ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠬᠤᠤᠷᠳᠠᠭᠳᠠᠬᠤ ᠡᠨᠳᠡᠯ - ᠳ᠋ᠥ᠋ ᠱᠥ᠍ ᠴᠢᠶᠠᠩ ᠡᠮ᠎ᠤᠨ ᠬᠤᠤᠷᠳᠠᠯ᠎ᠠᠴᠠ ᠰᠡᠷᠭᠡᠢ᠌ᠯᠡᠬᠦ᠎ᠨᠢ
ᠨᠡᠶ᠋ᠢᠲᠡᠯᠡᠭᠰᠡᠨ ᠴᠠᠭ᠄ 2015-03-02

      ᠳ᠋ᠥ᠋ ᠱᠤ᠌ ᠴᠢᠶᠠᠩ ᠡᠮ ᠪᠤᠯ ᠰᠢᠨᠭᠭᠡᠭᠡᠯᠳᠡ ᠵᠢᠨ ᠵᠠᠮ᠂ ᠠᠮᠢᠰᠬᠤᠯ᠎ᠤᠨ ᠵᠠᠮ ᠵᠢᠡᠷ ᠲᠡᠮᠵᠢᠨ ᠬᠥᠮᠥᠨ᠎ᠤ ᠪᠡᠶ᠎ᠡ᠎ᠳᠤ ᠰᠢᠨᠭᠭᠡᠨ ᠬᠤᠤᠷᠳᠠᠯ ᠠ᠋ᠬᠥᠰᠭᠡᠳᠡᠭ᠃ ᠬᠤᠤᠷᠳᠠᠯ᠎ᠨᠢ ᠤᠯᠠᠨᠭ᠌ᠬᠢ᠎ᠳᠠᠭᠠᠨ ᠳ᠋ᠥ᠋ ᠱᠤ᠌ ᠴᠢᠶᠠᠩ ᠡᠮ ᠵᠢᠡᠷ ᠨᠠᠢ᠍ᠢ᠍ᠷᠠᠭᠤᠯᠤᠭᠰᠠᠨ ᠬᠤᠯᠤᠭ᠋ᠠᠨ᠎ᠠ ᠤᠰᠠᠳᠬᠠᠬᠤ ᠥᠭᠶᠥᠭᠡ ᠪᠤᠯᠤᠨ ᠳ᠋ᠥ᠋ ᠱᠤ᠌ ᠴᠢᠶᠠᠩ ᠡᠮ᠎ᠳᠤ ᠪᠤᠬᠢᠷᠳᠤᠭᠰᠠᠨ ᠢᠳᠡᠭᠡᠨ᠎ᠢ ᠠ᠋ᠨᠳᠡᠬᠥᠷᠡᠨ ᠢᠳᠡᠭᠰᠡᠨ᠎ᠠᠴᠠ ᠠ᠋ᠬᠥᠰᠳᠡᠭ᠃        
      ᠪᠠᠴᠢᠮ ᠪᠠᠢ᠍ᠢ᠍ᠳᠠᠯ᠎ᠢ ᠠᠷᠭ᠋ᠠᠴᠠᠬᠤ ᠭᠤᠤᠯᠳᠠᠯᠭ᠎ᠠ          
     ● ᠳ᠋ᠥ᠋ ᠱᠤ᠌ ᠴᠢᠶᠠᠩ ᠡᠮ ᠠᠭᠤᠯᠤᠭᠳᠠᠵᠤ ᠪᠠᠢ᠍ᠢ᠍ᠵᠤ ᠮᠡᠳᠡᠬᠥ ᠢᠳᠡᠭᠡᠨ᠎ᠢ ᠲᠡᠷᠤᠢ᠍ᠢ᠍ᠬᠠᠨ ᠢᠳᠡᠬᠥ᠎ᠪᠠᠨ ᠵᠤᠭᠰᠤᠬᠤ ᠪᠠ ᠪᠢᠳᠡᠬᠥᠮᠵᠢᠯᠡᠨ ᠬᠠᠳᠠᠭ᠋ᠠᠯᠠᠨ᠎ᠠ᠃        
     ● ᠲᠡᠷᠤᠢ᠍ᠢ᠍ᠬᠠᠨ ᠪᠥᠭᠡᠯᠵᠢᠨ ᠭᠠᠷᠭ᠋ᠠᠬᠤ᠂ ᠬᠤᠳᠤᠭᠤᠳᠤ᠎ᠪᠠᠨ ᠤᠬᠢᠶᠠᠯᠭ᠋ᠠᠬᠤ᠂ ᠲᠤᠭᠤᠯᠠᠭᠤᠯᠬᠤ ᠠᠷᠭ᠎ᠠ᠎ᠪᠠᠷ ᠬᠤᠳᠤᠭᠤᠳᠤᠨ᠎ᠳᠠᠬᠢ ᠬᠤᠤᠷᠳᠤ ᠠ᠋ᠳ᠋᠎ᠢ ᠴᠡᠪᠡᠷᠯᠡᠨ ᠠᠷᠢᠯᠭ᠋ᠠᠬᠤ ᠭᠡᠷᠡᠭᠳᠡᠢ᠃        
     ● ᠠᠮᠢᠰᠬᠤᠯ᠎ᠤᠨ ᠵᠠᠮ᠎ᠢ ᠰᠢᠯᠤᠭᠤᠨ ᠪᠠᠢ᠍ᠢ᠍ᠯᠭ᠋ᠠᠵᠤ᠂ ᠴᠡᠷ ᠨᠤᠯᠮᠤᠰᠤ᠎ᠪᠠᠨ ᠰᠤᠷᠤᠭᠤᠯᠬᠤ ᠭᠡᠷᠡᠭᠳᠡᠢ᠃        
     ● ᠪᠡᠶ᠎ᠡ᠎ᠨᠢ ᠲᠠᠳᠠᠭᠰᠠᠨ ᠪᠤᠯ ᠡᠪᠡᠳᠴᠢᠳᠡᠨ᠎ᠢ ᠲᠤᠬᠢᠳᠠᠢ ᠬᠠᠮᠠᠭ᠋ᠠᠯᠠᠵᠤ᠂ ᠤᠨᠠᠵᠤ ᠲᠤᠰᠴᠤ ᠰᠢᠷᠬᠠᠳᠤᠬᠤ᠂ ᠪᠤᠯᠴᠢᠩ ᠮᠢᠬ᠎ᠠ᠎ᠨᠢ ᠢᠵᠠᠷᠠᠬᠤ᠂ ᠶᠠᠰᠤ᠎ᠨᠢ ᠬᠤᠭᠤᠷᠠᠬᠤ ᠪᠤᠶᠤ ᠥᠶ᠎ᠡ ᠭᠡᠰᠢᠬᠥᠤ᠎ᠨᠢ ᠮᠤᠯᠳᠤᠷᠠᠬᠤ ᠵᠢ ᠰᠡᠷᠭᠡᠢ᠍ᠢ᠍ᠯᠡᠬᠥ ᠭᠡᠷᠡᠭᠳᠡᠢ; ᠨᠢᠷᠤᠭᠤᠨ ᠲᠤᠤᠷ᠎ᠠ᠎ᠨᠢ ᠬᠤᠪᠴᠠᠰᠤ ᠬᠤᠨᠠᠷ ᠲᠡᠪᠢᠰᠥᠨ ᠥᠭᠴᠤ᠂ ᠨᠢᠷᠤᠭᠤ᠎ᠨᠢ ᠬᠤᠯᠭᠤᠬᠤ ᠪᠠ ᠨᠢᠷᠤᠭᠤᠨ ᠶᠠᠰᠤ᠎ᠨᠢ ᠭᠡᠮᠳᠥᠬᠥ᠎ᠠᠴᠠ ᠰᠡᠷᠭᠡᠢ᠍ᠢ᠍ᠯᠡᠬᠥ ᠭᠡᠷᠡᠭᠳᠡᠢ; ᠭᠡᠯᠡ᠎ᠪᠠᠨ ᠬᠠᠵᠠᠬᠤ᠎ᠠᠴᠠ᠎ᠨᠢ ᠰᠡᠷᠭᠡᠢ᠍ᠢ᠍ᠯᠡᠵᠤ᠂ ᠰᠢᠳᠤᠨ ᠵᠠᠪᠰᠠᠷ᠎ᠨᠢ ᠱᠠ ᠪᠥᠰᠡ ᠵᠠᠭᠤᠯᠭ᠋ᠠᠬᠤ ᠭᠡᠷᠡᠭᠳᠡᠢ᠂ ᠭᠡᠬᠥ᠎ᠳᠡᠭᠡᠨ᠂ ᠠᠮᠢᠰᠬᠤᠯ᠎ᠢ᠎ᠨᠢ ᠨᠥᠯᠥᠭᠡᠯᠡᠬᠥ᠎ᠠᠴᠠ ᠰᠡᠷᠭᠡᠢ᠍ᠢ᠍ᠯᠡᠨ᠂ ᠠᠷᠠᠭ᠋ᠠᠨ᠎ᠳᠤᠨᠢ ᠪᠥᠰ ᠵᠠᠭᠤᠯᠭ᠋ᠠᠵᠤ ᠪᠤᠯᠬᠤ ᠥᠭᠡᠢ᠃          
     ● ᠠᠮᠢᠰᠬᠤᠯ ᠪᠠ ᠵᠢᠷᠥᠭᠡᠨ ᠴᠤᠬᠢᠯᠭ᠎ᠠ᠎ᠨᠢ ᠵᠤᠭᠰᠤᠭᠴᠢᠳ᠎ᠲᠤ ᠲᠡᠷᠤᠢ᠍ᠢ᠍ᠬᠠᠨ ᠬᠥᠮᠥᠨ᠎ᠤ ᠬᠥᠴᠤ᠎ᠪᠠᠷ ᠠᠮᠢᠰᠬᠤᠯ ᠠᠪᠤᠭᠤᠯᠬᠤ ᠪᠠ ᠴᠡᠭᠡᠵᠢᠨ ᠭᠡᠰᠡᠭ᠎ᠢ᠎ᠨᠢ ᠲᠡᠷᠤᠯᠬᠢᠯᠠᠨ ᠥᠭᠬᠥ ᠭᠡᠷᠡᠭᠳᠡᠢ᠃        
     ● ᠲᠡᠷᠤᠢ᠍ᠢ᠍ᠬᠠᠨ ᠤᠢ᠍ᠢ᠍ᠷ᠎ᠠ ᠤᠷᠴᠢᠮ᠎ᠤᠨ ᠠ᠋ᠮᠨᠡᠯᠭᠡ᠎ᠳᠤ ᠬᠥᠷᠭᠡᠨ ᠲᠥᠷᠭᠡᠨ ᠠᠪᠤᠷᠠᠯᠳᠠ ᠬᠢᠯᠭᠡᠨ᠎ᠡ᠃        
      ᠲᠤᠰᠬᠠᠢ ᠮᠡᠷᠭᠡᠵᠢᠯᠳᠡᠨ᠎ᠤ ᠰᠠᠨᠠᠭᠤᠯᠤᠮᠵᠢ        
     ◇ ᠳ᠋ᠥ᠋ ᠱᠤ᠌ ᠴᠢᠶᠠᠩ ᠡᠮ᠎ᠨᠢ ᠲᠡᠮ ᠬᠤᠤᠷᠳᠠᠯ᠎ᠢ ᠠ᠋ᠬᠥᠰᠭᠡᠳᠡᠭ ᠪᠤᠯᠬᠤᠷ ᠥᠬᠥᠭᠰᠡᠨ ᠰᠢᠯᠳᠠᠭ᠋ᠠᠨ᠎ᠨᠢ ᠲᠤᠳᠤ ᠥᠭᠡᠢ ᠮᠠᠯ ᠵᠢᠬᠥᠷᠳᠡᠨ᠎ᠤ ᠮᠢᠬ᠎ᠠ ᠵᠢ ᠢᠳᠡᠵᠤ ᠪᠤᠯᠬᠤ ᠥᠭᠡᠢ᠃        
     ◇ ᠤᠯᠤᠰ᠎ᠠᠴᠠ ᠳ᠋ᠥ᠋ ᠱᠤ᠌ ᠴᠢᠶᠠᠩ ᠡᠮ᠎ᠢ ᠥᠢ᠍ᠯᠡᠳᠪᠥᠷᠢᠯᠡᠬᠥ ᠪᠠ ᠭᠡᠷᠡᠭᠯᠡᠬᠥ ᠵᠢ ᠴᠠᠭ᠋ᠠᠵᠠᠯᠠᠵᠤ ᠪᠤᠢ᠃ ᠭᠡᠷᠪᠡ ᠲᠤᠰ ᠡᠮ᠎ᠢ ᠨᠠᠢ᠍ᠢ᠍ᠷᠠᠭᠤᠯᠵᠤ ᠪᠤᠷᠤᠯᠠᠭᠤᠯᠵᠤ ᠪᠠᠢ᠍ᠢ᠍ᠭ᠎ᠠ ᠠᠵᠢᠯᠯᠠᠭ᠎ᠠ ᠵᠢ ᠤᠯᠵᠤ ᠮᠡᠳᠡᠪᠡᠯ ᠲᠡᠷᠤᠢ᠍ᠢ᠍ᠬᠠᠨ ᠲᠤᠳᠤᠭ᠋ᠠᠳᠤ ᠵᠢ ᠬᠠᠮᠠᠭ᠋ᠠᠯᠠᠬᠤ᠂ ᠠᠵᠤ ᠥᠢ᠍ᠯᠡᠳᠪᠥᠷᠢ ᠬᠤᠳᠠᠯᠳᠤᠭ᠎ᠠ ᠵᠡᠷᠭᠡ ᠰᠠᠯᠠᠭ᠎ᠠ ᠮᠥᠴᠢᠷ᠎ᠲᠤ ᠢᠯᠡᠴᠢᠯᠡᠨ ᠮᠡᠳᠡᠬᠥᠯᠬᠥ ᠭᠡᠷᠡᠭᠳᠡᠢ᠃          
     ◇ ᠰᠤᠨᠤᠷ ᠰᠡᠷᠡᠮᠵᠢ᠎ᠪᠠᠨ ᠲᠡᠭᠡᠭᠰᠢᠯᠡᠬᠥᠯᠵᠤ᠂ ᠰᠡᠷᠭᠡᠢ᠍ᠢ᠍ᠯᠡᠯᠳᠡ ᠬᠠᠮᠠᠭ᠋ᠠᠯᠠᠯᠳᠠ᠎ᠪᠠᠨ ᠴᠢᠨᠭ᠌ᠭ᠋ᠠᠳᠬᠠᠵᠤ᠂ ᠵᠤᠷᠢᠯᠬ᠎ᠠ᠎ᠲᠠᠢ᠎ᠪᠠᠷ ᠬᠤᠤᠷ ᠲᠡᠯᠪᠢᠬᠤ ᠵᠢ ᠴᠢᠨᠭᠭ᠎ᠠ ᠰᠡᠷᠭᠡᠢ᠌ᠯᠡᠨ᠎ᠡ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ