ᠬᠠᠷᠢᠯᠴᠠᠨ ᠬᠠᠪᠰᠤᠷᠤᠯᠴᠠᠵᠤ ᠦᠨᠳᠦᠰᠦᠳᠡᠨ ᠤ ᠪᠦᠯᠬᠦᠮᠳᠡᠯ ᠢᠶᠠᠨ ᠤᠯᠠᠮ ᠨᠢᠭᠳᠠᠷᠠᠭᠤᠯᠤᠨᠠᠮ
ᠨᠡᠶᠢᠲᠡᠯᠡᠭᠰᠡᠨ ᠴᠠᠭ᠄
2015-01-28
     ︽ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ︾ ᠶᠢᠨ ᠲᠤᠳᠤᠷᠠᠬᠢ ᠬᠠᠷᠢᠯᠴᠠᠨ ᠬᠠᠪᠰᠤᠷᠤᠯᠴᠠᠬᠤ ᠬᠡᠳᠡᠭ ᠨᠢ ᠲᠠᠷᠤᠢ ᠦᠨᠳᠦᠰᠦᠳᠡᠨ ᠨᠦᠭᠦᠳ ᠤᠨ ᠺᠠᠳ᠋ᠷ ᠤᠯᠠᠨ ᠲᠦᠮᠡᠨ ᠡᠷᠭᠡ ᠲᠡᠭᠰᠢ ᠪᠦᠯᠬᠦᠮᠳᠡᠯ ᠲᠠᠢ ᠬᠠᠷᠢᠯᠴᠠᠨ ᠬᠠᠪᠰᠤᠷᠤᠯᠴᠠᠭᠰᠠᠨ ᠡᠶ᠎ᠡ ᠵᠤᠬᠢᠴᠠᠩᠭᠤᠢ ᠪᠠᠶᠢᠬᠤ ᠦᠵᠡᠯ ᠰᠠᠨᠠᠭ᠎ᠠ ᠶᠢ ᠪᠠᠳᠤ ᠪᠠᠬᠢ ᠪᠤᠯᠭᠠᠵᠤ᠂ ᠦᠨᠳᠦᠰᠦᠳᠡᠨ ᠨᠦᠭᠦᠳ ᠤᠨ ᠠᠷᠠᠳ ᠲᠦᠮᠡᠨ ᠪᠦᠯᠬᠦᠮᠳᠡᠨ ᠨᠢᠭᠳᠠᠷᠠᠵᠤ᠂ ᠡᠬᠡ ᠤᠯᠤᠰ ᠤᠨ ᠬᠢᠯᠢ ᠬᠢᠵᠠᠭᠠᠷ ᠢ ᠬᠠᠮᠳᠤ ᠪᠠᠷ ᠰᠠᠬᠢᠨ ᠬᠠᠮᠠᠭᠠᠯᠠᠵᠤ᠂ ᠵᠤᠯ ᠵᠢᠷᠭᠠᠯᠳᠤ ᠠᠮᠢᠳᠤᠷᠠᠯ ᠢᠶᠠᠨ ᠴᠤᠭᠴᠠᠯᠠᠬᠤ ᠶᠢ ᠬᠡᠯᠡᠵᠦ ᠪᠤᠢ᠃      ᠬᠠᠷᠢᠯᠴᠠᠨ ᠬᠠᠪᠰᠤᠷᠤᠯᠴᠠᠬᠤ ᠳᠤ ᠦᠨᠳᠦᠰᠦᠳᠡᠨ ᠨᠦᠭᠦᠳ ᠤᠨ ᠪᠠᠳᠤ ᠪᠦᠯᠬᠦᠮᠳᠡᠯ ᠢᠶᠠᠷ ᠰᠠᠭᠤᠷᠢ ᠪᠤᠯᠭᠠᠬᠤ ᠬᠡᠷᠡᠭᠳᠡᠢ᠃ ᠦᠨᠳᠦᠰᠦᠳᠡᠨ ᠤ ᠪᠦᠯᠬᠦᠮᠳᠡᠯ ᠤᠨ ᠦᠵᠡᠮᠵᠢ ᠶᠢᠨ ᠤᠷᠤᠨ ᠢ ᠪᠠᠶᠢᠭᠤᠯᠬᠤ ᠳᠤ ᠨᠠᠮ ᠤᠨ ᠦᠨᠳᠦᠰᠦᠳᠡᠨ ᠤ ᠲᠦᠷᠦ ᠶᠢᠨ ᠪᠤᠳᠤᠯᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠡᠷᠭᠡ ᠲᠡᠭᠰᠢ᠂ ᠪᠦᠯᠬᠦᠮᠳᠡᠯ  ᠲᠠᠢ ᠪᠠᠷ ᠬᠠᠷᠢᠯᠴᠠᠨ  ᠬᠠᠪᠰᠤᠷᠤᠭᠰᠠᠨ ᠨᠡᠶᠢᠭᠡᠮ ᠵᠢᠷᠤᠮ ᠤᠨ ᠰᠢᠨ᠎ᠡ ᠬᠡᠯᠪᠡᠷᠢ ᠶᠢᠨ ᠦᠨᠳᠦᠰᠦᠳᠡᠨ ᠤ ᠬᠠᠷᠢᠴᠠᠭ᠎ᠠ ᠶᠢ ᠪᠠᠳᠤ ᠪᠠᠬᠢᠵᠢᠬᠦᠯᠵᠦ᠂ ᠡᠯ᠎ᠡ ᠦᠨᠳᠦᠰᠦᠳᠡᠨ ᠵᠢᠷᠭᠠᠯ ᠵᠤᠪᠠᠨᠢᠯ ᠢᠶᠠᠨ ᠬᠠᠮᠳᠤᠳᠬᠠᠬᠤ ᠶᠢ ᠪᠡᠶᠡᠯᠡᠬᠦᠯᠬᠦ ᠴᠢᠬᠤᠯᠠ ᠲᠠᠢ᠃ ᠦᠢᠷ᠎ᠡ ᠶᠢᠨ ᠵᠢᠯ ᠳᠤ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠵᠦᠪ ᠤᠨᠤᠪᠴᠢᠳᠠᠢ ᠤᠳᠤᠷᠢᠳᠤᠯᠭ᠎ᠠ ᠪᠠᠷ᠂ ᠨᠠᠮ ᠤᠨ ᠦᠨᠳᠦᠰᠦᠳᠡᠨ ᠤ ᠲᠦᠷᠦ ᠶᠢᠨ ᠪᠤᠳᠤᠯᠭ᠎ᠠ ᠶᠢ ᠨᠠᠷᠢᠨ ᠬᠢᠨᠠᠮᠠᠭᠠᠢ ᠲᠤᠤᠱᠯᠠᠭᠤᠯᠵᠤ᠂ ᠬᠢᠵᠠᠭᠠᠷ ᠢᠶᠠᠨ ᠮᠠᠨᠳᠤᠭᠤᠯᠵᠤ ᠠᠷᠠᠳ ᠢᠶᠠᠨ ᠬᠦᠴᠦᠷᠭᠡᠭᠵᠢᠬᠦᠯᠬᠦ ᠠᠵᠢᠯᠯᠠᠭ᠎ᠠ ᠦᠷᠨᠢᠬᠦᠯᠵᠦ᠂ ᠬᠦᠮᠦᠨ ᠠᠮᠠᠨ ᠤ ᠲᠤᠭ᠎ᠠ ᠪᠠᠭ᠎ᠠ ᠴᠦᠬᠡᠨ ᠲᠤᠭᠠᠳᠤ ᠦᠨᠳᠦᠰᠦᠳᠡᠨ ᠤ ᠬᠦᠭᠵᠢᠯᠳᠡ ᠪᠠ ᠴᠦᠭᠡᠨ ᠲᠤᠭᠠᠳᠤ ᠦᠨᠳᠦᠰᠦᠳᠡᠨ ᠤ ᠨᠡᠶᠢᠭᠡᠮ ᠤᠨ ᠠᠵᠤ ᠦᠢᠯᠡᠰ ᠶᠢᠨ ᠬᠦᠭᠵᠢᠯᠳᠡ ᠶᠢ ᠲᠦᠯᠦᠪᠵᠢᠬᠦᠯᠵᠦ᠂ ᠨᠠᠷᠢᠨ ᠨᠢᠮᠪᠠᠢ ᠬᠡᠷᠡᠭᠵᠢᠬᠦᠯᠵᠡᠢ᠃ ︽ᠠᠷᠪᠠᠨ ᠬᠤᠶᠠᠳᠤᠭᠠᠷ ᠲᠠᠪᠤᠨ ᠵᠢᠯ︾ ᠤᠨ ᠲᠦᠯᠦᠪᠵᠢᠬᠦᠯᠭᠡ ᠶᠢᠨ ᠬᠤᠭᠤᠴᠠᠭᠠᠨ ᠳᠤ᠂ ᠴᠦᠭᠡᠨ ᠲᠤᠭᠠᠳᠤ ᠦᠨᠳᠦᠰᠦᠳᠡᠨ ᠲᠠᠢ ᠬᠤᠯᠪᠤᠭᠳᠠᠬᠤ 1738 ᠲᠦᠷᠦᠯ ᠵᠦᠢᠯ ᠢ ᠬᠡᠷᠡᠭᠵᠢᠬᠦᠯᠵᠦ᠂ 9.5 ᠳ᠋ᠦᠩᠰᠢᠭᠤᠷ ᠲᠦᠬᠦᠷᠢᠭ ᠤᠨ ᠪᠡᠯᠡ ᠮᠦᠩᠬᠦ ᠤᠷᠤᠭᠤᠯᠵᠤ᠂ ᠴᠦᠭᠡᠨ ᠲᠤᠭᠠᠳᠤ ᠦᠨᠳᠦᠰᠦᠳᠡᠨ ᠤ ᠲᠦᠪᠯᠡᠷᠡᠨ ᠰᠠᠭᠤᠭᠰᠠᠨ ᠤᠷᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠶᠢ ᠠᠬᠢᠭᠤᠯᠵᠠᠢ᠃ ᠦᠨᠳᠦᠰᠦᠳᠡᠨ ᠤ ᠪᠦᠯᠬᠦᠮᠳᠡᠯ ᠤᠨ ᠲᠠᠷᠢᠬᠦᠨ ᠢ ᠡᠬᠦᠳᠬᠦ ᠠᠵᠢᠯᠯᠠᠭ᠎ᠠ ᠦᠷᠨᠢᠬᠦᠯᠵᠦ᠂ ᠦᠨᠳᠦᠰᠦᠳᠡᠨ ᠤ ᠪᠦᠯᠬᠦᠮᠳᠡᠯ ᠤᠨ ᠲᠡᠷᠢᠬᠦᠨ ᠢ ᠰᠢᠯᠭᠠᠷᠠᠭᠤᠯᠵᠤ ᠬᠦᠬᠢᠬᠦᠯᠬᠦ ᠠᠷᠭ᠎ᠠ ᠪᠠ ᠦᠨᠳᠦᠰᠦᠳᠡᠨ ᠶᠢᠨ ᠪᠦᠯᠬᠦᠮᠳᠡᠯ ᠤᠨ ᠲᠡᠷᠢᠬᠦᠨ ᠢ ᠡᠬᠦᠳᠬᠦ ᠠᠵᠢᠯᠯᠭᠠᠨ ᠤ ᠬᠠᠮᠢᠶᠠᠷᠤᠯᠳᠠ ᠶᠢᠨ ᠠᠷᠭ᠎ᠠ ᠶᠢ ᠨᠡᠶᠢᠳᠡᠯᠡᠵᠦ᠂ ᠪᠦᠬᠦ ᠤᠷᠤᠨ ᠤ ᠬᠡᠪᠴᠢᠶᠡᠨ ᠳᠤ ᠦᠨᠳᠦᠰᠦᠳᠡᠨ ᠤ ᠪᠦᠯᠬᠦᠮᠳᠡᠯ ᠤᠨ ᠲᠠᠷᠢᠬᠦᠨ ᠢ ᠡᠬᠦᠳᠬᠦ ᠲᠤᠷᠰᠢᠯᠭ᠎ᠠ ᠰᠤᠯᠢᠯᠴᠠᠬᠤ ᠰᠠᠷ᠎ᠠ ᠶᠢᠨ ᠠᠵᠢᠯᠯᠠᠭ᠎ᠠ᠂ ᠦᠨᠳᠦᠰᠦᠳᠡᠨ ᠤ ᠪᠦᠯᠬᠦᠮᠳᠡᠯ ᠤᠨ ᠲᠡᠷᠢᠬᠦᠨ ᠤ ᠠᠵᠢᠯᠯᠠᠭ᠎ᠠ ᠶᠢᠨ 30 ᠵᠢᠯ ᠤᠨ ᠤᠢ ᠶᠢ ᠲᠤᠷᠠᠰᠬᠠᠬᠤ ᠠᠵᠢᠯᠯᠠᠭ᠎ᠠ᠂ ᠬᠤᠳᠠ ᠶᠢᠨ ᠦᠨᠳᠦᠰᠦᠳᠡᠨ ᠶᠢᠨ ᠠᠵᠢᠯ ᠤᠨ ᠲᠤᠬᠠᠢ ᠶᠢᠨ ᠲᠠᠯᠠᠪᠤᠷ ᠤᠨ ᠬᠤᠷᠠᠯ ᠪᠠ ᠪᠦᠬᠦ ᠤᠷᠤᠨ ᠤ 4 ᠤᠳᠠᠭ᠎ᠠ ᠶᠢᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢ ᠬᠦᠬᠢᠬᠦᠯᠬᠦ ᠬᠤᠷᠠᠯ ᠵᠡᠷᠭᠡ ᠶᠢ ᠡᠷᠬᠢᠯᠡᠨ ᠨᠡᠶᠢᠳᠡ 1589 ᠲᠡᠷᠢᠬᠦᠨ ᠤ ᠵᠢᠱᠢᠶᠡᠴᠢ᠂ ᠬᠠᠮᠳᠤ ᠨᠡᠶᠢᠳᠡ  ᠪᠤᠯᠤᠨ 1557 ᠬᠤᠪᠢ ᠬᠦᠮᠦᠨ ᠢ ᠬᠦᠬᠢᠬᠦᠯᠦᠨ ᠱᠠᠩᠨᠠᠵᠤ᠂ ᠦᠨᠳᠦᠰᠦᠳᠡᠨ ᠶᠢᠨ ᠪᠦᠯᠬᠦᠮᠳᠡᠯ ᠢ ᠠᠬᠢᠭᠤᠯᠵᠠᠢ᠃      ᠦᠨᠳᠦᠰᠦᠳᠡᠨ ᠤ ᠪᠦᠯᠬᠦᠮᠳᠡᠯ ᠤᠨ ᠲᠡᠷᠢᠬᠦᠨ ᠢ ᠡᠬᠦᠳᠬᠦ ᠠᠵᠢᠯᠯᠠᠭ᠎ᠠ ᠪᠠᠷ ᠲᠠᠮᠵᠢᠭᠤᠯᠤᠨ ᠤᠯᠠᠨ ᠵᠦᠢᠯ ᠤᠨ ᠠᠷᠭ᠎ᠠ ᠬᠡᠯᠪᠡᠷᠢ ᠪᠠᠷ ᠮᠠᠷᠺᠰ ᠤᠨ ᠦᠵᠡᠯ ᠤᠨ ᠦᠨᠳᠦᠰᠦᠳᠡᠨ ᠤ ᠦᠵᠡᠯᠳᠡ ᠪᠠ ᠨᠠᠮ ᠤᠨ ᠦᠨᠳᠦᠰᠦᠳᠡᠨ ᠤ ᠲᠦᠷᠦ ᠶᠢᠨ ᠪᠤᠳᠤᠯᠭ᠎ᠠ ᠶᠢ ᠰᠤᠷᠳᠠᠯᠴᠢᠯᠠᠨ ᠲᠡᠷᠢᠬᠦᠨ ᠶᠢᠨ ᠨᠡᠶᠢᠳᠡᠯᠢᠭ ᠵᠢᠱᠢᠶ᠎ᠡ ᠪᠠᠷ ᠲᠠᠭᠤᠷᠢᠶᠠᠯ ᠪᠤᠯᠭᠠᠭᠰᠠᠨ ᠢᠶᠠᠷ 2012 ᠤᠨ ᠳᠤ ᠤᠷᠳᠤᠰ ᠬᠤᠳᠠ ᠶᠢᠨ ᠵᠡᠬᠦᠨᠭᠠᠷ ᠬᠤᠰᠢᠭᠤ ᠬᠠᠮᠤᠭ ᠤᠨ ᠤᠷᠢᠳᠠ ᠪᠠᠷ ᠪᠦᠬᠦ ᠤᠯᠤᠰ ᠤᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶ᠎ᠡ ᠦᠵᠡᠬᠦᠯᠬᠦ ᠬᠤᠰᠢᠭᠤ ᠪᠠᠷ ᠨᠡᠷᠡᠶᠢᠳᠦᠭᠳᠡᠨ᠂ 2014 ᠤᠨ  ᠳᠤ᠂ ᠡᠷᠬᠦᠨ᠎ᠡ ᠬᠤᠳᠠ᠂ ᠡᠸᠡᠩᠬᠢ ᠬᠤᠰᠢᠭᠤ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠪᠤᠯᠤᠨ ᠲᠦᠩᠯᠢᠶᠤᠤ ᠬᠤᠳᠠ ᠶᠢᠨ ᠬᠤᠷᠴᠢᠨ ᠲᠤᠭᠤᠷᠢᠭ ᠤᠨ ᠶᠦᠩ ᠴᠢᠩ ᠵᠡᠭᠡᠯᠢ ᠭᠤᠳᠤᠮᠵᠢ ᠶᠢᠨ ᠪᠠ ᠯᠢ ᠶᠢᠨ ᠬᠠᠪᠤᠷ ᠨᠡᠶᠢᠭᠡᠮ ᠲᠤᠭᠤᠷᠢᠭ ᠬᠤᠶᠠᠳᠤᠭᠠᠷ ᠪᠦᠯᠦᠭ ᠤᠨ ᠪᠦᠬᠦ ᠤᠯᠤᠰ ᠤᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶ᠎ᠡ ᠦᠵᠡᠬᠦᠯᠬᠦ ᠨᠢᠭᠡᠴᠡ ᠪᠤᠯᠪᠠ᠃ 2013 ᠤᠨ ᠳᠤ ᠦᠪᠡᠷᠳᠡᠭᠡᠨ ᠵᠠᠰᠠᠬᠤ ᠤᠷᠤᠨ ᠠᠴᠠ ᠠᠩᠬᠠᠨ ᠤ ᠪᠦᠯᠦᠭ 38 ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢ ᠡᠬᠦᠳᠬᠦ ᠵᠢᠱᠢᠶ᠎ᠡ ᠦᠵᠡᠬᠦᠯᠬᠦ ᠪᠠᠶᠢᠭᠤᠯᠭ᠎ᠠ ᠶᠢ ᠨᠡᠷᠡᠶᠢᠳᠦᠨ 2014 ᠤᠨ ᠳᠤ  ᠪᠠᠰᠠ27 ᠪᠠᠶᠢᠭᠤᠯᠭ᠎ᠠ ᠶᠢ ᠨᠡᠷᠡᠶᠢᠳᠦᠵᠠᠢ  ᠃ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠪᠤᠯᠬᠤ 2017 ᠤᠨ ᠪᠤᠯᠳᠠᠯ᠎ᠠ  ᠦᠪᠡᠷᠳᠡᠭᠡᠨ ᠵᠠᠰᠠᠬᠤ ᠤᠷᠤᠨ ᠤ ᠲᠡᠰ ᠤᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢ ᠡᠬᠦᠳᠬᠦ ᠵᠢᠱᠢᠶ᠎ᠡ ᠦᠵᠡᠬᠦᠯᠬᠦ ᠨᠢᠭᠡᠴᠡ ᠶᠢ100 ᠪᠤᠯᠭᠠᠬᠤ ᠪᠠᠷ ᠪᠠᠶᠢᠨ᠎ᠠ᠃ ᠡᠬᠦᠨ ᠠᠴᠠ ᠭᠠᠳᠠᠨ᠎ᠠ᠂ ᠨᠠᠮ ᠤᠨ ᠦᠨᠳᠦᠰᠦᠳᠡᠨ ᠤ ᠱᠠᠰᠢᠨ ᠰᠤᠷᠳᠠᠬᠤᠨ ᠪᠠ ᠮᠤᠩᠭᠤᠯ ᠦᠭᠡ ᠬᠡᠯᠡ ᠦᠰᠦᠭ ᠪᠢᠴᠢᠭ ᠤᠨ ᠴᠢᠭᠯᠡᠯᠳᠡ᠂ ᠲᠦᠷᠦ ᠶᠢᠨ ᠪᠤᠳᠤᠯᠭ᠎ᠠ᠂ ᠬᠠᠤᠯᠢ ᠲᠦᠷᠢᠮ ᠶᠢ ᠲᠤᠤᠱᠯᠠᠭᠤᠯᠵᠤ᠂ ᠬᠢᠨᠠᠨ ᠬᠠᠮᠢᠶᠠᠷᠬᠤ ᠠᠵᠢᠯᠯᠠᠭ᠎ᠠ ᠶᠢ ᠢᠳᠡᠪᠬᠢᠳᠡᠢ ᠦᠷᠨᠢᠬᠦᠯᠵᠦ᠂ ᠴᠦᠭᠡᠨ ᠲᠤᠭᠠᠳᠤ ᠦᠨᠳᠦᠰᠦᠳᠡᠨ  ᠤ ᠲᠦᠪᠯᠡᠷᠡᠨ ᠰᠠᠭᠤᠭ᠎ᠠ ᠭᠠᠵᠠᠷ ᠤᠷᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠶᠢ ᠶᠡᠭᠡᠪᠡᠷ ᠲᠦᠯᠬᠢᠨ ᠠᠬᠢᠭᠤᠯᠬᠤ︔ ᠪᠦᠬᠦ ᠤᠷᠤᠨ ᠤ 12 ᠠᠶᠢᠮᠠᠭ ᠬᠤᠳᠠ ᠪᠤᠯᠤᠨ ᠡᠷᠢᠶᠡᠨ ᠬᠤᠳᠠ᠂ ᠮᠠᠨᠵᠤᠤᠷ ᠬᠤᠳᠠ ᠲᠡᠷᠢᠬᠦᠯᠡᠨ ᠬᠤᠳᠠ ᠶᠢᠨ ᠦᠨᠳᠦᠰᠦᠳᠡᠨ ᠤ ᠠᠵᠢᠯ ᠤᠨ ᠲᠤᠷᠰᠢᠯᠳᠠ ᠶᠢᠨ ᠴᠢᠭ᠋ ᠪᠠᠶᠢᠭᠤᠯᠵᠤ᠂ ᠬᠤᠳᠠ ᠶᠢᠨ ᠦᠨᠳᠦᠰᠦᠳᠡᠨ ᠤ ᠠᠵᠢᠯ ᠢ ᠤᠯᠠᠮ ᠰᠠᠶᠢᠨ ᠡᠷᠬᠢᠯᠡᠬᠦ ᠪᠤᠯᠤᠭᠰᠠᠨ︔  ᠮᠤᠩᠭᠤᠯ ᠦᠭᠡ ᠬᠡᠯᠡ ᠦᠰᠦᠭ ᠪᠢᠴᠢᠭ ᠤᠨ ᠮᠡᠳᠡᠭᠡ ᠵᠠᠩᠬᠢᠴᠢᠯᠠᠯᠳᠠ ᠪᠠ ᠨᠡᠶᠢᠭᠡᠮ ᠤᠨ ᠨᠡᠶᠢᠳᠡᠮ ᠤᠨ ᠬᠡᠷᠡᠭᠯᠡᠭᠡᠨ ᠤ ᠦᠰᠦᠭ ᠪᠢᠴᠢᠭ ᠤᠨ ᠬᠠᠮᠢᠶᠠᠷᠤᠯᠳᠠ ᠶᠢ ᠠᠬᠢᠭᠤᠯᠬᠤ ᠵᠡᠷᠭᠡ ᠪᠤᠳᠠᠳᠠᠢ ᠠᠷᠭ᠎ᠠ ᠬᠡᠮᠵᠢᠶ᠎ᠡ ᠪᠠᠷ ᠦᠨᠳᠦᠰᠦᠳᠡᠨ ᠤ ᠪᠦᠯᠬᠦᠮᠳᠡᠯ ᠢ ᠪᠠᠳᠤᠯᠠᠵᠤ᠂ ᠡᠯ᠎ᠡ ᠦᠨᠳᠦᠰᠦᠳᠡᠨ ᠬᠠᠷᠢᠯᠴᠠᠨ ᠬᠠᠪᠰᠤᠷᠤᠯᠴᠠᠬᠤ ᠤᠷᠴᠢᠨ ᠠᠬᠤᠢ ᠢ ᠪᠦᠷᠢᠯᠳᠦᠬᠦᠯᠵᠦ ᠪᠠᠶᠢᠬᠤ ᠶᠤᠮ᠃      ︽ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ︾ ᠨᠢ ᠤᠳᠬ᠎ᠠ ᠬᠦᠨ ᠦᠵᠡᠯ ᠰᠠᠨᠠᠭᠠᠨ ᠤ ᠠᠭᠤᠯᠤᠭᠳᠠᠬᠤᠨ ᠪᠠ ᠢᠯᠡ ᠲᠤᠳᠤ ᠴᠠᠭ ᠦᠶ᠎ᠡ ᠶᠢᠨ ᠤᠨᠴᠠᠯᠢᠭ ᠲᠠᠢ ᠪᠦᠭᠡᠳ ᠬᠢᠯᠢ ᠬᠢᠵᠠᠭᠠᠷ ᠤᠷᠤᠨ ᠤ ᠦᠨᠳᠦᠰᠦᠳᠡᠨ ᠤ ᠠᠵᠢᠯ ᠢ ᠰᠠᠶᠢᠳᠤᠷ ᠬᠢᠬᠦ ᠶᠢᠨ ᠦᠨᠳᠦᠰᠦᠨ ᠵᠢᠷᠤᠮ ᠢ ᠵᠢᠭᠠᠨ ᠦᠭᠴᠠᠢ᠃ ᠬᠢᠯᠢ ᠤᠷᠤᠨ ᠢᠶᠠᠨ ᠰᠠᠬᠢᠨ ᠬᠠᠮᠠᠭᠠᠯᠠᠵᠤ᠂ ᠠᠯᠤᠰ ᠢ ᠪᠠᠷᠠᠯᠠᠨ ᠬᠠᠷᠢᠯᠴᠠᠨ ᠬᠠᠪᠰᠤᠷᠤᠯᠴᠠᠨ᠂ ᠪᠦᠯᠬᠦᠮᠳᠡᠨ ᠤᠷᠤᠭᠰᠢᠯᠠᠬᠤ ᠳᠤ ︽ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ︾ ᠵᠤᠷᠢᠭ ᠰᠠᠨᠠᠭ᠎ᠠ ᠪᠤᠯᠤᠨ ᠦᠢᠯᠡᠳᠦᠯᠭᠡ ᠶᠢᠨ ᠱᠠᠭᠠᠷᠳᠠᠯᠭ᠎ᠠ ᠶᠢ ᠵᠦᠪ ᠤᠨᠤᠪᠴᠢᠳᠠᠢ ᠤᠶᠢᠯᠠᠭᠠᠨ᠂ ᠶᠡᠷᠦᠩᠭᠡᠢ ᠱᠦᠵᠢ ᠶᠢᠨ ᠵᠤᠷᠢᠭᠵᠢᠭᠤᠯᠤᠯ ᠢ ᠠᠵᠢᠯ ᠢᠶᠠᠨ ᠰᠠᠶᠢᠳᠦᠷ ᠬᠢᠬᠦ ᠶᠢᠨ ᠬᠦᠳᠡᠯᠭᠡᠬᠦ ᠬᠦᠴᠦᠨ ᠪᠤᠯᠭᠠᠨ ᠬᠤᠪᠢᠷᠠᠭᠠᠨ᠂ ᠦᠨᠳᠦᠰᠦᠳᠡᠨ ᠪᠦᠬᠦᠨ ᠰᠡᠳᠬᠢᠯ ᠵᠢᠷᠦᠭᠡ ᠪᠠᠨ ᠮᠡᠳᠡᠯᠴᠡᠨ᠂ ᠭᠠᠷ ᠭᠠᠷ ᠢᠶᠠᠨ ᠬᠤᠯᠪᠤᠬᠤ ᠤᠯᠠᠮᠵᠢᠯᠠᠯ ᠢ ᠪᠠᠷᠢᠮᠳᠠᠯᠠᠨ ᠪᠠᠳᠠᠷᠠᠭᠠᠨ᠂ ᠤᠯᠠᠮ ᠪᠠᠳᠤᠳᠠᠢ ᠪᠠᠷ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠠᠵᠢᠯ ᠢᠶᠠᠨ ᠦᠷᠨᠢᠬᠦᠯᠬᠦ ᠪᠠᠨ ᠴᠢᠩᠭᠠᠳᠬᠠᠨ᠂ ᠬᠢᠯᠢ ᠤᠷᠤᠨ ᠢᠶᠠᠨ ᠬᠠᠮᠳᠤ ᠪᠠᠷ ᠰᠠᠬᠢᠨ᠂ ᠵᠢᠷᠭᠠᠯᠳᠤ ᠠᠮᠢᠳᠤᠷᠠᠯ ᠢᠶᠠᠨ ᠬᠠᠮᠳᠤ ᠪᠠᠷ ᠴᠤᠭᠴᠠᠯᠠᠬᠤ ᠶᠢ ᠠᠬᠢᠭᠤᠯᠬᠤ ᠳᠤ ᠦᠪᠡᠷᠳᠡᠭᠡᠨ ᠵᠠᠰᠠᠬᠤ ᠤᠷᠤᠨ ᠤ  ︽8337︾ ᠬᠦᠭᠵᠢᠯᠳᠡ ᠶᠢᠨ ᠰᠡᠳᠬᠢᠴᠡ ᠶᠢᠨ ᠪᠤᠳᠠᠳᠠᠢ ᠲᠠᠢ ᠪᠠᠨ ᠤᠶᠠᠯᠳᠤᠭᠤᠯᠪᠠᠯ ᠵᠤᠬᠢᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号