ᠪᠠᠴᠢᠮ ᠪᠠᠶ᠋ᠢᠳᠠᠯ᠎ᠶᠢᠨ ᠬᠠᠮᠢᠶᠠᠷᠤᠯᠲᠠ   -   ᠪᠠᠴᠢᠮ ᠪᠠᠶ᠋ᠢᠳᠠᠯ᠎ᠤᠨ ᠶᠡᠷᠤ᠎ᠶᠢᠨ ᠮᠡᠳᠡᠯᠭᠡ
ᠥᠪᠥᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠵᠢᠨ ᠬᠠᠮᠢᠶᠡᠷᠦᠯᠳᠡ ᠵᠢᠨ ᠠᠷᠭ᠎ᠠ
ᠨᠡᠶ᠋ᠢᠲᠡᠯᠡᠭᠰᠡᠨ ᠴᠠᠭ᠄ 2018-07-12

     (2008 ᠣᠨ᠎ᠤ 12 ᠳ᠋ᠣᠭ᠋ᠠᠷ ᠰᠠᠷ᠎ᠠ ᠵᠢᠨ 31᠎ᠤ ᠡᠳᠣᠷ ᠦᠪᠡᠷᠳᠡᠭᠡᠨ ᠵᠠᠰᠠᠬᠤ ᠣᠷᠣᠨ᠎ᠤ ᠠᠷᠡᠳ᠎ᠤᠨ ᠵᠠᠰᠠᠭ᠎ᠤᠨ ᠣᠷᠳᠣᠨ᠎ᠤ 162 ᠳ᠋ᠤᠭ᠋ᠠᠷ ᠲᠣᠭ᠋ᠠᠳᠣ ᠵᠠᠷᠯᠢᠭ ᠵᠶ᠋ᠠᠷ ᠨᠡᠶ᠋ᠢᠳᠡᠯᠡᠵᠦ 2018 ᠣᠨ᠎ᠤ 1 ᠳ᠋ᠣᠭᠡᠷ ᠰᠡᠷ᠎ᠠ ᠵᠢᠨ 16᠎ᠤ ᠡᠳᠣᠷ᠎ᠤᠨ 《ᠵᠠᠰᠠᠭ᠎ᠤᠨ ᠣᠷᠳᠣᠨ᠎ᠤ ᠭᠡᠰᠡᠭ ᠳᠥᠷᠢᠮ ᠲᠣᠠᠠᠳᠠᠭ᠋ᠠᠯ᠎ᠳᠤ ᠵᠠᠰᠠᠪᠦᠷᠢ ᠣᠷᠣᠭᠤᠯᠬᠤ ᠲᠣᠬᠠᠢ ᠦᠪᠤᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠠᠷᠡᠳ᠎ᠤᠨ ᠵᠠᠰᠠᠭ᠎ᠤᠨ ᠣᠷᠳᠣᠨ᠎ᠤ ᠲᠣᠠᠠᠳᠠᠭ᠋ᠠᠯ》᠎ᠢ ᠦᠨᠳᠣᠰᠣᠯᠡᠨ ᠵᠠᠰᠠᠪᠦᠷᠢ ᠣᠷᠣᠭᠤᠯᠪᠡ)


        ᠨᠢᠭᠡᠳᠣᠭᠡᠷ ᠪᠦᠯᠥᠭ   ᠶᠡᠷᠦᠩᠭᠡᠢ ᠳᠥᠷᠢᠮ


      ᠨᠢᠭᠡᠳᠣᠭᠡᠷ ᠵᠤᠶ᠋ᠢᠯ   ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠵᠢ ᠴᠢᠩᠭ᠋ᠠᠳᠬᠠᠵᠦ᠂ ᠠᠷᠠᠳ ᠢᠷᠭᠡᠳ᠎ᠤᠨ ᠠᠮᠢ ᠨᠠᠰᠥ ᠡᠳ᠋ ᠬᠦᠷᠦᠩᠭᠡ ᠵᠢᠨ ᠠᠮᠥᠷ ᠳᠥᠪᠰᠢᠨ ᠪᠣᠯᠤᠨ ᠤᠯᠠᠨ ᠨᠡᠶ᠋ᠢᠲᠡ ᠵᠢᠨ ᠠᠮᠤᠷ ᠲᠦᠪᠰᠢᠨ᠎ᠢ ᠪᠠᠳᠣᠯᠠᠨ᠂ ᠠᠵᠦ ᠠᠬᠤᠢ ᠨᠡᠶ᠋ᠢᠭᠡᠮ᠎ᠤᠨ ᠬᠦᠭᠵᠢᠯᠳᠡ ᠵᠢ ᠠᠬᠢᠭᠤᠯᠬᠤ ᠵᠢᠨ ᠲᠣᠰᠡᠳᠡ᠂ 《ᠪᠦᠬᠦᠲᠡ ᠨᠡᠶ᠋ᠢᠷᠡᠮᠳᠡᠬᠤ ᠲᠣᠮᠳᠠᠳᠣ ᠠᠷᠡᠳ ᠣᠯᠥᠰ᠎ᠤᠨ ᠴᠠᠭ ᠠᠭᠤᠷ᠎ᠤᠨ ᠬᠠᠦᠯᠢ》᠂ 《ᠦᠪᠤᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠴᠠᠭ ᠠᠭᠤᠷ᠎ᠤᠨ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠳᠥᠷᠢᠮ》 ᠵᠢᠴᠢ ᠬᠤᠯᠪᠤᠠᠠᠳᠡᠯ ᠪᠦᠬᠦᠢ ᠬᠠᠦᠯᠢ ᠴᠠᠭ᠋ᠠᠵᠠ᠂ ᠬᠠᠦᠯᠢ ᠲᠣᠠᠠᠳᠠᠭ᠋ᠠᠯ᠎ᠢ ᠦᠨᠳᠣᠰᠣᠯᠡᠨ᠂ ᠦᠪᠡᠷᠳᠡᠭᠡᠨ ᠵᠠᠰᠠᠬᠤ ᠣᠷᠣᠨ᠎ᠤ ᠪᠤᠳᠡᠳᠡᠢ᠎ᠲᠠᠢ ᠣᠶᠠᠯᠳᠣᠭᠤᠯᠵᠦ᠂ ᠲᠣᠰ ᠠᠷᠭ᠎ᠠ ᠵᠢ ᠲᠣᠠᠠᠳᠠᠭ᠋ᠠᠪᠠ᠃
      ᠬᠤᠶᠠᠳᠣᠭ᠋ᠠᠷ ᠵᠤᠶ᠋ᠢᠯ   ᠦᠪᠡᠷᠳᠡᠭᠡᠨ ᠵᠠᠰᠠᠬᠤ ᠣᠷᠣᠨ᠎ᠤ ᠵᠠᠰᠠᠭ ᠵᠠᠬᠢᠷᠭ᠋ᠠᠨ᠎ᠤ ᠣᠷᠣᠨ᠎ᠤ ᠳᠣᠳᠣᠷ᠎ᠠ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠠᠵᠢᠯ᠎ᠢ ᠡᠷᠬᠢᠯᠡᠵᠦ ᠪᠠᠶ᠋ᠢᠭ᠎ᠠ ᠨᠢᠭᠡᠴᠡ ᠪᠠ ᠬᠤᠪᠢ ᠬᠦᠮᠦᠨ᠂ ᠲᠣᠰ ᠠᠷᠭ᠎ᠠ ᠵᠢ ᠵᠢᠷᠣᠮᠯᠠᠨ ᠰᠠᠬᠢᠬᠤ ᠭᠡᠷᠡᠭᠳᠡᠢ᠃
      ᠭᠤᠷᠪᠠᠳᠣᠭ᠋ᠠᠷ ᠵᠤᠶ᠋ᠢᠯ   ᠲᠣᠰ ᠠᠷᠭ᠎ᠠ᠎ᠳᠤ ᠬᠡᠯᠡᠵᠦ ᠪᠠᠶ᠋ᠢᠭ᠎ᠠ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠭᠡᠳᠡᠭ᠎ᠨᠢ᠂ ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠪᠠ ᠪᠠᠭ᠋ᠠᠰᠬᠠᠬᠤ ᠠᠵᠢᠯᠯᠠᠭ᠎ᠠ ᠵᠢ ᠵᠢᠭ᠋ᠠᠵᠦ ᠪᠤᠢ᠂ ᠡᠬᠦᠨ᠎ᠳᠤ ᠠᠶᠣᠩᠭ᠎ᠠ ᠴᠠᠬᠢᠯᠭ᠋ᠠᠨ ᠪᠠ ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠰᠣᠳᠣᠯᠭ᠋ᠠᠨ᠂ ᠬᠢᠨᠡᠨ ᠰᠢᠨᠵᠢᠬᠦ᠂ ᠣᠷᠢᠳᠴᠢᠯᠠᠨ ᠰᠡᠷᠡᠮᠵᠢᠯᠡᠬᠦ᠂ ᠰᠡᠷᠭᠡᠶ᠋ᠢᠯᠡᠨ ᠬᠠᠮᠠᠭ᠋ᠠᠯᠠᠬᠤ᠂ ᠪᠠᠴᠢᠮ ᠪᠠᠶ᠋ᠢᠳᠡᠯ᠎ᠢ ᠠᠷᠭ᠋ᠠᠴᠠᠬᠤ ᠵᠢᠴᠢ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠶ᠋ᠢᠴᠠᠭ᠋ᠠᠯᠳᠡ᠂ ᠬᠢᠨᠡᠨ ᠲᠣᠠᠠᠳᠠᠭ᠋ᠠᠯᠳᠡ ᠪᠠ ᠠᠶᠤᠯ ᠳᠥᠭᠰᠢᠬᠦᠷᠢ ᠵᠢ ᠦᠨᠡᠯᠡᠨ ᠵᠢᠱ᠌ᠢᠬᠦ ᠵᠡᠷᠭᠡ ᠪᠠᠭᠳᠠᠨ᠎ᠠ᠃
      ᠳᠥᠷᠪᠡᠳᠣᠭᠡᠷ ᠵᠤᠶ᠋ᠢᠯ   ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠠᠵᠢᠯ᠎ᠨᠢ ᠠᠮᠥᠷ ᠳᠥᠪᠰᠢᠨ᠎ᠢ ᠳᠡᠷᠢᠬᠦᠨ᠎ᠳᠤ ᠳᠡᠯᠪᠢᠵᠦ᠂ ᠣᠷᠢᠳᠴᠢᠯᠠᠨ ᠰᠡᠷᠭᠡᠶ᠋ᠢᠯᠡᠬᠦ᠎ᠪᠠᠷ ᠭᠤᠤᠯ ᠪᠤᠯᠭ᠋ᠠᠨ᠂ ᠰᠡᠷᠭᠡᠶ᠋ᠢᠯᠡᠬᠦ ᠪᠠ ᠵᠠᠰᠠᠬᠤ ᠵᠢ ᠣᠶᠠᠯᠳᠣᠭᠤᠯᠬᠤ ᠵᠠᠷᠴᠢᠮ᠎ᠢ ᠪᠡᠷᠢᠮᠳᠡᠯᠡᠬᠤ ᠭᠡᠷᠡᠭᠳᠡᠢ᠃
      ᠲᠠᠪᠤᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠨᠢ ᠳᠡᠭᠡᠳᠦ ᠱᠠᠳᠣᠨ᠎ᠤ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠪᠤᠯᠥᠨ ᠲᠣᠰ ᠱᠠᠳᠣᠨ᠎ᠤ ᠠᠷᠡᠳ᠎ᠤᠨ ᠵᠠᠰᠠᠭ᠎ᠤᠨ ᠣᠷᠳᠣᠨ᠎ᠤ ᠣᠳᠣᠷᠢᠳᠣᠯᠭ᠎ᠠ ᠲᠣᠣᠷ᠎ᠠ᠂ ᠲᠣᠰ ᠵᠠᠰᠠᠭ ᠵᠠᠬᠢᠷᠭ᠋ᠠᠨ᠎ᠤ ᠣᠷᠣᠨ᠎ᠤ ᠳᠣᠳᠣᠷᠡᠬᠢ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠠᠵᠢᠯ᠎ᠢ ᠬᠠᠷᠢᠭᠤᠴᠠᠨ᠎ᠠ᠃ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠵᠢ ᠪᠠᠶ᠋ᠢᠷᠢᠯᠠᠭᠤᠯᠥᠠᠠᠰᠠᠨ ᠦᠭᠡᠢ ᠣᠷᠣᠨ᠎ᠤ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠠᠵᠢᠯ᠎ᠢ ᠳᠡᠭᠡᠳᠦ ᠨᠢᠭᠡ ᠱᠠᠳᠣᠨ᠎ᠤ ᠴᠠᠭ ᠠᠭᠤᠷ᠎ᠤᠨ ᠭᠤᠤᠯᠴᠢᠯᠠᠨ ᠬᠠᠮᠢᠶᠠᠷᠬᠤ ᠪᠠᠶ᠋ᠢᠭᠤᠯᠥᠮᠵᠢ᠎ᠠᠴᠠ ᠬᠠᠷᠢᠭᠤᠴᠠᠨ᠎ᠠ᠃
      ᠲᠣᠳᠣᠭ᠋ᠠᠳᠦ ᠵᠢ ᠬᠠᠮᠠᠭ᠋ᠠᠯᠠᠬᠤ᠂ ᠠᠶᠣᠯ ᠦᠭᠡᠢ ᠦᠢ᠍ᠯᠡᠳᠪᠦᠷᠢᠯᠡᠯ᠎ᠤᠨ ᠬᠢᠨᠡᠯᠳᠡ ᠳᠡᠯᠪᠢᠬᠤ᠂ ᠶᠠᠰᠣ ᠴᠢᠨᠡᠷ᠎ᠲᠤ ᠮᠡᠷᠭᠡᠵᠢᠯ᠎ᠤᠨ ᠬᠢᠨᠡᠯᠳᠡ ᠳᠡᠯᠪᠢᠬᠤ᠂ ᠪᠦᠳᠦᠭᠡᠨ ᠪᠠᠶ᠋ᠢᠭᠤᠯᠥᠯᠳᠡ ᠪᠤᠯᠥᠨ ᠳᠥᠯᠥᠪᠵᠢᠬᠦᠯᠭᠡ ᠵᠡᠷᠭᠡ ᠵᠠᠰᠠᠭ ᠵᠠᠬᠢᠷᠭ᠋ᠠᠨ᠎ᠤ ᠬᠠᠮᠢᠶᠡᠷᠦᠯᠳᠡ ᠵᠢᠨ ᠰᠠᠯᠠᠭ᠎ᠠ ᠮᠦᠴᠢᠷ᠎ᠨᠢ ᠲᠣᠰ ᠲᠣᠰ᠎ᠤᠨ ᠡᠬᠦᠷᠭᠡ ᠬᠠᠷᠢᠭᠤᠴᠠᠯᠭ᠎ᠠ ᠶᠣᠰᠣᠭ᠋ᠠᠷ᠂ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠠᠵᠢᠯ᠎ᠢ ᠰᠠᠶ᠋ᠢᠳᠣᠷ ᠬᠢᠬᠦ ᠭᠡᠷᠡᠭᠳᠡᠢ᠃
      ᠴᠠᠬᠢᠯᠭ᠋ᠠᠨ ᠬᠦᠴᠣᠨ᠎ᠤ ᠠᠵᠦ ᠠᠬᠤᠶ᠋ᠢᠯᠠᠯ᠎ᠨᠢ ᠴᠠᠬᠢᠯᠭ᠋ᠠᠨ ᠬᠦᠴᠣᠨ᠎ᠤ ᠦᠨᠳᠣᠷ ᠬᠦᠴᠣᠳᠡᠯᠳᠦ ᠴᠠᠬᠢᠯᠭ᠋ᠠᠨ ᠣᠳᠠᠰᠣ᠂ ᠴᠠᠬᠢᠯᠭ᠋ᠠᠨ ᠬᠤᠪᠢᠰᠬᠠᠭᠤᠷ᠂ ᠦᠨᠳᠣᠷ ᠬᠦᠴᠣᠳᠡᠯᠳᠦ ᠪᠡᠯᠡᠳᠭᠡᠮᠵᠢ ᠵᠢᠨ ᠠᠶᠤᠩᠭ᠎ᠠ ᠴᠠᠬᠢᠯᠭ᠋ᠠᠨ᠎ᠤ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠠᠵᠢᠯ᠎ᠢ ᠬᠠᠷᠢᠭᠤᠴᠠᠬᠤ ᠵᠢᠨ ᠬᠠᠮᠳᠣ᠂ ᠲᠣᠬᠠᠢ ᠵᠢᠨ ᠭᠠᠵᠡᠷ᠎ᠤᠨ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠵᠢᠨ ᠬᠢᠨᠡᠯᠳᠡ ᠲᠠᠯᠪᠢᠯᠲᠠ ᠵᠢ ᠬᠦᠯᠢᠶᠡᠨ᠎ᠠ᠃
      ᠵᠢᠷᠭᠤᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠠᠷᠡᠳ᠎ᠤᠨ ᠵᠠᠰᠠᠭ᠎ᠤᠨ ᠣᠷᠳᠣᠨ᠎ᠨᠢ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠵᠢᠨ ᠠᠵᠢᠯ᠎ᠤᠨ ᠣᠳᠣᠷᠢᠳᠣᠯᠭ᠎ᠠ ᠪᠠ ᠵᠤᠬᠢᠴᠠᠭᠤᠯᠭ᠎ᠠ᠎ᠪᠠᠨ ᠴᠢᠩᠭ᠋ᠠᠳᠬᠠᠵᠦ᠂ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠠᠵᠢᠯ᠎ᠢ ᠲᠣᠰ ᠱᠠᠳᠣᠨ᠎ᠤ ᠣᠯᠥᠰ ᠠᠷᠡᠳ᠎ᠤᠨ ᠠᠵᠦ ᠠᠬᠤᠢ ᠪᠠ ᠨᠡᠶ᠋ᠢᠭᠡᠮ᠎ᠤᠨ ᠬᠦᠭᠵᠢᠯᠳᠡ ᠵᠢᠨ ᠳᠥᠯᠥᠪᠵᠢᠬᠦᠯᠬᠡ ᠵᠢᠴᠢ ᠠᠶᠣᠯ ᠦᠭᠡᠢ ᠦᠢ᠍ᠯᠡᠳᠪᠦᠷᠢᠯᠡᠯ᠎ᠤᠨ ᠬᠢᠨᠡᠯᠳᠡ ᠬᠠᠮᠢᠶᠡᠷᠦᠯᠳᠡ ᠵᠢᠨ ᠠᠵᠢᠯ᠎ᠤᠨ ᠭᠡᠪᠴᠢᠶᠡᠨ᠎ᠳᠤ ᠣᠷᠣᠭᠤᠯᠥᠨ᠂ ᠭᠡᠷᠡᠭᠰᠡᠵᠦ ᠪᠦᠬᠦᠢ ᠵᠠᠷᠣᠳᠡᠯ᠎ᠢ ᠲᠣᠰ ᠱᠠᠳᠣᠨ᠎ᠤ ᠡᠳ᠋᠎ᠤᠨ ᠵᠠᠰᠠᠭ᠎ᠤᠨ ᠳᠥᠰᠥᠪ᠎ᠲᠤ ᠣᠷᠣᠭᠤᠯᠬᠤ ᠵᠢᠨ ᠬᠠᠮᠳᠣ ᠣᠷᠣᠭᠤᠯᠥᠯᠳᠡ᠎ᠪᠠᠨ ᠠᠯᠬᠤᠮ ᠠᠯᠬᠤᠮ ᠵᠶ᠋ᠠᠷ ᠨᠡᠮᠡᠭᠳᠡᠬᠦᠯᠬᠦ ᠭᠡᠷᠡᠭᠳᠡᠢ᠃
      ᠲᠤᠯᠥᠳᠣᠭ᠋ᠠᠷ ᠵᠤᠶ᠋ᠢᠯ   ᠦᠪᠡᠷᠳᠡᠭᠡᠨ ᠵᠠᠰᠠᠬᠤ ᠣᠷᠣᠨ᠎ᠠᠴᠠ ᠠᠶᠤᠩᠭ᠎ᠠ ᠰᠡᠷᠭᠡᠶ᠋ᠢᠯᠡᠬᠦ ᠰᠢᠨᠵᠢᠯᠡᠬᠦ ᠣᠬᠠᠭ᠋ᠠᠨ ᠮᠡᠷᠭᠡᠵᠢᠯ᠎ᠤᠨ ᠰᠣᠳᠣᠯᠭ᠋ᠠᠨ ᠪᠠ ᠨᠡᠭᠡᠭᠡᠨ ᠠᠰᠢᠠᠠᠯᠠᠬᠤ ᠵᠢ ᠦᠷᠨᠢᠬᠦᠯᠬᠦ ᠵᠢ ᠵᠣᠷᠢᠠᠠᠵᠢᠭᠤᠯᠥᠨ᠂ ᠠᠶᠤᠩᠭ᠎ᠠ ᠰᠡᠷᠭᠡᠶ᠋ᠢᠯᠡᠬᠦ ᠰᠢᠨᠵᠢᠯᠡᠬᠦ ᠣᠬᠠᠭ᠋ᠠᠨ ᠮᠡᠷᠭᠡᠵᠢᠯ᠎ᠤᠨ ᠰᠣᠳᠣᠯᠭ᠋ᠠᠨ᠎ᠤ ᠦᠷ᠎ᠠ ᠪᠦᠳᠦᠭᠡᠯ᠎ᠢ ᠳᠡᠯᠭᠡᠷᠡᠬᠦᠯᠥᠨ ᠭᠡᠷᠡᠭᠯᠡᠵᠦ᠂ ᠠᠶᠤᠩᠭ᠎ᠠ ᠰᠡᠷᠭᠡᠶ᠋ᠢᠯᠡᠬᠦ ᠪᠠᠷᠢᠮᠵᠢᠶᠡᠵᠢᠭᠤᠯᠥᠠᠠᠰᠠᠨ ᠠᠵᠢᠯ᠎ᠢ ᠴᠢᠩᠭ᠋ᠠᠳᠬᠠᠨ᠂ ᠠᠶᠣᠩᠭ᠎ᠠ ᠰᠡᠷᠭᠡᠶ᠋ᠢᠯᠡᠬᠦ ᠮᠡᠷᠭᠡᠵᠢᠯ᠎ᠤᠨ ᠬᠢᠷᠢ ᠭᠡᠮᠵᠢᠶ᠎ᠠ ᠵᠢ ᠳᠡᠭᠡᠭᠰᠢᠯᠡᠬᠦᠯᠵᠦ᠂ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠰᠢᠨᠵᠢᠯᠡᠬᠦ ᠣᠬᠠᠭ᠋ᠠᠨ ᠮᠡᠷᠭᠡᠵᠢᠯ᠎ᠢ ᠳᠥᠭᠡᠮᠡᠯᠵᠢᠬᠦᠯᠬᠦ ᠣᠬᠠᠭᠤᠯᠥᠯ᠎ᠢ ᠦᠷᠨᠢᠬᠦᠯᠥᠨ᠂ ᠪᠦᠬᠦ ᠠᠷᠡᠳ᠎ᠤᠨ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠦᠵᠡᠯ ᠣᠬᠠᠮᠰᠡᠷ᠎ᠢ ᠴᠢᠩᠭ᠋ᠠᠳᠬᠠᠨ᠎ᠠ᠃
      ᠨᠠᠢ᠍ᠮᠠᠳᠣᠭ᠋ᠠᠷ ᠵᠤᠶ᠋ᠢᠯ   ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠠᠵᠢᠯ᠎ᠤᠨ ᠲᠣᠮᠳᠡ ᠲᠣᠪᠣᠶ᠋ᠢᠮ᠎ᠠ ᠬᠤᠪᠢ ᠨᠡᠮᠡᠷᠢ ᠦᠵᠡᠬᠦᠯᠥᠭᠰᠡᠨ ᠨᠢᠭᠡᠴᠡ ᠪᠠ ᠬᠤᠪᠢ ᠬᠦᠮᠦᠨ᠎ᠢ ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠠᠷᠡᠳ᠎ᠤᠨ ᠵᠠᠰᠠᠭ᠎ᠤᠨ ᠣᠷᠳᠣᠨ ᠪᠤᠶᠤ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠠᠴᠠ ᠰᠠᠶ᠋ᠢᠰᠢᠶᠡᠨ ᠬᠦᠬᠢᠬᠦᠯᠥᠨ᠎ᠠ᠃


        ᠬᠤᠶᠡᠳᠣᠭ᠋ᠠᠷ ᠪᠦᠯᠥᠭ   ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ


      ᠶᠢᠰᠦᠳᠣᠭᠡᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠠᠷᠡᠳ᠎ᠤᠨ ᠵᠠᠰᠠᠭ᠎ᠤᠨ ᠣᠷᠳᠣᠨ᠎ᠨᠢ ᠲᠣᠰ ᠱᠠᠳᠣᠨ᠎ᠤ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠪᠤᠯᠥᠨ ᠲᠣᠳᠣᠭ᠋ᠠᠳᠦ ᠵᠢ ᠬᠠᠮᠠᠭ᠋ᠠᠯᠠᠬᠤ᠂ ᠠᠶᠣᠯ ᠦᠭᠡᠢ ᠦᠢ᠍ᠯᠡᠳᠪᠦᠷᠢᠯᠡᠯ᠎ᠤᠨ ᠬᠢᠨᠡᠯᠳᠡ ᠳᠡᠯᠪᠢᠬᠤ᠂ ᠶᠠᠰᠣ ᠴᠢᠨᠡᠷ᠎ᠲᠤ ᠮᠡᠷᠭᠡᠵᠢᠯ᠎ᠤᠨ ᠬᠢᠨᠡᠯᠳᠡ ᠳᠡᠯᠪᠢᠬᠤ᠂ ᠪᠦᠳᠦᠭᠡᠨ ᠪᠠᠶ᠋ᠢᠭᠤᠯᠥᠯᠳᠡ ᠪᠤᠯᠥᠨ ᠳᠥᠯᠥᠪᠵᠢᠬᠦᠯᠭᠡ ᠵᠡᠷᠭᠡ ᠬᠤᠯᠪᠤᠠᠠᠳᠡᠯ ᠪᠦᠬᠦᠢ ᠰᠠᠯᠠᠭ᠎ᠠ ᠮᠦᠴᠢᠷ᠎ᠢ ᠵᠤᠬᠢᠶᠡᠨ ᠪᠠᠶ᠋ᠢᠭᠤᠯᠥᠨ ᠲᠣᠰ ᠬᠠᠷᠢᠶ᠎ᠠ ᠣᠷᠣᠨ᠎ᠤ ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠳᠥᠯᠥᠪᠵᠢᠬᠦᠯᠬᠡ ᠵᠢ ᠨᠡᠶ᠋ᠢᠷᠡᠭᠤᠯᠥᠨ ᠵᠤᠬᠢᠶᠡᠵᠦ᠂ ᠳᠡᠭᠡᠳᠦ ᠨᠢᠭᠡ ᠱᠠᠳᠣᠨ᠎ᠤ ᠠᠷᠡᠳ᠎ᠤᠨ ᠵᠠᠰᠠᠭ᠎ᠤᠨ ᠣᠷᠳᠣᠨ ᠵᠶ᠋ᠠᠷ ᠵᠦᠪᠰᠢᠶᠡᠷᠡᠬᠦᠯᠥᠭᠰᠡᠨ᠎ᠤ ᠳᠡᠷᠠᠭ᠎ᠠ ᠭᠡᠷᠡᠭᠵᠢᠬᠦᠯᠦᠨ᠎ᠡ᠃
      ᠠᠷᠪᠠᠳᠣᠭ᠋ᠠᠷ ᠵᠤᠶ᠋ᠢᠯ   ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠳᠥᠯᠥᠪᠵᠢᠬᠦᠯᠬᠡ᠎ᠳᠤ ᠲᠣᠣᠷᠡᠬᠢ ᠮᠡᠳᠣ ᠠᠭᠤᠯᠭ᠎ᠠ ᠪᠠᠭᠳᠠᠨ᠎ᠠ᠄
     (ᠨᠢᠭᠡ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠣᠳᠣᠬᠢ ᠪᠠᠶ᠋ᠢᠳᠡᠯ᠎ᠤᠨ ᠵᠠᠳᠡᠯᠥᠯᠳᠡ;
     (ᠬᠤᠶᠡᠷ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠵᠢᠨ ᠵᠠᠷᠴᠢᠮ ᠪᠠ ᠬᠠᠷᠡᠯᠳᠡ;
     (ᠭᠤᠷᠪᠡ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ ᠠᠮᠠᠷᠬᠠᠨ ᠭᠠᠷᠬᠤ ᠣᠷᠣᠨ ᠪᠦᠰᠡ ᠪᠠ ᠭᠤᠤᠯᠳᠡᠯᠭ᠎ᠠ᠎ᠲᠠᠢ ᠰᠡᠷᠭᠡᠶ᠋ᠢᠯᠡᠨ ᠬᠤᠷᠢᠠᠠᠯᠠᠬᠤ ᠣᠷᠣᠨ ᠪᠦᠰᠡ;
     (ᠳᠥᠷᠪᠡ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠬᠢᠨᠡᠨ ᠰᠢᠨᠵᠢᠯᠳᠡ᠂ ᠣᠷᠢᠳᠴᠢᠯᠠᠨ ᠰᠡᠷᠡᠮᠵᠢᠯᠡᠬᠦ ᠪᠡᠷᠢᠯᠭ᠎ᠠ ᠵᠢᠨ ᠪᠦᠳᠦᠭᠡᠨ ᠪᠠᠶ᠋ᠢᠭᠤᠯᠥᠯᠳᠡ;
     (ᠲᠠᠪᠤ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠠᠷᠭ᠎ᠠ ᠭᠡᠮᠵᠢᠶ᠎ᠠ;
     (ᠵᠢᠷᠭᠤᠭ᠎ᠠ) ᠬᠠᠦᠯᠢ ᠴᠠᠭ᠋ᠠᠵᠠ᠂ ᠬᠠᠦᠯᠢ ᠲᠣᠠᠠᠳᠠᠭ᠋ᠠᠯ᠎ᠳᠤ ᠲᠣᠠᠠᠳᠠᠭ᠋ᠠᠠᠠᠰᠠᠨ ᠪᠣᠰᠣᠳ ᠠᠭᠤᠯᠭ᠎ᠠ᠃
      ᠠᠷᠪᠡᠨ ᠨᠢᠭᠡᠳᠣᠭᠡᠷ ᠵᠤᠶ᠋ᠢᠯ   ᠦᠪᠡᠷᠳᠡᠭᠡᠨ ᠵᠠᠰᠠᠬᠤ ᠣᠷᠣᠨ᠎ᠤ ᠳᠣᠳᠣᠷᠡᠬᠢ ᠲᠤᠮᠥ ᠭᠡᠯᠪᠡᠷᠢ ᠵᠢᠨ ᠪᠡᠷᠢᠯᠭ᠎ᠠ᠂ ᠭᠤᠤᠯᠳᠡᠯᠭ᠎ᠠ᠎ᠲᠠᠢ ᠪᠡᠷᠢᠯᠭ᠎ᠠ᠂ ᠣᠯᠡᠨ ᠨᠠᠶ᠋ᠢᠲᠡ ᠵᠢᠨ ᠴᠢᠬᠤᠯᠡ ᠰᠠᠭᠤᠷᠢ ᠪᠡᠯᠡᠳᠭᠡᠮᠵᠢ᠂ ᠳᠡᠯᠪᠡᠷᠡᠬᠦ ᠠᠶᠣᠯᠳᠡᠢ ᠪᠡᠯᠡᠳᠭᠡᠮᠵᠢ ᠵᠡᠷᠭᠡ ᠪᠦᠳᠦᠭᠡᠨ ᠪᠠᠶ᠋ᠢᠭᠤᠯᠥᠯᠳᠡ ᠵᠢᠨ ᠳᠥᠷᠦᠯ ᠵᠤᠶ᠋ᠢᠯ᠎ᠤᠨ ᠪᠤᠯᠥᠮᠵᠢᠳᠦ ᠨᠣᠳᠡᠯᠠᠯᠳᠡ ᠵᠢᠨ ᠮᠡᠳᠡᠬᠦᠯᠥᠯᠳᠡ᠎ᠳᠤ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠵᠢᠨ ᠬᠠᠷᠢᠭᠤᠴᠠᠨ ᠵᠤᠬᠢᠶᠡᠨ ᠪᠠᠶ᠋ᠢᠭᠤᠯᠵᠦ ᠪᠠᠶ᠋ᠢᠭ᠋ᠠᠳ ᠬᠢᠭᠰᠡᠨ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠠᠶᠤᠯ ᠳᠥᠭᠰᠢᠬᠦᠷᠢ ᠵᠢᠨ ᠦᠨᠡᠯᠡᠨ ᠵᠢᠱ᠌ᠢᠭᠰᠡᠨ ᠮᠡᠳᠡᠬᠦᠯᠥᠯᠳᠡ ᠪᠠᠶ᠋ᠢᠬᠤ ᠭᠡᠷᠡᠭᠳᠡᠢ᠃
      ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠠᠶᠤᠯ ᠳᠥᠭᠰᠢᠬᠦᠷᠢ ᠵᠢᠨ ᠦᠨᠡᠯᠡᠨ ᠵᠢᠱ᠌ᠢᠭᠰᠡᠨ ᠮᠡᠳᠡᠬᠦᠯᠥᠯᠳᠡ᠎ᠳᠤ ᠲᠣᠣᠷᠡᠬᠢ ᠮᠡᠳᠣ ᠠᠭᠤᠯᠭ᠎ᠠ ᠪᠠᠭᠳᠠᠨ᠎ᠠ᠄
     (ᠨᠢᠭᠡ) ᠳᠥᠷᠦᠯ ᠵᠤᠶ᠋ᠢᠯ᠎ᠤᠨ ᠪᠠᠶ᠋ᠢᠭ᠎ᠠ ᠭᠠᠵᠡᠷ᠎ᠤᠨ ᠠᠶᠣᠩᠭ᠎ᠠ ᠴᠠᠬᠢᠯᠭ᠋ᠠᠨ᠎ᠤ ᠠᠵᠢᠯᠯᠠᠭ᠎ᠠ ᠵᠢᠨ ᠵᠢᠮ᠎ᠠ ᠶᠣᠰᠣ ᠪᠠ ᠭᠠᠵᠡᠷ ᠵᠦᠢ᠂ ᠭᠠᠵᠡᠷ ᠰᠢᠨᠵᠢᠯᠡᠭᠡ᠂ ᠬᠦᠷᠦᠰᠦ ᠰᠢᠷᠦᠢ᠂ ᠣᠷᠭᠤᠮᠠᠯ᠎ᠤᠨ ᠪᠦᠷᠬᠦᠴᠡ ᠵᠡᠷᠭᠡ ᠵᠢᠨ ᠣᠷᠴᠢᠨ ᠲᠤᠭᠤᠷᠢᠨ᠎ᠤ ᠪᠠᠶ᠋ᠢᠳᠡᠯ;
     (ᠬᠤᠶᠡᠷ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠠᠴᠠ ᠪᠣᠯᠵᠤ ᠮᠡᠳᠡᠬᠦ ᠬᠤᠣᠷ ᠬᠦᠨᠦᠭᠡᠯ᠎ᠤᠨ ᠵᠠᠳᠡᠯᠥᠯᠳᠡ᠂ ᠣᠷᠢᠳᠴᠢᠯᠠᠨ ᠰᠢᠨᠵᠢᠯᠳᠡ ᠪᠠ ᠦᠨᠡᠯᠡᠨ ᠵᠢᠱ᠌ᠢᠯᠳᠡ;
     (ᠭᠤᠷᠪᠡ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠪᠠ ᠪᠠᠭ᠋ᠠᠰᠬᠠᠬᠤ ᠰᠠᠨᠠᠭᠤᠯᠭ᠎ᠠ ᠪᠠ ᠠᠷᠭ᠎ᠠ ᠭᠡᠮᠵᠢᠶ᠎ᠠ;
     (ᠳᠥᠷᠪᠡ) ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠠᠶᠣᠯ ᠳᠥᠭᠰᠢᠬᠦᠷᠢ ᠵᠢᠨ ᠦᠨᠡᠯᠡᠨ ᠵᠢᠱ᠌ᠢᠭᠰᠡᠨ ᠳ᠋ᠦ᠍ᠢ᠍ᠩᠨᠡᠯᠳᠡ᠃
      ᠠᠷᠪᠡᠨ ᠬᠤᠶᠠᠳᠣᠭ᠋ᠠᠷ ᠵᠤᠶ᠋ᠢᠯ   ᠡᠯ᠎ᠠ ᠳᠥᠷᠦᠯ᠎ᠤᠨ ᠪᠡᠷᠢᠯᠭ᠎ᠠ (ᠲᠤᠨᠤᠠᠠᠯᠠᠭ᠋ᠠᠰᠦ)᠂ ᠳᠡᠯᠡᠪᠤᠷ ᠭᠠᠵᠡᠷ ᠪᠠ ᠪᠡᠯᠡᠳᠭᠡᠮᠵᠢ᠎ᠳᠤ ᠠᠶᠣᠩᠭ᠎ᠠ ᠴᠠᠬᠢᠯᠭ᠋ᠠᠨ᠎ᠤ ᠰᠡᠷᠭᠡᠶ᠋ᠢᠯᠡᠨ ᠬᠠᠮᠠᠭ᠋ᠠᠯᠠᠬᠤ ᠲᠣᠨᠤᠭ ᠳᠦᠬᠦᠭᠡᠷᠦᠮᠵᠢ ᠣᠠᠠᠰᠠᠷᠡᠬᠤ᠎ᠳᠠᠭᠠᠨ ᠣᠯᠥᠰ᠎ᠤᠨ ᠬᠤᠯᠪᠤᠠᠠᠳᠡᠯ ᠪᠦᠬᠦᠢ ᠠᠶᠣᠩᠭ᠎ᠠ ᠰᠡᠷᠭᠡᠶ᠋ᠢᠯᠡᠬᠦ ᠪᠡᠷᠢᠮᠵᠢᠶ᠎ᠠ ᠵᠢᠨ ᠲᠣᠠᠠᠳᠠᠭ᠋ᠠᠯ᠎ᠳᠤ ᠨᠡᠶ᠋ᠢᠴᠡᠬᠦ ᠭᠡᠷᠡᠭᠳᠡᠢ᠃ ᠰᠢᠨ᠎ᠡ᠎ᠪᠠᠷ ᠪᠠᠶ᠋ᠢᠭᠤᠯᠥᠠᠠᠰᠠᠨ᠂ ᠦᠭᠡᠷᠡᠴᠢᠯᠡᠨ ᠪᠠᠶ᠋ᠢᠭᠤᠯᠥᠠᠠᠰᠠᠨ᠂ ᠦᠷᠭᠡᠳᠭᠡᠨ ᠪᠠᠶ᠋ᠢᠭᠤᠯᠥᠠᠠᠰᠠᠨ ᠪᠡᠷᠢᠯᠭ᠎ᠠ (ᠲᠤᠨᠤᠠᠠᠯᠠᠭ᠋ᠠᠰᠦ)᠂ ᠳᠡᠯᠡᠪᠤᠷ ᠭᠠᠵᠡᠷ ᠪᠠ ᠪᠡᠯᠡᠳᠭᠡᠮᠵᠢ ᠵᠢᠨ ᠠᠶᠣᠩᠭ᠎ᠠ ᠴᠠᠬᠢᠯᠭ᠋ᠠᠨ᠎ᠤ ᠰᠡᠷᠭᠡᠶ᠋ᠢᠯᠡᠨ ᠬᠠᠮᠠᠭ᠋ᠠᠯᠠᠬᠤ ᠲᠣᠨᠤᠭ ᠳᠦᠬᠦᠭᠡᠷᠦᠮᠵᠢ ᠵᠢ ᠭᠤᠤᠯ ᠴᠣᠠᠠᠴᠠ ᠵᠢᠨ ᠪᠡᠷᠢᠯᠭ᠎ᠠ᠎ᠯᠤᠭ᠎ᠠ ᠵᠠᠷᠭᠡᠪᠡᠷ ᠵᠢᠷᠣᠠᠠᠯᠠᠨ ᠳᠥᠯᠥᠪᠯᠡᠵᠦ᠂ ᠵᠠᠷᠭᠡᠪᠡᠷ ᠪᠠᠷᠢᠵᠦ᠂ ᠵᠠᠷᠭᠡᠪᠡᠷ ᠠᠰᠢᠠᠠᠯᠠᠯᠳᠡ᠎ᠳᠤ ᠣᠷᠣᠭᠤᠯᠥᠨ ᠭᠡᠷᠡᠭᠯᠡᠭᠰᠡᠨ ᠪᠠᠶ᠋ᠢᠬᠤ ᠭᠡᠷᠡᠭᠳᠡᠢ᠃
      ᠰᠢᠨ᠎ᠡ᠎ᠪᠠᠷ ᠪᠠᠶ᠋ᠢᠭᠤᠯᠬᠤ᠂ ᠦᠭᠡᠷᠡᠴᠢᠯᠡᠨ ᠪᠠᠶ᠋ᠢᠭᠤᠯᠬᠤ᠂ ᠦᠷᠭᠡᠳᠭᠡᠨ ᠪᠠᠶ᠋ᠢᠭᠤᠯᠬᠤ ᠪᠦᠳᠦᠭᠡᠨ ᠪᠠᠶ᠋ᠢᠭᠤᠯᠥᠯᠳᠡ ᠵᠢᠨ ᠪᠡᠷᠢᠯᠭ᠎ᠠ ᠵᠢᠨ ᠠᠶᠣᠩᠭ᠎ᠠ ᠴᠠᠬᠢᠯᠭ᠋ᠠᠨ᠎ᠤ ᠰᠡᠷᠭᠡᠶ᠋ᠢᠯᠡᠨ ᠬᠠᠮᠠᠭ᠋ᠠᠯᠠᠬᠤ ᠳᠦᠬᠦᠭᠡᠷᠦᠮᠵᠢ ᠵᠢᠨ ᠵᠢᠷᠤᠭ ᠳᠥᠯᠥᠪᠯᠡᠭᠡ ᠪᠠ ᠪᠡᠷᠢᠯᠭ᠎ᠠ ᠵᠢ ᠵᠤᠬᠢᠬᠤ ᠪᠦᠳᠦᠭᠡᠨ ᠪᠠᠶ᠋ᠢᠭᠤᠯᠥᠯᠳᠡ᠂ ᠵᠠᠰᠠᠮᠠᠯ ᠵᠠᠮ᠂ ᠣᠰᠣᠨ ᠵᠠᠮ᠂ ᠳᠡᠮᠥᠷ ᠵᠠᠮ᠂ ᠠᠷᠡᠳ᠎ᠤᠨ ᠠᠭ᠋ᠠᠷ᠎ᠤᠨ ᠠᠶᠠᠯᠠᠯ᠂ ᠣᠰᠣᠨ ᠠᠰᠢᠠᠠᠯᠠᠯᠳᠡ᠂ ᠴᠠᠬᠢᠯᠭ᠋ᠠᠨ ᠬᠦᠴᠣᠨ᠂ ᠴᠦᠮ᠎ᠠ ᠵᠢᠨ ᠴᠠᠬᠢᠯᠭ᠋ᠠᠨ᠂ ᠴᠢᠮᠡᠭᠡ ᠬᠤᠯᠪᠤᠭ᠎ᠠ ᠵᠡᠷᠭᠡ ᠲᠣᠰᠬᠠᠢ ᠪᠡᠷᠢᠯᠭ᠎ᠠ ᠵᠢᠨ ᠵᠢᠷᠤᠭ ᠳᠥᠯᠥᠪᠯᠡᠭᠡ᠂ ᠪᠡᠷᠢᠯᠭ᠎ᠠ ᠪᠡᠷᠢᠬᠤ ᠬᠢᠷᠢ ᠬᠡᠮ᠎ᠢ ᠣᠯᠥᠬᠠᠰᠠᠨ ᠨᠢᠭᠡᠴᠡ᠎ᠠᠴᠠ ᠳᠠᠭ᠋ᠠᠭ᠋ᠠᠨ ᠡᠬᠦᠷᠭᠡᠯᠡᠵᠦ ᠪᠤᠯᠥᠨ᠎ᠠ᠃
      ᠠᠷᠪᠡᠨ ᠭᠤᠷᠪᠠᠳᠣᠭ᠋ᠠᠷ ᠵᠤᠶ᠋ᠢᠯ   ᠲᠣᠰᠣᠨ ᠬᠦᠮᠦᠷᠬᠡ᠂ ᠬᠡᠢ ᠵᠢᠨ ᠬᠦᠮᠦᠷᠬᠡ᠂ ᠰᠣᠮᠥ ᠲᠡᠷᠢ ᠵᠢᠨ ᠬᠦᠮᠦᠷᠭᠡ᠂ ᠬᠢᠮᠢ ᠵᠢᠨ ᠵᠤᠶ᠋ᠢᠯᠡᠰ᠎ᠤᠨ ᠬᠦᠮᠦᠷᠭᠡ ᠪᠣᠯᠥᠨ ᠬᠤᠸᠡᠷ ᠫᠤᠤᠵᠢᠩ᠂ ᠴᠢᠯᠠᠭᠤᠨ ᠲᠣᠰᠣ ᠬᠢᠮᠢ ᠵᠡᠷᠭᠡ ᠨᠣᠴᠣᠮᠠᠳᠠᠭ᠋ᠠᠢ ᠳᠡᠯᠪᠡᠷᠡᠮᠡᠳᠡᠭᠡᠢ ᠪᠦᠳᠦᠭᠡᠨ ᠪᠠᠶ᠋ᠢᠭᠤᠯᠥᠯᠳᠡ ᠵᠢᠨ ᠪᠡᠷᠢᠯᠭ᠎ᠠ ᠪᠠ ᠳᠡᠯᠡᠪᠤᠷ ᠭᠠᠵᠡᠷ᠂ ᠠᠶᠣᠩᠭ᠎ᠠ ᠴᠠᠬᠢᠯᠭ᠋ᠠᠨ ᠬᠢᠯᠪᠠᠷ ᠭᠠᠷᠬᠤ ᠣᠷᠣᠨ᠎ᠤ ᠳᠣᠲᠤᠷᠠᠬᠢ ᠠᠭᠤᠷᠬᠠᠢ ᠵᠢᠨ ᠲᠤᠭᠤᠷᠢᠭ᠂ ᠵᠢᠭᠤᠯᠴᠢᠯᠠᠯ᠎ᠤᠨ ᠦᠵᠡᠮᠵᠢ ᠵᠢᠨ ᠣᠷᠣᠨ ᠪᠤᠶᠤ ᠠᠰᠢᠠᠠᠯᠠᠯᠳᠡ᠎ᠳᠤ ᠣᠷᠣᠠᠠᠰᠠᠨ ᠪᠡᠷᠢᠯᠭ᠎ᠠ (ᠲᠣᠨᠣᠠᠠᠯᠠᠭ᠋ᠠᠠᠰᠣ)᠂ ᠪᠡᠯᠡᠳᠭᠡᠮᠵᠢ ᠵᠡᠷᠭᠡ᠎ᠳᠤ ᠠᠶᠤᠩᠭ᠎ᠠ ᠴᠠᠬᠢᠯᠭ᠋ᠠᠨ᠎ᠤ ᠰᠡᠷᠭᠡᠶ᠋ᠢᠯᠡᠨ ᠬᠠᠮᠠᠭ᠋ᠠᠯᠠᠬᠤ ᠲᠣᠨᠤᠭ ᠳᠥᠬᠦᠭᠡᠷᠦᠮᠵᠢ ᠲᠣᠰᠠᠭ᠋ᠠᠷ ᠣᠠᠠᠰᠠᠷᠡᠬᠤ ᠴᠢᠬᠤᠯᠠᠳᠡᠢ ᠲᠡᠯᠡᠪᠤᠷ ᠭᠠᠵᠡᠷ᠂ ᠵᠢᠴᠢ ᠠᠶᠣᠩᠭ᠎ᠠ ᠴᠠᠬᠢᠯᠭ᠋ᠠᠨ᠎ᠤ ᠠᠶᠤᠯ ᠶᠡᠭᠡ ᠪᠠᠶ᠋ᠢᠲᠠᠯ᠎ᠠ ᠠᠶᠤᠩᠭ᠎ᠠ ᠰᠡᠷᠭᠡᠶ᠋ᠢᠯᠡᠬᠦ ᠪᠡᠷᠢᠮᠵᠢᠶ᠎ᠠ ᠵᠢᠷᠤᠮᠵᠢᠯ ᠦᠭᠡᠢ᠂ ᠣᠨᠴᠣᠭᠤᠢ ᠨᠣᠳᠡᠯᠡᠯᠳᠡ ᠬᠢᠬᠦ ᠴᠢᠬᠤᠯᠠᠳᠡᠢ ᠲᠣᠮᠥ ᠭᠡᠯᠪᠡᠷᠢ ᠵᠢᠨ ᠳᠥᠷᠦᠯ ᠵᠤᠶ᠋ᠢᠯ᠎ᠤᠨ ᠠᠶᠣᠩᠭ᠎ᠠ ᠴᠠᠬᠢᠯᠭ᠋ᠠᠨ᠎ᠤ ᠰᠡᠷᠭᠡᠶ᠋ᠢᠯᠡᠨ ᠬᠠᠮᠠᠭ᠋ᠠᠯᠠᠬᠤ ᠲᠣᠨᠤᠭ ᠳᠥᠬᠦᠭᠡᠷᠦᠮᠵᠢ ᠵᠢᠨ ᠵᠢᠷᠤᠭ ᠳᠥᠯᠥᠪᠯᠡᠭᠡ ᠵᠢᠨ ᠬᠢᠨᠡᠨ ᠬᠠᠷᠭᠤᠭᠤᠯᠬᠤ ᠪᠠ ᠠᠵᠢᠯ ᠲᠠᠭᠤᠰᠴᠥ ᠰᠢᠯᠭ᠋ᠠᠨ ᠠᠪᠬᠤ ᠵᠢ ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠠᠴᠠ ᠬᠠᠷᠢᠭᠤᠴᠠᠨ᠎ᠠ᠃ ᠠᠶᠤᠩᠭ᠎ᠠ ᠰᠡᠷᠭᠡᠶ᠋ᠢᠯᠡᠬᠦ ᠲᠣᠨᠤᠭ ᠳᠥᠬᠦᠭᠡᠷᠦᠮᠵᠢ ᠵᠢᠨ ᠵᠢᠷᠤᠭ ᠳᠥᠯᠥᠪᠯᠡᠭᠡ᠎ᠨᠢ ᠬᠢᠨᠡᠨ ᠬᠠᠷᠭᠤᠭᠤᠯᠳᠡ ᠵᠢ ᠦᠩᠭᠡᠷᠡᠭᠡᠭᠰᠡᠨ ᠪᠣᠯ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠠᠴᠠ 《ᠠᠶᠣᠩᠭ᠎ᠠ ᠰᠡᠷᠭᠡᠶ᠋ᠢᠯᠡᠬᠦ ᠲᠣᠨᠤᠭ ᠳᠥᠬᠦᠭᠡᠷᠦᠮᠵᠢ ᠵᠢᠨ ᠵᠢᠷᠤᠭ ᠳᠥᠯᠥᠪᠯᠡᠭᠡ ᠵᠢᠨ ᠬᠢᠨᠡᠨ ᠵᠦᠪᠰᠢᠶᠡᠷᠡᠭᠰᠡᠨ ᠪᠢᠴᠢᠭ》 ᠭᠠᠷᠭ᠋ᠠᠵᠦ ᠦᠭᠬᠦ ᠭᠡᠷᠡᠭᠳᠡᠢ᠃ ᠵᠢᠷᠤᠭ ᠳᠥᠯᠥᠪᠯᠡᠭᠡ ᠵᠢᠨ ᠬᠢᠨᠡᠨ ᠬᠠᠷᠭᠤᠭᠤᠯᠳᠡ ᠵᠢ ᠦᠩᠭᠡᠷᠡᠭᠡᠭᠰᠡᠨ ᠦᠭᠡᠢ ᠪᠤᠶᠤ ᠬᠢᠨᠡᠨ ᠬᠠᠷᠭᠤᠭᠤᠯᠳᠡ᠎ᠳᠤ ᠬᠢᠷᠢ ᠳᠡᠩᠴᠡᠭᠰᠡᠨ ᠦᠭᠡᠢ ᠪᠠᠶ᠋ᠢᠪᠠᠯ᠂ ᠪᠦᠳᠦᠭᠡᠨ ᠪᠠᠶ᠋ᠢᠭᠤᠯᠥᠯᠳᠡ ᠵᠢᠨ ᠨᠢᠭᠡᠴᠡ᠎ᠨᠢ ᠪᠡᠷᠢᠯᠭ᠎ᠠ᠎ᠳᠤ ᠭᠡᠷᠡᠭᠯᠡᠵᠦ ᠪᠤᠯᠬᠤ ᠦᠭᠡᠢ᠃ ᠠᠶᠣᠩᠭ᠎ᠠ ᠰᠡᠷᠭᠡᠶ᠋ᠢᠯᠡᠬᠦ ᠲᠣᠨᠤᠭ ᠳᠥᠬᠦᠭᠡᠷᠦᠮᠵᠢ᠎ᠨᠢ ᠠᠵᠢᠯ ᠲᠠᠭᠤᠰᠴᠥ ᠰᠢᠯᠭ᠋ᠠᠨ ᠠᠪᠬᠤ ᠵᠢ ᠦᠩᠭᠡᠷᠡᠬᠡᠭᠰᠡᠨ ᠪᠣᠯ᠂ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠠᠴᠠ 《ᠠᠶᠣᠩᠭ᠎ᠠ ᠰᠡᠷᠭᠡᠶ᠋ᠢᠯᠡᠬᠦ ᠲᠣᠨᠤᠭ ᠳᠥᠬᠦᠭᠡᠷᠦᠮᠵᠢ ᠵᠢᠨ ᠰᠢᠯᠭ᠋ᠠᠨ ᠠᠪᠬᠤ ᠰᠠᠨᠠᠯ᠎ᠤᠨ ᠪᠢᠴᠢᠭ》 ᠭᠠᠷᠭ᠋ᠠᠵᠦ ᠦᠭᠬᠦ ᠭᠡᠷᠡᠭᠳᠡᠢ᠃ ᠠᠵᠢᠯ ᠲᠠᠭᠤᠰᠴᠥ ᠰᠢᠯᠭ᠋ᠠᠨ ᠠᠪᠬᠤ ᠵᠢ ᠦᠩᠭᠡᠷᠡᠭᠡᠭᠰᠡᠨ ᠦᠭᠡᠢ ᠪᠤᠶᠤ ᠰᠢᠯᠭ᠋ᠠᠨ ᠠᠪᠬᠤ᠎ᠳᠤ ᠬᠢᠷᠢ ᠳᠡᠩᠴᠡᠭᠰᠡᠨ ᠦᠭᠡᠢ ᠪᠣᠯ᠂ ᠲᠣᠰᠢᠶᠠᠨ ᠭᠡᠷᠡᠭᠯᠡᠬᠦᠯᠵᠦ ᠪᠤᠯᠬᠤ ᠦᠭᠡᠢ᠃
      ᠭᠡᠷ ᠪᠠᠶ᠋ᠢᠰᠢᠩ᠎ᠤᠨ ᠪᠠᠷᠢᠯᠭ᠎ᠠ᠂ ᠬᠤᠳᠡ ᠵᠢᠨ ᠶᠠᠪᠤᠳᠡᠯ᠎ᠤᠨ ᠰᠠᠭᠤᠷᠢ ᠪᠡᠯᠡᠳᠭᠡᠮᠵᠢ᠂ ᠵᠠᠰᠠᠮᠠᠯ ᠵᠠᠮ᠂ ᠣᠰᠣᠨ ᠵᠠᠮ᠂ ᠳᠡᠮᠥᠷ ᠵᠠᠮ᠂ ᠠᠷᠡᠳ᠎ᠤᠨ ᠠᠭ᠋ᠠᠷ᠎ᠤᠨ ᠠᠶᠠᠯᠠᠯ᠂ ᠣᠰᠣᠨ ᠠᠰᠢᠠᠠᠯᠠᠯᠳᠡ᠂ ᠴᠠᠬᠢᠯᠭ᠋ᠠᠨ ᠬᠦᠴᠣᠨ᠂ ᠴᠦᠮ᠎ᠠ ᠵᠢᠨ ᠴᠠᠬᠢᠯᠭ᠋ᠠᠨ᠂ ᠴᠢᠮᠡᠭᠡ ᠬᠤᠯᠪᠤᠭ᠎ᠠ ᠵᠡᠷᠭᠡ ᠪᠦᠳᠦᠭᠡᠨ ᠪᠠᠶ᠋ᠢᠭᠤᠯᠥᠯᠳᠡ ᠵᠢᠨ ᠪᠡᠷᠢᠯᠭ᠎ᠠ ᠵᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ᠎ᠨᠢ᠂ ᠵᠤᠬᠢᠬᠤ ᠬᠦᠷᠢᠶ᠎ᠠ ᠴᠡᠷᠠᠭ᠎ᠠ ᠵᠢᠨ ᠪᠦᠳᠦᠭᠡᠨ ᠪᠠᠶ᠋ᠢᠭᠤᠯᠥᠯᠳᠡ ᠵᠢᠨ ᠪᠡᠷᠢᠯᠭ᠎ᠠ ᠵᠢᠨ ᠠᠶᠣᠩᠭ᠎ᠠ ᠰᠡᠷᠭᠡᠶ᠋ᠢᠯᠡᠬᠦ ᠵᠢᠨ ᠬᠠᠮᠢᠶᠡᠷᠦᠯᠳᠡ ᠵᠢ ᠬᠠᠷᠢᠭᠤᠴᠠᠨ᠎ᠠ᠃
      ᠠᠷᠪᠡᠨ ᠳᠦᠷᠪᠡᠳᠣᠭᠡᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠵᠢᠴᠢ ᠳᠡᠬᠦᠨ᠎ᠤ ᠬᠠᠷᠢᠶ᠎ᠠ ᠴᠠᠭ ᠠᠭᠤᠷ᠎ᠤᠨ ᠬᠤᠷᠢᠶ᠎ᠠ ᠦᠷᠲᠡᠭᠡ᠎ᠨᠢ ᠠᠶᠤᠩᠭ᠎ᠠ ᠴᠠᠬᠢᠯᠭ᠋ᠠᠨ᠎ᠤ ᠭᠠᠮᠰᠢᠭ᠎ᠤᠨ ᠬᠢᠨᠡᠨ ᠰᠢᠨᠵᠢᠬᠦ ᠪᠠ ᠣᠷᠢᠳᠴᠢᠯᠠᠨ ᠰᠡᠷᠡᠮᠵᠢᠯᠡᠬᠦ ᠴᠢᠳᠡᠪᠦᠷᠢ ᠵᠢᠨ ᠪᠠᠶ᠋ᠢᠭᠤᠯᠥᠯᠳᠡ ᠵᠢ ᠴᠢᠩᠭ᠋ᠠᠳᠬᠠᠵᠦ᠂ ᠠᠶᠤᠩᠭ᠎ᠠ ᠴᠠᠬᠢᠯᠭ᠋ᠠᠨ᠎ᠤ ᠬᠢᠨᠡᠨ ᠰᠢᠨᠵᠢᠬᠦ ᠲᠤᠤᠷ᠂ ᠠᠶᠤᠩᠭ᠎ᠠ ᠴᠠᠬᠢᠯᠭ᠋ᠠᠨ᠎ᠤ ᠣᠷᠢᠳᠴᠢᠯᠠᠨ ᠰᠡᠷᠡᠮᠵᠢᠯᠡᠬᠦ ᠰᠢᠰᠲ᠋ᠧᠮ ᠵᠢᠴᠢ ᠠᠵᠢᠯ᠎ᠤᠨ ᠵᠢᠷᠤᠮᠵᠢᠯ᠎ᠢ ᠪᠠᠶ᠋ᠢᠭᠤᠯᠥᠨ ᠳᠡᠬᠦᠯᠳᠡᠷᠵᠢᠬᠦᠯᠵᠦ᠂ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠣᠷᠢᠳᠴᠢᠯᠠᠨ ᠰᠡᠷᠡᠮᠵᠢᠯᠡᠬᠦ ᠪᠠ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠵᠢᠨ ᠦᠢ᠍ᠯᠡᠴᠢᠯᠡᠭᠡᠨ᠎ᠤ ᠴᠢᠳᠡᠪᠦᠷᠢ ᠵᠢ ᠳᠡᠭᠡᠭᠰᠢᠯᠡᠬᠦᠯᠬᠦ ᠭᠡᠷᠡᠭᠳᠡᠢ᠃
      ᠠᠷᠪᠡᠨ ᠲᠠᠪᠤᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠨᠢ ᠣᠯᠡᠨ ᠵᠤᠶ᠋ᠢᠯ᠎ᠤᠨ ᠭᠡᠯᠪᠡᠷᠢ ᠵᠢ ᠠᠪᠴᠤ᠂ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠵᠢᠨ ᠬᠠᠦᠯᠢ ᠴᠠᠭ᠋ᠠᠵᠠ᠂ ᠬᠠᠦᠯᠢ ᠲᠣᠠᠠᠳᠠᠭ᠋ᠠᠯ ᠪᠠ ᠰᠢᠨᠵᠢᠯᠡᠬᠦ ᠣᠬᠠᠭ᠋ᠠᠨ᠎ᠤ ᠮᠡᠳᠡᠯᠭᠡ ᠵᠢᠨ ᠣᠬᠠᠭᠤᠯᠥᠯ᠂ ᠬᠦᠮᠦᠵᠢᠯ᠎ᠤᠨ ᠠᠵᠢᠯᠯᠠᠭ᠎ᠠ ᠵᠢ ᠦᠷᠨᠢᠬᠦᠯᠵᠦ᠂ ᠣᠯᠡᠨ ᠨᠡᠶ᠋ᠢᠲᠡ ᠵᠢᠨ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠭᠯᠠᠬᠤ ᠦᠵᠡᠯ ᠣᠬᠠᠮᠰᠡᠷ ᠪᠠ ᠠᠶᠣᠯ ᠳᠥᠭᠰᠢᠬᠦᠷᠢ᠎ᠠᠴᠠ ᠵᠠᠶ᠋ᠢᠯᠠᠬᠤ᠂ ᠦᠪᠡᠷ᠎ᠢ᠎ᠪᠠᠨ ᠠᠪᠤᠷᠡᠬᠤ᠂ ᠬᠠᠷᠢᠯᠴᠠᠨ ᠠᠪᠤᠷᠡᠬᠤ ᠴᠢᠳᠡᠪᠦᠷᠢ ᠵᠢ ᠳᠡᠭᠡᠭᠰᠢᠯᠡᠬᠦᠯᠬᠦ ᠭᠡᠷᠡᠭᠳᠡᠢ᠃
      ᠰᠣᠷᠭ᠋ᠠᠭᠤᠯᠢ᠎ᠨᠢ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠮᠡᠳᠡᠯᠭᠡ ᠵᠢ ᠵᠢᠭ᠋ᠠᠨ ᠰᠤᠷᠭ᠋ᠠᠬᠤ ᠠᠭᠤᠯᠭ᠎ᠠ᠎ᠳᠠᠭᠠᠨ ᠣᠷᠣᠭᠤᠯᠵᠦ᠂ ᠰᠣᠷᠭ᠋ᠠᠨ ᠬᠦᠮᠦᠵᠢᠯ᠎ᠤᠨ ᠵᠠᠰᠠᠭ ᠵᠠᠬᠢᠷᠭ᠋ᠠᠨ᠎ᠤ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ᠎ᠨᠢ ᠰᠣᠷᠭ᠋ᠠᠭᠤᠯᠢ ᠵᠢᠨ ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠮᠡᠳᠡᠯᠭᠡ ᠵᠢᠨ ᠬᠦᠮᠦᠵᠢᠯ᠎ᠢ ᠦᠷᠨᠢᠬᠦᠯᠬᠦ᠎ᠳᠤ ᠵᠢᠯᠥᠭᠤᠳᠬᠤ ᠪᠠ ᠬᠢᠨᠡᠯᠳᠡ ᠳᠡᠯᠪᠢᠬᠤ ᠭᠡᠷᠡᠭᠳᠡᠢ᠃
      ᠰᠣᠨᠢᠨ ᠮᠡᠳᠡᠭᠡᠨ᠎ᠤ ᠵᠠᠭᠤᠴᠢᠯᠠᠭᠤᠷ᠎ᠨᠢ ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠣᠷᠢᠳᠴᠢᠯᠠᠨ ᠰᠡᠷᠭᠡᠶ᠋ᠢᠯᠡᠬᠦ ᠪᠠ ᠪᠠᠴᠢᠮ ᠪᠠᠶ᠋ᠢᠳᠡᠯ᠎ᠢ ᠠᠷᠭ᠋ᠠᠴᠠᠬᠤ᠂ ᠦᠪᠡᠷ᠎ᠢ᠎ᠪᠠᠨ ᠠᠪᠤᠷᠡᠬᠤ ᠪᠠ ᠬᠠᠷᠢᠯᠴᠠᠨ ᠠᠪᠤᠷᠡᠬᠤ ᠮᠡᠳᠡᠯᠭᠡ ᠵᠢᠨ ᠨᠡᠶ᠋ᠢᠲᠡ ᠵᠢᠨ ᠠᠰᠠᠷᠡᠮᠵᠢ ᠵᠢᠨ ᠣᠬᠠᠭᠤᠯᠥᠯ ᠦᠷᠨᠢᠬᠦᠯᠬᠦ ᠵᠢ ᠳᠡᠮᠵᠢᠬᠦ ᠭᠡᠷᠡᠭᠳᠡᠢ᠃
      ᠪᠠᠶ᠋ᠢᠭᠤᠯᠭ᠎ᠠ᠂ ᠪᠣᠰᠣᠳ ᠠᠵᠦ ᠠᠬᠤᠶ᠋ᠢᠯᠠᠯ ᠠᠵᠢᠯ ᠦᠢ᠍ᠯᠡᠰ᠎ᠤᠨ ᠨᠢᠭᠡᠴᠡ᠂ ᠰᠠᠭᠤᠭ᠋ᠠᠯᠢ ᠠᠷᠡᠳ᠎ᠤᠨ ᠵᠦᠪᠯᠡᠯ ᠪᠤᠯᠥᠨ ᠲᠣᠰᠬᠤᠨ᠎ᠤ ᠠᠷᠡᠳ᠎ᠤᠨ ᠵᠦᠪᠯᠡᠯ ᠵᠡᠷᠭᠡ ᠦᠨᠳᠣᠰᠣᠨ ᠱᠠᠳᠣᠨ᠎ᠤ ᠣᠯᠡᠨ ᠳᠥᠮᠡᠨᠴᠢ ᠴᠢᠨᠡᠷᠳᠡᠢ ᠦᠪᠡᠷᠳᠡᠭᠡᠨ ᠵᠠᠰᠠᠬᠤ ᠵᠤᠬᠢᠶᠡᠨ ᠪᠠᠶ᠋ᠢᠭᠤᠯᠥᠯᠳᠡ᠎ᠨᠢ ᠪᠤᠳᠡᠳᠡᠢ᠎ᠲᠠᠢ᠎ᠪᠠᠨ ᠣᠶᠠᠯᠳᠣᠭᠤᠯᠵᠦ ᠪᠠᠶ᠋ᠢᠭ᠋ᠠᠳ᠂ ᠠᠶᠤᠩᠭ᠎ᠠ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠵᠢᠨ ᠣᠬᠠᠭᠤᠯᠥᠯ ᠬᠦᠮᠦᠵᠢᠯ᠎ᠤᠨ ᠠᠵᠢᠯ᠎ᠢ ᠰᠠᠶ᠋ᠢᠳᠣᠷ ᠬᠢᠬᠦ ᠭᠡᠷᠡᠭᠳᠡᠢ᠃


      ᠭᠤᠷᠪᠠᠳᠣᠭ᠋ᠠᠷ ᠪᠦᠯᠥᠭ ᠠᠶᠤᠩᠭ᠎ᠠ ᠰᠡᠷᠭᠡᠶ᠋ᠢᠯᠡᠵᠦ ᠪᠠᠶ᠋ᠢᠴᠠᠭ᠋ᠠᠨ ᠰᠢᠨᠵᠢᠬᠦ


      ᠠᠷᠪᠡᠨ ᠵᠢᠷᠭᠤᠳᠣᠭ᠋ᠠᠷ ᠵᠤᠶ᠋ᠢᠯ   ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢ ᠪᠠᠶ᠋ᠢᠴᠠᠭ᠋ᠠᠨ ᠰᠢᠨᠵᠢᠬᠦ ᠪᠠᠶ᠋ᠢᠭᠤᠯᠥᠮᠵᠢ᠎ᠨᠢ᠂ ᠣᠯᠥᠰ᠎ᠤᠨ ᠲᠣᠠᠠᠳᠠᠭ᠋ᠠᠯ ᠶᠣᠰᠣᠭ᠋ᠠᠷ ᠦᠪᠡᠷᠳᠡᠭᠡᠨ ᠵᠠᠰᠠᠬᠤ ᠣᠷᠣᠨ᠎ᠤ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠵᠢᠨ ᠣᠯᠭᠤᠠᠠᠰᠠᠨ ᠬᠢᠷᠢ ᠭᠡᠮ᠎ᠤᠨ ᠦᠨᠡᠮᠯᠡᠯ᠎ᠢ ᠣᠯᠬᠤ ᠵᠢᠨ ᠬᠠᠮᠳᠣ᠂ ᠬᠢᠷᠢ ᠭᠡᠮ ᠵᠡᠷᠭᠡ ᠳᠡᠰ᠎ᠤᠨ ᠭᠡᠪᠴᠢᠶᠠᠨ ᠳᠣᠳᠣᠷ᠎ᠠ᠎ᠪᠠᠨ ᠪᠠᠶ᠋ᠢᠴᠠᠭ᠋ᠠᠨ ᠰᠢᠨᠵᠢᠬᠦ ᠠᠵᠢᠯ᠎ᠢ ᠬᠢᠬᠦ ᠭᠡᠷᠡᠭᠳᠡᠢ᠃
      ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢ ᠪᠠᠶ᠋ᠢᠴᠠᠭ᠋ᠠᠨ ᠰᠢᠨᠵᠢᠬᠦ ᠪᠠᠶ᠋ᠢᠭᠤᠯᠥᠮᠵᠢ᠎ᠨᠢ ᠣᠯᠥᠰ᠎ᠤᠨ ᠬᠤᠯᠪᠤᠠᠠᠳᠡᠯ ᠪᠦᠬᠦᠢ ᠪᠡᠷᠢᠮᠵᠢᠶ᠎ᠠ ᠪᠠ ᠵᠢᠷᠤᠮᠵᠢᠯ᠎ᠢ ᠴᠢᠩᠭ᠎ᠠ ᠭᠡᠷᠡᠭᠵᠢᠬᠦᠯᠥᠨ᠂ ᠪᠠᠶ᠋ᠢᠴᠠᠭ᠋ᠠᠨ ᠰᠢᠨᠵᠢᠬᠦ ᠳᠥᠷᠢᠮ᠎ᠢ ᠪᠠᠶ᠋ᠢᠭᠤᠯᠥᠨ ᠪᠦᠷᠢᠨᠰᠢᠬᠦᠯᠵᠦ᠂ ᠪᠠᠶ᠋ᠢᠴᠠᠭ᠋ᠠᠨ ᠰᠢᠨᠵᠢᠭᠰᠡᠨ ᠮᠡᠳᠡᠬᠦᠯᠥᠯᠳᠡ ᠵᠢᠨ ᠦᠨᠡᠨ ᠪᠣᠳᠠᠳᠤ ᠴᠢᠨᠡᠷ᠂ ᠰᠢᠨᠵᠢᠯᠡᠬᠦ ᠣᠬᠠᠭ᠋ᠠᠨᠴᠢ ᠴᠢᠨᠡᠷ ᠪᠠ ᠲᠥᠪ ᠭᠤᠣᠯᠴᠢ ᠴᠢᠨᠡᠷ᠎ᠢ ᠪᠠᠳᠣᠯᠠᠬᠤ ᠭᠡᠷᠡᠭᠳᠡᠢ᠃
      ᠠᠷᠪᠡᠨ ᠲᠤᠯᠥᠳᠣᠭ᠋ᠠᠷ ᠵᠤᠶ᠋ᠢᠯ   ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠡᠷᠢᠯᠭ᠎ᠠ ᠪᠠᠷᠢᠬᠤ᠎ᠳᠤ ᠮᠦᠷᠳᠡᠨ ᠪᠠᠶ᠋ᠢᠴᠠᠭ᠋ᠠᠨ ᠰᠢᠨᠵᠢᠬᠦ ᠳᠥᠷᠢᠮ᠎ᠢ ᠭᠡᠷᠡᠭᠵᠢᠬᠦᠯᠥᠨ᠎ᠠ᠃ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠬᠦ ᠪᠠᠶ᠋ᠢᠭᠤᠯᠥᠮᠵᠢ᠎ᠨᠢ ᠪᠠᠶ᠋ᠢᠴᠠᠭ᠋ᠠᠨ ᠰᠢᠨᠵᠢᠭᠰᠡᠨ ᠲᠤᠭ᠎ᠠ ᠪᠡᠷᠢᠮᠳᠡ ᠵᠢ ᠳᠡᠮᠳᠡᠭᠯᠡᠵᠦ᠂ ᠪᠦᠷᠢᠳᠭᠡᠨ ᠳᠡᠩᠰᠡ ᠡᠪᠭᠡᠮᠡᠯ ᠪᠠᠶ᠋ᠢᠭᠤᠯᠬᠤ ᠵᠢᠨ ᠬᠠᠮᠳᠣ ᠪᠠᠶ᠋ᠢᠴᠠᠭ᠋ᠠᠨ ᠰᠢᠨᠵᠢᠭᠰᠡᠨ ᠮᠡᠳᠡᠬᠦᠯᠥᠯᠳᠡ ᠭᠠᠷᠭ᠋ᠠᠬᠤ ᠭᠡᠷᠡᠭᠳᠡᠢ᠃
      ᠠᠷᠪᠡᠨ ᠨᠠᠢ᠍ᠮᠠᠳᠣᠭ᠋ᠠᠷ ᠵᠤᠶ᠋ᠢᠯ   ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ᠎ᠨᠢ ᠠᠰᠢᠠᠠᠯᠠᠯᠳᠡ᠎ᠳᠤ ᠣᠷᠣᠵᠦ ᠭᠡᠷᠡᠭᠯᠡᠭᠰᠡᠨ᠎ᠤ ᠳᠡᠷᠠᠭ᠎ᠠ ᠲᠣᠠᠠᠳᠠᠮᠠᠯ ᠬᠤᠭᠤᠴᠠᠭ᠎ᠠ᠎ᠲᠠᠢ᠎ᠪᠠᠷ ᠪᠠᠶ᠋ᠢᠴᠠᠭ᠋ᠠᠨ ᠰᠢᠨᠵᠢᠬᠦ ᠳᠥᠷᠢᠮ᠎ᠢ ᠭᠡᠷᠡᠭᠵᠢᠬᠦᠯᠦᠨ᠎ᠡ᠃ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢ ᠵᠢᠯ᠎ᠳᠤ ᠨᠢᠭᠡ ᠣᠲᠠᠭ᠎ᠠ ᠪᠠᠶ᠋ᠢᠴᠠᠭ᠋ᠠᠨ ᠰᠢᠨᠵᠢᠵᠦ᠂ ᠡᠬᠦᠨ᠎ᠳᠤ ᠨᠣᠴᠣᠮᠠᠳᠠᠭ᠋ᠠᠢ ᠳᠡᠯᠪᠡᠷᠡᠮᠡᠳᠡᠬᠡᠢ ᠵᠦᠢ᠍ᠯᠡᠰ ᠪᠠ ᠠᠶᠣᠯᠳᠡᠢ ᠬᠢᠮᠢ ᠵᠢᠨ ᠵᠦᠢ᠍ᠯᠡᠰ᠎ᠤᠨ ᠦᠢ᠍ᠯᠡᠳᠪᠦᠷᠢᠯᠡᠯ᠂ ᠬᠠᠳᠠᠭ᠋ᠠᠯᠠᠬᠤ ᠪᠡᠯᠡᠳᠭᠡᠮᠵᠢ ᠵᠢᠴᠢ ᠳᠡᠯᠡᠪᠤᠷ ᠭᠠᠵᠡᠷ᠎ᠤᠨ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢ ᠬᠠᠭ᠋ᠠᠰ ᠵᠢᠯ᠎ᠳᠤ ᠨᠢᠭᠡ ᠣᠲᠠᠭ᠎ᠠ ᠪᠠᠶ᠋ᠢᠴᠠᠭ᠋ᠠᠨ ᠰᠢᠨᠵᠢᠨ᠎ᠠ᠃ ᠺᠤᠮᠫᠢᠤᠢ᠍ᠲ᠋ᠧᠷ᠎ᠤᠨ ᠮᠡᠰᠢᠨ᠎ᠤ ᠦᠷᠦᠬᠡ᠂ ᠲᠣᠰᠣ ᠨᠠᠮᠡᠬᠦ (ᠬᠡᠢ) ᠦᠷᠲᠡᠭᠡ ᠵᠡᠷᠭᠡ ᠨᠣᠴᠣᠮᠠᠳᠠᠭ᠋ᠠᠢ ᠳᠡᠯᠪᠡᠷᠡᠮᠡᠳᠡᠭᠡᠢ ᠳᠡᠯᠡᠪᠤᠷ ᠭᠠᠵᠡᠷ᠎ᠲᠤ ᠠᠶᠤᠩᠭ᠎ᠠ ᠰᠡᠷᠭᠡᠶ᠋ᠢᠯᠡᠬᠦ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠯᠳᠡ ᠬᠢᠬᠦ᠎ᠳᠤ ᠲᠠᠶ᠋ᠢᠪᠤᠡᠭ ᠴᠠᠬᠢᠯᠭ᠋ᠠᠨ᠎ᠤ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠯᠳᠡ ᠵᠢ ᠬᠠᠮᠳᠣ᠎ᠳᠤᠨᠢ ᠬᠢᠬᠦ ᠭᠡᠷᠡᠭᠳᠡᠢ᠃
      ᠠᠷᠪᠡ ᠶᠢᠰᠦᠳᠣᠭᠡᠷ ᠵᠤᠶ᠋ᠢᠯ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢ ᠪᠠᠶ᠋ᠢᠴᠠᠭ᠋ᠠᠨ ᠰᠢᠨᠵᠢᠬᠦ ᠪᠠᠶ᠋ᠢᠭᠤᠯᠥᠮᠵᠢ᠎ᠨᠢ ᠠᠶᠤᠩᠭ᠎ᠠ ᠰᠡᠷᠭᠡᠶ᠋ᠢᠯᠡᠬᠦ ᠲᠣᠨᠤᠭ ᠳᠥᠬᠦᠭᠡᠷᠦᠮᠵᠢ ᠵᠢ ᠲᠣᠠᠠᠳᠠᠮᠠᠯ ᠬᠤᠭᠤᠴᠠᠭ᠎ᠠ᠎ᠲᠠᠢ᠎ᠪᠠᠷ ᠪᠠᠶ᠋ᠢᠴᠠᠭ᠋ᠠᠨ ᠰᠢᠨᠵᠢᠭᠰᠡᠨ᠎ᠤ ᠳᠡᠷᠠᠭ᠎ᠠ ᠪᠠᠶ᠋ᠢᠴᠠᠭ᠋ᠠᠨ ᠰᠢᠨᠵᠢᠭᠰᠡᠨ ᠮᠡᠳᠡᠬᠦᠯᠥᠯᠳᠡ ᠭᠠᠷᠭ᠋ᠠᠬᠤ ᠵᠢᠨ ᠬᠠᠮᠳᠣ᠂ ᠪᠠᠶ᠋ᠢᠴᠠᠭ᠋ᠠᠨ ᠰᠢᠨᠵᠢᠭᠰᠡᠨ ᠦᠷ᠎ᠠ ᠳ᠋ᠦ᠍ᠢ᠍ᠡᠭ᠎ᠳᠡᠭᠡᠨ ᠬᠠᠷᠢᠭᠤᠴᠠᠬᠤ ᠭᠡᠷᠡᠭᠳᠡᠢ᠃ ᠪᠠᠶ᠋ᠢᠴᠠᠭ᠋ᠠᠨ ᠰᠢᠨᠵᠢᠬᠦ ᠳᠥᠷᠦᠯ ᠵᠤᠶ᠋ᠢᠯ᠎ᠨᠢ ᠪᠦᠬᠦᠨ ᠵᠶ᠋ᠠᠷ ᠵᠶ᠋ᠠᠨ ᠬᠢᠷᠢ ᠳᠡᠩᠴᠡᠪᠡᠯ᠂ ᠬᠢᠷᠢ ᠳᠡᠩᠴᠡᠭᠰᠡᠨ ᠦᠨᠡᠮᠯᠡᠯ ᠣᠯᠭᠤᠵᠦ᠂ ᠪᠠᠶ᠋ᠢᠴᠠᠭ᠋ᠠᠨ ᠰᠢᠨᠵᠢᠬᠦ᠎ᠳᠤ ᠬᠢᠷᠢ ᠳᠡᠩᠴᠡᠭᠰᠡᠨ ᠦᠭᠡᠢ ᠪᠠᠶ᠋ᠢᠪᠠᠯ᠂ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠬᠦ ᠪᠠᠶ᠋ᠢᠭᠤᠯᠥᠮᠵᠢ᠎ᠨᠢ ᠪᠠᠶ᠋ᠢᠴᠠᠭ᠋ᠠᠨ ᠰᠢᠨᠵᠢᠭᠰᠡᠨ ᠮᠡᠳᠡᠬᠦᠯᠥᠯᠳᠡ ᠭᠠᠷᠭ᠋ᠠᠬᠤ ᠵᠢᠨ ᠬᠠᠮᠳᠣ ᠴᠡᠭᠴᠡᠯᠡᠨ ᠵᠠᠰᠠᠬᠤ ᠰᠠᠨᠠᠯ ᠲᠣᠷᠡᠳᠴᠥ᠂ ᠪᠠᠰᠠ ᠰᠠᠭᠤᠭ᠎ᠠ ᠭᠠᠵᠡᠷ᠎ᠤᠨ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠳᠤ ᠬᠠᠭᠤᠯᠥᠨ ᠢᠯᠡᠭᠡᠵᠦ᠂ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠨᠢ ᠵᠠᠷᠯᠢᠠᠠᠳᠡᠨ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠭᠡᠷᠡᠭᠯᠡᠬᠦ ᠨᠢᠭᠡᠴᠡ ᠵᠢ ᠬᠤᠭᠤᠴᠠᠭ᠎ᠠ ᠬᠢᠵᠠᠭ᠋ᠠᠷᠯᠡᠨ ᠦᠭᠡᠷᠡᠴᠢᠯᠡᠬᠦᠯᠬᠦ ᠭᠡᠷᠡᠭᠳᠡᠢ᠃
      ᠬᠤᠷᠢᠳᠣᠭ᠋ᠠᠷ ᠵᠤᠶ᠋ᠢᠯ   ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠬᠦ ᠪᠠᠶ᠋ᠢᠭᠤᠯᠥᠮᠵᠢ᠎ᠨᠢ ᠪᠠᠶ᠋ᠢᠴᠠᠭ᠋ᠠᠨ ᠰᠢᠨᠵᠢᠬᠦ ᠲᠤᠮᠳᠡ᠎ᠪᠠᠨ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠡ᠊ᠨᠳᠡᠯ᠎ᠤᠨ ᠭᠡᠮ ᠰᠣᠭᠤᠭ᠎ᠢ ᠢᠯᠡᠷᠡᠬᠦᠯᠪᠡᠯ᠂ ᠴᠠᠭ ᠲᠣᠬᠠᠢ᠎ᠳᠤᠨᠢ ᠨᠡᠶ᠋ᠢᠳ᠋ᠬᠠᠰᠠᠨ ᠨᠢᠭᠡᠴᠡ᠎ᠳᠤ ᠮᠡᠳᠡᠭᠳᠡᠬᠦ ᠵᠢᠨ ᠬᠠᠮᠳᠣ᠂ ᠰᠠᠭᠤᠭ᠎ᠠ ᠭᠠᠵᠡᠷ᠎ᠤᠨ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠳᠤ ᠮᠡᠳᠡᠬᠦᠯᠬᠦ ᠭᠡᠷᠡᠭᠳᠡᠢ᠃
      ᠬᠤᠷᠢᠨ ᠨᠢᠭᠡᠳᠣᠭᠡᠷ ᠵᠤᠶ᠋ᠢᠯ   ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠭᠡᠷᠡᠭᠯᠡᠬᠦ ᠨᠢᠭᠡᠴᠡ᠎ᠨᠢ ᠲᠣᠰᠬᠠᠢ ᠬᠦᠮᠦᠨ ᠲᠣᠠᠠᠳᠠᠭ᠋ᠠᠵᠦ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠡᠳᠣᠷ ᠲᠣᠳᠣᠮ᠎ᠤᠨ ᠠᠷᠡᠴᠢᠯᠠᠨ ᠬᠠᠮᠠᠭ᠋ᠠᠯᠠᠬᠤ ᠠᠵᠢᠯ᠎ᠢ ᠬᠠᠷᠢᠭᠤᠴᠠᠭᠤᠯᠬᠤ ᠭᠡᠷᠡᠭᠳᠡᠢ᠃ ᠰᠠᠭᠤᠭ᠋ᠠᠯᠢ ᠠᠷᠡᠳ᠎ᠤᠨ ᠣᠷᠣᠨ ᠰᠠᠭᠤᠴᠠ ᠵᠢᠨ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠡᠳᠣᠷ ᠲᠣᠳᠣᠮ᠎ᠤᠨ ᠠᠷᠡᠴᠢᠯᠠᠨ ᠬᠠᠮᠠᠭ᠋ᠠᠯᠠᠬᠤ ᠠᠵᠢᠯ᠎ᠢ ᠠᠳᠡᠯ ᠠᠬᠤᠢ ᠵᠢᠨ ᠦᠢ᠍ᠯᠡᠴᠢᠯᠡᠭᠡᠨ᠎ᠤ ᠠᠵᠦ ᠠᠬᠤᠶ᠋ᠢᠯᠠᠯ ᠪᠤᠶᠤ ᠭᠤᠤᠯᠴᠢᠯᠠᠨ ᠬᠠᠮᠢᠶᠡᠷᠬᠤ ᠨᠢᠭᠡᠴᠡ᠎ᠠᠴᠠ ᠬᠠᠷᠢᠭᠤᠴᠠᠨ᠎ᠠ᠃
      ᠬᠤᠷᠢᠨ ᠬᠤᠶᠡᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠨᠢ ᠠᠶᠣᠩᠭ᠎ᠠ ᠰᠡᠷᠭᠡᠶ᠋ᠢᠯᠡᠬᠦ ᠵᠢᠨ ᠪᠠᠶ᠋ᠢᠴᠠᠭ᠋ᠠᠨ ᠰᠢᠨᠵᠢᠬᠦ ᠠᠵᠢᠯ᠎ᠤᠨ ᠬᠢᠨᠡᠯᠳᠡ ᠬᠠᠮᠢᠶᠡᠷᠦᠯᠳᠡ ᠵᠢ ᠬᠠᠷᠢᠭᠤᠴᠠᠵᠦ᠂ ᠠᠶᠤᠯ ᠦᠭᠡᠢ ᠦᠢ᠍ᠯᠡᠳᠪᠦᠷᠢᠯᠡᠯ᠎ᠤᠨ ᠬᠢᠨᠡᠯᠳᠡ ᠬᠠᠮᠢᠶᠡᠷᠦᠯᠳᠡ ᠵᠢᠨ ᠰᠠᠯᠠᠭ᠎ᠠ ᠮᠦᠴᠢᠷ᠎ᠯᠦᠭᠡ ᠬᠠᠮᠵᠢᠯᠴᠠᠨ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠭᠰᠡᠨ ᠪᠠᠶ᠋ᠢᠳᠡᠯ᠎ᠢ ᠲᠤᠠᠠᠳᠠᠮᠠᠯ ᠬᠤᠭᠤᠴᠠᠭ᠎ᠠ᠎ᠲᠠᠢ᠎ᠪᠠᠷ ᠪᠠᠶ᠋ᠢᠴᠠᠭ᠋ᠠᠬᠤ ᠭᠡᠷᠡᠭᠳᠡᠢ᠃

      ᠬᠤᠷᠢᠨ ᠭᠤᠷᠪᠠᠳᠣᠭ᠋ᠠᠷ ᠵᠤᠶ᠋ᠢᠯ ᠦᠪᠡᠷᠳᠡᠭᠡᠨ ᠵᠠᠰᠠᠬᠤ ᠣᠷᠣᠨ᠎ᠤ ᠴᠠᠭ ᠠᠭᠤᠷ᠎ᠤᠨ ᠰᠢᠨᠵᠢᠯᠡᠭᠡᠨ᠎ᠤ ᠨᠡᠶ᠋ᠢᠭᠡᠮᠯᠢᠭ᠎ᠨᠢ ᠲᠣᠰ ᠵᠠᠰᠠᠭ ᠵᠠᠬᠢᠷᠭ᠋ᠠᠨ᠎ᠤ ᠣᠷᠣᠨ᠎ᠤ ᠳᠣᠳᠣᠷᠡᠬᠢ ᠠᠶᠤᠩᠭ᠎ᠠ ᠰᠡᠷᠭᠡᠶ᠋ᠢᠯᠡᠬᠦ ᠲᠣᠰᠬᠠᠢ ᠮᠡᠷᠭᠡᠵᠢᠯ᠎ᠤᠨ ᠠᠵᠢᠯᠳᠡᠨ᠎ᠤ ᠴᠢᠳᠡᠪᠦᠷᠢ᠎ᠳᠤ ᠦᠨᠡᠯᠡᠯᠳᠡ ᠬᠢᠬᠦ ᠵᠢ ᠬᠠᠷᠢᠭᠤᠴᠠᠨ᠎ᠠ᠃


        ᠳᠥᠷᠪᠡᠳᠣᠭᠡᠷ ᠪᠦᠯᠥᠭ ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ


      ᠬᠤᠷᠢᠨ ᠳᠥᠷᠪᠡᠳᠣᠭᠡᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠠᠷᠡᠳ᠎ᠤᠨ ᠵᠠᠰᠠᠭ᠎ᠤᠨ ᠣᠷᠳᠣᠨ᠎ᠨᠢ ᠠᠶᠣᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ ᠳᠥᠯᠥᠪᠵᠢᠬᠦᠯᠬᠡ ᠵᠢ ᠦᠨᠳᠣᠰᠣᠯᠡᠨ᠂ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠪᠠ ᠠᠶᠣᠯ ᠦᠭᠡᠢ ᠦᠢ᠍ᠯᠡᠳᠪᠦᠷᠢᠯᠡᠯ᠎ᠤᠨ ᠬᠢᠨᠡᠯᠳᠡ ᠳᠡᠯᠪᠢᠬᠤ᠂ ᠪᠦᠳᠦᠭᠡᠨ ᠪᠠᠶ᠋ᠢᠭᠤᠯᠥᠯᠳᠡ᠂ ᠲᠣᠳᠣᠭ᠋ᠠᠳᠣ ᠵᠢ ᠬᠠᠮᠠᠭ᠋ᠠᠯᠠᠬᠤ᠂ ᠴᠠᠬᠢᠯᠭ᠋ᠠᠨ ᠬᠦᠴᠣᠨ᠂ ᠴᠢᠮᠡᠭᠡ ᠬᠤᠯᠪᠤᠭ᠎ᠠ᠂ ᠡᠷᠡᠬᠦᠯ ᠬᠠᠮᠠᠭ᠋ᠠᠯᠠᠯ ᠵᠡᠷᠭᠡ ᠰᠠᠯᠠᠭ᠎ᠠ ᠮᠦᠴᠢᠷ᠎ᠢ ᠵᠤᠬᠢᠶᠡᠨ ᠪᠠᠶ᠋ᠢᠭᠤᠯᠵᠦ ᠪᠠᠶ᠋ᠢᠭ᠋ᠠᠳ ᠲᠣᠰ ᠵᠠᠰᠠᠭ ᠵᠠᠬᠢᠷᠭ᠋ᠠᠨ᠎ᠤ ᠣᠷᠣᠨ᠎ᠤ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ᠎ᠢ ᠲᠣᠭᠤᠷᠪᠢᠨ ᠲᠣᠠᠠᠳᠠᠭ᠋ᠠᠬᠤ ᠵᠢᠨ ᠬᠠᠮᠳᠣ ᠵᠤᠬᠢᠶᠡᠨ ᠪᠠᠶ᠋ᠢᠭᠤᠯᠥᠨ ᠭᠡᠷᠡᠭᠵᠢᠬᠦᠯᠦᠨ᠎ᠡ᠃
      ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ᠎ᠳᠤ ᠳᠣᠣᠷᠠᠬᠢ ᠠᠭᠤᠯᠭ᠎ᠠ ᠪᠠᠭᠳᠠᠨ᠎ᠠ᠄
     (ᠨᠢᠭᠡ) ᠪᠠᠴᠢᠮ ᠪᠠᠶ᠋ᠢᠳᠡᠯ᠎ᠢ ᠠᠷᠭ᠋ᠠᠴᠠᠬᠤ ᠪᠠᠶ᠋ᠢᠭᠤᠯᠥᠮᠵᠢ ᠪᠤᠯᠥᠨ ᠬᠤᠯᠪᠤᠠᠠᠳᠡᠯ ᠪᠦᠬᠦᠢ ᠰᠠᠯᠠᠭ᠎ᠠ ᠮᠦᠴᠢᠷ᠎ᠤᠨ ᠡᠬᠦᠷᠭᠡ ᠬᠠᠷᠢᠭᠤᠴᠠᠯᠭ᠎ᠠ ᠵᠢᠨ ᠠᠵᠢᠯ᠎ᠤᠨ ᠬᠤᠪᠢᠶᠡᠷᠢᠯᠡᠯ;
     (ᠬᠤᠶᠡᠷ) ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠬᠢᠨᠡᠨ ᠰᠢᠨᠵᠢᠬᠦ ᠪᠠ ᠣᠷᠢᠳᠴᠢᠯᠠᠨ ᠰᠡᠷᠡᠮᠵᠢᠯᠡᠬᠦ;
     (ᠭᠤᠷᠪᠡ) ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠳᠡᠰ ᠬᠤᠪᠢᠶᠡᠬᠤ ᠪᠠ ᠨᠦᠯᠥᠭᠡᠯᠡᠯ᠎ᠢ ᠵᠠᠳᠡᠯᠬᠤ ᠪᠡᠯᠡᠳᠭᠡᠯ;
     (ᠳᠥᠷᠪᠡ) ᠠᠪᠤᠷᠡᠨ ᠲᠣᠰᠠᠯᠠᠬᠤ ᠠᠵᠢᠯᠳᠡᠨ᠎ᠢ ᠵᠤᠬᠢᠶᠡᠨ ᠪᠠᠶ᠋ᠢᠭᠤᠯᠬᠤ ᠪᠠ ᠪᠠᠴᠢᠮ ᠪᠠᠶ᠋ᠢᠳᠡᠯ᠎ᠢ ᠠᠷᠭ᠋ᠠᠴᠠᠬᠤ ᠪᠡᠯᠡᠳᠭᠡᠯ;
     (ᠲᠠᠪᠤ) ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠶ᠋ᠢᠴᠠᠭ᠋ᠠᠯᠳᠡ᠂ ᠮᠡᠳᠡᠬᠦᠯᠥᠯᠳᠡ ᠪᠠ ᠰᠢᠢ᠍ᠳᠪᠦᠷᠢᠯᠡᠬᠦ ᠳᠡᠰ ᠳᠡᠷᠡᠭ᠋ᠠᠯᠠᠯ;
     (ᠵᠢᠷᠭᠤᠭ᠎ᠠ) ᠠᠶᠤᠩᠭ᠎ᠠ ᠴᠠᠬᠢᠯᠭ᠋ᠠᠨ᠎ᠤ ᠭᠠᠢ ᠭᠠᠮᠰᠢᠭ ᠭᠠᠷᠬᠤ ᠦᠶᠡᠰ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠪᠠᠳᠣᠯᠠᠭ᠎ᠠ;
     (ᠲᠤᠯᠤᠭ᠎ᠠ) ᠬᠦᠮᠦᠨ ᠪᠠ ᠡᠳ᠋ ᠬᠦᠷᠥᠩᠭᠡ ᠵᠢ ᠵᠠᠶ᠋ᠢᠯᠠᠭᠤᠯᠬᠤ᠂ ᠨᠡᠬᠦᠯᠬᠡᠨ ᠰᠢᠯᠵᠢᠬᠦᠯᠬᠦ ᠱᠣᠭᠤᠮ᠂ ᠡᠮᠴᠢᠯᠡᠭᠡᠨ᠎ᠤ ᠠᠪᠤᠷᠠᠯᠲᠠ ᠵᠡᠷᠭᠡ ᠪᠠᠴᠢᠮ ᠪᠠᠶ᠋ᠢᠳᠡᠯ᠎ᠢ ᠠᠷᠭ᠋ᠠᠴᠠᠬᠤ ᠠᠵᠢᠯᠯᠠᠭ᠋ᠠᠨ᠎ᠤ ᠳᠥᠰᠥᠯ᠃
      ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ᠎ᠳᠤ ᠭᠡᠷᠡᠭᠵᠢᠬᠦᠯᠥᠭᠰᠡᠨ ᠪᠠᠶ᠋ᠢᠳᠡᠯ᠎ᠢ ᠦᠠᠳᠣᠰᠣᠯᠡᠨ ᠴᠠᠭ ᠲᠣᠬᠠᠢ᠎ᠳᠤᠨᠢ ᠵᠠᠰᠠᠪᠦᠷᠢ ᠣᠷᠣᠭᠤᠯᠬᠤ ᠭᠡᠷᠡᠭᠳᠡᠢ᠃
      ᠬᠤᠷᠢᠨ ᠲᠠᠪᠤᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠨᠢ ᠴᠠᠭ ᠲᠣᠬᠠᠢ᠎ᠳᠤᠨᠢ ᠲᠣᠰ ᠵᠠᠰᠠᠭ ᠵᠠᠬᠢᠷᠭ᠋ᠠᠨ᠎ᠤ ᠣᠷᠣᠨ᠎ᠤ ᠳᠣᠳᠣᠷ᠎ᠠ ᠭᠠᠷᠣᠠᠠᠰᠠᠨ ᠬᠦᠨᠳᠦ ᠬᠡᠴᠡᠭᠦᠦ ᠪᠠ ᠣᠨᠴᠠ ᠶᠡᠭᠡ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠲᠤ ᠴᠠᠭ ᠲᠣᠬᠠᠢ᠎ᠳᠤᠨᠢ ᠦᠨᠡᠯᠡᠨ ᠵᠢᠱ᠌ᠢᠯᠳᠡ ᠬᠢᠬᠦ ᠵᠢᠨ ᠬᠠᠮᠳᠣ᠂ ᠬᠠᠦᠯᠢ ᠴᠠᠭ᠋ᠠᠵᠠ᠂ ᠬᠠᠦᠯᠢ ᠲᠣᠠᠠᠳᠠᠭ᠋ᠠᠯ᠎ᠤᠨ ᠲᠣᠠᠠᠳᠠᠭ᠋ᠠᠯ ᠶᠣᠰᠣᠭ᠋ᠠᠷ ᠣᠷᠢᠳᠴᠢᠯᠡᠨ ᠰᠡᠷᠡᠮᠵᠢᠯᠡᠬᠦᠯᠬᠦ ᠲᠣᠬᠢᠶ᠎ᠠ ᠨᠡᠶ᠋ᠢᠳᠡᠯᠡᠬᠦ ᠭᠡᠷᠡᠭᠳᠡᠢ᠃
      ᠬᠤᠷᠢᠨ ᠵᠢᠷᠭᠤᠳᠣᠭ᠋ᠠᠷ ᠵᠤᠶ᠋ᠢᠯ   ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠭᠡᠷᠡᠭᠯᠡᠬᠦ ᠨᠢᠭᠡᠴᠡ᠎ᠨᠢ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ ᠲᠣᠠᠠᠳᠠᠭ᠋ᠠᠵᠦ᠂ ᠪᠠᠴᠢᠮ ᠪᠠᠶ᠋ᠢᠳᠡᠯ᠎ᠢ ᠠᠷᠭ᠋ᠠᠴᠠᠬᠤ ᠵᠤᠬᠢᠶᠡᠨ ᠪᠠᠶ᠋ᠢᠭᠤᠯᠥᠯᠳᠡ ᠪᠠᠶ᠋ᠢᠭᠤᠯᠬᠤ ᠪᠤᠶᠤ ᠪᠠᠴᠢᠮ ᠪᠠᠶ᠋ᠢᠳᠡᠯ᠎ᠢ ᠠᠷᠭ᠋ᠠᠴᠠᠬᠤ ᠲᠣᠰᠢᠶᠡᠯ ᠬᠠᠪᠰᠣᠷᠭ᠋ᠠᠠᠠᠰᠠᠨ ᠠᠵᠢᠯᠳᠡᠨ ᠲᠣᠠᠠᠳᠠᠭ᠋ᠠᠵᠦ᠂ ᠪᠠᠴᠢᠮ ᠪᠠᠶ᠋ᠢᠳᠡᠯ᠎ᠢ ᠠᠷᠭ᠋ᠠᠴᠠᠬᠤ ᠬᠠᠷᠢᠭᠤᠴᠠᠯᠭ᠎ᠠ ᠵᠢ ᠨᠡᠶ᠋ᠢᠳᠡᠪᠦᠷᠢᠵᠢᠭᠤᠯᠬᠤ ᠭᠡᠷᠡᠭᠳᠡᠢ᠃
      ᠬᠤᠷᠢᠨ ᠲᠤᠯᠥᠳᠣᠭ᠋ᠠᠷ ᠵᠤᠶ᠋ᠢᠯ   ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠲᠤ ᠣᠴᠡᠷᠬᠠᠰᠠᠨ ᠨᠢᠭᠡᠴᠡ ᠪᠠ ᠬᠤᠪᠢ ᠬᠦᠮᠦᠨ᠎ᠨᠢ᠂ ᠴᠠᠭ ᠲᠣᠬᠠᠢ᠎ᠳᠤᠨᠢ ᠲᠣᠬᠠᠢ ᠵᠢᠨ ᠭᠠᠵᠡᠷ᠎ᠤᠨ ᠠᠷᠡᠳ᠎ᠤᠨ ᠵᠠᠰᠠᠭ᠎ᠤᠨ ᠣᠷᠳᠣᠨ ᠪᠠ ᠪᠤᠰᠣᠳ ᠪᠠᠶ᠋ᠢᠭ᠎ᠠ ᠭᠠᠵᠡᠷ᠎ᠤᠨ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠳᠤ ᠠᠶᠤᠩᠭ᠎ᠠ ᠴᠠᠬᠢᠯᠭ᠋ᠠᠨ᠎ᠤ ᠭᠠᠮᠰᠢᠭ᠎ᠤᠨ ᠪᠠᠶ᠋ᠢᠳᠡᠯ ᠵᠶ᠋ᠠᠨ ᠮᠡᠳᠡᠬᠦᠯᠬᠦ ᠵᠢᠨ ᠬᠠᠮᠳᠣ᠂ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠵᠢ ᠬᠠᠮᠵᠢᠨ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠶ᠋ᠢᠴᠠᠭ᠋ᠠᠯᠳᠡ ᠪᠠ ᠬᠢᠨᠡᠨ ᠲᠣᠠᠠᠳᠠᠭ᠋ᠠᠬᠤ ᠠᠵᠢᠯ᠎ᠢ ᠰᠠᠶ᠋ᠢᠳᠣᠷ ᠬᠢᠬᠦ ᠭᠡᠷᠡᠭᠳᠡᠢ᠃
      ᠬᠤᠷᠢᠨ ᠨᠠᠢ᠍ᠮᠠᠳᠣᠭ᠋ᠠᠷ ᠵᠤᠶ᠋ᠢᠯ   ᠠᠶᠤᠩᠭ᠎ᠠ ᠴᠠᠬᠢᠯᠭ᠋ᠠᠨ᠎ᠤ ᠭᠠᠢ ᠭᠠᠮᠰᠢᠭ ᠭᠠᠷᠣᠠᠠᠰᠠᠨ᠎ᠤ ᠳᠡᠷᠠᠭ᠎ᠠ᠂ ᠬᠤᠯᠪᠤᠠᠠᠳᠡᠯ ᠪᠦᠬᠦᠢ ᠨᠢᠭᠡᠴᠡ᠎ᠨᠢ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ᠎ᠢ ᠳᠠᠷᠣᠶ᠋ᠢᠬᠠᠨ ᠭᠡᠷᠡᠭᠵᠢᠬᠦᠯᠵᠦ᠂ ᠭᠠᠮᠰᠢᠭ᠎ᠤᠨ ᠪᠠᠶ᠋ᠢᠳᠡᠯ ᠦᠷᠭᠡᠳᠬᠦ ᠵᠢ ᠰᠡᠷᠭᠡᠶ᠋ᠢᠯᠡᠨ ᠬᠤᠷᠢᠠᠠᠯᠠᠬᠤ ᠵᠢᠨ ᠬᠠᠮᠳᠣ᠂ ᠲᠣᠠᠠᠳᠠᠭ᠋ᠠᠯ ᠶᠣᠰᠣᠭ᠋ᠠᠷ ᠠᠶᠤᠩᠭ᠎ᠠ ᠴᠠᠬᠢᠯᠭ᠋ᠠᠨ᠎ᠤ ᠭᠠᠮᠰᠢᠭ᠎ᠤᠨ ᠪᠠᠶ᠋ᠢᠳᠡᠯ᠎ᠢ ᠦᠨᠡᠨ ᠮᠦᠨ ᠵᠶ᠋ᠠᠷ᠎ᠨᠢ ᠳᠡᠭᠡᠭᠰᠢ ᠮᠡᠳᠡᠬᠦᠯᠬᠦ ᠭᠡᠷᠡᠭᠳᠡᠢ᠂ ᠨᠢᠭᠤᠭ᠋ᠠᠳ ᠮᠡᠳᠡᠬᠦᠯᠬᠦ ᠦᠭᠡᠢ᠂ ᠬᠤᠳᠡᠯ ᠵᠶ᠋ᠠᠷ ᠮᠡᠳᠡᠬᠦᠯᠬᠦ ᠪᠤᠶᠤ ᠣᠳᠠᠭ᠋ᠠᠰᠢᠷᠡᠭᠤᠯᠥᠭ᠋ᠠᠳ ᠮᠡᠳᠡᠬᠦᠯᠬᠦ ᠦᠭᠡᠢ ᠪᠠᠶ᠋ᠢᠵᠦ ᠪᠤᠯᠬᠤ ᠦᠭᠡᠢ᠂ ᠡ᠊ᠨᠳᠡᠯ᠎ᠤᠨ ᠲᠣᠬᠠᠢ ᠵᠢᠨ ᠳᠡᠯᠡᠪᠡᠢ ᠵᠢ ᠡᠪᠳᠡᠵᠦ ᠪᠤᠯᠬᠤ ᠦᠭᠡᠢ᠃
      ᠬᠤᠷᠢ ᠶᠢᠰᠦᠳᠣᠭᠡᠷ ᠵᠤᠶ᠋ᠢᠯ   ᠲᠣᠬᠠᠢ ᠵᠢᠨ ᠭᠠᠵᠠᠷ᠎ᠤᠨ ᠠᠷᠡᠳ᠎ᠤᠨ ᠵᠠᠰᠠᠭ᠎ᠤᠨ ᠣᠷᠳᠣᠨ᠎ᠨᠢ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠶ᠋ᠢᠳᠡᠯ᠎ᠤᠨ ᠮᠠᠳᠡᠬᠦᠯᠥᠯᠳᠡ ᠵᠢ ᠬᠦᠯᠢᠶᠡᠨ ᠠᠪᠤᠠᠠᠰᠠᠨ᠎ᠤ ᠳᠡᠷᠠᠭ᠎ᠠ᠂ ᠭᠠᠮᠰᠢᠭ᠎ᠤᠨ ᠪᠠᠶ᠋ᠢᠳᠡᠯ᠎ᠤᠨ ᠭᠡᠮᠵᠢᠶ᠎ᠠ ᠵᠢ ᠦᠨᠳᠣᠰᠣᠯᠡᠨ ᠬᠤᠯᠪᠤᠠᠠᠳᠡᠯ ᠪᠦᠬᠦᠢ ᠰᠠᠯᠠᠭ᠎ᠠ ᠮᠦᠴᠢᠷ᠎ᠢ ᠵᠤᠬᠢᠶᠡᠨ ᠪᠠᠶ᠋ᠢᠭᠤᠯᠥᠨ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ᠎ᠢ ᠳᠠᠷᠣᠶ᠋ᠢᠬᠠᠨ ᠬᠡᠷᠡᠭᠵᠢᠭᠦᠯᠬᠦ ᠬᠡᠷᠡᠭᠲᠡᠢ᠃
      ᠭᠤᠴᠢᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠨᠢ ᠠᠶᠤᠩᠭ᠎ᠠ ᠴᠠᠬᠢᠯᠭ᠋ᠠᠨ᠎ᠤ ᠭᠠᠮᠰᠢᠭ᠎ᠤᠨ ᠪᠠᠶ᠋ᠢᠳᠡᠯ᠎ᠤᠨ ᠮᠠᠳᠡᠬᠦᠯᠥᠯᠳᠡ ᠵᠢ ᠬᠦᠯᠢᠶᠡᠨ ᠠᠪᠤᠠᠠᠰᠠᠨ᠎ᠤ ᠳᠡᠷᠠᠭ᠎ᠠ᠂ ᠲᠡᠷᠡ ᠲᠣᠣᠷ᠎ᠠ᠎ᠨᠢ 2᠎ᠠᠴᠠ ᠳᠡᠭᠡᠭᠰᠢ ᠠᠶᠤᠩᠭ᠎ᠠ ᠰᠡᠷᠭᠡᠶ᠋ᠢᠯᠡᠬᠦ ᠲᠣᠰᠬᠠᠢ ᠮᠡᠷᠭᠡᠵᠢᠯ᠎ᠤᠨ ᠠᠵᠢᠯᠳᠡᠨ᠎ᠢ ᠲᠣᠮᠢᠯᠡᠨ ᠲᠣᠬᠠᠢ ᠵᠢᠨ ᠳᠡᠯᠡᠪᠡᠢ᠎ᠳᠤ ᠣᠴᠢᠭᠤᠯᠥᠨ ᠪᠠᠶ᠋ᠢᠴᠠᠭ᠋ᠠᠯᠳᠡ ᠬᠢᠯᠭᠡᠬᠦ ᠵᠢᠨ ᠬᠠᠮᠳᠣ᠂ ᠴᠠᠭ ᠲᠣᠬᠠᠢ᠎ᠳᠤᠨᠢ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠬᠢᠨᠡᠨ ᠲᠣᠠᠠᠳᠠᠭ᠋ᠠᠯᠳᠡ ᠵᠢᠨ ᠮᠡᠳᠡᠬᠦᠯᠥᠯᠳᠡ ᠭᠠᠷᠭ᠋ᠠᠬᠤ ᠭᠡᠷᠡᠭᠳᠡᠢ᠃ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠶ᠋ᠢᠴᠠᠭ᠋ᠠᠯᠳᠡ᠂ ᠬᠢᠨᠡᠨ ᠲᠤᠠᠠᠳᠠᠭ᠋ᠠᠯᠳᠡ ᠵᠢᠨ ᠪᠠᠶ᠋ᠢᠳᠡᠯ᠎ᠢ ᠴᠠᠭ ᠲᠣᠬᠠᠢ᠎ᠳᠤᠨᠢ ᠲᠣᠰ ᠱᠠᠳᠣᠨ᠎ᠤ ᠠᠷᠡᠳ᠎ᠤᠨ ᠵᠠᠰᠠᠭ᠎ᠤᠨ ᠣᠷᠳᠣᠨ ᠪᠤᠯᠥᠨ ᠳᠡᠭᠡᠳᠦ ᠨᠢᠭᠡ ᠱᠠᠳᠣᠨ᠎ᠤ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠳᠤ ᠮᠡᠳᠡᠬᠦᠯᠬᠦ ᠭᠡᠷᠡᠭᠳᠡᠢ᠃
      ᠶᠠᠮᠠᠷᠪᠡ ᠨᠢᠭᠡᠴᠡ ᠪᠠ ᠬᠤᠪᠢ ᠬᠦᠮᠦᠨ ᠬᠤᠯᠪᠤᠠᠠᠳᠡᠯ ᠪᠦᠬᠦᠢ ᠰᠠᠯᠠᠭ᠎ᠠ ᠮᠦᠴᠢᠷ᠎ᠤᠨ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠬᠠᠦᠯᠢ ᠶᠣᠰᠣᠭ᠋ᠠᠷ ᠪᠠᠶ᠋ᠢᠴᠠᠭ᠋ᠠᠨ ᠰᠢᠢ᠍ᠳᠪᠦᠷᠢᠯᠡᠬᠦ ᠵᠢ ᠬᠠᠷᠰᠢᠯᠡᠬᠤ ᠪᠠ ᠬᠤᠷᠢᠠᠠᠯᠠᠵᠦ ᠪᠤᠯᠬᠤ

ᠦᠭᠡᠢ᠃

      ᠭᠤᠴᠢᠨ ᠨᠢᠭᠡᠳᠣᠭᠡᠷ ᠵᠤᠶ᠋ᠢᠯ   ᠡᠯ᠎ᠠ ᠬᠤᠯᠪᠤᠠᠠᠳᠡᠯ ᠪᠦᠬᠦᠢ ᠨᠢᠭᠡᠴᠡ᠎ᠨᠢ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ᠎ᠤᠨ ᠲᠣᠠᠠᠳᠠᠭ᠋ᠠᠯ ᠶᠣᠰᠣᠭ᠋ᠠᠷ ᠬᠠᠷᠢᠯᠴᠠᠨ ᠬᠠᠮᠵᠢᠯᠴᠠᠨ ᠵᠣᠬᠢᠴᠠᠯᠳᠣᠵᠦ᠂ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠵᠦ ᠰᠢᠢ᠍ᠳᠪᠦᠷᠢᠯᠡᠬᠦ ᠪᠠ ᠬᠤᠶ᠋ᠢᠨᠡᠬᠢ ᠠᠵᠢᠯ᠎ᠢ ᠳᠠᠷᠣᠶ᠋ᠢᠬᠠᠨ ᠰᠠᠶ᠋ᠢᠳᠣᠷ ᠬᠢᠬᠦ ᠭᠡᠷᠡᠭᠳᠡᠢ᠃
      ᠭᠤᠴᠢᠨ ᠬᠤᠶᠠᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠨᠢ ᠲᠣᠰ ᠵᠠᠰᠠᠭ ᠵᠠᠬᠢᠷᠭ᠋ᠠᠨ᠎ᠤ ᠣᠷᠣᠨ᠎ᠳᠤ ᠭᠠᠷᠣᠠᠠᠰᠠᠨ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠶ᠋ᠢᠳᠡᠯ᠎ᠢ ᠴᠠᠭ ᠲᠣᠬᠠᠢ᠎ᠳᠤᠨᠢ ᠪᠦᠷᠢᠳᠬᠡᠨ ᠵᠠᠳᠡᠯᠥᠯᠳᠡ ᠬᠢᠵᠦ᠂ ᠪᠦᠷᠢᠳᠭᠡᠭᠰᠡᠨ ᠦᠷ᠎ᠠ ᠳ᠋ᠦ᠍ᠢ᠍ᠡᠭ ᠵᠶ᠋ᠠᠨ ᠴᠠᠭ ᠲᠣᠬᠠᠢ᠎ᠳᠤᠨᠢ ᠲᠣᠰ ᠱᠠᠳᠣᠨ᠎ᠤ ᠠᠷᠡᠳ᠎ᠤᠨ ᠵᠠᠰᠠᠭ᠎ᠤᠨ ᠣᠷᠳᠣᠨ ᠪᠤᠯᠥᠨ ᠳᠡᠭᠡᠳᠦ ᠨᠢᠭᠡ ᠱᠠᠳᠣᠨ᠎ᠤ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠳᠤ ᠮᠡᠳᠡᠬᠦᠯᠬᠦ ᠵᠢᠨ ᠬᠠᠮᠳᠣ᠂ ᠨᠡᠶ᠋ᠢᠭᠡᠮ ᠨᠡᠶ᠋ᠢᠲᠡ᠎ᠳᠤ ᠨᠡᠶ᠋ᠢᠳᠡᠯᠡᠬᠦ ᠭᠡᠷᠡᠭᠳᠡᠢ᠃


        ᠲᠠᠪᠤᠳᠣᠭ᠋ᠠᠷ ᠪᠦᠯᠥᠭ ᠬᠠᠦᠯᠢ ᠴᠠᠭ᠋ᠠᠵᠠ ᠵᠢᠨ ᠬᠠᠷᠢᠭᠤᠴᠠᠯᠭ᠎ᠠ


      ᠭᠤᠴᠢᠨ ᠭᠤᠷᠪᠠᠳᠣᠭ᠋ᠠᠷ ᠵᠤᠶ᠋ᠢᠯ   ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠠᠷᠡᠳ᠎ᠤᠨ ᠵᠠᠰᠠᠭ᠎ᠤᠨ ᠣᠷᠳᠣᠨ᠂ ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ ᠵᠢᠴᠢ ᠬᠤᠯᠪᠤᠠᠠᠳᠡᠯ ᠪᠦᠬᠦᠢ ᠰᠠᠯᠠᠭ᠎ᠠ ᠮᠦᠴᠢᠷ ᠪᠤᠯᠥᠨ ᠳᠡᠬᠦᠨ᠎ᠤ ᠠᠵᠢᠯᠳᠡᠨ᠎ᠨᠢ ᠳᠣᠣᠷᠠᠬᠢ ᠦᠢ᠍ᠯᠡ ᠠᠵᠢᠯᠯᠠᠭ᠎ᠠ ᠵᠢᠨ ᠨᠢᠭᠡ᠎ᠨᠢ ᠪᠠᠶ᠋ᠢᠪᠡᠯ᠂ ᠰᠢᠭᠤᠳ ᠬᠠᠷᠢᠭᠤᠴᠠᠵᠦ ᠪᠠᠶ᠋ᠢᠭ᠎ᠠ ᠭᠤᠤᠯᠴᠢᠯᠠᠨ ᠬᠠᠮᠢᠶᠠᠷᠬᠤ ᠠᠵᠢᠯᠳᠡᠨ ᠪᠤᠶᠤ ᠰᠢᠭᠤᠳ ᠬᠠᠷᠢᠭᠤᠴᠠᠯᠭ᠎ᠠ᠎ᠲᠠᠢ ᠬᠦᠮᠦᠨ᠎ᠳᠤ ᠬᠠᠦᠯᠢ ᠶᠣᠰᠣᠭ᠋ᠠᠷ ᠵᠠᠰᠠᠭ ᠵᠠᠬᠢᠷᠭ᠋ᠠᠨ᠎ᠤ ᠰᠢᠳᠭᠡᠯ ᠦᠭᠭᠦᠨ᠎ᠡ; ᠶᠠᠯ᠎ᠠ᠎ᠳᠤ ᠬᠦᠷᠦᠭᠰᠡᠨ ᠪᠣᠯ ᠡᠷᠡᠬᠦᠥ ᠵᠢᠨ ᠭᠡᠷᠩ᠎ᠤᠨ ᠬᠠᠷᠢᠭᠤᠴᠠᠯᠭ᠎ᠠ ᠨᠡᠭᠡᠮᠵᠢᠯᠡᠬᠦ ᠬᠡᠷᠡᠭᠲᠡᠢ᠄
     (ᠨᠢᠭᠡ) ᠨᠦᠬᠦᠴᠡᠯ᠎ᠳᠤ ᠨᠡᠶ᠋ᠢᠴᠡᠬᠦ ᠦᠭᠡᠢ ᠨᠢᠭᠡᠴᠡ᠎ᠳᠤ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠬᠦ ᠬᠢᠷᠢ ᠭᠡᠮ᠎ᠤᠨ ᠦᠨᠡᠮᠯᠠᠯ ᠣᠯᠭᠤᠠᠠᠰᠠᠨ;
     (ᠬᠤᠶᠡᠷ) ᠮᠡᠷᠭᠡᠵᠢᠯ᠎ᠤᠨ ᠪᠡᠷᠢᠮᠵᠢᠶ᠎ᠠ᠎ᠳᠤ ᠨᠡᠶ᠋ᠢᠴᠡᠬᠦ ᠦᠭᠡᠢ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠵᠢᠷᠤᠭ ᠳᠥᠯᠥᠪᠯᠡᠭᠡ ᠵᠢᠨ ᠳᠥᠰᠥᠯ᠎ᠳᠤ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠵᠢᠷᠤᠭ ᠳᠥᠯᠥᠪᠯᠡᠭᠡ ᠵᠢᠨ ᠬᠢᠨᠡᠨ ᠵᠦᠪᠰᠢᠶᠡᠷᠡᠭᠰᠡᠨ ᠪᠢᠴᠢᠭ ᠬᠢᠵᠦ ᠦᠭᠬᠦᠭᠰᠡᠨ;
     (ᠭᠤᠷᠪᠡ) ᠱᠠᠭ᠋ᠠᠷᠳᠡᠯᠭ᠎ᠠ᠎ᠳᠤ ᠨᠡᠶ᠋ᠢᠴᠡᠬᠦ ᠦᠭᠡᠢ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ᠎ᠳᠤ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠰᠢᠯᠭ᠋ᠠᠨ ᠠᠪᠬᠤ ᠰᠠᠨᠠᠯ᠎ᠤᠨ ᠪᠢᠴᠢᠭ ᠬᠢᠵᠦ ᠦᠭᠬᠦᠭᠰᠡᠨ;
     (ᠳᠥᠷᠪᠡ) ᠠᠶᠤᠩᠭ᠎ᠠ ᠴᠠᠬᠢᠯᠭ᠋ᠠᠨ᠎ᠤ ᠭᠠᠢ ᠭᠠᠮᠰᠢᠭ ᠪᠠ ᠭᠠᠮᠰᠢᠭ᠎ᠤᠨ ᠪᠠᠶ᠋ᠢᠳᠡᠯ᠎ᠢ ᠨᠢᠭᠤᠭ᠋ᠠᠳ ᠮᠡᠳᠡᠬᠦᠯᠥᠭᠰᠡᠨ ᠦᠭᠡᠢ᠂ ᠬᠤᠳᠡᠯ ᠵᠶ᠋ᠠᠷ ᠮᠡᠳᠡᠬᠦᠯᠥᠭᠰᠡᠨ ᠪᠣᠶᠣ ᠣᠳᠠᠭ᠋ᠠᠰᠢᠷᠡᠭᠤᠯᠥᠭ᠋ᠠᠳ ᠦᠯᠥ ᠮᠡᠳᠡᠬᠦᠯᠥᠭᠰᠡᠨ;
     (ᠲᠠᠪᠤ) ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠪᠠᠴᠢᠮ ᠪᠠᠶ᠋ᠢᠳᠡᠯ᠎ᠢ ᠠᠷᠭ᠋ᠠᠴᠠᠬᠤ ᠳᠥᠰᠥᠯ᠎ᠤᠨ ᠱᠠᠭ᠋ᠠᠷᠳᠡᠯᠭ᠎ᠠ ᠶᠣᠰᠣᠭ᠋ᠠᠷ ᠡᠬᠦᠷᠭᠡ ᠬᠠᠷᠢᠭᠤᠴᠠᠯᠭ᠎ᠠ᠎ᠪᠠᠨ ᠦᠯᠥ ᠬᠦᠢ᠍ᠴᠡᠳᠭᠡᠭᠰᠡᠨ;
     (ᠵᠢᠷᠭᠤᠭ᠎ᠠ) ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠢ ᠰᠡᠷᠭᠡᠶ᠋ᠢᠯᠡᠨ ᠬᠤᠷᠢᠠᠠᠯᠠᠬᠤ᠂ ᠪᠠᠴᠢᠮ ᠪᠠᠶ᠋ᠢᠳᠡᠯ᠎ᠢ ᠠᠷᠭ᠋ᠠᠴᠠᠵᠦ ᠰᠢᠢ᠍ᠳᠪᠦᠷᠢᠯᠡᠬᠦ ᠲᠣᠮᠳᠡ ᠪᠣᠰᠣᠳ ᠬᠤᠪᠢ ᠵᠢᠨ ᠨᠠᠶ᠋ᠢᠷ ᠵᠶ᠋ᠠᠷ ᠬᠠᠦᠯᠢ ᠶᠣᠰᠥ᠎ᠠᠴᠠ ᠵᠦᠷᠢᠴᠡᠭᠰᠡᠨ᠂ ᠡᠬᠦᠷᠭᠡ ᠲᠣᠰᠢᠶᠡᠯ᠎ᠳᠠᠭᠠᠨ ᠣᠰᠣᠯᠳ᠋ᠬᠠᠰᠠᠨ᠂ ᠡᠷᠬᠡ ᠲᠣᠰᠢᠶᠡᠯ ᠵᠶ᠋ᠠᠨ ᠲᠣᠷ᠎ᠠ᠎ᠪᠠᠷ ᠭᠡᠷᠡᠭᠯᠡᠭᠰᠡᠨ ᠦᠢ᠍ᠯᠡ ᠠᠵᠢᠯᠯᠠᠭ᠎ᠠ᠃
      ᠭᠤᠴᠢᠨ ᠳᠥᠷᠪᠡᠳᠣᠭᠡᠷ ᠵᠤᠶ᠋ᠢᠯ   ᠲᠣᠰ ᠠᠷᠭ᠎ᠠ ᠵᠢᠨ ᠠᠷᠪᠡᠨ ᠵᠢᠷᠭᠤᠳᠣᠭ᠋ᠠᠷ ᠵᠤᠶ᠋ᠢᠯ᠎ᠤᠨ ᠲᠣᠠᠠᠳᠠᠭ᠋ᠠᠯ᠎ᠠᠴᠠ ᠵᠦᠷᠢᠴᠡᠵᠦ᠂ ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠬᠦ ᠪᠠᠶ᠋ᠢᠭᠤᠯᠥᠮᠵᠢ᠎ᠨᠢ ᠪᠠᠶ᠋ᠢᠴᠠᠭ᠋ᠠᠨ ᠰᠢᠨᠵᠢᠭᠰᠡᠨ ᠬᠤᠳᠡᠯ ᠬᠠᠭᠤᠷᠮᠠᠭ ᠮᠡᠳᠡᠬᠦᠯᠥᠯᠳᠡ ᠭᠠᠷᠭ᠋ᠠᠨ ᠦᠭᠴᠥ᠂ ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠠᠴᠠ ᠬᠤᠭᠤᠴᠠᠭ᠎ᠠ ᠬᠢᠵᠠᠭ᠋ᠠᠷᠯᠡᠨ ᠵᠠᠯᠠᠷᠡᠭᠤᠯᠬᠤ᠎ᠪᠠᠷ ᠵᠠᠷᠯᠢᠠᠠᠳ᠋ᠬᠠᠰᠠᠨ; ᠬᠤᠭᠤᠴᠠᠭ᠎ᠠ᠎ᠨᠢ ᠦᠩᠭᠡᠷᠡᠭᠡᠳ ᠦᠯᠥ ᠵᠠᠯᠠᠷᠡᠭᠤᠯᠥᠠᠠᠰᠠᠨ ᠪᠣᠯ 1 ᠳᠥᠮᠡᠨ ᠳᠥᠬᠦᠷᠢᠭ᠎ᠠᠴᠠ ᠳᠡᠭᠡᠭᠰᠢ 3 ᠳᠥᠮᠡᠨ ᠳᠥᠬᠦᠷᠢᠭ᠎ᠠᠴᠠ ᠲᠣᠷᠣᠠᠠᠰᠢ ᠵᠤᠭᠤᠰ ᠵᠶ᠋ᠠᠷ ᠲᠣᠷᠭᠤᠭ᠋ᠠᠨ᠎ᠠ; ᠪᠣᠰᠣᠳ᠎ᠲᠤ ᠬᠤᠬᠢᠷᠡᠯ ᠣᠴᠠᠷᠡᠭᠤᠯᠥᠠᠠᠰᠠᠨ ᠪᠣᠯ ᠬᠠᠦᠯᠢ ᠶᠣᠰᠣᠭ᠋ᠠᠷ ᠳᠥᠯᠥᠪᠦᠷᠢ ᠦᠭᠬᠦ ᠬᠠᠷᠢᠭᠤᠴᠠᠯᠭ᠎ᠠ ᠡᠬᠦᠷᠭᠡᠯᠡᠬᠦᠯᠥᠨ᠎ᠠ᠃
      ᠭᠤᠴᠢᠨ ᠲᠠᠪᠤᠳᠣᠭ᠋ᠠᠷ ᠵᠤᠶ᠋ᠢᠯ ᠲᠣᠰ ᠠᠷᠭ᠎ᠠ ᠵᠢᠨ ᠲᠣᠠᠠᠳᠠᠭ᠋ᠠᠯ᠎ᠠᠴᠠ ᠵᠦᠷᠢᠴᠠᠵᠦ ᠳᠣᠣᠷᠠᠬᠢ ᠦᠢ᠍ᠯᠡ ᠠᠵᠢᠯᠯᠠᠭ᠎ᠠ ᠵᠢᠨ ᠨᠢᠭᠡ᠎ᠨᠢ ᠪᠠᠶ᠋ᠢᠪᠠᠯ᠂ ᠬᠤᠰᠢᠭᠤ ᠰᠢᠶᠡᠨ᠎ᠤ ᠱᠠᠳᠣᠨ᠎ᠠᠴᠠ ᠳᠡᠭᠡᠭᠰᠢᠬᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠠᠴᠠ ᠬᠤᠭᠤᠴᠠᠭ᠎ᠠ ᠬᠢᠵᠠᠭ᠋ᠠᠷᠯᠠᠨ ᠵᠠᠯᠠᠷᠡᠭᠤᠯᠬᠤ᠎ᠪᠠᠷ ᠵᠠᠷᠯᠢᠠᠠᠳᠠᠵᠦ᠂ ᠬᠤᠭᠤᠴᠠᠭ᠎ᠠ᠎ᠨᠢ ᠦᠩᠭᠡᠷᠡᠭᠡᠳ ᠵᠠᠯᠠᠷᠡᠭᠤᠯᠥᠠᠠᠰᠠᠨ ᠦᠭᠡᠢ ᠪᠣᠯ 1 ᠳᠥᠮᠡᠨ ᠳᠥᠬᠦᠷᠢᠭ᠎ᠠᠴᠠ ᠲᠣᠷᠣᠠᠠᠰᠢ ᠵᠤᠭᠤᠰ ᠵᠶ᠋ᠠᠷ ᠲᠣᠷᠭᠤᠭ᠋ᠠᠨ᠎ᠠ; ᠦᠢ᠍ᠯᠡ ᠪᠠᠶ᠋ᠢᠳᠡᠯ᠎ᠨᠢ ᠬᠦᠨᠳᠦ ᠨᠣᠴᠢᠳᠡᠢ ᠪᠣᠯ 1 ᠳᠥᠮᠡᠨ ᠳᠥᠬᠦᠷᠢᠭ᠎ᠠᠴᠠ ᠳᠡᠭᠡᠭᠰᠢ 3 ᠳᠥᠮᠡᠨ ᠳᠥᠬᠦᠷᠢᠭ᠎ᠠᠴᠠ ᠲᠣᠷᠣᠠᠠᠰᠢ ᠵᠤᠭᠤᠰ ᠵᠶ᠋ᠠᠷ ᠲᠣᠷᠭᠤᠭ᠋ᠠᠵᠦ᠂ ᠪᠣᠰᠣᠳ᠎ᠲᠤ ᠬᠤᠬᠢᠷᠡᠯ ᠣᠴᠠᠷᠡᠭᠤᠯᠥᠠᠠᠰᠠᠨ ᠪᠣᠯ ᠬᠠᠦᠯᠢ ᠶᠣᠰᠣᠭ᠋ᠠᠷ ᠳᠥᠯᠥᠪᠦᠷᠢ ᠦᠭᠬᠦ ᠬᠠᠷᠢᠭᠤᠴᠠᠯᠭ᠎ᠠ ᠡᠬᠦᠷᠭᠡᠯᠡᠬᠦᠯᠥᠨ᠎ᠠ᠃ ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠣᠠᠠᠳᠠᠭ᠋ᠠᠯ᠎ᠳᠤ ᠠᠰᠳᠠᠭ᠋ᠠᠨ ᠰᠢᠳᠭᠡᠬᠦ ᠲᠣᠠᠠᠳᠠᠭ᠋ᠠᠯ᠎ᠲᠠᠢ ᠪᠣᠯ ᠲᠡᠭᠦᠨ᠎ᠢ ᠭᠡᠷᠡᠭᠵᠢᠬᠦᠯᠥᠨ᠎ᠡ᠄
      (ᠨᠢᠭᠡ) ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠣᠠᠠᠰᠠᠷᠡᠬᠤ ᠴᠢᠬᠤᠯᠠᠳᠡᠢ ᠪᠠᠶ᠋ᠢᠳᠡᠯ᠎ᠠ ᠣᠠᠠᠰᠠᠷᠬᠠᠰᠠᠨ ᠦᠭᠡᠢ;
      (ᠬᠤᠶᠡᠷ) ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠪᠠᠶ᠋ᠢᠴᠠᠭ᠋ᠠᠨ ᠰᠢᠨᠵᠢᠬᠦ ᠬᠢᠷᠢ ᠬᠡᠮ ᠦᠭᠡᠢ ᠵᠢᠴᠢ ᠬᠢᠷᠢ ᠭᠡᠮ᠎ᠤᠨ ᠭᠡᠪᠴᠢᠶ᠎ᠠ᠎ᠠᠴᠠ᠎ᠪᠠᠨ ᠭᠡᠳᠦᠷᠡᠭᠰᠡᠨ ᠪᠠᠶ᠋ᠢᠴᠠᠭ᠋ᠠᠨ ᠰᠢᠨᠵᠢᠬᠦ ᠠᠵᠢᠯᠯᠠᠭ᠎ᠠ ᠬᠢᠭᠰᠡᠨ;
      (ᠭᠤᠷᠪᠡ) ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠵᠢᠨ ᠵᠢᠷᠤᠭ ᠳᠥᠯᠥᠪᠯᠡᠭᠡ᠎ᠨᠢ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠪᠠᠷ ᠬᠢᠨᠡᠨ ᠬᠠᠷᠭᠤᠭᠤᠯᠥᠠᠠᠰᠠᠨ ᠦᠭᠡᠢ ᠪᠣᠶᠣ ᠬᠢᠨᠡᠨ ᠬᠠᠷᠭᠤᠭᠤᠯᠳᠡ᠎ᠨᠢ ᠬᠢᠷᠢ ᠳᠡᠩᠴᠡᠬᠦ ᠦᠭᠡᠢ ᠪᠠᠶ᠋ᠢᠳᠡᠯ᠎ᠠ ᠲᠣᠷ᠎ᠠ᠎ᠪᠠᠷ ᠵᠶ᠋ᠠᠨ ᠪᠡᠷᠢᠯᠭ᠎ᠠ ᠪᠠᠷᠢᠠᠠᠰᠠᠨ;
      (ᠳᠥᠷᠪᠡ) ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ᠎ᠨᠢ ᠠᠵᠢᠯ ᠲᠠᠭᠤᠰᠴᠥ ᠰᠢᠯᠭ᠋ᠠᠨ ᠠᠪᠤᠭ᠋ᠠᠳᠣᠢ ᠪᠣᠶᠣ ᠰᠢᠯᠭ᠋ᠠᠨ ᠠᠪᠬᠤ᠎ᠳᠤ ᠬᠢᠷᠢ ᠳᠡᠩᠴᠡᠬᠦ ᠦᠭᠡᠢ ᠪᠠᠶ᠋ᠢᠳᠡᠯ᠎ᠠ ᠲᠣᠷ᠎ᠠ᠎ᠪᠠᠷ ᠵᠶ᠋ᠠᠨ ᠲᠣᠰᠢᠶᠡᠨ ᠭᠡᠷᠡᠭᠯᠡᠬᠦᠯᠥᠭᠰᠡᠨ;
      (ᠲᠠᠪᠤ) ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ᠎ᠨᠢ ᠠᠵᠢᠯ ᠲᠠᠭᠤᠰᠴᠥ ᠰᠢᠯᠭ᠋ᠠᠨ ᠠᠪᠬᠤ᠎ᠳᠤ ᠬᠢᠷᠢ ᠳᠡᠩᠴᠡᠭᠰᠡᠨ ᠦᠭᠡᠢ᠂ ᠴᠠᠭ ᠠᠭᠤᠷ᠎ᠤᠨ ᠭᠤᠤᠯᠴᠢᠯᠠᠨ ᠬᠠᠮᠢᠶᠡᠷᠬᠤ ᠪᠠᠶ᠋ᠢᠭᠤᠯᠥᠮᠵᠢ᠎ᠠᠴᠠ ᠬᠤᠭᠤᠴᠠᠭ᠎ᠠ ᠬᠢᠵᠠᠭ᠋ᠠᠷᠯᠡᠨ ᠵᠠᠯᠠᠷᠡᠭᠤᠯᠬᠤ᠎ᠪᠠᠷ ᠵᠠᠷᠯᠢᠠᠠᠳᠠᠵᠦ᠂ ᠬᠤᠭᠤᠴᠠᠭ᠎ᠠ᠎ᠨᠢ ᠦᠩᠭᠡᠷᠡᠭᠡᠳ ᠵᠠᠯᠠᠷᠡᠭᠤᠯᠥᠠᠠᠰᠠᠨ ᠦᠭᠡᠢ ᠪᠠᠶ᠋ᠢᠬᠤ;
      (ᠵᠢᠷᠭᠤᠭ᠎ᠠ) ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠭᠡᠷᠡᠭᠯᠡᠬᠦ ᠨᠢᠭᠡᠴᠡ᠎ᠨᠢ ᠲᠣᠠᠠᠳᠠᠭ᠋ᠠᠯ ᠶᠣᠰᠣᠭ᠋ᠠᠷ ᠲᠣᠠᠠᠳᠠᠮᠠᠯ ᠬᠤᠭᠤᠴᠠᠭ᠎ᠠ᠎ᠲᠠᠢ᠎ᠪᠠᠷ ᠪᠠᠶ᠋ᠢᠴᠠᠭ᠋ᠠᠨ ᠰᠢᠨᠵᠢᠭᠰᠡᠨ ᠦᠭᠡᠢ ᠪᠣᠶᠣ ᠪᠠᠶ᠋ᠢᠴᠠᠭ᠋ᠠᠨ ᠰᠢᠨᠵᠢᠬᠦ᠎ᠪᠠᠷ ᠳᠡᠮᠵᠢᠭ᠋ᠠᠳ ᠬᠢᠷᠢ ᠳᠡᠩᠴᠡᠬᠦ ᠦᠭᠡᠢ ᠪᠠᠶ᠋ᠢᠳᠠᠯ᠎ᠠ ᠴᠡᠭᠴᠡᠯᠡᠨ ᠦᠭᠡᠷᠡᠴᠢᠯᠡᠭᠰᠡᠨ ᠦᠭᠡᠢ ᠪᠠᠶ᠋ᠢᠬᠤ᠃


        ᠵᠢᠷᠭᠤᠳᠣᠭ᠋ᠠᠷ ᠪᠦᠯᠥᠭ   ᠳᠠᠭ᠋ᠠᠯᠳᠣᠭᠤᠯᠥᠯ ᠳᠥᠷᠢᠮ


      ᠭᠤᠴᠢᠨ ᠵᠢᠷᠭᠤᠳᠣᠭ᠋ᠠᠷ ᠵᠤᠶ᠋ᠢᠯ   ᠲᠣᠰ ᠠᠷᠭ᠎ᠠ᠎ᠳᠠᠬᠢ ᠳᠣᠣᠷᠠᠬᠢ ᠦᠭᠡ ᠦᠬᠦᠯᠡᠪᠦᠷᠢ ᠵᠢᠨ ᠠᠭᠤᠯᠬᠤᠨ᠎ᠨᠢ᠄
      ᠠᠶᠤᠩᠭ᠎ᠠ ᠰᠡᠷᠭᠡᠶ᠋ᠢᠯᠡᠬᠦ ᠪᠡᠷᠢᠯᠭ᠎ᠠ ᠭᠡᠳᠡᠭ᠎ᠨᠢ ᠠᠶᠤᠩᠭ᠎ᠠ ᠴᠠᠬᠢᠯᠭ᠋ᠠᠨ᠎ᠤ ᠰᠡᠷᠭᠡᠶ᠋ᠢᠯᠡᠨ ᠬᠠᠮᠠᠭ᠋ᠠᠯᠠᠬᠤ ᠪᠦᠳᠦᠭᠡᠨ ᠪᠠᠶ᠋ᠢᠭᠤᠯᠥᠯᠳᠡ ᠵᠢᠨ ᠳᠥᠷᠦᠯ ᠵᠤᠶ᠋ᠢᠯ᠎ᠢ ᠵᠢᠭ᠋ᠠᠵᠦ ᠪᠣᠢ᠂ ᠳᠡᠬᠦᠨ᠎ᠤ ᠴᠢᠳᠠᠮᠵᠢ ᠵᠢ ᠪᠤᠳᠡᠳᠡᠢ᠎ᠪᠠᠷ ᠬᠤᠪᠢᠶᠡᠪᠠᠯ᠄ ᠰᠢᠭᠤᠳ ᠲᠠᠭ᠋ᠠᠷᠢᠬᠤ ᠠᠶᠤᠩᠭ᠎ᠠ ᠵᠢ ᠰᠡᠷᠭᠡᠶ᠋ᠢᠯᠡᠬᠦ ᠪᠠᠷᠢᠯᠭ᠎ᠠ ᠪᠠ ᠠᠶᠤᠩᠭ᠎ᠠ ᠴᠠᠬᠢᠯᠭ᠋ᠠᠨ᠎ᠤ ᠴᠠᠬᠢᠯᠭ᠋ᠠᠨ ᠰᠣᠷᠢᠨᠵᠢᠨ᠎ᠤ ᠯᠤᠠᠠᠰᠢᠯᠳᠡ ᠵᠢᠨ ᠰᠡᠷᠭᠡᠶ᠋ᠢᠯᠡᠨ ᠬᠠᠮᠠᠭ᠋ᠠᠯᠠᠬᠤ ᠪᠡᠷᠢᠯᠭ᠎ᠠ ᠪᠤᠯᠥᠨ᠎ᠠ᠃
      ᠰᠢᠭᠤᠳ ᠲᠠᠭ᠋ᠠᠷᠢᠬᠤ ᠠᠶᠤᠩᠭ᠎ᠠ ᠵᠢ ᠰᠡᠷᠭᠡᠶ᠋ᠢᠯᠡᠬᠦ ᠪᠠᠷᠢᠯᠭ᠎ᠠ ᠭᠡᠳᠡᠭ᠎ᠨᠢ ᠬᠢᠯᠪᠠᠭ᠋ᠠᠨ ᠬᠦᠯᠢᠶᠡᠬᠦᠷ (ᠠᠶᠤᠩᠭ᠎ᠠ ᠵᠠᠶ᠋ᠢᠯᠠᠭᠤᠯᠥᠠᠠᠴᠢ᠂ ᠪᠦᠰᠡ᠂ ᠣᠳᠠᠰᠣ᠂ ᠲᠣᠣᠷ ᠪᠠᠭᠳᠠᠨ᠎ᠠ)᠂ ᠭᠠᠵᠡᠷ ᠣᠳᠠᠰᠥᠨ ᠵᠠᠯᠭ᠋ᠠᠭᠤᠷ᠂ ᠭᠠᠵᠡᠷ ᠣᠳᠠᠰᠣᠨ ᠲᠤᠨᠤᠭ ᠳᠥᠬᠦᠭᠡᠷᠦᠮᠵᠢ ᠵᠢᠴᠢ ᠪᠣᠰᠣᠳ ᠵᠠᠯᠭ᠋ᠠᠭᠤᠯᠥᠨ ᠳᠡᠮᠵᠢᠭᠤᠯᠥᠠᠠᠴᠢ᠎ᠪᠠᠷ ᠪᠦᠷᠢᠯᠳᠦᠭᠰᠡᠨ᠂ ᠰᠢᠭᠤᠳ ᠲᠠᠭ᠋ᠠᠷᠢᠬᠤ ᠠᠶᠤᠩᠭ᠎ᠠ ᠵᠢᠨ ᠴᠢᠳᠠᠮᠵᠢ ᠵᠢ ᠰᠡᠷᠭᠡᠶ᠋ᠢᠯᠡᠨ ᠬᠤᠷᠢᠠᠠᠯᠠᠬᠤ ᠰᠢᠰᠲ᠋ᠧᠮ᠎ᠤᠨ ᠲᠤᠨᠤᠭ ᠳᠥᠬᠦᠭᠡᠷᠦᠮᠵᠢ ᠵᠢᠨ ᠪᠦᠳᠦᠭᠡᠨ ᠪᠠᠶ᠋ᠢᠭᠤᠯᠥᠯᠳᠡ ᠵᠢᠨ ᠳᠥᠷᠦᠯ ᠵᠤᠶ᠋ᠢᠯ᠎ᠢ ᠵᠢᠭ᠋ᠠᠵᠦ ᠪᠣᠢ;
      ᠠᠶᠤᠩᠭ᠎ᠠ ᠴᠠᠬᠢᠯᠭ᠋ᠠᠨ᠎ᠤ ᠴᠠᠬᠢᠯᠭ᠋ᠠᠨ ᠰᠣᠷᠢᠨᠵᠢᠨ᠎ᠤ ᠯᠤᠠᠠᠰᠢᠯᠲᠠ ᠵᠢᠨ ᠰᠡᠷᠭᠡᠶ᠋ᠢᠯᠡᠨ ᠬᠠᠮᠠᠭ᠋ᠠᠯᠠᠬᠤ ᠪᠡᠷᠢᠯᠭ᠎ᠠ ᠭᠡᠳᠡᠭ᠎ᠨᠢ ᠴᠠᠬᠢᠯᠭ᠋ᠠᠨ ᠰᠣᠷᠢᠨᠵᠢᠨ᠎ᠤ ᠬᠠᠯᠬᠠᠪᠴᠢ᠂ ᠢᠵᠢᠯᠢ ᠴᠠᠬᠢᠯᠭ᠋ᠠᠨ ᠪᠠᠶ᠋ᠢᠷᠢ ᠵᠢᠨ ᠬᠤᠯᠪᠤᠭ᠋ᠠᠰᠣ᠂ ᠨᠡᠶ᠋ᠢᠲᠡ ᠵᠢᠨ ᠭᠠᠵᠡᠷ ᠣᠳᠠᠰᠣᠨ ᠲᠤᠤᠷ᠂ ᠴᠠᠬᠢᠯᠭ᠋ᠠᠨ ᠣᠷᠬᠢᠯ᠎ᠤᠨ ᠬᠠᠮᠠᠭ᠋ᠠᠯᠠᠭᠤᠷ ᠵᠢᠴᠢ ᠪᠣᠰᠣᠳ ᠵᠠᠯᠭ᠋ᠠᠭᠤᠯᠥᠨ ᠳᠡᠮᠵᠢᠭᠤᠯᠥᠠᠠᠴᠢ᠎ᠪᠠᠷ ᠪᠦᠷᠢᠯᠳᠦᠭᠰᠡᠨ᠂ ᠠᠶᠤᠩᠭ᠎ᠠ ᠴᠠᠬᠢᠯᠭ᠋ᠠᠨ᠎ᠤ ᠴᠠᠬᠢᠯᠭ᠋ᠠᠨ ᠰᠣᠷᠢᠨᠵᠢᠨ᠎ᠤ ᠯᠤᠠᠠᠰᠢᠯᠲᠠ (ᠠᠶᠤᠩᠭ᠎ᠠ ᠴᠠᠬᠢᠯᠭ᠋ᠠᠨ᠎ᠤ ᠰᠠᠷᠡᠯ ᠪᠠ ᠠᠶᠤᠩᠭ᠎ᠠ ᠴᠠᠬᠢᠯᠭ᠋ᠠᠨ᠎ᠤ ᠲᠣᠯᠬᠢᠶᠡᠨ᠎ᠤ ᠨᠡᠪᠴᠢᠯᠳᠡ ᠪᠠᠭᠳᠠᠨ᠎ᠠ) ᠵᠢ ᠰᠡᠷᠭᠡᠶ᠋ᠢᠯᠡᠨ ᠬᠤᠷᠢᠠᠠᠯᠠᠬᠤ ᠴᠢᠳᠠᠮᠵᠢ᠎ᠲᠠᠢ ᠰᠢᠰᠲ᠋ᠧᠮ᠎ᠤᠨ ᠲᠤᠨᠤᠭ ᠳᠥᠬᠦᠭᠡᠷᠦᠮᠵᠢ ᠵᠢᠨ ᠪᠦᠳᠦᠭᠡᠨ ᠪᠠᠶ᠋ᠢᠭᠤᠯᠥᠯᠳᠡ ᠵᠢᠨ ᠳᠥᠷᠦᠯ ᠵᠤᠶ᠋ᠢᠯ᠎ᠢ ᠵᠢᠭ᠋ᠠᠵᠦ ᠪᠣᠢ᠃
      ᠠᠶᠤᠩᠭ᠎ᠠ ᠰᠡᠷᠭᠡᠶ᠋ᠢᠯᠡᠬᠦ ᠲᠤᠨᠤᠭ ᠳᠥᠬᠦᠭᠡᠷᠦᠮᠵᠢ ᠭᠡᠳᠡᠭ᠎ᠨᠢ ᠰᠢᠭᠤᠳ ᠲᠠᠭ᠋ᠠᠷᠢᠬᠤ ᠠᠶᠤᠩᠭ᠎ᠠ᠂ ᠠᠶᠤᠩᠭ᠎ᠠ ᠴᠠᠬᠢᠯᠭ᠋ᠠᠨ᠎ᠤ ᠰᠠᠷᠡᠯ ᠪᠤᠯᠥᠨ ᠠᠶᠤᠩᠭ᠎ᠠ ᠴᠠᠬᠢᠯᠭ᠋ᠠᠨ ᠲᠣᠯᠬᠢᠶᠡᠨ᠎ᠤ ᠨᠡᠪᠴᠢᠯᠳᠡ ᠵᠢ ᠰᠡᠷᠭᠡᠶ᠋ᠢᠯᠡᠨ ᠬᠤᠷᠢᠠᠠᠯᠠᠬᠤ ᠴᠢᠳᠠᠮᠵᠢ᠎ᠲᠠᠢ ᠬᠢᠯᠪᠠᠭ᠋ᠠᠨ ᠬᠦᠯᠢᠶᠡᠬᠦᠷ᠂ ᠭᠠᠵᠡᠷ ᠣᠳᠠᠰᠥᠨ ᠵᠠᠯᠭ᠋ᠠᠭᠤᠷ᠂ ᠭᠠᠵᠡᠷ ᠣᠳᠠᠰᠣᠨ ᠲᠤᠨᠤᠭ ᠳᠥᠬᠦᠭᠡᠷᠦᠮᠵᠢ᠂ ᠴᠠᠬᠢᠯᠭ᠋ᠠᠨ ᠣᠷᠬᠢᠯ᠎ᠤᠨ ᠬᠠᠮᠠᠭ᠋ᠠᠯᠠᠭᠤᠷ ᠵᠢᠴᠢ ᠪᠣᠰᠣᠳ ᠵᠠᠯᠭ᠋ᠠᠭᠤᠯᠥᠨ ᠳᠡᠮᠵᠢᠭᠤᠯᠥᠠᠠᠴᠢ ᠵᠢᠨ ᠶᠡᠷᠦᠩᠭᠡᠢ ᠨᠡᠷᠡᠶ᠋ᠢᠳᠦᠯ᠎ᠢ ᠵᠢᠭ᠋ᠠᠵᠦ ᠪᠣᠢ᠃
      ᠠᠶᠤᠩᠭ᠎ᠠ ᠴᠠᠬᠢᠯᠭ᠋ᠠᠨ᠎ᠤ ᠭᠠᠢ ᠭᠠᠮᠰᠢᠭ ᠭᠡᠳᠡᠭ᠎ᠨᠢ ᠰᠢᠭᠤᠳ ᠲᠠᠭ᠋ᠠᠷᠢᠬᠤ ᠠᠶᠤᠩᠭ᠎ᠠ᠂ ᠠᠶᠤᠩᠭ᠎ᠠ ᠴᠠᠬᠢᠯᠭ᠋ᠠᠨ᠎ᠤ ᠰᠠᠷᠡᠯ᠂ ᠠᠶᠤᠩᠭ᠎ᠠ ᠴᠠᠬᠢᠯᠭ᠋ᠠᠨ᠎ᠤ ᠲᠣᠯᠬᠢᠶᠡᠨ᠎ᠤ ᠨᠡᠪᠴᠢᠯᠳᠡ᠎ᠠᠴᠠ ᠪᠤᠯᠥᠠᠠᠰᠠᠨ ᠬᠦᠮᠦᠨ᠎ᠤ ᠰᠢᠷᠬᠠᠳᠣᠯ ᠪᠠ ᠡ᠊ᠨᠳᠡᠯ᠂ ᠡᠳ᠋ ᠬᠦᠷᠥᠩᠬᠡ ᠵᠢᠨ ᠬᠤᠬᠢᠷᠡᠯ᠎ᠢ ᠵᠢᠭ᠋ᠠᠵᠦ ᠪᠣᠢ᠃
      ᠭᠤᠴᠢᠨ ᠲᠤᠯᠥᠳᠣᠭ᠋ᠠᠷ ᠵᠤᠶ᠋ᠢᠯ   ᠲᠣᠰ ᠠᠷᠭ᠎ᠠ ᠵᠢ 2009 ᠣᠨ᠎ᠤ 3 ᠳ᠋ᠣᠭ᠋ᠠᠷ ᠰᠡᠷ᠎ᠠ ᠵᠢᠨ 1᠎ᠤ ᠡᠳᠣᠷ᠎ᠠᠴᠠ ᠡᠬᠢᠯᠡᠨ ᠭᠡᠷᠡᠭᠵᠢᠬᠦᠯᠦᠨ᠎ᠡ᠃ ᠦᠪᠤᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠠᠷᠡᠳ᠎ᠤᠨ ᠵᠠᠰᠠᠭ᠎ᠤᠨ ᠣᠷᠳᠣᠨ᠎ᠤ 2002 ᠣᠨ᠎ᠤ 6 ᠳ᠋ᠣᠭ᠋ᠠᠷ ᠰᠡᠷ᠎ᠠ ᠵᠢᠨ 27᠎ᠤ ᠡᠳᠣᠷ᠎ᠤᠨ ᠨᠡᠶ᠋ᠢᠳᠡᠯᠡᠭᠰᠡᠨ 118 ᠳ᠋ᠣᠭ᠋ᠠᠷ ᠲᠣᠭ᠋ᠠᠳᠣ ᠵᠠᠰᠠᠭ᠎ᠤᠨ ᠣᠷᠳᠣᠨ᠎ᠤ ᠵᠠᠷᠯᠢᠭ 《ᠦᠪᠤᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠠᠶᠤᠩᠭ᠎ᠠ ᠴᠠᠬᠢᠯᠭ᠋ᠠᠨ᠎ᠤ ᠭᠠᠢ ᠭᠠᠮᠰᠢᠭ᠎ᠤᠨ ᠬᠠᠮᠢᠶᠡᠷᠦᠯᠳᠡ ᠵᠢᠨ ᠠᠷᠭ᠎ᠠ》 ᠵᠢ ᠬᠠᠮᠳᠣ᠎ᠳᠤᠨᠢ ᠬᠦᠴᠣᠨ ᠦᠭᠡᠢ ᠪᠤᠯᠭ᠋ᠠᠨ᠎ᠠ᠃

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ