ᠤᠰᠤ ᠠᠷᠪᠢᠯᠠᠬᠤ ᠠᠵᠢᠯᠯᠠᠭᠠᠨ   -   ᠠᠵᠢᠯ ᠶᠠᠪᠤᠭ᠍ᠳᠠᠵᠤ ᠪᠤᠢ
ᠬᠠᠩᠭᠢᠨ ᠬᠣᠢᠲᠤ ᠬᠣᠰᠢᠭᠤ ᠲᠠᠷᠢᠶᠠᠯᠠᠩ᠎ᠤᠨ ᠤᠰᠤ ᠠᠷᠪᠢᠯᠠᠬᠤ ᠠᠵᠢᠯᠯᠠᠭᠠᠨ᠎ᠢ ᠲᠦᠯᠬᠢᠨ ᠠᠬᠢᠭᠤᠯᠵᠤ ᠪᠣᠢ
ᠨᠡᠶ᠋ᠢᠲᠡᠯᠡᠭᠰᠡᠨ ᠴᠠᠭ᠄ 2025-07-16

ᠣᠢᠷ᠎ᠠ᠎ᠶᠢᠨ ᠵᠢᠯ᠎ᠡᠴᠡ ᠨᠠᠭᠠᠰᠢ᠂ ᠬᠠᠩᠭᠢᠨ ᠬᠣᠢᠲᠤ ᠬᠣᠰᠢᠭᠤ ᠣᠯᠠᠨ ᠵᠦᠢᠯ᠎ᠦᠨ ᠠᠷᠭ᠎ᠠ ᠬᠡᠮᠵᠢᠶ᠎ᠡ᠎ᠶᠢ ᠵᠡᠷᠭᠡ᠎ᠪᠡᠷ ᠬᠡᠷᠡᠭᠯᠡᠨ ᠲᠠᠷᠢᠶᠠᠯᠠᠩ᠎ᠤᠨ ᠤᠰᠤ ᠠᠷᠪᠢᠯᠠᠬᠤ ᠠᠵᠢᠯᠯᠠᠭᠠᠨ᠎ᠢ ᠲᠦᠯᠬᠢᠨ ᠠᠬᠢᠭᠤᠯᠵᠤ᠂ ᠢᠯᠡᠳᠲᠡ ᠦᠷ᠎ᠡ ᠪᠦᠲᠦᠮᠵᠢ ᠣᠯᠣᠭᠰᠠᠨ ᠪᠠᠢᠨ᠎ᠠ᠃ 

ᠤᠰᠤ ᠠᠷᠪᠢᠯᠠᠵᠤ ᠤᠰᠤ ᠬᠢᠵᠠᠭᠠᠷᠯᠠᠬᠤ 《ᠬᠠᠮᠲᠤ᠎ᠶᠢᠨ ᠴᠣᠭᠴᠠ》᠎ᠶᠢ ᠪᠠᠢᠭᠤᠯᠵᠤ᠂ 《ᠨᠠᠮ᠎ᠤᠨ ᠡᠭᠦᠷ + ᠤᠰᠤ ᠬᠡᠷᠡᠭᠯᠡᠬᠦ ᠬᠣᠷᠰᠢᠶ᠎ᠠ + ᠲᠠᠷᠢᠶᠠᠴᠢᠨ ᠡᠷᠦᠬᠡ》᠎ᠶᠢᠨ ᠭᠤᠷᠪᠠᠨ ᠱᠠᠲᠤᠨ᠎ᠤ ᠬᠣᠯᠪᠣᠭᠠᠯᠠᠨ ᠬᠥᠳᠡᠯᠦᠯᠴᠡᠬᠦ ᠲᠣᠭᠲᠠᠴᠠ᠎ᠶᠢ ᠠᠰᠢᠭ᠍ᠯᠠᠨ᠂ ᠪᠥᠬᠥ ᠬᠣᠰᠢᠭᠤᠨ᠎ᠳᠤ ᠲᠠᠷᠢᠶᠠᠴᠢᠳ᠎ᠤᠨ ᠤᠰᠤ ᠬᠡᠷᠡᠭᠯᠡᠬᠦ ᠬᠠᠮᠲᠤᠷᠠᠯᠴᠠᠭᠠᠨ᠎ᠤ ᠵᠣᠬᠢᠶᠠᠨ ᠪᠠᠢᠭᠤᠯᠤᠯᠲᠠ᠎ᠶᠢ 63 ᠂ ᠳᠠᠭᠠᠭᠠᠴᠢᠯᠠᠨ ᠤᠰᠤᠯᠠᠬᠤ 669 ᠳᠤᠭᠤᠢᠯᠠᠩ᠎ᠢ ᠪᠠᠢᠭᠤᠯᠪᠠ; 《ᠨᠢᠭᠡ ᠬᠦᠷᠵᠡ》᠎ᠪᠡᠷ ᠲᠠᠷᠢᠶ᠎ᠠ ᠤᠰᠤᠯᠠᠬᠤ ᠬᠡᠪ ᠵᠠᠭᠪᠤᠷ᠎ᠢ ᠶᠡᠬᠡ᠎ᠪᠡᠷ ᠬᠡᠷᠡᠭᠵᠢᠭᠦᠯᠵᠦ᠂ ᠭᠦᠢᠬᠡᠨ ᠤᠰᠤᠯᠠᠯᠲᠠ᠎ᠶᠢᠨ ᠡᠭᠡᠯᠵᠢ᠎ᠶᠢ ᠲᠦᠷᠭᠡᠳᠭᠡᠬᠦ᠂ ᠳᠠᠭᠠᠭᠠᠴᠢᠯᠠᠨ ᠤᠰᠤᠯᠠᠬᠤ ᠳᠤᠭᠤᠢᠯᠠᠩ᠎ᠤᠨ ᠲᠠᠷᠢᠶ᠎ᠠ ᠤᠰᠤᠯᠠᠬᠤ ᠵᠡᠷᠭᠡ ᠲᠠᠷᠢᠶᠠᠨ ᠭᠠᠵᠠᠷ᠎ᠤᠨ ᠤᠰᠤ ᠠᠷᠪᠢᠯᠠᠬᠤ ᠠᠷᠭ᠎ᠠ ᠬᠡᠮᠵᠢᠶ᠎ᠡ᠎ᠶᠢ ᠨᠠᠢᠳᠠᠪᠤᠷᠢᠵᠢᠭᠤᠯᠪᠠ᠃ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ 《ᠤᠰᠤ ᠠᠷᠪᠢᠯᠠᠬᠤ ᠭᠤᠤᠷᠰᠤᠨ᠎ᠤ ᠲᠣᠣᠷ》᠎ᠢ ᠪᠠᠢᠭᠤᠯᠵᠤ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢ 52 ᠲᠦᠮᠡᠨ ᠮᠦ᠍ ᠪᠠᠢᠭᠤᠯᠵᠤ᠂ ᠤᠤᠯ᠎ᠤᠨ ᠪᠠᠢᠭᠰᠠᠨ 7 ᠲᠠᠰ᠎ᠤᠨ ᠤᠰᠤᠯᠠᠵᠤ ᠲᠠᠲᠠᠷᠡᠭᠤᠯᠬᠤ ᠳᠤᠭᠲᠠᠯᠴᠠᠭ᠎ᠠ᠎ᠶᠢ 6 ᠲᠠᠰ ᠪᠤᠶᠤ 5 ᠲᠠᠰ ᠪᠣᠯᠭᠠᠨ ᠪᠠᠭᠠᠰᠬᠠᠵᠤ᠂ 431 ᠺᠢᠯᠣᠮᠧᠲᠷ᠎ᠤᠨ ᠰᠤᠪᠠᠭ᠎ᠢ ᠲᠣᠳᠤᠷᠯᠠᠵᠤ᠂ ᠲᠠᠷᠢᠶᠠᠨ ᠭᠠᠵᠠᠷ᠎ᠤᠨ ᠰᠢᠮ᠎ᠡ᠎ᠶᠢᠨ ᠲᠠᠰ᠎ᠢ 1 ᠲᠠᠰ ᠳᠡᠭᠡᠭᠰᠢᠯᠡᠭᠦᠯᠦᠨ᠂ ᠤᠰᠤᠯᠠᠯᠲᠠ᠎ᠶᠢᠨ ᠤᠰᠤᠨ᠎ᠤ ᠠᠰᠢᠭ᠍ᠯᠠᠯᠲᠠ᠎ᠶᠢᠨ ᠨᠣᠷᠮ᠎ᠠ᠎ᠶᠢ 25%᠎ᠪᠠᠷ ᠲᠡᠭᠡᠭᠰᠢᠯᠡᠭᠦᠯᠪᠡ; ᠰᠢᠭᠤᠳ ᠲᠠᠲᠠᠬᠤ ᠮᠠᠶᠢᠭ᠋᠎ᠤᠨ᠂ ᠲᠣᠬᠢᠷᠠᠭᠤᠯᠤᠨ ᠬᠠᠳᠠᠭᠠᠯᠠᠬᠤ ᠮᠠᠶᠢᠭ᠋᠎ᠤᠨ᠂ ᠰᠢᠯᠵᠢᠮᠡᠯ ᠮᠠᠶᠢᠭ᠋᠎ᠤᠨ᠂ ᠠᠪᠴᠤ ᠶᠠᠪᠤᠬᠤ ᠮᠠᠶᠢᠭ᠋᠎ᠤᠨ 4 ᠵᠦᠢᠯ᠎ᠦᠨ ᠬᠡᠯᠪᠡᠷᠢ᠎ᠪᠡᠷ ᠬᠠᠲᠤᠨ ᠭᠣᠣᠯ᠎ᠤᠨ ᠤᠰᠤ᠎ᠶᠢ ᠲᠠᠲᠠᠵᠤ ᠳᠤᠰᠤᠯᠭᠠᠨ ᠤᠰᠤᠯᠠᠬᠤ ᠬᠡᠪ ᠵᠠᠭᠪᠤᠷ᠎ᠢ ᠰᠢᠨ᠎ᠡ᠎ᠶᠢ ᠡᠭᠦᠳᠦᠨ ᠳᠡᠯᠭᠡᠷᠡᠭᠦᠯᠵᠦ᠂ ᠰᠢᠯᠵᠢᠮᠡᠯ ᠮᠠᠶᠢᠭ᠋᠎ᠤᠨ ᠤᠰᠤ ᠪᠣᠷᠳᠣᠭᠤᠷ᠎ᠤᠨ ᠨᠢᠭᠡ ᠴᠣᠭᠴᠠᠲᠤ ᠮᠠᠰᠢᠨ᠎ᠢ 1057᠂ ᠠᠪᠴᠤ ᠶᠠᠪᠤᠬᠤ ᠮᠠᠶᠢᠭ᠋᠎ᠤᠨ ᠬᠢ᠎ᠶᠢ 1600 ᠠᠰᠢᠭ᠍ᠯᠠᠨ᠂ ᠬᠠᠲᠤᠨ ᠭᠣᠣᠯ᠎ᠤᠨ ᠤᠰᠤ᠎ᠶᠢ ᠲᠠᠲᠠᠵᠤ ᠳᠤᠰᠤᠯᠭᠠᠨ ᠤᠰᠤᠯᠠᠭᠰᠠᠨ ᠪᠦᠷᠬᠦᠴᠡ᠎ᠶᠢᠨ ᠲᠠᠯᠠᠪᠠᠶ 107 ᠲᠦᠮᠡᠨ ᠮᠦ᠍᠎ᠳᠦ ᠬᠥᠷᠪᠡ᠃ ᠣᠶᠤᠨᠲᠤ ᠲᠠᠷᠢᠶᠠᠯᠠᠩ᠎ᠤᠨ《ᠤᠰᠤᠨ᠎ᠤ ᠬᠥᠳᠡᠯᠭᠡᠭᠴᠢ ᠡᠨᠧᠷᠭᠢ》ᠶ᠋ᠢ ᠬᠥᠭᠵᠢᠭᠡᠵᠦ᠂ ᠱᠠ ᠬᠠᠢ ᠪᠠᠯᠭᠠᠰᠤ᠎ᠶᠢᠨ ᠮᠢᠩᠭᠠᠨ ᠮᠦ᠍ ᠳᠤᠰᠤᠯᠭᠠᠨ ᠤᠰᠤᠯᠠᠬᠤ ᠪᠤᠭᠤᠳᠠᠢ᠎ᠶᠢᠨ ᠰᠢᠨᠵᠢᠯᠡᠬᠦ ᠤᠬᠠᠭᠠᠨ ᠲᠸᠭ᠌ᠨᠢᠭ ᠮᠡᠷᠭᠡᠵᠢᠯ᠎ᠦᠨ ᠵᠢᠱ᠌ᠢᠶ᠎ᠡ ᠦᠵᠡᠭᠦᠯᠬᠦ ᠬᠦᠷᠢᠶᠡᠯᠡᠩ ᠲᠣᠭᠣᠷᠢᠭ᠋᠎ᠤᠨ ᠳᠣᠲᠣᠷᠠᠬᠢ ᠭᠦᠢᠬᠡᠨ ᠪᠤᠯᠠᠬᠤ ᠮᠠᠶᠢᠭ᠋᠎ᠤᠨ ᠳᠤᠰᠤᠯᠭᠠᠨ ᠤᠰᠤᠯᠠᠬᠤ ᠤᠰᠤ ᠪᠣᠷᠳᠣᠭᠤᠷ᠎ᠢ ᠨᠢᠭᠡ ᠴᠣᠭᠴᠠᠵᠢᠭᠤᠯᠬᠤ ᠰᠢᠰᠲᠧᠮ ᠨᠢ 40%᠎ᠶ᠋ᠢᠨ ᠤᠰᠤ ᠠᠷᠪᠢᠯᠠᠵᠤ᠂ 30%᠎ᠶᠢᠨ ᠪᠣᠷᠳᠣᠭᠤᠷ ᠠᠷᠪᠢᠯᠠᠬᠤ᠎ᠶᠢ ᠪᠡᠶᠡᠯᠡᠭᠦᠯᠵᠦ᠂ ᠪᠤᠭᠤᠳᠠᠢ᠎ᠶᠢᠨ ᠲᠠᠯᠠᠪᠠᠢ ᠨᠢᠭᠡᠴᠢ᠎ᠶᠢᠨ ᠤᠨᠠᠯᠲᠠ᠎ᠶᠢ ᠮᠦ᠍ ᠪᠦᠷᠢ᠎ᠳᠦ 500 ᠺᠢᠯᠣᠭ᠌ᠷᠠᠮ ᠪᠠᠢᠭᠰᠠᠨ᠎ᠠᠴᠠ 550 ᠺᠢᠯᠣᠭ᠌ᠷᠠᠮ ᠪᠣᠯᠭᠠᠨ ᠳᠡᠭᠡᠭᠰᠢᠯᠡᠭᠦᠯᠪᠡ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ