120 ᠪᠣᠯ ᠡᠮᠴᠢᠯᠡᠭᠡᠨ᠎ᠤ ᠲᠥᠷᠭᠡᠨ ᠠᠪᠤᠷᠠᠬᠤ ᠲᠤᠰᠠᠯᠠᠮᠵᠢ ᠭᠤᠶᠤᠴᠢᠯᠠᠬᠤ ᠳ᠋ᠢᠶᠠᠩᠬᠤᠸᠠ ᠪᠣᠯᠤᠨ᠎ᠠ᠂ ᠳᠡᠷᠭᠡᠳᠡᠬᠢ ᠬᠥᠮᠦᠨ ᠴᠢᠨᠢ ᠭᠡᠨᠡᠳᠲᠡ ᠡᠪᠡᠳᠴᠢᠨ ᠬᠥᠳᠡᠯᠥᠭᠰᠡᠨ ᠪᠣᠶᠤ ᠰᠠᠨᠠᠭ᠋ᠠᠨ᠎ᠳᠤ ᠦᠭᠡᠢ ᠭᠡᠮᠳᠥᠪᠡᠯ ᠴᠠᠭ ᠲᠤᠬᠠᠢᠳᠤᠨᠢ ᠤᠳᠠᠰᠤᠲᠠᠬᠤ ᠬᠡᠷᠡᠭᠲᠡᠢ᠃
ᠲᠦᠭᠰᠢᠭᠦᠷᠢ ᠮᠡᠳᠡᠭᠦᠯᠬᠦ ᠶᠡᠷᠦ ᠵᠢᠨ ᠮᠡᠳᠡᠯᠭᠡ
(1) ᠴᠠᠭ ᠲᠤᠬᠠᠢᠳᠤᠨᠢ ᠲᠦᠭᠰᠢᠭᠦᠷᠢ ᠮᠡᠳᠡᠭᠦᠯᠦᠨ᠎ᠡ᠃
(2) ᠭᠠᠵᠠᠷ ᠵᠶ᠋ᠠᠨ ᠲᠣᠳᠤᠷᠬᠠᠢ ᠬᠡᠯᠡᠵᠦ ᠦᠭᠭᠥᠨ᠎ᠡ᠃
(3) ᠡᠪᠡᠳᠴᠢᠨ᠎ᠤ ᠪᠠᠢ᠌ᠳᠠᠯ᠎ᠢ᠎ᠨᠢ ᠲᠣᠳᠣᠷᠬᠠᠢ ᠬᠡᠯᠡᠵᠦ ᠦᠭᠭᠥᠨ᠎ᠡ᠃ ᠡᠪᠡᠳᠴᠢᠲᠡᠨ᠎ᠤ ᠨᠠᠰᠤ ᠵᠢᠯ᠂ ᠬᠦᠢ᠍ᠰᠦ ᠢᠯᠭ᠋ᠠᠯ᠂ ᠡᠪᠡᠳᠴᠢᠯᠡᠭᠰᠡᠨ ᠴᠠᠭ ᠬᠤᠭᠤᠴᠠᠭ᠎ᠠ ᠪᠠ ᠡᠪᠡᠳᠴᠢᠨ᠎ᠤ ᠨᠡᠢ᠌ᠲᠡᠯᠢᠭ ᠢᠯᠡᠷᠡᠯ ᠵᠢᠱ᠌ᠢᠶᠡᠯᠡᠪᠡᠯ ᠴᠡᠭᠡᠵᠢ ᠡᠪᠡᠳᠬᠦ᠂ ᠤᠬᠠᠭ᠎ᠠ ᠠᠯᠳᠠᠬᠤ᠂ ᠴᠢᠰᠤ᠎ᠪᠠᠷ ᠪᠥᠭᠡᠯᠵᠢᠬᠦ᠂ ᠪᠥᠭᠡᠯᠵᠢᠭᠡᠳ ᠵᠣᠭᠰᠤᠬᠤ ᠦᠭᠡᠢ ᠪᠠᠢ᠌ᠬᠤ᠂ ᠠᠮᠢᠰᠬᠤᠯ ᠴᠢᠬᠤᠯᠳᠠᠵᠦ ᠪᠠᠢ᠌ᠭ᠎ᠠ ᠵᠡᠷᠭᠡ ᠵᠢ ᠲᠣᠳᠤᠷᠬᠠᠢ ᠬᠡᠯᠡᠵᠦ ᠦᠭᠬᠦ ᠬᠡᠷᠡᠭᠲᠡᠢ᠃ ᠰᠠᠨᠠᠭ᠋ᠠᠨ᠎ᠳᠤ ᠦᠭᠡᠢ ᠭᠡᠮᠲᠥᠭᠰᠡᠨ ᠪᠣᠯ ᠰᠢᠷᠠᠭᠲᠤᠭᠰᠠᠨ ᠰᠢᠯᠲᠠᠭ᠋ᠠᠨ᠎ᠢ᠎ᠨᠢ ᠲᠣᠳᠣᠷᠬᠠᠢ ᠬᠡᠯᠡᠵᠦ ᠦᠭᠬᠦ ᠬᠡᠷᠡᠭᠲᠡᠢ᠂ ᠵᠢᠱ᠌ᠢᠶᠡᠯᠡᠪᠡᠯ ᠴᠠᠬᠢᠯᠭ᠋ᠠᠨ᠎ᠳᠤ ᠴᠤᠬᠢᠭᠳᠠᠭᠰᠠᠨ᠂ ᠤᠰᠤᠨ᠎ᠳᠤ ᠵᠢᠪᠥᠭᠰᠡᠨ᠂ ᠭᠠᠯ᠎ᠤᠨ ᠠᠶᠤᠯ᠂ ᠬᠣᠣᠷᠳᠠᠭᠳᠠᠭᠰᠠᠨ ᠵᠡᠷᠭᠡ ᠰᠢᠷᠠᠭᠲᠤᠭᠴᠢ ᠵᠢᠨ ᠰᠢᠷᠬ᠎ᠠ ᠵᠢᠨ ᠪᠠᠢ᠌ᠳᠠᠯ᠎ᠢ ᠲᠣᠳᠣᠷᠬᠠᠢ ᠬᠡᠯᠡᠵᠦ ᠦᠭᠭᠥᠨ᠎ᠡ᠃
(4) ᠣᠪᠣᠭ ᠨᠡᠷ᠎ᠡ᠎ᠪᠠᠨ ᠦᠯᠡᠳᠡᠭᠡᠨ᠎ᠡ᠃
(5) ᠬᠦᠯᠢᠶᠡᠨ ᠠᠪᠴᠦ ᠵᠢᠭ᠋ᠠᠨ ᠳᠠᠭ᠋ᠠᠭᠤᠯᠤᠨ᠎ᠠ᠃
ᠬᠠᠯᠠᠭᠤᠮᠰᠤᠭ ᠰᠠᠨᠠᠭᠤᠯᠤᠮᠵᠢ
ᠬᠦᠯᠢᠶᠡᠬᠦ ᠵᠢᠨ ᠵᠡᠷᠭᠡᠴᠡᠪᠡᠷ ᠢᠳᠡᠪᠬᠢᠲᠡᠢ᠎ᠪᠠᠷ ᠠᠪᠤᠷᠠᠬᠤ ᠠᠵᠢᠯ ᠬᠢᠨ᠎ᠡ᠃ ᠭᠠᠮᠰᠢᠭ ᠪᠣᠯᠤᠭᠰᠠᠨ ᠡᠨᠳᠡᠯ ᠭᠠᠷᠤᠭᠰᠠᠨ᠎ᠤ ᠳᠠᠷᠠᠭ᠎ᠠ ᠨᠡᠩ ᠢᠯᠡᠭᠥᠦ ᠭᠡᠮᠲᠥᠯ ᠪᠣᠯᠭ᠋ᠠᠬᠤ ᠦᠭᠡᠢ ᠪᠠᠢ᠌ᠬᠤ ᠵᠢ ᠦᠨᠡᠨᠬᠦ ᠪᠠᠳᠤᠯᠠᠭᠰᠠᠨ ᠪᠠᠢ᠌ᠳᠠᠯ᠎ᠤᠨ ᠳᠣᠣᠷ᠎ᠠ᠂ ᠰᠢᠷᠠᠭᠳᠤᠭᠰᠠᠳ᠎ᠲᠤ ᠪᠥᠲᠦᠮᠵᠢᠲᠡᠢ ᠠᠷᠭ᠎ᠠ ᠬᠡᠮᠵᠢᠶ᠎ᠡ ᠠᠪᠴᠤ᠂ ᠡᠮᠨᠡᠯᠭᠡ ᠵᠢᠨ ᠠᠵᠢᠯᠲᠠᠳ᠎ᠢ ᠬᠦᠷᠴᠦ ᠢᠷᠡᠲᠡᠯ᠎ᠡ ᠲᠥᠷᠭᠡᠨ ᠠᠪᠤᠷᠠᠯᠲᠠ ᠬᠢᠨ᠎ᠡ᠃