᠤ ᠪᠡᠶ᠎ᠡ᠎ᠳᠤ ᠤᠷᠤᠵᠤ ᠬᠤᠤᠷᠳᠠᠯ ᠠ᠋ᠬᠥᠰᠭᠡᠳᠡᠭ᠂ ᠠ᠋ᠢ᠍ᠢ᠍ᠮᠥ᠎ᠠᠴᠠ ᠲᠡᠷᠢᠶᠠᠨ ᠡᠮ ᠰᠥᠷᠴᠢᠬᠥ᠎ᠳᠡᠭᠡᠨ ᠠ᠋ᠷᠭᠡᠪᠰᠢ   ᠬᠤᠪᠢ ᠬᠥᠮᠥᠨ᠎ᠤ ᠰᠡᠷᠭᠡᠢ᠍ᠢ᠍ᠯᠡᠯᠳᠡ ᠬᠠᠮᠠᠭ᠋ᠠᠯᠠᠯᠳᠠ ᠵᠢ ᠰᠠᠢ᠍ᠢ᠍ᠳᠤᠷ ᠬᠢᠵᠤ᠂ ᠰᠠᠯᠬᠢᠨ᠎ᠤ ᠤᠷᠤᠭᠤ ᠰᠥᠷᠴᠢᠬᠥ ᠪᠠ ᠡᠮ ᠰᠥᠷᠴᠢᠭᠰᠡᠨ᠎ᠤ᠎ᠪᠠᠨ ᠰᠡᠬᠥᠯᠡᠷ ᠰᠠᠪᠤᠩ᠎ᠲᠠᠢ ᠤᠰᠤ᠎ᠪᠠᠷ ᠨᠢᠭᠤᠷ ᠭᠠᠷ ᠵᠢᠡᠨ ᠰᠠᠢ᠍ᠢ᠍ᠳᠤᠷ ᠤᠬᠢᠶᠠᠬᠤ ᠭᠡᠷᠡᠭᠳᠡᠢ᠃          
     ◇ ᠲᠡᠷᠢᠶᠠᠨ ᠡᠮ ᠰᠠᠪᠠᠯᠠᠵᠤ ᠥᠨᠭᠭᠡᠷᠡᠭᠰᠡᠨ ᠰᠠᠪᠠ ᠪᠤᠭᠤᠳᠠᠯ᠎ᠳᠤ ᠬᠤᠭᠤᠯᠠ ᠤᠮᠳᠠᠭ᠋ᠠᠨ ᠰᠠᠪᠠᠯᠠᠬᠤ ᠵᠢ ᠴᠠᠭ᠋ᠠᠵᠠᠯᠠᠬᠤ ᠭᠡᠷᠡᠭᠳᠡᠢ᠃ ᠠᠮᠤ ᠪᠤᠳᠠᠭ᠎ᠠ᠂ ᠭᠤᠸᠠ ᠵᠢᠮᠢᠰ᠂ ᠢᠳᠡᠰᠢᠨ ᠨᠤᠭᠤᠭ᠎ᠠ ᠪᠠ ᠪᠤᠰᠤᠳ ᠵᠥᠢ᠍ᠯ᠎ᠤᠨ ᠢᠳᠡᠭᠡᠨ᠎ᠤ ᠵᠥᠢ᠍ᠯ᠎ᠢ ᠤᠷᠭ᠋ᠠᠨᠢᠬ ᠹᠤᠰᠹᠤᠷᠳᠤ ᠲᠡᠷᠢᠶᠠᠨ ᠡᠮ᠎ᠲᠠᠢ ᠴᠤᠭ ᠠᠴᠢᠶᠠᠯᠠᠵᠤ ᠵᠥᠭᠡᠭᠡᠪᠥᠷᠢᠯᠡᠬᠥ ᠵᠢ ᠠ᠋ᠷᠡᠰ ᠴᠠᠭ᠋ᠠᠵᠠᠯᠠᠬᠤ ᠭᠡᠷᠡᠭᠳᠡᠢ  ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ