ᠥᠪᠥᠷ ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ ᠠᠷᠠᠳ᠎ᠤᠨ ᠵᠠᠰᠠᠭ᠎ᠤᠨ ᠣᠷᠳᠣᠨ
ᠥᠪᠥᠷ ᠵᠠᠰᠠᠭ ᠦᠰᠦᠭ 2025 203 ᠳ᠋ᠤᠭᠠᠷ ᠲᠣᠭᠠᠲᠤ
ᠵᠠᠷᠤᠳ᠎ᠤᠨ ᠬᠠᠷᠠᠪᠥᠬᠠ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡᠨ᠎ᠦ ᠪᠦᠲᠦᠭᠡᠨ ᠪᠠᠢᠭᠤᠯᠤᠯᠲᠠ᠎ᠶᠢᠨ
ᠭᠠᠵᠠᠷ ᠰᠢᠷᠣᠢ ᠲᠠᠲᠠᠪᠤᠷᠢᠯᠠᠬᠤ ᠬᠡᠪᠴᠢᠶᠡᠨ᠎ᠳᠦ ᠪᠦᠲᠦᠭᠡᠨ ᠪᠠᠢᠭᠤᠯᠤᠯᠲᠠ᠎ᠶᠢᠨ ᠲᠦᠷᠦᠯ ᠵᠦᠢᠯ᠎ᠢ ᠰᠢᠨ᠎ᠡ᠎ᠪᠡᠷ ᠨᠡᠮᠡᠭᠳᠡᠭᠦᠯᠬᠦ ᠪᠠ ᠬᠥᠮᠥᠨ ᠠᠮᠠ
ᠨᠡᠭᠦᠯᠭᠡᠨ ᠣᠷᠤᠭᠤᠯᠬᠤ᠎ᠶᠢ ᠴᠠᠭᠠᠵᠠᠯᠠᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠵᠠᠷᠯᠠᠯ
ᠲᠦᠩᠯᠢᠶᠣᠣ ᠬᠣᠲᠠ᠎ᠶᠢᠨ ᠠᠷᠠᠳ᠎ᠤᠨ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠬᠣᠯᠪᠣᠭᠳᠠᠯ ᠪᠦᠬᠦᠢ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠎ᠳᠦ᠄
ᠵᠠᠷᠤᠳ᠎ᠤᠨ ᠬᠠᠷᠠᠪᠥᠬᠠ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠦᠷᠲᠡᠭᠡ ᠪᠣᠯ ᠥᠪᠡᠷᠲᠡᠭᠡᠨ ᠵᠠᠰᠠᠬᠤ ᠣᠷᠣᠨ᠎ᠤ ᠤᠰᠤ ᠲᠠᠲᠠᠵᠤ ᠡᠨᠧᠷᠭᠢ ᠬᠠᠳᠠᠭᠠᠯᠠᠬᠤ ᠪᠠᠢᠷᠢᠰᠢᠭᠤᠯᠤᠯᠲᠠ᠎ᠶᠢ ᠰᠢᠯᠢᠳᠡᠭᠵᠢᠭᠦᠯᠦᠨ ᠲᠣᠬᠢᠷᠠᠭᠤᠯᠬᠤ ᠲᠥᠰᠥᠯ᠎ᠳᠦ ᠲᠣᠳᠣᠷᠬᠠᠢ ᠲᠣᠭᠲᠠᠭᠰᠠᠨ 2025 ᠣᠨ᠎ᠤ ᠭᠣᠣᠯᠳᠠᠯᠭ᠎ᠠ ᠲᠠᠢ ᠬᠡᠷᠡᠭᠵᠢᠭᠦᠯᠬᠦ ᠲᠦᠷᠦᠯ ᠵᠦᠢᠯ ᠪᠣᠯᠣᠨ᠎ᠠ᠃ ᠪᠠᠷᠢᠯᠭ᠎ᠠ᠎ᠶᠢᠨ ᠪᠦᠲᠦᠭᠡᠨ ᠪᠠᠢᠭᠤᠯᠤᠯᠲᠠ᠎ᠶᠢᠨ ᠭᠠᠵᠠᠷ ᠰᠢᠷᠣᠢ ᠲᠠᠲᠠᠪᠤᠷᠢᠯᠠᠬᠤ ᠪᠠ ᠠᠷᠠᠳ᠎ᠢ ᠨᠡᠭᠦᠯᠭᠡᠨ ᠲᠥᠪᠬᠢᠨᠡᠭᠦᠯᠬᠦ ᠠᠵᠢᠯ᠎ᠤᠨ ᠤᠷᠤᠭᠰᠢᠲᠠᠢ ᠶᠠᠪᠤᠭᠳᠠᠬᠤ᠎ᠶᠢ ᠦᠨᠡᠨ ᠬᠦ᠌ ᠪᠠᠲᠤᠯᠠᠬᠤ᠎ᠶᠢᠨ ᠲᠤᠰᠠᠳᠠ᠂ 《ᠲᠣᠮᠣ᠌ ᠳᠤᠮᠳᠠ ᠬᠡᠯᠪᠡᠷᠢ᠎ᠶᠢᠨ ᠤᠰᠦᠨ ᠠᠰᠢᠭ᠍ᠯᠠᠯᠲᠠ ᠤᠰᠦᠨ ᠴᠠᠬᠢᠯᠭᠠᠨ᠎ᠤ ᠢᠨᠵᠧᠨᠧᠷᠢᠩ᠎ᠤᠨ ᠪᠦᠲᠦᠭᠡᠨ ᠪᠠᠢᠭᠤᠯᠤᠯᠲᠠ᠎ᠶᠢᠨ ᠭᠠᠵᠠᠷ ᠰᠢᠷᠣᠢ ᠲᠠᠲᠠᠪᠤᠷᠢᠯᠠᠨ ᠲᠥᠯᠥᠪᠦᠷᠢ ᠥᠭᠬᠦ ᠪᠠ ᠠᠷᠠᠳ᠎ᠢ ᠨᠡᠭᠦᠯᠭᠡᠨ ᠲᠥᠪᠬᠢᠨᠡᠭᠦᠯᠬᠦ ᠳᠦᠷᠢᠮ》 (ᠲᠦᠷᠦ᠎ᠶᠢᠨ ᠶᠠᠪᠤᠳᠠᠯ᠎ᠤᠨ ᠬᠣᠷᠢᠶᠠᠨ᠎ᠤ ᠵᠠᠷᠯᠢᠭ᠋ 679 ᠳ᠋ᠦ᠍ᠭᠡᠷ ᠲᠣᠭᠠᠲᠤ)᠎ᠤᠨ ᠬᠣᠯᠪᠣᠭᠳᠠᠯ ᠪᠦᠬᠦᠢ ᠲᠣᠭᠲᠠᠭᠠᠯ᠎ᠢ ᠦᠨᠳᠦᠰᠦᠯᠡᠨ᠂ ᠡᠳᠦᠭᠡ ᠬᠣᠯᠪᠣᠭᠳᠠᠯ ᠪᠦᠬᠦᠢ ᠵᠦᠢᠯᠡᠰ᠎ᠢ ᠳᠣᠣᠷᠠᠬᠢ ᠮᠡᠲᠦ ᠵᠠᠷᠯᠠᠪᠠ ᠄
ᠨᠢᠭᠡ᠂ ᠵᠠᠷᠤᠳ᠎ᠤᠨ ᠬᠠᠷᠠᠪᠥᠬᠠ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡᠨ᠎ᠦ ᠪᠦᠲᠦᠭᠡᠨ ᠪᠠᠢᠭᠤᠯᠤᠯᠲᠠ᠎ᠶᠢᠨ ᠭᠠᠵᠠᠷ ᠰᠢᠷᠣᠢ ᠲᠠᠲᠠᠪᠤᠷᠢᠯᠠᠬᠤ ᠬᠡᠪᠴᠢᠶ᠎ᠡ ᠨᠢ᠄ ᠳᠡᠭᠡᠳᠦ ᠤᠷᠤᠰᠬᠠᠯ᠎ᠤᠨ ᠤᠰᠤᠨ ᠴᠦᠬᠥᠷᠤᠮ ᠪᠣᠯ ᠡᠷᠭᠥᠭᠳᠡᠴᠡᠶᠢᠨ ᠬᠡᠮᠵᠢᠶ᠎ᠡ ᠨᠢ 953 ᠮᠧᠲᠷ᠎ᠡᠴᠡ ᠳᠣᠷᠣᠭ᠍ᠰᠢᠬᠢ ᠣᠷᠣᠨ ᠪᠦᠰᠡ ᠪᠣᠯᠣᠨ᠎ᠠ; ᠳᠣᠣᠷᠠᠲᠦ ᠤᠷᠤᠰᠬᠠᠯ᠎ᠤᠨ ᠤᠰᠦᠨ ᠴᠦᠬᠥᠷᠤᠮ ᠪᠣᠯ ᠡᠷᠭᠥᠭᠳᠡᠴᠡᠶᠢᠨ ᠬᠡᠮᠵᠢᠶ᠎ᠡ ᠨᠢ 664 ᠮᠧᠲᠷ᠎ᠡᠴᠡ ᠳᠣᠷᠣᠭ᠍ᠰᠢᠬᠢ ᠣᠷᠣᠨ ᠪᠦᠰᠡ ᠪᠣᠯᠣᠨ᠎ᠠ; ᠬᠦᠢᠰᠦ ᠪᠠᠷᠢᠯᠭ᠎ᠠ᠎ᠶᠢᠨ ᠪᠦᠲᠦᠭᠡᠨ ᠪᠠᠢᠭᠤᠯᠤᠯᠲᠠ᠎ᠶᠢᠨ ᠣᠷᠣᠨ ᠬᠡᠪᠴᠢᠶ᠎ᠡ ᠨᠢ ᠬᠠᠷᠭᠤᠭᠤᠯᠤᠨ ᠲᠣᠭᠲᠠᠭᠠᠵᠤ ᠲᠣᠳᠣᠷᠬᠠᠢᠯᠠᠭᠰᠠᠨ ᠪᠠᠷᠢᠯᠭ᠎ᠠ᠎ᠶᠢᠨ ᠤᠯᠠᠭᠠᠨ ᠱᠤᠭᠤᠮ᠎ᠤᠨ ᠬᠡᠪᠴᠢᠶ᠎ᠡ᠎ᠳᠦ ᠬᠣᠯᠪᠣᠭᠳᠠᠪᠠᠯ᠂ ᠲᠤᠬᠠᠢ᠎ᠶᠢᠨ ᠭᠠᠵᠠᠷ᠎ᠲᠤ ᠬᠠᠲᠠᠭᠰᠠᠨ ᠱᠣᠩ᠎ᠢᠶᠠᠷ ᠪᠠᠷᠢᠮᠵᠢᠶ᠎ᠠ ᠪᠣᠯᠭᠠᠨ᠎ᠠ᠃
ᠬᠣᠶᠠᠷ᠂ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ ᠨᠢ ᠵᠠᠷᠤᠳ᠎ᠤᠨ ᠬᠠᠷᠠᠪᠥᠬᠠ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡᠨ᠎ᠦ ᠪᠦᠲᠦᠭᠡᠨ ᠪᠠᠢᠭᠤᠯᠤᠯᠲᠠ᠎ᠶᠢᠨ ᠭᠠᠵᠠᠷ ᠰᠢᠷᠣᠢ ᠲᠠᠲᠠᠪᠤᠷᠢᠯᠠᠬᠤ ᠬᠡᠪᠴᠢᠶᠡᠨ᠎ᠳᠤ ᠡᠯ᠎ᠡ ᠵᠦᠢᠯ᠎ᠦᠨ ᠰᠠᠭᠤᠷᠢ ᠪᠡᠯᠡᠳᠬᠡᠮᠵᠢ (ᠰᠤᠮᠤ ᠰᠢᠶᠠᠩ ᠪᠠᠯᠭᠠᠰᠤᠨ᠎ᠤ ᠠᠵᠤ ᠠᠬᠤᠢᠯᠠᠯ ᠪᠠ ᠠᠷᠠᠳ᠎ᠤᠨ ᠬᠡᠷᠡᠭᠯᠡᠭᠡᠨ᠎ᠦ ᠣᠷᠣᠨ ᠰᠠᠭᠤᠴᠠ ᠪᠠᠭᠲᠠᠨ᠎ᠠ) ᠪᠠᠢᠭᠤᠯᠬᠤ᠎ᠶᠢ ᠵᠥᠪᠰᠢᠶᠡᠷᠡᠵᠦ ᠪᠣᠯᠬᠣ᠌ ᠦᠭᠡᠢ᠃
ᠭᠤᠷᠪᠠ᠂ ᠶᠠᠮᠠᠷᠪᠠ ᠨᠢᠭᠡᠴᠢ ᠪᠠ ᠬᠤᠪᠢ ᠬᠥᠮᠥᠨ ᠭᠡᠳ ᠵᠠᠷᠤᠳ᠎ᠤᠨ ᠬᠠᠷᠠᠪᠥᠬᠠ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡᠨ᠎ᠦ ᠪᠦᠲᠦᠭᠡᠨ ᠪᠠᠢᠭᠤᠯᠤᠯᠲᠠ᠎ᠶᠢᠨ ᠭᠠᠵᠠᠷ ᠰᠢᠷᠣᠢ ᠲᠠᠲᠠᠪᠤᠷᠢᠯᠠᠬᠤ ᠬᠡᠪᠴᠢᠶᠡᠨ᠎ᠳᠤ ᠲᠦᠷᠦᠯ ᠵᠦᠢᠯ ᠰᠢᠨ᠎ᠡ᠎ᠪᠠᠷ ᠪᠠᠢᠭᠤᠯᠬᠤ᠂ ᠥᠷᠭᠡᠳᠬᠡᠨ ᠪᠠᠢᠭᠤᠯᠬᠤ ᠪᠠ ᠥᠭᠡᠷᠡᠴᠢᠯᠡᠨ ᠪᠠᠢᠭᠤᠯᠵᠤ ᠪᠣᠯᠬᠤ ᠦᠭᠡᠢ᠂ ᠭᠡᠷ ᠪᠠᠢᠰᠢᠩ ᠵᠢᠴᠢ ᠪᠤᠰᠤᠳ ᠪᠡᠯᠡᠳᠬᠡᠮᠵᠢ ᠪᠠᠢᠭᠤᠯᠵᠤ ᠪᠣᠯᠬᠣ᠌ ᠦᠭᠡᠢ᠂ ᠤᠤᠯ᠎ᠤᠨ ᠭᠠᠵᠠᠷ᠎ᠤᠨ ᠲᠦᠷᠦᠯ᠂ ᠭᠠᠵᠠᠷ᠎ᠤᠨ ᠲᠥᠷᠬᠦ᠎ᠶᠢ ᠨᠢ ᠬᠤᠪᠢᠷᠠᠭᠤᠯᠵᠤ ᠪᠣᠯᠬᠣ᠌ ᠦᠭᠡᠢ᠂ ᠲᠠᠷᠢᠶᠠᠯᠠᠬᠤ ᠭᠠᠵᠠᠷ᠂ ᠴᠡᠴᠡᠷᠯᠢᠭ᠎ᠦᠨ ᠭᠠᠵᠠᠷ᠎ᠢ ᠵᠠᠪᠳᠤᠨ ᠬᠠᠭᠠᠯᠪᠤᠷᠢᠯᠠᠬᠤ ᠵᠢᠴᠢ ᠡᠯ᠎ᠡ ᠵᠦᠢᠯ᠎ᠦᠨ ᠣᠯᠠᠨ ᠨᠠᠰᠤᠲᠤ ᠠᠵᠤ ᠠᠬᠤᠢ᠎ᠶᠢᠨ ᠲᠠᠷᠢᠮᠠᠯ ᠪᠠ ᠣᠢ ᠮᠣᠳᠣ᠌᠎ᠶᠢ ᠵᠠᠪᠳᠤᠨ ᠵᠠᠢᠯᠠᠬᠤ ᠵᠡᠷᠭᠡ ᠭᠠᠵᠠᠷ ᠰᠢᠷᠣᠢ᠎ᠶᠢᠨ ᠬᠡᠷᠡᠭᠴᠡᠭᠡ᠎ᠶᠢ ᠬᠤᠪᠢᠷᠠᠭᠤᠯᠬᠤ ᠪᠠ ᠪᠠᠷᠢᠯᠭ᠎ᠠ᠎ᠶᠢᠨ ᠪᠦᠲᠦᠭᠡᠨ ᠪᠠᠢᠭᠤᠯᠤᠯᠲᠠ᠎ᠶᠢ ᠨᠥᠯᠥᠭᠡᠯᠡᠬᠦ ᠠᠵᠢᠯᠯᠠᠭ᠎ᠠ ᠬᠢᠵᠦ ᠪᠣᠯᠬᠤ ᠦᠭᠡᠢ᠃
ᠳᠥᠷᠪᠡ᠂ ᠵᠠᠷᠤᠳ᠎ᠤᠨ ᠬᠠᠷᠠᠪᠥᠬᠠ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡᠨ᠎ᠦ ᠪᠦᠲᠦᠭᠡᠨ ᠪᠠᠢᠭᠤᠯᠤᠯᠲᠠ᠎ᠶᠢᠨ ᠦᠶᠡᠯᠡᠯ᠎ᠦᠨ ᠬᠤᠭᠤᠴᠠᠭ᠎ᠠ ᠨᠢ ᠨᠡᠯᠢᠶᠡᠳ ᠤᠷᠲᠤ ᠪᠠᠢᠬᠤ᠎ᠶᠢ ᠪᠣᠳᠣᠯᠬᠢᠯᠠᠵᠤ᠂ ᠲᠤᠬᠠᠢ᠎ᠶᠢᠨ ᠭᠠᠵᠠᠷ᠎ᠤᠨ ᠣᠯᠠᠨ ᠲᠦᠮᠡᠨ᠎ᠦ ᠬᠡᠪ᠎ᠤᠨ ᠦᠢᠯᠡᠳᠪᠦᠷᠢᠯᠡᠯ ᠠᠮᠢᠳᠤᠷᠠᠯ ᠨᠢ ᠪᠠᠷᠢᠯᠭ᠎ᠠ᠎ᠶᠢᠨ ᠪᠦᠲᠦᠭᠡᠨ ᠪᠠᠢᠭᠤᠯᠤᠯᠲᠠ᠎ᠳᠤ ᠬᠡᠲᠦᠷᠬᠡᠢ ᠶᠡᠬᠡ ᠨᠥᠯᠥᠭᠡᠯᠡᠭᠳᠡᠬᠦ ᠦᠭᠡᠢ ᠪᠠᠢᠬᠤ᠎ᠶᠢ ᠦᠨᠡᠨ ᠬᠦ᠌ ᠪᠠᠲᠤᠯᠠᠬᠤ᠎ᠶᠢᠨ ᠲᠤᠰᠠᠳᠠ᠂ ᠲᠤᠬᠠᠢ᠎ᠶᠢᠨ ᠭᠠᠵᠠᠷ᠎ᠤᠨ ᠣᠯᠠᠨ ᠲᠦᠮᠡᠨ᠎ᠦ ᠦᠢᠯᠡᠳᠪᠦᠷᠢᠯᠡᠯ ᠠᠮᠢᠳᠤᠷᠠᠯ᠎ᠳᠤ ᠰᠢᠭᠤᠳ ᠬᠠᠮᠢᠶᠠᠳᠠᠬᠤ᠂ ᠦᠨᠡᠨ ᠬᠦ᠌ ᠪᠦᠲᠦᠭᠡᠨ ᠪᠠᠢᠭᠤᠯᠬᠤ ᠴᠢᠬᠤᠯᠠᠲᠠᠢ ᠲᠦᠷᠦᠯ ᠵᠦᠢᠯ᠎ᠢ 《ᠲᠣᠮᠣ᠌ ᠳᠤᠮᠳᠠ ᠬᠡᠯᠪᠡᠷᠢ᠎ᠶᠢᠨ ᠤᠰᠦᠨ ᠠᠰᠢᠭ᠍ᠯᠠᠯᠲᠠ ᠤᠰᠦᠨ ᠴᠠᠬᠢᠯᠭᠠᠨ᠎ᠤ ᠢᠨᠵᠧᠨᠧᠷᠢᠩ᠎ᠦᠨ ᠪᠦᠲᠦᠭᠡᠨ ᠪᠠᠢᠭᠤᠯᠤᠯᠲᠠ᠎ᠶᠢᠨ ᠭᠠᠵᠠᠷ ᠰᠢᠷᠣᠢ ᠲᠠᠲᠠᠪᠤᠷᠢᠯᠠᠨ ᠲᠥᠯᠥᠪᠦᠷᠢ ᠥᠭᠬᠦ ᠪᠠ ᠠᠷᠠᠳ᠎ᠢ ᠨᠡᠭᠦᠯᠭᠡᠨ ᠲᠥᠪᠬᠢᠨᠡᠭᠦᠯᠬᠦ ᠳᠦᠷᠢᠮ》᠎ᠤᠨ ᠬᠣᠯᠪᠣᠭᠳᠠᠯ ᠪᠦᠬᠦᠢ ᠲᠣᠭᠲᠠᠭᠠᠯ᠎ᠤᠨ ᠵᠣᠷᠢᠭ᠋ ᠰᠠᠨᠠᠭ᠎ᠠ᠎ᠶᠢ ᠴᠢᠩᠳᠠ ᠵᠢᠷᠤᠮᠯᠠᠨ᠂ ᠬᠣᠰᠢᠭᠤ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠳᠤ ᠮᠡᠳᠡᠭᠦᠯᠵᠦ ᠵᠥᠪᠰᠢᠶᠡᠷᠡᠭᠦᠯᠦᠭᠰᠡᠨ᠎ᠤ ᠳᠠᠷᠠᠭ᠎ᠠ ᠪᠦᠲᠦᠭᠡᠨ ᠪᠠᠢᠭᠤᠯᠵᠤ ᠪᠣᠯᠣᠨ᠎ᠠ᠃
ᠲᠠᠪᠤ᠂ ᠵᠠᠷᠤᠳ᠎ᠤᠨ ᠬᠠᠷᠠᠪᠥᠬᠠ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡᠨ᠎ᠦ ᠪᠦᠲᠦᠭᠡᠨ ᠪᠠᠢᠭᠤᠯᠤᠯᠲᠠ᠎ᠶᠢᠨ ᠭᠠᠵᠠᠷ ᠰᠢᠷᠣᠢ ᠲᠠᠲᠠᠪᠤᠷᠢᠯᠠᠬᠤ ᠬᠡᠪᠴᠢᠶᠡᠨ ᠳᠣᠲᠣᠷᠠᠬᠢ ᠡᠷᠤᠭᠡ ᠠᠮᠠ᠎ᠶᠢᠨ ᠬᠠᠮᠢᠶᠠᠷᠤᠯᠲᠠ᠎ᠶᠢ ᠴᠢᠩᠭᠠᠳᠬᠠᠵᠤ᠂ ᠪᠦᠲᠦᠭᠡᠨ ᠪᠠᠢᠭᠤᠯᠬᠤ ᠬᠡᠪᠴᠢᠶᠡᠨ ᠳᠣᠲᠣᠷ᠎ᠠ ᠬᠥᠮᠥᠨ ᠠᠮᠠ ᠨᠡᠭᠦᠯᠭᠡᠨ ᠣᠷᠤᠭᠤᠯᠬᠤ᠎ᠶᠢ ᠴᠢᠩᠳᠠ ᠬᠢᠵᠠᠭᠠᠷᠯᠠᠬᠤ ᠬᠡᠷᠡᠭᠲᠡᠢ᠃ ᠲᠦᠷᠥᠭᠰᠡᠨ᠂ ᠤᠷᠤᠭᠯᠠᠵᠤ ᠮᠣᠷᠳᠠᠭᠰᠠᠨ᠂ ᠴᠡᠷᠢᠭ᠎ᠡᠴᠡ ᠰᠢᠯᠵᠢᠭᠰᠡᠨ ᠴᠡᠷᠢᠭ᠎ᠦᠨ ᠠᠯᠪᠠ᠎ᠠᠴᠠ ᠬᠠᠯᠠᠭᠳᠠᠭᠰᠠᠨ᠂ ᠶᠡᠬᠡ ᠰᠤᠷᠭᠠᠭᠤᠯᠢ ᠪᠠ ᠳᠤᠮᠳᠠ ᠵᠡᠷᠭᠡ᠎ᠶᠢᠨ ᠲᠤᠰᠬᠠᠢ ᠮᠡᠷᠭᠡᠵᠢᠯ᠎ᠦᠨ ᠰᠤᠷᠭᠠᠭᠤᠯᠢ ᠲᠡᠭᠦᠰᠦᠭᠰᠡᠳ᠂ ᠡᠷᠡᠭᠦᠦ᠎ᠶᠢᠨ ᠬᠤᠭᠤᠴᠠᠭ᠎ᠠ ᠨᠢ ᠳᠦᠭᠦᠷᠴᠦ ᠰᠤᠯᠠᠯᠠᠭᠳᠠᠭᠰᠠᠳ ᠵᠡᠷᠭᠡ ᠤᠭ ᠨᠤᠲᠤᠭ᠎ᠲᠤ᠎ᠪᠠᠨ ᠪᠤᠴᠠᠭᠰᠠᠳ᠎ᠡᠴᠡ ᠭᠠᠳᠠᠨ᠎ᠠ᠂ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠪᠠ ᠬᠠᠮᠢᠶ᠎ᠠ ᠪᠦᠬᠦᠢ ᠰᠠᠯᠠᠭ᠎ᠠ ᠮᠥᠴᠢᠷ ᠨᠢ ᠡᠯ᠎ᠡ ᠲᠦᠷᠦᠯ᠎ᠦᠨ ᠬᠥᠮᠥᠨ ᠠᠮᠠ ᠨᠡᠭᠦᠯᠭᠡᠨ ᠣᠷᠤᠭᠤᠯᠬᠤ ᠭᠠᠷᠳᠠᠮ᠎ᠢ ᠭᠦᠢᠴᠡᠳᠬᠡᠵᠦ ᠪᠣᠯᠬᠣ᠌ ᠦᠭᠡᠢ᠃
ᠵᠢᠷᠭᠤᠭ᠎ᠠ᠂ ᠪᠠᠷᠢᠯᠭ᠎ᠠ᠎ᠶᠢᠨ ᠭᠠᠵᠠᠷ ᠰᠢᠷᠣᠢ ᠲᠠᠲᠠᠪᠤᠷᠢᠯᠠᠬᠤ ᠪᠠ ᠨᠡᠭᠦᠯᠭᠡᠬᠦ ᠲᠠᠰᠢᠷᠠᠮ᠎ᠢᠶᠠᠷ ᠣᠯᠠᠨ ᠲᠦᠮᠡᠨ᠎ᠢ ᠥᠳᠥᠭᠡᠨ ᠬᠡᠷᠡᠭ ᠲᠠᠲᠠᠬᠤ᠂ ᠭᠠᠵᠠᠷ ᠰᠢᠷᠣᠢ ᠲᠠᠲᠠᠪᠤᠷᠢᠯᠠᠨ ᠨᠡᠭᠦᠯᠭᠡᠬᠦ ᠠᠵᠢᠯ᠎ᠳᠤ ᠬᠠᠷᠰᠢ ᠰᠠᠭᠠᠳ ᠤᠴᠠᠷᠠᠭᠤᠯᠬᠤ᠂ ᠪᠠᠷᠢᠯᠭ᠎ᠠ᠎ᠶᠢᠨ ᠪᠦᠲᠦᠭᠡᠨ ᠪᠠᠢᠭᠤᠯᠤᠯᠲᠠ᠎ᠶᠢ ᠬᠠᠷᠰᠢᠯᠠᠨ ᠨᠥᠯᠥᠭᠡᠯᠡᠬᠦ ᠵᠡᠷᠭᠡ ᠬᠠᠤᠯᠢ᠎ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ 《ᠪᠦᠭᠥᠳᠡ ᠨᠠᠢᠷᠠᠮᠳᠠᠬᠤ ᠳᠤᠮᠳᠠᠳᠦ ᠠᠷᠠᠳ ᠤᠯᠤᠰ᠎ᠤᠨ ᠠᠮᠤᠷ᠎ᠢ ᠬᠠᠮᠠᠭᠠᠯᠠᠬᠤ ᠬᠠᠮᠢᠶᠠᠷᠤᠯᠲᠠ᠎ᠶᠢᠨ ᠰᠢᠢᠳᠬᠡᠯ ᠲᠤᠷᠭᠠᠠᠭᠤᠯᠢᠶᠢᠨ ᠬᠠᠤᠯᠢ》᠎ᠶᠢᠨ ᠲᠣᠭᠲᠠᠭᠠᠯ ᠶᠣᠰᠣᠭᠠᠷ ᠠᠮᠤᠷ᠎ᠢ ᠬᠠᠮᠠᠭᠠᠯᠠᠬᠤ ᠬᠠᠮᠢᠶᠠᠷᠤᠯᠲᠠ᠎ᠶᠢᠨ ᠰᠢᠢᠳᠬᠡᠯ ᠲᠣᠷᠭᠠᠭᠤᠯᠢ ᠥᠭᠬᠦ ᠬᠡᠷᠡᠭᠲᠡᠢ᠃ ᠶᠠᠯᠠᠳᠤ ᠬᠦᠷᠦᠭᠰᠡᠨ ᠪᠠᠢᠪᠠᠯ᠂ ᠬᠠᠤᠯᠢ ᠶᠣᠰᠣᠭᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃
ᠲᠤᠰ ᠵᠠᠷᠯᠠᠯ᠎ᠢ ᠨᠡᠢᠲᠡᠯᠡᠭᠰᠡᠨ ᠡᠳᠦᠷ᠎ᠡᠴᠡ ᠡᠬᠢᠯᠡᠵᠦ ᠬᠡᠷᠡᠭᠵᠢᠭᠦᠯᠦᠨ᠎ᠡ᠃
2025 ᠣᠨ᠎ᠤ 11 ᠳ᠋ᠦ᠍ᠭᠡᠷ ᠰᠠᠷ᠎ᠠ᠎ᠶᠢᠨ 23᠎ᠦ ᠡᠳᠦᠷ
(ᠲᠤᠰ ᠪᠢᠴᠢᠭ ᠮᠠᠲᠧᠷᠢᠶᠠᠯ᠎ᠢ ᠢᠯᠡ ᠨᠡᠢᠲᠡᠯᠡᠨ᠎ᠡ)