ᠡᠯ᠎ᠡ ᠳᠡᠭᠡᠳᠦ ᠰᠤᠷᠭᠠᠭᠤᠯᠢ᠂ ᠰᠢᠨᠵᠢᠯᠡᠬᠦ ᠤᠬᠠᠭᠠᠨ ᠤ ᠰᠤᠳᠤᠯᠭᠠᠨ ᠤ ᠨᠢᠭᠡᠴᠡ ᠳᠤ᠄ | ᠮᠣᠩᠭᠤᠯ ᠦᠭᠡ ᠬᠡᠯᠡ ᠦᠰᠦᠭ ᠪᠢᠴᠢᠭ ᠤᠨ ᠰᠤᠳᠤᠯᠤᠯ ᠢ ᠤᠯᠠᠮ ᠨᠢᠭᠡ ᠠᠯᠬᠤᠮ ᠳᠥᠯᠭᠢᠨ ᠠᠬᠢᠭᠤᠯᠬᠤ | ᠪᠠ ᠭᠦᠨᠵᠡᠭᠡᠶᠢᠷᠡᠭᠦᠯᠵᠦ᠂ ᠮᠣᠩᠭᠤᠯ ᠬᠡᠯᠡ ᠪᠢᠴᠢᠭ ᠤᠨ ᠠᠵᠢᠯ ᠳᠤ ᠨᠡᠩ ᠰᠠᠶᠢᠨ ᠦᠢᠯᠡᠴᠢᠯᠡᠬᠦ ᠶᠢᠨ ᠲᠥᠯᠥᠭᠡ᠂ | ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ︽ᠮᠣᠩᠭᠤᠯ ᠦᠭᠡ ᠬᠡᠯᠡ ᠦᠰᠦᠭ | ᠪᠢᠴᠢᠭ ᠤᠨ ᠰᠤᠳᠤᠯᠭᠠᠨ ᠤ ᠲᠦᠷᠦᠯ ᠵᠦᠢᠯ ᠤᠨ ᠬᠠᠮᠢᠶᠠᠷᠤᠯᠲᠠ ᠶᠢᠨ ᠠᠷᠭ᠎ᠠ︾ ᠶᠢ ᠦᠨᠳᠦᠰᠦᠯᠡᠨ᠂ ᠡᠳᠦᠭᠡ | ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠮᠣᠩᠭᠤᠯ ᠦᠭᠡ ᠬᠡᠯᠡ ᠦᠰᠦᠭ ᠪᠢᠴᠢᠭ ᠤᠨ | ᠰᠤᠳᠤᠯᠭᠠᠨ ᠤ ᠲᠤᠰᠠᠯᠠᠮᠵᠢ ᠶᠢᠨ ᠲᠦᠷᠦᠯ ᠵᠦᠢᠯ ᠤᠨ 2016 ᠣᠨ ᠤ ᠰᠡᠳᠦᠪ ᠮᠡᠳᠡᠭᠦᠯᠬᠦ ᠲᠤᠬᠠᠢ ᠬᠤᠯᠪᠣᠭᠳᠠᠯ | ᠪᠦᠬᠦᠢ ᠶᠠᠪᠤᠳᠠᠯ ᠢ ᠳᠤᠤᠷᠠᠬᠢ ᠮᠡᠲᠦ ᠮᠡᠳᠡᠭᠳᠡᠶ᠎ᠡ᠄ | ᠨᠢᠭᠡ᠂ ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠮᠣᠩᠭᠤᠯ ᠦᠭᠡ ᠬᠡᠯᠡ | ᠦᠰᠦᠭ ᠪᠢᠴᠢᠭ ᠤᠨ ᠰᠤᠳᠤᠯᠭᠠᠨ ᠤ ᠲᠤᠰᠠᠯᠠᠮᠵᠢ ᠶᠢᠨ ᠲᠦᠷᠦᠯ ᠵᠦᠢᠯ ᠮᠡᠳᠡᠭᠦᠯᠬᠦ ᠶᠢᠨ ᠵᠢᠯᠣᠭᠤᠳᠬᠤ ᠦᠵᠡᠯ | ᠰᠠᠨᠠᠭ᠎ᠠ᠂ ᠵᠦᠢᠯ ᠢᠯᠭᠠᠯ ᠤᠨ ᠲᠤᠬᠢᠷᠠᠭᠤᠯᠤᠯᠲᠠ᠂ ᠮᠡᠳᠡᠭᠦᠯᠬᠦ ᠴᠠᠭ᠂ ᠯᠠᠪᠯᠠᠯᠲᠠ ᠶᠢᠨ ᠰᠡᠳᠦᠪ ᠢ ︽ᠥᠪᠥᠷ | ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠮᠣᠩᠭᠤᠯ ᠦᠭᠡ ᠬᠡᠯᠡ ᠦᠰᠦᠭ ᠪᠢᠴᠢᠭ ᠤᠨ | ᠰᠤᠳᠤᠯᠭᠠᠨ ᠤ ᠲᠤᠰᠠᠯᠠᠮᠵᠢ ᠶᠢᠨ ᠲᠦᠷᠦᠯ ᠵᠦᠢᠯ ᠤᠨ 2016 ᠣᠨ ᠤ ᠰᠡᠳᠦᠪ ᠮᠡᠳᠡᠭᠦᠯᠬᠦ ᠵᠦᠭᠯᠡᠭᠦᠷ︾ ︵ | ᠳᠠᠭᠠᠯᠳᠤᠭᠤᠯᠤᠯ 1︶ ᠠᠴᠠ ᠨᠠᠷᠢᠪᠴᠢᠯᠠᠨ ᠦᠵᠡᠭᠡᠷᠠᠢ᠃ | ᠬᠤᠶᠠᠷ᠂ ᠰᠤᠳᠤᠯᠭᠠᠨ ᠤ ᠰᠡᠳᠦᠪ ᠤᠨ ᠬᠠᠷᠢᠭᠤᠴᠠᠯᠭᠠᠲᠠᠨ ᠨᠢ ᠵᠥᠪᠬᠡᠨ ᠨᠢᠭᠡ ᠯᠡ ᠰᠡᠳᠦᠪ ᠮᠡᠳᠡᠭᠦᠯᠵᠤ | ᠪᠤᠯᠬᠤ ᠠᠴᠠ ᠪᠢᠰᠢ᠂ ᠬᠠᠷᠢᠨ ᠰᠤᠳᠤᠯᠭᠠᠨ ᠤ ᠰᠡᠳᠦᠪ ᠤᠨ ᠪᠦᠷᠢᠯᠳᠦᠬᠦᠨ ᠪᠤᠯᠵᠤ ᠥᠪᠥᠷ ᠮᠣᠩᠭᠤᠯ ᠤᠨ | ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠮᠣᠩᠭᠤᠯ ᠦᠭᠡ ᠬᠡᠯᠡ ᠦᠰᠦᠭ ᠪᠢᠴᠢᠭ ᠤᠨ ᠰᠤᠳᠤᠯᠭᠠᠨ ᠤ | ᠲᠤᠰᠠᠯᠠᠮᠵᠢ ᠶᠢᠨ ᠲᠦᠷᠦᠯ ᠵᠦᠢᠯ ᠤᠨ ᠦᠬᠡᠷ᠎ᠡ ᠰᠡᠳᠦᠪ ᠢ ᠭᠤᠶᠤᠴᠢᠯᠠᠵᠤ ᠪᠤᠯᠬᠤ ᠦᠭᠡᠢ᠂ ᠰᠤᠳᠤᠯᠭᠠᠨ ᠤ | ᠰᠡᠳᠦᠪ ᠤᠨ ᠳᠤᠭᠤᠶᠢᠯᠠᠩ ᠤᠨ ᠪᠦᠷᠢᠯᠳᠦᠬᠦᠨ ᠨᠢ ᠬᠤᠶᠠᠷ ᠰᠡᠳᠦᠪ ᠲᠤ ᠭᠤᠶᠤᠴᠢᠯᠠᠨ ᠣᠷᠣᠯᠴᠠᠵᠤ ᠪᠣᠯᠤᠨ᠎ᠠ᠃ | ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠮᠣᠩᠭᠤᠯ ᠦᠭᠡ ᠬᠡᠯᠡ ᠦᠰᠦᠭ ᠪᠢᠴᠢᠭ ᠤᠨ | ᠰᠤᠳᠤᠯᠭᠠᠨ ᠤ ᠲᠤᠰᠠᠯᠠᠮᠵᠢ ᠶᠢᠨ ᠲᠦᠷᠦᠯ ᠵᠦᠢᠯ ᠢ ᠨᠢᠭᠡᠨᠲᠡ ᠡᠭᠦᠷᠭᠡᠯᠡᠭᠰᠡᠨ ᠪᠣᠯᠪᠠᠴᠤ ᠲᠦᠷᠦᠯ ᠵᠦᠢᠯ ᠢᠶᠠᠨ | ᠬᠠᠷᠠᠬᠠᠨ ᠳᠠᠭᠤᠰᠬᠠᠭᠰᠠᠨ ᠦᠭᠡᠢ ᠰᠤᠳᠤᠯᠭᠠᠨ ᠤ ᠰᠡᠳᠦᠪ ᠤᠨ ᠬᠠᠷᠢᠭᠤᠴᠠᠯᠭᠠᠲᠠᠨ ᠳᠠᠬᠢᠨ ᠮᠡᠳᠡᠭᠦᠯᠦᠨ | ᠭᠤᠶᠤᠴᠢᠯᠠᠵᠤ ᠪᠣᠯᠬᠤ ᠦᠭᠡᠶ᠃ | ᠭᠤᠷᠪᠠ᠂ ᠭᠤᠶᠤᠴᠢᠯᠠᠨ ᠮᠡᠳᠡᠭᠦᠯᠦᠭᠴᠢ ᠰᠡᠳᠦᠪ ᠮᠡᠳᠡᠭᠦᠯᠬᠦ ᠬᠦᠰᠦᠨᠦᠭᠲᠦ ᠪᠤᠯᠤᠨ ᠰᠡᠳᠦᠪ ᠤᠨ ᠨᠤᠲᠠᠯᠠᠯ ᠢ | ᠱᠠᠭᠠᠷᠳᠠᠯᠭ᠎ᠠ ᠶᠣᠰᠣᠭᠠᠷ ᠬᠢᠨᠠᠮᠠᠭᠠᠶ ᠲᠠᠭᠯᠠᠬᠤ ᠶᠢᠨ ᠬᠠᠮᠲᠤ᠂ ᠮᠡᠳᠡᠯᠭᠡ ᠶᠢᠨ ᠪᠦᠲᠦᠭᠡᠭᠳᠡᠬᠦᠨ ᠤ ᠡᠷᠬᠡ ᠶᠢᠨ | ᠮᠠᠷᠭᠤᠯᠳᠤᠭᠠᠨ ᠦᠭᠡᠶ ᠪᠠᠶᠢᠬᠤ ᠶᠢ ᠪᠠᠲᠤᠯᠠᠬᠤ ᠬᠡᠷᠡᠭᠲᠠᠢ᠃ ᠰᠡᠳᠦᠪ ᠮᠡᠳᠡᠭᠦᠯᠬᠦ ᠳᠤ ᠬᠤᠳᠠᠯ ᠬᠡᠯᠡᠵᠦ ᠬᠠᠭᠤᠷᠮᠠᠭ | ᠵᠤᠬᠢᠶᠠᠭᠰᠠᠨ ᠪᠦᠬᠦᠨ ᠢ ︽ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠰᠤᠳᠤᠯᠭᠠᠨ ᠤ | ᠲᠦᠷᠦᠯ ᠵᠦᠢᠯ ᠤᠨ ᠬᠠᠮᠢᠶᠠᠷᠤᠯᠲᠠ ᠶᠢᠨ ᠠᠷᠭ᠎ᠠ︾ ᠶᠢᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ | ᠰᠢᠢᠳᠪᠦᠷᠢᠯᠡᠨ᠎ᠡ᠃ | ᠲᠥᠷᠪᠡ᠂ ᠡᠯ᠎ᠡ ᠲᠥᠷᠥᠯ ᠤᠨ ᠰᠡᠳᠦᠪ ᠨᠢ ᠵᠦᠪᠰᠢᠶᠡᠷᠡᠭᠦᠯᠦᠨ ᠲᠤᠭᠲᠠᠭᠠᠭᠠᠳ ᠵᠦᠪᠯᠡᠯᠴᠡᠭᠡᠷ ᠲᠤ ᠭᠠᠷ ᠤᠨ | ᠦᠰᠦᠭ ᠵᠢᠷᠤᠭᠰᠠᠨ ᠤ ᠳᠠᠷᠠᠭ᠎ᠠ᠂ ᠳᠠᠷᠤᠢ ᠲᠤᠰᠠᠯᠠᠮᠵᠢ ᠶᠢᠨ ᠵᠠᠷᠤᠳᠠᠯ ᠮᠥᠩᠭᠦ ᠶᠢ ᠤᠯᠬᠤ ᠪᠤᠯᠤᠨ᠎ᠠ᠃ ᠪᠤᠳᠠᠲᠠᠢ | ᠲᠤᠰᠠᠯᠠᠮᠵᠢ ᠶᠢᠨ ᠵᠠᠷᠤᠳᠠᠯ ᠤᠨ ᠮᠥᠩᠭᠦ ᠶᠢᠨ ᠲᠤᠭ᠎ᠠ ᠬᠡᠮᠵᠢᠶ᠎ᠡ ᠶᠢ ᠦᠨᠡᠯᠡᠨ ᠬᠢᠨᠠᠭᠰᠠᠨ ᠦᠷ᠎ᠡ ᠳ᠋ᠦᠩ ᠢᠶᠠᠷ | ᠪᠠᠷᠢᠮᠵᠢᠶ᠎ᠠ ᠪᠣᠯᠭᠠᠨ᠎ᠠ᠃ ᠪᠤᠶ ᠪᠦᠬᠦᠢ ᠰᠡᠳᠦᠪ ᠢ ᠵᠠᠪᠠᠯ 2017 ᠤᠨ ᠤ 11 ᠳ᠋ᠤᠭᠡᠷ ᠰᠠᠷ᠎ᠠ ᠶᠢᠨ 30 ᠤ | ᠡᠳᠦᠷ ᠠᠴᠠ ᠡᠮᠦᠨ᠎ᠡ ᠳᠠᠭᠤᠰᠬᠠᠬᠤ ᠬᠡᠷᠡᠭᠲᠠᠢ᠃ ᠬᠡᠷᠪᠡ ᠣᠨᠴᠠ ᠪᠠᠶᠢᠳᠠᠯ ᠲᠤᠯᠭᠠᠷᠠᠭᠠᠳ ᠴᠠᠭ ᠲᠤ ᠪᠠᠨ | ᠳᠠᠭᠤᠰᠬᠠᠵᠤ ᠳᠡᠶᠢᠯᠬᠦ ᠦᠭᠡᠢ ᠪᠤᠯ ᠤᠷᠢᠳᠴᠢᠯᠠᠨ ᠭᠤᠶᠤᠴᠢᠯᠠᠵᠤ᠂ ᠵᠦᠪᠰᠢᠶᠡᠷᠡᠭᠦᠯᠦᠭᠰᠡᠨ ᠤ ᠳᠠᠷᠠᠭ᠎ᠠ ᠬᠠᠭᠠᠰ ᠵᠢᠯ | ᠤᠷᠲᠤᠳᠬᠠᠨ ᠪᠡᠶᠡᠯᠡᠬᠦᠯᠵᠤ ᠪᠣᠯᠤᠨ᠎ᠠ᠃ | ᠲᠠᠪᠤ᠂ ᠵᠠᠷᠴᠢᠮ ᠳᠡᠭᠡᠷ᠎ᠡ ᠪᠠᠨ ᠳᠡᠭᠡᠳᠦ ᠰᠤᠷᠭᠠᠭᠤᠯᠢ᠂ ᠰᠢᠨᠵᠢᠯᠡᠬᠦ ᠤᠬᠠᠭᠠᠨ ᠤ ᠰᠤᠳᠤᠯᠭᠠᠨ ᠤ | ᠪᠠᠶᠢᠭᠤᠯᠤᠮᠵᠢ ᠶᠢᠨ ᠰᠡᠳᠦᠪ ᠮᠡᠳᠡᠭᠦᠯᠬᠦ ᠠᠵᠢᠯ ᠢ ᠲᠤᠰ ᠲᠤᠰ ᠤᠨ ᠬᠢᠨᠢ ᠡᠷᠳᠡᠮ ᠰᠢᠨᠵᠢᠯᠡᠭᠡᠨ ᠤ ᠬᠠᠮᠢᠶᠠᠷᠤᠯᠲᠠ ᠶᠢᠨ | ᠰᠠᠯᠠᠭ᠎ᠠ ᠮᠥᠴᠢᠷ ᠠᠴᠠ ᠨᠢᠭᠡᠳᠦᠯᠲᠡᠶ ᠵᠣᠬᠢᠶᠠᠨ ᠪᠠᠶᠢᠭᠤᠯᠬᠤ ᠪᠠ ᠮᠡᠳᠡᠭᠦᠯᠦᠨ ᠬᠦᠷᠭᠡᠭᠡᠨᠡ᠃ | ᠵᠢᠷᠭᠤᠭ᠎ᠠ᠂ ᠮᠡᠳᠡᠭᠦᠯᠬᠦ ᠨᠢᠭᠡᠴᠡ ᠨᠢ ︽ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ | ᠵᠥᠪᠯᠡᠯ ᠤᠨ ᠮᠣᠩᠭᠤᠯ ᠦᠭᠡ ᠬᠡᠯᠡ ᠦᠰᠦᠭ ᠪᠢᠴᠢᠭ ᠤᠨ ᠰᠤᠳᠤᠯᠭᠠᠨ ᠤ ᠲᠤᠰᠠᠯᠠᠮᠵᠢ ᠶᠢᠨ ᠲᠦᠷᠦᠯ ᠵᠦᠢᠯ ᠤᠨ | 2016 ᠣᠨ ᠤ ᠰᠡᠳᠦᠪ ᠤᠨ ᠬᠤᠷᠢᠶᠠᠩᠭᠤᠶ ᠬᠦᠰᠦᠨᠦᠭᠲᠦ︾ ︵ᠳᠠᠭᠠᠯᠳᠤᠭᠤᠯᠤᠯ 4︶ ᠶᠢᠨ ᠨᠢᠭᠡ ᠶᠠᠩᠵᠤ ᠶᠢᠨ | ᠨᠢᠭᠡ ᠬᠤᠪᠢ ᠶᠢ ᠲᠠᠭᠯᠠᠬᠤ ᠴᠢᠬᠤᠯᠠ ᠲᠠᠢ᠂ ᠰᠡᠳᠦᠪ ᠤᠨ ᠬᠠᠷᠢᠭᠤᠴᠠᠯᠭᠠᠲᠠᠨ ᠨᠢ ︽ᠥᠪᠥᠷ ᠮᠣᠩᠭᠤᠯ ᠤᠨ | ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠰᠡᠳᠦᠪ ᠭᠤᠶᠤᠴᠢᠯᠠᠬᠤ ᠬᠦᠰᠦᠨᠦᠭᠲᠦ︾ ︵ᠳᠠᠭᠠᠯᠳᠤᠭᠤᠯᠤᠯ 2︶ | ᠶᠢᠨ ᠨᠢᠭᠡ ᠶᠠᠩᠵᠤ ᠶᠢᠨ ᠭᠤᠷᠪᠠᠨ ᠬᠤᠪᠢ ᠪᠤᠯᠤᠨ ︽ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ | ᠵᠥᠪᠯᠡᠯ ᠤᠨ ᠮᠣᠩᠭᠤᠯ ᠦᠭᠡ ᠬᠡᠯᠡ ᠦᠰᠦᠭ ᠪᠢᠴᠢᠭ ᠤᠨ ᠰᠤᠳᠤᠯᠭᠠᠨ ᠤ ᠲᠤᠰᠠᠯᠠᠮᠵᠢ ᠶᠢᠨ ᠲᠦᠷᠦᠯ ᠵᠦᠢᠯ ︿ | ᠰᠡᠳᠦᠪ ᠤᠨ ᠨᠤᠲᠠᠯᠠᠯ﹀ ᠤᠨ ᠵᠠᠳᠠᠭᠠᠶ ᠨᠢᠭᠤᠷ︾ ︵ᠳᠠᠭᠠᠯᠳᠤᠭᠤᠯᠤᠯ 3︶ ᠶᠢᠨ ᠨᠢᠭᠡ ᠶᠠᠩᠵᠤ ᠶᠢᠨ 8 ᠬᠤᠪᠢ ᠶᠢ | ᠲᠠᠭᠯᠠᠬᠤ ᠴᠢᠬᠤᠯᠠ ᠲᠠᠢ᠂ ᠭᠤᠷᠪᠠᠨ ᠳᠠᠭᠠᠯᠳᠤᠭᠤᠯᠤᠯ ᠢ ᠰᠠᠯᠭᠠᠨ ᠳᠡᠪᠲᠡᠷᠯᠡᠬᠦ ᠶᠢᠨ ᠬᠠᠮᠲᠤ 2015 ᠤᠨ ᠤ 10 | ᠳ᠋ᠤᠭᠠᠷ ᠰᠠᠷ᠎ᠠ ᠶᠢᠨ 25 ᠤ ᠡᠳᠦᠷ ᠠᠴᠠ ᠡᠮᠦᠨ᠎ᠡ ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ | ᠵᠥᠪᠯᠡᠯ ᠤᠨ ᠮᠣᠩᠭᠤᠯ ᠬᠡᠯᠡ ᠪᠢᠴᠢᠭ ᠤᠨ ᠡᠷᠳᠡᠮ ᠰᠢᠨᠵᠢᠯᠡᠭᠡᠨ ᠤ ᠬᠠᠮᠢᠶᠠᠷᠤᠯᠲᠠ ᠶᠢᠨ ᠭᠠᠵᠠᠷ ᠲᠤ ᠮᠡᠳᠡᠭᠦᠯᠦᠨ | ᠬᠦᠷᠭᠡᠨ᠎ᠡ᠂ ᠬᠤᠭᠤᠴᠠᠭ᠎ᠠ ᠨᠢ ᠬᠡᠲᠦᠷᠡᠪᠡᠯ ᠬᠦᠯᠢᠶᠡᠨ ᠠᠪᠴᠤ ᠰᠢᠢᠳᠪᠦᠷᠢᠯᠡᠬᠦ ᠦᠭᠡᠢ᠃ | ᠬᠠᠷᠢᠯᠴᠠᠬᠤ ᠬᠥᠮᠦᠨ᠄ ᠠᠷᠢᠭᠤᠨᠲᠠᠨ᠎ᠠ᠂ ᠴᠢᠩ ᠯᠢᠨ | ᠬᠠᠷᠢᠯᠴᠠᠬᠤ ᠤᠲᠠᠰᠤ᠄ 0471-6944540 | ᠬᠠᠶ᠋ᠢᠭ᠄ ᠥᠪᠥᠷ ᠮᠣᠩᠭᠤᠯ ᠤᠨ ᠬᠥᠬᠡᠬᠤᠲᠠ ᠶᠢᠨ ᠰᠢᠨᠬᠤᠸᠠ ᠶᠡᠭᠡ ᠵᠡᠭᠡᠯᠢ ᠶᠢᠨ 63 ᠳ᠋ᠤᠭᠠᠷ ᠬᠦᠷᠢᠶ᠎ᠡ ᠶᠢᠨ | 8 ᠳ᠋ᠤᠭᠠᠷ ᠨᠣᠮᠧᠷᠲᠤ ᠠᠰᠠᠷ ᠤᠨ 301 ᠬᠡᠷ ᠤᠨ ᠥᠪᠥᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ | ᠵᠥᠪᠯᠡᠯ ᠤᠨ ᠮᠣᠩᠭᠤᠯ ᠬᠡᠯᠡ ᠪᠢᠴᠢᠭ ᠤᠨ ᠡᠷᠳᠡᠮ ᠰᠢᠨᠵᠢᠯᠡᠭᠡᠨ ᠤ ᠬᠠᠮᠢᠶᠠᠷᠤᠯᠲᠠ ᠶᠢᠨ ᠭᠠᠵᠠᠷ | ᠰᠢᠤᠳᠠᠨ ᠨᠤᠮᠧᠷ᠄ 010055 | | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ | 2015 ᠤᠨ ᠤ 10 ᠳ᠋ᠤᠭᠠᠷ ᠰᠠᠷ᠎ᠠ ᠶᠢᠨ 9 ᠤ ᠡᠳᠦᠷ |