6 ᠰᠠᠷ᠎ᠠ ᠵᠢᠨ 30᠎ᠤ ᠡᠳᠦᠷ᠂ ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠳᠤ ᠭᠤᠴᠢᠨ ᠭᠤᠷᠪᠠᠳᠤᠭ᠋ᠠᠷ ᠪᠦᠯᠦᠭ᠎ᠤᠨ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ 14 ᠬᠤᠪᠢ ᠬᠡᠷᠡᠭ (ᠭᠣᠣᠯᠳᠠᠯᠭ᠎ᠠ᠎ᠲᠠᠢ ᠠᠩᠬᠠᠷᠬᠤ 3 ᠬᠤᠪᠢ)᠎ᠢ ᠰᠢᠢ᠍ᠳᠪᠦᠷᠢᠯᠡᠭᠦᠯᠬᠦ᠎ᠪᠠᠷ ᠲᠤᠰᠢᠶᠠᠵᠠᠢ᠂ ᠪᠦᠬᠦᠨ ᠵᠶ᠋ᠡᠷ ᠵᠶ᠋ᠡᠨ ᠵᠠᠬᠢᠳᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ ᠪᠣᠯᠣᠨ᠎ᠠ᠃ ᠲᠤᠰ ᠪᠦᠯᠦᠭ᠎ᠤᠨ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠲᠤ ᠬᠥᠬᠡᠬᠣᠲᠠ᠎ᠳᠤ ᠬᠣᠯᠪᠣᠭᠳᠠᠬᠤ 4 ᠬᠤᠪᠢ᠂ ᠬᠥᠯᠥᠨ ᠪᠤᠢ᠌ᠷ ᠬᠣᠲᠠ᠎ᠳᠤ ᠬᠣᠯᠪᠣᠭᠳᠠᠬᠤ 1 ᠬᠤᠪᠢ᠂ ᠲᠥᠩᠯᠢᠶᠤᠤ ᠬᠣᠲᠠ᠎ᠳᠤ ᠬᠣᠯᠪᠣᠭᠳᠠᠬᠤ 1 ᠬᠤᠪᠢ᠂ ᠤᠯᠠᠭ᠋ᠠᠨᠬᠠᠳᠠ ᠬᠣᠲᠠ᠎ᠳᠤ ᠬᠣᠯᠪᠣᠭᠳᠠᠬᠤ 1 ᠬᠤᠪᠢ᠂ ᠰᠢᠯᠢ ᠵᠢᠨ ᠭᠣᠣᠯ ᠠᠢ᠌ᠮᠠᠭ᠎ᠲᠤ ᠬᠣᠯᠪᠣᠭᠳᠠᠬᠤ 1 ᠬᠤᠪᠢ᠂ ᠣᠷᠳᠣᠰ ᠬᠣᠲᠠ᠎ᠳᠤ ᠬᠣᠯᠪᠣᠭᠳᠠᠬᠤ 5 ᠬᠤᠪᠢ᠂ ᠪᠠᠶᠠᠨᠨᠠᠭᠤᠷ ᠬᠣᠲᠠ᠎ᠳᠤ ᠬᠣᠯᠪᠣᠭᠳᠠᠬᠤ 1 ᠬᠤᠪᠢ ᠪᠣᠢ᠃ ᠲᠤᠰ ᠪᠦᠯᠦᠭ᠎ᠤᠨ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠲᠤ ᠤᠰᠤᠨ᠎ᠤ ᠪᠣᠬᠢᠷᠳᠣᠯ᠎ᠤᠨ ᠬᠡᠷᠡᠭ 3 ᠬᠤᠪᠢ᠂ ᠠᠭ᠋ᠠᠷ ᠮᠠᠨᠳᠠᠯ᠎ᠤᠨ ᠪᠣᠬᠢᠷᠳᠣᠯ᠎ᠤᠨ ᠬᠡᠷᠡᠭ 3 ᠬᠤᠪᠢ᠂ ᠬᠥᠷᠥᠰᠥ ᠰᠢᠷᠣᠢ ᠵᠢᠨ ᠪᠣᠬᠢᠷᠳᠣᠯ᠎ᠤᠨ ᠬᠡᠷᠡᠭ 4 ᠬᠤᠪᠢ᠂ ᠠᠮᠢ ᠠᠬᠤᠢ ᠵᠢ ᠡᠪᠳᠡᠭᠰᠡᠨ ᠬᠡᠷᠡᠭ 3 ᠬᠤᠪᠢ᠂ ᠱᠤᠤᠭᠢᠶᠠᠨ᠎ᠤ ᠪᠣᠬᠢᠷᠳᠣᠯ᠎ᠤᠨ ᠬᠡᠷᠡᠭ 1 ᠬᠤᠪᠢ ᠪᠣᠢ᠃ ᠲᠤᠬᠠᠢ ᠵᠢᠨ ᠡᠳᠦᠷ ᠳᠡᠭᠡᠷᠡᠬᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠴᠥᠮ ᠬᠣᠯᠪᠣᠭᠳᠠᠯ ᠪᠦᠬᠦᠢ ᠠᠢ᠌ᠮᠠᠭ ᠬᠣᠲᠠ᠎ᠳᠤ ᠰᠢᠯᠵᠢᠭᠦᠯᠦᠨ ᠪᠠᠢ᠌ᠴᠠᠭ᠋ᠠᠨ ᠰᠢᠢ᠍ᠳᠪᠦᠷᠢᠯᠡᠭᠦᠯᠵᠦ ᠪᠠᠢ᠌ᠨ᠎ᠠ᠃
6 ᠰᠠᠷ᠎ᠠ ᠵᠢᠨ 30᠎ᠤ ᠡᠳᠦᠷ ᠪᠣᠯᠲᠠᠯ᠎ᠠ᠂ ᠲᠥᠪ᠎ᠤᠨ ᠠᠮᠢ ᠠᠬᠤᠢ ᠣᠷᠴᠢᠨ ᠲᠤᠭᠤᠷᠢᠨ᠎ᠤ ᠬᠠᠮᠠᠭ᠋ᠠᠯᠠᠯᠲᠠ ᠵᠢᠨ ᠬᠣᠶᠠᠳᠤᠭ᠋ᠠᠷ ᠬᠢᠨᠠᠨ ᠪᠠᠢ᠌ᠴᠠᠭ᠋ᠠᠬᠤ ᠳᠤᠭᠤᠢ᠌ᠯᠠᠩ᠎ᠠᠴᠠ ᠮᠠᠨ᠎ᠤ ᠣᠷᠣᠨ᠎ᠳᠤ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠢ ᠨᠡᠢ᠌ᠲᠡ ᠭᠤᠴᠢᠨ ᠭᠤᠷᠪᠠᠨ ᠪᠦᠯᠦᠭ ᠤᠳᠠᠭ᠎ᠠ᠂ 1606 ᠬᠤᠪᠢ ᠬᠡᠷᠡᠭ (ᠭᠣᠣᠯᠳᠠᠯᠭ᠎ᠠ᠎ᠲᠠᠢ ᠠᠩᠬᠠᠷᠬᠤ 178 ᠬᠤᠪᠢ)᠎ᠢ ᠰᠢᠢ᠍ᠳᠪᠦᠷᠢᠯᠡᠭᠦᠯᠬᠦ᠎ᠪᠠᠷ ᠲᠤᠰᠢᠶᠠᠪᠠ᠂ ᠡᠭᠦᠨ᠎ᠳᠤ ᠤᠲᠠᠰᠤ᠎ᠪᠠᠷ ᠢᠯᠡᠴᠢᠯᠡᠨ ᠮᠡᠳᠡᠭᠦᠯᠦᠭᠰᠡᠨ ᠬᠡᠷᠡᠭ 932 ᠬᠤᠪᠢ᠂ ᠵᠠᠬᠢᠳᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ 674 ᠬᠤᠪᠢ ᠪᠣᠢ᠃ 1606 ᠬᠤᠪᠢ ᠵᠠᠬᠢᠳᠠᠯ ᠰᠤᠷᠪᠤᠯᠵᠢᠯᠠᠯ ᠵᠶ᠋ᠠᠷ ᠢᠯᠡᠴᠢᠯᠡᠨ ᠮᠡᠳᠡᠭᠦᠯᠦᠭᠰᠡᠨ ᠬᠡᠷᠡᠭ᠎ᠲᠤ ᠬᠥᠬᠡᠬᠣᠲᠠ᠎ᠳᠤ ᠬᠣᠯᠪᠣᠭᠳᠠᠬᠤ 243 ᠬᠤᠪᠢ᠂ ᠪᠤᠭᠤᠲᠤ ᠬᠣᠲᠠ᠎ᠳᠤ ᠬᠣᠯᠪᠣᠭᠳᠠᠬᠤ 121 ᠬᠤᠪᠢ᠂ ᠬᠥᠯᠥᠨ ᠪᠤᠢ᠌ᠷ ᠬᠣᠲᠠ᠎ᠳᠤ ᠬᠣᠯᠪᠣᠭᠳᠠᠬᠤ 144 ᠬᠤᠪᠢ᠂ ᠬᠢᠩᠭ᠋ᠠᠨ ᠠᠢ᠌ᠮᠠᠭ᠎ᠲᠤ ᠬᠣᠯᠪᠣᠭᠳᠠᠬᠤ 120 ᠬᠤᠪᠢ᠂ ᠲᠥᠩᠯᠢᠶᠤᠤ ᠬᠣᠲᠠ᠎ᠳᠤ ᠬᠣᠯᠪᠣᠭᠳᠠᠬᠤ 236 ᠬᠤᠪᠢ᠂ ᠤᠯᠠᠭ᠋ᠠᠨᠬᠠᠳᠠ ᠬᠣᠲᠠ᠎ᠳᠤ ᠬᠣᠯᠪᠣᠭᠳᠠᠬᠤ 196 ᠬᠤᠪᠢ᠂ ᠰᠢᠯᠢ ᠵᠢᠨ ᠭᠣᠣᠯ ᠠᠢ᠌ᠮᠠᠭ᠎ᠲᠤ ᠬᠣᠯᠪᠣᠭᠳᠠᠬᠤ 46 ᠬᠤᠪᠢ᠂ ᠤᠯᠠᠭ᠋ᠠᠨᠴᠠᠪ ᠬᠣᠲᠠ᠎ᠳᠤ ᠬᠣᠯᠪᠣᠭᠳᠠᠬᠤ 90 ᠬᠤᠪᠢ᠂ ᠣᠷᠳᠣᠰ ᠬᠣᠲᠠ᠎ᠳᠤ ᠬᠣᠯᠪᠣᠭᠳᠠᠬᠤ 263 ᠬᠤᠪᠢ᠂ ᠪᠠᠶᠠᠨᠨᠠᠭᠤᠷ ᠬᠣᠲᠠ᠎ᠳᠤ ᠬᠣᠯᠪᠣᠭᠳᠠᠬᠤ 90 ᠬᠤᠪᠢ᠂ ᠦᠬᠠᠢ ᠬᠣᠲᠠ᠎ᠳᠤ ᠬᠣᠯᠪᠣᠭᠳᠠᠬᠤ 42 ᠬᠤᠪᠢ᠂ ᠠᠯᠠᠱ᠌ᠠ ᠠᠢ᠌ᠮᠠᠭ᠎ᠲᠤ ᠬᠣᠯᠪᠣᠭᠳᠠᠬᠤ 15 ᠬᠤᠪᠢ ᠪᠣᠢ᠃