2015 ᠣᠨ ᠤ ᠡᠪᠦᠯ ᠬᠠᠪᠤᠷ ᠤᠨ ᠤᠯᠠᠷᠢᠯ ᠤᠨ ᠠᠭᠠᠷ ᠤᠨ ᠠᠶᠠᠯᠠᠯ ᠢ 10 ᠳ᠋ᠤᠭᠠᠷ ᠰᠠᠷ᠎ᠠ ᠶᠢᠨ 25 ᠤ | ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ ᠤᠯᠠᠷᠢᠯ ᠰᠤᠯᠢᠭᠰᠠᠨ ᠤ ᠳᠠᠷᠠᠭ᠎ᠠ᠂ ᠳᠤᠮᠳᠠᠳᠤ ᠤᠯᠤᠰ ᠤᠨ ᠣᠯᠠᠨ | ᠤᠯᠤᠰ ᠤᠨ ᠠᠭᠠᠷ ᠤᠨ ᠠᠶᠠᠯᠠᠯ ᠤᠨ ᠺᠤᠮᠫᠠᠨᠢ ᠶᠢᠨ ᠨᠢᠰᠭᠡᠯ ᠤᠨ ᠡᠭᠡᠯᠵᠢ ᠶᠢ ᠳᠤᠤᠷᠠᠬᠢ ᠮᠡᠲᠦ ᠲᠤᠬᠢᠷᠠᠭᠤᠯᠤᠨ᠎ᠠ᠄ | ᠬᠥᠬᠡᠬᠤᠲᠠ — ᠪᠡᠭᠡᠵᠢᠩ ᠬᠦᠷᠬᠦ ᠠᠶᠠᠯᠠᠯ ᠤᠨ ᠱᠤᠭᠤᠮ᠂ ᠦᠷᠯᠦᠭᠡ ᠶᠢᠨ 7᠄ 30 ᠠᠴᠠ 8᠄ 30 ᠪᠤᠯᠲᠠᠯ᠎ᠠ | ᠡᠳᠦᠷ ᠪᠦᠷᠢ 4 ᠡᠬᠡᠯᠵᠢ ᠪᠤᠯᠭᠠᠨ ᠨᠡᠮᠡᠪᠡ︔ 21 : 35 ᠠᠴᠠ 22᠄ 35 ᠪᠤᠯᠲᠠᠯ᠎ᠠ 3 ᠡᠬᠡᠯᠵᠢ ᠪᠤᠯᠭᠠᠨ | ᠨᠡᠮᠡᠪᠡ᠃ ᠲᠢᠶᠠᠨᠵᠢᠨ — ᠬᠥᠬᠡᠬᠤᠲᠠ — ᠦᠷᠦᠮᠴᠢ ᠬᠦᠷᠬᠦ᠂ ᠬᠥᠬᠡᠬᠤᠲᠠ — ᠬᠠᠶᠢᠯᠠᠷ ᠬᠦᠷᠬᠦ | ᠠᠶᠠᠯᠠᠯ ᠤᠨ ᠱᠤᠭᠤᠮ ᠢ ᠰᠢᠨ᠎ᠡ ᠪᠠᠷ ᠨᠡᠮᠡᠪᠡ᠃ ᠬᠠᠶᠢᠨᠠᠨ ᠤ ᠠᠭᠠᠷ ᠠᠶᠠᠯᠠᠯ ᠤᠨ ᠺᠣᠮᠫᠠᠨᠢ᠄ ᠬᠥᠬᠡᠬᠤᠲᠠ — | ᠪᠡᠭᠡᠵᠢᠩ ᠬᠦᠷᠬᠦ ᠠᠭᠠᠷ ᠤᠨ ᠠᠶᠠᠯᠠᠯ ᠤᠨ ᠱᠤᠭᠤᠮ ᠢ ᠦᠳᠡ ᠶᠢᠨ ᠡᠮᠦᠨ᠎ᠡ ᠡᠵᠡᠩᠨᠡᠬᠦ ᠪᠠᠷ ᠲᠤᠬᠢᠷᠠᠭᠤᠯᠪᠠ᠃ | ᠬᠥᠬᠡᠬᠤᠲᠠ — ᠰᠠᠨ ᠶᠠ ᠬᠦᠷᠬᠦ ᠠᠶᠠᠨᠴᠢᠳ ᠤᠨ ᠨᠢᠰᠬᠡᠯ ᠤᠨ ᠡᠵᠡᠩᠨᠡᠬᠦ ᠴᠠᠭ ᠢ 12 ᠳ᠋ᠤᠭᠠᠷ ᠰᠠᠷ᠎ᠠ ᠶᠢᠨ | ᠰᠡᠭᠦᠯᠴᠢ ᠪᠣᠯᠲᠠᠯ᠎ᠠ ᠤᠷᠲᠤᠳᠬᠠᠵᠤ᠂ ᠬᠥᠬᠡᠬᠤᠲᠠ — ᠱᠧᠨᠵᠧᠨ ᠬᠦᠷᠬᠦ ᠡᠭᠡᠯᠵᠢ ᠶᠢᠨ ᠨᠢᠰᠬᠡᠯ ᠢ ᠨᠡᠮᠡᠪᠡ᠃ | ᠲᠢᠶᠠᠨᠵᠢᠨ ᠤ ᠠᠭᠠᠷ ᠤᠨ ᠠᠶᠠᠯᠠᠯ ᠤᠨ ᠺᠣᠮᠫᠠᠨᠢ᠄ ᠨᠢᠰᠭᠡᠯ ᠨᠡᠪᠲᠡᠷᠡᠬᠦ ᠬᠤᠳᠠ ᠳᠤ ᠯᠢᠦ᠋ᠯᠢᠶᠠᠩ᠂ ᠵᠢᠨᠢᠩ ᠢ | ᠰᠢᠨ᠎ᠡ ᠪᠠᠷ ᠨᠡᠮᠡᠪᠡ᠃ ᠬᠥᠬᠡᠬᠤᠲᠠ ᠠᠴᠠ ᠬᠠᠶᠢᠺᠸᠤ᠂ ᠳ᠋ᠠᠯᠢᠶᠠᠨ᠂ ᠤᠯᠠᠭᠠᠨᠬᠠᠳᠠ᠂ ᠰᠢᠯᠢ ᠶᠢᠨ ᠬᠤᠲᠠ ᠵᠡᠷᠭᠡ | ᠬᠤᠲᠠ ᠳᠤ ᠬᠦᠷᠬᠦ ᠨᠢᠰᠭᠡᠯ ᠢ ᠦᠷᠭᠦᠯᠵᠢᠯᠡᠨ ᠨᠡᠮᠡᠪᠡ᠃ ᠬᠤᠸᠠᠰᠢᠶᠠ ᠠᠭᠠᠷ ᠤᠨ ᠠᠶᠠᠯᠠᠯ ᠤᠨ ᠺᠣᠮᠫᠠᠨᠢ᠄ | ᠬᠥᠬᠡᠬᠤᠲᠠ ᠠᠴᠠ ᠣᠷᠳᠣᠰ᠂ ᠡᠷᠢᠶᠡᠨ ᠬᠤᠲᠠ᠂ ᠵᠠᠭᠠᠳᠠᠴᠢ ᠵᠡᠷᠭᠡ ᠬᠤᠲᠠ ᠳᠤ ᠬᠦᠷᠬᠦ ᠨᠢᠰᠭᠡᠯ ᠤᠨ ᠡᠬᠡᠯᠵᠢ ᠶᠢ | ᠰᠢᠨ᠎ᠡ ᠪᠠᠷ ᠨᠡᠮᠡᠪᠡ᠃ ᠬᠥᠬᠡᠬᠤᠲᠠ ᠠᠴᠠ ᠲᠦᠡᠭᠯᠢᠶᠤᠤ᠂ ᠮᠠᠨᠵᠤᠤᠷ ᠵᠡᠷᠭᠡ ᠬᠤᠲᠠ ᠳᠤ ᠬᠦᠷᠬᠦ ᠡᠭᠡᠯᠵᠢ ᠶᠢᠨ | ᠨᠢᠰᠬᠡᠯ ᠢ ᠨᠡᠮᠡᠪᠡ᠃ ᠱᠠᠨᠳᠦ᠋ᠩ ᠠᠭᠠᠷ ᠤᠨ ᠠᠶᠠᠯᠠᠯ ᠨᠢ ᠬᠥᠬᠡᠬᠤᠲᠠ ᠠᠴᠠ ᠬᠠᠶᠢᠺᠸᠤ᠂ ᠬᠠᠶᠢᠯᠠᠷ ᠬᠦᠷᠬᠦ | ᠡᠭᠡᠯᠵᠢ ᠶᠢᠨ ᠨᠢᠰᠬᠡᠯ ᠢ ᠨᠡᠮᠡᠪᠡ᠃ ᠰᠢᠶᠠᠮᠧᠨ ᠠᠭᠠᠷ ᠤᠨ ᠠᠶᠠᠯᠠᠯ ᠨᠢ ᠬᠥᠬᠡᠬᠤᠲᠠ ᠠᠴᠠ ᠬᠠᠩᠵᠧᠦ᠂ ᠡᠾᠧᠹᠸᠢ᠂ | ᠰᠢᠶᠠᠮᠸᠠ ᠬᠦᠷᠬᠦ ᠡᠭᠡᠯᠵᠢ ᠶᠢᠨ ᠨᠢᠰᠬᠡᠯ ᠢ ᠨᠡᠮᠡᠪᠡ᠃ ᠿᠦᠢ ᠯᠢ ᠠᠭᠠᠷ ᠤᠨ ᠠᠶᠠᠯᠠᠯ ᠨᠢ ᠴᠧᠩᠳᠦ᠋ — ᠬᠥᠬᠡᠬᠤᠲᠠ | — ᠬᠠᠷᠪᠢᠨ ᠬᠦᠷᠬᠦ ᠡᠭᠡᠯᠵᠢ ᠶᠢᠨ ᠨᠢᠰᠬᠡᠯ ᠢ ᠨᠡᠮᠡᠪᠡ᠃ |