ᠢᠯᠡ ᠵᠠᠰᠠᠭ   -   ᠤᠯᠤᠰ᠎ᠤᠨ ᠬᠠᠤᠯᠢ ᠴᠠᠭᠠᠵᠠ ᠬᠠᠤᠯᠢ ᠳᠦᠷᠢᠮ
ᠪᠦᠬᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠮᠠᠯ ᠠᠵᠦ ᠠᠬᠤᠢ ᠵᠢᠨ ᠬᠠᠦᠯᠢ
ᠨᠡᠶ᠋ᠢᠲᠡᠯᠡᠭᠰᠡᠨ ᠴᠠᠭ᠄ 2015-07-17

     (2005 ᠤᠨ᠎ᠤ 12 ᠳ᠋ᠤᠭ᠋ᠠᠷ ᠰᠠᠷ᠎ᠠ ᠵᠢᠨ 29᠎ᠤ ᠠ᠋ᠳᠤᠷ ᠠᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠪᠠᠢ᠍ᠢ᠍ᠨᠭ᠌ᠭᠤ ᠵᠢᠨ ᠬᠤᠷᠢᠶᠠᠨ᠎ᠤ ᠠᠷᠪᠠ ᠶᠢᠰᠦᠳᠦᠭᠡᠷ ᠬᠤᠷᠠᠯᠳᠤᠭ᠋ᠠᠠ᠎ᠠᠴᠠ ᠪᠠᠳᠤᠯᠠᠪᠠ)  
      ᠭᠠᠷᠴᠠᠭ
      ᠨᠢᠭᠡᠳᠤᠭᠡᠷ ᠪᠦᠯᠦᠭ   ᠶᠡᠷᠦᠨᠭᠭᠡᠢ ᠲᠦᠷᠢᠮ
      ᠬᠤᠶᠠᠳᠤᠭ᠋ᠠᠷ ᠪᠦᠯᠦᠭ   ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ
      ᠭᠤᠷᠪᠠᠳᠤᠭ᠋ᠠᠷ ᠪᠦᠯᠦᠭ   ᠦᠷ᠎ᠠ ᠵᠢᠨ ᠮᠠᠯ ᠵᠢᠬᠦᠷᠳᠡᠨ᠎ᠤ ᠠ᠋ᠬᠦᠯᠳᠡᠷ᠎ᠢ ᠰᠤᠨᠭ᠌ᠭᠤᠨ ᠪᠤᠢ᠍ᠢ᠍ᠵᠢᠭᠤᠯᠬᠤ ᠪᠠ

                        ᠦᠢ᠍ᠯᠡᠳᠪᠦᠷᠢᠯᠡᠵᠦ ᠡᠵᠡᠨᠭᠨᠡᠬᠦ
      ᠲᠦᠷᠪᠡᠳᠦᠬᠡᠷ ᠪᠦᠯᠦᠭ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ
      ᠲᠠᠪᠤᠳᠤᠭ᠋ᠠᠷ ᠪᠦᠯᠦᠭ   ᠮᠠᠯ ᠵᠢᠬᠦᠷᠳᠡᠨ᠎ᠢ ᠠᠷᠠᠯᠵᠢᠶᠠᠯᠠᠬᠤ ᠪᠠ ᠵᠦᠭᠡᠭᠡᠪᠦᠷᠢᠯᠡᠬᠦ
      ᠵᠢᠷᠭᠤᠳᠤᠭ᠋ᠠᠷ ᠪᠦᠯᠦᠭ   ᠶᠠᠰᠦ ᠴᠢᠨᠠᠷ᠎ᠤᠨ ᠠᠶᠤᠯᠬᠦᠢ ᠵᠢ ᠪᠠᠳᠤᠯᠠᠬᠤ
      ᠲᠤᠯᠤᠳᠤᠭ᠋ᠠᠷ ᠪᠦᠯᠦᠭ   ᠬᠠᠦᠯᠢ ᠵᠢᠨ ᠬᠠᠷᠢᠭᠤᠴᠠᠯᠭ᠎ᠠ
      ᠨᠠᠢ᠍ᠮᠠᠳᠤᠭ᠋ᠠᠷ ᠪᠦᠯᠦᠭ   ᠲᠠᠭ᠋ᠠᠯᠳᠤᠭᠤᠯᠤᠬᠰᠠᠨ ᠲᠦᠷᠢᠮ

      ᠨᠢᠭᠡᠳᠦᠭᠡᠷ ᠪᠦᠯᠦᠭ     ᠶᠡᠷᠦᠨᠭᠭᠡᠢ ᠲᠦᠷᠢᠮ
      ᠨᠢᠭᠡᠳᠦᠭᠡᠷ ᠵᠦᠢ᠍ᠯ
  ᠮᠠᠯ ᠠᠵᠦ ᠠᠬᠤᠢ ᠵᠢᠨ ᠦᠢ᠍ᠯᠡᠳᠪᠦᠷᠢᠯᠡᠯ ᠡᠵᠡᠨᠭᠨᠡᠯᠳᠡ ᠵᠢᠨ ᠠᠵᠢᠯᠯᠠᠭ᠎ᠠ ᠵᠢ ᠵᠢᠷᠤᠮᠵᠢᠭᠤᠯᠤᠨ᠂ ᠮᠠᠯ ᠵᠢᠬᠦᠷᠳᠡᠨ᠎ᠤ ᠪᠦᠳᠦᠭᠡᠭᠳᠡᠬᠦᠨ᠎ᠤ ᠶᠠᠰᠦ ᠴᠢᠨᠠᠷ᠎ᠤᠨ ᠠᠶᠤᠯᠭᠦᠢ ᠪᠠᠢ᠍ᠢ᠍ᠬᠤ ᠵᠢ ᠪᠠᠳᠤᠯᠠᠵᠦ᠂ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ ᠪᠠ ᠵᠦᠢ ᠵᠤᠬᠢᠰᠳᠠᠢ ᠠᠰᠢᠬᠯᠠᠵᠦ᠂ ᠮᠠᠯ ᠠᠵᠦ ᠠᠬᠤᠢ ᠵᠢᠨ ᠦᠢ᠍ᠯᠡᠳᠪᠦᠷᠢᠯᠡᠭᠴᠢᠳ ᠡᠵᠡᠨᠭᠨᠡᠭᠴᠢᠳ᠎ᠤᠨ ᠬᠠᠦᠯᠢ ᠶᠤᠰᠤᠨ᠎ᠤ ᠠ᠋ᠷᠭᠡ ᠠᠰᠢᠭ᠎ᠢ ᠬᠠᠮᠠᠭ᠋ᠠᠯᠠᠨ᠂ ᠮᠠᠯ ᠠᠵᠦ ᠠᠬᠤᠢ ᠵᠢᠨ ᠦᠷᠬᠦᠯᠵᠢᠯᠡᠨ ᠠ᠋ᠷᠡᠬᠦᠯ ᠵᠶ᠋ᠠᠷ ᠬᠦᠭᠵᠢᠬᠦ ᠵᠢ ᠠᠬᠢᠭᠤᠯᠬᠤ ᠵᠢᠨ ᠲᠦᠯᠦᠭᠡ ᠲᠤᠰ ᠬᠠᠦᠯᠢ ᠵᠢ ᠲᠤᠭᠳᠠᠭ᠋ᠠᠪᠠ᠃
      ᠬᠤᠶᠠᠳᠤᠭ᠋ᠠᠷ ᠵᠦᠢ᠍ᠯ   ᠪᠦᠬᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠬᠢᠯᠢ ᠵᠢᠨ ᠲᠤᠳᠤᠷ᠎ᠠ ᠮᠠᠯ ᠵᠢᠭᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠵᠦ ᠠᠰᠢᠭᠯᠠᠬᠤ᠂ ᠪᠤᠢ᠍ᠢ᠍ᠵᠢᠭᠤᠯᠤᠨ ᠦᠷᠡᠵᠢᠬᠦᠯᠬᠦ᠂ ᠠᠷᠠᠴᠢᠯᠠᠨ ᠲᠡᠵᠢᠭᠡᠬᠦ᠂ ᠡᠵᠡᠨᠭᠨᠡᠬᠦ᠂ ᠵᠦᠭᠡᠭᠡᠪᠦᠷᠢᠯᠡᠬᠦ ᠵᠡᠷᠭᠡ ᠠᠵᠢᠯᠯᠠᠭ᠎ᠠ ᠬᠢᠬᠦ᠎ᠳᠤ ᠲᠤᠰ ᠬᠠᠦᠯᠢ ᠵᠢ ᠬᠡᠷᠡᠭᠯᠡᠨ᠎ᠠ᠃  
      ᠲᠤᠰ ᠬᠠᠦᠯᠢ᠎ᠳᠤ ᠬᠡᠯᠡᠵᠦ ᠪᠠᠢ᠍ᠢ᠍ᠭ᠎ᠠ ᠮᠠᠯ ᠵᠢᠬᠦᠷᠳᠡᠨ ᠭᠡᠳᠡᠭ ᠪᠤᠯ ᠲᠤᠰ ᠬᠠᠦᠯᠢ ᠵᠢᠨ ᠠᠷᠪᠠᠨ ᠨᠢᠭᠡᠳᠦᠭᠡᠷ ᠵᠦᠢ᠍ᠯ᠎ᠤᠨ ᠲᠤᠭᠳᠠᠭ᠋ᠠᠯ ᠶᠤᠰᠤᠭ᠋ᠠᠷ ᠨᠡᠢ᠍ᠢ᠍ᠳᠡᠯᠡᠭᠰᠠᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠭᠠᠷᠴᠠᠭ᠎ᠲᠤ ᠤᠷᠤᠭᠤᠯᠤᠭᠰᠠᠨ ᠮᠠᠯ ᠵᠢᠬᠦᠷᠳᠡᠨ᠎ᠢ ᠬᠡᠯᠡᠵᠦ ᠪᠠᠢ᠍ᠢ᠍ᠨ᠎ᠠ᠃  
ᠵᠦᠬᠡᠢ᠂ ᠬᠦᠷᠢ ᠵᠢᠨ ᠠ᠋ᠬᠢ ᠪᠠᠶᠠᠯᠢᠭ᠎ᠢ ᠬᠠᠮᠠᠭ᠋ᠠᠯᠠᠵᠦ ᠠᠰᠢᠭᠯᠠᠬᠤ ᠪᠤᠯᠤᠨ ᠦᠢ᠍ᠯᠡᠳᠪᠦᠷᠢᠯᠡᠵᠦ ᠡᠵᠡᠨᠭᠨᠡᠬᠦ᠎ᠳᠤ ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠬᠡᠷᠡᠭᠯᠡᠨ᠎ᠠ᠃  
      ᠭᠤᠷᠪᠠᠳᠤᠭ᠋ᠠᠷ ᠵᠦᠢ᠍ᠯ ᠤᠯᠤᠰ᠎ᠠᠴᠠ ᠮᠠᠯ ᠠᠵᠦ ᠠᠬᠤᠢ ᠵᠢᠨ ᠬᠦᠭᠵᠢᠯᠳᠡ ᠵᠢ ᠲᠡᠮᠵᠢᠵᠦ᠂ ᠲᠠᠷᠢᠶᠠᠯᠠᠩ᠂ ᠬᠦᠳᠡᠭᠡ ᠲᠤᠰᠬᠤᠨ᠎ᠤ ᠠᠵᠦ ᠠᠬᠤᠢ ᠵᠢ ᠬᠦᠭᠵᠢᠬᠦᠯᠬᠦ ᠪᠠ ᠲᠠᠷᠢᠶᠠᠴᠢᠳ᠎ᠤᠨ ᠤᠷᠤᠯᠭ᠎ᠠ ᠵᠢ ᠨᠡᠮᠡᠭᠳᠡᠬᠦᠯᠬᠦ᠎ᠳᠤ ᠮᠠᠯ ᠠᠵᠦ ᠠᠬᠤᠢ ᠵᠢᠨ ᠦᠵᠡᠬᠦᠯᠬᠦ ᠦᠢ᠍ᠯᠡᠳᠦᠯ᠎ᠢ ᠪᠠᠳᠠᠷᠠᠭᠤᠯᠤᠨ᠎ᠠ᠃ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠨᠤᠭᠤᠳ ᠠᠷᠭ᠎ᠠ ᠬᠡᠮᠵᠢᠶ᠎ᠠ ᠠᠪᠴᠦ ᠪᠠᠢ᠍ᠢ᠍ᠭ᠋ᠠᠳ ᠮᠠᠯ ᠠᠵᠦ ᠠᠬᠤᠢ ᠵᠢᠨ ᠰᠠᠭᠤᠷᠢ ᠲᠦᠬᠦᠭᠡᠷᠤᠮᠵᠢ ᠵᠢᠨ ᠪᠦᠳᠦᠭᠡᠨ ᠪᠠᠢ᠍ᠢ᠍ᠭᠤᠯᠤᠯᠳᠠ ᠵᠢ ᠴᠢᠨᠭ᠌ᠭ᠋ᠠᠳᠬᠠᠨ᠂ ᠬᠡᠪᠴᠢᠶᠡᠵᠢᠬᠦᠯᠦᠨ ᠲᠡᠵᠢᠭᠡᠵᠦ ᠦᠷᠡᠵᠢᠭᠦᠯᠬᠦ ᠦᠢ᠍ᠯᠡᠰ᠎ᠤᠨ ᠬᠦᠭᠵᠢᠯᠳᠠ ᠵᠢ ᠵᠤᠷᠢᠬ᠍ᠵᠢᠭᠤᠯᠤᠨ ᠲᠡᠳᠬᠦᠵᠦ᠂ ᠮᠠᠯ ᠠᠵᠦ ᠠᠬᠤᠢ ᠵᠢᠨ ᠠᠵᠦ ᠦᠢ᠍ᠯᠡᠰᠵᠢᠭᠰᠡᠨ ᠡᠵᠡᠨᠭᠨᠡᠯᠳᠡ ᠵᠢ ᠠᠬᠢᠭᠤᠯᠵᠦ᠂ ᠮᠠᠯ ᠠᠵᠦ ᠠᠬᠤᠢ ᠵᠢᠨ ᠶᠡᠷᠦᠨᠭᠭᠡᠢ᠍ᠢ᠍ᠯᠡᠭᠰᠡᠨ ᠦᠢ᠍ᠯᠡᠳᠪᠦᠷᠢᠯᠡᠬᠦ ᠴᠢᠳᠠᠪᠤᠷᠢ ᠵᠢ ᠲᠡᠭᠡᠭᠰᠢᠯᠡᠬᠦᠯᠵᠦ᠂ ᠴᠢᠨᠠᠷ ᠰᠠᠢ᠍ᠢ᠍ᠳᠠᠢ᠂ ᠦᠨᠳᠦᠷ ᠦᠷ᠎ᠠ ᠠᠰᠢᠭᠳᠠᠢ᠂ ᠠᠮᠢ ᠠᠬᠤᠢ ᠵᠢᠨ᠂ ᠠᠶᠤᠯᠬᠦᠢ ᠮᠠᠯ ᠠᠵᠦ ᠠᠬᠤᠢ ᠵᠢ ᠬᠦᠭᠵᠢᠬᠦᠯᠬᠦ ᠭᠡᠷᠡᠭᠳᠠᠢ᠃
      ᠤᠯᠤᠰ᠎ᠠᠴᠠ ᠴᠦᠬᠡᠨ ᠲᠤᠭ᠋ᠠᠳᠦ ᠦᠨᠳᠦᠰᠦᠳᠡᠨ᠎ᠤ ᠭᠠᠵᠠᠷ ᠤᠷᠤᠨ᠂ ᠶᠠᠳᠠᠭᠤ ᠬᠦᠴᠢᠷᠳᠡᠯ᠎ᠲᠠᠢ ᠭᠠᠵᠠᠷ ᠤᠷᠤᠨ᠎ᠤ ᠮᠠᠯ ᠠᠵᠦ ᠠᠬᠤᠢ ᠵᠢ ᠬᠦᠭᠵᠢᠬᠦᠯᠵᠦ᠂ ᠨᠤᠳᠤᠭ ᠪᠡᠯᠴᠢᠭᠡᠷ᠎ᠢ ᠬᠠᠮᠠᠭ᠋ᠠᠯᠠᠬᠤ ᠪᠠ ᠵᠦᠢ ᠵᠤᠬᠢᠰᠳᠠᠢ ᠠᠰᠢᠬᠯᠠᠬᠤ᠂ ᠮᠠᠯ ᠠᠵᠦ ᠠᠬᠤᠢ ᠵᠢᠨ ᠦᠢ᠍ᠯᠡᠳᠪᠦᠷᠢᠯᠡᠯ᠎ᠤᠨ ᠨᠦᠬᠦᠴᠡᠯ᠎ᠢ ᠰᠠᠢ᠍ᠢ᠍ᠵᠢᠷᠠᠭᠤᠯᠬᠤ ᠵᠢ ᠬᠠᠪᠰᠤᠷᠤᠨ ᠲᠡᠳᠬᠦᠨ᠎ᠠ᠃  
      ᠲᠦᠷᠪᠡᠳᠦᠭᠡᠷ ᠵᠦᠢ᠍ᠯ ᠤᠯᠤᠰ᠎ᠠᠴᠠ ᠠᠷᠭ᠎ᠠ ᠬᠡᠮᠵᠢᠶ᠎ᠠ ᠠᠪᠴᠦ ᠪᠠᠢ᠍ᠢ᠍ᠭ᠋ᠠᠳ ᠮᠠᠯ ᠠᠵᠦ ᠠᠬᠤᠢ ᠮᠠᠯ ᠠ᠋ᠮᠨᠡᠯᠭᠡ ᠵᠢᠨ ᠲᠤᠰᠬᠠᠢ ᠮᠡᠷᠭᠡᠵᠢᠯ᠎ᠤᠨ ᠴᠢᠳᠠᠪᠤᠷᠢᠳᠠᠨ᠎ᠢ ᠬᠦᠮᠦᠵᠢᠬᠦᠯᠦᠨ᠂ ᠮᠠᠯ ᠠᠵᠦ ᠠᠬᠤᠢ ᠮᠠᠯ ᠠ᠋ᠮᠨᠡᠯᠭᠡ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠢ ᠰᠤᠳᠤᠯᠬᠤ ᠪᠠ ᠲᠡᠯᠭᠡᠷᠡᠬᠦᠯᠬᠦ ᠦᠢ᠍ᠯᠡᠰ᠎ᠢ ᠬᠦᠭᠵᠢᠬᠦᠯᠵᠦ᠂ ᠮᠠᠯ ᠠᠵᠦ ᠠᠬᠤᠢ ᠮᠠᠯ ᠠ᠋ᠮᠨᠡᠯᠭᠡ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠮᠡᠳᠡᠯᠭᠡ ᠵᠢᠨ ᠬᠦᠮᠦᠵᠢᠯ ᠤᠬᠠᠭᠤᠯᠭ᠎ᠠ ᠵᠢᠨ ᠠᠵᠢᠯ ᠪᠤᠯᠤᠨ ᠮᠠᠯ ᠠᠵᠦ ᠠᠬᠤᠢ ᠮᠠᠯ ᠠ᠋ᠮᠨᠡᠯᠭᠡ ᠵᠢᠨ ᠮᠡᠳᠡᠭᠡ ᠵᠠᠨᠭ᠌ᠭᠢ ᠵᠢᠨ ᠦᠢ᠍ᠯᠡᠴᠢᠯᠡᠭᠡ ᠵᠢ ᠦᠷᠨᠢᠬᠦᠯᠵᠦ᠂ ᠮᠠᠯ ᠠᠵᠦ ᠠᠬᠤᠢ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠠᠪᠰᠢᠯᠳᠠ ᠵᠢ ᠠᠬᠢᠭᠤᠯᠤᠨ᠎ᠠ᠃  
      ᠲᠠᠪᠤᠳᠤᠭ᠋ᠠᠷ ᠵᠦᠢ᠍ᠯ ᠮᠠᠯ ᠠᠵᠦ ᠠᠬᠤᠢ ᠵᠢᠨ ᠦᠢ᠍ᠯᠡᠳᠪᠦᠷᠢᠯᠡᠭᠴᠢᠳ ᠡᠵᠡᠨᠭᠨᠡᠭᠴᠢᠳ ᠰᠠᠢ᠍ᠢ᠍ᠨ ᠲᠤᠷ᠎ᠠ᠎ᠠᠴᠠ᠎ᠪᠠᠨ ᠬᠠᠦᠯᠢ ᠶᠤᠰᠤᠭ᠋ᠠᠷ ᠠᠵᠢᠯ ᠲᠦᠷᠦᠯ᠎ᠤᠨ ᠨᠡᠢ᠍ᠢ᠍ᠭᠡᠮᠯᠢᠭ᠎ᠢ ᠪᠠᠢ᠍ᠢ᠍ᠭᠤᠯᠵᠦ᠂ ᠪᠦᠷᠢᠯᠳᠦᠬᠦᠨ᠎ᠳᠡᠭᠡᠨ ᠮᠡᠳᠡᠭᠡ ᠵᠠᠨᠭ᠌ᠭᠢ᠂ ᠮᠡᠷᠭᠡᠵᠢᠯ᠂ ᠡᠵᠡᠨᠭᠨᠡᠯᠳᠡ᠂ ᠪᠤᠷᠤᠯᠠᠭᠤᠯᠭ᠎ᠠ᠂ ᠪᠤᠯᠪᠠᠰᠤᠷᠠᠭᠤᠯᠤᠯ ᠵᠡᠷᠭᠡ ᠳᠠᠯ᠎ᠠ ᠵᠢᠨ ᠦᠢ᠍ᠯᠡᠴᠢᠯᠡᠭᠡ ᠬᠠᠨᠭ᠌ᠭ᠋ᠠᠵᠦ᠂ ᠠᠵᠢᠯ ᠲᠦᠷᠤᠯ᠎ᠤᠨ ᠦᠪᠡᠷ᠎ᠢ᠎ᠪᠠᠨ ᠱᠠᠭ᠋ᠠᠷᠳᠠᠬᠤ ᠵᠢ ᠴᠢᠨᠭ᠌ᠭ᠋ᠠᠳᠬᠠᠵᠦ᠂ ᠪᠦᠷᠢᠯᠳᠦᠬᠦᠨ ᠪᠠ ᠠᠵᠢᠯ ᠲᠦᠷᠦᠯ᠎ᠤᠨ ᠵᠶ᠋ᠠᠨ ᠠᠰᠢᠭ ᠲᠤᠰᠠ ᠵᠢ ᠬᠠᠮᠠᠭ᠋ᠠᠯᠠᠵᠦ ᠪᠤᠯᠤᠨ᠎ᠠ᠃
      ᠵᠢᠷᠭᠤᠳᠤᠭ᠋ᠠᠷ ᠵᠦᠢ᠍ᠯ ᠮᠠᠯ ᠠᠵᠦ ᠠᠬᠤᠢ ᠵᠢᠨ ᠦᠢ᠍ᠯᠡᠳᠪᠦᠷᠢᠯᠡᠭᠴᠢᠳ ᠡᠵᠡᠨᠭᠨᠡᠭᠴᠢᠳ ᠠᠮᠢᠳᠠᠨ᠎ᠤ ᠬᠢᠵᠢᠭ᠎ᠢ ᠰᠡᠷᠭᠡᠢ᠍ᠢ᠍ᠯᠡᠬᠦ ᠪᠠ ᠤᠷᠴᠢᠨ ᠠᠬᠤᠢ ᠵᠢ ᠬᠠᠮᠠᠭ᠋ᠠᠯᠠᠬᠤ ᠠ᠋ᠬᠦᠷᠭᠡ᠎ᠪᠠᠨ ᠬᠠᠦᠯᠢ ᠶᠤᠰᠤᠭ᠋ᠠᠷ ᠬᠦᠢ᠍ᠴᠡᠳᠭᠡᠵᠦ᠂ ᠬᠤᠯᠪᠤᠭᠳᠠᠯ ᠪᠦᠭᠦᠢ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠬᠠᠦᠯᠢ ᠶᠤᠰᠤᠭ᠋ᠠᠷ ᠶᠠᠪᠤᠭᠤᠯᠬᠤ ᠬᠢᠨᠠᠯᠳᠠ ᠪᠠᠢ᠍ᠢ᠍ᠴᠠᠭ᠋ᠠᠯᠳᠠ ᠵᠢ ᠬᠦᠯᠢᠶᠡᠬᠦ ᠬᠡᠷᠡᠭᠳᠠᠢ᠃  
      ᠲᠤᠯᠤᠳᠤᠭ᠋ᠠᠷ ᠵᠦᠢ᠍ᠯ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠪᠦᠬᠦ ᠤᠯᠤᠰ᠎ᠤᠨ ᠮᠠᠯ ᠠᠵᠦ ᠠᠬᠤᠢ ᠵᠢᠨ ᠬᠢᠨᠠᠯᠳᠠ ᠬᠠᠮᠢᠶᠠᠷᠤᠯᠳᠠ ᠵᠢᠨ ᠠᠵᠢᠯ᠎ᠢ ᠬᠠᠷᠢᠭᠤᠴᠠᠨ᠎ᠠ᠃ ᠰᠢᠶᠠᠨ᠎ᠤ ᠱᠠᠳᠤᠨ᠎ᠠᠴᠠ ᠲᠡᠭᠡᠭᠰᠢᠬᠢ ᠤᠷᠤᠨ ᠨᠤᠳᠤᠭ᠎ᠤᠨ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠳ ᠲᠤᠰ ᠵᠠᠰᠠᠭ ᠵᠠᠬᠢᠷᠭ᠋ᠠᠨ᠎ᠤ ᠤᠷᠤᠨ᠎ᠤ᠎ᠪᠠᠨ ᠲᠤᠳᠤᠷᠠᠬᠢ ᠮᠠᠯ ᠠᠵᠦ ᠠᠬᠤᠢ ᠵᠢᠨ ᠬᠢᠨᠠᠯᠳᠠ ᠬᠠᠮᠢᠶᠠᠷᠤᠯᠳᠠ ᠵᠢᠨ ᠠᠵᠢᠯ᠎ᠢ ᠬᠠᠷᠢᠭᠤᠴᠠᠨ᠎ᠠ᠃
      ᠰᠢᠶᠠᠠ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠬᠤᠯᠪᠤᠭᠳᠠᠯ ᠪᠦᠬᠦᠢ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠳ ᠲᠤᠰ ᠲᠤᠰ᠎ᠤᠨ ᠠ᠋ᠬᠦᠷᠭᠡ ᠬᠠᠷᠢᠭᠤᠴᠠᠯᠭ᠎ᠠ ᠵᠢᠨ ᠬᠡᠪᠴᠢᠶᠠᠨ᠎ᠳᠡᠭᠡᠨ ᠮᠠᠯ ᠠᠵᠦ ᠠᠬᠤᠢ ᠵᠢᠨ ᠬᠦᠭᠵᠢᠯᠳᠠ ᠵᠢ ᠠᠬᠢᠭᠤᠯᠬᠤ ᠬᠤᠯᠪᠤᠭᠳᠠᠯ ᠪᠦᠭᠦᠢ ᠠᠵᠢᠯ᠎ᠢ ᠬᠠᠷᠢᠭᠤᠴᠠᠨ᠎ᠠ᠃
      ᠨᠠᠢ᠍ᠮᠠᠳᠤᠭ᠋ᠠᠷ ᠵᠦᠢ᠍ᠯ   ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠨᠢ ᠮᠠᠯ ᠠᠵᠦ ᠠᠬᠤᠢ ᠵᠢᠨ ᠦᠢ᠍ᠯᠡᠳᠪᠦᠷᠢᠯᠡᠭᠴᠢᠳ ᠡᠵᠡᠨᠭᠨᠡᠭᠴᠢᠳ᠎ᠢ ᠵᠢᠯᠤᠭᠤᠳᠴᠦ ᠪᠠᠢ᠍ᠢ᠍ᠭ᠋ᠠᠳ ᠮᠠᠯ ᠵᠢᠬᠦᠷᠳᠡᠨ᠎ᠢ ᠪᠤᠢ᠍ᠢ᠍ᠵᠢᠭᠤᠯᠤᠨ ᠦᠷᠡᠵᠢᠬᠦᠯᠬᠦ᠂ ᠠᠷᠠᠴᠢᠯᠠᠨ ᠲᠡᠵᠢᠭᠡᠬᠦ᠂ ᠵᠦᠭᠡᠭᠡᠪᠦᠷᠢᠯᠡᠬᠦ ᠨᠦᠬᠦᠴᠡᠯ ᠪᠤᠯᠤᠨ ᠤᠷᠴᠢᠨ ᠲᠤᠭᠤᠷᠢᠨ᠎ᠢ᠎ᠨᠢ ᠰᠠᠢ᠍ᠢ᠍ᠵᠢᠷᠠᠭᠤᠯᠬᠤ ᠬᠡᠷᠡᠭᠳᠠᠢ᠃                     ᠬᠤᠶᠠᠳᠤᠭ᠋ᠠᠷ ᠪᠦᠯᠦᠭ   ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ  
      ᠶᠢᠰᠦᠳᠦᠭᠡᠷ ᠵᠦᠢ᠍ᠯ
  ᠤᠯᠤᠰ᠎ᠠᠴᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ ᠲᠦᠷᠢᠮ᠎ᠢ ᠲᠤᠭᠳᠠᠭ᠋ᠠᠨ᠎ᠠ᠃ ᠡᠯ᠎ᠠ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠨᠤᠭᠤᠳ ᠠᠷᠭ᠎ᠠ ᠬᠡᠮᠵᠢᠶ᠎ᠠ ᠠᠪᠴᠦ ᠪᠠᠢ᠍ᠢ᠍ᠭ᠋ᠠᠳ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠬᠠᠮᠠᠭ᠋ᠠᠯᠠᠯᠳᠠ ᠵᠢ ᠴᠢᠨᠭ᠌ᠭ᠋ᠠᠳᠬᠠᠵᠦ᠂ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ ᠵᠠᠷᠤᠳᠠᠯ᠎ᠢ ᠠ᠋ᠳ᠋᠎ᠤᠨ ᠵᠠᠰᠠᠭ᠎ᠤᠨ ᠲᠦᠰᠦᠪ᠎ᠲᠡᠭᠡᠨ ᠤᠷᠤᠭᠤᠯᠬᠤ ᠬᠡᠷᠡᠭᠳᠠᠢ᠃
    ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠬᠠᠮᠠᠭ᠋ᠠᠯᠠᠯᠳᠠ᠎ᠨᠢ ᠤᠯᠤᠰ᠎ᠤᠨ᠎ᠬᠢ᠎ᠪᠠᠷ ᠭᠤᠤᠯ ᠪᠤᠯᠭ᠋ᠠᠨ᠂ ᠬᠤᠯᠪᠤᠭᠳᠠᠯ ᠪᠦᠬᠦᠢ ᠨᠢᠭᠡᠴᠢ᠂ ᠬᠤᠪᠢ ᠬᠦᠮᠦᠨ᠎ᠤ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ ᠦᠢ᠍ᠯᠡᠰ᠎ᠢ ᠬᠠᠤᠯᠢ ᠶᠤᠰᠤᠭ᠋ᠠᠷ ᠬᠦᠭᠵᠢᠬᠦᠯᠬᠦ ᠵᠢ ᠵᠤᠷᠢᠬ᠍ᠵᠢᠭᠤᠯᠤᠨ ᠲᠡᠮᠵᠢᠨ᠎ᠠ᠃
      ᠠᠷᠪᠠᠳᠤᠭ᠋ᠠᠷ ᠵᠦᠢ᠍ᠯ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠰᠬᠠᠢ ᠮᠡᠷᠭᠡᠵᠢᠯ᠎ᠤᠨ ᠠᠵᠢᠯᠳᠠᠡ ᠵᠶ᠋ᠠᠷ ᠪᠦᠷᠢᠯᠳᠦᠭᠰᠡᠨ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ᠎ᠢ ᠪᠠᠢ᠍ᠢ᠍ᠭᠤᠯᠵᠦ᠂ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠰᠢᠯᠭ᠋ᠠᠨ ᠲᠤᠭᠳᠠᠭ᠋ᠠᠬᠤ᠂ ᠦᠨᠡᠯᠡᠨ ᠵᠢᠱ᠌ᠢᠬᠦ ᠪᠠ ᠮᠠᠯ ᠵᠢᠬᠦᠷᠳᠡᠨ᠎ᠤ ᠰᠢᠨ᠎ᠠ ᠠ᠋ᠬᠦᠯᠳᠡᠷ᠂ ᠲᠦᠬᠦᠷᠵᠢᠭᠰᠡᠨ ᠤᠳᠤᠮ᠎ᠢ ᠬᠢᠨᠠᠨ ᠲᠤᠭᠳᠠᠭ᠋ᠠᠬᠤ ᠠᠵᠢᠯ᠎ᠢ ᠬᠠᠷᠢᠭᠤᠴᠠᠨ᠂ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠨ ᠠᠰᠢᠬᠯᠠᠬᠤ ᠲᠦᠯᠦᠪᠵᠢᠬᠦᠯᠬᠡ ᠵᠢ ᠨᠤᠳᠠᠯᠠᠬᠤ ᠵᠢᠴᠢ ᠮᠠᠯ ᠵᠢᠭᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ ᠲᠤᠬᠠᠢ ᠬᠤᠯᠪᠤᠬᠳᠠᠯ ᠪᠦᠬᠦᠢ ᠵᠦᠪᠯᠡᠯᠭᠡ ᠦᠭᠬᠦ ᠠᠵᠢᠯ᠎ᠢ ᠠ᠋ᠬᠦᠷᠭᠡᠯᠡᠨ᠎ᠠ᠃  
      ᠠᠷᠪᠠᠨ ᠨᠢᠭᠡᠳᠦᠭᠡᠷ ᠵᠦᠢ᠍ᠯ   ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠪᠠᠢ᠍ᠢ᠍ᠴᠠᠭ᠋ᠠᠯᠳᠠ ᠵᠢᠨ ᠠᠵᠢᠯ᠎ᠢ ᠵᠤᠬᠢᠶᠠᠨ ᠪᠠᠢ᠍ᠢ᠍ᠭᠤᠯᠬᠤ᠂ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠪᠠᠢ᠍ᠢ᠍ᠳᠠᠯ᠎ᠤᠨ ᠲᠤᠬᠠᠢ ᠮᠡᠳᠡᠬᠦᠯᠦᠯᠳᠠ ᠵᠢ ᠨᠡᠢ᠍ᠢ᠍ᠳᠡᠯᠡᠬᠦ᠂ ᠲᠦᠷᠦ ᠵᠢᠨ ᠶᠠᠪᠤᠳᠠᠯ᠎ᠤᠨ ᠬᠤᠷᠢᠶ᠎ᠠ᠎ᠪᠠᠷ ᠵᠦᠪᠰᠢᠶᠡᠷᠡᠭᠦᠯᠦᠭᠰᠡᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠭᠠᠷᠴᠠᠭ᠎ᠢ ᠨᠡᠢ᠍ᠢ᠍ᠳᠡᠯᠡᠬᠦ ᠠᠵᠢᠯ᠎ᠢ ᠬᠠᠷᠢᠭᠤᠴᠠᠨ᠎ᠠ᠃  
      ᠠᠷᠪᠠᠨ ᠬᠤᠶᠠᠳᠤᠭ᠋ᠠᠷ ᠵᠦᠢ᠍ᠯ   ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠲᠠᠷᠬᠠᠴᠠ ᠵᠢᠨ ᠪᠠᠢ᠍ᠢ᠍ᠳᠠᠯ᠎ᠢ ᠦᠨᠳᠦᠰᠦᠯᠡᠡ᠂ ᠪᠦᠬᠦ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠠ ᠠᠰᠢᠬᠯᠠᠬᠤ ᠲᠦᠯᠦᠪᠵᠢᠬᠦᠯᠭᠡ ᠵᠢ ᠲᠤᠭᠳᠠᠭ᠋ᠠᠵᠦ᠂ ᠤᠯᠤᠰ᠎ᠤᠨ ᠲᠡᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠬᠠᠮᠠᠭ᠋ᠠᠯᠠᠯᠳᠠ ᠵᠢᠨ ᠲᠤᠪᠶᠤᠭ᠎ᠢ ᠲᠤᠭᠳᠠᠭ᠋ᠠᠨ ᠨᠡᠢ᠍ᠢ᠍ᠳᠡᠯᠡᠵᠦ᠂ ᠮᠠᠨ᠎ᠤ ᠤᠯᠤᠰ᠎ᠤᠨ ᠤᠭ ᠭᠠᠷᠤᠯ᠎ᠲᠠᠢ ᠦᠨᠡᠳᠦ᠂ ᠬᠤᠪᠤᠷ ᠴᠤᠬᠠᠭ᠂ ᠰᠦᠨᠦᠬᠦ ᠰᠢᠬᠠᠭᠰᠠᠨ ᠮᠠᠯ ᠵᠢᠬᠦᠷᠳᠡᠡ᠎ᠤ ᠤᠳᠤᠮᠯᠠᠯ᠎ᠤᠨ ᠠ᠋ᠬᠢ ᠪᠠᠶᠠᠯᠢᠭ᠎ᠢ ᠭᠤᠤᠯᠳᠠᠯᠭ᠎ᠠ᠎ᠲᠠᠢ᠎ᠪᠠᠷ ᠬᠠᠮᠠᠭ᠋ᠠᠯᠠᠨ᠎ᠠ᠃  
      ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠳ ᠪᠦᠬᠦ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠨ ᠠᠰᠢᠬᠯᠠᠬᠤ ᠲᠦᠯᠦᠪᠵᠢᠬᠦᠯᠭᠡ ᠵᠢᠴᠢ ᠲᠤᠰ ᠵᠠᠰᠠᠭ ᠵᠠᠬᠢᠷᠭ᠋ᠠᠨ᠎ᠤ ᠤᠷᠤᠨ᠎ᠤ᠎ᠪᠠᠨ ᠲᠤᠳᠤᠷᠠᠬᠢ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠪᠠᠢ᠍ᠢ᠍ᠳᠠᠯ᠎ᠢ ᠦᠨᠳᠦᠰᠦᠯᠡᠵᠦ᠂ ᠮᠤᠵᠢ ᠵᠢᠨ ᠱᠠᠳᠤᠨ᠎ᠤ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠬᠠᠮᠠᠭ᠋ᠠᠯᠠᠯᠳᠠ ᠵᠢᠨ ᠲᠤᠪᠶᠤᠭ᠎ᠢ ᠲᠤᠭᠳᠠᠭ᠋ᠠᠨ ᠨᠡᠢ᠍ᠢ᠍ᠳᠡᠯᠡᠬᠦ ᠵᠢᠨ ᠬᠠᠮᠳᠦ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠮᠡᠳᠡᠬᠦᠯᠤᠨ ᠲᠠᠨᠭ᠌ᠰᠠᠯᠠᠭᠤᠯᠤᠨ᠎ᠠ᠃  
      ᠠᠷᠪᠠᠨ ᠭᠤᠷᠪᠠᠳᠤᠭ᠋ᠠᠷ ᠵᠦᠢ᠍ᠯ   ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠨᠢ ᠪᠦᠬᠦ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠨ ᠠᠰᠢᠬᠯᠠᠬᠤ ᠲᠦᠯᠦᠪᠵᠢᠬᠦᠯᠭᠡ ᠵᠢᠴᠢ ᠤᠯᠤᠰ᠎ᠤᠨ ᠲᠡᠰ᠎ᠤᠨ ᠮᠠᠯ ᠵᠢᠬᠦᠷᠳᠡᠡ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠬᠠᠮᠠᠭ᠋ᠠᠯᠠᠯᠳᠠ ᠵᠢᠨ ᠲᠤᠪᠶᠤᠭ᠎ᠢ ᠦᠨᠳᠦᠰᠦᠯᠡᠨ᠂ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠨᠢ ᠮᠤᠵᠢ ᠵᠢᠨ ᠱᠠᠳᠤᠨ᠎ᠤ ᠮᠠᠯ ᠵᠢᠬᠦᠷᠳᠡᠡ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠬᠠᠮᠠᠭ᠋ᠠᠯᠠᠯᠳᠠ ᠵᠢᠨ ᠲᠤᠪᠶᠤᠭ᠎ᠢ ᠦᠨᠳᠦᠰᠦᠯᠡᠵᠦ᠂ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠦᠷ᠎ᠠ ᠵᠢᠨ ᠬᠠᠮᠠᠭ᠋ᠠᠯᠠᠯᠳᠠ ᠵᠢᠨ ᠲᠠᠯᠠᠪᠠᠢ᠂ ᠬᠠᠮᠠᠭ᠋ᠠᠯᠠᠯᠳᠠ ᠵᠢᠨ ᠤᠷᠤᠨ ᠪᠠ ᠭᠧᠨ᠎ᠤ ᠬᠦᠮᠦᠷᠭᠡ ᠵᠢ ᠲᠤᠰ ᠲᠤᠰ ᠪᠠᠢ᠍ᠢ᠍ᠭᠤᠯᠬᠤ ᠪᠤᠶᠤ ᠲᠤᠭᠳᠠᠭ᠋ᠠᠵᠦ᠂ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠠᠮᠠᠭ᠋ᠠᠯᠠᠬᠤ ᠠ᠋ᠬᠦᠷᠭᠡ ᠵᠢ ᠠ᠋ᠬᠦᠷᠭᠡᠯᠡᠨ᠎ᠠ᠃
      ᠲᠦᠪ᠎ᠤᠨ ᠪᠠ ᠮᠤᠵᠢ ᠵᠢᠨ ᠱᠠᠳᠤᠨ᠎ᠤ ᠠ᠋ᠳ᠋᠎ᠤᠨ ᠵᠠᠰᠠᠭ᠎ᠤᠨ ᠪᠡᠯᠡ ᠮᠦᠨᠭᠭᠦᠨ᠎ᠤ ᠲᠡᠮᠵᠢᠯᠭᠡ ᠵᠢ ᠬᠦᠷᠳᠡᠵᠦ ᠪᠠᠢ᠍ᠢ᠍ᠭ᠎ᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠦᠷ᠎ᠠ ᠵᠢᠨ ᠬᠠᠮᠠᠭ᠋ᠠᠯᠠᠯᠳᠠ ᠵᠢᠨ ᠲᠠᠯᠠᠪᠠᠢ᠂ ᠬᠠᠮᠠᠭ᠋ᠠᠯᠠᠯᠳᠠ ᠵᠢᠨ ᠤᠷᠤᠨ ᠪᠠ ᠭᠧᠨ᠎ᠤ ᠬᠦᠮᠦᠷᠭᠡ᠎ᠨᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠵᠦᠪᠰᠢᠶᠠᠷᠡᠯ ᠦᠬᠡᠢ᠎ᠪᠠᠷ ᠬᠠᠮᠠᠭ᠋ᠠᠯᠠᠯᠳᠠ᠎ᠳᠤ ᠪᠠᠢ᠍ᠢ᠍ᠭ᠎ᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠲᠤᠷ᠎ᠠ᠎ᠪᠠᠷ ᠵᠶ᠋ᠠᠨ ᠰᠢᠢ᠍ᠳᠪᠦᠷᠢᠯᠡᠵᠦ ᠪᠤᠯᠬᠤ ᠦᠭᠡᠢ᠃  
      ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠭᠧᠨ᠎ᠤ ᠬᠦᠮᠦᠷᠭᠡ᠎ᠨᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠯ ᠶᠤᠰᠤᠭ᠋ᠠᠷ᠂ ᠮᠠᠯ ᠵᠢᠬᠦᠷᠳᠡᠨ᠎ᠤ ᠤᠳᠤᠮᠯᠠᠯ᠎ᠤᠨ ᠮᠠᠲᠸᠷᠢᠶᠠᠯ᠎ᠢ ᠲᠤᠭᠳᠠᠮᠠᠯ ᠬᠤᠭᠤᠴᠠᠭ᠎ᠠ᠎ᠲᠠᠢ᠎ᠪᠠᠷ ᠴᠤᠬᠯᠠᠭᠤᠯᠤᠨ ᠰᠢᠨᠡᠳᠭᠡᠬᠦ ᠭᠡᠷᠡᠭᠳᠠᠢ᠃ ᠬᠤᠯᠪᠤᠬᠳᠠᠯ ᠪᠦᠬᠦᠢ ᠨᠢᠭᠡᠴᠢ᠂ ᠬᠤᠪᠢ ᠬᠦᠮᠦᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠭᠧᠨ᠎ᠤ ᠬᠦᠮᠦᠷᠭᠡ᠎ᠯᠦᠭᠡ ᠬᠠᠮᠵᠢᠯᠴᠠᠨ ᠮᠠᠯ ᠵᠢᠬᠦᠷᠳᠡᠨ᠎ᠤ ᠤᠳᠤᠮᠯᠠᠯ᠎ᠤᠨ ᠮᠠᠲᠸᠷᠢᠶᠠᠯ᠎ᠢ ᠴᠤᠬᠯᠠᠭᠤᠯᠬᠤ ᠵᠢᠨ ᠬᠠᠮᠳᠦ ᠵᠤᠬᠢᠬᠤ ᠬᠡᠮᠵᠢᠶᠠᠨ᠎ᠤ ᠠᠵᠦ ᠠᠬᠤᠢ ᠵᠢᠨ ᠨᠦᠬᠦᠪᠦᠷᠢ ᠤᠯᠬᠤ ᠠ᠋ᠷᠭᠡ᠎ᠲᠠᠢ᠃  
      ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠦᠷ᠎ᠠ ᠵᠢᠨ ᠬᠠᠮᠠᠭ᠋ᠠᠯᠠᠯᠳᠠ ᠵᠢᠨ ᠲᠠᠯᠠᠪᠠᠢ᠂ ᠬᠠᠮᠠᠭ᠋ᠠᠯᠠᠯᠳᠠ ᠵᠢᠨ ᠤᠷᠤᠨ ᠪᠠ ᠭᠧᠨ᠎ᠤ ᠬᠦᠮᠦᠷᠭᠡ ᠵᠢᠨ ᠬᠠᠮᠢᠶᠠᠷᠤᠯᠳᠠ ᠵᠢᠨ ᠠᠷᠭ᠎ᠠ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠳᠠᠭ᠋ᠠᠨ᠎ᠠ᠃  
      ᠠᠷᠪᠠᠨ ᠲᠦᠷᠪᠡᠳᠦᠭᠡᠷ ᠵᠦᠢ᠍ᠯ ᠰᠢᠨ᠎ᠠ᠎ᠪᠠᠷ ᠢᠯᠡᠷᠡᠬᠦᠯᠦᠭᠰᠡᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ ᠰᠢᠯᠭ᠋ᠠᠨ ᠲᠤᠭᠳᠠᠭ᠋ᠠᠬᠤ᠎ᠠᠴᠠ ᠠ᠋ᠮᠦᠨ᠎ᠠ᠂ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠳ ᠬᠠᠮᠠᠭ᠋ᠠᠯᠠᠯᠳᠠ ᠵᠢᠨ ᠲᠦᠰᠦᠯ ᠲᠤᠭᠳᠠᠭ᠋ᠠᠵᠦ᠂ ᠲᠦᠷ ᠴᠠᠭ᠎ᠤᠨ ᠬᠠᠮᠠᠭ᠋ᠠᠯᠠᠯᠳᠠ ᠵᠢᠨ ᠠᠷᠭ᠎ᠠ ᠬᠡᠮᠵᠢᠶ᠎ᠠ ᠠᠪᠬᠤ ᠵᠢᠨ ᠬᠠᠮᠳᠦ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠮᠡᠳᠡᠬᠦᠯᠵᠦ ᠲᠠᠨᠭ᠌ᠰᠠᠯᠠᠭᠤᠯᠬᠤ ᠬᠡᠷᠡᠭᠳᠠᠢ᠃  
      ᠠᠷᠪᠠᠨ ᠲᠠᠪᠤᠳᠤᠭ᠋ᠠᠷ ᠵᠦᠢ᠍ᠯ   ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠢᠯᠢ ᠵᠢᠨ ᠭᠠᠳᠠᠨ᠎ᠠ᠎ᠠᠴᠠ ᠤᠷᠤᠭᠤᠯᠵᠦ ᠢᠷᠡᠬᠦ᠎ᠳᠤ ᠬᠦᠷᠪᠡᠯ᠂ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠭᠤᠶᠤᠴᠢᠯᠠᠯ ᠭᠠᠷᠭ᠋ᠠᠬᠤ ᠭᠡᠷᠡᠭᠳᠠᠢ; ᠭᠤᠶᠤᠴᠢᠯᠠᠯ᠎ᠢ ᠰᠢᠢ᠍ᠳᠪᠦᠷᠢᠯᠡᠬᠦ᠎ᠪᠠᠷ ᠬᠦᠯᠢᠶᠠᠨ ᠠᠪᠤᠭᠰᠠᠨ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠬᠢᠨᠠᠨ ᠪᠠᠢ᠍ᠢ᠍ᠴᠠᠭ᠋ᠠᠭ᠋ᠠᠳ᠂ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠮᠡᠳᠡᠬᠦᠯᠤᠨ ᠦᠨᠡᠯᠡᠨ ᠨᠤᠳᠠᠯᠠᠭᠤᠯᠤᠭᠰᠠᠨ᠎ᠤ ᠲᠠᠷᠠᠭ᠎ᠠ ᠵᠦᠪᠰᠢᠶᠡᠷᠡᠨ᠎ᠠ᠃ ᠵᠦᠪᠰᠢᠶᠠᠷᠡᠭᠰᠡᠨ ᠪᠠᠢ᠍ᠢ᠍ᠪᠠᠯ᠂ 《ᠪᠦᠬᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠬᠢᠯᠢ᠎ᠪᠠᠷ ᠤᠷᠤᠭᠤᠯᠵᠦ ᠭᠠᠷᠭ᠋ᠠᠬᠤ ᠠᠮᠢᠳᠠᠨ ᠤᠷᠭᠤᠮᠠᠯ᠎ᠤᠨ ᠬᠢᠵᠢᠭ᠎ᠢ ᠪᠠᠢ᠍ᠢ᠍ᠴᠠᠭ᠋ᠠᠬᠤ ᠬᠠᠦᠯᠢ》 ᠵᠢᠨ ᠲᠤᠭᠳᠠᠭ᠋ᠠᠯ ᠶᠤᠰᠤᠭ᠋ᠠᠷ ᠬᠤᠯᠪᠤᠭᠳᠠᠯ ᠪᠦᠬᠦᠢ ᠭᠠᠷ ᠬᠦᠢ᠍ᠴᠡᠳᠭᠡᠯ᠎ᠢ ᠬᠢᠬᠦ ᠵᠢᠨ ᠬᠠᠮᠳᠦ ᠬᠢᠵᠢᠭ᠎ᠤᠨ ᠪᠠᠢ᠍ᠢ᠍ᠴᠠᠭ᠋ᠠᠯᠳᠠ ᠬᠢᠨ᠎ᠠ᠃
      ᠬᠢᠯᠢ ᠵᠢᠨ ᠭᠠᠳᠠᠨ᠎ᠠ᠎ᠠᠴᠠ ᠤᠷᠤᠭᠤᠯᠤᠬᠰᠠᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠨᠢ ᠬᠢᠯᠢ ᠵᠢᠨ ᠲᠤᠳᠤᠷᠠᠬᠢ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠂ ᠠᠮᠢ ᠠᠬᠤᠢ ᠵᠢᠨ ᠤᠷᠴᠢᠨ ᠲᠤᠭᠤᠷᠢᠨ᠎ᠳᠤ ᠬᠤᠤᠷ ᠬᠦᠨᠦᠭᠡᠯ ᠤᠴᠠᠷᠠᠭᠤᠯᠬᠤ ᠪᠤᠶᠤ ᠬᠤᠤᠷ ᠬᠦᠨᠦᠭᠡᠯ ᠤᠴᠠᠷᠠᠭᠤᠯᠬᠤ ᠪᠤᠯᠤᠮᠵᠢ᠎ᠲᠠᠢ ᠪᠠᠢ᠍ᠢ᠍ᠬᠤ ᠵᠢ ᠤᠯᠵᠦ ᠮᠡᠳᠡᠪᠠᠯ᠂ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠨᠢ ᠬᠤᠯᠪᠤᠬᠳᠠᠯ ᠪᠦᠬᠦᠢ ᠰᠠᠯᠠᠭ᠎ᠠ ᠮᠦᠴᠢᠷ᠎ᠯᠦᠭᠡ ᠵᠦᠪᠳᠡᠵᠦ ᠪᠠᠢ᠍ᠢ᠍ᠭ᠋ᠠᠳ ᠠᠶᠤᠯᠬᠦᠢ ᠵᠢᠨ ᠬᠢᠵᠠᠭ᠋ᠠᠷᠯᠠᠬᠤ ᠵᠤᠬᠢᠴᠠᠨᠭ᠌ᠭᠤᠢ ᠠᠷᠭ᠎ᠠ ᠬᠡᠮᠵᠢᠶ᠎ᠠ ᠠᠪᠬᠤ ᠭᠡᠷᠡᠭᠳᠠᠢ᠃  
      ᠠᠷᠪᠠᠨ ᠵᠢᠷᠭᠤᠳᠤᠭ᠋ᠠᠷ ᠵᠦᠢ᠍ᠯ ᠬᠠᠮᠠᠭ᠋ᠠᠯᠠᠯᠳᠠ ᠵᠢᠨ ᠲᠤᠪᠶᠤᠭ᠎ᠲᠤ ᠤᠷᠤᠭᠤᠯᠤᠬᠰᠠᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠢᠯᠢ ᠵᠢᠨ ᠭᠠᠳᠠᠨ᠎ᠠ ᠭᠠᠷᠭ᠋ᠠᠬᠤ ᠪᠤᠶᠤ ᠬᠢᠯᠢ ᠵᠢᠨ ᠲᠤᠳᠤᠷ᠎ᠠ ᠬᠢᠯᠢ ᠵᠢᠨ ᠭᠠᠳᠠᠨᠠᠬᠢ ᠪᠠᠢ᠍ᠢ᠍ᠭᠤᠯᠤᠮᠵᠢ᠂ ᠬᠤᠪᠢ ᠬᠦᠮᠦᠨ᠎ᠲᠠᠢ ᠬᠤᠷᠰᠢᠵᠦ ᠰᠤᠳᠤᠯᠤᠨ ᠠᠰᠢᠬᠯᠠᠬᠤ᠎ᠳᠤ᠂ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠭᠤᠶᠤᠴᠢᠯᠠᠯ ᠭᠠᠷᠭ᠋ᠠᠬᠤ ᠵᠢᠨ ᠬᠠᠮᠳᠦ ᠠᠰᠢᠭ ᠲᠤᠰᠠ ᠵᠢ ᠤᠯᠤᠰ ᠤᠷᠤᠨ ᠬᠠᠮᠳᠦ᠎ᠪᠠᠷ ᠬᠦᠷᠳᠡᠬᠦ ᠲᠦᠰᠦᠯ᠎ᠢ ᠲᠤᠷᠠᠳᠬᠤ ᠭᠡᠷᠡᠭᠳᠠᠢ; ᠭᠤᠶᠤᠴᠢᠯᠠᠯ᠎ᠢ ᠰᠢᠢ᠍ᠳᠪᠦᠷᠢᠯᠡᠬᠦ᠎ᠪᠠᠷ ᠬᠦᠯᠢᠶᠠᠨ ᠠᠪᠤᠭᠰᠠᠨ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠬᠢᠨᠠᠨ ᠪᠠᠢ᠍ᠢ᠍ᠴᠠᠭ᠋ᠠᠭ᠋ᠠᠳ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠮᠡᠳᠡᠬᠦᠯᠤᠨ ᠵᠦᠪᠰᠢᠶᠠᠷᠡᠬᠦᠯᠦᠨ᠎ᠠ᠃  
      ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠢᠯᠢ ᠵᠢᠨ ᠭᠠᠳᠠᠨ᠎ᠠ ᠭᠠᠷᠭ᠋ᠠᠬᠤ᠎ᠳᠤ ᠬᠦᠷᠪᠠᠯ᠂ ᠪᠠᠰᠠ 《ᠪᠦᠬᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠬᠢᠯᠢ᠎ᠪᠠᠷ ᠤᠷᠤᠭᠤᠯᠵᠦ ᠭᠠᠷᠭ᠋ᠠᠬᠤ ᠠᠮᠢᠳᠠᠨ ᠤᠷᠭᠤᠮᠠᠯ᠎ᠤᠨ ᠬᠢᠵᠢᠭ᠎ᠢ ᠪᠠᠢ᠍ᠢ᠍ᠴᠠᠭ᠋ᠠᠬᠤ ᠬᠠᠦᠯᠢ》 ᠵᠢᠨ ᠲᠤᠭᠳᠠᠭ᠋ᠠᠯ ᠶᠤᠰᠤᠭ᠋ᠠᠷ ᠬᠤᠯᠪᠤᠬᠳᠠᠯ ᠪᠦᠬᠦᠢ ᠭᠠᠷ ᠬᠦᠢ᠍ᠴᠡᠳᠭᠡᠯ᠎ᠢ ᠬᠢᠬᠦ ᠵᠢᠨ ᠬᠠᠮᠳᠦ ᠬᠢᠵᠢᠭ᠎ᠤᠨ ᠪᠠᠢ᠍ᠢ᠍ᠴᠠᠭ᠋ᠠᠯᠳᠠ ᠬᠢᠬᠦ ᠬᠡᠷᠡᠭᠳᠠᠢ᠃  
      ᠰᠢᠨ᠎ᠠ᠎ᠪᠠᠷ ᠢᠯᠡᠷᠡᠬᠦᠯᠦᠭᠰᠡᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ ᠬᠢᠨᠠᠨ ᠲᠤᠭᠳᠠᠭ᠋ᠠᠬᠤ᠎ᠠᠴᠠ ᠠ᠋ᠮᠦᠨ᠎ᠠ ᠬᠢᠯᠢ ᠵᠢᠨ ᠭᠠᠳᠠᠨ᠎ᠠ ᠭᠠᠷᠭ᠋ᠠᠵᠦ ᠪᠤᠯᠬᠤ ᠦᠭᠡᠢ᠂ ᠬᠢᠯᠢ ᠵᠢᠨ ᠭᠠᠳᠠᠨᠠᠬᠢ ᠪᠠᠢ᠍ᠢ᠍ᠭᠤᠯᠤᠮᠵᠢ᠂ ᠬᠤᠪᠢ ᠬᠦᠮᠦᠨ᠎ᠲᠠᠢ ᠬᠠᠮᠳᠤᠷᠠᠨ ᠲᠡᠬᠦᠨ᠎ᠢ ᠰᠤᠳᠤᠯᠤᠨ ᠠᠰᠢᠬᠯᠠᠵᠦ ᠪᠤᠯᠬᠤ ᠦᠬᠡᠢ᠃  
      ᠠᠷᠪᠠᠨ ᠲᠤᠯᠤᠳᠤᠭ᠋ᠠᠷ ᠵᠦᠢ᠍ᠯ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠢᠯᠢ᠎ᠪᠠᠷ ᠤᠷᠤᠭᠤᠯᠵᠦ ᠭᠠᠷᠭ᠋ᠠᠬᠤ ᠪᠠ ᠭᠠᠳᠠᠭ᠋ᠠᠳᠦ᠎ᠲᠠᠢ ᠬᠤᠷᠰᠢᠵᠦ ᠰᠤᠳᠤᠯᠤᠨ ᠠᠰᠢᠬᠯᠠᠬᠤ ᠵᠢ ᠬᠢᠨᠠᠨ ᠵᠦᠪᠰᠢᠶᠡᠷᠡᠬᠦ ᠠᠷᠭ᠎ᠠ ᠵᠢ ᠲᠦᠷᠦ ᠵᠢᠨ ᠶᠠᠪᠤᠳᠠᠯ᠎ᠤᠨ ᠬᠤᠷᠢᠶ᠎ᠠ᠎ᠠᠴᠠ ᠲᠤᠭᠳᠠᠭ᠋ᠠᠨ᠎ᠠ᠃
      ᠭᠤᠷᠪᠠᠳᠤᠭ᠋ᠠᠷ ᠪᠦᠯᠦᠭ     ᠦᠷ᠎ᠠ ᠵᠢᠨ ᠮᠠᠯ ᠵᠢᠬᠦᠷᠳᠡᠨ᠎ᠤ ᠠ᠋ᠬᠦᠯᠳᠡᠷ᠎ᠢ ᠰᠤᠨᠭ᠌ᠭᠤᠨ ᠪᠤᠢ᠍ᠢ᠍ᠵᠢᠭᠤᠯᠬᠤ ᠪᠠ ᠦᠢ᠍ᠯᠡᠳᠪᠦᠷᠢᠯᠡᠵᠦ ᠡᠵᠡᠨᠭᠨᠡᠬᠦ
      ᠠᠷᠪᠠᠨ ᠨᠠᠢ᠍ᠮᠠᠳᠤᠭ᠋ᠠᠷ ᠵᠦᠢ᠍ᠯ
  ᠤᠯᠤᠰ᠎ᠠᠴᠠ ᠮᠠᠯ ᠵᠢᠬᠦᠷᠳᠡᠨ᠎ᠤ ᠠ᠋ᠬᠦᠯᠳᠡᠷ᠎ᠢ ᠰᠤᠨᠭ᠌ᠭᠤᠨ ᠪᠤᠢ᠍ᠢ᠍ᠵᠢᠭᠤᠯᠬᠤ ᠪᠠ ᠰᠠᠢ᠍ᠢ᠍ᠨ ᠠ᠋ᠬᠦᠯᠳᠡᠷ᠎ᠢ ᠲᠡᠯᠭᠡᠷᠡᠬᠦᠯᠤᠨ ᠬᠡᠷᠡᠭᠯᠡᠬᠦ ᠵᠢ ᠲᠡᠳᠬᠦᠵᠦ᠂ ᠠᠵᠦ ᠠᠬᠤᠢ᠍ᠢ᠍ᠯᠠᠯ᠂ ᠲᠡᠭᠡᠳᠦ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠪᠠᠢ᠍ᠢ᠍ᠭᠤᠯᠤᠮᠵᠢ ᠬᠢᠭᠡᠳ ᠮᠡᠷᠬᠡᠵᠢᠯ ᠲᠡᠯᠭᠡᠷᠡᠬᠦᠯᠬᠦ ᠨᠢᠭᠡᠴᠢ ᠵᠢᠨ᠎ᠬᠢᠨ ᠬᠤᠯᠪᠤᠭ᠋ᠠᠯᠠᠵᠦ ᠪᠠᠢ᠍ᠢ᠍ᠭ᠋ᠠᠳ ᠦᠷ᠎ᠠ ᠪᠤᠢ᠍ᠢ᠍ᠵᠢᠭᠤᠯᠬᠤ ᠠᠵᠢᠯ᠎ᠢ ᠦᠷᠨᠢᠬᠦᠯᠦᠨ᠂ ᠮᠠᠯ ᠵᠢᠬᠦᠷᠳᠡᠨ᠎ᠤ ᠰᠠᠢ᠍ᠢ᠍ᠨ ᠠ᠋ᠬᠦᠯᠳᠡᠷ᠎ᠢ ᠦᠷᠡᠵᠢᠬᠦᠯᠦᠨ ᠪᠤᠢ᠍ᠢ᠍ᠵᠢᠭᠤᠯᠬᠤ ᠰᠢᠰᠲᠸᠮ ᠪᠠᠢ᠍ᠢ᠍ᠭᠤᠯᠬᠤ ᠵᠢ ᠲᠡᠮᠵᠢᠨ᠎ᠠ᠃  
      ᠠᠷᠪᠠ ᠶᠢᠰᠦᠳᠦᠭᠡᠷ ᠵᠦᠢ᠍ᠯ   ᠪᠤᠢ᠍ᠢ᠍ᠵᠢᠭᠤᠯᠤᠬᠰᠠᠨ ᠮᠠᠯ ᠵᠢᠬᠦᠷᠳᠡᠨ᠎ᠤ ᠰᠢᠨ᠎ᠠ ᠠ᠋ᠬᠦᠯᠳᠡᠷ᠂ ᠲᠦᠭᠦᠷᠵᠢᠭᠰᠡᠨ ᠤᠳᠤᠮ ᠬᠢᠭᠡᠳ ᠰᠢᠨ᠎ᠠ᠎ᠪᠠᠷ ᠢᠯᠡᠷᠡᠬᠦᠯᠦᠭᠰᠡᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠲᠡᠯᠭᠡᠷᠡᠬᠦᠯᠬᠦ᠎ᠠᠴᠠ ᠠ᠋ᠮᠦᠨ᠎ᠠ᠂ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ ᠵᠶ᠋ᠠᠷ ᠬᠢᠨᠠᠨ ᠲᠤᠭᠳᠠᠭ᠋ᠠᠯᠭ᠋ᠠᠬᠤ ᠪᠤᠶᠤ ᠰᠢᠯᠭ᠋ᠠᠨ ᠲᠤᠭᠳᠠᠭ᠋ᠠᠯᠭ᠋ᠠᠬᠤ ᠵᠢᠨ ᠬᠠᠮᠳᠦ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠵᠠᠷᠯᠠᠨ ᠨᠡᠢ᠍ᠢ᠍ᠳᠡᠯᠡᠬᠦ ᠬᠡᠷᠡᠭᠳᠠᠢ᠃ ᠮᠠᠯ ᠵᠢᠬᠦᠷᠳᠡᠨ᠎ᠤ ᠰᠢᠨ᠎ᠠ ᠠ᠋ᠬᠦᠯᠳᠡᠷ᠂ ᠲᠦᠬᠦᠷᠵᠢᠭᠰᠡᠨ ᠤᠳᠤᠮ᠎ᠢ ᠬᠢᠨᠠᠨ ᠲᠤᠭᠳᠠᠭ᠋ᠠᠬᠤ ᠠᠷᠭ᠎ᠠ ᠪᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠰᠢᠯᠭ᠋ᠠᠨ ᠲᠤᠭᠳᠠᠭ᠋ᠠᠬᠤ ᠠᠷᠭ᠎ᠠ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠳᠠᠭ᠋ᠠᠨ᠎ᠠ᠃ ᠬᠢᠨᠠᠨ ᠲᠤᠭᠳᠠᠭ᠋ᠠᠬᠤ ᠪᠤᠶᠤ ᠰᠢᠯᠭ᠋ᠠᠨ ᠲᠤᠭᠳᠠᠭ᠋ᠠᠬᠤ᠎ᠳᠤ ᠬᠡᠷᠡᠭᠰᠡᠬᠦ ᠲᠤᠷᠰᠢᠯᠳᠠ ᠬᠢᠬᠦ᠂ ᠰᠢᠯᠭ᠋ᠠᠨ ᠬᠡᠮᠵᠢᠬᠦ ᠵᠠᠷᠭᠡ ᠵᠢᠨ ᠵᠠᠷᠤᠳᠠᠯ ᠰᠤᠢ᠍ᠢ᠍ᠳᠭᠡᠯ᠎ᠢ ᠭᠤᠶᠤᠴᠢᠯᠠᠭᠴᠢ ᠲᠠᠭ᠋ᠠᠭ᠋ᠠᠨ᠎ᠠ᠂ ᠵᠠᠷᠤᠳᠠᠯ ᠬᠤᠷᠢᠶᠠᠬᠤ ᠠᠷᠭ᠎ᠠ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠠ᠋ᠳ᠋᠎ᠤᠨ ᠵᠠᠰᠠᠭ᠂ ᠦᠨ᠎ᠠ ᠬᠠᠨᠭ᠌ᠰᠢ ᠵᠢᠨ ᠰᠠᠯᠠᠭ᠎ᠠ ᠮᠦᠴᠢᠷ᠎ᠤᠨ᠎ᠬᠢᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠠᠢ ᠬᠠᠮᠳᠤᠷᠠᠠ ᠲᠤᠭᠳᠠᠭ᠋ᠠᠨ᠎ᠠ᠃  
      ᠮᠠᠯ ᠵᠢᠬᠦᠷᠳᠡᠨ᠎ᠤ ᠰᠢᠨ᠎ᠠ ᠠ᠋ᠬᠦᠯᠳᠡᠷ᠂ ᠲᠦᠬᠦᠷᠵᠢᠭᠰᠡᠨ ᠤᠳᠤᠮ᠎ᠢ ᠪᠤᠢ᠍ᠢ᠍ᠵᠢᠭᠤᠯᠬᠤ ᠶᠠᠪᠤᠴᠠ ᠲᠤᠮᠳᠠᠬᠢ ᠲᠤᠷᠰᠢᠯᠳᠠ ᠵᠢ ᠬᠢᠬᠦ᠎ᠳᠤ ᠲᠤᠷᠰᠢᠯᠳᠠ ᠬᠢᠵᠦ ᠪᠠᠢ᠍ᠢ᠍ᠭ᠎ᠠ ᠭᠠᠵᠠᠷ ᠤᠷᠤᠨ᠎ᠤ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠵᠶ᠋ᠠᠷ ᠵᠦᠪᠰᠢᠶᠠᠷᠡᠬᠦᠯᠬᠦ ᠭᠡᠷᠡᠭᠳᠠᠢ᠃  
      ᠮᠠᠯ ᠵᠢᠬᠦᠷᠳᠡᠨ᠎ᠤ ᠰᠢᠨ᠎ᠠ ᠠ᠋ᠬᠦᠯᠳᠡᠷ᠂ ᠲᠦᠬᠦᠷᠵᠢᠭᠰᠡᠨ ᠤᠳᠤᠮ᠎ᠢ ᠪᠤᠢ᠍ᠢ᠍ᠵᠢᠭᠤᠯᠤᠭᠰᠡᠳ᠎ᠤᠨ ᠬᠠᠦᠯᠢ ᠶᠤᠰᠤᠨ᠎ᠤ ᠠ᠋ᠷᠭᠡ ᠠᠰᠢᠭ᠎ᠢ ᠬᠠᠤᠯᠢ᠎ᠪᠠᠷ ᠬᠠᠮᠠᠭ᠋ᠠᠯᠠᠨ᠎ᠠ᠃  
      ᠬᠤᠷᠢᠳᠤᠭ᠋ᠠᠷ ᠵᠦᠢ᠍ᠯ   ᠭᠧᠨ ᠰᠢᠯᠵᠢᠬᠦᠯᠦᠭᠰᠠᠨ ᠮᠠᠯ ᠵᠢᠬᠦᠷᠳᠡᠨ᠎ᠤ ᠠ᠋ᠬᠦᠯᠳᠡᠷ᠎ᠢ ᠪᠤᠢ᠍ᠢ᠍ᠵᠢᠭᠤᠯᠬᠤ᠂ ᠲᠤᠷᠰᠢᠯᠳᠠ ᠬᠢᠬᠦ᠂ ᠬᠢᠨᠠᠨ ᠲᠤᠭᠳᠠᠭ᠋ᠠᠬᠤ ᠪᠠ ᠲᠡᠯᠭᠡᠷᠡᠬᠦᠯᠬᠦ᠎ᠳᠤ ᠤᠯᠤᠰ᠎ᠤᠨ ᠲᠠᠷᠢᠶᠠᠯᠠᠩ᠎ᠤᠨ ᠭᠧᠨ ᠰᠢᠯᠵᠢᠬᠦᠯᠬᠦ ᠠᠮᠢᠳᠦ ᠪᠤᠳᠠᠰ᠎ᠤᠨ ᠬᠠᠮᠢᠶᠠᠷᠤᠯᠳᠠ ᠵᠢᠨ ᠬᠤᠯᠪᠤᠭᠳᠠᠯ ᠪᠦᠬᠦᠢ ᠲᠤᠭᠳᠠᠭ᠋ᠠᠯ᠎ᠳᠤ ᠨᠡᠢ᠍ᠢ᠍ᠴᠡᠭᠰᠡᠨ ᠪᠠᠢ᠍ᠢ᠍ᠬᠤ ᠭᠡᠷᠡᠭᠳᠠᠢ᠃  
      ᠬᠤᠷᠢᠨ ᠨᠢᠭᠡᠳᠦᠭᠡᠷ ᠵᠦᠢ᠍ᠯ   ᠮᠤᠵᠢ ᠵᠢᠨ ᠱᠠᠳᠤᠨ᠎ᠠᠴᠠ ᠲᠡᠭᠡᠭᠰᠢᠬᠢ ᠮᠠᠯ ᠠᠵᠦ ᠠᠬᠤᠢ ᠮᠠᠯ ᠠ᠋ᠮᠨᠡᠯᠭᠡ ᠵᠢᠨ ᠮᠡᠷᠭᠡᠵᠢᠯ ᠲᠡᠯᠭᠡᠷᠡᠬᠥᠯᠬᠦ ᠪᠠᠢ᠍ᠢ᠍ᠭᠤᠯᠤᠮᠵᠢ᠎ᠨᠤᠭᠤᠳ ᠦᠷ᠎ᠠ ᠵᠢᠨ ᠮᠠᠯ᠎ᠤᠨ ᠰᠢᠯᠢᠳᠡᠭ ᠪᠤᠳᠠᠭ᠋ᠠᠯᠢ ᠪᠠᠶ᠎ᠠ ᠵᠢ ᠲᠠᠨᠭ᠌ᠰᠠᠯᠠᠵᠦ᠂ ᠰᠢᠯᠢᠳᠡᠭ ᠦᠷ᠎ᠠ ᠵᠢᠨ ᠮᠠᠯ᠎ᠢ ᠨᠡᠢ᠍ᠢ᠍ᠭᠡᠮ ᠨᠡᠢ᠍ᠢ᠍ᠳᠡ᠎ᠳᠤ ᠲᠠᠨᠢᠯᠴᠠᠭᠤᠯᠬᠤ ᠠᠵᠢᠯ᠎ᠢ ᠵᠤᠬᠢᠶᠠᠨ ᠪᠠᠢ᠍ᠢ᠍ᠭᠤᠯᠤᠨ ᠦᠷᠨᠢᠬᠦᠯᠵᠦ ᠪᠤᠯᠤᠨ᠎ᠠ᠃ ᠰᠢᠯᠢᠳᠡᠭ ᠦᠷ᠎ᠠ ᠵᠢᠨ ᠮᠠᠯ᠎ᠢ ᠲᠠᠨᠭ᠌ᠰᠠᠯᠠᠬᠤ ᠲᠦᠷᠢᠮ᠎ᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠳᠠᠭ᠋ᠠᠨ᠎ᠠ᠃       ᠬᠤᠷᠢᠨ ᠬᠤᠶᠠᠳᠤᠭ᠋ᠠᠷ ᠵᠦᠢ᠍ᠯ   ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠪᠤᠶᠤ ᠲᠠᠸᠠᠷ᠎ᠤᠨ ᠲᠦᠯ ᠮᠠᠯ᠂ ᠵᠢᠬᠦᠷᠳᠡᠨ᠎ᠤ ᠴᠤᠷᠪᠠᠭ᠎ᠠ ᠵᠢ ᠪᠤᠢ᠍ᠢ᠍ᠵᠢᠭᠤᠯᠤᠨ ᠦᠢ᠍ᠯᠡᠳᠪᠦᠷᠢᠯᠡᠬᠦ ᠠᠵᠢᠯ᠎ᠢ ᠠ᠋ᠷᠬᠢᠯᠡᠵᠦ ᠪᠠᠢ᠍ᠢ᠍ᠭ᠎ᠠ ᠨᠢᠭᠡᠴᠢ᠂ ᠬᠤᠪᠢ ᠬᠦᠮᠦᠨ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠠᠷᠡᠯ᠎ᠤᠨ ᠦᠨᠡᠮᠯᠡᠯ᠎ᠢ ᠤᠯᠤᠬᠰᠠᠨ ᠪᠠᠢ᠍ᠢ᠍ᠬᠤ ᠭᠡᠷᠡᠭᠳᠠᠢ᠃ ᠭᠤᠶᠤᠴᠢᠯᠠᠬ᠍ᠴᠢᠳ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠠᠷᠡᠯ᠎ᠤᠨ ᠦᠨᠡᠮᠯᠡᠯ ᠵᠶ᠋ᠠᠨ ᠠᠪᠴᠦ ᠦᠢ᠍ᠯᠡᠳᠪᠦᠷᠢ ᠬᠤᠳᠠᠯᠳᠤᠭ᠎ᠠ ᠵᠢᠨ ᠬᠠᠮᠢᠶᠠᠷᠤᠯᠳᠠ ᠵᠢᠨ ᠰᠠᠯᠠᠭ᠎ᠠ ᠮᠦᠴᠢᠷ᠎ᠲᠤ ᠬᠠᠦᠯᠢ ᠶᠤᠰᠤᠭ᠋ᠠᠷ ᠲᠠᠨᠭ᠌ᠰᠠᠯᠠᠭᠤᠯᠵᠦ᠂ ᠡᠵᠡᠨᠭᠨᠡᠯᠳᠡ ᠵᠢᠨ ᠦᠨᠡᠮᠯᠡᠯ᠎ᠢ ᠤᠯᠤᠬᠰᠠᠨ᠎ᠤ᠎ᠪᠠᠨ ᠲᠠᠷᠠᠭ᠎ᠠ ᠰᠠᠶᠢ ᠦᠢ᠍ᠯᠡᠳᠪᠦᠷᠢᠯᠡᠵᠦ ᠡᠵᠡᠨᠭᠨᠡᠬᠦ ᠠᠵᠢᠯᠯᠠᠭ᠎ᠠ ᠬᠢᠵᠦ ᠪᠤᠯᠤᠨ᠎ᠠ᠃
      ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠠᠷᠡᠯ᠎ᠤᠨ ᠦᠨᠡᠮᠯᠡᠯ ᠤᠯᠬᠤ᠎ᠪᠠᠷ ᠭᠤᠶᠤᠴᠢᠯᠠᠬᠤ᠎ᠳᠤ ᠲᠤᠤᠷ᠎ᠠ ᠵᠢᠬᠰᠠᠭ᠋ᠠᠭᠰᠠᠨ ᠨᠦᠬᠦᠴᠡᠯ᠎ᠤᠳ᠎ᠢ ᠪᠦᠷᠢᠯᠳᠦᠬᠦᠯᠦᠭᠰᠡᠨ ᠪᠠᠢ᠍ᠢ᠍ᠬᠤ ᠭᠡᠷᠡᠭᠳᠠᠢ᠄  
     (ᠨᠢᠭᠡ) ᠦᠢ᠍ᠯᠡᠳᠪᠦᠷᠢᠯᠡᠵᠦ ᠡᠵᠡᠨᠭᠨᠡᠬᠦ ᠦᠷ᠎ᠠ ᠵᠢᠨ ᠮᠠᠯ ᠵᠢᠬᠦᠷᠳᠡᠨ᠎ᠨᠢ ᠠ᠋ᠷᠭᠡᠪᠰᠢ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ ᠵᠶ᠋ᠠᠷ ᠬᠢᠨᠠᠨ ᠲᠤᠭᠳᠠᠭ᠋ᠠᠯᠭ᠋ᠠᠭᠰᠠᠨ ᠪᠤᠶᠤ ᠰᠢᠯᠭ᠋ᠠᠨ ᠲᠤᠭᠳᠠᠭ᠋ᠠᠯᠭ᠋ᠠᠭᠰᠠᠨ ᠠ᠋ᠬᠦᠯᠳᠡᠷ᠂ ᠲᠦᠬᠦᠷᠵᠢᠭᠰᠡᠨ ᠤᠳᠤᠮ ᠪᠠᠢ᠍ᠢ᠍ᠬᠤ ᠭᠡᠷᠡᠭᠳᠡᠢ᠂ ᠠ᠋ᠰᠡᠬᠦᠯ᠎ᠠ ᠵᠦᠪᠰᠢᠶᠡᠷᠡᠬᠦᠯᠦᠭᠡᠳ ᠤᠷᠤᠭᠤᠯᠵᠦ ᠢᠷᠡᠭᠰᠠᠨ ᠬᠢᠯᠢ ᠵᠢᠨ ᠭᠠᠳᠠᠨᠠᠬᠢ ᠠ᠋ᠬᠦᠯᠳᠡᠷ᠂ ᠲᠦᠬᠦᠷᠵᠢᠭᠰᠡᠨ ᠤᠳᠤᠮ ᠪᠠᠢ᠍ᠢ᠍ᠬᠤ ᠬᠡᠷᠡᠭᠳᠠᠢ;
     (ᠬᠤᠶᠠᠷ) ᠦᠢ᠍ᠯᠡᠳᠪᠦᠷᠢᠯᠡᠵᠦ ᠡᠵᠡᠨᠭᠨᠡᠬᠦ ᠬᠡᠪᠴᠢᠶ᠎ᠠ᠎ᠳᠡᠭᠡᠨ ᠲᠤᠬᠢᠷᠠᠭᠰᠠᠨ ᠮᠠᠯ ᠠᠵᠦ ᠠᠬᠤᠢ ᠮᠠᠯ ᠠ᠋ᠮᠨᠡᠯᠭᠡ ᠵᠢᠨ ᠮᠡᠷᠭᠡᠵᠢᠯ᠎ᠤᠨ ᠠᠵᠢᠯᠳᠠᠨ᠎ᠲᠠᠢ ᠪᠠᠢ᠍ᠢ᠍ᠬᠤ;  
     (ᠭᠤᠷᠪᠠ) ᠦᠢ᠍ᠯᠡᠳᠪᠦᠷᠢᠯᠡᠵᠦ ᠡᠵᠡᠨᠭᠨᠡᠬᠦ ᠬᠡᠪᠴᠢᠶ᠎ᠠ᠎ᠳᠡᠭᠡᠨ ᠲᠤᠬᠢᠷᠠᠭᠰᠠᠨ ᠦᠷᠡᠵᠢᠬᠦᠯᠦᠨ ᠪᠤᠢ᠍ᠢ᠍ᠵᠢᠭᠤᠯᠬᠤ ᠪᠡᠯᠡᠳᠬᠡᠮᠵᠢ ᠲᠤᠨᠤᠭ ᠲᠦᠬᠦᠬᠡᠷᠤᠮᠵᠢ᠎ᠲᠠᠢ ᠪᠠᠢ᠍ᠢ᠍ᠬᠤ;
     (ᠲᠦᠷᠪᠡ) ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠳᠤᠭᠳᠠᠭ᠋ᠠᠯ ᠬᠢᠭᠡᠳ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠦᠷ᠎ᠠ ᠵᠢᠨ ᠮᠠᠯ ᠵᠢᠬᠦᠷᠳᠡᠨ᠎ᠤ ᠬᠢᠵᠢᠭ ᠰᠡᠷᠬᠡᠢ᠍ᠢ᠍ᠯᠡᠬᠦ ᠨᠦᠬᠦᠴᠡᠯ᠎ᠢ ᠪᠦᠷᠢᠯᠳᠦᠬᠦᠯᠦᠭᠰᠡᠨ ᠪᠠᠢ᠍ᠢ᠍ᠬᠤ;  
     (ᠲᠠᠪᠤ) ᠪᠦᠷᠢᠨ ᠲᠡᠬᠦᠯᠳᠡᠷ ᠶᠠᠰᠦ ᠴᠢᠨᠠᠷ᠎ᠤᠨ ᠬᠠᠮᠢᠶᠠᠷᠤᠯᠳᠠ ᠪᠠ ᠦᠷ᠎ᠠ ᠪᠤᠢ᠍ᠢ᠍ᠵᠢᠭᠤᠯᠬᠤ ᠲᠡᠮᠳᠡᠭᠯᠡᠯ᠎ᠤᠨ ᠲᠦᠷᠢᠮ᠎ᠲᠠᠢ ᠪᠠᠢ᠍ᠢ᠍ᠬᠤ;  
     (ᠵᠢᠷᠭᠤᠭ᠎ᠠ) ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠳᠤᠭᠳᠠᠭ᠋ᠠᠯ᠎ᠳᠤ ᠲᠤᠭᠳᠠᠭ᠋ᠠᠨᠰᠠᠨ ᠪᠤᠰᠤᠳ ᠨᠦᠬᠦᠴᠡᠯ᠎ᠤᠳ᠎ᠢ ᠪᠦᠷᠢᠯᠳᠦᠬᠦᠯᠦᠭᠰᠡᠨ ᠪᠠᠢ᠍ᠢ᠍ᠬᠤ᠃

      ᠬᠤᠷᠢᠨ ᠭᠤᠷᠪᠠᠳᠤᠭ᠋ᠠᠷ ᠵᠦᠢ᠍ᠯ   ᠭᠡᠷ᠎ᠤᠨ ᠲᠡᠵᠢᠭᠡᠪᠦᠷᠢ ᠵᠢᠨ ᠦᠨᠳᠡᠭᠡᠨ ᠠ᠋ᠰ᠂ ᠢᠴᠡᠭᠡᠯ ᠦᠷ᠎ᠠ᠂ ᠬᠦᠪᠤᠷᠡᠯ ᠵᠡᠷᠭᠡ ᠤᠳᠤᠮᠯᠠᠯ᠎ᠤᠨ ᠮᠠᠲᠸᠷᠢᠶᠠᠯ᠎ᠢ ᠦᠢ᠍ᠯᠡᠳᠪᠦᠷᠢᠯᠡᠬᠦ ᠦᠢ᠍ᠯᠡᠳᠪᠦᠷᠢᠯᠡᠯ ᠡᠵᠡᠨᠭᠨᠡᠯᠳᠠ ᠵᠢᠨ ᠵᠦᠪᠰᠢᠶᠡᠷᠡᠯ᠎ᠤᠨ ᠦᠨᠡᠮᠯᠡᠯ ᠤᠯᠬᠤ᠎ᠪᠠᠷ ᠭᠤᠶᠤᠴᠢᠯᠠᠬᠤ᠎ᠳᠤ ᠬᠦᠷᠪᠡᠯ᠂ ᠲᠤᠰ ᠬᠠᠦᠯᠢ ᠵᠢᠨ ᠬᠤᠷᠢᠨ ᠬᠤᠶᠠᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠲᠤ ᠲᠤᠭᠳᠠᠭ᠋ᠠᠭᠰᠠᠨ ᠨᠦᠬᠦᠴᠡᠯ᠎ᠳᠤ ᠨᠡᠢ᠍ᠢ᠍ᠴᠡᠬᠦ᠎ᠠᠴᠠ ᠭᠠᠳᠠᠨ᠎ᠠ ᠪᠠᠰᠠ ᠲᠤᠤᠷ᠎ᠠ ᠵᠢᠬᠰᠠᠭ᠋ᠠᠬᠰᠠᠨ ᠨᠦᠬᠦᠴᠡᠯ᠎ᠤᠳ᠎ᠢ ᠪᠦᠷᠢᠯᠳᠦᠬᠦᠯᠦᠭᠰᠡᠨ ᠪᠠᠢ᠍ᠢ᠍ᠬᠤ ᠬᠡᠷᠡᠭᠳᠠᠢ᠄
     (ᠨᠢᠭᠡ) ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠲᠤᠷᠰᠢᠯᠳᠠ ᠵᠢᠨ ᠲᠠᠰᠤᠭ᠂ ᠬᠠᠳᠠᠭ᠋ᠠᠯᠠᠬᠤ ᠪᠠ ᠵᠦᠭᠡᠭᠡᠪᠦᠷᠢᠯᠡᠬᠦ ᠨᠦᠬᠦᠴᠡᠯ᠎ᠳᠤ ᠨᠡᠢ᠍ᠢ᠍ᠴᠡᠭᠰᠡᠨ ᠪᠠᠢ᠍ᠢ᠍ᠬᠤ;  
     (ᠬᠤᠶᠠᠷ) ᠲᠦᠷᠦ ᠵᠢᠨ ᠶᠠᠪᠤᠳᠠᠯ᠎ᠤᠨ ᠬᠤᠷᠢᠶᠠᠠ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠦᠷ᠎ᠠ ᠵᠢᠨ ᠮᠠᠯ᠎ᠤᠨ ᠲᠤᠭ᠎ᠠ ᠲᠤᠯᠤᠭ᠋ᠠᠢ ᠪᠤᠯᠤᠨ ᠶᠠᠰᠦ ᠴᠢᠨᠠᠷ᠎ᠤᠨ ᠱᠠᠭ᠋ᠠᠷᠳᠠᠯᠭ᠎ᠠ᠎ᠳᠤ ᠨᠡᠢ᠍ᠢ᠍ᠴᠡᠭᠰᠡᠨ ᠪᠠᠢ᠍ᠢ᠍ᠬᠤ;  
     (ᠭᠤᠷᠪᠠ) ᠪᠡᠶ᠎ᠠ ᠵᠢᠨ ᠭᠠᠳᠠᠨ᠎ᠠ ᠦᠷ᠎ᠠ ᠲᠤᠭᠳᠠᠭ᠋ᠠᠵᠦ ᠤᠯᠤᠭᠰᠠᠨ ᠬᠦᠪᠤᠷᠡᠯ᠂ ᠬᠡᠷᠡᠭᠯᠡᠭᠰᠡᠨ ᠦᠨᠳᠡᠭᠡᠨ ᠠ᠋ᠰ᠎ᠤᠨ ᠢᠷᠡᠯᠳᠡ᠎ᠨᠢ ᠲᠤᠳᠤᠷᠬᠠᠢ ᠪᠠᠢ᠍ᠢ᠍ᠵᠦ᠂ ᠦᠷ᠎ᠠ ᠲᠤᠭᠳᠠᠭ᠋ᠠᠬᠤ ᠮᠠᠯ᠎ᠨᠢ ᠤᠯᠤᠰ᠎ᠤᠨ ᠲᠤᠭᠳᠠᠭ᠋ᠠᠭᠰᠠᠨ ᠦᠷ᠎ᠠ ᠵᠢᠨ ᠮᠠᠯ᠎ᠤᠨ ᠠ᠋ᠷᠡᠬᠦᠯ᠎ᠤᠨ ᠪᠠᠷᠢᠮᠵᠢᠶ᠎ᠠ ᠪᠤᠯᠤᠨ ᠶᠠᠰᠦ ᠴᠢᠨᠠᠷ᠎ᠤᠨ ᠱᠠᠭ᠋ᠠᠷᠳᠠᠯᠭ᠎ᠠ᠎ᠳᠤ ᠨᠡᠢ᠍ᠢ᠍ᠴᠡᠭᠰᠡᠨ ᠪᠠᠢ᠍ᠢ᠍ᠬᠤ;  
     (ᠲᠦᠷᠪᠡ) ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠪᠤᠰᠤᠳ ᠮᠠᠷᠭᠡᠵᠢᠯ᠎ᠤᠨ ᠱᠠᠭ᠋ᠠᠷᠳᠠᠯᠭ᠎ᠠ᠎ᠳᠤ ᠨᠡᠢ᠍ᠢ᠍ᠴᠡᠭᠰᠡᠨ ᠪᠠᠢ᠍ᠢ᠍ᠬᠤ᠃  
      ᠬᠤᠷᠢᠨ ᠲᠦᠷᠪᠡᠳᠦᠭᠡᠷ ᠵᠦᠢ᠍ᠯ   ᠭᠡᠷ᠎ᠤᠨ ᠲᠡᠵᠢᠭᠡᠪᠤᠷᠢ ᠵᠢᠨ ᠦᠨᠳᠡᠭᠡᠨ ᠠ᠋ᠰ᠂ ᠢᠴᠡᠭᠡᠯ ᠦᠷ᠎ᠠ᠂ ᠬᠦᠪᠦᠷᠡᠯ ᠵᠡᠷᠭᠡ ᠤᠳᠤᠮᠯᠠᠯ᠎ᠤᠨ ᠠ᠋ᠬᠢ ᠪᠠᠶᠠᠯᠢᠭ᠎ᠤᠨ ᠮᠠᠲᠸᠷᠢᠶᠠᠯ᠎ᠢ ᠦᠢ᠍ᠯᠡᠳᠪᠦᠷᠢᠯᠡᠬᠦ ᠦᠢ᠍ᠯᠡᠳᠪᠦᠷᠢᠯᠡᠯ ᠡᠵᠡᠨᠭᠨᠡᠯᠳᠠ ᠵᠢᠨ ᠵᠦᠪᠰᠢᠶᠡᠷᠡᠯ᠎ᠤᠨ ᠦᠨᠡᠮᠯᠡᠯ ᠤᠯᠬᠤ᠎ᠪᠠᠷ ᠭᠤᠶᠤᠴᠢᠯᠠᠬᠤ᠎ᠳᠤ ᠬᠦᠷᠪᠡᠯ᠂ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠭᠤᠶᠤᠴᠢᠯᠠᠯ ᠭᠠᠷᠭ᠋ᠠᠬᠤ ᠬᠡᠷᠡᠭᠳᠠᠢ᠃ ᠭᠤᠶᠤᠴᠢᠯᠠᠯ᠎ᠢ ᠰᠢᠢ᠍ᠳᠪᠦᠷᠢᠯᠡᠬᠦ᠎ᠪᠠᠷ ᠬᠦᠯᠢᠶᠠᠨ ᠠᠪᠤᠭᠰᠠᠨ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠨᠢ ᠭᠤᠶᠤᠴᠢᠯᠠᠯ᠎ᠢ ᠤᠯᠤᠭᠰᠠᠨ ᠠ᠋ᠳᠦᠷ᠎ᠠᠴᠠ ᠠ᠋ᠬᠢᠯᠡᠭᠡᠳ ᠭᠤᠴᠢᠨ ᠠᠵᠢᠯ᠎ᠤᠨ ᠠ᠋ᠳᠦᠷ᠎ᠤᠨ ᠲᠤᠳᠤᠷ᠎ᠠ ᠬᠢᠨᠠᠨ ᠪᠠᠢ᠍ᠢ᠍ᠴᠠᠭ᠋ᠠᠵᠦ ᠲᠠᠭᠤᠰᠬᠠᠬᠤ ᠵᠢᠨ ᠬᠠᠮᠳᠦ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠮᠡᠳᠡᠬᠦᠯᠵᠦ ᠬᠢᠨᠠᠨ ᠵᠦᠪᠰᠢᠶᠠᠷᠡᠬᠦᠯᠬᠦ ᠭᠡᠷᠡᠭᠳᠠᠢ; ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠭᠤᠶᠤᠴᠢᠯᠠᠯ᠎ᠢ ᠤᠯᠤᠭᠰᠠᠨ ᠠ᠋ᠳᠦᠷ᠎ᠠᠴᠠ ᠠ᠋ᠬᠢᠯᠡᠵᠦ ᠵᠢᠷᠠᠨ ᠠᠵᠢᠯ᠎ᠤᠨ ᠠ᠋ᠳᠦᠷ᠎ᠤᠨ ᠲᠤᠳᠤᠷ᠎ᠠ᠂ ᠦᠢ᠍ᠯᠡᠳᠪᠦᠷᠢᠯᠡᠯ ᠡᠵᠡᠨᠭᠨᠡᠯᠳᠠ ᠵᠢᠨ ᠵᠦᠪᠰᠢᠶᠠᠷᠡᠯ᠎ᠤᠨ ᠦᠨᠡᠮᠯᠡᠯ᠎ᠢ ᠤᠯᠭᠤᠬᠤ ᠠ᠋ᠰᠡᠬᠦ ᠵᠢ ᠬᠠᠦᠯᠢ ᠶᠤᠰᠤᠭ᠋ᠠᠷ ᠲᠤᠭᠳᠠᠭ᠋ᠠᠬᠤ ᠭᠡᠷᠡᠭᠳᠠᠢ᠃  
      ᠪᠤᠰᠤᠳ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠢ ᠰᠢᠶᠠᠨ᠎ᠤ ᠱᠠᠳᠤᠨ᠎ᠠᠴᠠ ᠲᠠᠭᠡᠭᠰᠢᠬᠢ ᠤᠷᠤᠨ ᠨᠤᠳᠤᠭ᠎ᠤᠨ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠬᠢᠨᠠᠨ ᠪᠠᠢ᠍ᠢ᠍ᠴᠠᠭ᠋ᠠᠵᠦ ᠤᠯᠭᠤᠨ᠎ᠠ᠂ ᠬᠢᠨᠠᠨ ᠪᠠᠢ᠍ᠢ᠍ᠴᠠᠭ᠋ᠠᠵᠦ ᠤᠯᠭᠤᠬᠤ ᠪᠤᠳᠠᠳᠠᠢ ᠠᠷᠭ᠎ᠠ ᠵᠢ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠠᠴᠠ ᠲᠤᠭᠳᠠᠭ᠋ᠠᠨ᠎ᠠ᠃  
      ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠤᠨ ᠦᠯᠢᠭᠡᠷ ᠶᠠᠨᠭ᠌ᠵᠦ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠳᠠᠭ᠋ᠠᠨ᠎ᠠ᠂ ᠵᠦᠪᠰᠢᠶᠡᠷᠡᠯ᠎ᠤᠨ ᠦᠨᠡᠮᠯᠡᠯ᠎ᠤᠨ ᠬᠦᠴᠦᠨ᠎ᠲᠠᠢ ᠬᠤᠭᠤᠴᠠᠭ᠎ᠠ᠎ᠨᠢ ᠭᠤᠷᠪᠠᠨ ᠵᠢᠯ ᠪᠤᠯᠤᠨ᠎ᠠ᠃ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠢ ᠤᠯᠭᠤᠬᠤ᠎ᠳᠤ ᠬᠦᠯᠦᠰᠦ ᠦᠷᠳᠡᠭ᠎ᠤᠨ ᠵᠠᠷᠤᠳᠠᠯ ᠬᠤᠷᠢᠶᠠᠵᠦ ᠪᠤᠯᠤᠨ᠎ᠠ᠂ ᠵᠠᠷᠤᠳᠠᠯ ᠬᠤᠷᠢᠶᠠᠬᠤ ᠪᠤᠳᠠᠳᠠᠢ ᠬᠠᠮᠢᠶᠠᠷᠤᠯᠳᠠ ᠵᠢᠨ ᠠᠷᠭ᠎ᠠ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠠ᠋ᠳ᠋᠎ᠤᠨ ᠵᠠᠰᠠᠭ᠂ ᠦᠨ᠎ᠠ ᠬᠠᠨᠭ᠌ᠰᠢ ᠵᠢᠨ ᠰᠠᠯᠠᠭ᠎ᠠ ᠮᠦᠴᠢᠷ᠎ᠠᠴᠠ ᠲᠤᠭᠳᠠᠭ᠋ᠠᠨ᠎ᠠ᠃  
      ᠬᠤᠷᠢᠨ ᠲᠠᠪᠤᠳᠤᠭ᠋ᠠᠷ ᠵᠦᠢ᠍ᠯ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠳᠤ ᠦᠢ᠍ᠯᠡᠳᠪᠦᠷᠢᠯᠡᠵᠦ ᠡᠵᠡᠨᠭᠨᠡᠭᠴᠢ ᠵᠢᠨ ᠨᠡᠷᠡᠢ᠍ᠢ᠍ᠳᠤᠯ᠂ ᠲᠠᠯᠠᠪᠠᠢ (ᠦᠢ᠍ᠯᠡᠳᠪᠤᠷᠢ) ᠵᠢᠨ ᠬᠠᠶᠢᠭ᠂ ᠦᠢ᠍ᠯᠡᠳᠪᠦᠷᠢᠯᠡᠵᠦ ᠡᠵᠡᠨᠭᠨᠡᠬᠦ ᠬᠡᠪᠴᠢᠶ᠎ᠠ ᠵᠢᠴᠢ ᠵᠦᠪᠰᠢᠶᠡᠷᠡᠯ᠎ᠤᠨ ᠦᠨᠡᠮᠯᠡᠯ᠎ᠤᠨ ᠬᠦᠴᠦᠨ᠎ᠲᠠᠢ ᠬᠤᠭᠤᠴᠠᠭ᠎ᠠ ᠵᠢᠨ ᠠ᠋ᠬᠢᠯᠡᠵᠦ ᠳᠠᠭᠤᠰᠬᠤ ᠠ᠋ᠳᠦᠷ ᠬᠤᠭᠤᠴᠠᠭ᠎ᠠ ᠵᠡᠷᠭᠡ ᠵᠢ ᠲᠤᠳᠤᠷᠬᠠᠢ᠍ᠢ᠍ᠯᠠᠬᠤ ᠬᠡᠷᠡᠭᠳᠠᠢ᠃
      ᠶᠠᠮᠠᠷᠪᠠ ᠨᠢᠭᠡᠴᠢ᠂ ᠬᠤᠪᠢ ᠬᠦᠮᠦᠨ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ ᠦᠭᠡᠢ ᠪᠤᠶᠤ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠳᠠᠬᠢ ᠲᠤᠭᠳᠠᠭ᠋ᠠᠯ᠎ᠢ ᠵᠦᠷᠢᠴᠡᠵᠦ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠢ ᠴᠠᠭ᠋ᠠᠵᠠᠯᠠᠨ᠎ᠠ᠃ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠢ ᠬᠠᠭᠤᠷᠮᠠᠬᠯᠠᠨ ᠵᠤᠬᠢᠶᠠᠬᠤ᠂ ᠦᠭᠡᠷᠡᠳᠡᠬᠦᠯᠦᠨ ᠵᠤᠬᠢᠶᠠᠬᠤ᠂ ᠰᠢᠯᠵᠢᠬᠦᠯᠦᠨ ᠦᠭᠬᠦ᠂ ᠲᠦᠷᠢᠶᠡᠰᠦᠯᠡᠬᠦᠯᠵᠦ ᠵᠢᠭᠡᠯᠡᠬᠦᠯᠬᠦ ᠵᠢ ᠴᠠᠭ᠋ᠠᠵᠠᠯᠠᠨ᠎ᠠ᠃
      ᠬᠤᠷᠢᠨ ᠵᠢᠷᠭᠤᠳᠤᠭ᠋ᠠᠷ ᠵᠦᠢ᠍ᠯ   ᠲᠠᠷᠢᠶᠠᠴᠢᠨ ᠠ᠋ᠷᠦᠭᠡ ᠵᠢᠨ ᠠᠷᠠᠴᠢᠯᠠᠨ ᠲᠡᠵᠢᠭᠡᠭᠰᠡᠨ ᠦᠷ᠎ᠠ ᠵᠢᠨ ᠮᠠᠯ ᠵᠢᠬᠦᠷᠳᠡᠨ ᠵᠶ᠋ᠠᠨ ᠦᠪᠡᠷ ᠵᠶ᠋ᠠᠨ ᠦᠷᠡᠵᠢᠬᠦᠯᠦᠨ ᠲᠡᠵᠢᠭᠡᠬᠦ ᠪᠠ ᠦᠯᠡᠬᠦᠳᠡᠭᠰᠡᠨ ᠴᠦᠬᠡᠪᠤᠷᠢ ᠲᠦᠯ ᠮᠠᠯ᠂ ᠵᠢᠬᠦᠷᠳᠡᠨ᠎ᠤ ᠴᠤᠷᠪᠠᠭ᠎ᠠ᠎ᠪᠠᠨ ᠬᠤᠳᠠᠯᠳᠤᠬᠤ᠎ᠳᠤ᠂ ᠲᠠᠷᠢᠶᠠᠴᠢᠨ ᠠ᠋ᠷᠦᠭᠡ ᠬᠡᠬᠡᠯᠳᠦᠬᠦᠯᠦᠭᠴᠢ ᠮᠠᠯ ᠲᠡᠵᠢᠬᠡᠭᠡᠳ ᠳᠤᠰᠠᠯᠠᠯᠴᠠᠬᠤ ᠬᠡᠬᠡᠯᠳᠦᠬᠦᠯᠭᠡ ᠬᠢᠬᠦ᠎ᠳᠤ ᠬᠦᠷᠪᠡᠯ᠂ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ ᠠᠪᠬᠤ ᠭᠡᠷᠡᠭ ᠦᠭᠡᠢ᠃
      ᠬᠤᠷᠢᠨ ᠲᠤᠯᠤᠳᠤᠭ᠋ᠠᠷ ᠵᠦᠢ᠍ᠯ   ᠲᠤᠰᠬᠠᠢ᠍ᠢ᠍ᠯᠠᠨ ᠭᠡᠷ᠎ᠤᠨ ᠲᠡᠵᠢᠬᠡᠪᠤᠷᠢ ᠵᠢᠨ ᠭᠠᠷ ᠬᠡᠬᠡᠯᠳᠦᠬᠦᠯᠭᠡ᠂ ᠬᠦᠪᠦᠷᠡᠯ ᠰᠢᠯᠵᠢᠬᠦᠯᠬᠦ ᠵᠡᠷᠭᠡ ᠦᠷᠡᠵᠢᠬᠦᠯᠬᠦ ᠠᠵᠢᠯ᠎ᠢ ᠬᠢᠵᠦ ᠪᠠᠢ᠍ᠢ᠍ᠭ᠎ᠠ ᠠᠵᠢᠯᠳᠠᠨ᠂ ᠤᠯᠤᠰ᠎ᠤᠨ ᠠᠵᠢᠯ ᠮᠡᠷᠬᠡᠵᠢᠯ᠎ᠤᠨ ᠵᠤᠬᠢᠴᠠᠨᠭ᠌ᠭᠤᠢ ᠬᠢᠷᠢ ᠬᠡᠮ᠎ᠤᠨ ᠦᠨᠡᠮᠯᠡᠯ᠎ᠢ ᠤᠯᠤᠭᠰᠠᠨ ᠪᠠᠢ᠍ᠢ᠍ᠬᠤ ᠭᠡᠷᠡᠭᠳᠠᠢ᠃  
      ᠬᠤᠷᠢᠨ ᠨᠡᠢ᠍ᠮᠠᠳᠤᠭ᠋ᠠᠷ ᠵᠦᠢ᠍ᠯ   ᠦᠷ᠎ᠠ ᠵᠢᠨ ᠮᠠᠯ ᠵᠢᠬᠦᠷᠳᠡᠨ᠎ᠤ ᠲᠤᠬᠠᠢ ᠵᠠᠷ ᠨᠡᠢ᠍ᠢ᠍ᠳᠡᠯᠡᠬᠦ᠎ᠳᠤ ᠬᠦᠷᠪᠡᠯ᠂ ᠵᠠᠷ ᠨᠡᠢ᠍ᠢ᠍ᠳᠡᠯᠡᠬᠦᠯᠦᠭᠴᠢ᠎ᠨᠢ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ ᠪᠤᠯᠤᠨ ᠡᠵᠡᠨᠭᠨᠡᠯᠳᠡ ᠵᠢᠨ ᠦᠨᠡᠮᠯᠡᠯ ᠵᠶ᠋ᠠᠨ ᠬᠠᠨᠭ᠌ᠭ᠋ᠠᠬᠤ ᠭᠡᠷᠡᠭᠳᠠᠢ᠃ ᠵᠠᠷ᠎ᠤᠨ ᠠᠭᠤᠯᠭ᠎ᠠ᠎ᠨᠢ ᠬᠤᠯᠪᠤᠭᠳᠠᠯ ᠪᠦᠬᠦᠢ ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠦᠷᠢᠮ᠎ᠤᠨ ᠲᠤᠭᠳᠠᠭ᠋ᠠᠯ᠎ᠳᠤ ᠨᠡᠢ᠍ᠢ᠍ᠴᠡᠭᠰᠡᠨ ᠪᠠᠢ᠍ᠢ᠍ᠬᠤ ᠬᠡᠷᠡᠭᠳᠠᠢ ᠪᠦᠭᠡᠳ ᠦᠷ᠎ᠠ ᠵᠢᠨ ᠮᠠᠯ ᠵᠢᠬᠦᠷᠳᠡᠨ᠎ᠤ ᠠ᠋ᠬᠦᠯᠳᠡᠷ᠂ ᠲᠦᠬᠦᠷᠵᠢᠭᠰᠡᠨ ᠤᠳᠤᠮ᠎ᠤᠨ ᠬᠢᠨᠠᠨ ᠲᠤᠭᠳᠠᠭ᠋ᠠᠯᠳᠠ ᠪᠤᠶᠤ ᠰᠢᠯᠭ᠋ᠠᠨ ᠲᠤᠭᠳᠠᠭ᠋ᠠᠯᠳᠠ ᠵᠢᠨ ᠨᠡᠷ᠎ᠠ ᠵᠢ ᠲᠤᠳᠤᠷᠬᠠᠢ᠍ᠢ᠍ᠯᠠᠨ ᠲᠡᠮᠳᠡᠭᠯᠡᠭᠰᠡᠨ ᠪᠠᠢ᠍ᠢ᠍ᠬᠤ ᠭᠡᠷᠡᠭᠳᠠᠢ; ᠭᠤᠤᠯ ᠰᠢᠨᠵᠢ ᠪᠠᠢ᠍ᠢ᠍ᠳᠠᠯ᠎ᠤᠨ ᠲᠤᠬᠠᠢ ᠲᠦᠷᠰᠦᠯᠡᠨ ᠲᠤᠭ᠋ᠠᠴᠢᠬᠰᠠᠨ᠎ᠨᠢ ᠲᠤᠰ ᠠ᠋ᠬᠦᠯᠳᠡᠷ᠂ ᠲᠦᠬᠦᠷᠵᠢᠭᠰᠡᠨ ᠤᠳᠤᠮ᠎ᠤᠨ ᠪᠠᠷᠢᠮᠵᠢᠶ᠎ᠠ᠎ᠳᠤ ᠨᠡᠢ᠍ᠢ᠍ᠴᠡᠭᠰᠡᠨ ᠪᠠᠢ᠍ᠢ᠍ᠬᠤ ᠭᠡᠷᠡᠭᠳᠠᠢ᠃  
      ᠬᠤᠷᠢ ᠶᠢᠰᠦᠳᠦᠭᠡᠷ ᠵᠦᠢ᠍ᠯ   ᠪᠤᠷᠤᠯᠠᠭᠤᠯᠬᠤ ᠦᠷ᠎ᠠ ᠵᠢᠨ ᠮᠠᠯ ᠵᠢᠬᠦᠷᠳᠡᠨ ᠪᠠ ᠭᠡᠷ᠎ᠤᠨ ᠲᠡᠵᠢᠬᠡᠪᠤᠷᠢ ᠵᠢᠨ ᠬᠡᠬᠡᠯᠳᠦᠬᠦᠯᠭᠡ ᠵᠢᠨ ᠦᠷᠳᠡᠭᠡ (ᠴᠡᠭ)᠎ᠳᠤ ᠬᠡᠷᠡᠭᠯᠡᠵᠦ ᠪᠠᠢ᠍ᠢ᠍ᠭ᠎ᠠ ᠬᠡᠬᠡᠯᠳᠦᠬᠦᠯᠦᠭᠴᠢ ᠮᠠᠯ᠎ᠨᠢ ᠠ᠋ᠷᠬᠡᠪᠰᠢ ᠭᠡᠭᠡᠯᠳᠦᠬᠦᠯᠭᠡ᠎ᠳᠤ ᠬᠡᠷᠡᠭᠯᠡᠬᠦ ᠪᠠᠷᠢᠮᠵᠢᠶ᠎ᠠ᠎ᠳᠤ ᠨᠡᠢ᠍ᠢ᠍ᠴᠡᠭᠰᠡᠨ ᠪᠠᠢ᠍ᠢ᠍ᠬᠤ ᠭᠡᠷᠡᠭᠳᠠᠢ᠃ ᠦᠷ᠎ᠠ ᠵᠢᠨ ᠮᠠᠯ ᠵᠢᠬᠦᠷᠳᠡᠨ᠎ᠢ ᠪᠤᠷᠤᠯᠠᠭᠤᠯᠬᠤ ᠦᠶ᠎ᠠ᠎ᠳᠤ᠂ ᠦᠷ᠎ᠠ ᠵᠢᠨ ᠮᠠᠯ ᠵᠢᠬᠦᠷᠳᠡᠨ᠎ᠤ ᠲᠠᠯᠠᠪᠠᠢ᠎ᠠᠴᠠ ᠭᠠᠷᠭ᠋ᠠᠵᠦ ᠦᠭᠬᠦᠭᠰᠡᠨ ᠦᠷ᠎ᠠ ᠵᠢᠨ ᠮᠠᠯ ᠵᠢᠬᠦᠷᠳᠡᠨ᠎ᠤ ᠬᠢᠷᠢ ᠲᠡᠨᠭᠴᠡᠭᠰᠡᠨ ᠬᠡᠷᠡᠴᠢ᠂ ᠠᠮᠢᠳᠡᠠ᠎ᠤ ᠬᠢᠵᠢᠭ᠎ᠢ ᠰᠡᠷᠬᠡᠢ᠍ᠢ᠍ᠯᠡᠨ ᠬᠢᠨᠠᠬᠤ ᠪᠠᠢ᠍ᠢ᠍ᠭᠤᠯᠤᠮᠵᠢ᠎ᠠᠴᠠ ᠭᠠᠷᠭ᠋ᠠᠵᠦ ᠦᠭᠬᠦᠭᠰᠡᠨ ᠬᠢᠵᠢᠭ᠎ᠤᠨ ᠪᠠᠢ᠍ᠢ᠍ᠴᠠᠭ᠋ᠠᠯᠳᠠ᠎ᠳᠤ ᠬᠢᠷᠢ ᠲᠡᠨᠭᠴᠡᠭᠰᠡᠨ ᠭᠡᠷᠡᠴᠢ ᠵᠢ ᠲᠠᠭ᠋ᠠᠯᠳᠤᠭᠤᠯᠤᠭᠰᠠᠨ ᠪᠠᠢ᠍ᠢ᠍ᠬᠤ ᠭᠡᠷᠡᠭᠳᠠᠢ᠂ ᠪᠤᠷᠤᠯᠠᠭᠤᠯᠬᠤ ᠦᠷ᠎ᠠ ᠵᠢᠨ ᠮᠠᠯ᠎ᠳᠤ ᠪᠠᠰᠠ ᠦᠷ᠎ᠠ ᠵᠢᠨ ᠮᠠᠯ ᠵᠢᠬᠦᠷᠳᠡᠨ᠎ᠤ ᠲᠠᠯᠠᠪᠠᠢ᠎ᠠᠴᠠ ᠭᠠᠷᠭ᠋ᠠᠵᠦ ᠦᠭᠬᠦᠭᠰᠡᠨ ᠭᠡᠷ᠎ᠤᠨ ᠲᠡᠵᠢᠬᠡᠪᠦᠷᠢ ᠵᠢᠨ ᠤᠳᠤᠮ᠎ᠤᠨ ᠲᠡᠮᠳᠡᠭᠯᠡᠯ᠎ᠢ ᠲᠠᠭ᠋ᠠᠯᠳᠤᠭᠤᠯᠤᠭᠰᠠᠨ ᠪᠠᠢ᠍ᠢ᠍ᠬᠤ ᠭᠡᠷᠡᠭᠳᠠᠢ᠃  
      ᠭᠡᠷ᠎ᠤᠨ ᠲᠡᠵᠢᠭᠡᠪᠤᠷᠢ ᠵᠢᠨ ᠦᠨᠳᠡᠭᠡᠨ ᠠ᠋ᠰ᠂ ᠢᠴᠡᠭᠡᠯ ᠦᠷ᠎ᠠ᠂ ᠬᠦᠪᠦᠷᠡᠯ ᠵᠠᠷᠭᠡ ᠤᠳᠤᠮᠯᠠᠯ᠎ᠤᠨ ᠮᠠᠲᠸᠷᠢᠶᠠᠯ᠎ᠢ ᠦᠢ᠍ᠯᠡᠳᠪᠦᠷᠢᠯᠡᠬᠦ᠎ᠳᠡᠭᠡᠨ ᠦᠷ᠎ᠠ ᠠᠪᠤᠭᠰᠠᠨ᠂ ᠪᠤᠷᠤᠯᠠᠭᠤᠯᠤᠭᠰᠠᠨ᠂ ᠰᠢᠯᠵᠢᠬᠦᠯᠵᠦ ᠰᠠᠭᠤᠯᠭ᠋ᠠᠭᠰᠠᠨ ᠵᠡᠷᠭᠡ ᠲᠠᠯ᠎ᠠ ᠵᠢᠨ ᠪᠦᠷᠢᠨ ᠪᠦᠳᠦᠨ ᠲᠡᠮᠳᠡᠭᠯᠡᠯ᠎ᠲᠠᠢ ᠪᠠᠢ᠍ᠢ᠍ᠵᠦ᠂ ᠲᠡᠮᠳᠡᠭᠯᠡᠯ ᠵᠶ᠋ᠠᠨ ᠬᠤᠶᠠᠷ ᠵᠢᠯ ᠬᠠᠳᠠᠭ᠋ᠠᠯᠠᠬᠤ ᠭᠡᠷᠡᠭᠳᠠᠢ᠃       ᠭᠤᠴᠢᠳᠤᠭ᠋ᠠᠷ ᠵᠦᠢ᠍ᠯ   ᠦᠷ᠎ᠠ ᠵᠢᠨ ᠮᠠᠯ ᠵᠢᠬᠦᠷᠳᠡᠨ᠎ᠢ ᠪᠤᠷᠤᠯᠠᠭᠤᠯᠬᠤ᠎ᠳᠠᠭᠠᠨ ᠲᠤᠤᠷ᠎ᠠ ᠵᠢᠭᠰᠠᠭ᠋ᠠᠭᠰᠠᠨ ᠠᠵᠢᠯᠯᠠᠭ᠎ᠠ᠎ᠨᠤᠭᠤᠳ᠎ᠢ ᠬᠢᠵᠦ ᠪᠤᠯᠬᠤ ᠦᠭᠡᠢ᠄  
     (ᠨᠢᠭᠡ) ᠪᠤᠰᠤᠳ ᠮᠠᠯ ᠵᠢᠬᠦᠷᠳᠡᠨ᠎ᠤ ᠠ᠋ᠬᠦᠯᠳᠡᠷ᠂ ᠲᠦᠬᠦᠷᠵᠢᠭᠰᠡᠨ ᠤᠳᠤᠮ ᠵᠶ᠋ᠠᠷ ᠪᠤᠷᠤᠯᠠᠭᠤᠯᠤᠨ ᠬᠤᠳᠠᠯᠳᠤᠵᠦ ᠪᠠᠢ᠍ᠢ᠍ᠭ᠎ᠠ ᠦᠷ᠎ᠠ ᠵᠢᠨ ᠮᠠᠯ ᠵᠢᠬᠦᠷᠳᠡᠨ᠎ᠤ ᠠ᠋ᠬᠦᠯᠳᠡᠷ᠂ ᠲᠦᠬᠦᠷᠵᠢᠭᠰᠡᠨ ᠤᠳᠤᠮ᠎ᠢ ᠬᠠᠭᠤᠷᠮᠠᠭᠯᠠᠨ ᠤᠷᠤᠯᠠᠭᠤᠯᠬᠤ;  
     (ᠬᠤᠶᠠᠷ) ᠪᠤᠭᠤᠨᠢ ᠦᠶ᠎ᠠ᠎ᠲᠠᠢ ᠤᠨᠳᠤᠤ ᠲᠦᠷᠦᠯ᠎ᠤᠨ ᠦᠷ᠎ᠠ ᠵᠢᠨ ᠮᠠᠯ ᠵᠢᠬᠦᠷᠳᠡᠨ ᠵᠶ᠋ᠠᠷ ᠦᠨᠳᠦᠷ ᠦᠶ᠎ᠠ᠎ᠲᠠᠢ ᠤᠨᠳᠤᠤ ᠲᠦᠷᠦᠯ᠎ᠤᠨ ᠦᠷ᠎ᠠ ᠵᠢᠨ ᠮᠠᠯ ᠵᠢᠬᠦᠷᠳᠡᠨ᠎ᠢ ᠬᠠᠭᠤᠷᠮᠠᠭᠯᠠᠨ ᠤᠷᠤᠯᠠᠭᠤᠯᠬᠤ;  
     (ᠭᠤᠷᠪᠠ) ᠭᠡᠭᠡᠯᠳᠦᠬᠦᠯᠭᠡ᠎ᠳᠤ ᠭᠡᠷᠡᠭᠯᠡᠬᠦ ᠪᠠᠷᠢᠮᠵᠢᠶ᠎ᠠ᠎ᠳᠤ ᠦᠯᠦ ᠨᠡᠢ᠍ᠢ᠍ᠴᠡᠬᠦ ᠮᠠᠯ ᠵᠢᠬᠦᠷᠳᠡᠨ ᠵᠶ᠋ᠠᠷ ᠦᠷ᠎ᠠ ᠵᠢᠨ ᠮᠠᠯ ᠵᠢᠬᠦᠷᠳᠡᠨ᠎ᠢ ᠬᠠᠭᠤᠷᠮᠠᠭᠯᠠᠨ ᠤᠷᠤᠯᠠᠭᠤᠯᠬᠤ;  
     (ᠲᠦᠷᠪᠡ) ᠭᠠᠳᠠᠭ᠋ᠠᠳᠦ᠎ᠠᠴᠠ ᠤᠷᠤᠭᠤᠯᠬᠤ ᠵᠦᠪᠰᠢᠶᠡᠷᠡᠯ ᠠᠪᠤᠭᠰᠠᠨ ᠦᠭᠡᠢ ᠦᠷ᠎ᠠ ᠵᠢᠨ ᠮᠠᠯ ᠵᠢᠬᠦᠷᠳᠡᠨ᠎ᠢ ᠪᠤᠷᠤᠯᠠᠭᠤᠯᠬᠤ;
     (ᠲᠠᠪᠤ) ᠲᠤᠰ ᠬᠠᠦᠯᠢ ᠵᠢᠨ ᠬᠤᠷᠢ ᠶᠢᠰᠦᠳᠦᠭᠡᠷ ᠵᠦᠢ᠍ᠯ᠎ᠳᠤ ᠲᠤᠭᠳᠠᠭ᠋ᠠᠭᠰᠠᠨ ᠦᠷ᠎ᠠ ᠵᠢᠨ ᠮᠠᠯ ᠵᠢᠬᠦᠷᠳᠡᠨ᠎ᠤ ᠬᠢᠷᠢ ᠲᠡᠨᠭᠴᠡᠭᠰᠡᠨ ᠬᠡᠷᠡᠴᠢ᠂ ᠬᠢᠵᠢᠭ᠎ᠤᠨ ᠪᠠᠢ᠍ᠢ᠍ᠴᠠᠭ᠋ᠠᠯᠳᠠ᠎ᠳᠤ ᠬᠢᠷᠢ ᠲᠡᠨᠭᠴᠡᠭᠰᠡᠨ ᠬᠡᠷᠡᠴᠢ ᠵᠢ ᠲᠠᠭ᠋ᠠᠯᠳᠤᠭᠤᠯᠤᠭᠰᠠᠨ ᠦᠭᠡᠢ ᠦᠷ᠎ᠠ ᠵᠢᠨ ᠮᠠᠯ ᠵᠢᠬᠦᠷᠳᠡᠨ ᠪᠤᠶᠤ ᠭᠡᠷ᠎ᠤᠨ ᠲᠡᠵᠢᠬᠡᠪᠤᠷᠢ ᠵᠢᠨ ᠤᠳᠤᠮ᠎ᠤᠨ ᠲᠡᠮᠳᠡᠭᠯᠡᠯ᠎ᠢ ᠲᠠᠭ᠋ᠠᠯᠳᠤᠭᠤᠯᠤᠭᠰᠠᠨ ᠦᠭᠡᠢ ᠦᠷ᠎ᠠ ᠵᠢᠨ ᠮᠠᠯ᠎ᠢ ᠪᠤᠷᠤᠯᠠᠭᠤᠯᠬᠤ;
     (ᠵᠢᠷᠭᠤᠭ᠎ᠠ) ᠬᠢᠨᠠᠨ ᠲᠤᠭᠳᠠᠭ᠋ᠠᠯᠳᠠ ᠪᠤᠶᠤ ᠰᠢᠯᠭ᠋ᠠᠨ ᠲᠤᠭᠳᠠᠭ᠋ᠠᠯᠳᠠ ᠵᠢ ᠦᠨᠭᠭᠡᠷᠡᠭᠡᠭᠰᠡᠨ ᠦᠬᠡᠢ ᠦᠷ᠎ᠠ ᠵᠢᠨ ᠮᠠᠯ ᠵᠢᠬᠦᠷᠳᠡᠨ᠎ᠤ ᠠ᠋ᠬᠦᠯᠳᠡᠷ᠂ ᠲᠦᠬᠦᠷᠵᠢᠭᠰᠡᠨ ᠤᠳᠤᠮ᠎ᠢ ᠪᠤᠷᠤᠯᠠᠭᠤᠯᠬᠤ᠃  
      ᠭᠤᠴᠢᠨ ᠨᠢᠬᠡᠳᠦᠭᠡᠷ ᠵᠦᠢ᠍ᠯ   ᠦᠷ᠎ᠠ ᠵᠢᠨ ᠮᠠᠯ ᠵᠢᠬᠦᠷᠳᠡᠨ᠎ᠢ ᠭᠠᠳᠠᠭ᠋ᠠᠳᠦ᠎ᠠᠴᠠ ᠤᠷᠤᠭᠤᠯᠬᠤ᠎ᠪᠠᠷ ᠭᠤᠶᠤᠴᠢᠯᠠᠬᠤ᠎ᠳᠤ ᠬᠦᠷᠪᠡᠯ᠂ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ ᠪᠠᠢ᠍ᠢ᠍ᠬᠤ ᠭᠡᠷᠡᠭᠳᠠᠢ᠃ ᠦᠷ᠎ᠠ ᠵᠢᠨ ᠮᠠᠯ ᠵᠢᠬᠦᠷᠳᠡᠨ᠎ᠢ ᠭᠠᠳᠠᠭ᠋ᠠᠳᠦ᠎ᠠᠴᠠ ᠤᠷᠤᠭᠤᠯᠬᠤ ᠵᠢ ᠵᠦᠪᠰᠢᠶᠡᠷᠡᠭᠰᠡᠨ ᠪᠢᠴᠢᠭ ᠮᠠᠲᠸᠷᠢᠶᠠᠯ᠎ᠤᠨ ᠬᠦᠴᠦᠨ᠎ᠲᠠᠢ ᠬᠤᠭᠤᠴᠠᠭ᠎ᠠ᠎ᠨᠢ ᠵᠢᠷᠭᠤᠭ᠋ᠠᠨ ᠰᠠᠷ᠎ᠠ ᠪᠤᠯᠤᠨ᠎ᠠ᠃  
      ᠭᠠᠳᠠᠭ᠋ᠠᠳᠦ᠎ᠠᠴᠠ ᠤᠷᠤᠭᠤᠯᠬᠤ ᠦᠷ᠎ᠠ ᠵᠢᠨ ᠮᠠᠯ ᠵᠢᠬᠦᠷᠳᠡᠨ᠎ᠨᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠮᠡᠷᠬᠡᠵᠢᠯ᠎ᠤᠨ ᠱᠠᠭ᠋ᠠᠷᠳᠠᠯᠭ᠎ᠠ᠎ᠳᠤ ᠨᠡᠢ᠍ᠢ᠍ᠴᠡᠬᠦ ᠭᠡᠷᠡᠭᠳᠠᠢ᠃ ᠠᠨᠭ᠌ᠬ᠎ᠠ ᠤᠳᠠᠭ᠎ᠠ ᠭᠠᠳᠠᠭ᠋ᠠᠳᠦ᠎ᠠᠴᠠ ᠤᠷᠤᠭᠤᠯᠬᠤ ᠦᠷ᠎ᠠ ᠵᠢᠨ ᠮᠠᠯ ᠵᠢᠬᠦᠷᠳᠡᠨ᠎ᠳᠤ ᠪᠠᠰᠨ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ᠎ᠠᠴᠠ ᠬᠡᠭᠡᠯᠳᠦᠬᠦᠯᠭᠡ᠎ᠳᠤ ᠭᠡᠷᠡᠭᠯᠡᠬᠦ ᠴᠢᠳᠠᠪᠬᠢ ᠵᠢᠨ ᠦᠨᠡᠯᠡᠯᠳᠠ ᠬᠢᠨ᠎ᠠ᠃  
      ᠦᠷ᠎ᠠ ᠵᠢᠨ ᠮᠠᠯ ᠵᠢᠬᠦᠷᠳᠡᠨ᠎ᠢ ᠭᠠᠳᠠᠭ᠋ᠠᠳᠦ᠎ᠠᠴᠠ ᠤᠷᠤᠭᠤᠯᠵᠦ ᠭᠠᠳᠠᠭ᠋ᠠᠳᠦ᠎ᠳᠤ ᠭᠠᠷᠭ᠋ᠠᠬᠤ ᠬᠠᠮᠢᠶᠠᠷᠤᠯᠳᠠ᠎ᠳᠤ ᠠ᠋ᠮᠤᠨᠡᠬᠢ ᠬᠤᠶᠠᠷ ᠪᠠᠳᠠᠭ᠎ᠤᠨ ᠲᠤᠭᠳᠠᠭ᠋ᠠᠯ᠎ᠢ ᠬᠡᠷᠡᠭᠯᠡᠬᠦ᠎ᠠᠴᠠ ᠭᠠᠳᠠᠨ᠎ᠠ᠂ ᠪᠠᠰᠠ ᠲᠤᠰ ᠬᠠᠦᠯᠢ ᠵᠢᠨ ᠠᠷᠪᠠᠨ ᠲᠠᠪᠤᠳᠤᠭ᠋ᠠᠷ ᠵᠦᠢ᠍ᠯ ᠪᠤᠯᠤᠨ ᠠᠷᠪᠠᠨ ᠵᠢᠷᠭᠤᠳᠤᠭ᠋ᠠᠷ ᠵᠦᠢ᠍ᠯ᠎ᠤᠨ ᠬᠤᠯᠪᠤᠭᠳᠠᠯ ᠪᠦᠬᠦᠢ ᠲᠤᠭᠳᠠᠭ᠋ᠠᠯ᠎ᠢ ᠬᠡᠷᠡᠭᠯᠡᠨ᠎ᠠ᠃  
      ᠤᠯᠤᠰ᠎ᠠᠴᠠ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠦᠭᠴᠢᠳ᠎ᠤᠨ ᠭᠠᠳᠠᠭ᠋ᠠᠳᠦ᠎ᠠᠴᠠ ᠤᠷᠤᠭᠤᠯᠤᠬᠰᠠᠨ ᠮᠠᠯ ᠵᠢᠬᠦᠷᠳᠡᠨ᠎ᠳᠤ ᠰᠢᠨ᠎ᠠ ᠠ᠋ᠬᠦᠯᠳᠡᠷ᠂ ᠲᠦᠬᠦᠷᠵᠢᠭᠰᠡᠨ ᠤᠳᠤᠮ ᠰᠤᠨᠭ᠌ᠭᠤᠨ ᠪᠤᠢ᠍ᠢ᠍ᠵᠢᠭᠤᠯᠬᠤ ᠵᠢ ᠵᠤᠷᠢᠬ᠍ᠵᠢᠭᠤᠯᠤᠨ᠎ᠠ; ᠰᠤᠨᠭ᠌ᠭᠤᠨ ᠪᠤᠢ᠍ᠢ᠍ᠵᠢᠭᠤᠯᠤᠭᠰᠠᠨ ᠰᠢᠨ᠎ᠠ ᠠ᠋ᠬᠦᠯᠳᠡᠷ᠂ ᠲᠦᠬᠦᠷᠵᠢᠭᠰᠡᠨ ᠤᠳᠤᠮ᠎ᠢ ᠲᠡᠯᠭᠡᠷᠡᠬᠦᠯᠬᠦ᠎ᠠᠴᠠ ᠠ᠋ᠮᠦᠨ᠎ᠠ᠂ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ ᠵᠶ᠋ᠠᠷ ᠬᠢᠨᠠᠨ ᠲᠤᠭᠳᠠᠭ᠋ᠠᠯᠭ᠋ᠠᠬᠤ ᠭᠡᠷᠡᠭᠳᠠᠢ᠃       ᠭᠤᠴᠢᠨ ᠬᠤᠶᠠᠳᠤᠭ᠋ᠠᠷ ᠵᠦᠢ᠍ᠯ   ᠦᠷ᠎ᠠ ᠵᠢᠨ ᠮᠠᠯ ᠵᠢᠬᠦᠷᠳᠡᠨ᠎ᠤ ᠲᠠᠯᠠᠪᠠᠢ ᠪᠠ ᠨᠡᠪᠴᠢᠭᠡᠬᠦ ᠲᠠᠯᠠᠪᠠᠢ (ᠦᠢ᠍ᠯᠡᠳᠪᠦᠷᠢ) ᠲᠠᠸᠠᠷ᠎ᠤᠨ ᠲᠦᠯ ᠮᠠᠯ᠂ ᠵᠢᠬᠦᠷᠳᠡᠨ᠎ᠤ ᠴᠤᠷᠪᠠᠭ᠎ᠠ ᠵᠢ ᠪᠤᠷᠤᠯᠠᠭᠤᠯᠬᠤ᠎ᠳᠤ ᠬᠦᠷᠪᠡᠯ᠂ ᠬᠤᠳᠠᠯᠳᠤᠨ ᠠᠪᠤᠭᠴᠢ᠎ᠳᠤ ᠪᠤᠷᠤᠯᠠᠭᠤᠯᠬᠤ ᠲᠦᠯ ᠮᠠᠯ᠂ ᠵᠢᠬᠦᠷᠳᠡᠨ᠎ᠤ ᠴᠤᠷᠪᠠᠭ᠎ᠠ ᠵᠢᠨ ᠵᠶ᠋ᠠᠨ ᠦᠢ᠍ᠯᠡᠳᠪᠦᠷᠢᠯᠡᠯ᠎ᠤᠨ ᠴᠢᠳᠠᠪᠤᠷᠢ ᠵᠢᠨ ᠭᠤᠤᠯ ᠭᠦᠢ᠍ᠴᠡᠳᠬᠡᠬᠦ ᠲᠤᠭ᠎ᠠ᠂ ᠴᠠᠷᠤᠯᠳᠠ ᠵᠢᠨ ᠪᠠᠢ᠍ᠢ᠍ᠳᠠᠯ᠂ ᠠᠷᠠᠴᠢᠯᠠᠵᠦ ᠲᠡᠵᠢᠭᠡᠬᠦ ᠮᠡᠷᠬᠡᠵᠢᠯ᠎ᠤᠨ ᠱᠠᠭ᠋ᠠᠷᠳᠠᠯᠭ᠎ᠠ ᠪᠤᠯᠤᠨ ᠬᠤᠯᠪᠤᠭᠳᠠᠯ ᠪᠦᠬᠦᠢ ᠵᠦᠪᠯᠡᠯᠭᠡ ᠦᠭᠬᠦ ᠦᠢ᠍ᠯᠡᠴᠢᠯᠡᠭᠡ ᠵᠠᠷᠭᠡ ᠵᠢ ᠬᠠᠨᠭ᠌ᠭ᠋ᠠᠬᠤ ᠵᠢᠨ ᠬᠠᠮᠳᠦ ᠠᠮᠢᠳᠠᠨ᠎ᠤ ᠬᠢᠵᠢᠭ᠎ᠢ ᠰᠡᠷᠭᠡᠢ᠍ᠢ᠍ᠯᠡᠨ ᠬᠢᠨᠠᠬᠤ ᠪᠠᠢ᠍ᠢ᠍ᠭᠤᠯᠤᠮᠵᠢ᠎ᠠᠴᠠ ᠭᠠᠷᠭ᠋ᠠᠵᠦ ᠦᠭᠬᠦᠭᠰᠡᠨ ᠬᠢᠵᠢᠭ᠎ᠤᠨ ᠪᠠᠢ᠍ᠢ᠍ᠴᠠᠭ᠋ᠠᠯᠳᠠ᠎ᠳᠤ ᠬᠢᠷᠢ ᠲᠡᠨᠭᠴᠡᠭᠰᠡᠨ ᠬᠡᠷᠡᠴᠢ ᠵᠢ ᠲᠠᠭ᠋ᠠᠯᠳᠤᠭᠤᠯᠤᠭᠰᠠᠨ ᠪᠠᠢ᠍ᠢ᠍ᠬᠤ ᠭᠡᠷᠡᠭᠳᠠᠢ᠃  
      ᠦᠷ᠎ᠠ ᠵᠢᠨ ᠮᠠᠯ ᠵᠢᠬᠦᠷᠳᠡᠨ ᠪᠠ ᠲᠠᠸᠠᠷ᠎ᠤᠨ ᠲᠦᠯ ᠮᠠᠯ᠂ ᠵᠢᠬᠦᠷᠳᠡᠨ᠎ᠤ ᠴᠤᠷᠪᠠᠭ᠎ᠠ ᠵᠢ ᠪᠤᠷᠤᠯᠠᠭᠤᠯᠤᠭ᠋ᠠᠳ᠂ ᠶᠠᠰᠦ ᠴᠢᠨᠠᠷ᠎ᠤᠨ ᠠᠰᠠᠭᠤᠳᠠᠯ᠎ᠠᠴᠠ ᠪᠤᠯᠵᠦ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠦᠭᠴᠢᠳ᠎ᠲᠤ ᠬᠤᠬᠢᠷᠠᠯ ᠤᠴᠠᠷᠠᠭᠤᠯᠤᠭᠰᠠᠨ ᠪᠠᠢ᠍ᠢ᠍ᠪᠠᠯ᠂ ᠬᠠᠦᠯᠢ ᠶᠤᠰᠤᠭ᠋ᠠᠷ ᠬᠤᠬᠢᠷᠠᠯ᠎ᠢ᠎ᠨᠢ ᠲᠦᠯᠦᠬᠦ ᠭᠡᠷᠡᠭᠳᠠᠢ᠃  
      ᠭᠤᠴᠢᠨ ᠭᠤᠷᠪᠠᠳᠤᠭ᠋ᠠᠷ ᠵᠦᠢ᠍ᠯ   ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠦᠷ᠎ᠠ ᠵᠢᠨ ᠮᠠᠯ ᠵᠢᠬᠦᠷᠳᠡᠡ᠎ᠤ ᠶᠠᠰᠦ ᠴᠢᠨᠠᠷ᠎ᠤᠨ ᠠᠶᠤᠯᠬᠦᠢ ᠵᠢ ᠬᠢᠨᠠᠨ ᠬᠠᠮᠢᠶᠠᠷᠬᠤ ᠠᠵᠢᠯ᠎ᠢ ᠬᠠᠷᠢᠭᠤᠴᠠᠨ᠎ᠠ᠃ ᠦᠷ᠎ᠠ ᠵᠢᠨ ᠮᠠᠯ ᠵᠢᠬᠦᠷᠳᠡᠨ᠎ᠤ ᠶᠠᠰᠦ ᠴᠢᠨᠠᠷ᠎ᠤᠨ ᠠᠶᠤᠯᠬᠦᠢ ᠵᠢᠨ ᠬᠢᠨᠠᠯᠳᠠ ᠪᠠᠢ᠍ᠢ᠍ᠴᠠᠭ᠋ᠠᠯᠳᠠ ᠵᠢ ᠬᠠᠦᠯᠢ᠎ᠪᠠᠷ ᠲᠤᠭᠳᠠᠭ᠋ᠠᠭᠰᠠᠨ ᠬᠢᠷᠢ ᠬᠡᠮ ᠪᠦᠬᠦᠢ ᠦᠷ᠎ᠠ ᠵᠢᠨ ᠮᠠᠯ ᠵᠢᠬᠦᠷᠳᠡᠨ᠎ᠤ ᠶᠠᠰᠦ ᠴᠢᠨᠠᠷ᠎ᠢ ᠰᠢᠯᠭ᠋ᠠᠨ ᠪᠠᠢ᠍ᠢ᠍ᠴᠠᠭ᠋ᠠᠬᠤ ᠪᠠᠢ᠍ᠢ᠍ᠭᠤᠯᠤᠮᠵᠢ᠎ᠳᠤ ᠨᠠᠢ᠍ᠢ᠍ᠳᠠᠵᠦ ᠬᠢᠯᠭᠡᠬᠦ ᠭᠡᠷᠡᠭᠳᠠᠢ; ᠰᠢᠯᠭ᠋ᠠᠨ ᠪᠠᠢ᠍ᠢ᠍ᠴᠠᠭ᠋ᠠᠬᠤ᠎ᠳᠤ ᠭᠡᠷᠡᠭᠰᠡᠬᠦ ᠵᠠᠷᠤᠳᠠᠯ᠎ᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠲᠤᠭᠳᠠᠭ᠋ᠠᠯ ᠶᠤᠰᠤᠭ᠋ᠠᠷ ᠭᠠᠷᠭ᠋ᠠᠵᠦ᠂ ᠰᠢᠯᠭ᠋ᠠᠨ ᠪᠠᠢ᠍ᠢ᠍ᠴᠠᠭ᠋ᠠᠯᠭ᠋ᠠᠭᠴᠢ᠎ᠠᠴᠠ ᠬᠤᠷᠢᠶᠠᠵᠦ ᠪᠤᠯᠬᠤ ᠦᠭᠡᠢ᠃  
      ᠭᠤᠴᠢᠨ ᠲᠦᠷᠪᠡᠳᠦᠭᠡᠷ ᠵᠦᠢ᠍ᠯ   ᠬᠦᠷᠢ ᠵᠢᠨ ᠦᠷ᠎ᠠ ᠵᠢᠨ ᠠ᠋ᠬᠢ ᠪᠠᠶᠠᠯᠢᠭ᠎ᠢ ᠬᠠᠮᠠᠭ᠋ᠠᠯᠠᠬᠤ᠂ ᠰᠢᠨ᠎ᠠ ᠠ᠋ᠬᠦᠯᠳᠡᠷ᠎ᠢ ᠰᠤᠨᠭ᠌ᠭᠤᠨ ᠪᠤᠢ᠍ᠢ᠍ᠵᠢᠭᠤᠯᠬᠤ᠂ ᠦᠢ᠍ᠯᠡᠳᠪᠦᠷᠢᠯᠡᠵᠦ ᠡᠵᠡᠨᠭᠨᠡᠬᠦ ᠪᠠ ᠲᠡᠯᠭᠡᠷᠡᠬᠦᠯᠬᠦ᠎ᠳᠤ ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠭᠡᠷᠡᠭᠯᠡᠨ᠎ᠠ᠂ ᠪᠤᠳᠠᠳᠠᠢ ᠬᠠᠮᠢᠶᠠᠷᠤᠯᠳᠠ ᠵᠢᠨ ᠠᠷᠭ᠎ᠠ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠲᠠᠷᠢᠶᠠᠯᠠᠩ᠎ᠤᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠳᠠᠭ᠋ᠠᠨ᠎ᠠ᠃
      ᠲᠦᠷᠪᠡᠳᠦᠭᠡᠷ ᠪᠦᠯᠦᠭ     ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ
      ᠭᠤᠴᠢᠨ ᠲᠠᠪᠤᠳᠤᠭ᠋ᠠᠷ ᠵᠦᠢ᠍ᠯ
  ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠯᠠᠭ᠎ᠠ ᠮᠦᠴᠢᠷ᠎ᠤᠳ ᠮᠠᠯ ᠠᠵᠦ ᠠᠬᠤᠢ ᠵᠢᠨ ᠬᠦᠭᠵᠢᠯᠳᠠ ᠵᠢᠨ ᠲᠦᠯᠦᠪᠵᠢᠬᠦᠯᠭᠡ ᠪᠤᠯᠤᠨ ᠵᠠᠬ᠎ᠠ ᠲᠡᠯᠭᠡᠬᠦᠷ᠎ᠤᠨ ᠭᠡᠷᠡᠭᠴᠡᠭᠡ ᠵᠢ ᠦᠨᠳᠦᠰᠦᠯᠡᠵᠦ᠂ ᠮᠠᠯ ᠠᠵᠦ ᠠᠬᠤᠢ ᠵᠢᠨ ᠪᠦᠳᠦᠴᠠ ᠵᠢ ᠲᠤᠬᠢᠷᠠᠭᠤᠯᠬᠤ᠂ ᠲᠠᠪᠠᠭᠤᠯᠢᠭ ᠮᠠᠯ ᠵᠢᠬᠦᠷᠳᠡᠨ᠎ᠤ ᠦᠢ᠍ᠯᠡᠳᠪᠦᠷᠢᠯᠡᠯ᠎ᠢ ᠬᠦᠭᠵᠢᠬᠦᠯᠬᠦ᠂ ᠮᠠᠯ ᠵᠢᠬᠦᠷᠳᠡᠨ᠎ᠤ ᠪᠦᠳᠦᠭᠡᠭᠳᠡᠬᠦᠨ᠎ᠤ ᠵᠠᠬ᠎ᠠ ᠲᠡᠯᠭᠡᠬᠦᠷ᠎ᠲᠠᠬᠢ ᠦᠷᠢᠰᠦᠯᠳᠦᠬᠦ ᠬᠦᠴᠦᠨ᠎ᠢ ᠲᠡᠭᠡᠭᠰᠢᠯᠡᠬᠦᠯᠬᠦ ᠵᠢ ᠵᠢᠯᠤᠭᠤᠳᠤᠨ ᠲᠡᠮᠵᠢᠬᠦ ᠬᠡᠷᠡᠭᠳᠠᠢ᠃  
      ᠤᠯᠤᠰ᠎ᠠᠴᠠ ᠲᠠᠯ᠎ᠠ ᠨᠤᠳᠤᠭ᠎ᠤᠨ ᠮᠠᠯᠵᠢᠬᠤ ᠤᠷᠤᠨ᠎ᠤ ᠨᠤᠳᠤᠭ ᠪᠡᠯᠴᠢᠭᠡᠷ᠎ᠢ ᠬᠦᠷᠢᠶᠠᠯᠡᠨ ᠬᠠᠮᠠᠭ᠋ᠠᠯᠠᠬᠤ᠂ ᠨᠤᠳᠤᠭ ᠪᠡᠯᠴᠢᠭᠡᠷ᠎ᠤᠨ ᠤᠰᠤᠨ ᠠᠰᠢᠭᠯᠠᠯᠳᠠ᠂ ᠨᠤᠳᠤᠭ ᠪᠡᠯᠴᠢᠭᠡᠷ᠎ᠢ ᠰᠠᠢ᠍ᠢ᠍ᠵᠢᠷᠠᠭᠤᠯᠬᠤ᠂ ᠡᠪᠡᠰᠦ ᠪᠤᠷᠳᠤᠭ᠋ᠠᠨ᠎ᠤ ᠰᠠᠭᠤᠷᠢᠨ ᠵᠠᠷᠭᠡ ᠨᠤᠳᠤᠭ ᠪᠡᠯᠴᠢᠭᠡᠷ᠎ᠤᠨ ᠦᠨᠳᠤᠰᠦᠨ ᠪᠦᠳᠦᠭᠡᠨ ᠪᠠᠢ᠍ᠢ᠍ᠭᠤᠯᠤᠯᠳᠠ ᠬᠢᠬᠦ ᠵᠢ ᠳᠡᠮᠵᠢᠵᠦ᠂ ᠮᠠᠯ ᠰᠦᠷᠦᠭ᠎ᠤᠨ ᠪᠦᠳᠦᠴᠠ ᠵᠢ ᠰᠢᠯᠢᠳᠡᠭᠵᠢᠬᠦᠯᠦᠨ᠂ ᠮᠠᠯ᠎ᠤᠨ ᠠ᠋ᠬᠦᠯᠳᠡᠷ᠎ᠢ ᠰᠠᠢ᠍ᠢ᠍ᠵᠢᠷᠠᠭᠤᠯᠵᠦ᠂ ᠦᠢ᠍ᠯᠡᠳᠪᠦᠷᠢᠯᠡᠯ᠎ᠤᠨ ᠠᠷᠭ᠎ᠠ ᠬᠡᠯᠪᠡᠷᠢ᠎ᠪᠠᠨ ᠬᠤᠪᠢᠷᠠᠭᠤᠯᠵᠦ᠂ ᠬᠠᠰᠢᠶᠠᠯᠠᠨ ᠲᠡᠵᠢᠭᠡᠵᠦ ᠠᠷᠠᠴᠢᠯᠠᠬᠤ᠂ ᠪᠡᠯᠴᠢᠭᠡᠷ ᠬᠤᠪᠢᠶᠠᠨ ᠠ᠋ᠬᠡᠯᠵᠢᠯᠡᠨ ᠮᠠᠯᠵᠢᠬᠤ ᠵᠢ ᠬᠦᠭᠵᠢᠬᠦᠯᠵᠦ᠂ ᠮᠠᠯ ᠪᠤᠯᠤᠨ ᠪᠡᠯᠴᠢᠬᠡᠷ᠎ᠤᠨ ᠲᠡᠨᠭᠴᠡᠬᠦᠷᠢ ᠵᠢ ᠠᠯᠬᠤᠮ ᠠᠯᠬᠤᠮ ᠵᠶ᠋ᠠᠷ ᠪᠡᠶᠡᠯᠡᠬᠦᠯᠵᠦ᠂ ᠨᠤᠳᠤᠭ ᠪᠡᠯᠴᠢᠭᠡᠷ᠎ᠤᠨ ᠠᠮᠢ ᠠᠬᠤᠢ ᠵᠢᠨ ᠤᠷᠴᠢᠨ ᠨᠦᠬᠦᠴᠡᠯ᠎ᠢ ᠦᠭᠡᠷᠡᠴᠢᠯᠡᠨ ᠰᠠᠢ᠍ᠢ᠍ᠵᠢᠷᠠᠭᠤᠯᠤᠨ᠎ᠠ᠃  
      ᠭᠤᠴᠢᠨ ᠵᠢᠷᠭᠤᠳᠤᠭ᠋ᠠᠷ ᠵᠦᠢ᠍ᠯ ᠲᠦᠷᠦ ᠵᠢᠨ ᠶᠠᠪᠤᠳᠠᠯ᠎ᠤᠨ ᠬᠤᠷᠢᠶ᠎ᠠ ᠪᠠ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠨᠤᠭᠤᠳ ᠮᠠᠯ ᠠᠵᠦ ᠠᠬᠤᠢ ᠵᠢᠨ ᠬᠦᠭᠵᠢᠯᠳᠠ ᠵᠢ ᠲᠡᠮᠵᠢᠬᠦ ᠰᠠᠢ᠍ᠢ᠍ᠨ ᠠ᠋ᠬᠦᠯᠳᠡᠷ᠎ᠤᠨ ᠨᠦᠬᠦᠪᠤᠷᠢ᠂ ᠲᠠᠮ ᠬᠦᠦ᠎ᠲᠠᠢ ᠨᠦᠬᠦᠪᠤᠷᠢ ᠵᠡᠷᠭᠡ ᠪᠡᠯᠨ ᠮᠦᠨᠭᠭᠦ ᠵᠢ ᠠ᠋ᠳ᠋᠎ᠤᠨ ᠵᠠᠰᠠᠭ᠎ᠤᠨ ᠲᠦᠰᠦᠪ᠎ᠲᠡᠭᠡᠨ ᠲᠤᠬᠢᠷᠠᠭᠤᠯᠬᠤ ᠵᠢᠨ ᠬᠠᠮᠳᠦ᠂ ᠬᠤᠯᠪᠤᠭᠳᠠᠯ ᠪᠦᠬᠦᠢ ᠮᠦᠨᠭᠭᠦᠨ ᠬᠦᠢ᠍ᠯᠭᠡᠭᠡᠨ᠎ᠤ ᠪᠠᠢ᠍ᠢ᠍ᠭᠤᠯᠤᠮᠵᠢ ᠵᠢᠨ ᠵᠢᠬᠡᠯᠡᠯᠭᠡ ᠤᠯᠭᠤᠬᠤ᠂ ᠲᠠᠭ᠋ᠠᠳᠬᠠᠯ᠎ᠤᠨ ᠦᠢ᠍ᠯᠡᠴᠢᠯᠡᠭᠡ ᠬᠠᠨᠭ᠌ᠭ᠋ᠠᠬᠤ ᠵᠡᠷᠭᠡ ᠬᠡᠯᠪᠡᠷᠢ᠎ᠪᠠᠷ ᠲᠠᠮᠵᠢᠭᠤᠯᠤᠨ᠂ ᠮᠠᠯ ᠵᠢᠬᠦᠷᠳᠡᠨ ᠲᠡᠵᠢᠭᠡᠨ ᠦᠷᠡᠵᠢᠬᠦᠯᠦᠭᠴᠢᠳ᠎ᠤᠨ ᠰᠢᠯᠢᠳᠡᠭ ᠰᠠᠢ᠍ᠢ᠍ᠨ ᠮᠠᠯ ᠵᠢᠬᠦᠷᠳᠡᠨ᠎ᠢ ᠬᠤᠳᠠᠯᠳᠤᠨ ᠠᠪᠬᠤ᠂ ᠰᠠᠢ᠍ᠢ᠍ᠨ ᠠ᠋ᠬᠦᠯᠳᠡᠷ᠎ᠢ ᠦᠷᠡᠵᠢᠬᠦᠯᠦᠨ ᠪᠤᠢ᠍ᠢ᠍ᠵᠢᠭᠤᠯᠬᠤ᠂ ᠦᠢ᠍ᠯᠡᠳᠪᠤᠷᠢᠯᠡᠯ᠎ᠤᠨ ᠲᠦᠬᠦᠬᠡᠷᠤᠮᠵᠢ᠎ᠪᠠᠨ ᠦᠭᠡᠷᠡᠴᠢᠯᠡᠨ ᠰᠠᠢ᠍ᠢ᠍ᠵᠢᠷᠠᠭᠤᠯᠬᠤ᠂ ᠲᠡᠵᠢᠬᠡᠵᠦ ᠦᠷᠡᠵᠢᠬᠦᠯᠬᠦ ᠭᠡᠪᠴᠢᠶ᠎ᠠ᠎ᠪᠠᠨ ᠦᠷᠭᠡᠳᠭᠡᠬᠦ ᠵᠢ ᠲᠡᠮᠵᠢᠵᠦ᠂ ᠲᠡᠵᠢᠭᠡᠵᠦ ᠦᠷᠡᠵᠢᠬᠦᠯᠬᠦ ᠦᠷ᠎ᠠ ᠠᠰᠢᠭ ᠵᠶ᠋ᠠᠨ ᠲᠡᠭᠡᠭᠰᠢᠯᠡᠬᠦᠯᠬᠦ ᠵᠢ ᠵᠤᠷᠢᠬ᠍ᠵᠢᠭᠤᠯᠤᠨ᠎ᠠ᠃  
      ᠭᠤᠴᠢᠨ ᠲᠤᠯᠤᠳᠤᠭ᠋ᠠᠷ ᠵᠦᠢ᠍ᠯ   ᠤᠯᠤᠰ᠎ᠠᠴᠠ ᠬᠦᠳᠡᠭᠡ ᠲᠤᠰᠬᠤᠨ᠎ᠤ ᠬᠠᠮᠳᠦ ᠵᠢᠨ ᠠᠵᠦ ᠠᠬᠤᠢ ᠵᠢᠨ ᠵᠤᠬᠢᠶᠠᠨ ᠪᠠᠢ᠍ᠢ᠍ᠭᠤᠯᠤᠯᠳᠠ᠂ ᠲᠠᠷᠢᠶᠠᠴᠢᠨ ᠪᠠ ᠮᠠᠯ ᠠᠵᠦ ᠠᠬᠤᠢ ᠵᠢᠨ ᠬᠤᠷᠰᠢᠭᠰᠠᠨ ᠠᠵᠦ ᠠᠬᠤᠢ ᠵᠢᠨ ᠵᠤᠬᠢᠶᠠᠨ ᠪᠠᠢ᠍ᠢ᠍ᠭᠤᠯᠤᠯᠳᠠ ᠵᠢᠨ ᠮᠠᠯ ᠵᠢᠬᠦᠷᠳᠡᠡ ᠲᠡᠵᠢᠭᠡᠨ ᠦᠷᠡᠵᠢᠬᠦᠯᠬᠦ ᠲᠠᠯᠠᠪᠠᠢ᠂ ᠲᠠᠵᠢᠭᠡᠨ ᠦᠷᠡᠵᠢᠬᠦᠯᠬᠦ ᠪᠠᠭ᠎ᠠ ᠲᠤᠭᠤᠷᠢᠭ ᠪᠠᠢ᠍ᠢ᠍ᠭᠤᠯᠬᠤ ᠵᠢ ᠲᠡᠮᠵᠢᠵᠦ᠂ ᠭᠡᠪᠴᠢᠶᠠᠵᠢᠭ᠌ᠰᠡᠨ᠂ ᠪᠠᠷᠢᠮᠵᠢᠶᠠᠵᠢᠭᠰᠠᠨ ᠲᠡᠵᠢᠬᠡᠨ ᠦᠷᠡᠵᠢᠬᠦᠯᠬᠦ ᠦᠢ᠍ᠯᠡᠰ᠎ᠢ ᠬᠦᠭᠵᠢᠬᠦᠯᠤᠨ᠎ᠠ᠃ ᠰᠤᠮᠤ (ᠪᠠᠯᠭ᠋ᠠᠰᠤ) ᠵᠢᠨ ᠭᠠᠵᠠᠷ ᠰᠢᠷᠤᠢ ᠵᠢ ᠠᠰᠢᠬᠯᠠᠬᠤ ᠶᠡᠷᠦᠨᠭᠭᠡᠢ ᠲᠦᠯᠦᠪᠵᠢᠬᠦᠯᠬᠡ ᠬᠢᠬᠦ᠎ᠳᠡᠭᠡᠨ ᠲᠤᠬᠠᠢ ᠵᠢᠨ ᠭᠠᠵᠠᠷ᠎ᠤᠨ ᠵᠶ᠋ᠠᠨ ᠪᠤᠳᠠᠳᠦ ᠪᠠᠢ᠍ᠢ᠍ᠳᠠᠯ ᠵᠶ᠋ᠠᠨ ᠦᠨᠳᠦᠰᠦᠯᠡᠵᠦ᠂ ᠮᠠᠯ ᠵᠢᠬᠦᠷᠳᠡᠨ᠎ᠢ ᠲᠡᠵᠢᠬᠡᠵᠦ ᠦᠷᠡᠵᠢᠬᠦᠯᠬᠦ᠎ᠳᠤ ᠭᠡᠷᠡᠭᠯᠡᠬᠦ ᠭᠠᠵᠠᠷ᠎ᠢ ᠲᠤᠬᠢᠷᠠᠭᠤᠯᠬᠤ ᠭᠡᠷᠡᠭᠳᠠᠢ᠃ ᠬᠦᠳᠡᠬᠡ ᠲᠤᠰᠬᠤᠨ᠎ᠤ ᠬᠠᠮᠳᠦ ᠵᠢᠨ ᠠᠵᠦ ᠠᠬᠤᠢ ᠵᠢᠨ ᠵᠤᠬᠢᠶᠠᠨ ᠪᠠᠢ᠍ᠢ᠍ᠭᠤᠯᠤᠯᠳᠠ᠂ ᠲᠠᠷᠢᠶᠠᠴᠢᠨ᠂ ᠮᠠᠯ ᠠᠵᠦ ᠠᠬᠤᠢ ᠵᠢᠨ ᠬᠤᠷᠰᠢᠬᠰᠠᠨ ᠠᠵᠦ ᠠᠬᠤᠢ ᠵᠢᠨ ᠵᠤᠬᠢᠶᠠᠨ ᠪᠠᠢ᠍ᠢ᠍ᠭᠤᠯᠤᠯᠳᠠ ᠵᠢᠨ ᠰᠤᠮᠤ (ᠪᠠᠯᠭ᠋ᠠᠰᠦ) ᠵᠢᠨ ᠭᠠᠵᠠᠷ ᠰᠢᠷᠤᠢ ᠵᠢ ᠠᠰᠢᠬᠯᠠᠬᠤ ᠶᠡᠷᠦᠨᠭᠭᠡᠢ ᠲᠦᠯᠦᠪᠵᠢᠬᠦᠯᠭᠡ ᠵᠢᠨ ᠶᠤᠰᠤᠭ᠋ᠠᠷ ᠪᠠᠢ᠍ᠢ᠍ᠭᠤᠯᠤᠬᠰᠠᠨ ᠮᠠᠯ ᠵᠢᠬᠦᠷᠳᠡᠨ᠎ᠢ ᠲᠡᠵᠢᠭᠡᠵᠦ ᠦᠷᠡᠵᠢᠬᠦᠯᠬᠦ ᠲᠠᠯᠠᠪᠡᠢ᠂ ᠲᠠᠵᠢᠬᠡᠨ ᠦᠷᠡᠵᠢᠬᠦᠯᠬᠦ ᠪᠠᠭ᠎ᠠ ᠲᠤᠭᠤᠷᠢᠭ᠎ᠤᠨ ᠭᠡᠷᠡᠭᠯᠡᠬᠦ ᠭᠠᠵᠠᠷ᠎ᠢ ᠲᠠᠷᠢᠶᠠᠯᠠᠩ᠎ᠳᠤ ᠭᠡᠷᠡᠭᠯᠡᠬᠦ ᠭᠠᠵᠠᠷ᠎ᠤᠨ ᠶᠤᠰᠤᠭ᠋ᠠᠷ ᠬᠠᠮᠢᠶᠠᠷᠤᠨ᠎ᠠ᠃ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠲᠤ ᠭᠡᠷᠡᠭᠯᠡᠬᠦ ᠭᠠᠵᠠᠷ᠎ᠤᠨ ᠭᠡᠷᠡᠭᠯᠡᠬᠦ ᠠ᠋ᠷᠭᠡ ᠵᠢᠨ ᠬᠤᠭᠤᠴᠠᠭ᠎ᠠ᠎ᠨᠢ ᠲᠦᠬᠦᠷᠴᠦ᠂ ᠤᠤᠯ᠎ᠤᠨ ᠬᠡᠷᠡᠭᠴᠡᠭᠡ ᠵᠢ᠎ᠨᠢ ᠰᠡᠷᠬᠦᠭᠡᠬᠦ ᠴᠢᠬᠤᠯᠨ᠎ᠲᠠᠢ ᠪᠤᠯ᠂ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠤᠨ ᠭᠠᠵᠠᠷ ᠬᠡᠷᠡᠭᠯᠡᠬᠦ ᠠ᠋ᠷᠭᠡᠳᠦ ᠬᠦᠮᠦᠨ ᠬᠠᠷᠢᠭᠤᠴᠠᠵᠦ ᠲᠡᠬᠦᠨ᠎ᠢ ᠰᠡᠷᠬᠦᠭᠡᠨ᠎ᠠ᠃ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠤᠨ ᠭᠡᠷᠡᠭᠯᠡᠬᠦ ᠭᠠᠵᠠᠷ᠎ᠤᠨ ᠭᠡᠪᠴᠢᠶᠡᠨ ᠲᠤᠳᠤᠷ᠎ᠠ ᠠ᠋ᠬᠦᠷᠢᠳᠠ ᠵᠢᠨ ᠴᠢᠨᠠᠷᠳᠠᠢ ᠪᠠᠷᠢᠯᠭ᠎ᠠ (ᠪᠠᠷᠢᠯᠭ᠎ᠠ ᠵᠢᠨ ᠵᠦᠢ᠍ᠯ) ᠪᠠᠢ᠍ᠢ᠍ᠭᠤᠯᠬᠤ ᠴᠢᠬᠤᠯᠨ᠎ᠲᠠᠢ ᠪᠠᠢ᠍ᠢ᠍ᠵᠦ ᠲᠡᠷᠢᠶᠠᠯᠠᠩ᠎ᠳᠤ ᠭᠡᠷᠡᠭᠯᠡᠬᠦ ᠭᠠᠵᠠᠷ᠎ᠢ ᠰᠢᠯᠵᠢᠬᠦᠯᠦᠨ ᠭᠡᠷᠡᠭᠯᠡᠬᠦ᠎ᠲᠠᠢ ᠬᠤᠯᠪᠤᠭᠳᠠᠬᠤ᠎ᠳᠤ ᠬᠦᠷᠪᠡᠯ᠂ 《ᠪᠦᠬᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠭᠠᠵᠠᠷ ᠰᠢᠷᠤᠢ ᠵᠢᠨ ᠬᠠᠮᠢᠶᠠᠷᠤᠯᠳᠠ ᠵᠢᠨ ᠬᠠᠦᠯᠢ》 ᠵᠢᠨ ᠲᠤᠭᠳᠠᠭ᠋ᠠᠯ ᠶᠤᠰᠤᠭ᠋ᠠᠷ ᠰᠢᠢ᠍ᠳᠪᠦᠷᠢᠯᠡᠨ᠎ᠠ᠃
      ᠭᠤᠴᠢᠨ ᠨᠠᠢ᠍ᠮᠠᠳᠤᠭ᠋ᠠᠷ ᠵᠦᠢ᠍ᠯ   ᠤᠯᠤᠰ᠎ᠠᠴᠠ ᠪᠠᠢ᠍ᠢ᠍ᠭᠤᠯᠤᠭᠰᠠᠨ ᠮᠠᠯ ᠠᠵᠦ ᠠᠬᠤᠢ ᠮᠠᠯ ᠠ᠋ᠮᠨᠡᠯᠭᠡ ᠵᠢᠨ ᠮᠡᠷᠭᠡᠵᠢᠯ ᠲᠡᠯᠭᠡᠷᠡᠬᠦᠯᠬᠦ ᠪᠠᠢ᠍ᠢ᠍ᠭᠤᠯᠤᠮᠵᠢ᠎ᠨᠤᠭᠤᠳ ᠲᠠᠷᠢᠶᠠᠴᠢᠳ᠎ᠲᠤ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠮᠡᠷᠭᠡᠵᠢᠯ᠎ᠤᠨ ᠪᠤᠯᠪᠠᠰᠤᠷᠠᠯ᠂ ᠰᠠᠢ᠍ᠢ᠍ᠨ ᠠ᠋ᠬᠦᠯᠳᠡᠷ ᠲᠡᠯᠭᠡᠷᠡᠬᠦᠯᠬᠦ᠂ ᠭᠡᠮ ᠬᠢᠵᠢᠭ ᠰᠡᠷᠬᠡᠢ᠍ᠢ᠍ᠯᠡᠨ ᠵᠠᠰᠠᠬᠤ ᠵᠡᠷᠭᠡ ᠦᠢ᠍ᠯᠡᠴᠢᠯᠡᠭᠡ ᠵᠢ ᠬᠠᠨᠭ᠌ᠭ᠋ᠠᠵᠦ ᠦᠭᠬᠦ ᠭᠡᠷᠡᠭᠳᠠᠢ᠃ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠨᠤᠭᠤᠳ ᠤᠯᠤᠰ᠎ᠠᠴᠠ ᠪᠠᠢ᠍ᠢ᠍ᠭᠤᠯᠤᠭᠰᠠᠨ ᠮᠠᠯ ᠠᠵᠦ ᠠᠬᠤᠢ ᠮᠠᠯ ᠠ᠋ᠮᠨᠡᠯᠭᠡ ᠵᠢᠨ ᠮᠡᠷᠭᠡᠵᠢᠯ ᠲᠡᠯᠭᠡᠷᠡᠬᠦᠯᠬᠦ ᠪᠠᠢ᠍ᠢ᠍ᠭᠤᠯᠤᠮᠵᠢ ᠵᠢᠨ ᠨᠡᠢ᠍ᠢ᠍ᠳᠡ ᠵᠢᠨ ᠠᠰᠠᠷᠠᠮᠵᠢ ᠵᠢᠨ ᠴᠢᠨᠠᠷᠳᠠᠢ ᠮᠠᠷᠭᠡᠵᠢᠯ᠎ᠤᠨ ᠦᠢ᠍ᠯᠡᠴᠢᠯᠡᠭᠡ ᠬᠢᠬᠦ᠎ᠳᠤ ᠬᠡᠷᠡᠭᠰᠡᠬᠦ ᠠᠵᠢᠯ᠎ᠤᠨ ᠵᠠᠷᠤᠳᠠᠯ᠎ᠢ ᠪᠠᠳᠤᠯᠠᠬᠤ ᠭᠡᠷᠡᠭᠳᠠᠢ᠃
      ᠤᠯᠤᠰ᠎ᠠᠴᠠ ᠮᠠᠯ ᠵᠢᠬᠦᠷᠳᠡᠨ᠎ᠤ ᠪᠦᠳᠦᠭᠡᠭᠳᠡᠬᠦᠨ᠎ᠢ ᠠ᠋ᠳ᠋ᠰᠢᠬᠦᠯᠬᠦ ᠠᠵᠦ ᠠᠬᠤᠢ᠍ᠢ᠍ᠯᠠᠯ ᠪᠤᠯᠤᠨ ᠪᠤᠰᠤᠳ ᠬᠤᠯᠪᠤᠭᠳᠠᠯ ᠪᠦᠬᠦᠢ ᠦᠢ᠍ᠯᠡᠳᠪᠦᠷᠢᠯᠡᠭᠴᠢ ᠡᠵᠡᠨᠭᠨᠡᠭᠴᠢᠳ᠎ᠤᠨ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠦᠭᠴᠢᠳ᠎ᠲᠤ ᠭᠡᠷᠡᠭᠰᠡᠬᠦ ᠦᠢ᠍ᠯᠡᠴᠢᠯᠡᠭᠡ ᠬᠠᠨᠭ᠌ᠭ᠋ᠠᠬᠤ ᠵᠢ ᠵᠤᠷᠢᠬ᠍ᠵᠢᠭᠤᠯᠤᠨ᠎ᠠ᠃  
      ᠭᠤᠴᠢ ᠶᠢᠰᠦᠳᠦᠭᠡᠷ ᠵᠦᠢ᠍ᠯ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠨᠢ ᠲᠤᠤᠷ᠎ᠠ ᠵᠢᠬᠰᠠᠭ᠋ᠠᠭᠰᠠᠨ ᠨᠦᠬᠦᠴᠡᠯ᠎ᠤᠳ᠎ᠢ ᠪᠦᠷᠢᠯᠳᠦᠬᠦᠯᠦᠭᠰᠡᠨ ᠪᠠᠢ᠍ᠢ᠍ᠬᠤ ᠭᠡᠷᠡᠭᠳᠠᠢ᠄  
     (ᠨᠢᠭᠡ) ᠠᠷᠠᠴᠢᠯᠠᠨ ᠲᠠᠵᠢᠭᠡᠬᠦ ᠭᠡᠪᠴᠢᠶ᠎ᠠ᠎ᠲᠠᠢ᠎ᠪᠠᠨ ᠲᠤᠬᠢᠷᠠᠭᠰᠠᠨ ᠦᠢ᠍ᠯᠡᠳᠪᠦᠷᠢᠯᠡᠯ᠎ᠤᠨ ᠳᠠᠯᠠᠪᠤᠷ ᠭᠠᠵᠠᠷ ᠪᠠ ᠢᠵᠢ ᠪᠦᠷᠢᠳᠦᠭᠰᠡᠨ ᠦᠢ᠍ᠯᠡᠳᠪᠦᠷᠢᠯᠡᠯ᠎ᠤᠨ ᠲᠦᠬᠦᠭᠡᠷᠤᠮᠵᠢ᠎ᠲᠠᠢ ᠪᠠᠢ᠍ᠢ᠍ᠬᠤ;
     (ᠬᠤᠶᠠᠷ) ᠲᠡᠵᠢᠬᠡᠵᠦ ᠦᠷᠡᠵᠢᠬᠦᠯᠬᠦ᠎ᠳᠤᠨᠢ ᠦᠢ᠍ᠯᠡᠴᠢᠯᠡᠬᠦ ᠮᠠᠯ ᠠᠵᠦ ᠠᠬᠤᠢ ᠮᠠᠯ ᠠ᠋ᠮᠨᠡᠯᠭᠡ ᠵᠢᠨ ᠮᠡᠷᠭᠡᠵᠢᠯᠳᠡᠨ᠎ᠲᠠᠢ ᠪᠠᠢ᠍ᠢ᠍ᠬᠤ;  
     (ᠭᠤᠷᠪᠠ) ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠤᠭᠳᠠᠭ᠋ᠠᠯ ᠪᠤᠯᠤᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠬᠢᠵᠢᠭ᠎ᠢ ᠰᠡᠷᠭᠡᠢ᠍ᠢ᠍ᠯᠡᠬᠦ ᠨᠦᠬᠦᠴᠡᠯ᠎ᠢ ᠪᠦᠷᠢᠯᠳᠦᠬᠦᠯᠦᠭᠰᠡᠨ ᠪᠠᠢ᠍ᠢ᠍ᠬᠤ;  
     (ᠲᠦᠷᠪᠠ) ᠮᠠᠯ ᠵᠢᠬᠦᠷᠳᠡᠨ᠎ᠤ ᠪᠠᠭ᠋ᠠᠰᠦ ᠰᠢᠬᠡᠰᠦ᠂ ᠬᠠᠶᠠᠭᠳᠠᠮᠠᠯ ᠤᠰᠦ ᠪᠠ ᠪᠤᠰᠤᠳ ᠬᠠᠳᠠᠭᠤ ᠪᠡᠶᠡᠳᠦ ᠬᠠᠶᠠᠭᠳᠠᠮᠠᠯ ᠪᠤᠳᠠᠰ᠎ᠢ ᠶᠡᠷᠦᠨᠭᠭᠡᠢ᠍ᠢ᠍ᠯᠡᠨ ᠠᠰᠢᠬᠯᠠᠬᠤ ᠨᠠᠮᠤᠭ᠎ᠤᠨ ᠬᠡᠢ ᠵᠢᠨ ᠲᠠᠳᠠᠭ᠋ᠠᠯ ᠵᠡᠷᠭᠡ ᠲᠦᠬᠦᠭᠡᠷᠤᠮᠵᠢ ᠪᠤᠶᠤ ᠪᠤᠰᠤᠳ ᠬᠤᠤᠷ ᠦᠭᠡᠢ᠍ᠢ᠍ᠵᠢᠬᠦᠯᠤᠨ ᠰᠢᠢ᠍ᠳᠪᠦᠷᠢᠯᠡᠬᠦ ᠲᠦᠬᠦᠭᠡᠷᠤᠮᠵᠢ᠎ᠲᠠᠢ ᠪᠠᠢ᠍ᠢ᠍ᠬᠤ;  
     (ᠲᠠᠪᠤ) ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠤᠬᠳᠠᠭ᠋ᠠᠯ᠎ᠳᠤ ᠲᠤᠭᠳᠠᠭ᠋ᠠᠭᠰᠠᠨ ᠪᠤᠰᠤᠳ ᠨᠦᠬᠦᠴᠡᠯ᠎ᠤᠳ᠎ᠢ ᠪᠦᠷᠢᠯᠳᠦᠬᠦᠯᠦᠭᠰᠡᠨ ᠪᠠᠢ᠍ᠢ᠍ᠬᠤ᠃  
      ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠢ ᠪᠠᠢ᠍ᠢ᠍ᠭᠤᠯᠤᠭᠴᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠤᠨ ᠨᠡᠷᠡᠢ᠍ᠢ᠍ᠳᠤᠯ᠂ ᠲᠡᠵᠢᠭᠡᠨ ᠦᠷᠡᠵᠢᠬᠦᠯᠬᠦ ᠭᠠᠵᠠᠷ᠎ᠤᠨ ᠬᠠᠶᠢᠭ᠂ ᠮᠠᠯ ᠵᠢᠬᠦᠷᠳᠡᠨ᠎ᠤ ᠠ᠋ᠬᠦᠯᠳᠡᠷ ᠪᠤᠯᠤᠨ ᠲᠡᠵᠢᠭᠡᠨ ᠦᠷᠡᠵᠢᠬᠦᠯᠬᠦ ᠭᠡᠪᠴᠢᠶ᠎ᠠ ᠵᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠤᠨ ᠪᠠᠢ᠍ᠢ᠍ᠭ᠎ᠠ ᠭᠠᠵᠠᠷ᠎ᠤᠨ ᠰᠢᠶᠠᠨ᠎ᠤ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠮᠡᠳᠡᠬᠦᠯᠦᠨ ᠲᠠᠨᠭ᠌ᠰᠠᠯᠠᠭᠤᠯᠵᠦ᠂ ᠮᠠᠯ ᠵᠢᠬᠦᠷᠳᠡᠨ᠎ᠢ ᠢᠯᠭ᠋ᠠᠬᠤ ᠲᠡᠮᠳᠡᠭ᠎ᠤᠨ ᠲᠦᠯᠦᠭᠡᠨ᠎ᠤ ᠨᠤᠮᠸᠷ᠎ᠢ ᠤᠯᠬᠤ ᠭᠡᠷᠡᠭᠳᠠᠢ᠃
      ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠨᠤᠭᠤᠳ ᠲᠤᠰ ᠵᠠᠰᠠᠭ ᠵᠠᠬᠢᠷᠭ᠋ᠠᠨ᠎ᠤ ᠤᠷᠤᠨ᠎ᠤ᠎ᠪᠠᠨ ᠮᠠᠯ ᠠᠵᠦ ᠠᠬᠤᠢ ᠵᠢᠨ ᠬᠦᠭᠵᠢᠯᠳᠠ ᠵᠢᠨ ᠪᠠᠢ᠍ᠢ᠍ᠳᠠᠯ᠎ᠢ ᠦᠨᠳᠦᠰᠦᠯᠡᠵᠦ᠂ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠳᠤᠭᠤᠷᠢᠭ᠎ᠤᠨ ᠬᠡᠪᠴᠢᠶᠠᠨ᠎ᠤ ᠪᠠᠷᠢᠮᠵᠢᠶ᠎ᠠ ᠪᠠ ᠲᠠᠨᠭ᠌ᠰᠠᠯᠠᠭᠤᠯᠬᠤ ᠵᠢᠷᠤᠮ᠎ᠢ ᠲᠤᠭᠳᠠᠭ᠋ᠠᠨ᠎ᠠ᠃  
      ᠲᠦᠴᠢᠳᠦᠭᠡᠷ ᠵᠦᠢ᠍ᠯ ᠲᠤᠤᠷ᠎ᠠ ᠵᠢᠭᠰᠠᠭ᠋ᠠᠬᠰᠠᠨ ᠤᠷᠤᠨ᠎ᠤ ᠲᠤᠳᠤᠷ᠎ᠠ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ ᠪᠠᠢ᠍ᠢ᠍ᠭᠤᠯᠬᠤ ᠵᠢ ᠴᠠᠭ᠋ᠠᠵᠠᠯᠠᠨ᠎ᠠ᠄  
     (ᠨᠢᠭᠡ) ᠠᠮᠢᠳᠤᠷᠠᠯ᠎ᠤᠨ ᠤᠤᠭᠤᠬᠤ ᠤᠰᠦ ᠵᠢᠨ ᠤᠰᠤᠨ ᠰᠤᠷᠪᠤᠯᠵᠢ ᠵᠢᠨ ᠬᠠᠮᠠᠭ᠋ᠠᠯᠠᠯᠳᠠ ᠵᠢᠨ ᠤᠷᠤᠨ᠂ ᠨᠡᠷᠡᠳᠦ ᠦᠵᠡᠮᠵᠢᠳᠦ ᠤᠷᠤᠨ ᠵᠢᠴᠢ ᠪᠠᠢ᠍ᠢ᠍ᠭ᠋ᠠᠯᠢ ᠵᠢᠨ ᠬᠠᠮᠠᠭ᠋ᠠᠯᠠᠯᠳᠠ ᠵᠢᠨ ᠤᠷᠤᠨ᠎ᠤ ᠭᠤᠤᠯ ᠤᠷᠤᠨ ᠪᠤᠯᠤᠨ ᠵᠠᠪᠰᠠᠷ᠎ᠤᠨ ᠤᠷᠤᠨ;
     (ᠬᠤᠶᠠᠷ) ᠬᠤᠳᠠ ᠪᠠᠯᠭ᠋ᠠᠰᠤᠨ᠎ᠤ ᠰᠠᠭᠤᠭ᠋ᠠᠯᠢ ᠠᠷᠠᠳ᠎ᠤᠨ ᠲᠤᠭᠤᠷᠢᠭ᠂ ᠰᠤᠶᠤᠯ ᠰᠤᠷᠭ᠋ᠠᠨ ᠬᠦᠮᠦᠵᠢᠯ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠤᠷᠤᠨ ᠵᠡᠷᠭᠡ ᠬᠦᠮᠦᠨ ᠠᠮᠠ ᠲᠦᠪᠯᠡᠷᠡᠭᠰᠡᠨ ᠤᠷᠤᠨ;  
     (ᠭᠤᠷᠪᠠ) ᠬᠠᠦᠯᠢ ᠴᠠᠭ᠋ᠠᠵᠠ᠂ ᠬᠠᠦᠯᠢ ᠳᠤᠭᠳᠠᠭ᠋ᠠᠯ᠎ᠳᠤ ᠲᠤᠭᠳᠠᠭ᠋ᠠᠭᠰᠠᠨ ᠲᠡᠵᠢᠬᠡᠬᠦ ᠵᠢ ᠴᠠᠭ᠋ᠠᠵᠠᠯᠠᠬᠤ ᠪᠤᠰᠤᠳ ᠤᠷᠤᠨ᠃  
      ᠲᠦᠴᠢᠨ ᠨᠢᠭᠡᠳᠦᠭᠡᠷ ᠵᠦᠢ᠍ᠯ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠡᠢ᠎ᠨᠢ ᠲᠡᠵᠢᠭᠡᠨ ᠦᠷᠡᠵᠢᠬᠦᠯᠬᠦ ᠲᠠᠨᠭ᠌ᠰᠠ ᠡᠪᠭᠡᠮᠡᠯ ᠪᠠᠢ᠍ᠢ᠍ᠭᠤᠯᠵᠦ᠂ ᠲᠤᠤᠷᠠᠬᠢ ᠠᠭᠤᠯᠭ᠎ᠠ᠎ᠨᠤᠭᠤᠳ᠎ᠢ ᠲᠤᠳᠤᠷᠬᠠᠢ ᠲᠡᠮᠳᠡᠭᠯᠡᠭᠰᠡᠨ ᠪᠠᠢ᠍ᠢ᠍ᠬᠤ ᠭᠡᠷᠡᠭᠳᠠᠢ᠄  
     (ᠨᠢᠭᠡ) ᠮᠠᠯ ᠵᠢᠬᠦᠷᠳᠡᠨ᠎ᠤ ᠠ᠋ᠬᠦᠯᠳᠡᠷ᠂ ᠲᠤᠭ᠎ᠠ ᠲᠤᠯᠤᠭ᠋ᠠᠢ᠂ ᠦᠷᠡᠵᠢᠯᠳᠠ ᠵᠢᠨ ᠲᠡᠮᠳᠡᠭᠯᠡᠯ᠂ ᠢᠯᠭ᠋ᠠᠬᠤ ᠲᠡᠮᠳᠡᠭ᠎ᠤᠨ ᠪᠠᠢ᠍ᠢ᠍ᠳᠠᠯ᠂ ᠢᠷᠡᠯᠳᠡ ᠪᠤᠯᠤᠨ ᠲᠠᠯᠠᠪᠠᠢ᠎ᠳᠤ ᠤᠷᠤᠭᠤᠯᠵᠦ ᠲᠠᠯᠠᠪᠡᠢ᠎ᠠᠴᠠ ᠭᠠᠷᠭ᠋ᠠᠭᠰᠠᠨ ᠠ᠋ᠳᠦᠷ ᠬᠤᠭᠤᠴᠠᠭ᠎ᠠ;  
     (ᠬᠤᠶᠠᠷ) ᠲᠡᠵᠢᠭᠡᠯ ᠪᠤᠷᠳᠤᠭ᠎ᠠ᠂ ᠪᠤᠷᠳᠤᠭ᠎ᠠ ᠵᠢᠨ ᠨᠡᠮᠡᠯᠳᠠ ᠠ᠋ᠳ᠋᠂ ᠮᠠᠯ᠎ᠤᠨ ᠡᠮ ᠵᠡᠷᠭᠡ ᠤᠷᠤᠭᠤᠯᠤᠯᠳᠠ ᠵᠢᠨ ᠠ᠋ᠳ᠋᠎ᠤᠨ ᠢᠷᠡᠯᠳᠠ᠂ ᠨᠡᠷᠡᠢ᠍ᠢ᠍ᠳᠤᠯ᠂ ᠬᠡᠷᠡᠭᠯᠡᠬᠦ ᠠ᠋ᠳᠡᠭᠡᠳ᠂ ᠭᠡᠷᠡᠭᠯᠡᠬᠦ ᠴᠠᠭ ᠪᠤᠯᠤᠨ ᠬᠡᠷᠡᠭᠯᠡᠬᠦ ᠭᠡᠮᠵᠢᠶ᠎ᠠ;  
     (ᠲᠦᠷᠪᠡ) ᠬᠢᠵᠢᠭ ᠪᠠᠢ᠍ᠢ᠍ᠴᠠᠭ᠋ᠠᠭᠰᠠᠨ᠂ ᠴᠠᠷᠤᠯᠳᠠ ᠬᠢᠭᠰᠡᠨ᠂ ᠠᠷᠢᠭᠤᠳᠬᠠᠬᠰᠠᠨ ᠪᠠᠢ᠍ᠢ᠍ᠳᠠᠯ;
     (ᠲᠦᠷᠪᠡ) ᠮᠠᠯ ᠵᠢᠬᠦᠷᠳᠡᠨ᠎ᠤ ᠡᠪᠡᠳᠴᠢᠨ ᠤᠯᠤᠭᠰᠠᠨ᠂ ᠦᠬᠦᠭᠰᠡᠨ ᠪᠠ ᠬᠤᠤᠷ ᠦᠭᠡᠢ᠍ᠢ᠍ᠵᠢᠬᠦᠯᠦᠨ ᠰᠢᠢ᠍ᠳᠪᠦᠷᠢᠯᠡᠭᠰᠡᠨ ᠪᠠᠢ᠍ᠢ᠍ᠳᠠᠯ;  
     (ᠲᠠᠪᠤ) ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠪᠤᠰᠤᠳ ᠠᠭᠤᠯᠭ᠎ᠠ᠎ᠨᠤᠭᠤᠳ᠃  
      ᠲᠦᠴᠢᠨ ᠬᠤᠶᠠᠳᠤᠭ᠋ᠠᠷ ᠵᠦᠢ᠍ᠯ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠡᠢ᠎ᠨᠤᠭᠤᠳ ᠠᠷᠠᠴᠢᠯᠠᠨ ᠲᠡᠵᠢᠭᠡᠵᠦ ᠪᠠᠢ᠍ᠢ᠍ᠭ᠎ᠠ ᠮᠠᠯ ᠵᠢᠬᠦᠷᠳᠡᠨ᠎ᠳᠡᠭᠡᠨ ᠲᠤᠬᠢᠷᠡᠮᠵᠢᠳᠠᠢ ᠦᠷᠡᠵᠢᠯᠳᠠ ᠵᠢᠨ ᠨᠦᠬᠦᠴᠡᠯ ᠪᠠ ᠤᠷᠤᠰᠢᠨ ᠠᠮᠢᠳᠤᠷᠠᠬᠤ᠂ ᠦᠰᠦᠨ ᠪᠤᠢ᠍ᠢ᠍ᠵᠢᠬᠤ ᠤᠷᠴᠢᠨ ᠲᠤᠭᠤᠷᠢᠨ᠎ᠢ ᠬᠠᠨᠭ᠌ᠭ᠋ᠠᠵᠦ ᠦᠭᠬᠦ ᠭᠡᠷᠡᠭᠳᠠᠢ᠃
      ᠲᠦᠴᠢᠨ ᠭᠤᠷᠪᠠᠳᠤᠭ᠋ᠠᠷ ᠵᠦᠢ᠍ᠯ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ᠎ᠳᠡᠭᠡᠨ ᠲᠤᠤᠷ᠎ᠠ ᠵᠢᠭᠰᠠᠭ᠋ᠠᠭᠰᠠᠨ ᠠᠵᠢᠯᠯᠠᠭ᠎ᠠ᠎ᠨᠤᠭᠤᠳ᠎ᠢ ᠬᠢᠵᠦ ᠪᠤᠯᠬᠤ ᠦᠭᠡᠢ᠄  
     (ᠨᠢᠭᠡ) ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠳᠤᠭᠳᠠᠭ᠋ᠠᠯ᠎ᠤᠨ ᠲᠤᠭᠳᠠᠭ᠋ᠠᠯ ᠪᠠ ᠤᠯᠤᠰ᠎ᠤᠨ ᠮᠠᠷᠭᠡᠵᠢᠯ᠎ᠤᠨ ᠲᠦᠷᠢᠮᠵᠢᠯ᠎ᠤᠨ ᠠᠯᠪᠠᠳᠠᠯᠭ᠎ᠠ ᠵᠢᠨ ᠴᠢᠨᠠᠷᠳᠠᠢ ᠱᠠᠭ᠋ᠠᠷᠳᠠᠯᠭ᠎ᠠ ᠵᠢ ᠵᠦᠷᠢᠴᠡᠵᠦ᠂ ᠲᠡᠵᠢᠭᠡᠯ ᠪᠤᠷᠳᠤᠭ᠎ᠠ᠂ ᠪᠤᠷᠳᠤᠭ᠎ᠠ ᠵᠢᠨ ᠨᠡᠮᠡᠯᠳᠠ ᠠ᠋ᠳ᠋᠂ ᠮᠠᠯ᠎ᠤᠨ ᠡᠮ᠎ᠢ ᠭᠡᠷᠡᠭᠯᠡᠬᠦ;
     (ᠬᠤᠶᠠᠷ) ᠭᠤᠸᠠᠨᠭ᠌ᠵᠠ᠂ ᠬᠤᠭᠤᠯᠠᠨ ᠭᠡᠷ᠎ᠤᠨ ᠦᠨᠳᠦᠷ ᠬᠠᠯᠠᠭᠤᠨ ᠵᠶ᠋ᠠᠷ ᠰᠢᠢ᠍ᠳᠪᠦᠷᠢᠯᠡᠬᠦ ᠶᠠᠪᠤᠴᠠ ᠵᠢ ᠦᠨᠭᠭᠡᠷᠡᠭᠡᠭᠰᠡᠨ ᠦᠭᠡᠢ ᠤᠬᠢᠶᠠᠳᠠᠰᠦ᠎ᠪᠠᠷ ᠭᠡᠷ᠎ᠤᠨ ᠲᠡᠵᠢᠭᠡᠪᠤᠷᠢ ᠵᠢ ᠲᠡᠵᠢᠭᠡᠬᠦ;
     (ᠭᠤᠷᠪᠠ) ᠬᠤᠭ ᠨᠤᠪᠰᠢ ᠵᠢᠨ ᠲᠠᠯᠠᠪᠠᠢ᠎ᠳᠤ ᠪᠤᠶᠤ ᠬᠤᠭ ᠨᠤᠪᠰᠢ ᠵᠢᠨ ᠲᠠᠯᠠᠪᠠᠢ᠎ᠳᠠᠬᠢ ᠪᠤᠳᠠᠰ ᠵᠶ᠋ᠠᠷ ᠮᠠᠯ ᠵᠢᠬᠦᠷᠳᠡᠨ᠎ᠢ ᠠᠷᠠᠴᠢᠯᠠᠨ ᠲᠡᠵᠢᠭᠡᠬᠦ;
     (ᠲᠦᠷᠪᠡ) ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠳᠤᠭᠳᠠᠭ᠋ᠠᠯ ᠪᠤᠯᠤᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠳᠠᠭ᠋ᠠᠭᠰᠠᠨ ᠬᠦᠮᠦᠨ ᠪᠠ ᠮᠠᠯ ᠵᠢᠬᠦᠷᠳᠡᠨ᠎ᠤ ᠠ᠋ᠷᠡᠬᠦᠯ ᠮᠡᠨᠳᠦ᠎ᠳᠤ ᠬᠤᠤᠷ ᠬᠦᠨᠦᠭᠡᠯ᠎ᠲᠠᠢ ᠪᠤᠰᠤᠳ ᠠᠵᠢᠯᠯᠠᠭ᠎ᠠ᠎ᠨᠤᠭᠤᠳ᠃
      ᠲᠦᠴᠢᠨ ᠲᠦᠷᠪᠡᠳᠦᠭᠡᠷ ᠵᠦᠢ᠍ᠯ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠠᠵᠢᠯ᠎ᠢ ᠬᠢᠬᠦ᠎ᠳᠡᠭᠡᠨ 《ᠪᠦᠬᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠠᠮᠢᠳᠠᠨ᠎ᠤ ᠬᠢᠵᠢᠭ᠎ᠢ ᠰᠡᠷᠭᠡᠢ᠍ᠢ᠍ᠯᠡᠬᠦ ᠬᠠᠦᠯᠢ》 ᠵᠢᠨ ᠲᠤᠭᠳᠠᠭ᠋ᠠᠯ ᠶᠤᠰᠤᠭ᠋ᠠᠷ ᠮᠠᠯ ᠵᠢᠬᠦᠷᠳᠡᠨ᠎ᠤ ᠬᠢᠵᠢᠭ᠎ᠢ ᠰᠡᠷᠬᠡᠢ᠍ᠢ᠍ᠯᠡᠨ ᠵᠠᠰᠠᠬᠤ ᠠᠵᠢᠯ᠎ᠢ ᠰᠠᠢ᠍ᠢ᠍ᠳᠤᠷ ᠬᠢᠬᠦ ᠭᠡᠷᠡᠭᠳᠠᠢ᠃  
      ᠲᠦᠴᠢᠨ ᠲᠠᠪᠤᠳᠤᠭ᠋ᠠᠷ ᠵᠦᠢ᠍ᠯ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠦᠭᠴᠢᠳ ᠤᠯᠤᠰ᠎ᠤᠨ ᠮᠠᠯ ᠵᠢᠬᠦᠷᠳᠡᠨ᠎ᠤ ᠢᠯᠭ᠋ᠠᠬᠤ ᠲᠡᠮᠳᠡᠭ᠎ᠤᠨ ᠬᠠᠮᠢᠶᠠᠷᠤᠯᠳᠠ ᠵᠢᠨ ᠲᠤᠭᠳᠠᠭ᠋ᠠᠯ ᠶᠤᠰᠤᠭ᠋ᠠᠷ᠂ ᠢᠯᠭ᠋ᠠᠬᠤ ᠲᠡᠮᠳᠡᠭ ᠬᠢᠬᠦ ᠴᠢᠬᠤᠯᠠᠳᠠᠢ ᠮᠠᠯ ᠵᠢᠬᠦᠷᠳᠡᠨ᠎ᠤ ᠲᠤᠭᠳᠠᠭᠰᠠᠨ ᠤᠷᠤᠨ ᠪᠠᠢ᠍ᠢ᠍ᠷᠢ᠎ᠳᠤᠨᠢ ᠢᠯᠭ᠋ᠠᠬᠤ ᠲᠡᠮᠳᠡᠭ ᠳᠠᠯᠪᠢᠬᠤ ᠭᠡᠷᠡᠭᠳᠠᠢ᠃ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠢᠯᠭ᠋ᠠᠬᠤ ᠲᠡᠮᠳᠡᠭ ᠬᠠᠨᠭ᠌ᠭ᠋ᠠᠬᠤ᠎ᠳᠠᠭᠠᠨ ᠰᠦᠢ᠍ᠳᠭᠡᠯ ᠬᠤᠷᠢᠶᠠᠵᠦ ᠪᠤᠯᠬᠤ ᠦᠭᠡᠢ᠂ ᠬᠡᠷᠡᠭᠰᠡᠬᠦ ᠵᠠᠷᠤᠳᠠᠯ᠎ᠢ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠠ᠋ᠳ᠋᠎ᠤᠨ ᠵᠠᠰᠠᠭ᠎ᠤᠨ ᠲᠦᠰᠦᠪ᠎ᠲᠤ ᠤᠷᠤᠭᠤᠯᠤᠨ᠎ᠠ᠃
      ᠮᠠᠯ ᠵᠢᠬᠦᠷᠳᠡᠨ᠎ᠤ ᠢᠯᠭ᠋ᠠᠬᠤ ᠲᠡᠮᠳᠡᠭ᠎ᠢ ᠲᠠᠪᠳᠠᠨ ᠭᠡᠷᠡᠭᠯᠡᠵᠦ ᠪᠤᠯᠬᠤ ᠦᠭᠡᠢ᠃  
      ᠲᠦᠴᠢᠨ ᠵᠢᠷᠭᠤᠳᠤᠭ᠋ᠠᠷ ᠵᠦᠢ᠍ᠯ   ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠲᠤᠭᠤᠷᠢᠭ᠎ᠨᠢ ᠮᠠᠯ ᠵᠢᠬᠦᠷᠳᠡᠨ᠎ᠤ ᠪᠠᠭ᠋ᠠᠰᠦ ᠰᠢᠭᠡᠰᠦ᠂ ᠬᠠᠶᠠᠭᠳᠠᠮᠠᠯ ᠤᠰᠦ ᠪᠤᠯᠤᠨ ᠪᠤᠰᠤᠳ ᠬᠠᠳᠠᠭᠤ ᠪᠡᠶᠡᠳᠦ ᠬᠠᠶᠠᠭᠳᠠᠮᠠᠯ ᠪᠤᠳᠠᠰ᠎ᠢ ᠶᠡᠷᠦᠨᠭᠭᠡᠢ᠍ᠢ᠍ᠯᠡᠨ ᠠᠰᠢᠭᠯᠠᠬᠤ ᠪᠤᠶᠤ ᠬᠤᠤᠷ ᠦᠭᠡᠢ᠍ᠢ᠍ᠵᠢᠬᠦᠯᠦᠨ ᠰᠢᠢ᠍ᠳᠪᠦᠷᠢᠯᠡᠬᠦ ᠲᠦᠬᠦᠭᠡᠷᠤᠮᠵᠢ ᠵᠢᠨ ᠬᠡᠪ᠎ᠤᠨ ᠶᠤᠰᠤᠭ᠋ᠠᠷ ᠠᠵᠢᠯᠯᠠᠬᠤ ᠵᠢ ᠪᠠᠳᠤᠯᠠᠵᠦ᠂ ᠪᠤᠬᠢᠷᠳᠤᠯ ᠪᠤᠳᠠᠰ᠎ᠢ ᠪᠠᠷᠢᠮᠵᠢᠶ᠎ᠠ᠎ᠳᠤ ᠬᠦᠷᠦᠭᠦᠯᠦᠨ ᠭᠠᠳᠠᠭᠰᠢᠯᠠᠭᠤᠯᠬᠤ ᠵᠢ ᠪᠠᠳᠤᠯᠠᠵᠦ᠂ ᠤᠷᠴᠢᠨ ᠲᠤᠭᠤᠷᠢᠨ᠎ᠢ ᠪᠤᠬᠢᠷᠳᠤᠭᠤᠯᠬᠤ ᠵᠢ ᠰᠡᠷᠬᠡᠢ᠍ᠢ᠍ᠯᠡᠬᠦ ᠭᠡᠷᠡᠭᠳᠠᠢ᠃  
      ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠳᠤᠭᠤᠷᠢᠭ᠎ᠨᠢ ᠬᠠᠦᠯᠢ᠎ᠠᠴᠠ ᠵᠦᠷᠢᠴᠠᠵᠦ ᠮᠠᠯ ᠵᠢᠬᠦᠷᠳᠡᠨ᠎ᠤ ᠪᠠᠭ᠋ᠠᠰᠤ ᠰᠢᠭᠡᠰᠦ᠂ ᠬᠠᠶᠠᠭᠳᠠᠮᠠᠯ ᠤᠰᠤ ᠪᠤᠯᠤᠨ ᠪᠤᠰᠤᠳ ᠬᠠᠳᠠᠭᠤ ᠪᠡᠶᠡᠳᠦ ᠬᠠᠶᠠᠭᠳᠠᠮᠠᠯ ᠪᠤᠳᠠᠰ᠎ᠢ ᠭᠠᠳᠠᠭᠰᠢᠯᠠᠭᠤᠯᠤᠭ᠋ᠠᠳ᠂ ᠤᠷᠴᠢᠨ ᠲᠤᠭᠤᠷᠢᠨ᠎ᠢ ᠪᠤᠬᠢᠷᠳᠤᠭᠤᠯᠬᠤ ᠬᠤᠤᠷ ᠬᠦᠨᠦᠭᠡᠯ ᠭᠠᠷᠭ᠋ᠠᠭᠰᠠᠨ ᠪᠠᠢ᠍ᠢ᠍ᠪᠠᠯ᠂ ᠬᠤᠤᠷ ᠬᠦᠨᠦᠬᠡᠯ᠎ᠢ ᠠᠷᠢᠯᠭ᠋ᠠᠨ᠂ ᠬᠠᠦᠯᠢ ᠶᠤᠰᠤᠭ᠋ᠠᠷ ᠬᠤᠬᠢᠷᠠᠯ᠎ᠢ ᠲᠦᠯᠦᠬᠦ ᠭᠡᠷᠡᠭᠳᠠᠢ᠃  
      ᠤᠯᠤᠰ᠎ᠠᠴᠠ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠂ ᠲᠡᠵᠢᠭᠡᠨ ᠦᠷᠡᠵᠢᠬᠦᠯᠬᠦ ᠪᠠᠭ᠎ᠠ ᠳᠤᠭᠤᠷᠢᠭ᠎ᠤᠨ ᠮᠠᠯ ᠵᠢᠬᠦᠷᠳᠡᠨ᠎ᠤ ᠪᠠᠭ᠋ᠠᠰᠦ ᠰᠢᠭᠡᠰᠦ᠂ ᠬᠠᠶᠠᠭᠳᠠᠮᠠᠯ ᠤᠰᠦ ᠪᠤᠯᠤᠨ ᠪᠤᠰᠤᠳ ᠬᠠᠳᠠᠭᠤ ᠪᠡᠶᠡᠳᠦ ᠬᠠᠶᠠᠭᠳᠠᠮᠠᠯ ᠪᠤᠳᠠᠰ᠎ᠢ ᠶᠡᠷᠦᠨᠭᠭᠡᠢ᠍ᠢ᠍ᠯᠡᠨ ᠠᠰᠢᠭᠯᠠᠬᠤ ᠲᠦᠬᠦᠬᠡᠷᠤᠮᠵᠢ ᠪᠠᠢ᠍ᠢ᠍ᠭᠤᠯᠬᠤ ᠵᠢ ᠲᠡᠮᠵᠢᠨ᠎ᠠ᠃  
      ᠲᠦᠴᠢᠨ ᠲᠤᠯᠤᠳᠤᠭ᠋ᠠᠷ ᠵᠦᠢ᠍ᠯ   ᠤᠯᠤᠰ᠎ᠠᠴᠠ ᠵᠦᠭᠡᠢ ᠲᠡᠵᠢᠭᠡᠬᠦ ᠦᠢ᠍ᠯᠡᠰ᠎ᠢ ᠬᠦᠭᠵᠢᠬᠦᠯᠬᠦ ᠵᠢ ᠵᠤᠷᠢᠬ᠍ᠵᠢᠭᠤᠯᠤᠨ᠂ ᠵᠦᠬᠡᠢ ᠲᠡᠵᠢᠬᠡᠬᠦ ᠦᠢ᠍ᠯᠡᠳᠪᠦᠷᠢᠯᠡᠭᠴᠢᠳ᠎ᠤᠨ ᠬᠠᠦᠯᠢ ᠶᠤᠰᠤᠨ᠎ᠤ ᠠ᠋ᠷᠭᠡ ᠠᠰᠢᠭ᠎ᠢ ᠬᠠᠮᠠᠭ᠋ᠠᠯᠨ᠎ᠠ᠃       ᠬᠤᠯᠪᠤᠬᠳᠠᠯ ᠪᠦᠬᠦᠢ ᠰᠠᠯᠠᠭ᠎ᠠ ᠮᠦᠴᠢᠷ᠎ᠤᠳ ᠪᠠᠯᠳᠦ ᠵᠦᠬᠡᠢ ᠵᠢᠨ ᠲᠤᠭᠤᠰᠤ ᠬᠦᠷᠳᠡᠬᠡᠬᠦ ᠲᠠᠷᠢᠶᠠᠯᠠᠩ᠎ᠤᠨ ᠤᠷ᠎ᠠ ᠮᠡᠷᠬᠡᠵᠢᠯ᠎ᠤᠨ ᠠᠷᠭ᠎ᠠ ᠬᠡᠮᠵᠢᠶ᠎ᠠ ᠵᠢ ᠢᠳᠡᠪᠬᠢᠳᠠᠢ᠎ᠪᠠᠷ ᠤᠬᠠᠭᠤᠯᠤᠨ ᠲᠡᠯᠭᠡᠷᠡᠬᠦᠯᠬᠦ ᠭᠡᠷᠡᠭᠳᠠᠢ᠃
      ᠲᠦᠴᠢᠨ ᠨᠠᠢ᠍ᠮᠠᠳᠤᠭ᠋ᠠᠷ ᠵᠦᠢ᠍ᠯ   ᠵᠦᠭᠡᠢ ᠲᠡᠵᠢᠭᠡᠬᠦ ᠦᠢ᠍ᠯᠡᠳᠪᠦᠷᠢᠯᠡᠭᠴᠢᠳ ᠦᠢ᠍ᠯᠡᠳᠪᠦᠷᠢᠯᠡᠯ᠎ᠤᠨ ᠶᠠᠪᠤᠴᠨ᠎ᠳᠠᠭᠠᠨ ᠵᠦᠬᠡᠢ ᠵᠢᠨ ᠪᠦᠳᠦᠭᠡᠭᠳᠡᠬᠦᠨ᠎ᠤ ᠶᠠᠰᠦ ᠴᠢᠨᠠᠷ᠎ᠤᠨ ᠠᠶᠤᠯᠬᠦᠢ ᠪᠠᠢ᠍ᠢ᠍ᠳᠠᠯ᠎ᠳᠤ ᠬᠤᠤᠷ ᠬᠦᠨᠦᠭᠡᠯ ᠤᠴᠠᠷᠠᠭᠤᠯᠬᠤ ᠡᠮ᠎ᠤᠨ ᠵᠦᠢ᠍ᠯ ᠪᠠ ᠰᠠᠪᠠ ᠭᠡᠷᠡᠭᠰᠡᠯ᠎ᠢ ᠭᠡᠷᠡᠭᠯᠡᠵᠦ ᠪᠤᠯᠬᠤ ᠦᠭᠡᠢ᠂ ᠵᠦᠭᠡᠢ ᠵᠢᠨ ᠪᠦᠳᠦᠭᠡᠭᠳᠡᠬᠦᠨ᠎ᠤ ᠴᠢᠨᠠᠷ᠎ᠢ ᠦᠨᠡᠨᠬᠦ ᠪᠠᠳᠤᠯᠠᠬᠤ ᠭᠡᠷᠡᠭᠳᠠᠢ᠃ ᠵᠦᠬᠡᠢ ᠲᠡᠵᠢᠬᠡᠬᠦ ᠰᠠᠪᠠ ᠬᠡᠷᠡᠭᠰᠡᠯ᠎ᠨᠢ ᠤᠯᠤᠰ᠎ᠤᠨ ᠮᠡᠷᠭᠡᠵᠢᠯ᠎ᠤᠨ ᠲᠦᠷᠢᠮᠵᠢᠯ᠎ᠤᠨ ᠠᠯᠪᠠᠳᠠᠯᠭ᠎ᠠ ᠵᠢᠨ ᠴᠢᠨᠠᠷᠳᠠᠢ ᠱᠠᠭ᠋ᠠᠷᠳᠠᠯᠭ᠎ᠠ᠎ᠳᠤ ᠨᠡᠢ᠍ᠢ᠍ᠴᠡᠭᠰᠡᠨ ᠪᠠᠢ᠍ᠢ᠍ᠬᠤ ᠭᠡᠷᠡᠭᠳᠠᠢ᠃
      ᠲᠦᠴᠢ ᠶᠢᠰᠦᠳᠤᠭᠡᠷ ᠵᠦᠢ᠍ᠯ   ᠵᠦᠬᠡᠢ ᠲᠠᠵᠢᠬᠡᠬᠦ ᠦᠢ᠍ᠯᠡᠳᠪᠦᠷᠢᠯᠡᠭᠴᠢᠳ ᠭᠠᠵᠠᠷ ᠰᠢᠯᠵᠢᠨ ᠵᠦᠬᠡᠢ᠎ᠪᠠᠨ ᠲᠠᠯᠪᠢᠬᠤ ᠦᠶ᠎ᠠ᠎ᠳᠤ᠂ ᠲᠤᠬᠠᠢ ᠵᠢᠨ ᠭᠠᠵᠠᠷ᠎ᠤᠨ ᠲᠤᠳᠤᠭ᠋ᠠᠳᠦ ᠵᠢ ᠬᠠᠮᠠᠭ᠋ᠠᠯᠠᠬᠤ᠂ ᠵᠠᠮ ᠲᠡᠭᠡᠭᠡᠪᠤᠷᠢ᠂ ᠮᠠᠯ ᠠᠵᠦ ᠠᠬᠤᠢ ᠮᠠᠯ ᠠ᠋ᠮᠨᠡᠯᠭᠡ ᠵᠡᠷᠭᠡ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠳ ᠴᠢᠬᠤᠯᠠ ᠪᠦᠬᠦᠢ ᠲᠦᠬᠦᠮ ᠦᠵᠡᠬᠦᠯᠬᠦ ᠭᠡᠷᠡᠭᠳᠠᠢ᠃
      ᠵᠦᠭᠡᠢ ᠲᠡᠵᠢᠬᠡᠬᠦ ᠦᠢ᠍ᠯᠡᠳᠪᠦᠷᠢᠯᠡᠭᠴᠢᠳ ᠤᠯᠤᠰ᠎ᠤᠨ ᠲᠤᠳᠤᠭ᠋ᠠᠳᠦ᠎ᠳᠤ ᠭᠠᠵᠠᠷ ᠰᠢᠯᠵᠢᠨ ᠵᠦᠭᠡᠢ᠎ᠪᠠᠨ ᠲᠠᠯᠪᠢᠬᠤ᠎ᠳᠠᠭᠠᠨ᠂ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠨᠢᠭᠡᠳᠦᠯᠳᠠᠢ ᠵᠠᠬ᠍ᠪᠤᠷ ᠵᠶ᠋ᠠᠷ ᠲᠠᠷᠤᠮᠠᠯᠯᠠᠠ ᠦᠢ᠍ᠯᠡᠳᠦᠭᠰᠡᠨ ᠬᠢᠵᠢᠭ᠎ᠤᠨ ᠪᠠᠢ᠍ᠢ᠍ᠴᠠᠭ᠋ᠠᠯᠳᠠ ᠵᠢᠨ ᠬᠢᠷᠢ ᠲᠡᠨᠭᠴᠡᠭᠰᠡᠨ ᠬᠡᠷᠡᠴᠢ᠎ᠪᠠᠷ ᠪᠠᠷᠢᠮᠳᠠ ᠪᠤᠯᠭ᠋ᠠᠨ ᠵᠦᠭᠡᠢ᠎ᠪᠠᠨ ᠲᠡᠭᠡᠭᠡᠪᠦᠷᠢᠯᠡᠨ᠎ᠠ᠂ ᠬᠢᠵᠢᠭ᠎ᠤᠨ ᠪᠠᠢ᠍ᠢ᠍ᠴᠠᠭ᠋ᠠᠯᠳᠠ᠎ᠳᠤ ᠬᠢᠷᠢ ᠲᠡᠨᠭᠴᠡᠭᠰᠡᠨ ᠬᠡᠷᠡᠴᠢ ᠵᠢᠨ ᠬᠦᠴᠦᠨ᠎ᠲᠠᠢ ᠬᠤᠭᠤᠴᠠᠭ᠋ᠠᠨ᠎ᠳᠤ ᠲᠠᠬᠢᠨ ᠲᠠᠪᠳᠠᠨ ᠬᠢᠵᠢᠭ ᠪᠠᠢ᠍ᠢ᠍ᠴᠠᠭ᠋ᠠᠵᠦ ᠪᠤᠯᠬᠤ ᠦᠭᠡᠢ᠃
      ᠲᠠᠪᠤᠳᠤᠭ᠋ᠠᠷ ᠪᠦᠯᠦᠭ     ᠮᠠᠯ ᠵᠢᠬᠦᠷᠳᠡᠨ᠎ᠢ ᠠᠷᠠᠯᠵᠢᠶᠠᠯᠠᠬᠤ ᠪᠠ ᠵᠦᠭᠡᠭᠡᠪᠦᠷᠢᠯᠡᠬᠦ  
      ᠲᠠᠪᠢᠳᠤᠭ᠋ᠠᠷ ᠵᠦᠢ᠍ᠯ
  ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠨᠤᠭᠤᠳ ᠨᠡᠭᠡᠭᠡᠯᠳᠠ᠎ᠲᠠᠢ ᠪᠦᠭᠡᠳ ᠨᠢᠭᠡᠳᠦᠯᠳᠠᠢ᠂ ᠦᠷᠢᠰᠦᠯᠳᠦᠭᠡᠨ᠎ᠲᠠᠢ ᠪᠦᠭᠡᠳ ᠠ᠋ᠮᠬᠢ ᠵᠢᠷᠤᠮ᠎ᠲᠠᠢ ᠮᠠᠯ ᠵᠢᠬᠦᠷᠳᠡᠨ᠎ᠤ ᠠᠷᠠᠯᠵᠢᠶᠠᠨ᠎ᠤ ᠵᠠᠬ᠎ᠠ ᠲᠡᠯᠭᠡᠬᠦᠷ᠎ᠤᠨ ᠪᠠᠢ᠍ᠢ᠍ᠭᠤᠯᠤᠯᠳᠠ ᠵᠢ ᠠᠬᠢᠭᠤᠯᠬᠤ ᠭᠡᠷᠡᠭᠳᠠᠢ᠃
      ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠯᠤᠨ ᠪᠤᠰᠤᠳ ᠬᠤᠯᠪᠤᠭᠳᠠᠯ ᠪᠦᠬᠦᠢ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠳ ᠮᠠᠯ ᠵᠢᠬᠦᠷᠳᠡᠨ᠎ᠤ ᠦᠢ᠍ᠯᠡᠳᠪᠦᠷᠢᠯᠡᠯ ᠪᠤᠷᠤᠯᠠᠭᠤᠯᠭ᠎ᠠ ᠵᠢᠨ ᠮᠡᠳᠡᠭᠡ ᠵᠠᠨᠭ᠌ᠭᠢ ᠵᠢ ᠴᠤᠬᠯᠠᠭᠤᠯᠬᠤ᠂ ᠠ᠋ᠮᠬᠢᠳᠭᠡᠬᠦ᠂ ᠨᠡᠢ᠍ᠢ᠍ᠳᠡᠯᠡᠬᠦ ᠠᠵᠢᠯ᠎ᠢ ᠵᠤᠬᠢᠶᠠᠨ ᠪᠠᠢ᠍ᠢ᠍ᠭᠤᠯᠵᠦ᠂ ᠦᠢ᠍ᠯᠡᠳᠪᠦᠷᠢᠯᠡᠭᠴᠢᠳ᠎ᠲᠤ ᠮᠠᠳᠡᠭᠡ ᠵᠠᠨᠭ᠌ᠭᠢ ᠵᠢᠨ ᠦᠢ᠍ᠯᠡᠴᠢᠯᠡᠭᠡ ᠬᠠᠨᠭ᠌ᠭ᠋ᠠᠬᠤ ᠭᠡᠷᠡᠭᠳᠠᠢ᠃
      ᠲᠠᠪᠢᠨ ᠨᠢᠭᠡᠳᠦᠭᠡᠷ ᠵᠦᠢ᠍ᠯ   ᠰᠢᠶᠠᠨ᠎ᠤ ᠱᠠᠳᠤᠨ᠎ᠠᠴᠠ ᠲᠡᠭᠡᠭᠰᠢᠬᠢ ᠤᠷᠤᠨ ᠨᠤᠳᠤᠭ᠎ᠤᠨ ᠠᠷᠠᠳ᠎ᠤᠨ ᠵᠠᠰᠠᠭ᠎ᠤᠨ ᠤᠷᠳᠤᠨ᠎ᠨᠤᠭᠤᠳ ᠲᠠᠷᠢᠶᠠᠯᠠᠩ᠎ᠤᠨ ᠪᠦᠳᠦᠭᠡᠭᠳᠡᠬᠦᠨ᠎ᠢ ᠪᠦᠭᠡᠮ ᠵᠶ᠋ᠠᠷ ᠬᠤᠳᠠᠯᠳᠤᠬᠤ ᠵᠠᠬ᠎ᠠ ᠲᠡᠯᠭᠡᠬᠦᠷ᠎ᠤᠨ ᠬᠦᠭᠵᠢᠯᠳᠠ ᠵᠢᠨ ᠲᠦᠯᠦᠪᠵᠢᠬᠦᠯᠭᠡ ᠵᠢ ᠦᠨᠳᠦᠰᠦᠯᠡᠨ᠂ ᠮᠠᠯ ᠵᠢᠬᠦᠷᠳᠡᠨ᠎ᠢ ᠳᠦᠪᠯᠡᠷᠡᠬᠦᠯᠵᠦ ᠲᠡᠷᠬᠠᠭ᠋ᠠᠬᠤ ᠭᠠᠵᠠᠷ᠎ᠲᠤ ᠮᠠᠯ ᠵᠢᠬᠦᠷᠳᠡᠨ᠎ᠢ ᠪᠦᠭᠡᠮ ᠵᠶ᠋ᠠᠷ ᠬᠤᠳᠠᠯᠳᠤᠬᠤ ᠵᠠᠬ᠎ᠠ ᠲᠡᠯᠭᠡᠬᠦᠷ ᠪᠠᠢ᠍ᠢ᠍ᠭᠤᠯᠬᠤ᠎ᠳᠤ ᠲᠡᠮᠵᠢᠯᠭᠡ ᠦᠵᠡᠬᠦᠯᠦᠨ᠎ᠠ᠃  
      ᠮᠠᠯ ᠵᠢᠬᠦᠷᠳᠡᠨ᠎ᠢ ᠪᠦᠭᠡᠮ ᠵᠶ᠋ᠠᠷ ᠬᠤᠳᠠᠯᠳᠤᠬᠤ ᠵᠠᠬ᠎ᠠ ᠲᠡᠯᠭᠡᠬᠦᠷ ᠪᠠᠢ᠍ᠢ᠍ᠭᠤᠯᠬᠤ ᠭᠠᠵᠠᠷ᠎ᠢ ᠰᠤᠨᠭ᠌ᠭᠤᠬᠤ᠎ᠳᠠᠭᠠᠨ ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠤᠭᠳᠠᠭ᠋ᠠᠯ ᠪᠤᠯᠤᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠠᠮᠢᠳᠠᠨ᠎ᠤ ᠬᠢᠵᠢᠭ᠎ᠢ ᠰᠡᠷᠭᠡᠢ᠍ᠢ᠍ᠯᠡᠬᠦ ᠨᠦᠬᠦᠴᠡᠯ᠎ᠳᠤ ᠨᠡᠢ᠍ᠢ᠍ᠴᠡᠬᠦᠯᠬᠦ ᠭᠡᠷᠡᠭᠳᠠᠢ ᠪᠦᠭᠡᠳ ᠦᠷ᠎ᠠ ᠵᠢᠨ ᠮᠠᠯ ᠵᠢᠬᠦᠷᠳᠡᠨ᠎ᠤ ᠲᠠᠯᠠᠪᠠᠢ ᠪᠠ ᠲᠤᠮᠤ ᠬᠡᠯᠪᠡᠷᠢ ᠵᠢᠨ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠎ᠠᠴᠠ ᠭᠤᠷᠪᠠᠨ ᠺᠢᠯᠤᠮᠸᠲᠷ ᠵᠠᠢ᠍ᠢ᠍ᠳᠠᠢ ᠪᠠᠢ᠍ᠢ᠍ᠯᠭ᠋ᠠᠬᠤ   ᠭᠡᠷᠡᠭᠳᠡᠢ᠃  
      ᠲᠠᠪᠢᠨ ᠬᠤᠶᠠᠳᠤᠭ᠋ᠠᠷ ᠵᠦᠢ᠍ᠯ   ᠠᠷᠠᠯᠵᠢᠶᠠᠯᠠᠬᠤ ᠮᠠᠯ ᠵᠢᠬᠦᠷᠳᠡᠨ᠎ᠨᠢ ᠠ᠋ᠷᠭᠡᠪᠰᠢ ᠤᠯᠤᠰ᠎ᠤᠨ ᠮᠡᠷᠭᠡᠵᠢᠯ᠎ᠤᠨ ᠲᠦᠷᠢᠮᠵᠢᠯ᠎ᠤᠨ ᠠᠯᠪᠠᠳᠠᠯᠭ᠎ᠠ ᠵᠢᠨ ᠴᠢᠨᠠᠷᠳᠠᠢ ᠱᠠᠭ᠋ᠠᠷᠳᠠᠯᠭ᠎ᠠ᠎ᠳᠤ ᠨᠡᠢ᠍ᠢ᠍ᠴᠡᠭᠰᠡᠨ ᠪᠠᠢ᠍ᠢ᠍ᠬᠤ ᠬᠡᠷᠡᠭᠳᠠᠢ᠃  
      ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠯ ᠶᠤᠰᠤᠭ᠋ᠠᠷ ᠢᠯᠭ᠋ᠠᠬᠤ ᠲᠡᠮᠳᠡᠭ ᠳᠠᠯᠪᠢᠬᠤ ᠶᠤᠰᠤᠳᠠᠢ ᠮᠠᠯ ᠵᠢᠬᠦᠷᠳᠡᠨ᠎ᠳᠤ ᠢᠯᠭ᠋ᠠᠬᠤ ᠲᠡᠮᠳᠡᠭ ᠳᠠᠯᠪᠢᠭᠰᠠᠨ ᠦᠭᠡᠢ ᠪᠤᠯ ᠲᠡᠬᠦᠨ᠎ᠢ ᠪᠤᠷᠤᠯᠠᠭᠤᠯᠬᠤ ᠪᠤᠶᠤ ᠬᠤᠳᠠᠯᠳᠤᠨ ᠠᠪᠴᠦ ᠪᠤᠯᠬᠤ ᠦᠭᠡᠢ᠃  
      ᠲᠠᠪᠢᠨ ᠭᠤᠷᠪᠠᠳᠤᠭ᠋ᠠᠷ ᠵᠦᠢ᠍ᠯ   ᠮᠠᠯ ᠵᠢᠬᠦᠷᠳᠡᠨ᠎ᠢ ᠵᠦᠭᠡᠭᠡᠪᠦᠷᠢᠯᠡᠬᠦ᠎ᠳᠤ ᠠ᠋ᠷᠬᠡᠪᠰᠢ ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠤᠭᠳᠠᠭ᠋ᠠᠯ ᠪᠤᠯᠤᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠠᠮᠢᠳᠠᠨ᠎ᠤ ᠬᠢᠵᠢᠭ᠎ᠢ ᠰᠡᠷᠭᠡᠢ᠍ᠢ᠍ᠯᠡᠬᠦ ᠨᠦᠬᠦᠴᠡᠯ᠎ᠳᠤ ᠨᠡᠢ᠍ᠢ᠍ᠴᠡᠬᠦᠯᠵᠦ᠂ ᠠᠷᠭ᠎ᠠ ᠬᠡᠮᠵᠢᠶ᠎ᠠ ᠠᠪᠴᠦ ᠪᠠᠢ᠍ᠢ᠍ᠭ᠋ᠠᠳ ᠮᠠᠯ ᠵᠢᠬᠦᠷᠳᠡᠨ᠎ᠤ ᠠᠶᠤᠯᠬᠦᠢ ᠪᠠᠢ᠍ᠢ᠍ᠳᠠᠯ᠎ᠢ ᠬᠠᠮᠠᠭ᠋ᠠᠯᠠᠬᠤ ᠵᠢᠨ ᠬᠠᠮᠳᠦ ᠵᠦᠭᠡᠭᠡᠪᠦᠷᠢᠯᠡᠵᠦ ᠪᠠᠢ᠍ᠢ᠍ᠭ᠎ᠠ ᠮᠠᠯ ᠵᠢᠬᠦᠷᠳᠡᠨ᠎ᠳᠡᠭᠡᠨ ᠴᠢᠬᠤᠯᠨ ᠪᠦᠬᠦᠢ ᠤᠷᠤᠨ ᠵᠠᠢ ᠪᠤᠯᠤᠨ ᠲᠡᠵᠢᠭᠡᠵᠦ ᠤᠰᠤᠯᠠᠬᠤ ᠨᠦᠬᠦᠴᠡᠯ᠎ᠢ ᠪᠦᠷᠢᠯᠳᠦᠬᠦᠯᠵᠦ ᠦᠭᠬᠦ ᠭᠡᠷᠡᠭᠳᠠᠢ᠃  
      ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠳ ᠵᠦᠬᠡᠭᠡᠪᠦᠷᠢᠯᠡᠵᠦ ᠪᠠᠢ᠍ᠢ᠍ᠭ᠎ᠠ ᠮᠠᠯ ᠵᠢᠬᠦᠷᠳᠡᠡ᠎ᠳᠤ ᠪᠠᠢ᠍ᠢ᠍ᠴᠠᠭ᠋ᠠᠯᠳᠠ ᠬᠢᠬᠦ᠎ᠳᠡᠭᠡᠨ ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠳᠤᠭᠳᠠᠭ᠋ᠠᠯ᠎ᠤᠨ ᠦᠨᠳᠦᠰᠦᠯᠡᠯ᠎ᠲᠠᠢ ᠪᠠᠢ᠍ᠢ᠍ᠬᠤ ᠬᠡᠷᠡᠭᠳᠠᠢ᠃       ᠵᠢᠷᠭᠤᠳᠤᠭ᠋ᠠᠷ ᠪᠦᠯᠦᠭ     ᠶᠠᠰᠦ ᠴᠢᠨᠠᠷ᠎ᠤᠨ ᠠᠶᠤᠯᠬᠦᠢ ᠵᠢ ᠪᠠᠳᠤᠯᠠᠬᠤ
      ᠲᠠᠪᠢᠨ ᠲᠦᠷᠪᠡᠳᠦᠭᠡᠷ ᠵᠦᠢ᠍ᠯ
  ᠰᠢᠶᠠᠨ᠎ᠤ ᠱᠠᠳᠤᠨ᠎ᠠᠴᠠ ᠲᠠᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠨᠤᠭᠤᠳ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠯᠤᠨ ᠬᠤᠯᠪᠤᠭᠳᠠᠯ ᠪᠦᠬᠦᠢ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠢ ᠵᠤᠬᠢᠶᠠᠨ ᠪᠠᠢ᠍ᠢ᠍ᠭᠤᠯᠵᠦ᠂ ᠲᠤᠰ ᠬᠠᠦᠯᠢ ᠪᠤᠯᠤᠨ ᠬᠤᠯᠪᠤᠭᠳᠠᠯ ᠪᠦᠬᠦᠢ ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠤᠭᠳᠠᠭ᠋ᠠᠯ᠎ᠤᠨ ᠲᠤᠭᠳᠠᠭ᠋ᠠᠯ ᠶᠤᠰᠤᠭ᠋ᠠᠷ ᠮᠠᠯ ᠵᠢᠬᠦᠷᠳᠡᠨ᠎ᠢ ᠠᠷᠠᠴᠢᠯᠠᠨ ᠲᠡᠵᠢᠬᠡᠬᠦ ᠤᠷᠴᠢᠨ ᠲᠤᠭᠤᠷᠢᠨ᠂ ᠦᠷ᠎ᠠ ᠵᠢᠨ ᠮᠠᠯ ᠵᠢᠬᠦᠷᠳᠡᠨ᠎ᠤ ᠶᠠᠰᠤ ᠴᠢᠨᠠᠷ᠂ ᠲᠡᠵᠢᠭᠡᠯ ᠪᠤᠷᠳᠤᠭ᠎ᠠ ᠪᠤᠯᠤᠨ ᠮᠠᠯ᠎ᠤᠨ ᠡᠮ ᠵᠠᠷᠭᠡ ᠤᠷᠤᠭᠤᠯᠤᠯᠳᠠ ᠵᠢᠨ ᠪᠤᠳᠠᠰ᠎ᠤᠨ ᠬᠡᠷᠡᠭᠯᠡᠭᠡ ᠵᠢᠴᠢ ᠮᠠᠯ ᠵᠢᠬᠦᠷᠳᠡᠨ᠎ᠢ ᠠᠷᠠᠯᠵᠢᠶᠠᠯᠠᠬᠤ ᠪᠠ ᠵᠦᠭᠡᠭᠡᠪᠦᠷᠢᠯᠡᠬᠦ ᠵᠢᠨ ᠬᠢᠨᠠᠯᠳᠠ ᠬᠠᠮᠢᠶᠠᠷᠤᠯᠳᠠ᠎ᠪᠠᠨ ᠴᠢᠨᠭ᠌ᠭ᠋ᠠᠳᠬᠠᠬᠤ ᠭᠡᠷᠡᠭᠳᠠᠢ᠃
      ᠲᠠᠪᠢᠨ ᠲᠠᠪᠤᠳᠤᠭ᠋ᠠᠷ ᠵᠦᠢ᠍ᠯ   ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠨᠢ ᠮᠠᠯ ᠵᠢᠬᠦᠷᠳᠡᠨ᠎ᠤ ᠢᠯᠭ᠋ᠠᠬᠤ ᠲᠡᠮᠳᠡᠭ ᠪᠤᠯᠤᠨ ᠲᠡᠵᠢᠭᠡᠨ ᠦᠷᠡᠵᠢᠬᠦᠯᠬᠦ ᠲᠠᠨᠭ᠌ᠰᠠ ᠡᠪᠭᠡᠮᠡᠯ᠎ᠢ ᠬᠠᠮᠢᠶᠠᠷᠬᠤ ᠠᠷᠭ᠎ᠠ ᠵᠢ ᠲᠤᠭᠳᠠᠭ᠋ᠠᠵᠦ᠂ ᠠᠷᠭ᠎ᠠ ᠬᠡᠮᠵᠢᠶ᠎ᠠ ᠠᠪᠴᠦ ᠪᠠᠢ᠍ᠢ᠍ᠭ᠋ᠠᠳ ᠮᠠᠯ ᠵᠢᠬᠦᠷᠳᠡᠨ᠎ᠤ ᠪᠦᠳᠦᠭᠡᠭᠳᠡᠬᠦᠨ᠎ᠤ ᠶᠠᠰᠦ ᠴᠢᠨᠠᠷ᠎ᠤᠨ ᠬᠠᠷᠢᠭᠤᠴᠠᠯᠭ᠎ᠠ ᠨᠡᠬᠡᠮᠵᠢᠯᠡᠬᠦ ᠲᠦᠷᠢᠮ᠎ᠢ ᠨᠠᠢ᠍ᠢ᠍ᠳᠠᠪᠤᠷᠢᠵᠢᠭᠤᠯᠬᠤ ᠭ᠋ᠡᠷᠡᠭᠳᠠᠢ᠃
      ᠲᠠᠪᠢᠨ ᠵᠢᠷᠭᠤᠳᠤᠭ᠋ᠠᠷ ᠵᠦᠢ᠍ᠯ   ᠰᠢᠶᠠᠨ᠎ᠤ ᠱᠠᠳᠤᠨ᠎ᠠᠴᠠ ᠲᠠᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠳ ᠮᠠᠯ ᠵᠢᠬᠦᠷᠳᠡᠨ᠎ᠤ ᠶᠠᠰᠤ ᠴᠢᠨᠠᠷ᠎ᠤᠨ ᠠᠶᠤᠯᠬᠦᠢ ᠵᠢ ᠬᠢᠨᠠᠨ ᠪᠠᠢ᠍ᠢ᠍ᠴᠠᠭ᠋ᠠᠬᠤ ᠲᠦᠯᠦᠪᠯᠡᠭᠡ ᠲᠤᠭᠳᠠᠭ᠋ᠠᠵᠦ᠂ ᠲᠦᠯᠦᠪᠯᠡᠭᠡ ᠶᠤᠰᠤᠭ᠋ᠠᠷ ᠬᠢᠨᠠᠯᠳᠠ ᠲᠠᠯᠪᠢᠵᠦ ᠰᠤᠨᠭ᠌ᠭᠤᠨ ᠪᠠᠢ᠍ᠢ᠍ᠴᠠᠭ᠋ᠠᠬᠤ ᠠᠵᠢᠯ᠎ᠢ ᠦᠷᠨᠢᠬᠦᠯᠬᠦ ᠭᠡᠷᠡᠭᠳᠠᠢ᠃
      ᠲᠡᠪᠢᠨ ᠲᠤᠯᠤᠳᠤᠭ᠋ᠠᠷ ᠵᠦᠢ᠍ᠯ   ᠮᠤᠵᠢ ᠵᠢᠨ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠳ ᠮᠠᠯ ᠵᠢᠬᠦᠷᠳᠡᠨ᠎ᠤ ᠦᠢ᠍ᠯᠡᠳᠪᠦᠷᠢᠯᠡᠯ᠎ᠤᠨ ᠲᠦᠷᠢᠮᠵᠢᠯ᠎ᠢ ᠵᠤᠬᠢᠶᠠᠨ ᠪᠠᠢ᠍ᠢ᠍ᠭᠤᠯᠤᠨ ᠲᠤᠭᠳᠠᠭ᠋ᠠᠵᠦ᠂ ᠮᠠᠯ ᠵᠢᠬᠦᠷᠳᠡᠨ᠎ᠤ ᠠᠶᠤᠯᠬᠦᠢ ᠦᠢ᠍ᠯᠡᠳᠪᠦᠷᠢᠯᠡᠯ᠎ᠢ ᠵᠢᠯᠤᠭᠤᠳᠬᠤ ᠭᠡᠷᠡᠭᠳᠠᠢ᠃
      ᠲᠤᠯᠤᠳᠤᠭ᠋ᠠᠷ ᠪᠦᠯᠦᠭ     ᠬᠠᠦᠯᠢ ᠵᠢᠨ ᠬᠠᠷᠢᠭᠤᠴᠠᠯᠭ᠎ᠠ  
      ᠲᠠᠪᠢᠨ ᠨᠠᠢ᠍ᠮᠠᠳᠤᠭ᠋ᠠᠷ ᠵᠦᠢ᠍ᠯ
  ᠲᠤᠰ ᠬᠠᠦᠯᠢ ᠵᠢᠨ ᠠᠷᠪᠠᠨ ᠭᠤᠷᠪᠠᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠤᠨ ᠲᠤᠭᠳᠠᠭ᠋ᠠᠯ᠎ᠢ ᠵᠦᠷᠢᠴᠡᠡ᠂ ᠬᠠᠮᠠᠭ᠋ᠠᠯᠠᠯᠳᠠ᠎ᠲᠠᠢ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠲᠤᠷ᠎ᠠ᠎ᠪᠠᠷ ᠵᠶ᠋ᠠᠨ ᠰᠢᠢ᠍ᠳᠪᠦᠷᠢᠯᠡᠭᠡᠳ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠲᠤ ᠬᠤᠬᠢᠷᠠᠯ ᠤᠴᠠᠷᠠᠭᠤᠯᠤᠭᠰᠠᠨ ᠪᠠᠢ᠍ᠢ᠍ᠪᠠᠯ᠂ ᠮᠤᠵᠢ ᠵᠢᠨ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠠᠪᠤᠨ ᠲᠦᠮᠡᠨ ᠲᠦᠬᠦᠷᠢᠭ᠎ᠠᠴᠠ ᠲᠡᠭᠡᠭᠰᠢ ᠲᠠᠪᠢᠨ ᠲᠦᠮᠡᠨ ᠲᠦᠭᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠰᠢᠳᠭᠡᠨ᠎ᠡ᠃       ᠲᠠᠪᠢ ᠶᠢᠰᠦᠳᠤᠭᠡᠷ ᠵᠦᠢ᠍ᠯ   ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠵᠦᠷᠢᠴᠡᠨ᠂ ᠲᠤᠤᠷ᠎ᠠ ᠵᠢᠬᠰᠠᠭ᠋ᠠᠭᠰᠠᠨ ᠠᠵᠢᠯᠯᠠᠭ᠎ᠠ᠎ᠨᠤᠭᠤᠳ᠎ᠤᠨ ᠨᠢᠭᠡ ᠵᠢ ᠭᠢᠭᠰᠡᠨ ᠪᠠᠢ᠍ᠢ᠍ᠪᠠᠯ᠂ ᠮᠤᠵᠢ ᠵᠢᠨ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠬᠠᠦᠯᠢ ᠵᠢ ᠵᠦᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠦ᠂ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ ᠪᠠ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠬᠤ ᠵᠢᠨ ᠬᠠᠮᠳᠦ ᠨᠢᠭᠡ ᠲᠦᠮᠡᠨ ᠲᠦᠬᠦᠷᠢᠭ᠎ᠠᠴᠠ ᠲᠡᠭᠡᠭᠰᠢ ᠲᠠᠪᠤᠨ ᠲᠦᠮᠡᠨ ᠲᠦᠭᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ᠃
     (ᠨᠢᠭᠡ) ᠬᠢᠨᠠᠨ ᠪᠠᠢ᠍ᠢ᠍ᠴᠠᠭ᠋ᠠᠵᠦ ᠵᠦᠪᠰᠢᠶᠡᠷᠡᠬᠦᠯᠦᠭᠰᠡᠨ ᠦᠭᠡᠢ᠎ᠪᠠᠷ ᠬᠢᠯᠢ ᠵᠢᠨ ᠭᠠᠳᠠᠨ᠎ᠠ᠎ᠠᠴᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠤᠷᠤᠭᠤᠯᠤᠭᠰᠠᠨ;  
     (ᠬᠤᠶᠠᠷ) ᠬᠢᠨᠠᠨ ᠪᠠᠢ᠍ᠢ᠍ᠴᠠᠭ᠋ᠠᠵᠦ ᠵᠦᠪᠰᠢᠶᠠᠷᠡᠬᠦᠯᠦᠭᠰᠡᠨ ᠦᠭᠡᠢ᠎ᠪᠠᠷ ᠬᠢᠯᠢ ᠵᠢᠨ ᠲᠤᠳᠤᠷ᠎ᠠ᠎ᠪᠠᠨ ᠬᠢᠯᠢ ᠵᠢᠨ ᠭᠠᠳᠠᠨᠠᠬᠢ ᠪᠠᠢ᠍ᠢ᠍ᠭᠤᠯᠤᠮᠵᠢ᠂ ᠬᠤᠪᠢ ᠬᠦᠮᠦᠨ᠎ᠲᠠᠢ ᠬᠤᠷᠰᠢᠨ ᠬᠠᠮᠠᠭ᠋ᠠᠯᠠᠯᠳᠠ ᠵᠢᠨ ᠲᠤᠪᠶᠤᠭ᠎ᠲᠤ ᠵᠢᠭᠰᠠᠭ᠋ᠠᠭᠰᠠᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠰᠤᠳᠤᠯᠵᠦ ᠠᠰᠢᠬᠯᠠᠭᠰᠠᠨ;
     (ᠭᠤᠷᠪᠠ) ᠬᠢᠯᠢ ᠵᠢᠨ ᠲᠤᠳᠤᠷ᠎ᠠ᠎ᠪᠠᠨ ᠬᠢᠯᠢ ᠵᠢᠨ ᠭᠠᠳᠠᠨᠠᠬᠢ ᠪᠠᠢ᠍ᠢ᠍ᠭᠤᠯᠤᠮᠵᠢ᠂ ᠬᠤᠪᠢ ᠬᠦᠮᠦᠨ᠎ᠲᠠᠢ ᠬᠤᠷᠰᠢᠨ ᠤᠯᠤᠰ᠎ᠤᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠤᠨ ᠺᠤᠮᠢᠰ᠎ᠤᠨ ᠬᠢᠨᠠᠨ ᠲᠤᠭᠳᠠᠭ᠋ᠠᠯᠳᠠ ᠵᠢ ᠦᠨᠭᠭᠡᠷᠡᠬᠦᠯᠦᠭᠡ ᠦᠭᠡᠢ ᠰᠢᠨ᠎ᠠ᠎ᠪᠠᠷ ᠢᠯᠡᠷᠡᠬᠦᠯᠦᠭᠰᠡᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠰᠤᠳᠤᠯᠵᠦ ᠠᠰᠢᠬᠯᠠᠬᠰᠠᠨ᠃  
      ᠵᠢᠷᠠᠳᠤᠭ᠋ᠠᠷ ᠵᠦᠢ᠍ᠯ   ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠵᠶ᠋ᠠᠷ ᠵᠦᠪᠰᠢᠶᠡᠷᠡᠬᠦᠯᠦᠭᠰᠡᠨ ᠦᠭᠡᠢ᠎ᠪᠠᠷ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠬᠢᠯᠢ᠎ᠠᠴᠠ ᠭᠠᠳᠠᠭᠰᠢ ᠭᠠᠷᠭ᠋ᠠᠭᠰᠠᠨ ᠪᠠᠢ᠍ᠢ᠍ᠪᠠᠯ᠂ 《ᠪᠦᠭᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠪᠤᠭᠤᠮᠳᠠ ᠵᠢᠨ ᠬᠠᠦᠯᠢ》 ᠵᠢᠨ ᠬᠤᠯᠪᠤᠭᠳᠠᠯ ᠪᠦᠬᠦᠢ ᠲᠤᠭᠳᠠᠭ᠋ᠠᠯ ᠶᠤᠰᠤᠭ᠋ᠠᠷ ᠬᠠᠦᠯᠢ ᠵᠢᠨ ᠬᠠᠷᠢᠭᠤᠴᠠᠯᠭ᠎ᠠ ᠨᠡᠭᠡᠮᠵᠢᠯᠡᠨ᠎ᠠ᠃ ᠪᠤᠭᠤᠮᠳᠠ᠎ᠨᠢ ᠬᠤᠷᠢᠶᠠᠵᠦ ᠠᠪᠤᠭᠰᠠᠨ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ᠎ᠢ ᠮᠤᠵᠢ ᠵᠢᠨ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠲᠤ ᠰᠢᠯᠵᠢᠬᠦᠯᠦᠨ ᠬᠦᠷᠭᠡᠵᠦ ᠰᠢᠢ᠍ᠳᠪᠦᠷᠢᠯᠡᠬᠦᠯᠬᠦ ᠭᠡᠷᠡᠭᠳᠠᠢ᠃  
      ᠵᠢᠷᠡᠨ ᠨᠢᠭᠡᠳᠦᠭᠡᠷ ᠵᠦᠢ᠍ᠯ   ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠵᠦᠷᠢᠴᠡᠵᠦ᠂ ᠬᠢᠨᠠᠨ ᠲᠤᠭᠳᠠᠭ᠋ᠠᠯᠳᠠ ᠪᠤᠶᠤ ᠰᠢᠯᠭ᠋ᠠᠨ ᠲᠤᠭᠳᠠᠭ᠋ᠠᠯᠳᠠ ᠵᠢ ᠦᠨᠭᠭᠡᠷᠡᠬᠦᠯᠦᠭᠰᠡᠨ ᠦᠭᠡᠢ ᠮᠠᠯ ᠵᠢᠬᠦᠷᠳᠡᠨ᠎ᠤ ᠠ᠋ᠬᠦᠯᠳᠡᠷ᠎ᠢ ᠪᠤᠷᠤᠯᠠᠭᠤᠯᠵᠦ ᠲᠡᠯᠭᠡᠷᠡᠬᠦᠯᠦᠭᠰᠡᠨ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠬᠠᠦᠯᠢ ᠵᠢ ᠵᠦᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠦ᠂ ᠮᠠᠯ ᠵᠢᠬᠦᠷᠳᠡᠨ ᠪᠠ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠤᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠲᠠᠪᠤᠨ ᠲᠦᠮᠡᠨ ᠲᠦᠬᠦᠷᠢᠭ᠎ᠠᠴᠠ ᠲᠡᠭᠡᠭᠰᠢ ᠪᠠᠢ᠍ᠢ᠍ᠪᠠᠯ᠂ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠤᠨ ᠬᠢᠨᠢ ᠨᠢᠭᠡ ᠲᠠᠬᠢᠨ᠎ᠠᠴᠠ ᠲᠡᠭᠡᠭᠰᠢ ᠭᠤᠷᠪᠠᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ ᠪᠠᠢ᠍ᠢ᠍ᠬᠤ ᠦᠭᠡᠢ ᠪᠤᠶᠤ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠲᠠᠪᠤᠨ ᠲᠦᠮᠡᠨ ᠲᠦᠬᠦᠷᠢᠭ᠎ᠲᠤ ᠬᠦᠷᠬᠦ ᠦᠭᠡᠢ ᠪᠠᠢ᠍ᠢ᠍ᠪᠠᠯ᠂ ᠲᠠᠪᠤᠨ ᠮᠢᠨᠭ᠌ᠭ᠋ᠠᠨ ᠲᠦᠬᠦᠷᠢᠭ᠎ᠠᠴᠠ ᠲᠡᠭᠡᠭᠰᠢ ᠲᠠᠪᠤᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ᠃  
      ᠵᠢᠷᠡᠨ ᠬᠤᠶᠠᠳᠤᠭ᠋ᠠᠷ ᠵᠦᠢ᠍ᠯ   ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠵᠦᠷᠢᠴᠡᠵᠦ᠂ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠠᠷᠡᠯ᠎ᠤᠨ ᠦᠨᠡᠮᠯᠡᠯ ᠦᠭᠡᠢ ᠪᠤᠶᠤ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠤᠨ ᠲᠤᠭᠳᠠᠭ᠋ᠠᠯ᠎ᠢ ᠵᠦᠷᠢᠴᠡᠵᠦ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠭᠰᠡᠨ᠂ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠢ ᠰᠢᠯᠵᠢᠬᠦᠯᠦᠨ ᠦᠭᠬᠦᠭᠰᠡᠨ᠂ ᠲᠦᠷᠢᠶᠡᠰᠦᠯᠡᠬᠦᠯᠦᠨ ᠵᠢᠭᠡᠯᠡᠬᠦᠯᠦᠭᠰᠡᠨ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠬᠠᠦᠯᠢ ᠵᠢ ᠵᠦᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠦ᠂ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠤᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠭᠤᠷᠪᠠᠨ ᠲᠦᠮᠡᠨ ᠲᠦᠬᠦᠷᠢᠭ᠎ᠠᠴᠠ ᠲᠡᠭᠡᠭᠰᠢ ᠪᠠᠢ᠍ᠢ᠍ᠪᠠᠯ᠂ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠤᠨ ᠬᠢᠨᠢ ᠨᠢᠭᠡ ᠲᠠᠬᠢᠨ᠎ᠠᠴᠠ ᠲᠡᠭᠡᠭᠰᠢ ᠭᠤᠷᠪᠠᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ ᠪᠠᠢ᠍ᠢ᠍ᠬᠤ ᠦᠭᠡᠢ ᠪᠤᠶᠤ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠭᠤᠷᠪᠠᠨ ᠲᠦᠮᠡᠨ ᠲᠦᠬᠦᠷᠢᠭ᠎ᠲᠤ ᠬᠦᠷᠬᠦ ᠦᠭᠡᠢ ᠪᠠᠢ᠍ᠢ᠍ᠪᠠᠯ᠂ ᠭᠤᠷᠪᠠᠨ ᠮᠢᠨᠭ᠌ᠭ᠋ᠠᠨ ᠲᠦᠬᠦᠷᠢᠭ᠎ᠠᠴᠠ ᠲᠡᠭᠡᠭᠰᠢ ᠭᠤᠷᠪᠠᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ᠃ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠠᠷᠡᠯ᠎ᠤᠨ ᠦᠨᠡᠮᠯᠡᠯ᠎ᠤᠨ ᠲᠤᠭᠳᠠᠭ᠋ᠠᠯ᠎ᠢ ᠵᠦᠷᠢᠴᠡᠨ᠂ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠭᠰᠡᠨ ᠪᠤᠶᠤ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠠᠷᠡᠯ᠎ᠤᠨ ᠦᠨᠡᠮᠯᠡᠯ᠎ᠢ ᠰᠢᠯᠵᠢᠬᠦᠯᠦᠨ ᠦᠭᠬᠦᠭᠰᠡᠨ᠂ ᠲᠦᠷᠢᠶᠡᠰᠦᠯᠡᠬᠦᠯᠦᠨ ᠵᠢᠭᠡᠯᠡᠬᠦᠯᠦᠭᠰᠡᠨ ᠪᠦᠭᠡᠳ ᠦᠢ᠍ᠯᠡ ᠪᠠᠢ᠍ᠢ᠍ᠳᠠᠯ᠎ᠨᠢ ᠬᠦᠨᠳᠦ ᠨᠤᠴᠢᠳᠠᠢ ᠪᠠᠢ᠍ᠢ᠍ᠪᠠᠯ᠂ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ᠎ᠢ᠎ᠨᠢ ᠬᠤᠷᠢᠶᠠᠨ ᠠᠪᠴᠦ ᠬᠦᠴᠦᠨ ᠦᠭᠡᠢ ᠪᠤᠯᠭ᠋ᠠᠬᠤ᠎ᠪᠠᠷ ᠨᠡᠢ᠍ᠢ᠍ᠯᠡᠬᠦᠯᠤᠨ ᠰᠢᠳᠭᠡᠨ᠎ᠠ᠃
      ᠵᠢᠷᠠᠨ ᠭᠤᠷᠪᠠᠳᠤᠭ᠋ᠠᠷ ᠵᠦᠢ᠍ᠯ   ᠲᠤᠰ ᠬᠠᠦᠯᠢ ᠵᠢᠨ ᠬᠤᠷᠢᠨ ᠨᠠᠢ᠍ᠮᠠᠳᠤᠭ᠋ᠠᠷ ᠵᠦᠢ᠍ᠯ᠎ᠤᠨ ᠲᠤᠭᠳᠠᠭ᠋ᠠᠯ᠎ᠢ ᠵᠦᠷᠢᠴᠡᠭᠰᠡᠨ ᠪᠠᠢ᠍ᠢ᠍ᠪᠠᠯ᠂ 《ᠪᠦᠬᠦᠳᠡ ᠨᠠᠢ᠍ᠢ᠍ᠷᠠᠮᠳᠠᠬᠤ ᠲᠤᠮᠳᠠᠳᠦ ᠠᠷᠠᠳ ᠤᠯᠤᠰ᠎ᠤᠨ ᠵᠠᠷ᠎ᠤᠨ ᠬᠠᠦᠯᠢ》 ᠵᠢᠨ ᠬᠤᠯᠪᠤᠭᠳᠠᠯ ᠪᠦᠬᠦᠢ ᠲᠤᠭᠳᠠᠭ᠋ᠠᠯ ᠶᠤᠰᠤᠭ᠋ᠠᠷ ᠬᠠᠦᠯᠢ ᠵᠢᠨ ᠬᠠᠷᠢᠭᠤᠴᠠᠯᠭ᠎ᠠ ᠨᠡᠬᠡᠮᠵᠢᠯᠡᠨ᠎ᠠ᠃
      ᠵᠢᠷᠡᠨ ᠲᠦᠷᠪᠡᠳᠦᠭᠡᠷ ᠵᠦᠢ᠍ᠯ ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠵᠦᠷᠢᠴᠡᠨ᠂ ᠬᠡᠷᠡᠭᠯᠡᠭᠰᠡᠨ ᠦᠷ᠎ᠠ ᠵᠢᠨ ᠮᠠᠯ ᠵᠢᠬᠦᠷᠳᠡᠨ᠎ᠨᠢ ᠭᠡᠭᠡᠯᠳᠦᠬᠦᠯᠭᠡ᠎ᠳᠤ ᠭᠡᠷᠡᠭᠯᠡᠬᠦ ᠪᠠᠷᠢᠮᠵᠢᠶ᠎ᠠ᠎ᠳᠤ ᠨᠡᠢ᠍ᠢ᠍ᠴᠡᠬᠦ ᠦᠭᠡᠢ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠤᠷᠤᠨ ᠨᠤᠳᠤᠭ᠎ᠤᠨ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠬᠠᠦᠯᠢ ᠵᠢ ᠵᠦᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠦ᠂ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠤᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠲᠠᠪᠤᠨ ᠮᠢᠨᠭ᠌ᠭ᠋ᠠᠨ ᠲᠦᠬᠦᠷᠢᠭ᠎ᠠᠴᠠ ᠲᠠᠭᠡᠭᠰᠢ ᠪᠠᠢ᠍ᠢ᠍ᠪᠠᠯ᠂ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠤᠨ ᠬᠢᠨᠢ ᠨᠢᠭᠡ ᠲᠠᠬᠢᠨ᠎ᠠᠴᠠ ᠲᠡᠭᠡᠭᠰᠢ ᠬᠤᠶᠠᠷ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠤᠨ ᠰᠢᠳᠭᠡᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ ᠪᠠᠢ᠍ᠢ᠍ᠬᠤ ᠦᠭᠡᠢ ᠪᠤᠶᠤ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠲᠠᠪᠤᠨ ᠮᠢᠨᠭ᠌ᠭ᠋ᠠᠨ ᠲᠦᠬᠦᠷᠢᠭ᠎ᠲᠤ ᠬᠦᠷᠬᠦ ᠦᠭᠡᠢ ᠪᠠᠢ᠍ᠢ᠍ᠪᠠᠯ᠂ ᠨᠢᠭᠡ ᠮᠢᠨᠭ᠌ᠭ᠋ᠠᠨ ᠲᠦᠬᠦᠷᠢᠭ᠎ᠠᠴᠠ ᠲᠠᠭᠡᠭᠰᠢ ᠲᠠᠪᠤᠨ ᠮᠢᠨᠭ᠌ᠭ᠋ᠠᠨ ᠲᠦᠭᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠬᠡᠨ᠎ᠠ᠃       ᠵᠢᠷᠡᠠ ᠲᠠᠪᠤᠳᠤᠭ᠋ᠠᠷ ᠵᠦᠢ᠍ᠯ   ᠦᠷ᠎ᠠ ᠵᠢᠨ ᠮᠠᠯ ᠵᠢᠬᠦᠷᠳᠡᠨ᠎ᠢ ᠪᠤᠷᠤᠯᠠᠭᠤᠯᠤᠨ ᠬᠤᠳᠠᠯᠳᠤᠬᠤ᠎ᠳᠠᠭᠠᠨ ᠲᠤᠰ ᠬᠠᠦᠯᠢ ᠵᠢᠨ ᠭᠤᠴᠢᠳᠤᠭ᠋ᠠᠷ ᠵᠦᠢ᠍ᠯ᠎ᠤᠨ ᠨᠢᠭᠡᠳᠦᠭᠡᠷ ᠵᠤᠷᠪᠤᠰ᠎ᠠᠴᠠ ᠲᠦᠷᠪᠡᠳᠦᠭᠡᠷ ᠵᠤᠷᠪᠤᠰ᠎ᠲᠠᠬᠢ ᠬᠠᠦᠯᠢ ᠵᠢ ᠵᠦᠷᠢᠴᠡᠭᠰᠡᠨ ᠠᠵᠢᠯᠯᠠᠭ᠎ᠠ᠎ᠨᠤᠭᠤᠳ᠎ᠤᠨ ᠨᠢᠭᠡ ᠵᠢ ᠬᠢᠭᠰᠡᠨ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠪᠤᠷᠤᠯᠠᠭᠤᠯᠤᠨ ᠬᠤᠳᠠᠯᠳᠤᠬᠤ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠦ᠂ ᠬᠠᠦᠯᠢ ᠵᠢ ᠵᠦᠷᠢᠴᠡᠵᠦ ᠪᠤᠷᠤᠯᠠᠭᠤᠯᠤᠨ ᠬᠤᠳᠠᠯᠳᠤᠭᠰᠠᠨ ᠮᠠᠯ ᠵᠢᠬᠦᠷᠳᠡᠨ ᠪᠤᠯᠤᠨ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠤᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠲᠠᠪᠤᠨ ᠲᠦᠮᠡᠨ ᠲᠦᠬᠦᠷᠢᠭ᠎ᠠᠴᠠ ᠲᠠᠭᠡᠭᠰᠢ ᠪᠠᠢ᠍ᠢ᠍ᠪᠠᠯ᠂ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠤᠨ ᠬᠢᠨᠢ ᠨᠢᠭᠡ ᠲᠠᠬᠢᠨ᠎ᠠᠴᠠ ᠲᠡᠭᠡᠭᠰᠢ ᠲᠠᠪᠤᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ; ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ ᠪᠠᠢ᠍ᠢ᠍ᠬᠤ ᠦᠭᠡᠢ ᠪᠤᠶᠤ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠨᠢ ᠲᠠᠪᠤᠨ ᠲᠦᠮᠡᠨ ᠲᠦᠬᠦᠷᠢᠭ᠎ᠲᠤ ᠬᠦᠷᠬᠦ ᠦᠭᠡᠢ ᠪᠠᠢ᠍ᠢ᠍ᠪᠠᠯ᠂ ᠲᠠᠪᠤᠨ ᠮᠢᠨᠭ᠌ᠭ᠋ᠠᠨ ᠲᠦᠬᠦᠷᠢᠭ᠎ᠠᠴᠠ ᠲᠡᠭᠡᠭᠰᠢ ᠲᠠᠪᠤᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ; ᠦᠢ᠍ᠯᠨ ᠪᠠᠢ᠍ᠢ᠍ᠳᠠᠯ᠎ᠨᠢ ᠬᠦᠨᠳᠦ ᠨᠤᠴᠢᠳᠠᠢ ᠪᠠᠢ᠍ᠢ᠍ᠪᠠᠯ᠂ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠨᠨᠭᠨᠡᠬᠦ ᠵᠦᠪᠰᠢᠶᠡᠷᠡᠯ᠎ᠤᠨ ᠦᠨᠡᠮᠯᠡᠯ ᠪᠤᠶᠤ ᠡᠵᠡᠨᠭᠨᠡᠯᠳᠠ ᠵᠢᠨ ᠦᠨᠡᠮᠯᠡᠯ᠎ᠢ᠎ᠨᠢ ᠬᠤᠷᠢᠶᠠᠨ ᠠᠪᠴᠦ ᠬᠦᠴᠦᠨ ᠦᠭᠡᠢ ᠪᠤᠯᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ᠃  
      ᠵᠢᠷᠠᠨ ᠵᠢᠷᠭᠤᠳᠤᠭ᠋ᠠᠷ ᠵᠦᠢ᠍ᠯ   ᠲᠤᠰ ᠬᠠᠦᠯᠢ ᠵᠢᠨ ᠲᠦᠴᠢᠨ ᠨᠢᠭᠡᠳᠦᠭᠡᠷ ᠵᠦᠢ᠍ᠯ᠎ᠤᠨ ᠲᠤᠭᠳᠠᠭ᠋ᠠᠯ᠎ᠢ ᠵᠦᠷᠢᠴᠡᠨ᠂ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠬᠦ ᠲᠠᠯᠠᠪᠠᠢ᠎ᠨᠢ ᠲᠡᠵᠢᠭᠡᠨ ᠦᠷᠡᠵᠢᠬᠦᠯᠬᠦ ᠲᠠᠨᠭ᠌ᠰᠠ ᠡᠪᠭᠡᠮᠡᠯ ᠵᠤᠬᠢᠶᠠᠭᠰᠠᠨ ᠦᠭᠡᠢ ᠠ᠋ᠰᠡᠬᠦᠯ᠎ᠠ ᠲᠡᠵᠢᠭᠡᠨ ᠦᠷᠡᠵᠢᠬᠦᠯᠬᠦ ᠲᠠᠨᠭ᠌ᠰᠠ ᠡᠪᠭᠡᠮᠡᠯ᠎ᠢ ᠲᠤᠭᠳᠠᠭ᠋ᠠᠯ ᠶᠤᠰᠤᠭ᠋ᠠᠷ ᠬᠠᠳᠠᠭ᠋ᠠᠯᠠᠭᠰᠠᠨ ᠦᠭᠡᠢ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠵᠠᠷᠯᠢᠭᠳᠠᠵᠦ ᠪᠠᠢ᠍ᠢ᠍ᠭ᠋ᠠᠳ ᠬᠤᠭᠤᠴᠠᠭ᠎ᠠ ᠲᠤᠭᠳᠠᠭ᠋ᠠᠨ ᠵᠠᠯᠠᠷᠠᠭᠤᠯᠤᠭᠤᠯᠵᠦ᠂ ᠨᠢᠭᠡ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠰᠢᠳᠬᠡᠵᠦ ᠪᠤᠯᠤᠨ᠎ᠠ᠃  
      ᠵᠢᠷᠠᠨ ᠲᠤᠯᠤᠳᠤᠭ᠋ᠠᠷ ᠵᠦᠢ᠍ᠯ   ᠲᠤᠰ ᠬᠠᠦᠯᠢ ᠵᠢᠨ ᠲᠦᠴᠢᠨ ᠭᠤᠷᠪᠠᠳᠤᠭ᠋ᠠᠷ ᠵᠦᠢ᠍ᠯ᠎ᠤᠨ ᠲᠤᠭᠳᠠᠭ᠋ᠠᠯ᠎ᠢ ᠵᠦᠷᠢᠴᠡᠵᠦ ᠮᠠᠯ ᠵᠢᠬᠦᠷᠳᠡᠨ᠎ᠢ ᠲᠡᠵᠢᠭᠡᠨ ᠦᠷᠡᠵᠢᠬᠦᠯᠦᠭᠰᠡᠨ ᠪᠠᠢ᠍ᠢ᠍ᠪᠠᠯ᠂ ᠬᠤᠯᠪᠤᠭᠳᠠᠯ ᠪᠦᠬᠦᠢ ᠬᠠᠦᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠦᠯᠢ ᠲᠤᠭᠳᠠᠭ᠋ᠠᠯ᠎ᠤᠨ ᠲᠤᠭᠳᠠᠭ᠋ᠠᠯ ᠶᠤᠰᠤᠭ᠋ᠠᠷ ᠰᠢᠳᠭᠡᠨ᠎ᠠ᠃  
      ᠵᠢᠷᠠᠨ ᠨᠠᠢ᠍ᠮᠠᠳᠤᠭ᠋ᠠᠷ ᠵᠦᠢ᠍ᠯ     ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠵᠦᠷᠢᠴᠡᠵᠦ᠂ ᠪᠤᠷᠤᠯᠠᠭᠤᠯᠤᠨ ᠬᠤᠳᠠᠯᠳᠤᠭᠰᠠᠨ ᠦᠷ᠎ᠠ ᠵᠢᠨ ᠮᠠᠯ ᠵᠢᠬᠦᠷᠳᠡᠨ᠎ᠨᠢ ᠦᠷ᠎ᠠ ᠵᠢᠨ ᠮᠠᠯ ᠵᠢᠬᠦᠷᠳᠡᠨ᠎ᠤ ᠬᠢᠷᠢ ᠲᠡᠨᠭᠴᠡᠭᠰᠡᠨ ᠬᠡᠷᠡᠴᠢ᠂ ᠬᠢᠵᠢᠭ᠎ᠤᠨ ᠪᠠᠢ᠍ᠢ᠍ᠴᠠᠭ᠋ᠠᠯᠳᠠ᠎ᠳᠤ ᠬᠢᠷᠢ ᠲᠡᠨᠭᠴᠡᠭᠰᠡᠨ ᠬᠡᠷᠡᠴᠢ᠂ ᠭᠡᠷ᠎ᠤᠨ ᠲᠡᠵᠢᠭᠡᠪᠤᠷᠢ ᠵᠢᠨ ᠤᠳᠤᠮ᠎ᠤᠨ ᠲᠡᠮᠳᠡᠭᠯᠡᠯ᠎ᠢ ᠲᠠᠭ᠋ᠠᠯᠳᠤᠭᠤᠯᠤᠭᠰᠠᠨ ᠦᠭᠡᠢ ᠪᠠᠢ᠍ᠢ᠍ᠪᠠᠯ᠂ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠲᠤᠭᠳᠠᠭ᠋ᠠᠯ ᠶᠤᠰᠤᠭ᠋ᠠᠷ ᠢᠯᠭ᠋ᠠᠬᠤ ᠲᠡᠮᠳᠡᠭ ᠳᠠᠯᠪᠢᠬᠤ ᠶᠤᠰᠤᠳᠠᠢ ᠪᠠᠢ᠍ᠢ᠍ᠳᠠᠯ᠎ᠠ ᠢᠯᠭ᠋ᠠᠬᠤ ᠲᠡᠮᠳᠡᠭ ᠳᠠᠯᠪᠢᠬᠰᠠᠨ ᠦᠭᠡᠢ ᠮᠠᠯ ᠵᠢᠬᠦᠷᠳᠡᠨ᠎ᠢ ᠪᠤᠷᠤᠯᠠᠭᠤᠯᠤᠭᠰᠠᠨ᠂ ᠬᠤᠳᠠᠯᠳᠤᠨ ᠠᠪᠤᠭᠰᠠᠨ᠂ ᠠ᠋ᠰᠡᠬᠦᠯ᠎ᠠ ᠮᠠᠯ ᠵᠢᠬᠦᠷᠳᠡᠨ᠎ᠤ ᠢᠯᠭ᠋ᠠᠬᠤ ᠲᠡᠮᠳᠡᠭ᠎ᠢ ᠲᠠᠬᠢᠨ ᠲᠠᠪᠳᠠᠨ ᠭᠡᠷᠡᠭᠯᠡᠭᠰᠡᠨ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠤᠷᠤᠨ ᠨᠤᠳᠤᠭ᠎ᠤᠨ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠵᠠᠷᠯᠢᠭᠳᠠᠠ ᠵᠠᠯᠠᠷᠠᠭᠤᠯᠤᠭᠤᠯᠵᠦ᠂ ᠬᠤᠶᠠᠷ ᠮᠢᠨᠭ᠌ᠭ᠋ᠠᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠰᠢᠳᠬᠡᠵᠦ ᠪᠤᠯᠤᠨ᠎ᠠ᠃
      ᠲᠤᠰ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ᠎ᠢ ᠵᠦᠷᠢᠴᠡᠵᠦ᠂ ᠬᠠᠭᠤᠷᠮᠠᠭᠯᠠᠨ ᠵᠤᠬᠢᠶᠠᠭᠰᠠᠨ᠂ ᠦᠭᠡᠷᠡᠳᠡᠬᠦᠯᠦᠨ ᠵᠤᠬᠢᠶᠠᠭᠰᠠᠨ ᠮᠠᠯ ᠵᠢᠬᠦᠷᠳᠡᠨ᠎ᠤ ᠢᠯᠭ᠋ᠠᠬᠤ ᠲᠡᠮᠳᠡᠭ᠎ᠢ ᠭᠡᠷᠡᠭᠯᠡᠭᠰᠡᠨ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠬᠠᠭᠤᠷᠮᠠᠭᠯᠠᠨ ᠵᠤᠬᠢᠶᠠᠭᠰᠠᠨ᠂ ᠦᠭᠡᠷᠡᠳᠡᠬᠦᠯᠦᠨ ᠵᠤᠬᠢᠶᠠᠭᠰᠠᠨ ᠮᠠᠯ ᠵᠢᠬᠦᠷᠳᠡᠨ᠎ᠤ ᠢᠯᠭ᠋ᠠᠬᠤ ᠲᠡᠮᠳᠡᠭ ᠪᠠ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠴᠦ᠂ ᠭᠤᠷᠪᠠᠨ ᠮᠢᠨᠭ᠌ᠭ᠋ᠠᠨ ᠲᠦᠬᠦᠷᠢᠭ᠎ᠠᠴᠠ ᠲᠡᠭᠡᠭᠰᠢ ᠭᠤᠷᠪᠠᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ᠃  
      ᠵᠢᠷᠠ ᠶᠢᠰᠦᠳᠦᠭᠡᠷ ᠵᠦᠢ᠍ᠯ     ᠤᠯᠤᠰ᠎ᠤᠨ ᠮᠡᠷᠭᠡᠵᠢᠯ᠎ᠤᠨ ᠲᠦᠷᠢᠮᠵᠢᠯ᠎ᠤᠨ ᠠᠯᠪᠠᠳᠠᠯᠭ᠎ᠠ ᠵᠢᠨ ᠴᠢᠨᠠᠷᠳᠠᠢ ᠱᠠᠭ᠋ᠠᠷᠳᠠᠯᠭ᠎ᠠ᠎ᠳᠤ ᠨᠡᠢ᠍ᠢ᠍ᠴᠡᠬᠦ ᠦᠭᠡᠢ ᠮᠠᠯ ᠵᠢᠬᠦᠷᠳᠡᠨ᠎ᠢ ᠪᠤᠷᠤᠯᠠᠭᠤᠯᠤᠭᠰᠠᠨ ᠪᠠᠢ᠍ᠢ᠍ᠪᠠᠯ᠂ ᠰᠢᠶᠠᠨ᠎ᠤ ᠱᠠᠳᠤᠨ᠎ᠠᠴᠠ ᠲᠡᠭᠡᠭᠰᠢᠬᠢ ᠤᠷᠤᠨ ᠨᠤᠳᠤᠭ᠎ᠤᠨ ᠠᠷᠠᠳ᠎ᠤᠨ ᠵᠠᠰᠠᠭ᠎ᠤᠨ ᠤᠷᠳᠤᠨ᠎ᠤ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠬᠠᠦᠯᠢ ᠵᠢ ᠵᠦᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠦ᠂ ᠬᠠᠦᠯᠢ ᠵᠢ ᠵᠦᠷᠢᠴᠡᠵᠦ ᠪᠤᠷᠤᠯᠠᠭᠤᠯᠤᠭᠰᠠᠨ ᠮᠠᠯ ᠵᠢᠬᠦᠷᠳᠡᠨ ᠪᠤᠯᠤᠨ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠴᠦ᠂ ᠬᠠᠦᠯᠢ ᠵᠢ ᠵᠦᠷᠢᠴᠡᠵᠦ ᠤᠯᠤᠭᠰᠠᠨ ᠤᠯᠵᠠ ᠠᠰᠢᠭ᠎ᠤᠨ ᠬᠢᠨᠢ ᠨᠢᠭᠡ ᠲᠠᠬᠢᠨ᠎ᠠᠴᠠ ᠲᠡᠭᠡᠭᠰᠢ ᠭᠤᠷᠪᠠᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠢ᠍ᠢ᠍ᠯᠡᠬᠦᠯᠦᠨ ᠰᠢᠳᠭᠡᠨ᠎ᠠ; ᠦᠢ᠍ᠯᠨ ᠪᠠᠢ᠍ᠢ᠍ᠳᠠᠯ᠎ᠨᠢ ᠬᠦᠨᠳᠦ ᠨᠤᠴᠢᠳᠠᠢ ᠪᠠᠢ᠍ᠢ᠍ᠪᠠᠯ᠂ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠡᠵᠡᠨᠭᠨᠡᠯᠳᠠ ᠵᠢᠨ ᠦᠨᠡᠮᠯᠡᠯ᠎ᠢ᠎ᠨᠢ ᠬᠤᠷᠢᠶᠠᠨ ᠠᠪᠴᠦ ᠬᠦᠴᠦᠨ ᠦᠭᠡᠢ ᠪᠤᠯᠭ᠋ᠠᠬᠤ᠎ᠪᠠᠷ ᠨᠡᠢ᠍ᠢ᠍ᠯᠡᠬᠦᠯᠦᠨ ᠰᠢᠳᠬᠡᠨ᠎ᠠ᠃
      ᠲᠠᠯᠠᠳᠤᠭ᠋ᠠᠷ ᠵᠦᠢ᠍ᠯ   ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠤᠨ ᠠᠵᠢᠯᠳᠠᠨ ᠲᠤᠰᠢᠶᠠᠯ᠎ᠤᠨ ᠵᠶ᠋ᠠᠨ ᠲᠦᠬᠦᠮ᠎ᠢ ᠠᠰᠢᠬᠯᠠᠨ ᠪᠤᠰᠤᠳ᠎ᠤᠨ ᠵᠤᠭᠤᠰ ᠮᠦᠨᠭᠬᠦ ᠠ᠋ᠳ᠋ ᠪᠤᠳᠠᠰ᠎ᠢ ᠬᠦᠯᠢᠶᠡᠨ ᠠᠪᠤᠭᠰᠠᠨ ᠪᠤᠶᠤ ᠪᠤᠰᠤᠳ ᠠᠰᠢᠭ ᠳᠤᠰᠠ ᠤᠯᠤᠭᠰᠠᠨ᠂ ᠬᠠᠦᠯᠢ᠎ᠪᠠᠷ ᠲᠤᠭᠳᠠᠭ᠋ᠠᠭᠰᠠᠨ ᠨᠦᠬᠦᠴᠡᠯ᠎ᠳᠤ ᠨᠡᠢ᠍ᠢ᠍ᠴᠡᠬᠦ ᠦᠭᠡᠢ ᠪᠠᠢ᠍ᠢ᠍ᠭᠤᠯᠭ᠎ᠠ᠂ ᠬᠤᠪᠢ ᠬᠦᠮᠦᠨ᠎ᠳᠤ ᠵᠦᠪᠰᠢᠶᠡᠷᠡᠯ᠎ᠤᠨ ᠦᠨᠡᠮᠯᠡᠯ ᠪᠤᠶᠤ ᠬᠤᠯᠪᠤᠭᠳᠠᠯ ᠪᠦᠬᠦᠢ ᠵᠦᠪᠰᠢᠶᠡᠷᠡᠯ᠎ᠤᠨ ᠪᠢᠴᠢᠭ ᠮᠠᠲᠸᠷᠢᠶᠠᠯ᠎ᠢ ᠵᠦᠪᠰᠢᠶᠡᠷᠡᠨ ᠤᠯᠭᠤᠭᠰᠠᠨ᠂ ᠬᠢᠨᠠᠯᠳᠠ ᠲᠠᠯᠪᠢᠬᠤ ᠬᠠᠷᠢᠭᠤᠴᠠᠯᠭ᠎ᠠ᠎ᠪᠠᠨ ᠠ᠋ᠰᠠ ᠬᠦᠢ᠍ᠴᠡᠳᠬᠡᠭᠰᠡᠨ᠂ ᠠ᠋ᠰᠡᠬᠦᠯ᠎ᠠ ᠬᠠᠦᠯᠢ ᠵᠢ ᠵᠦᠷᠢᠴᠡᠭᠰᠡᠨ ᠠᠵᠢᠯᠯᠠᠭ᠎ᠠ ᠵᠢ ᠤᠯᠵᠦ ᠮᠡᠳᠡᠭᠡᠳ ᠪᠠᠢ᠍ᠢ᠍ᠴᠠᠭ᠋ᠠᠨ ᠰᠢᠳᠬᠡᠭᠰᠡᠨ ᠦᠬᠡᠢ ᠪᠠᠢ᠍ᠢ᠍ᠪᠠᠯ᠂ ᠬᠠᠦᠯᠢ ᠶᠤᠰᠤᠭ᠋ᠠᠷ ᠵᠠᠰᠠᠭ ᠵᠠᠬᠢᠷᠭ᠋ᠠᠨ᠎ᠤ ᠰᠢᠳᠬᠡᠯ ᠦᠭᠬᠦᠨ᠎ᠠ᠃       ᠲᠠᠯᠠᠨ ᠨᠢᠭᠡᠳᠦᠭᠡᠷ ᠵᠦᠢ᠍ᠯ   ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠨ ᠡᠵᠡᠨᠭᠨᠡᠭᠴᠢ᠎ᠨᠢ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠵᠦ ᠡᠵᠡᠨᠭᠨᠡᠬᠦ ᠵᠦᠪᠰᠢᠶᠡᠷᠡᠯ᠎ᠤᠨ ᠦᠨᠡᠮᠯᠡᠯ ᠵᠶ᠋ᠠᠨ ᠬᠤᠷᠢᠶᠠᠬᠳᠠᠨ ᠬᠦᠴᠦᠨ ᠦᠭᠡᠢ ᠪᠤᠯᠭ᠋ᠠᠭᠳᠠᠭᠰᠠᠨ ᠪᠠᠢ᠍ᠢ᠍ᠪᠠᠯ᠂ ᠮᠠᠯ ᠠᠵᠦ ᠠᠬᠤᠢ ᠮᠠᠯ ᠠ᠋ᠮᠨᠡᠯᠭᠡ ᠵᠢᠨ ᠵᠠᠰᠠᠭ ᠵᠠᠬᠢᠷᠭ᠋ᠠᠨ᠎ᠤ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠨᠢ ᠵᠦᠪᠰᠢᠶᠡᠷᠡᠯ᠎ᠤᠨ ᠦᠨᠡᠮᠯᠡᠯ᠎ᠢ ᠬᠤᠷᠢᠶᠠᠨ ᠠᠪᠴᠦ ᠬᠦᠴᠦᠨ ᠦᠭᠡᠢ ᠪᠤᠯᠭ᠋ᠠᠭᠰᠠᠨ ᠠ᠋ᠳᠦᠷ᠎ᠠᠴᠠ ᠠ᠋ᠬᠢᠯᠡᠵᠦ ᠠᠷᠪᠠᠨ ᠠ᠋ᠳᠦᠷ᠎ᠤᠨ ᠲᠤᠳᠤᠷ᠎ᠠ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠲᠤ ᠮᠡᠳᠡᠭᠳᠡᠨ᠎ᠠ᠃ ᠦᠷ᠎ᠠ ᠵᠢᠨ ᠮᠠᠯ ᠵᠢᠬᠦᠷᠳᠡᠨ᠎ᠢ ᠦᠢ᠍ᠯᠡᠳᠪᠦᠷᠢᠯᠡᠨ ᠡᠵᠡᠨᠭᠨᠡᠭᠴᠢ᠎ᠨᠢ ᠬᠠᠦᠯᠢ ᠶᠤᠰᠤᠭ᠋ᠠᠷ ᠦᠢ᠍ᠯᠡᠳᠪᠤᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠲᠤ ᠬᠦᠷᠴᠦ ᠲᠠᠨᠭ᠌ᠰᠠᠯᠠᠯᠳᠠ᠎ᠪᠠᠨ ᠬᠤᠪᠢᠷᠠᠭᠤᠯᠬᠤ ᠪᠤᠶᠤ ᠲᠠᠨᠭ᠌ᠰᠠᠯᠠᠯᠳᠠ᠎ᠠᠴᠠ ᠬᠠᠰᠤᠬᠤ ᠭᠠᠷ ᠬᠦᠢ᠍ᠴᠡᠳᠭᠡᠯ ᠬᠢᠬᠦ ᠭᠡᠷᠡᠭᠳᠠᠢ᠃
      ᠲᠠᠯᠠᠨ ᠬᠤᠶᠠᠳᠤᠭ᠋ᠠᠷ ᠵᠦᠢ᠍ᠯ     ᠲᠤᠰ ᠬᠠᠦᠯᠢ ᠵᠢᠨ ᠲᠤᠭᠳᠠᠭ᠋ᠠᠯ᠎ᠢ ᠵᠦᠷᠢᠴᠡᠵᠦ᠂ ᠶᠠᠯ᠎ᠠ ᠪᠤᠯᠵᠦ ᠪᠦᠷᠢᠯᠳᠦᠭᠰᠡᠨ ᠪᠠᠢ᠍ᠢ᠍ᠪᠠᠯ᠂ ᠬᠠᠦᠯᠢ ᠶᠤᠰᠤᠭ᠋ᠠᠷ ᠠ᠋ᠷᠡᠬᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠠ᠃  
      ᠨᠠᠢ᠍ᠮᠠᠳᠤᠭ᠋ᠠᠷ ᠪᠦᠯᠦᠭ       ᠲᠠᠭ᠋ᠠᠯᠳᠤᠭᠤᠯᠤᠭᠰᠠᠨ ᠲᠦᠷᠢᠮ
      ᠲᠠᠯᠠᠨ ᠭᠤᠷᠪᠠᠳᠤᠭ᠋ᠠᠷ ᠵᠦᠢ᠍ᠯ
  ᠲᠤᠰ ᠬᠠᠦᠯᠢ᠎ᠳᠤ ᠬᠡᠯᠡᠵᠦ ᠪᠠᠢ᠍ᠢ᠍ᠭ᠎ᠠ ᠮᠠᠯ ᠵᠢᠬᠦᠷᠳᠡᠨ᠎ᠤ ᠤᠳᠤᠮᠯᠠᠯ᠎ᠤᠨ ᠠ᠋ᠬᠢ ᠪᠠᠶᠠᠯᠢᠭ ᠬᠡᠳᠡᠭ᠎ᠨᠢ ᠮᠠᠯ ᠵᠢᠬᠦᠷᠳᠡᠨ ᠪᠠ ᠲᠡᠬᠦᠨ᠎ᠤ ᠦᠨᠳᠡᠭᠡᠨ ᠠ᠋ᠰ (ᠦᠨᠳᠡᠭᠡ)᠂ ᠬᠦᠪᠦᠷᠡᠯ᠂ ᠦᠷ᠎ᠠ ᠵᠢᠨ ᠰᠢᠨᠭᠭᠡᠨ᠂ ᠭᠧᠨ᠎ᠤ ᠠ᠋ᠳ᠋ ᠵᠡᠷᠭᠡ ᠤᠳᠤᠮᠯᠠᠯ᠎ᠤᠨ ᠮᠠᠲᠸᠷᠢᠶᠠᠯ᠎ᠢ ᠵᠢᠭ᠋ᠠᠵᠦ ᠪᠠᠢ᠍ᠢ᠍ᠨ᠎ᠠ᠃
      ᠲᠤᠰ ᠬᠠᠦᠯᠢ᠎ᠳᠤ ᠬᠡᠯᠡᠵᠦ ᠪᠠᠢ᠍ᠢ᠍ᠭ᠎ᠠ ᠦᠷ᠎ᠠ ᠵᠢᠨ ᠮᠠᠯ ᠵᠢᠬᠦᠷᠳᠡᠨ ᠭᠡᠳᠡᠭ᠎ᠨᠢ ᠰᠤᠨᠭ᠌ᠭᠤᠨ ᠪᠤᠢ᠍ᠢ᠍ᠵᠢᠭᠤᠯᠤᠯᠳᠠ ᠵᠢ ᠦᠨᠭᠭᠡᠷᠡᠭᠡᠭᠰᠡᠨ᠂ ᠭᠡᠭᠡᠯᠳᠦᠬᠦᠯᠭᠡ᠎ᠳᠤ ᠭᠡᠷᠡᠭᠯᠡᠬᠦ ᠦᠨ᠎ᠠ ᠦᠷᠳᠡᠭ᠎ᠲᠠᠢ᠂ ᠬᠤᠢ᠍ᠢ᠍ᠴᠢ ᠦᠶ᠎ᠠ ᠵᠢ ᠦᠷᠡᠵᠢᠬᠦᠯᠬᠦ᠎ᠳᠤ ᠲᠤᠬᠢᠷᠠᠬᠤ ᠮᠠᠯ ᠵᠢᠬᠦᠷᠳᠡᠨ ᠵᠢᠴᠢ ᠲᠡᠬᠦᠨ᠎ᠤ ᠦᠨᠳᠡᠭᠡᠨ ᠠ᠋ᠰ (ᠦᠨᠳᠡᠭᠡ)᠂ ᠬᠦᠪᠦᠷᠡᠯ᠂ ᠦᠷ᠎ᠠ ᠵᠢᠨ ᠰᠢᠨᠭᠭᠡᠨ ᠵᠡᠷᠭᠡ ᠵᠢ ᠵᠢᠭ᠋ᠠᠵᠦ ᠪᠠᠢ᠍ᠢ᠍ᠨ᠎ᠠ᠃
      ᠲᠠᠯᠠᠨ ᠲᠦᠷᠪᠡᠳᠦᠭᠡᠷ ᠵᠦᠢ᠍ᠯ   ᠲᠤᠰ ᠬᠠᠦᠯᠢ ᠵᠢ 2006 ᠤᠨ᠎ᠤ 7 ᠳ᠋ᠤᠭ᠋ᠠᠷ ᠰᠠᠷ᠎ᠠ ᠵᠢᠨ 1᠎ᠤ ᠠ᠋ᠳᠦᠷ᠎ᠠᠴᠠ ᠠ᠋ᠬᠢᠯᠡᠵᠦ ᠭᠡᠷᠡᠭᠵᠢᠬᠦᠯᠦᠨ᠎ᠠ᠃  

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ