︵ᠲᠠᠪᠤ︶ ᠢᠳᠡᠰᠢᠨ ᠨᠤᠭᠤᠭ᠎ᠠ ᠶᠢᠨ ᠭᠦᠨᠦᠭᠡᠯᠳᠤ ᠬᠤᠷᠤᠬᠠᠢ ᠶᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/10/29
     1. ᠢᠳᠡᠰᠢᠨ ᠨᠤᠭᠤᠭ᠎ᠠ ᠶᠢᠨ ᠡᠷᠪᠡᠭᠡᠢ ᠶᠢᠨ ᠬᠦᠨᠦᠭᠡᠯ ᠢ ᠰᠡᠷᠭᠡᠶᠢᠯᠡᠨ ᠵᠠᠰᠠᠬᠤ     ᠲᠤᠰ ᠡᠷᠪᠡᠭᠡᠢ ᠪᠤᠯ ᠭᠤᠤᠯ ᠨᠢ ᠪᠦᠭᠡᠷᠡᠩᠬᠡᠢ ᠡᠰᠢᠳᠤ ᠨᠤᠭᠤᠭ᠎ᠠ᠂ ᠴᠡᠴᠡᠭᠳᠤ ᠪᠦᠭᠡᠷᠡᠩᠬᠡᠢ ᠴᠠᠭᠠᠨ ᠨᠤᠭᠤᠭ᠎ᠠ᠂ ᠴᠠᠭᠠᠨ ᠨᠤᠭᠤᠭ᠎ᠠ᠂ ᠯᠤᠤᠪᠠᠩ᠂ ᠲᠤᠰᠤᠳᠤ ᠨᠤᠭᠤᠭ᠎ᠠ ᠶᠢ ᠭᠦᠨᠦᠭᠡᠳᠡᠭ᠃ ᠨᠤᠭᠤᠭ᠎ᠠ ᠶᠢᠨ ᠡᠷᠪᠡᠭᠡᠢ ᠨᠢ ᠠᠪᠠᠭᠠᠯᠳᠠᠢ  ᠠᠴᠠ ᠪᠠᠨ ᠡᠭᠢᠯᠡᠨ ᠭᠦᠨᠦᠭᠡᠯ ᠲᠠᠷᠢᠵᠤ᠂ ᠰᠠᠶ᠋ᠢᠬᠠᠨ ᠨᠠᠪᠴᠢᠭ᠍ᠰᠡᠨ ᠠᠪᠠᠭᠠᠯᠳᠠᠢ ᠨᠢ ᠨᠤᠭᠤᠭᠠᠨ ᠤ ᠨᠠᠪᠴᠢ ᠶᠢ ᠮᠡᠷᠡᠵᠤ᠂ ᠭᠤᠷᠪᠡᠨ ᠨᠠᠰᠤᠨ ᠤ ᠪᠡᠶᠡᠯᠡᠭᠰᠡᠨ ᠬᠤᠷᠤᠬᠠᠢ ᠨᠢ ᠨᠠᠪᠴᠢ ᠶᠢ ᠨᠦᠭᠡᠯᠡᠨ ᠢᠳᠡᠵᠤ᠂ ᠵᠦᠪᠭᠡᠨ ᠨᠠᠪᠴᠢᠨ ᠤ ᠰᠤᠳᠠᠰᠤ ᠪᠠ ᠨᠠᠪᠴᠢᠨ ᠪᠠᠷᠢᠭᠤᠯ ᠢ ᠯᠡ ᠦᠯᠡᠳᠡᠭᠡᠳᠡᠭ ᠪᠠᠶᠢᠨ᠎ᠠ᠃ ᠴᠢᠭᠢᠯᠡᠭᠦ ᠬᠤᠭᠤᠴᠠᠭᠠᠨ ᠳᠤ ᠭᠦᠨᠳᠤ ᠨᠤᠴᠢᠳᠡᠢ ᠭᠦᠨᠦᠭᠡᠭᠳᠡᠭᠦ ᠦᠶᠡᠰ ᠪᠦᠭᠦᠯᠢ ᠰᠠᠭᠤᠷᠢ ᠪᠠᠷ ᠢᠶᠠᠨ ᠦᠭᠦᠳᠡᠭ ᠪᠠᠶᠢᠨ᠎ᠠ᠃ ᠪᠠᠰᠠ ᠠᠪᠠᠭᠠᠯᠳᠠᠢ ᠶᠢᠨ ᠪᠠᠭᠠᠰᠤ ᠨᠢ ᠨᠤᠭᠤᠭᠠᠨ ᠤ ᠨᠠᠪᠴᠢ ᠪᠡ ᠭᠤᠤᠯ ᠢ ᠪᠤᠭᠢᠷᠳᠤᠭᠤᠯᠵᠤ ᠢᠯᠵᠠᠷᠠᠭᠤᠯᠳᠠᠭ ᠪᠦᠭᠡᠳ ᠭᠦᠨᠦᠭᠡᠭᠳᠡᠭᠰᠡᠨ ᠰᠢᠷᠬ᠎ᠠ ᠰᠤᠷᠪᠢ ᠳᠤᠨᠢ ᠠᠮᠠᠷᠬᠠᠨ ᠭᠡᠮ ᠡᠭᠦᠰᠴᠤ᠂ ᠨᠤᠭᠤᠭᠠᠨ ᠤ ᠬᠤᠷᠢᠶᠠᠯᠳᠠ ᠪᠠ ᠶᠠᠰᠤ ᠴᠢᠨᠠᠷ ᠢ ᠮᠠᠭᠤᠳᠠᠭᠤᠯᠳᠠᠭ ᠪᠠᠶᠢᠨ᠎ᠠ᠃      ᠨᠤᠭᠤᠭᠠᠨ ᠤ ᠡᠷᠪᠡᠭᠡᠢ ᠶᠢ ᠰᠡᠷᠭᠡᠶᠢᠯᠡᠨ ᠵᠠᠰᠠᠬᠤ ᠳᠤ᠄      ︵1︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠨ᠎ᠠ᠃ ᠲᠤᠨᠤᠯᠵᠢᠨ ᠴᠡᠴᠡᠭ ᠤᠨ ᠢᠵᠠᠭᠤᠷ ᠤᠨ ᠨᠤᠭᠤᠭ᠎ᠠ ᠶᠢ ᠦᠷᠭᠦᠯᠵᠢᠯᠡᠨ ᠲᠠᠷᠢᠬᠤ ᠠᠴᠠ ᠵᠠᠶᠢᠯᠠᠰᠭᠢᠵᠤ᠂ ᠲᠤᠨᠤᠯᠵᠢᠨ ᠴᠡᠴᠡᠭ ᠤᠨ ᠢᠵᠠᠭᠤᠷ ᠤᠨ ᠪᠤᠰᠤ ᠨᠤᠭᠤᠭ᠎ᠠ  ᠲᠠᠢ ᠡᠭᠡᠯᠵᠢᠯᠡᠨ ᠲᠠᠷᠢᠵᠤ᠂ ᠵᠤᠨ ᠤ ᠴᠠᠭ ᠲᠤ ᠮᠦᠯᠵᠢᠭᠦᠷ ᠪᠡᠶᠡᠳᠤ ᠶᠢ ᠭᠡᠳᠦᠷᠭᠡᠢ ᠶᠡᠭᠡ ᠲᠠᠷᠢᠬᠤ ᠦᠭᠡᠢ᠃ ᠨᠤᠭᠤᠭ᠎ᠠ  ᠪᠠᠨ ᠬᠤᠷᠢᠶ᠋ᠬᠠᠰᠠᠨ ᠤ ᠰᠡᠭᠦᠯᠡᠷ ᠲᠠᠷᠢᠶᠠᠨ ᠭᠠᠵᠠᠷ ᠢᠶᠠᠨ ᠲᠠᠷᠦ᠋ᠢᠬᠠᠨ ᠴᠡᠪᠡᠷᠯᠡᠵᠤ᠂ ᠦᠯᠡᠳᠡᠭᠳᠡᠯ ᠰᠠᠯᠠᠭ᠎ᠠ ᠨᠠᠪᠴᠢ ᠶᠢ ᠲᠦᠪᠯᠡᠷᠡᠭᠦᠯᠦᠨ ᠰᠢᠢᠳᠪᠤᠷᠢᠯᠡᠵᠤ᠂ ᠭᠠᠵᠠᠷ ᠢᠶᠠᠨ ᠭᠦᠨ ᠤᠷᠪᠠᠭᠤᠯᠵᠤ᠂ ᠡᠷᠪᠡᠭᠡᠢ ᠶᠢᠨ ᠢᠷᠡᠯᠳᠡ ᠶᠢ ᠪᠠᠭᠠᠰᠬᠠᠨ᠎ᠠ᠃      ︵2︶ ᠪᠢᠤᠯᠤᠭᠢ ᠶᠢᠨ ᠠᠷᠭ᠎ᠠ ᠪᠠᠷ ᠵᠠᠰᠠᠨ᠎ᠠ᠃ ᠨᠢᠭᠡ ᠳᠤ ᠨᠤᠭᠤᠭ᠎ᠠ ᠶᠢᠨ ᠡᠷᠪᠡᠭᠡᠢ ᠶᠢᠨ ᠲᠦᠷᠦᠯᠭᠢ ᠲᠠᠶᠢᠰᠤᠨ ᠢ ᠨᠢ ᠬᠠᠮᠠᠭᠠᠯᠠᠨ ᠠᠰᠢᠠᠠᠯᠠᠵᠤ᠂ ᠲᠠᠷᠢᠶᠠᠨ ᠡᠮ ᠢ ᠪᠠᠭ᠎ᠠ ᠭᠡᠷᠡᠭᠯᠡᠵᠤ᠂ ᠰᠡᠷᠭᠡᠶᠢᠯᠡᠯᠳᠡ ᠶᠢᠨ ᠭᠦᠢᠴᠡᠳᠭᠡᠯ ᠲᠤᠭ᠎ᠠ ᠶᠢ ᠴᠢᠯᠦᠭᠡᠳᠡᠢ ᠲᠠᠯᠪᠢᠵᠤ᠂ ᠲᠦᠷᠦᠯᠭᠢ ᠲᠠᠶᠢᠰᠤᠨ ᠢ ᠨᠢ ᠠᠯᠠᠵᠤ ᠰᠢᠷᠬᠠᠳᠤᠭᠤᠯᠬᠤ ᠠᠴᠠ ᠰᠡᠷᠭᠡᠶᠢᠯᠡᠨ᠎ᠡ᠃ ᠬᠤᠶᠠᠷ ᠲᠤ᠂ ᠤᠯᠠᠭᠠᠨ ᠨᠢᠳᠤᠳᠤ ᠵᠦᠭᠡᠢ ᠲᠠᠯᠪᠢᠨ᠎ᠠ᠃ ᠦᠨᠳᠡᠭᠡᠯᠡᠭᠦ ᠭᠦᠭ ᠦᠶ᠎ᠠ ᠳᠤ 667㎡ ᠲᠠᠯᠠᠪᠠᠢ ᠪᠦᠷᠢ ᠲᠦᠮᠡᠨ ᠵᠦᠭᠡᠢ ᠲᠠᠯᠪᠢᠵᠤ᠂ 5~7 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠲᠠᠯᠪᠢᠵᠤ᠂ ᠵᠠᠯᠭᠠᠬ᠎ᠠ ᠪᠠᠷ 3~4 ᠤᠳᠠᠭ᠎ᠠ ᠲᠠᠯᠪᠢᠨ᠎ᠠ᠃ ᠭᠤᠷᠪᠡ ᠳᠤ᠂ ᠦᠨᠳᠡᠭᠡ ᠨᠠᠪᠴᠢᠭᠦ ᠦᠶ᠎ᠠ ᠪᠠ ᠲᠤᠯᠠᠭᠠᠨ ᠤ ᠭᠡᠮᠵᠢᠶ᠎ᠠ 20℃ ᠠᠴᠠ ᠲᠡᠭᠡᠭᠰᠢ ᠪᠤᠯᠬᠤ ᠦᠶ᠎ᠠ ᠳᠤ᠂ 100 ᠳ᠋ᠦᠩᠰᠢᠭᠤᠷ /g ᠠᠴᠠ ᠲᠡᠭᠡᠭᠰᠢᠬᠢ ᠠᠮᠢᠳᠤ ᠰᠦᠶ᠎ᠡ ᠰᠫᠤᠷ ᠤᠨ ᠰᠤ᠋ ᠶᠦᠨ  ᠶᠢᠨ ︵苏云金︶ ᠰᠠᠪᠬᠠᠨ ᠪᠠᠺᠲ᠋ᠧᠷᠢᠳᠤ ᠡᠮ ᠤᠨ 800~1000 ᠲᠠᠭᠢᠨ ᠤ ᠰᠢᠩᠭᠡᠨ ᠪᠤᠶᠤ 667㎡ᠲᠠᠯᠠᠪᠠᠢ ᠪᠦᠷᠢ ᠰᠤ᠋ ᠶᠦᠨ ᠶᠢᠨ ︵苏云金︶ ᠰᠠᠪᠬᠠᠨ ᠪᠠᠺᠲ᠋ᠧᠷᠢᠳᠤ ᠨᠤᠨᠳᠠᠭ Bt 1600 ᠲᠡᠯᠡᠬᠡᠢ ᠨᠢᠭᠡᠴᠨ /mg ᠨᠤᠨᠳᠠᠭ ᠡᠮ ᠢ 25~30g ᠪᠤᠶᠤ Bt ᠰᠢᠤᠸᠠᠨ ᠹᠦ᠋ ︵悬浮︶ 2000 ᠲᠠᠯᠠᠬᠡᠢ ᠨᠢᠭᠡᠴᠨ / mg ᠡᠮ ᠢ 100~150mL ᠡᠭᠢᠯᠡᠨ ᠰᠦᠷᠴᠢᠵᠤ᠂ ᠲᠤᠯᠤᠭ᠎ᠠ ᠬᠤᠨᠤᠭᠠᠳ ᠲᠠᠭᠢᠨ ᠨᠢᠭᠡ ᠤᠳᠠᠭ᠎ᠠ ᠰᠦᠷᠴᠢᠨ᠎ᠠ᠃ ᠲᠦᠷᠪᠡ ᠳᠤ᠂ 1000PIB /g ᠨᠢᠯᠴᠠᠭᠠᠢ ᠪᠦᠭᠡᠮ ᠤᠨ ᠡᠪᠡᠳᠴᠢᠨ ᠤ ᠬᠤᠤᠷ ᠢ 667㎡ ᠲᠠᠯᠠᠪᠠᠢ ᠪᠦᠷᠢ 250g ᠤᠨ ᠬᠤᠪᠢ ᠪᠠᠷ ᠴᠢᠭᠢᠯᠡᠭᠦ ᠬᠤᠭᠤᠴᠠᠭᠠᠨ ᠳᠤ ᠨᠢᠭᠡ ᠤᠳᠠᠭ᠎ᠠ ᠰᠠᠭᠤᠷᠢᠰᠢᠭᠤᠯᠤᠨ ᠲᠠᠷᠢᠠᠠᠰᠠᠨ ᠠᠴᠠ ᠬᠤᠶᠢᠰᠢ 3~4 ᠡᠳᠤᠷ ᠠᠯᠤᠰᠯᠠᠭᠠᠳ ᠨᠢᠭᠡ ᠤᠳᠠᠭ᠎ᠠ᠂ ᠦᠷᠭᠦᠯᠵᠢᠯᠡᠨ 3 ᠤᠳᠠᠭ᠎ᠠ ᠰᠦᠷᠴᠢᠨ ᠰᠡᠷᠭᠡᠶᠢᠯᠡᠭᠦ ᠪᠡ ᠰᠡᠭᠦᠯᠡᠷ ᠨᠢ ᠲᠤᠯᠤᠭᠠᠡ ᠡᠳᠤᠷ ᠠᠯᠤᠰᠯᠠᠭᠠᠳ ᠨᠢᠭᠡ ᠤᠳᠠᠭ᠎ᠠ ᠰᠦᠷᠴᠢᠵᠦ ᠪᠦᠭᠦ ᠤᠷᠭᠤᠯᠳᠠ ᠶᠢᠨ ᠬᠤᠭᠤᠴᠠᠭᠠᠨ ᠳᠤᠨᠢ 8 ᠤᠳᠠᠭ᠎ᠠ ᠰᠦᠷᠴᠢᠵᠤ ᠰᠡᠷᠭᠡᠶᠢᠯᠡᠨ᠎ᠡ᠃       ︵3︶ ᠡᠮ ᠢᠶᠠᠷ ᠰᠡᠷᠭᠡᠶᠢᠯᠡᠨ ᠵᠠᠰᠠᠨ᠎ᠠ᠃ ᠨᠢᠭᠡ ᠳᠤ ᠤᠷᠭᠤᠮᠠᠯ ᠤᠨ ᠴᠢᠨᠠᠷ ᠲᠠᠢ ᠬᠤᠷᠤᠬᠠᠢ ᠤᠰᠠᠳᠬᠠᠬᠤ ᠡᠮ ᠢ ᠭᠡᠷᠡᠭᠯᠡᠵᠤ᠂ 2.5% ᠶᠢᠨ ᠢᠤᠢ ᠲᠧᠩ ᠲᠦᠩ ︵鱼藤酮︶ ᠲᠤᠰᠤᠨ ᠡᠮ ᠤᠨ 600 ᠲᠠᠭᠢᠨ ᠤ ᠰᠢᠩᠭᠡᠨ ᠪᠤᠶᠤ 0.65% ᠶᠢᠨ ᠾᠦᠢ ᠬᠤᠤ ᠰᠤ᠋ ︵茴蒿素︶ ᠤᠰᠤᠨ ᠡᠮ ᠤᠨ 400~500 ᠲᠠᠭᠢᠨ ᠤ ᠰᠢᠩᠭᠡᠨ ᠢ ᠰᠦᠷᠴᠢᠨ᠎ᠠ᠃ ᠬᠤᠶᠠᠷ ᠲᠤ᠂ ᠰᠢᠪᠡᠵᠢ ᠬᠤᠷᠤᠬᠠᠢ ᠶᠢᠨ ᠪᠤᠶᠢᠵᠢᠯᠳᠡ ᠶᠢ ᠲᠤᠭᠢᠷᠠᠭᠤᠯᠬᠤ ᠡᠮ ᠢ ᠭᠡᠷᠡᠭᠯᠡᠵᠤ᠂ 5% ᠶᠢᠨ ᠳ᠋ᠢᠩ ᠴᠦᠩ ᠯᠦᠩ ︵定虫隆︶ ᠲᠤᠰᠤᠨ ᠡᠮ᠂ 5% ᠶᠢᠨ ᠹᠦ᠋ ᠴᠦᠩ ᠨᠢᠶᠤᠤ ︵氟虫脲︶ ᠲᠤᠰᠤᠨ ᠡᠮ᠂ 5% ᠶᠢᠨ ᠹᠦ᠋ ᠯᠢᠩ ᠨᠢᠶᠤᠤ ︵氟铃脲︶ ᠲᠤᠰᠤᠨ ᠡᠮ᠂ 5% ᠶᠢᠨ ᠹᠦ᠋ ᠴᠦᠩ ᠯᠦᠩ ︵伏虫隆︶ ᠲᠤᠰᠤᠨ ᠡᠮ ᠢ ᠲᠤᠰᠪᠤᠷᠢ 2000 ᠲᠠᠭᠢᠨ ᠤ ᠰᠢᠩᠭᠡᠨ᠂ 25% ᠶᠢᠨ ᠮᠢᠶᠧ ᠶᠢᠤ ᠨᠢᠶᠤᠤ ︵灭幼脲︶ 3 ᠨᠤᠮᠧᠷᠳᠤ ᠡᠮ ᠤᠨ 500~1000 ᠲᠠᠭᠢᠨ ᠤ ᠰᠢᠩᠭᠡᠨ᠂ 20% ᠶᠢᠨ ᠯᠢᠤ ᠱᠢ ᠵᠢᠩ ︵抑食肼︶ ᠨᠤᠠᠳᠠᠭ ᠡᠮ ᠤᠨ 800~1000 ᠲᠠᠭᠢᠨ ᠤ ᠰᠢᠩᠭᠡᠨ ᠢ ᠰᠦᠷᠴᠢᠨ᠎ᠠ᠃ ᠡᠳᠡᠭᠡᠷ ᠲᠦᠷᠦᠯ ᠤᠨ ᠡᠮ ᠨᠢ ᠦᠢᠯᠡᠳᠦᠯ ᠢᠶᠠᠷ ᠰᠠᠶᠢᠨ ᠪᠦᠭᠡᠳ ᠤᠷᠴᠢᠨ ᠲᠤᠭᠤᠷᠢᠨ᠂ ᠲᠦᠷᠦᠯᠭᠢ ᠲᠠᠶᠢᠰᠤᠨ ᠳᠤᠨᠢ ᠠᠶᠤᠯ ᠦᠬᠡᠢ ᠪᠠᠶᠢᠳᠠᠭ ᠤᠨᠴᠠᠯᠢᠭ ᠲᠠᠢ ᠪᠠᠶᠢᠳᠠᠭ᠃ ᠭᠡᠪᠡᠴᠤ ᠯᠢᠤ ᠱᠢ ᠵᠢᠩ ︵抑食肼︶ ᠡᠮ ᠨᠢ ᠲᠦᠷᠭᠡᠨ ᠦᠢᠯᠡᠳᠦᠯ ᠲᠠᠢ ᠪᠠᠶᠢᠬᠤ ᠶᠢ ᠭᠠᠷᠭᠠᠪᠠᠯ᠂ ᠲᠡᠭᠡᠷ᠎ᠡ ᠲᠤᠷᠠᠳᠤᠠᠠᠰᠠᠨ ᠪᠤᠰᠤᠳ ᠵᠦᠢᠯ ᠤᠨ ᠡᠮ ᠤᠨ ᠦᠢᠯᠡᠳᠦᠯ ᠨᠢ ᠤᠳᠠᠭᠠᠨ ᠪᠠᠶᠢᠳᠠᠭ ᠲᠤᠯᠠ ᠶᠠᠷᠦᠩᠭᠡᠢ ᠳᠡᠭᠡᠨ ᠤᠷᠭᠠᠨᠢᠭ ᠹᠤᠰᠹᠤᠷ᠂ ᠵᠢᠤᠢ ᠵᠾᠢ ︵菊酯 ︶ ᠲᠦᠷᠦᠯ ᠤᠨ ᠲᠠᠷᠢᠶᠠᠨ ᠡᠮ ᠠᠴᠠ 3 ᠡᠳᠤᠷ ᠤᠷᠢᠳᠴᠢᠯᠠᠨ ᠰᠦᠷᠴᠢᠭᠦ ᠭᠡᠷᠡᠭᠳᠡᠢ᠃ ᠭᠤᠷᠪᠡ ᠳᠤ᠂ ᠭᠢᠮᠢ ᠶᠢᠨ ᠲᠠᠷᠢᠶᠠᠨ ᠡᠮ ᠢ ᠭᠡᠷᠡᠭᠯᠡᠵᠤ᠂ 50% ᠶᠢᠨ ᠰᠢᠨ ᠯᠢᠤ ᠯᠢᠨ ︵辛硫磷︶ ᠲᠤᠰᠤᠨ ᠡᠮ ᠪᠤᠶᠤ 80% ᠶᠢᠨ ᠳ᠋ᠢ ᠳ᠋ᠢ ᠸᠧᠢ ︵敌敌畏︶ ᠲᠤᠰᠤᠨ ᠡᠮ ᠤᠨ 1000~1500 ᠲᠠᠭᠢᠨ ᠤ ᠰᠢᠩᠭᠡᠨ᠂ 20% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠪᠤᠶᠤ 2.5% ᠶᠢᠨ ᠳ᠋ᠢ ᠱᠠ ᠰᠧ ︵敌杀死︶ ᠲᠤᠰᠤᠨ ᠡᠮ ᠤᠨ 3000 ᠲᠠᠭᠢᠨ ᠤ ᠰᠢᠩᠭᠡᠨ ᠢ ᠰᠦᠷᠴᠢᠨ᠎ᠠ᠃ ᠭᠢᠮᠢ ᠶᠢᠨ ᠲᠠᠷᠢᠶᠠᠨ ᠡᠮ ᠢ ᠭᠡᠷᠡᠭᠯᠡᠭᠦ ᠳᠡᠭᠡᠨ ᠰᠡᠷᠭᠡᠶᠢᠯᠡᠨ ᠵᠠᠰᠠᠬᠤ ᠭᠦᠢᠴᠡᠳᠭᠡᠯ ᠲᠤᠭ᠎ᠠ ᠶᠢ ᠴᠢᠩᠭ᠎ᠠ ᠡᠵᠡᠮᠰᠢᠭᠦ ᠶᠢᠨ ᠬᠠᠮᠳᠤ ᠡᠯ᠎ᠠ ᠵᠦᠢᠯ ᠤᠨ ᠡᠮ ᠢ ᠡᠭᠡᠯᠵᠢᠯᠡᠨ ᠰᠤᠯᠢᠵᠤ ᠰᠤᠯᠪᠢᠴᠠᠭᠤᠯᠤᠨ ᠭᠡᠷᠡᠭᠯᠡᠭᠦ ᠶᠢ ᠠᠩᠬᠠᠷᠬᠤ ᠭᠡᠷᠡᠭᠳᠡᠢ᠃       2. ᠴᠠᠭᠠᠨ ᠨᠤᠭᠤᠭ᠎ᠠ ᠶᠢᠨ ᠵᠢᠵᠢᠭ ᠢᠳᠤᠭᠠᠨ ᠤ ᠬᠦᠨᠦᠭᠡᠯ ᠢ ᠰᠡᠷᠭᠡᠶᠢᠯᠡᠨ ᠵᠠᠰᠠᠬᠤ      ᠲᠤᠰ ᠵᠢᠵᠢᠭ ᠢᠳᠤᠭᠠᠨ ᠪᠤᠯ ᠭᠤᠤᠯ ᠨᠢ ᠲᠤᠨᠤᠯᠵᠢᠨ ᠴᠡᠴᠡᠭ ᠤᠨ ᠢᠵᠠᠭᠤᠷ ᠤᠨ ᠨᠤᠭᠤᠭ᠎ᠠ ᠪᠤᠯᠤᠨ ᠵᠡᠷᠯᠢᠭ ᠲᠤᠨᠤᠯᠵᠢᠨ ᠴᠡᠴᠡᠭ ᠤᠨ ᠢᠵᠠᠭᠤᠷ ᠤᠨ ᠤᠷᠭᠤᠮᠠᠯ ᠲᠡᠭᠡᠷ᠎ᠡ ᠰᠠᠭᠤᠵᠤ᠂ ᠭᠤᠤᠯ ᠨᠢ ᠪᠦᠭᠡᠷᠡᠩᠭᠡᠢ ᠴᠠᠭᠠᠨ ᠨᠤᠭᠤᠭ᠎ᠠ᠂ ᠲᠤᠮᠤ ᠴᠠᠭᠠᠨ ᠨᠤᠭᠤᠭ᠎ᠠ᠂ ᠯᠤᠤᠪᠠᠩ᠂ ᠭᠡᠴᠢ᠂ ᠲᠤᠰᠤᠳᠤ ᠨᠤᠭᠤᠭ᠎ᠠ᠂ ᠨᠤᠭᠤᠭ᠎ᠠ ᠶᠢᠨ ᠭᠤᠤᠯ ᠵᠡᠷᠭᠡ ᠶᠢ ᠭᠦᠨᠦᠭᠡᠳᠡᠭ᠃ ᠰᠠᠶ᠋ᠢᠬᠠᠨ ᠨᠡᠪᠴᠢᠭᠰᠡᠨ ᠠᠪᠠᠭᠠᠯᠳᠠᠢ ᠨᠢ ᠨᠠᠪᠴᠢᠨ ᠤ ᠮᠢᠬ᠎ᠠ ᠶᠢ ᠢᠳᠡᠵᠤ᠂ ᠬᠠᠯᠢᠰᠤ ᠶᠢ ᠨᠢ ᠦᠯᠡᠳᠡᠭᠡᠵᠤ᠂ ᠨᠤᠭᠤᠭ᠎ᠠ ᠶᠢᠨ ᠨᠠᠪᠴᠢᠨ ᠲᠡᠭᠡᠷ᠎ᠡ ᠲᠤᠳᠤ ᠲᠤᠯᠪᠤ ᠰᠠᠭᠤᠯᠭᠠᠳᠠᠭ᠃ ᠪᠡᠶᠡᠯᠡᠭᠰᠡᠨ ᠬᠤᠷᠤᠬᠠᠢ ᠨᠢ ᠨᠤᠭᠤᠭᠠᠨ ᠤ ᠨᠠᠪᠴᠢ ᠶᠢ ᠨᠦᠭᠡᠯᠡᠨ ᠢᠳᠡᠵᠤ᠂ ᠭᠦᠨᠳᠤ ᠨᠤᠴᠢᠳᠠᠢ ᠦᠶᠡᠰ ᠪᠦᠭᠦ ᠨᠠᠪᠴᠢ ᠶᠢ ᠲᠤᠤᠷ ᠤᠨ ᠭᠡᠯᠪᠡᠷᠢ  ᠲᠠᠢ ᠪᠤᠯᠭᠠᠨ ᠢᠳᠡᠴᠢᠭᠡᠳᠡᠭ᠃ ᠴᠢᠭᠢᠯᠡᠭᠦ ᠬᠤᠭᠤᠴᠠᠭᠠᠨ ᠳᠤ ᠭᠤᠤᠯ ᠨᠠᠪᠴᠢᠨ ᠳᠤ ᠴᠤᠠᠠᠯᠠᠷᠠᠨ ᠭᠦᠨᠦᠭᠡᠵᠤ᠂ ᠤᠷᠭᠤᠯᠳᠠ ᠶᠢᠨ ᠴᠡᠭ ᠢ ᠢᠳᠡᠵᠤ᠂ ᠨᠠᠪᠴᠢᠨ ᠤ ᠬᠤᠮᠢᠯᠳᠡ ᠶᠢ ᠨᠦᠯᠦᠭᠡᠯᠡᠵᠤ᠂ ᠦᠷ᠎ᠠ ᠶᠢᠨ ᠨᠤᠭᠤᠭ᠎ᠠ ᠶᠢᠨ ᠬᠤᠮᠢᠯᠳᠡ ᠶᠢ ᠨᠦᠯᠦᠭᠡᠯᠡᠵᠤ᠂ ᠦᠷ᠎ᠡ ᠶᠢᠨ ᠨᠤᠭᠤᠭ᠎ᠠ ᠶᠢᠨ ᠨᠢᠯᠬ᠎ᠠ ᠡᠰᠢ᠂ ᠨᠢᠯᠬ᠎ᠠ ᠪᠤᠭᠤᠷᠴᠠᠭ ᠪᠤᠯᠤᠨ ᠦᠷ᠎ᠡ ᠶᠢ ᠢᠳᠡᠵᠤ᠂ ᠦᠷᠡᠯᠡᠯᠳᠡ ᠶᠢ ᠨᠢ ᠨᠦᠯᠦᠭᠡᠯᠡᠳᠡᠭ᠃       ᠴᠠᠭᠠᠨ ᠨᠤᠭᠤᠭ᠎ᠠ ᠶᠢᠨ ᠵᠢᠵᠢᠭ ᠢᠳᠤᠭᠠᠨ ᠢ ᠰᠡᠷᠭᠡᠶᠢᠯᠡᠨ ᠵᠠᠰᠠᠬᠤ ᠳᠤ᠄       ︵1︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠨ᠎ᠠ᠃ ᠲᠤᠬᠠᠶᠢᠯᠠᠪᠠᠯ ᠭᠤᠤᠷᠰᠤ ᠶᠢ ᠵᠤᠭᠢᠰᠳᠡᠢ ᠲᠤᠭᠢᠷᠠᠭᠤᠯᠵᠤ᠂ ᠲᠤᠨᠤᠯᠵᠢᠨ ᠴᠡᠴᠡᠭ ᠤᠨ ᠢᠵᠠᠭᠤᠷ ᠤᠨ ᠨᠤᠭᠤᠭ᠎ᠠ ᠶᠢ ᠵᠠᠯᠭᠠᠯᠳᠤᠭᠤᠯᠤᠨ ᠲᠠᠷᠢᠬᠤ ᠠᠴᠠ ᠵᠠᠶᠢᠯᠠᠰᠭᠢᠵᠤ᠂ ᠨᠤᠭᠤᠭ᠎ᠠ ᠪᠠᠨ ᠬᠤᠷᠢᠶᠠᠨ ᠠᠪᠤᠠᠠᠰᠠᠨ ᠤ ᠰᠡᠭᠦᠯᠡᠷ ᠲᠠᠷᠢᠶᠠᠨ ᠳᠠᠬᠢ ᠦᠯᠡᠳᠡᠭᠳᠡᠯ ᠨᠠᠪᠴᠢ ᠨᠠᠮᠠᠭ᠎ᠠ ᠶᠢ ᠴᠡᠪᠡᠷᠯᠡᠨ ᠠᠷᠢᠯᠭᠠᠵᠤ᠂ ᠭᠠᠵᠠᠷ ᠢᠶᠠᠨ ᠤᠷᠪᠠᠭᠤᠯᠤᠨ᠂ ᠵᠤᠠᠵᠢᠠᠠᠰᠠᠨ᠂ ᠡᠪᠤᠯᠵᠢᠭᠦ ᠬᠤᠷᠤᠬᠠᠢ ᠶᠢ ᠤᠰᠠᠳᠬᠠᠵᠤ᠂ ᠲᠠᠷᠢᠶᠠᠨ ᠤ ᠭᠤᠤ ᠰᠤᠪᠠᠭ ᠤᠨ ᠭᠦᠪᠡᠭᠡᠨ ᠤ ᠰᠤᠯᠠ ᠡᠪᠡᠰᠤ ᠶᠢ ᠠᠷᠢᠯᠭᠠᠵᠤ᠂ ᠪᠡᠶᠡᠯᠡᠭᠰᠡᠨ ᠬᠤᠷᠤᠬᠠᠢ ᠶᠢᠨ ᠦᠨᠳᠡᠭᠡᠯᠡᠭᠦ ᠭᠠᠵᠠᠷ ᠪᠠ ᠠᠪᠠᠭᠠᠯᠳᠠᠢ ᠶᠢᠨ ᠢᠳᠡᠰᠢ ᠶᠢ ᠨᠢ ᠪᠠᠭᠠᠰᠬᠠᠬᠤ ᠭᠡᠷᠡᠭᠳᠡᠢ᠃       ︵2︶ ᠪᠢᠤᠯᠤᠭᠢ ᠶᠢᠨ ᠠᠷᠭ᠎ᠠ ᠪᠠᠷ ᠰᠠᠷᠭᠡᠶᠢᠯᠡᠨ ᠵᠠᠰᠠᠨ᠎ᠠ᠃ ᠰᠤ᠋ ᠶᠦᠨ ᠶᠢᠨ ︵苏云金︶ ᠰᠠᠪᠬᠠᠨ ᠪᠠᠺᠲ᠋ᠧᠷᠢᠳᠤ ︵Bt︶ ᠡᠮ ᠤᠨ 500~800 ᠲᠠᠭᠢᠨ ᠤ ᠰᠢᠩᠭᠡᠨ ᠢ ᠰᠦᠷᠴᠢᠭᠦ ᠪᠤᠶᠤ ᠪᠠᠰᠠ 1.8% ᠶᠢᠨ ᠠ ᠸᠧᠢ ᠵᠢᠶᠦ᠋ᠨ ︵阿维菌︶ ᠡᠮ ᠤᠨ 2000 ᠲᠠᠭᠢᠨ ᠤ ᠰᠢᠩᠭᠡᠨ ᠢ ᠰᠦᠷᠴᠢᠵᠤ ᠪᠤᠯᠤᠨ᠎ᠠ᠃      ︵3︶ ᠡᠮ ᠢᠶᠠᠷ ᠰᠡᠷᠭᠡᠶᠢᠯᠡᠨ ᠵᠠᠰᠠᠨ᠎ᠠ᠃ ᠵᠢᠵᠢᠭ ᠢᠳᠤᠭᠠᠨ ᠪᠤᠯ ᠮᠠᠨ ᠤ ᠤᠯᠤᠰ ᠤᠨ ᠤᠳᠤᠬᠠᠨ ᠳᠤ ᠡᠮ  ᠳᠤ ᠤᠨᠴᠠᠭᠠᠢ ᠲᠠᠰᠪᠤᠷᠢᠳᠡᠢ ᠨᠢᠭᠡᠨ ᠵᠦᠢᠯ ᠤᠨ ᠭᠦᠨᠦᠭᠡᠯᠳᠤ ᠬᠤᠷᠤᠬᠠᠢ ᠪᠤᠯᠤᠨ᠎ᠠ᠃ ᠲᠠᠷᠠ ᠨᠢ ᠵᠢᠤᠢ ᠵᠾᠢ ︵菊酯︶ ᠶᠢᠨ ᠲᠦᠷᠦᠯ᠂ ᠤᠷᠭᠠᠨᠢᠭ ᠹᠤᠰᠹᠤᠷ ᠤᠨ ᠲᠦᠷᠦᠯ ᠵᠢᠴᠢ ᠰᠢᠪᠳᠤᠷ ᠭᠦᠴᠢᠯ ᠤᠨ ᠲᠦᠷᠦᠯ ᠤᠨ ᠲᠠᠷᠢᠶᠠᠨ ᠡᠮ ᠵᠡᠷᠭᠡ ᠳᠤ ᠴᠦᠮ ᠠᠳᠠᠯᠢ ᠪᠤᠰᠤ ᠭᠡᠮᠵᠢᠶᠠᠨ ᠤ ᠲᠠᠰᠪᠤᠷᠢᠳᠤ ᠴᠢᠨᠠᠷ ᠲᠠᠢ ᠪᠠᠶᠢᠳᠠᠭ᠃ ᠡᠶᠢᠮᠤ ᠠᠴᠠ ᠶᠠᠮᠠᠷ ᠨᠢᠭᠡᠨ ᠲᠦᠷᠦᠯ ᠤᠨ ᠡᠮ ᠳᠤ ᠲᠠᠰᠪᠤᠷᠢᠳᠤ ᠴᠢᠨᠠᠷ ᠢᠶᠠᠷ ᠮᠠᠰᠢ ᠴᠢᠩᠭ᠎ᠠ ᠪᠠᠶᠢᠳᠠᠭ ᠭᠠᠵᠠᠷ ᠤᠷᠤᠨ ᠲᠤᠰ ᠲᠦᠷᠦᠯ ᠤᠨ ᠡᠮ ᠢ ᠭᠡᠷᠡᠭᠯᠡᠭᠦ ᠪᠠᠨ ᠲᠦᠷ ᠵᠤᠠᠠᠰᠤᠵᠤ᠂ ᠦᠢᠯᠡᠳᠦᠯ ᠤᠨ ᠲᠤᠠᠠᠳᠠᠴᠠ ᠨᠢ ᠠᠳᠠᠯᠢ ᠦᠭᠡᠢ ᠪᠤᠰᠤᠳ ᠲᠦᠷᠦᠯ ᠤᠨ ᠡᠮ ᠢ ᠭᠡᠷᠡᠭᠯᠡᠭᠦ ᠪᠤᠶᠤ ᠰᠤ᠋ ᠶᠦᠨ ᠶᠢᠨ ᠰᠠᠪᠬᠠᠨ ᠪᠠᠺᠲ᠋ᠧᠷᠢᠳᠤ ᠡᠮ ᠢ ᠦᠭᠡᠷ᠎ᠡ ᠭᠢᠮᠢ ᠶᠢᠨ ᠡᠮ ᠲᠠᠢ ᠬᠤᠯᠢᠨ ᠭᠡᠷᠡᠭᠯᠡᠭᠦ ᠪᠤᠶᠤ ᠡᠭᠡᠯᠵᠢᠯᠡᠨ ᠭᠡᠷᠡᠭᠯᠡᠵᠤ ᠪᠤᠯᠤᠨ᠎ᠠ᠃      ᠵᠢᠵᠢᠭ ᠢᠳᠤᠭᠠᠨ ᠨᠢ ᠡᠮ ᠳᠤ ᠮᠠᠰᠢ ᠲᠠᠰᠪᠤᠷᠢᠳᠡᠢ ᠪᠠᠶᠢᠳᠠᠭ ᠪᠤᠯᠬᠤᠷ ᠡᠮ ᠢᠶᠠᠷ ᠰᠡᠷᠭᠡᠶᠢᠯᠡᠨ ᠵᠠᠰᠠᠬᠤ ᠳᠠᠭᠠᠨ ᠨᠠᠪᠴᠢᠭᠦ ᠭᠦᠭ ᠦᠶ᠎ᠠ ᠠᠴᠠ ᠠᠪᠤᠭᠠᠳ ᠠᠪᠠᠭᠠᠯᠳᠠᠢ ᠨᠢ ᠬᠤᠶᠠᠷ ᠨᠠᠰᠤᠯᠠᠬᠤ ᠦᠶ᠎ᠠ ᠭᠦᠷᠳᠡᠯ᠎ᠠ 5% ᠶᠢᠨ ᠹᠦ᠋ ᠴᠦᠩ ᠨᠢᠶᠤᠤ ︵氟虫脲︶ ᠲᠤᠰᠤᠨ ᠡᠮ ᠪᠤᠶᠤ 5% ᠶᠢᠨ ᠳ᠋ᠢᠩ ᠴᠦᠩ ᠯᠦᠩ ︵定虫隆︶ ᠲᠤᠰᠤᠨ ᠡᠮ᠂ 5% ᠶᠢᠨ ᠹᠦ᠋ ᠴᠦᠩ ᠯᠦᠩ ︵伏虫隆︶ ᠲᠤᠰᠤᠨ ᠡᠮ ᠤᠨ 1000~2000 ᠲᠠᠭᠢᠨ ᠤ ᠰᠢᠩᠭᠡᠨ ᠢ ᠰᠤᠩᠭᠤᠨ ᠭᠡᠷᠡᠭᠯᠡᠵᠤ ᠪᠤᠯᠤᠨ᠎ᠠ᠃ ᠠᠪᠠᠭᠠᠯᠳᠠᠢ ᠨᠢ 2~3 ᠨᠠᠰᠤᠯᠠᠬᠤ ᠦᠶ᠎ᠠ ᠳᠤ 5% ᠶᠢᠨ ᠹᠦ᠋ ᠴᠦᠩ ᠵᠢᠩ ︵氟虫腈︶ ᠡᠮ᠂ 10% ᠶᠢᠨ ᠴᠦᠩ ᠮᠠᠨ ᠵᠢᠩ ︵虫螨腈︶ ᠡᠮ ᠤᠨ 1500~3000 ᠲᠠᠭᠢᠨ ᠤ ᠰᠢᠩᠭᠡᠨ᠂ 50% ᠶᠢᠨ ᠱᠠ ᠮᠠᠨ ᠯᠦᠩ ︵杀螨隆︶ ᠡᠮ ᠤᠨ 1000 ᠲᠠᠭᠢᠨ ᠤ ᠰᠢᠩᠭᠡᠨ᠂ 20% ᠶᠢᠨ ᠪᠢᠩ ᠰᠢᠦ ᠯᠢᠨ ︵丙溴磷︶ ᠲᠤᠰᠤᠨ ᠡᠮ ᠤᠨ 500 ᠲᠠᠭᠢᠨ ᠤ ᠰᠢᠩᠭᠡᠨ ᠢ ᠭᠡᠷᠡᠭᠯᠡᠵᠤ ᠪᠤᠯᠤᠨ᠎ᠠ᠃ ᠪᠠᠰᠠ 2.5% ᠶᠢᠨ ᠳ᠋ᠢ ᠱᠠ ᠰᠧ ︵敌杀死︶ ᠲᠤᠰᠤᠨ ᠡᠮ ᠤᠨ 2000~3000 ᠲᠠᠭᠢᠨ ᠤ ᠰᠢᠩᠭᠡᠨ᠂ 2.5% ᠶᠢᠨ ᠭᠦᠩ ᠹᠦ᠋ ︵功夫︶ ᠲᠤᠰᠤᠨ ᠡᠮ ᠤᠨ 3000 ᠲᠠᠭᠢᠨ ᠤ ᠰᠢᠩᠭᠡᠨ᠂ ᠡᠰᠡᠭᠦᠯ᠎ᠡ 10% ᠶᠢᠨ ᠯᠤ᠋ ᠴᠢᠩ ᠵᠢᠦᠢ ᡁᠢ ︵氯氰菊酯︶ ᠡᠮ ᠤᠨ 3000~4000 ᠲᠠᠭᠢᠨ ᠤ ᠰᠢᠩᠭᠡᠨ ᠢ ᠭᠡᠷᠡᠭᠯᠡᠵᠤ ᠪᠤᠯᠤᠨ᠎ᠠ᠃       ᠵᠢᠵᠢᠭ ᠢᠳᠤᠭᠠᠨ ᠨᠢ ᠡᠮ ᠳᠤ ᠲᠠᠰᠪᠤᠷᠢᠳᠡᠢ ᠪᠠᠶᠢᠳᠠᠭ ᠲᠤᠯᠠ ᠡᠮ ᠢᠶᠠᠨ ᠰᠤᠯᠢᠵᠤ ᠰᠤᠯᠪᠢᠴᠠᠭᠤᠯᠤᠨ ᠭᠡᠷᠡᠭᠯᠡᠭᠦ ᠪᠤᠶᠤ ᠲᠠᠭᠢᠨ ᠨᠠᠶᠢᠷᠠᠯᠭ᠎ᠠ ᠶᠢᠨ ᠲᠠᠷᠢᠶᠠᠨ ᠡᠮ ᠢ ᠭᠡᠷᠡᠭᠯᠡᠭᠦ ᠶᠢ ᠠᠩᠬᠠᠷᠬᠤ ᠭᠡᠷᠡᠭᠳᠡᠢ᠃       3. ᠢᠳᠡᠰᠢᠨ ᠨᠤᠭᠤᠭ᠎ᠠ ᠶᠢᠨ ᠰᠢᠷᠤᠢ ᠶᠢᠨ ᠭᠦᠷᠢ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠰᠢᠷᠤᠢ ᠶᠢᠨ ᠭᠦᠷᠢ ᠪᠤᠯ ᠨᠢᠭᠡᠨ ᠲᠦᠷᠦᠯ ᠤᠨ ᠤᠯᠠᠨ ᠢᠳᠡᠰᠢᠳᠤ ᠭᠦᠨᠦᠭᠡᠯᠳᠤ ᠬᠤᠷᠤᠬᠠᠢ ᠮᠦᠨ᠃ ᠤᠷᠤᠩᠨᠠᠬᠤ ᠨᠢ ᠮᠠᠰᠢ ᠦᠷᠭᠡᠨ ᠪᠠᠶᠢᠵᠤ᠂ ᠤᠰᠤᠨ ᠤᠷᠭᠤᠮᠠᠯ ᠢ ᠭᠠᠷᠭᠠᠪᠠᠯ ᠪᠠᠷᠤᠭ ᠪᠦᠭᠦ᠋ᠢᠯᠡ ᠤᠷᠭᠤᠮᠠᠯ ᠤᠨ ᠨᠢᠯᠬ᠎ᠠ ᠴᠢᠭᠢ ᠶᠢ ᠴᠦᠮ ᠭᠦᠨᠦᠭᠡᠳᠡᠭ᠃ ᠭᠤᠤᠯ ᠨᠢ ᠬᠠᠰᠢ ᠶᠢᠨ ᠢᠵᠠᠭᠤᠷ᠂ ᠪᠤᠷᠴᠠᠭ ᠤᠨ ᠢᠵᠠᠭᠤᠷ᠂ ᠲᠤᠨᠤᠯᠵᠢᠨ ᠴᠡᠴᠡᠭ ᠤᠨ ᠢᠵᠠᠭᠤᠷ᠂ ᠰᠠᠷᠠᠨ᠎ᠠ ᠶᠢᠨ ᠢᠵᠠᠭᠤᠷ᠂ ᠬᠤᠯᠤ ᠶᠢᠨ ᠢᠵᠠᠭᠤᠷ ᠵᠢᠴᠢ ᠦᠷᠭᠡᠰᠤᠳᠤ ᠨᠤᠭᠤᠭ᠎ᠠ᠂ ᠰᠢᠯᠦᠭᠡᠢ ᠨᠤᠭᠤᠭ᠎ᠠ᠂ ᠵᠤᠷᠭᠤᠳᠠᠰᠤ ᠵᠡᠷᠭᠡ ᠤᠯᠠᠨ ᠵᠦᠢᠯ ᠤᠨ ᠨᠤᠭᠤᠭ᠎ᠠ ᠶᠢ ᠭᠦᠨᠦᠭᠡᠳᠡᠭ᠃ ᠰᠢᠷᠤᠢ ᠶᠢᠨ ᠭᠦᠷᠢ ᠨᠢ ᠠᠪᠠᠭᠠᠯᠳᠠᠢ ᠠᠴᠠ ᠪᠠᠨ ᠡᠭᠢᠯᠡᠨ ᠤᠯᠠᠨ ᠵᠦᠢᠯ ᠤᠨ ᠨᠤᠭᠤᠭ᠎ᠠ ᠶᠢᠨ ᠨᠢᠯᠬ᠎ᠠ ᠴᠢᠭᠢ ᠶᠢ ᠭᠦᠨᠦᠭᠡᠵᠤ᠂ ᠨᠤᠭᠤᠭᠠᠨ ᠤ ᠦᠷ᠎ᠡ ᠨᠠᠪᠴᠢ᠂ ᠨᠢᠯᠬ᠎ᠠ ᠨᠠᠪᠴᠢ ᠶᠢ ᠮᠡᠷᠡᠨ ᠢᠳᠡᠵᠤ᠂ ᠨᠠᠪᠴᠢ ᠶᠢ ᠴᠦᠮ ᠨᠦᠭᠡᠯᠡᠭᠦ ᠪᠤᠶᠤ ᠰᠠᠳᠡᠯᠵᠤ ᠰᠦᠢᠳᠭᠡᠳᠡᠭ᠃ 3 ᠨᠠᠰᠤᠨ ᠤ ᠠᠪᠠᠭᠠᠯᠳᠠᠢ ᠨᠢ ᠨᠢᠯᠬ᠎ᠠ ᠴᠢᠭᠢᠨ ᠤ ᠡᠰᠢ ᠶᠢᠨ ᠭᠡᠰᠡᠭ ᠢ ᠭᠡᠮᠡᠯᠢᠨ ᠲᠠᠰᠤᠳᠠᠵᠤ᠂ ᠤᠷᠭᠤᠮᠠᠯ ᠢ ᠬᠠᠳᠠᠭᠠᠵᠤ ᠦᠭᠦᠭᠦᠯᠳᠡᠭ ᠪᠠ ᠴᠢᠭᠢ ᠲᠤᠳ᠋ᠬᠠᠳᠠᠭᠤᠯᠬᠤ ᠪᠤᠶᠤ ᠲᠠᠯᠠᠩ ᠢ ᠲᠠᠰᠤᠯᠳᠠᠭᠤᠯᠵᠤ᠂ ᠭᠦᠨᠳᠤ ᠨᠤᠴᠢᠳᠡᠢ ᠦᠶ᠎ᠠ  ᠳᠤ ᠴᠢᠨ᠋ᠬᠠᠰᠢᠯᠠᠪᠠᠯ ᠲᠠᠭᠢᠨ ᠲᠠᠷᠢᠬᠤ ᠪᠤᠯᠭᠠᠳᠠᠭ᠃ ᠠᠪᠠᠭᠠᠯᠳᠠᠢ ᠨᠢ ᠪᠠᠰᠠ ᠬᠠᠰᠢ᠂ ᠯᠠᠵᠤᠤ᠂ ᠲᠤᠮᠤ ᠴᠠᠭᠠᠨ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ ᠶᠢᠨ ᠵᠢᠮᠢᠰ ᠪᠤᠶᠤ ᠨᠠᠪᠴᠢᠨ ᠪᠦᠮᠪᠤᠭᠡᠯᠢᠭ ᠲᠤ ᠨᠦᠭᠡᠯᠡᠨ ᠤᠷᠤᠵᠤ ᠰᠦᠢᠳᠭᠡᠭᠡᠳ ᠬᠤᠷᠢᠶᠠᠯᠳᠠ ᠪᠠ ᠶᠠᠰᠤ ᠴᠢᠨᠠᠷ ᠢ ᠪᠠᠭᠤᠷᠠᠭᠤᠯᠳᠠᠭ ᠪᠠᠶᠢᠨ᠎ᠠ᠃ ᠰᠢᠷ᠎ᠠ ᠰᠢᠷᠤᠢ ᠶᠢᠨ ᠭᠦᠷᠢ ᠶᠢᠨ ᠢᠳᠡᠰᠢ  ᠨᠢ ᠮᠠᠰᠢ ᠪᠤᠳᠤᠯᠢᠶᠠᠨ ᠲᠠᠢ ᠪᠠᠶᠢᠵᠤ᠂ ᠨᠤᠭᠤᠭ᠎ᠠ ᠴᠠᠭ᠎ᠠ ᠪᠠ ᠲᠤᠮᠤ ᠲᠠᠷᠢᠮᠠᠯ᠂ ᠡᠪᠡᠰᠤ ᠪᠡᠯᠴᠢᠭᠡᠷ ᠤᠨ ᠨᠢᠯᠬ᠎ᠠ ᠴᠢᠭᠢ ᠶᠢ ᠭᠦᠨᠦᠭᠡᠳᠡᠭ ᠪᠠᠶᠢᠨ᠎ᠠ᠃       ᠰᠢᠷᠤᠢ ᠶᠢᠨ ᠭᠦᠷᠢ ᠶᠢ ᠰᠡᠷᠭᠡᠶᠢᠯᠡᠨ ᠵᠠᠰᠠᠬᠤ ᠳᠤ᠄       ︵1︶ ᠲᠠᠷᠢᠶᠠᠯᠠᠩ ᠤᠨ ᠠᠷᠭ᠎ᠠ ᠪᠠᠷ ᠵᠠᠰᠠᠨ᠎ᠠ᠃ ᠨᠢᠭᠡ ᠳᠤ ᠲᠠᠷᠢᠶᠠᠨ ᠭᠠᠵᠠᠷ ᠢᠶᠠᠨ ᠴᠠᠪᠠᠷᠯᠡᠨ ᠠᠷᠢᠯᠭᠠᠵᠤ᠂ ᠨᠤᠭᠤᠭ᠎ᠠ ᠶᠢᠨ ᠲᠠᠯᠠᠪᠠᠢ᠂ ᠭᠦᠪᠡᠭᠡ ᠵᠠᠬ᠎ᠠ᠂ ᠲᠠᠯᠠᠩ ᠪᠤᠯᠤᠨ ᠵᠠᠮ ᠤᠨ ᠬᠠᠵᠠᠭᠤ ᠶᠢᠨ ᠰᠤᠯᠠ ᠡᠪᠡᠰᠤ ᠶᠢ ᠠᠷᠢᠯᠭᠠᠵᠤ᠂ ᠨᠠᠮᠤᠷ ᠤᠷᠪᠠᠭᠤᠯᠤᠨ ᠡᠪᠤᠯ ᠤᠰᠤᠯᠠᠵᠤ᠂ ᠬᠠᠪᠤᠷ ᠬᠠᠭᠠᠯᠪᠤᠷᠢᠯᠠᠨ ᠨᠠᠷᠬᠠᠳᠠᠵᠤ᠂ ᠭᠠᠵᠠᠷ ᠲᠡᠭᠰᠢᠯᠡᠭᠦ ᠲᠠᠢ ᠤᠶᠠᠯᠳᠤᠭᠤᠯᠤᠨ ᠲᠠᠯᠠᠩ ᠢ ᠬᠤᠰᠤᠵᠤ᠂ ᠬᠤᠷᠤᠬᠠᠢ ᠶᠢᠨ ᠦᠨᠳᠡᠭᠡ ᠠᠪᠠᠭᠠᠯᠳᠠᠢ ᠪᠤᠯᠤᠨ ᠭᠡᠤᠭᠡᠯᠳᠡᠢ ᠶᠢ ᠠᠯᠠᠵᠤ ᠤᠰᠠᠳᠬᠠᠨ᠎ᠠ᠃ ᠬᠤᠶᠠᠷ ᠲᠤ᠂ ᠬᠠᠭᠤᠷᠤᠨ ᠴᠤᠠᠠᠯᠠᠭᠤᠯᠬᠤ ᠤᠷᠭᠤᠮᠠᠯ ᠲᠠᠷᠢᠵᠤ ᠤᠰᠠᠳᠬᠠᠨ᠎ᠠ᠃ ᠲᠤᠬᠠᠶᠢᠯᠠᠪᠠᠯ ᠮᠠᠭᠠᠵᠢ ᠲᠠᠷᠢᠵᠤ ᠬᠠᠭᠤᠷᠤᠨ ᠦᠨᠳᠡᠭᠡᠯᠡᠭᠦᠯᠭᠦ ᠤᠷᠭᠤᠮᠠᠯ ᠤᠨ ᠪᠦᠰᠡ ᠭᠠᠷᠭᠠᠵᠤ᠂ ᠪᠡᠶᠡᠯᠡᠭᠰᠡᠨ ᠬᠤᠷᠤᠬᠠᠢ ᠶᠢ ᠮᠡᠭᠡᠯᠡᠨ ᠦᠨᠳᠡᠭᠡᠯᠡᠭᠦᠯᠵᠤ᠂ ᠦᠨᠳᠡᠭᠡ ᠨᠢ ᠨᠠᠪᠴᠢᠭᠦ ᠶᠢᠨ ᠡᠭᠢᠨ ᠤ ᠦᠶ᠎ᠠ ᠳᠤ ᠬᠤᠰᠤᠵᠤ ᠠᠷᠢᠯᠭᠠᠬᠤ ᠪᠠ ᠲᠠᠷᠢᠶ᠎ᠠ ᠠᠴᠠ ᠭᠠᠳ᠋ᠬᠠᠰᠢ ᠠᠪᠠᠴᠢᠵᠤ ᠰᠢᠳᠠᠭᠠᠵᠤ ᠬᠠᠶᠠᠨ᠎ᠠ᠃ ᠭᠡᠷᠪᠡ ᠬᠠᠭᠤᠷᠤᠨ ᠦᠨᠳᠡᠭᠡᠯᠡᠭᠦᠯᠭᠦ ᠮᠠᠭᠠᠵᠢ ᠪᠠᠨ ᠦᠯᠡᠳᠡᠭᠡᠨ ᠭᠡᠷᠡᠭᠯᠡᠭᠦ ᠴᠢᠬᠤᠯᠠ ᠲᠠᠢ ᠪᠤᠯ 3 ᠨᠠᠰᠤᠯᠠᠬᠤ ᠠᠴᠠ ᠨᠢ ᠡᠮᠦᠨ᠎ᠠ 90% ᠶᠢᠨ ᠲᠠᠯᠠᠰᠳᠤ ᠳ᠋ᠢ ᠪᠠᠢ ᠴᠦᠩ ︵敌百虫︶ ᠡᠮ ᠤᠨ 1000 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠨ ᠵᠠᠰᠠᠨ᠎ᠠ᠃       ︵2︶ ᠪᠡᠶᠡᠯᠡᠭᠰᠡᠨ ᠬᠤᠷᠤᠬᠠᠢ ᠶᠢ ᠠᠷᠭᠠᠳᠠᠨ ᠤᠰᠠᠳᠬᠠᠨ᠎ᠠ᠃ ᠰᠢᠭᠢᠷ ᠼᠤᠤ ᠶᠢᠨ ᠰᠢᠩᠭᠡᠨ ᠪᠤᠶᠤ ᠬᠠᠷ᠎ᠠ ᠭᠡᠷᠡᠯ ᠤᠨ ᠳ᠋ᠧᠩ ᠢᠶᠠᠷ ᠡᠪᠤᠯᠵᠢᠭ᠍ᠰᠡᠨ ᠪᠡᠶᠡᠯᠡᠭᠰᠡᠨ ᠬᠤᠷᠤᠬᠠᠢ ᠶᠢ ᠬᠠᠭᠤᠷᠤᠨ ᠤᠰᠠᠳᠬᠠᠨ᠎ᠠ᠃ ᠬᠠᠪᠤᠷ ᠪᠡᠶᠡᠯᠡᠭᠰᠡᠨ ᠬᠤᠷᠤᠬᠠᠢ ᠡᠭᠦᠰᠭᠦ ᠦᠶ᠎ᠠ ᠳᠤ ᠢᠳᠤᠭᠠᠨ ᠢ ᠦᠳᠦᠭᠡᠭᠦ ᠫᠸᠡᠭᠰᠡ ᠲᠠᠯᠪᠢᠵᠤ᠂ ᠪᠡᠶᠡᠯᠡᠭᠰᠡᠨ ᠬᠤᠷᠤᠬᠠᠢ ᠶᠢ ᠦᠳᠦᠭᠡᠨ ᠪᠠᠷᠢᠵᠤ ᠤᠰᠠᠳᠬᠠᠨ᠎ᠠ᠃       ︵3︶ ᠠᠪᠠᠭᠠᠯᠳᠡᠢ ᠶᠢ ᠬᠠᠭᠤᠷᠤᠨ ᠤᠰᠠᠳᠬᠠᠨ᠎ᠠ᠃ ᠲᠤᠬᠠᠶᠢᠯᠠᠪᠠᠯ ᠰᠢᠨ᠎ᠠ ᠰᠤᠷᠭᠤᠭ ᠰᠠᠪᠭᠢ ᠤᠶᠠᠩᠭᠠᠳᠤ ᠮᠤᠳᠤᠨ ᠤ ᠨᠠᠪᠴᠢ ᠶᠢ ᠤᠰᠤᠨ ᠳᠤ ᠲᠠᠪᠳᠦᠭᠡᠭᠡᠳ 667㎡ ᠲᠠᠯᠠᠪᠠᠢ ᠪᠦᠷᠢ 50~70 ᠭᠡᠯᠳᠡᠰ ᠨᠠᠪᠴᠢ ᠶᠢᠨ ᠬᠤᠪᠢ ᠪᠠᠷ ᠨᠢᠭᠡᠳᠦᠭᠡᠷ ᠦᠶ᠎ᠠ ᠶᠢᠨ ᠠᠪᠠᠭᠠᠯᠳᠠᠢ ᠡᠭᠦᠰᠭᠦ ᠦᠶ᠎ᠠ ᠳᠤ ᠦᠳᠡᠰᠢ ᠤᠷᠤᠢ ᠲᠠᠷᠢᠶᠠᠨ ᠳᠠᠭᠠᠨ ᠬᠠᠶᠠᠵᠤ᠂ ᠲᠠᠷᠠᠭ᠎ᠠ ᠦᠷᠯᠦᠭᠡ ᠡᠷᠳᠡ ᠪᠠᠷᠢᠵᠤ ᠤᠰᠠᠳᠬᠠᠨ᠎ᠠ᠃ ᠪᠠᠰᠠ ᠰᠤᠷᠭᠤᠭ ᠡᠪᠡᠰᠤ ᠪᠤᠶᠤ ᠨᠤᠭᠤᠭᠠᠨ ᠤ ᠨᠠᠪᠴᠢ ᠶᠢ  667㎡ ᠲᠠᠯᠠᠪᠠᠢ ᠪᠦᠷᠢ 20~30g ᠤᠨ ᠬᠤᠪᠢ ᠪᠠᠷ ᠲᠠᠷᠢᠶᠠᠨ ᠳᠠᠭᠠᠨ ᠵᠢᠵᠢᠭᠯᠡᠨ ᠤᠪᠤᠭᠠᠯᠠᠨ ᠲᠠᠯᠪᠢᠵᠤ ᠬᠤᠷᠤᠬᠠᠢ ᠶᠢ ᠬᠠᠭᠤᠷᠤᠨ ᠪᠠᠷᠢᠵᠤ ᠤᠰᠠᠳᠬᠠᠨ᠎ᠠ᠃        ︵4︶ ᠡᠮ ᠢᠶᠠᠷ ᠰᠡᠷᠭᠡᠶᠢᠯᠡᠨ ᠵᠠᠰᠠᠨ᠎ᠠ᠃ ᠠᠪᠠᠭᠠᠯᠳᠠᠢ ᠶᠢ ᠨᠢ 3 ᠨᠠᠰᠤᠯᠠᠬᠤ ᠠᠴᠠ ᠨᠢ ᠡᠮᠦᠨ᠎ᠠ ᠡᠮ ᠢᠶᠠᠷ ᠰᠡᠷᠭᠡᠶᠢᠯᠡᠨ ᠵᠠᠰᠠᠪᠠᠯ ᠮᠠᠰᠢ ᠰᠠᠶᠢᠨ ᠦᠷ᠎ᠠ ᠪᠦᠳᠦᠭᠡᠯ ᠤᠯᠤᠨ᠎ᠠ᠃ ① ᠨᠤᠨᠳᠠᠭ ᠡᠮ ᠰᠠᠴᠤᠨ᠎ᠠ᠂ 2.5% ᠶᠢᠨ ᠳ᠋ᠢ ᠪᠠᠢ ᠴᠦᠩ ︵敌百虫︶ ᠨᠤᠨᠳᠠᠭ ᠡᠮ ᠢ 667㎡ ᠲᠠᠯᠠᠪᠠᠢ ᠪᠦᠷᠢ 2~2.5kg ᠰᠠᠴᠤᠨ᠎ᠠ᠃ ② ᠬᠤᠤᠷᠳᠤ ᠰᠢᠷᠤᠢ ᠰᠠᠴᠤᠨ᠎ᠠ᠂ 2.5% ᠶᠢᠨ ᠳ᠋ᠢ ᠪᠠᠢ ᠴᠦᠩ ᠨᠤᠨᠳᠠᠭ ︵敌百虫︶ ᠡᠮ ᠢ  667㎡ ᠲᠠᠯᠠᠪᠠᠢ ᠪᠦᠷᠢ 1.5~2kg ᠤᠨ ᠭᠡᠮᠵᠢᠶ᠎ᠠ ᠪᠠᠷ 10kg ᠰᠢᠷᠤᠢ ᠬᠤᠯᠢᠨ ᠬᠤᠤᠷᠳᠤ ᠰᠢᠷᠤᠢ ᠪᠤᠯᠭᠠᠵᠤ᠂ ᠲᠠᠯᠠᠩ ᠢᠶᠠᠨ ᠲᠠᠭᠠᠭᠤᠯᠤᠨ ᠨᠢᠯᠬ᠎ᠠ ᠴᠢᠭᠢᠨ ᠤ ᠦᠨᠳᠤᠰᠤᠨ ᠤ ᠤᠷᠴᠢᠮ ᠢᠶᠠᠷ ᠰᠠᠴᠤᠬᠤ ᠪᠤᠶᠤ 0.5kg 50% ᠶᠢᠨ ᠰᠢᠨ ᠯᠢᠤ ᠯᠢᠨ ︵辛硫磷︶ ᠲᠤᠰᠤᠨ ᠡᠮ ᠤᠨ ᠲᠡᠭᠡᠷ᠎ᠡ ᠵᠤᠭᠢᠬᠤ ᠭᠡᠮᠵᠢᠶᠠᠨ ᠤ ᠤᠰᠤ ᠨᠠᠮᠠᠨ 125~175kg ᠨᠠᠷᠢᠨ ᠰᠢᠷᠤᠢ ᠲᠠᠢ ᠪᠠᠭᠰᠤᠷᠤᠨ ᠬᠤᠤᠷᠳᠤ ᠰᠢᠷᠤᠢ ᠨᠠᠶᠢᠷᠠᠭᠤᠯᠵᠤ᠂  667 ᠲᠠᠯᠠᠪᠠᠢ ᠪᠦᠷᠢ 20~25kg ᠬᠤᠤᠷᠳᠤ ᠰᠢᠷᠤᠢ ᠰᠠᠴᠤᠨ᠎ᠠ᠃ ③ ᠡᠮ ᠰᠦᠷᠴᠢᠨ᠎ᠠ᠃ 90% ᠶᠢᠨ ᠲᠠᠯᠠᠰᠳᠤ ᠳ᠋ᠢ ᠪᠠᠢ ᠴᠦᠩ ︵敌百虫︶ ᠡᠮ ᠤᠨ 800~1000 ᠲᠠᠭᠢᠨ ᠤ ᠰᠢᠩᠭᠡᠨ᠂ 50% ᠶᠢᠨ ᠰᠢᠨ ᠯᠢᠤ ᠯᠢᠨ ︵辛硫磷︶ ᠲᠤᠰᠤᠨ ᠡᠮ ᠤᠨ 800 ᠲᠠᠭᠢᠨ ᠤ ᠰᠢᠩᠭᠡᠨ᠂ 50% ᠶᠢᠨ ᠱᠠ ᠮᠢᠩ ᠯᠢᠤ ᠯᠢᠨ ︵杀螟硫磷︶ ᠡᠮ ᠤᠨ 1000~2000 ᠲᠠᠭᠢᠨ ᠤ ᠰᠢᠩᠭᠡᠨ᠂ 20% ᠶᠢᠨ ᠵᠢᠤᠢ ᠱᠠ ︵菊杀︶ ᠲᠤᠰᠤᠨ ᠡᠮ ᠤᠨ 1000~1500 ᠲᠠᠭᠢᠨ ᠤ ᠰᠢᠩᠭᠡᠨ᠂ 2.5% ᠶᠢᠨ ᠳ᠋ᠢ ᠱᠠ ᠰᠧ ︵敌杀死︶ ᠲᠤᠰᠤᠨ ᠡᠮ ᠤᠨ 3000 ᠲᠠᠭᠢᠨ ᠤ ᠰᠢᠩᠭᠡᠨ ᠢ ᠰᠦᠷᠴᠢᠨ᠎ᠠ᠃ ④ ᠬᠤᠤᠷᠳᠤ ᠦᠭᠶᠦᠭᠡ ᠪᠠᠷ ᠤᠰᠠᠳᠬᠠᠨ᠎ᠠ᠃ ᠤᠯᠠᠩᠭᠢ ᠳᠠᠭᠠᠨ 3 ᠨᠠᠰᠤᠯᠬᠠᠰᠠᠨ ᠠᠴᠠ ᠬᠤᠶᠢᠰᠢ ᠢᠳᠡᠰᠢ ᠢᠳᠡᠭᠦ ᠦᠶ᠎ᠠ ᠳᠤᠨᠢ ᠭᠡᠷᠡᠭᠯᠡᠨ᠎ᠡ᠃ 667㎡ ᠲᠠᠯᠠᠪᠠᠢ ᠪᠦᠷᠢ  0.5g 2.5% ᠶᠢᠨ ᠳ᠋ᠢ ᠪᠠᠢ ᠴᠦᠩ ︵敌百虫︶ ᠨᠤᠨᠳᠠᠭ ᠡᠮ ᠪᠤᠶᠤ 90% ᠶᠢᠨ ᠲᠠᠯᠠᠰᠳᠤ ᠳ᠋ᠢ ᠪᠠᠢ ᠴᠦᠩ ︵敌百虫︶ ᠡᠮ ᠤᠨ 1000 ᠲᠠᠭᠢᠨ ᠤ ᠰᠢᠩᠭᠡᠨ ᠢ ᠭᠡᠷᠴᠢᠮᠡᠯ ᠰᠤᠷᠭᠤᠭ ᠡᠪᠡᠰᠤ ᠲᠠᠢ ᠵᠢᠭᠳᠡ ᠳᠤᠨᠢ ᠬᠤᠳᠬᠤᠨ ᠬᠤᠯᠢᠵᠤ ᠰᠦᠷᠴᠢᠨ᠎ᠠ᠃       ᠡᠰᠡᠭᠦᠯ᠎ᠠ 90% ᠶᠢᠨ ᠲᠠᠯᠠᠰᠳᠤ ᠳ᠋ᠢ ᠪᠠᠢ ᠴᠦᠩ ︵敌百虫︶ ᠡᠮ ᠲᠡᠭᠡᠷ᠎ᠡ 2.5~5kg ᠤᠰᠤ ᠨᠠᠮᠠᠵᠤ᠂ 50kg ᠬᠠᠭᠤᠷᠤᠠᠠᠰᠠᠨ ᠨᠠᠷᠢᠮᠤ ᠶᠢᠨ ᠠᠭ᠎ᠠ ᠪᠤᠶᠤ ᠲᠠᠯᠬᠠᠳ᠋ᠬᠠᠰᠠᠨ ᠭᠦᠪᠤᠩ ᠤᠨ ᠦᠷ᠎ᠡ ᠲᠠᠢ ᠵᠢᠭᠳᠡ  ᠳᠤᠨᠢ ᠬᠤᠯᠢᠵᠤ᠂ 50g ᠤᠨ 50% ᠶᠢᠨ ᠰᠢᠨ ᠯᠢᠤ ᠯᠢᠨ ︵辛硫磷︶ ᠲᠤᠰᠤᠨ ᠡᠮ ᠢ 5kg ᠭᠦᠪᠤᠩ ᠤᠨ ᠦᠷ᠎ᠡ ᠶᠢᠨ ᠪᠠᠵᠢᠮᠠᠭ ᠪᠤᠯᠭᠠᠨ ᠬᠤᠯᠢᠭᠠᠳ ᠬᠤᠤᠷᠳᠤ ᠦᠭᠶᠦᠭᠡ ᠪᠤᠯᠭᠠᠵᠤ᠂ ᠦᠳᠡᠰᠢ ᠤᠷᠤᠢ ᠲᠠᠷᠢᠶᠠᠨ ᠲᠤᠳᠤᠷ᠎ᠡ ᠪᠠᠨ ᠵᠤᠭᠢᠬᠤ ᠵᠠᠢ ᠲᠠᠢ ᠤᠪᠤᠭᠠᠯᠠᠨ ᠲᠠᠯᠪᠢᠨ᠎ᠠ᠃ ⑤ ᠦᠨᠳᠤᠰᠤ ᠳᠤᠨᠢ ᠤᠰᠤ ᠴᠢᠳᠬᠤᠨ᠎ᠠ᠃ ᠲᠤᠮᠤ ᠪᠡᠶᠡᠯᠡᠭᠰᠡᠨ ᠬᠤᠷᠤᠬᠠᠢ ᠲᠠᠢ ᠪᠠ ᠭᠦᠨᠦᠭᠡᠯ ᠶᠡᠭᠡᠳᠡᠢ ᠲᠠᠷᠢᠶᠠᠨ ᠳᠤ 80% ᠶᠢᠨ ᠳ᠋ᠢ ᠳ᠋ᠢ ᠸᠧᠢ ︵敌敌畏︶ ᠲᠤᠰᠤᠨ ᠡᠮ ᠪᠤᠶᠤ 50% ᠶᠢᠨ ᠰᠢᠨ ᠯᠢᠤ ᠯᠢᠨ ︵辛硫磷︶ ᠲᠤᠰᠤᠨ ᠡᠮ᠂ 50% ᠶᠢᠨ ᠡᠯ ᠹᠧᠩ ᠨᠦᠩ ︵二唪农︶ ᠲᠤᠰᠤᠨ ᠡᠮ ᠤᠨ 1000~1500 ᠲᠠᠭᠢᠨ ᠤ ᠰᠢᠩᠭᠡᠨ ᠢ ᠦᠨᠳᠤᠰᠤᠨ ᠳᠤᠨᠢ ᠴᠢᠳᠬᠤᠵᠤ ᠰᠡᠷᠭᠡᠶᠢᠯᠡᠨ ᠵᠠᠰᠠᠨ᠎ᠠ᠃       4. ᠯᠠᠭᠤ ᠶᠢᠨ ᠭᠦᠨᠦᠭᠡᠯ ᠢ ᠰᠡᠷᠭᠡᠶᠢᠯᠡᠨ ᠵᠠᠰᠠᠬᠤ       ᠯᠠᠭᠤ ᠪᠤᠯ ᠤᠯᠠᠨ ᠢᠳᠡᠰᠢᠳᠤ ᠭᠦᠨᠦᠭᠡᠯᠳᠤ ᠬᠤᠷᠤᠬᠠᠢ ᠮᠦᠨ᠃ ᠡᠯ᠎ᠡ ᠵᠦᠢᠯ ᠤᠨ ᠨᠤᠭᠤᠭ᠎ᠠ ᠳᠤ ᠲᠤᠷᠠᠳᠡᠢ ᠪᠦᠭᠡᠳ ᠨᠤᠭᠤᠭ᠎ᠠ ᠶᠢᠨ ᠲᠠᠳᠠᠭᠠᠯ ᠪᠤᠯᠤᠨ ᠰᠢᠯᠵᠢᠭᠦᠯᠦᠨ ᠵᠠᠶᠢᠯᠬᠠᠰᠠᠨ ᠤ ᠲᠠᠷᠠᠭᠠᠭᠢ ᠨᠤᠭᠤᠭ᠎ᠠ ᠶᠢᠨ ᠴᠢᠭᠢ ᠶᠢ ᠨᠡᠩ ᠭᠦᠨᠳᠤ ᠨᠤᠴᠢᠳᠡᠢ ᠭᠦᠨᠦᠭᠡᠳᠡᠭ᠃ ᠯᠠᠭᠤ ᠶᠢᠨ ᠪᠠᠶᠠᠯᠡᠭᠰᠡᠨ ᠬᠤᠷᠤᠬᠠᠢ ᠨᠢ ᠭᠦᠷᠦᠰᠤᠨ ᠳᠠᠬᠢ ᠰᠠᠶ᠋ᠢᠬᠠᠨ ᠲᠠᠷᠢᠠᠠᠰᠠᠨ ᠦᠷ᠎ᠠ ᠪᠤᠯᠤᠨ ᠨᠢᠯᠬ᠎ᠠ ᠰᠤᠶᠤᠭ᠎ᠠ ᠶᠢ ᠭᠡᠮᠡᠯᠢᠨ ᠢᠳᠡᠭᠦ ᠪᠤᠶᠤ ᠨᠢᠯᠬ᠎ᠠ ᠴᠢᠭᠢᠨ ᠤ ᠦᠨᠳᠤᠰᠤ᠂ ᠡᠰᠢ ᠶᠢ ᠲᠡᠰᠤᠳᠠᠨ ᠢᠳᠡᠵᠤ᠂ ᠨᠢᠯᠬ᠎ᠠ ᠴᠢᠭᠢ ᠶᠢ ᠬᠠᠳᠠᠭᠠᠨ ᠦᠭᠦᠭᠦᠯᠳᠡᠭ ᠪᠠᠶᠢᠨ᠎ᠠ᠃ ᠯᠠᠭᠤ ᠪᠤᠯ ᠭᠦᠷᠦᠰᠤᠨ ᠲᠤᠳᠤᠷ᠎ᠠ ᠭᠦᠳᠡᠯᠭᠡᠭᠡᠨ ᠭᠢᠵᠤ᠂ ᠭᠠᠳᠠᠷᠭᠤ ᠶᠢᠨ ᠰᠢᠷᠤᠢ ᠶᠢ ᠴᠤᠭᠤᠯᠤᠨ ᠮᠠᠰᠢ ᠤᠯᠠᠨ ᠨᠦᠭᠡᠨ ᠵᠠᠮ ᠭᠠᠷᠭᠠᠵᠤ᠂ ᠨᠢᠯᠬ᠎ᠠ ᠴᠢᠭᠢᠨ ᠤ ᠦᠨᠳᠤᠰᠤᠨ ᠳᠤ ᠰᠠᠯᠭᠢ ᠨᠡᠪᠳᠡᠷᠡᠭᠦᠯᠭᠦ ᠪᠡ ᠭᠦᠷᠦᠰᠤ ᠰᠢᠷᠤᠢ ᠶᠢ ᠰᠠᠳᠠᠷᠠᠭᠤᠯᠵᠤ᠂ ᠨᠢᠯᠬ᠎ᠠ ᠴᠢᠭᠢ ᠨᠢ ᠤᠰᠤ ᠲᠤᠳ᠋ᠬᠠᠳ᠋ᠬᠠᠰᠠᠨ ᠠᠴᠠ ᠪᠤᠯᠵᠤ ᠬᠠᠳᠠᠵᠤ ᠦᠭᠦᠭᠦ ᠪᠡ ᠴᠢᠭᠢ ᠲᠤᠳ᠋ᠬᠠᠳᠠᠨ ᠲᠠᠯᠠᠩ ᠲᠠᠰᠤᠯᠳᠠᠵᠤ᠂ ᠴᠢᠨ᠋ᠬᠠᠰᠢᠯᠠᠪᠠᠯ ᠦᠷ᠎ᠡ ᠶᠢ ᠴᠦᠮ ᠰᠦᠢᠳᠭᠡᠭᠡᠳ᠂ ᠨᠤᠭᠤᠭ᠎ᠠ ᠶᠢᠨ ᠬᠤᠷᠢᠶᠠᠯᠳᠠ ᠶᠢ ᠶᠡᠭᠡ ᠪᠠᠷ ᠬᠠᠰᠤᠠᠠᠳᠠᠭᠤᠯᠳᠠᠭ᠃      ᠯᠠᠭᠤ ᠶᠢ ᠰᠡᠷᠭᠡᠶᠢᠯᠡᠨ ᠵᠠᠰᠠᠬᠤ᠄      ︵1︶ ᠲᠠᠷᠢᠶᠠᠯᠠᠩ ᠤᠨ ᠠᠷᠭ᠎ᠠ ᠪᠠᠷ ᠵᠠᠰᠠᠬᠤ᠄ ᠭᠠᠵᠠᠷ ᠢᠶᠠᠨ ᠭᠦᠨ ᠨᠡᠷᠢᠯᠢᠬ  ᠤᠷᠪᠠᠭᠤᠯᠤᠨ᠂ ᠯᠠᠭᠤ ᠳᠤ ᠤᠷᠤᠩᠨᠠᠬᠤ ᠤᠷᠴᠢᠨ ᠤᠯᠭᠤᠬᠤ ᠦᠭᠡᠢ ᠪᠠᠶᠢᠵᠤ᠂ ᠭᠦᠨᠦᠭᠡᠯ ᠢ ᠪᠠᠭᠠᠰᠬᠠᠨ᠎ᠠ᠃ ᠵᠤᠨ ᠤ ᠬᠤᠷᠢᠶᠠᠯᠳᠠ ᠠᠪᠤᠠᠠᠰᠠᠨ ᠤ  ᠪᠠᠨ ᠰᠡᠭᠦᠯᠡᠷ ᠲᠠᠷᠦ᠋ᠢᠬᠠᠨ ᠭᠠᠵᠠᠷ ᠢᠶᠠᠨ ᠤᠷᠪᠠᠭᠤᠯᠤᠨ᠂ ᠯᠠᠭᠤ ᠶᠢᠨ ᠦᠨᠳᠡᠭᠡᠯᠡᠭᠦ ᠭᠠᠵᠠᠷ ᠲᠠᠯᠠᠪᠠᠢ ᠶᠢ ᠨᠢ ᠰᠦᠢᠳᠭᠡᠨ᠎ᠡ᠃ ᠭᠦᠢᠴᠡᠳ ᠢᠯᠵᠡᠷᠡᠵᠤ ᠦᠤᠭ᠍ᠰᠡᠨ ᠤᠷᠭᠠᠨᠢᠭ ᠪᠤᠷᠳᠤᠭᠤᠷ ᠤᠷᠤᠭᠤᠯᠵᠤ᠂ ᠭᠦᠢᠴᠡᠳ ᠦᠤᠭ᠍ᠰᠡᠨ ᠦᠭᠡᠢ ᠪᠤᠷᠳᠤᠭᠤᠷ ᠢ ᠤᠷᠤᠭᠤᠯᠬᠤ ᠦᠭᠡᠢ᠂ ᠨᠠᠮᠤᠷ ᠤᠨ ᠬᠤᠷᠢᠶᠠᠯᠳᠠ ᠠᠪᠤᠠᠠᠰᠠᠨ ᠤ ᠪᠠᠨ ᠲᠠᠷᠠᠭ᠎ᠠ ᠭᠠᠵᠠᠷ ᠢᠶᠠᠨ ᠶᠡᠭᠡ  ᠪᠠᠷ ᠤᠰᠤᠯᠠᠵᠤ᠂ ᠭᠦᠨ ᠲᠠᠪᠬᠤᠷᠭ᠎ᠠ ᠳᠤ ᠰᠢᠯᠵᠢᠭᠰᠡᠨ ᠯᠠᠭᠤ ᠶᠢ ᠲᠡᠭᠡᠭᠰᠢ ᠨᠡᠭᠦᠯᠭᠡᠵᠤ᠂ ᠭᠦᠯᠳᠡᠭᠦ ᠠᠴᠠ ᠡᠮᠦᠨ᠎ᠠ ᠭᠦᠨ ᠤᠷᠪᠠᠭᠤᠯᠤᠨ᠂ ᠭᠠᠵᠠᠷ ᠲᠡᠭᠡᠷ᠎ᠡ ᠤᠷᠪᠠᠭᠤᠯᠤᠠᠠᠳᠠᠨ ᠭᠠᠷᠤᠠᠠᠰᠠᠨ ᠭᠦᠨᠦᠭᠡᠯᠳᠤ ᠬᠤᠷᠤᠬᠠᠢ ᠶᠢ ᠭᠦᠯᠳᠡᠭᠡᠵᠤ ᠤᠰᠠᠳᠬᠠᠨ᠎ᠠ᠃ ᠵᠤᠭᠢᠰᠳᠡᠢ ᠪᠠᠷ ᠡᠭᠡᠯᠵᠢᠯᠡᠨ ᠲᠠᠷᠢᠵᠤ᠂ ᠬᠤᠵᠢᠷᠯᠢᠬ ᠭᠠᠵᠠᠷ ᠢ ᠰᠠᠶᠢᠵᠢᠷᠠᠭᠤᠯᠵᠤ᠂ ᠨᠦᠭᠦᠴᠡᠯ ᠲᠠᠢ ᠭᠠᠵᠠᠷ ᠤᠷᠤᠨ ᠪᠤᠯ ᠤᠰᠤ ᠬᠠᠭᠤᠷᠠᠢ ᠳᠤ ᠲᠠᠷᠢᠪᠠᠯ ᠶᠡᠭᠡ ᠭᠡᠮᠵᠢᠶᠠᠨ ᠤ ᠯᠠᠭᠤ ᠶᠢ ᠤᠰᠠᠳᠬᠠᠵᠤ᠂ ᠭᠦᠨᠦᠭᠡᠯ ᠢ ᠪᠠᠭᠠᠰᠬᠠᠵᠤ ᠪᠤᠯᠤᠨ᠎ᠠ᠃       ︵2︶ ᠳ᠋ᠧᠩ ᠤᠨ ᠭᠡᠷᠡᠯ ᠢᠶᠠᠷ ᠬᠠᠭᠤᠷᠤᠨ ᠤᠰᠠᠳᠬᠠᠬᠤ᠄ ᠯᠠᠭᠤ ᠶᠢᠨ ᠭᠦᠨᠦᠭᠡᠯ ᠡᠭᠦᠰᠦᠭᠰᠡᠨ ᠬᠤᠭᠤᠴᠠᠭᠠᠨ  ᠳᠤ ᠲᠠᠷᠢᠶᠠᠨ ᠵᠠᠬ᠎ᠠ ᠪᠤᠶᠤ ᠭᠠᠴᠠᠭᠠᠨ ᠳᠠᠭᠠᠨ ᠬᠠᠷ᠎ᠠ ᠳ᠋ᠧᠩ᠂ ᠴᠠᠭᠠᠨ ᠳ᠋ᠧᠩ ᠡᠯᠭᠦᠵᠤ ᠪᠡᠶᠡᠯᠡᠭᠰᠡᠨ ᠬᠤᠷᠤᠬᠠᠢ ᠶᠢ ᠠᠷᠭᠠᠳᠠᠨ ᠤᠰᠠᠳᠬᠠᠵᠤ᠂ ᠲᠠᠷᠢᠶᠠᠨ ᠳᠠᠬᠢ ᠬᠤᠷᠤᠬᠠᠢ ᠶᠢᠨ ᠨᠢᠠᠠᠳᠠᠴᠠ ᠶᠢ ᠴᠦᠭᠡᠷᠡᠭᠦᠯᠵᠤ ᠪᠤᠯᠤᠨ᠎ᠠ᠃       ︵3︶ ᠪᠠᠷᠢᠵᠤ ᠤᠰᠠᠳᠬᠠᠬᠤ᠄ ᠲᠠᠷᠢᠶᠠᠨ ᠳᠠᠬᠢ ᠠᠵᠢᠯ ᠲᠠᠢ ᠤᠶᠠᠯᠳᠤᠭᠤᠯᠤᠨ᠂ ᠰᠢᠨ᠎ᠠ ᠪᠠᠷ ᠭᠠᠷᠭᠠᠠᠠᠰᠠᠨ ᠯᠠᠭᠤ ᠶᠢᠨ ᠨᠦᠭᠡᠨ ᠵᠠᠮ ᠢ ᠮᠠᠯᠳᠠᠵᠤ ᠬᠤᠷᠤᠬᠠᠢ᠂ ᠦᠨᠳᠡᠭᠡ ᠶᠢ ᠨᠢ ᠤᠰᠠᠳᠬᠠᠨ᠎ᠠ᠃       ︵4︶ ᠡᠮ ᠢᠶᠠᠷ ᠰᠡᠷᠭᠡᠶᠢᠯᠡᠨ ᠵᠠᠰᠠᠬᠤ᠄ ① ᠦᠷ᠎ᠡ ᠪᠠᠨ ᠰᠢᠢᠳᠪᠤᠷᠢᠯᠡᠭᠦ᠃ ᠲᠠᠷᠢᠬᠤ ᠠᠴᠠ ᠪᠠᠨ ᠡᠮᠦᠨ᠎ᠠ 50% ᠶᠢᠨ ᠰᠢᠨ ᠯᠢᠤ ᠯᠢᠨ ᠲᠤᠰᠤᠨ ᠡᠮ ᠢ ᠦᠷ᠎ᠡ ᠶᠢᠨ ᠭᠦᠨᠳᠤ ᠶᠢᠨ 0.1%~0.2% ᠤᠨ ᠬᠠᠷᠢᠴᠠᠯ ᠢᠶᠠᠷ ᠦᠷ᠎ᠡ ᠲᠠᠢ ᠪᠠᠨ ᠪᠠᠭᠰᠤᠷᠴᠦ᠂ ᠤᠪᠤᠭᠠᠯᠠᠨ ᠪᠦᠷᠢᠵᠤ᠂  12~24 ᠴᠠᠭ ᠪᠤᠯᠤᠠᠠᠰᠠᠨ ᠤ  ᠰᠡᠭᠦᠯᠡᠷ ᠲᠠᠷᠢᠨ᠎ᠠ᠃ ② ᠬᠤᠤᠷᠳᠤ ᠦᠭᠶᠦᠭᠡ ᠪᠠᠷ ᠬᠠᠭᠤᠷᠤᠨ ᠤᠰᠠᠳᠬᠠᠬᠤ᠃ ᠳ᠋ᠢ ᠪᠠᠢ ᠴᠦᠩ ︵敌百虫︶ ᠡᠮ ᠤᠨ ᠬᠤᠤᠷᠳᠤ ᠦᠭᠶᠦᠭᠡ ᠶᠢ ᠪᠠᠶᠢᠡᠭᠭᠤ ᠭᠡᠷᠡᠭᠯᠡᠨ᠎ᠠ᠃ ᠤᠷᠢᠳ ᠢᠶᠠᠷ ᠨᠠᠷᠢᠮᠤ ᠶᠢᠨ ᠠᠭ᠎ᠠ᠂ ᠪᠤᠷᠴᠠᠭ ᠤᠨ ᠰᠢᠭᠠᠷᠤ᠂ ᠴᠤᠤᠬᠠᠯ᠂ ᠭᠦᠪᠤᠩ ᠤᠨ ᠦᠷ᠎ᠡ ᠶᠢᠨ ᠪᠠᠵᠢᠮᠠᠭ ᠪᠤᠶᠤ ᠡᠷᠳᠡᠨᠢ ᠰᠢᠰᠢ ᠶᠢᠨ ᠲᠠᠯᠬᠠᠳ᠋ᠬᠠᠰᠠᠨ ᠮᠦᠭᠦᠯᠢᠭ ᠵᠡᠷᠭᠡ ᠪᠠᠨ ᠬᠠᠭᠤᠷᠴᠤ᠂ ᠦᠭᠶᠦᠭᠡ ᠶᠢᠨ ᠭᠦᠨᠳᠤ ᠶᠢᠨ ᠭᠡᠮᠵᠢᠶᠠᠨ ᠤ 0.5%~1% ᠶᠢᠨ ᠬᠠᠷᠢᠴᠠᠯ ᠳᠤ 90% ᠶᠢᠨ ᠲᠠᠯᠠᠰᠳᠤ ᠳ᠋ᠢ ᠪᠠᠢ ᠴᠦᠩ ︵敌百虫︶ ᠡᠮ ᠢ ᠬᠤᠯᠢᠵᠤ ᠬᠤᠤᠷᠳᠤ ᠦᠭᠶᠦᠭᠡ ᠭᠢᠨ᠎ᠠ᠃ ᠡᠭᠦᠨ ᠳᠤ ᠤᠷᠢᠳ ᠢᠶᠠᠷ 90% ᠶᠢᠨ ᠲᠠᠯᠠᠰᠳᠤ ᠳ᠋ᠢ ᠪᠠᠢ ᠴᠦᠩ ︵敌百虫︶ ᠡᠮ ᠢᠶᠠᠨ ᠪᠠᠭ᠎ᠠ ᠰᠢᠬ ᠬᠠᠯᠠᠭᠤᠨ ᠤᠰᠤᠨ ᠳᠤ ᠠᠭᠤᠰᠬᠠᠭᠠᠳ᠂ ᠦᠭᠶᠦᠭᠡ ᠶᠢᠨ ᠡᠳ᠋ ᠲᠡᠭᠡᠷ᠎ᠡ ᠪᠠᠨ ᠴᠢᠳᠬᠤᠨ ᠵᠢᠭᠳᠡ ᠳᠤᠨᠢ ᠬᠤᠯᠢᠵᠤ᠂ ᠲᠠᠷᠠᠭ᠎ᠠ ᠪᠠᠷ ᠨᠢ ᠦᠭᠶᠦᠭᠡᠨ ᠡᠳ᠋ ᠤᠨ ᠬᠠᠭᠤᠷᠠᠢ ᠨᠦᠢᠳᠡᠨ ᠤ ᠭᠡᠮᠵᠢᠶ᠎ᠠ ᠶᠢ ᠦᠨᠳᠦᠰᠦᠯᠡᠨ ᠲᠤᠭᠢᠳᠡᠢ ᠤᠰᠤ ᠨᠡᠮᠡᠵᠤ᠂ ᠠᠳᠬᠤᠭᠠᠳ ᠠᠪᠬᠤ ᠳᠤ ᠵᠢᠭᠠᠬᠠᠨ ᠤᠰᠤ ᠱᠦᠭᠦᠷᠡᠵᠤ ᠪᠠᠶᠢᠪᠠᠯ ᠪᠤᠯᠴᠢᠬᠠᠨ᠎ᠠ᠃ 667 ᠲᠠᠯᠠᠪᠠᠢ ᠪᠦᠷᠢ 1.5~2.5kg ᠬᠤᠤᠷᠳᠤ ᠦᠭᠶᠦᠭᠡ ᠶᠢᠨ ᠭᠡᠮᠵᠢᠶ᠎ᠠ ᠪᠠᠷ ᠦᠳᠡᠰᠢ ᠤᠷᠤᠢ ᠨᠢᠭᠡᠨᠳᠡ ᠴᠢᠭᠢᠯᠡᠭᠰᠡᠨ ᠨᠤᠭᠤᠭ᠎ᠠ ᠶᠢᠨ ᠭᠠᠵᠠᠷ᠂ ᠲᠠᠳᠠᠭᠠᠯ ᠤᠨ ᠢᠶᠠᠨ ᠭᠦᠷᠦᠰᠤᠨ ᠲᠡᠭᠡᠷ᠎ᠡ        ᠰᠠᠴᠤᠬᠤ᠂ ᠲᠠᠷᠢᠬᠤ᠂ ᠵᠠᠶᠢᠯᠠᠬᠤ᠂ ᠰᠠᠭᠤᠷᠢᠰᠢᠭᠤᠯᠤᠨ ᠲᠠᠷᠢᠬᠤ ᠲᠠᠢ ᠤᠶᠠᠯᠳᠤᠭᠤᠯᠤᠨ ᠲᠠᠷᠢᠬᠤ ᠭᠤᠤ ᠪᠤᠶᠤ ᠴᠤᠨᠤᠭ ᠲᠠᠭᠠᠨ ᠰᠠᠴᠤᠨ᠎ᠠ᠃ ᠨᠠᠶᠢᠷᠠᠭᠤᠯᠤᠠᠠᠰᠠᠨ ᠬᠤᠤᠷᠳᠤ ᠦᠭᠶᠦᠭᠡ ᠪᠠᠨ ᠲᠤᠰ ᠡᠳᠤᠷ ᠲᠤᠨᠢ ᠰᠠᠴᠤᠬᠤ ᠭᠡᠷᠡᠭᠳᠡᠢ᠃ ③ ᠭᠦᠷᠦᠰᠤ ᠰᠢᠷᠤᠢ ᠪᠠᠷ ᠰᠢᠢᠳᠪᠤᠷᠢᠯᠡᠭᠦ ᠪᠡ ᠡᠮ ᠴᠢᠳᠬᠤᠵᠤ ᠤᠰᠠᠳᠬᠠᠬᠤ᠃ ᠨᠤᠭᠤᠭ᠎ᠠ ᠶᠢᠨ ᠲᠠᠯᠠᠪᠠᠢ ᠳᠤ ᠯᠠᠭᠤ ᠶᠢᠨ ᠭᠦᠨᠦᠭᠡᠯ ᠭᠦᠨᠳᠤ ᠨᠤᠴᠢᠳᠠᠢ ᠡᠭᠦᠰᠦᠭᠰᠡᠨ ᠦᠶᠡᠰ 667㎡ᠲᠠᠯᠠᠪᠠᠢ ᠪᠦᠷᠢ 1.5~2kg 3% ᠶᠢᠨ ᠰᠢᠨ ᠯᠢᠤ ᠯᠢᠨ ︵辛硫磷︶ ᠮᠦᠭᠦᠯᠢᠭ ᠡᠮ ᠢ 15~30kg ᠨᠠᠷᠢᠨ ᠰᠢᠷᠤᠢ ᠲᠠᠢ ᠬᠤᠯᠢᠵᠤ᠂ ᠭᠦᠷᠦᠰᠤᠨ ᠭᠠᠳᠠᠷᠭᠤ ᠳᠤ ᠰᠠᠴᠤᠭᠠᠳ ᠬᠠᠭᠠᠯᠪᠤᠷᠢᠯᠠᠨ ᠨᠠᠷᠬᠠᠳᠠᠬᠤ ᠪᠠ ᠲᠠᠷᠢᠬᠤ ᠠᠴᠠ ᠪᠠᠨ ᠡᠮᠦᠨ᠎ᠠ ᠭᠤᠤ ᠳᠠᠭᠠᠨ ᠰᠠᠴᠤᠨ ᠤᠷᠤᠭᠤᠯᠤᠨ᠎ᠠ᠃ ᠭᠡᠷᠪᠡ ᠲᠠᠳᠠᠭᠠᠯ ᠤᠨ ᠭᠦᠨᠦᠭᠡᠯ ᠭᠦᠨᠳᠤ ᠨᠤᠴᠢᠳᠡᠢ ᠪᠤᠯ 80% ᠶᠢᠨ ᠳ᠋ᠢ ᠳ᠋ᠢ ᠸᠧᠢ ︵敌敌畏︶ ᠲᠤᠰᠤᠨ ᠡᠮ ᠤᠨ 30 ᠲᠠᠭᠢᠨ ᠤ ᠰᠢᠩᠭᠡᠨ ᠢ ᠨᠦᠭᠡᠨ ᠳᠤᠨᠢ ᠴᠢᠳᠬᠤᠨ ᠯᠠᠭᠤ ᠶᠢ ᠤᠰᠠᠳᠬᠠᠨ᠎ᠠ᠃       5. ᠦᠳᠦᠭ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠦᠳᠦᠭ ᠬᠤᠷᠤᠬᠠᠢ ᠪᠤᠯ ᠨᠤᠭᠤᠭ᠎ᠠ ᠶᠢᠨ ᠭᠦᠷᠦᠰᠤᠨ ᠲᠤᠤᠷᠠᠭᠢ ᠭᠡᠰᠡᠭ ᠢ ᠢᠳᠡᠵᠤ᠂ ᠵᠢᠯ ᠲᠤᠵᠢ ᠭᠦᠷᠦᠰᠤᠨ ᠲᠤᠤᠷ᠎ᠡ ᠭᠦᠳᠡᠯᠭᠡᠭᠡᠨ ᠭᠢᠵᠤ᠂ ᠰᠤᠶᠤᠭᠠᠯᠠᠵᠤ ᠪᠠᠶᠢᠭ᠎ᠠ ᠦᠷ᠎ᠠ ᠶᠢ ᠢᠳᠡᠵᠤ᠂ ᠨᠢᠯᠬ᠎ᠠ ᠴᠢᠭᠢᠨ ᠤ ᠡᠰᠢ᠂ ᠦᠨᠳᠤᠰᠤ ᠶᠢ ᠲᠠᠰᠤᠳᠠᠨ ᠬᠠᠳᠠᠭᠠᠵᠤ ᠦᠭᠦᠭᠦᠯᠳᠡᠭ ᠪᠠ ᠴᠢᠭᠢ ᠶᠢ ᠲᠤᠳ᠋ᠬᠠᠳᠠᠭᠤᠯᠵᠤ ᠲᠠᠯᠠᠩ ᠢ ᠲᠠᠰᠤᠯᠳᠠᠭᠤᠯᠳᠠᠭ᠃ ᠪᠠᠰᠠ ᠨᠤᠭᠤᠭ᠎ᠠ ᠶᠢᠨ ᠲᠦᠮᠦᠰᠦᠯᠢᠭ ᠦᠨᠳᠤᠰᠤ ᠪᠠ ᠲᠦᠮᠦᠰᠦᠯᠢᠭ ᠡᠰᠢ ᠵᠡᠷᠭᠡ ᠶᠢ ᠨᠦᠭᠡᠯᠡᠨ ᠢᠳᠡᠵᠤ᠂ ᠲᠠᠷᠢᠮᠡᠯ ᠤᠨ ᠤᠷᠭᠤᠯᠳᠠ ᠶᠢ ᠨᠢ ᠮᠠᠭᠤᠳᠠᠭᠤᠯᠵᠤ᠂ ᠨᠤᠭᠤᠭ᠎ᠠ ᠶᠢᠨ ᠬᠤᠷᠢᠶᠠᠯᠳᠠ ᠪᠠ ᠶᠠᠰᠤ ᠴᠢᠨᠠᠷ ᠢ ᠰᠢᠭᠤᠳ ᠨᠦᠯᠦᠭᠡᠯᠡᠳᠡᠭ ᠪᠠᠶᠢᠨ᠎ᠠ᠃ ᠡᠭᠦᠨ ᠤ ᠬᠠᠮᠳᠤ ᠭᠡᠮᠡᠯᠢᠭᠰᠡᠨ ᠰᠢᠷᠬ᠎ᠠ ᠰᠤᠷᠪᠢ ᠪᠠᠷ ᠨᠢ ᠭᠡᠮ ᠠᠮᠠᠷᠬᠠᠨ ᠬᠠᠯᠳᠠᠪᠤᠷᠢᠯᠡᠵᠤ᠂ ᠡᠪᠡᠳᠴᠢᠨ ᠤ ᠭᠦᠨᠦᠭᠡᠯ ᠢ ᠡᠭᠦᠰᠭᠡᠳᠡᠭ ᠪᠠᠶᠢᠨ᠎ᠠ᠃ ᠪᠡᠶᠡᠯᠡᠭᠰᠡᠨ ᠬᠤᠷᠤᠬᠠᠢ ᠨᠢ ᠪᠤᠷᠴᠠᠭ ᠤᠨ ᠢᠵᠠᠭᠤᠷ ᠤᠨ ᠨᠤᠭᠤᠭ᠎ᠠ ᠶᠢᠨ ᠨᠠᠪᠴᠢ ᠶᠢ ᠢᠳᠡᠭᠦ ᠪᠠ ᠵᠠᠷᠢᠮ ᠨᠢ ᠪᠠᠰᠠ ᠴᠠᠴᠤᠭ ᠪᠤᠯᠤᠨ ᠵᠢᠮᠢᠰ ᠵᠡᠷᠭᠡ ᠭᠡᠰᠡᠭ ᠢ ᠢᠳᠡᠵᠤ ᠰᠦᠢᠳᠭᠡᠳᠡᠭ ᠪᠠᠶᠢᠨ᠎ᠠ᠃       ᠦᠳᠦᠭ ᠬᠤᠷᠤᠬᠠᠢ ᠶᠢ ᠰᠡᠷᠭᠡᠶᠢᠯᠡᠨ ᠵᠠᠰᠠᠬᠤ᠄       ︵1︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ᠄ ᠨᠠᠮᠤᠷ ᠤᠨ ᠰᠡᠭᠦᠯᠴᠢ ᠪᠠᠷ ᠨᠤᠭᠤᠭ᠎ᠠ ᠶᠢᠨ ᠭᠠᠵᠠᠷ ᠢᠶᠠᠨ ᠭᠦᠨ ᠤᠷᠪᠠᠭᠤᠯᠵᠤ᠂ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠶᠢ ᠭᠠᠵᠠᠷ ᠤᠨ ᠭᠠᠳᠠᠷᠭᠤ ᠳᠤ ᠭᠠᠷᠭᠠᠨ ᠭᠦᠯᠳᠡᠭᠡᠨ ᠤᠰᠠᠳᠬᠠᠬᠤ᠂ ᠰᠠᠯᠭᠢᠨ ᠳᠤ ᠬᠠᠳᠠᠭᠠᠬᠤ ᠪᠤᠶᠤ ᠲᠦᠷᠦᠯᠭᠢ ᠲᠠᠶᠢᠰᠤᠨ ᠳᠤᠨᠢ ᠪᠠᠷᠢᠭᠤᠯᠬᠤ᠂ ᠮᠠᠰᠢᠨ ᠢᠶᠠᠷ ᠠᠯᠠᠬᠤ ᠵᠡᠷᠭᠡ ᠠᠷᠭ᠎ᠠ ᠶᠢ ᠭᠡᠷᠡᠭᠯᠡᠨ᠂ ᠭᠡᠰᠡᠭ ᠡᠪᠤᠯᠵᠢᠭᠦ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠶᠢ ᠨᠢ ᠤᠰᠠᠳᠬᠠᠨ᠎ᠠ ᠃ ᠭᠦᠢᠴᠡᠳ ᠦᠤᠵᠤ ᠢᠯᠵᠠᠷᠬᠠᠰᠠᠨ ᠤᠷᠭᠠᠨᠢᠭ ᠪᠤᠷᠳᠤᠭᠤᠷ ᠤᠷᠤᠭᠤᠯᠤᠨ᠂ ᠰᠦᠯᠢᠶᠤᠤ ᠪᠦᠷᠭᠦᠭᠦᠯ ᠢᠶᠠᠷ ᠤᠪᠤᠭᠠᠯᠠᠨ ᠪᠦᠷᠢᠵᠤ᠂ ᠪᠤᠷᠳᠤᠭᠤᠷ ᠲᠠᠬᠢ ᠭᠦᠨᠦᠭᠡᠯᠳᠤ ᠬᠤᠷᠤᠬᠠᠢ ᠶᠢ ᠦᠨᠳᠤᠷ ᠬᠠᠯᠠᠭᠤᠨ ᠢᠶᠠᠷ ᠪᠦᠳᠡᠭᠦᠯᠵᠤ ᠤᠰᠠᠳᠬᠠᠨ᠎ᠠ᠃ ᠲᠡᠭᠡᠭᠦ ᠳᠡᠭᠡᠨ ᠭᠦᠢᠴᠡᠳ ᠢᠯᠵᠡᠷᠡᠬᠰᠠᠨ ᠦᠭᠡᠢ ᠪᠤᠷᠳᠤᠭᠤᠷ ᠤᠷᠤᠭᠤᠯᠪᠠᠯ᠂ ᠬᠤᠷᠤᠬᠠᠢ ᠶᠢ ᠤᠰᠠᠳᠬᠠᠵᠤ ᠴᠢᠳᠠᠬᠤ ᠦᠭᠡᠢ ᠮᠦᠷᠳᠡᠭᠡᠨ ᠬᠠᠷᠢᠨ ᠪᠡᠶᠡᠯᠡᠭᠰᠡᠨ ᠬᠤᠷᠤᠬᠠᠢ ᠶᠢ ᠦᠨᠳᠡᠭᠡᠯᠡᠭᠦᠯᠭᠦ ᠪᠡ ᠠᠪᠠᠭᠠᠯᠳᠠᠢ ᠶᠢ ᠨᠢ ᠨᠤᠭᠤᠭ᠎ᠠ ᠶᠢᠨ ᠲᠠᠷᠢᠶᠠᠨ ᠳᠠᠭᠠᠨ ᠲᠠᠭᠠᠯᠳᠤᠭᠤᠯᠤᠨ ᠤᠷᠤᠭᠤᠯᠬᠤ ᠲᠤᠯᠠ ᠤᠨᠴᠠ ᠭᠢᠴᠢᠶᠡᠭᠦ ᠭᠡᠷᠡᠭᠳᠡᠢ᠃       ︵2︶ ᠭᠦᠮᠦᠨ ᠤ ᠭᠦᠴᠤ ᠪᠠᠷ ᠤᠰᠠᠳᠬᠠᠬᠤ᠄ ᠪᠤᠷᠳᠤᠭᠤᠷ ᠤᠷᠤᠭᠤᠯᠬᠤ ᠠᠴᠠ ᠪᠠᠨ ᠡᠮᠦᠨ᠎ᠠ ᠤᠷᠭᠠᠨᠢᠭ ᠪᠤᠷᠳᠤᠭᠤᠷ ᠲᠠᠬᠢ ᠦᠳᠦᠭ ᠬᠤᠷᠤᠬᠠᠢ ᠶᠢ ᠰᠠᠶᠢᠵᠡᠳᠡᠨ ᠤᠰᠠᠳᠬᠠᠬᠤ ᠭᠡᠷᠡᠭᠳᠡᠢ᠃ ᠪᠡᠶᠡᠯᠡᠭᠰᠡᠨ ᠦᠳᠦᠭ ᠬᠤᠷᠤᠬᠠᠢ ᠶᠡᠭᠡ ᠡᠭᠦᠰᠭᠦ ᠦᠶ᠎ᠠ ᠳᠤ ᠮᠠᠢ ᠶᠢᠨ ᠴᠤᠬᠤ ᠶᠢᠨ ᠬᠠᠭᠤᠷᠮᠠᠭ ᠦᠭᠦᠭᠦ ᠴᠢᠨᠠᠷ ᠪᠠ ᠭᠡᠷᠡᠯᠮᠡᠳᠡᠭᠡᠢ ᠴᠢᠨᠠᠷ ᠢ ᠠᠰᠢᠠᠠᠯᠠᠨ ᠪᠠᠷᠢᠵᠤ ᠤᠰᠠᠳᠬᠠᠬᠤ᠂ ᠲᠤᠷᠭᠢᠭᠤᠯᠤᠨ ᠪᠠᠷᠢᠵᠤ ᠤᠰᠠᠳᠬᠠᠬᠤ ᠪᠠ ᠬᠠᠷ᠎ᠠ ᠭᠡᠷᠡᠯ ᠤᠨ ᠳ᠋ᠧᠩ ᠢᠶᠠᠷ ᠬᠠᠭᠤᠷᠤᠨ ᠤᠰᠠᠳᠬᠠᠬᠤ ᠭᠡᠷᠡᠭᠳᠡᠢ᠃        6. ᠪᠠᠭᠠᠷᠠᠩ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠭᠤᠷᠪᠡᠨ ᠵᠦᠢᠯ ᠤᠨ ᠪᠠᠭᠠᠷᠠᠩ ᠬᠤᠷᠤᠬᠠᠢ ᠪᠤᠯ ᠭᠤᠤᠯ ᠨᠢ ᠲᠤᠨᠤᠯᠵᠢᠨ ᠴᠡᠴᠡᠭ ᠤᠨ ᠢᠵᠠᠭᠤᠷ ᠤᠨ ᠨᠤᠭᠤᠭ᠎ᠠ ᠳᠤ ᠰᠠᠭᠤᠳᠠᠭ᠃ ᠭᠡᠪᠡᠴᠤ ᠢᠳᠡᠰᠢ ᠨᠢ ᠮᠠᠰᠢ ᠶᠡᠭᠡ ᠵᠦᠷᠢᠶ᠎ᠠ ᠲᠠᠢ ᠪᠠᠶᠢᠳᠠᠭ᠃ ᠲᠤᠭᠤᠷ ᠤᠨ ᠪᠠᠭᠠᠷᠠᠩ ᠬᠤᠷᠤᠬᠠᠢ ᠶᠢᠨ ᠢᠳᠡᠰᠢ ᠨᠢ ᠨᠡᠯᠢᠶᠡᠳ ᠦᠷᠭᠡᠨ ᠪᠠᠶᠢᠵᠤ᠂ ᠲᠤᠨᠤᠯᠵᠢᠨ ᠴᠡᠴᠡᠭ ᠤᠨ ᠢᠵᠠᠭᠤᠷ ᠤᠨ ᠨᠤᠭᠤᠭ᠎ᠠ ᠶᠢ ᠭᠠᠷᠭᠠᠪᠠᠯ᠂ ᠪᠠᠰᠠ ᠬᠠᠰᠢ᠂ ᠲᠦᠪᠡᠳ ᠬᠠᠰᠢ᠂ ᠠᠮᠳᠠᠳᠤ ᠯᠠᠵᠤᠤ᠂ ᠲᠦᠮᠦᠰᠤ᠂ ᠦᠷᠭᠡᠰᠤᠳᠤ ᠨᠤᠭᠤᠭ᠎ᠠ ᠶᠢ ᠭᠦᠨᠦᠭᠡᠳᠡᠭ᠃ ᠯᠤᠤᠪᠠᠩ ᠤᠨ ᠪᠠᠭᠠᠷᠠᠩ ᠬᠤᠷᠤᠬᠠᠢ ᠨᠢ ᠮᠠᠰᠢ ᠤᠯᠠᠨ ᠭᠠᠵᠠᠷ ᠲᠤ ᠤᠷᠤᠩᠨᠠᠵᠤ᠂ ᠲᠤᠨᠤᠯᠵᠢᠨ ᠴᠡᠴᠡᠭ ᠤᠨ ᠢᠵᠠᠭᠤᠷ ᠢᠶᠠᠷ ᠭᠤᠤᠯ ᠪᠤᠯᠭᠠᠵᠤ᠂ ᠯᠤᠤᠪᠠᠩ᠂ ᠴᠠᠭᠠᠨ ᠨᠤᠭᠤᠭ᠎ᠠ ᠵᠡᠷᠭᠡ ᠨᠠᠪᠴᠢᠨ ᠲᠡᠭᠡᠷ᠎ᠡ ᠪᠠᠨ ᠦᠰᠤ  ᠲᠠᠢ ᠲᠦᠷᠦᠯ ᠢ ᠢᠳᠡᠭᠦ ᠲᠤᠷᠠᠳᠡᠢ ᠪᠠᠶᠢᠵᠤ᠂ ᠪᠠᠰᠠ ᠰᠢᠯᠦᠭᠡᠢ ᠨᠤᠭᠤᠭ᠎ᠠ᠂ ᠴᠤᠭᠤᠷ ᠨᠤᠭᠤᠭ᠎ᠠ ᠵᠡᠷᠭᠡ ᠨᠤᠭᠤᠭ᠎ᠠ ᠶᠢ ᠭᠦᠨᠦᠭᠡᠳᠡᠭ᠃ ᠴᠠᠭᠠᠨ ᠨᠤᠭᠤᠭ᠎ᠠ ᠶᠢᠨ ᠪᠠᠭᠠᠷᠠᠩ ᠬᠤᠷᠤᠬᠠᠢ ᠨᠢ ᠮᠦᠨ ᠭᠦ ᠲᠤᠨᠤᠯᠵᠢᠨ ᠴᠡᠴᠡᠭ ᠤᠨ ᠢᠵᠠᠭᠤᠷ ᠤᠨ ᠤᠷᠭᠤᠮᠠᠯ ᠢᠶᠠᠷ ᠭᠤᠤᠯ ᠪᠤᠯᠭᠠᠵᠤ᠂ ᠪᠦᠭᠡᠷᠡᠩᠭᠡᠢ ᠴᠠᠭᠠᠨ ᠨᠤᠭᠤᠭ᠎ᠠ᠂ ᠴᠡᠴᠡᠭᠳᠤ ᠴᠠᠭᠠᠨ ᠨᠤᠭᠤᠭ᠎ᠠ᠂ ᠰᠢᠮᠡᠯᠳᠡᠭ ᠨᠤᠭᠤᠭ᠎ᠠ ᠵᠡᠷᠭᠡ ᠨᠠᠪᠴᠢᠨ ᠳᠠᠭᠠᠨ ᠦᠰᠤ ᠦᠭᠡᠢ ᠲᠦᠷᠦᠯ ᠵᠦᠢᠯ ᠢ ᠢᠳᠡᠭᠦ ᠲᠤᠷᠠᠳᠠᠢ ᠪᠠᠶᠢᠳᠠᠭ᠃       ᠨᠤᠭᠤᠭ᠎ᠠ ᠶᠢᠨ ᠪᠠᠭᠠᠷᠠᠩ ᠬᠤᠷᠤᠬᠠᠢ ᠨᠢ ᠦᠷᠭᠦᠯᠵᠢ ᠨᠠᠪᠴᠢᠨ ᠤ ᠠᠷᠤ ᠲᠠᠯ᠎ᠠ ᠪᠠ ᠨᠢᠯᠬ᠎ᠠ ᠡᠰᠢᠨ ᠲᠡᠭᠡᠷ᠎ᠡ ᠴᠤᠠᠠᠯᠠᠷᠠᠨ ᠰᠠᠭᠤᠵᠤ᠂ ᠤᠷᠭᠤᠮᠠᠯ ᠤᠨ ᠰᠢᠭᠦᠰᠤ ᠶᠢ ᠰᠤᠷᠤᠳᠠᠭ ᠪᠠᠶᠢᠨ᠎ᠠ᠃ ᠪᠠᠭᠠᠷᠠᠩ ᠬᠤᠷᠤᠬᠠᠢ ᠶᠢᠨ ᠦᠷᠡᠵᠢᠯ ᠤᠨ ᠴᠢᠳᠠᠪᠤᠷᠢ ᠨᠢ ᠮᠠᠰᠢ ᠴᠢᠩᠭ᠎ᠠ ᠪᠠᠶᠢᠵᠤ᠂ ᠰᠦᠷᠦᠭᠯᠡᠨ ᠭᠦᠨᠦᠭᠡᠵᠤ᠂ ᠤᠷᠭᠤᠮᠠᠯ ᠢ ᠭᠦᠨᠳᠤ ᠨᠤᠴᠢᠳᠡᠢ ᠤᠰᠤ ᠲᠤᠳ᠋ᠬᠠᠳᠠᠭᠤᠯᠬᠤ ᠪᠠ ᠰᠢᠮ᠎ᠠ ᠲᠡᠵᠢᠭᠡᠯ ᠲᠤᠳ᠋ᠬᠠᠳᠠᠭᠤᠯᠳᠠᠭ᠃ ᠨᠢᠯᠬ᠎ᠠ ᠴᠢᠭᠢ ᠭᠦᠨᠦᠭᠡᠭᠳᠡᠭᠦ ᠦᠶᠡᠰ ᠬᠡᠵᠢᠶᠡᠳᠡ ᠬᠤᠷᠪᠤᠶᠢᠨ ᠠᠪᠴᠢᠵᠤ᠂ ᠭᠦᠡᠭᠭᠡᠨ ᠰᠢᠭ ᠭᠦᠨᠦᠭᠡᠭᠳᠡᠭᠰᠡᠨ ᠨᠢ ᠨᠤᠭᠤᠭᠠᠨ ᠲᠤᠯᠪᠤ ᠰᠠᠭᠤᠵᠤ᠂ ᠨᠠᠪᠴᠢ ᠨᠢ ᠰᠢᠷᠠᠯᠠᠵᠤ᠂ ᠭᠡᠪ ᠤᠨ ᠤᠷᠭᠤᠯᠳᠠ ᠶᠢ ᠨᠢ ᠨᠦᠯᠦᠭᠡᠯᠡᠳᠡᠭ᠃ ᠭᠦᠨᠦᠭᠡᠯ ᠨᠢ ᠭᠦᠨᠳᠤ ᠨᠤᠴᠢᠳᠡᠢ ᠦᠶᠡᠰ ᠨᠠᠪᠴᠢᠨ ᠳᠤᠨᠢ ᠤᠰᠤ ᠲᠤᠳ᠋ᠬᠠᠳᠠᠨ ᠵᠦᠭᠡᠯᠡᠷᠡᠵᠤ᠂ ᠭᠠᠵᠠᠷ ᠲᠡᠭᠡᠷ᠎ᠡ ᠨᠡᠪᠳᠡᠶᠢᠵᠤ᠂ ᠬᠤᠮᠢᠬᠤ ᠪᠠᠨ ᠪᠤᠯᠢᠳᠠᠭ᠃ ᠡᠭᠦᠨ ᠤ ᠤᠯᠠᠮ ᠢᠶᠠᠷ ᠦᠷ᠎ᠡ ᠶᠢᠨ ᠨᠤᠭᠤᠭᠠᠨ ᠤ ᠦᠷ᠎ᠡ ᠶᠢᠨ ᠤᠨᠠᠯᠳᠠ ᠪᠠ ᠶᠠᠰᠤ ᠴᠢᠨᠠᠷ ᠶᠢ ᠨᠢ ᠨᠦᠯᠦᠭᠡᠯᠡᠳᠡᠭ᠃ ᠪᠠᠭᠠᠷᠠᠩ ᠬᠤᠷᠤᠬᠠᠢ ᠪᠤᠯ ᠪᠠᠰᠠ ᠨᠠᠪᠴᠢᠨ ᠲᠠᠮᠠᠭᠢᠨ ᠤ ᠨᠠᠪᠴᠢ ᠶᠢᠨ ᠡᠪᠡᠳᠴᠢᠨ ᠤ ᠬᠤᠤᠷ᠂ ᠰᠠᠷᠮᠤᠭ ᠤᠨ ᠨᠠᠪᠴᠢᠨ ᠤ ᠡᠪᠡᠳᠴᠢᠨ ᠤ ᠬᠤᠤᠷ ᠵᠡᠷᠭᠡ ᠶᠢᠨ ᠬᠤᠤᠷ ᠲᠠᠮᠵᠢᠭᠤᠯᠤᠠᠠᠴᠢ ᠮᠦᠨ᠂ ᠡᠨᠡ ᠨᠢ ᠨᠤᠭᠤᠭ᠎ᠠ ᠶᠢᠨ ᠦᠢᠯᠡᠳᠪᠤᠷᠢᠯᠡᠯ ᠢ ᠭᠦᠨᠦᠭᠡᠭᠦ ᠨᠢ ᠪᠠᠭᠠᠷᠠᠩ ᠬᠤᠷᠤᠬᠠᠢ ᠶᠢᠨ ᠲᠤᠰ ᠪᠡᠶ᠎ᠠ ᠶᠢᠨ ᠭᠦᠨᠦᠭᠡᠯ ᠠᠴᠠ ᠬᠤᠯᠠ ᠲᠡᠪᠠᠳᠠᠭ ᠪᠠᠶᠢᠨ᠎ᠠ᠃       ᠪᠠᠭᠠᠷᠠᠩ ᠬᠤᠷᠤᠬᠠᠢ ᠶᠢ ᠰᠡᠷᠭᠡᠶᠢᠯᠡᠨ ᠵᠠᠰᠠᠬᠤ᠄ ᠪᠠᠭᠠᠷᠠᠩ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ  ᠳᠤ ᠲᠠᠷᠢᠶᠠᠯᠠᠩ ᠤᠨ ᠠᠷᠭ᠎ᠠ᠂ ᠹᠢᠽᠢᠺ ᠤᠨ ᠠᠷᠭ᠎ᠠ ᠪᠠ ᠭᠢᠮᠢ ᠶᠢᠨ ᠠᠷᠭ᠎ᠠ ᠪᠠᠷ ᠶᠠᠷᠦᠩᠭᠡᠶᠢᠯᠡᠡ ᠰᠡᠷᠭᠡᠶᠢᠯᠡᠨ ᠵᠠᠰᠠᠨ᠎ᠠ᠃ ᠭᠡᠪᠡᠴᠤ ᠤᠳᠤᠬᠠᠨ ᠳᠤ ᠮᠦᠨ ᠭᠦ ᠡᠮ ᠢᠶᠠᠷ ᠰᠡᠷᠭᠡᠶᠢᠯᠡᠨ ᠵᠠᠰᠠᠬᠤ ᠶᠢ ᠴᠢᠬᠤᠯᠠ ᠠᠷᠭ᠎ᠠ ᠭᠡᠮᠵᠢᠶ᠎ᠠ ᠪᠠᠨ ᠪᠤᠯᠭᠠᠵᠤ ᠪᠠᠶᠢᠨ᠎ᠠ᠃        ︵1︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠨᠤᠭᠤᠭ᠎ᠠ ᠪᠠᠨ ᠬᠤᠷᠢᠶᠠᠵᠤ ᠠᠪᠤᠠᠠᠰᠠᠨ ᠤ  ᠪᠠᠨ ᠲᠠᠷᠠᠭ᠎ᠠ ᠲᠠᠷᠢᠶᠠᠨ ᠳᠠᠬᠢ ᠦᠯᠡᠳᠡᠭᠳᠡᠯ ᠨᠠᠪᠴᠢ ᠨᠠᠮᠠᠭ᠎ᠠ ᠶᠢ ᠴᠠᠭ ᠲᠠᠷᠤᠢ ᠳᠤᠨᠢ ᠠᠷᠢᠯᠭᠠᠵᠤ᠂ ᠰᠤᠯᠠ ᠡᠪᠡᠰᠤ ᠶᠢ ᠴᠠᠪᠡᠷᠯᠡᠵᠤ᠂ ᠬᠤᠷᠤᠬᠠᠢ ᠲᠠᠢ ᠴᠢᠭᠢ ᠶᠢ ᠴᠡᠪᠡᠷᠯᠡᠭᠦ ᠪᠡ ᠲᠠᠷᠢᠶᠠᠨ ᠭᠠᠳᠠᠨ᠎ᠠ ᠠᠪᠠᠴᠢᠵᠤ ᠲᠦᠪᠯᠡᠷᠡᠭᠦᠯᠦᠨ ᠰᠢᠢᠳᠪᠤᠷᠢᠯᠡᠪᠡᠯ ᠨᠢᠭᠡ ᠪᠦᠯᠦᠭ ᠪᠠᠭᠠᠷᠠᠩ ᠬᠤᠷᠤᠬᠠᠢ ᠶᠢ ᠤᠰᠠᠳᠬᠠᠵᠤ ᠪᠤᠯᠤᠨ᠎ᠠ᠃ ᠨᠦᠭᠦᠴᠡᠯ ᠲᠠᠢ ᠭᠠᠵᠠᠷ ᠤᠷᠤᠨ ᠪᠤᠯ ᠲᠤᠨᠤᠯᠵᠢᠨ ᠴᠡᠴᠡᠭ ᠤᠨ ᠢᠵᠠᠭᠤᠷ ᠤᠨ ᠨᠤᠭᠤᠭ᠎ᠠ ᠶᠢ ᠵᠤᠨ ᠲᠠᠷᠢᠬᠤ ᠦᠭᠡᠢ ᠪᠤᠶᠤ ᠪᠠᠭ᠎ᠠ ᠲᠠᠷᠢᠵᠤ᠂ ᠨᠠᠮᠤᠷ ᠤᠨ ᠨᠤᠭᠤᠭ᠎ᠠ ᠶᠢᠨ ᠪᠠᠭᠠᠷᠠᠩ ᠬᠤᠷᠤᠬᠠᠢ ᠶᠢᠨ ᠢᠷᠡᠯᠳᠡ᠂ ᠬᠤᠤᠷ ᠤᠨ ᠦᠨᠳᠤᠰᠤ ᠶᠢ ᠲᠠᠰᠤᠯᠬᠤ ᠪᠠ ᠪᠠᠭᠠᠰᠬᠠᠵᠤ ᠪᠤᠯᠤᠨ᠎ᠠ        ︵2︶ ᠹᠢᠽᠢᠺ ᠤᠨ ᠠᠷᠭ᠎ᠠ ᠪᠠᠷ ᠵᠠᠰᠠᠬᠤ᠃ ᠨᠢᠭᠡ ᠳᠤ᠂ ᠰᠢᠷ᠎ᠠ ᠬᠠᠪᠳᠠᠰᠤ ᠪᠠᠷ ᠬᠠᠭᠤᠷᠤᠨ ᠤᠰᠠᠳᠬᠠᠨ᠎ᠠ᠃ ᠰᠢᠷ᠎ᠠ ᠬᠠᠪᠳᠠᠰᠤᠨ ᠳᠤ ᠮᠠᠰᠢᠨ ᠤ ᠲᠤᠰᠤ ᠲᠦᠷᠭᠢᠨ ᠲᠠᠷᠢᠶᠠᠨ ᠳᠠᠭᠠᠨ 60~80cm ᠦᠨᠳᠤᠷ ᠬᠠᠳᠬᠤᠨ ᠲᠠᠯᠪᠢᠵᠤ᠂ ᠬᠠᠪᠤᠷ ᠨᠠᠮᠤᠷ ᠤᠨ ᠲᠠᠯᠠᠪᠴᠢ ᠲᠠᠢ ᠪᠠᠭᠠᠷᠠᠩ ᠬᠤᠷᠤᠬᠠᠢ ᠶᠢ ᠬᠠᠭᠤᠷᠤᠨ ᠠᠯᠠᠵᠤ᠂ ᠬᠤᠷᠤᠬᠠᠢ ᠶᠢᠨ ᠨᠢᠠᠠᠳᠠᠴᠠ ᠶᠢ ᠪᠠᠭᠤᠷᠠᠭᠤᠯᠵᠤ ᠪᠤᠯᠤᠨ᠎ᠠ᠃ ᠬᠤᠶᠠᠷ ᠲᠤ ᠴᠠᠭᠠᠨ ᠪᠦᠷᠭᠦᠭᠦᠯ ᠲᠠᠳᠠᠵᠤ ᠪᠠᠭᠠᠷᠠᠩ ᠬᠤᠷᠤᠬᠠᠢ ᠶᠢ ᠵᠠᠶᠢᠯᠠᠭᠤᠯᠤᠨ᠎ᠠ᠃ ᠮᠦᠡᠭᠭᠦᠨ ᠦᠡᠭᠭᠡ ᠶᠢᠨ ᠪᠦᠷᠭᠦᠭᠦᠯ ᠢ ᠭᠠᠵᠠᠷ ᠲᠡᠭᠡᠷ᠎ᠡ ᠪᠠᠨ ᠪᠦᠷᠭᠦᠪᠡᠯ ᠪᠠᠭᠠᠷᠠᠩ ᠬᠤᠷᠤᠬᠠᠢ ᠶᠢ ᠵᠠᠶᠢᠯᠠᠭᠤᠯᠵᠤ ᠪᠤᠯᠬᠤ ᠲᠤᠯᠠ  667 ᠲᠠᠯᠠᠪᠠᠢ ᠪᠦᠷᠢ ᠪᠠᠷᠤᠭ 5kg ᠭᠡᠷᠡᠭᠰᠡᠨ᠎ᠠ᠃ ᠪᠠᠰᠠ ᠴᠢᠭᠢ ᠶᠢᠨ ᠲᠠᠳᠠᠭᠠᠯ ᠪᠤᠶᠤ ᠰᠠᠷᠠᠪᠴᠢᠨ ᠤ ᠤᠷᠴᠢᠨ ᠳᠤ 5~15cm ᠦᠷᠭᠡᠨ ᠮᠦᠡᠭᠭᠦᠨ ᠦᠡᠭᠭᠡ ᠶᠢᠨ ᠭᠦᠰᠢᠭᠡ ᠡᠯᠭᠦᠪᠡᠯ ᠪᠠᠭᠠᠷᠠᠩ ᠬᠤᠷᠤᠬᠠᠢ ᠶᠢ ᠵᠠᠶᠢᠯᠠᠭᠤᠯᠬᠤ ᠮᠠᠰᠢ ᠰᠠᠶᠢᠨ ᠦᠷ᠎ᠡ ᠪᠦᠳᠦᠮᠵᠢ ᠤᠯᠵᠤ ᠪᠤᠯᠤᠨ᠎ᠠ᠃         ︵3︶ ᠡᠮ ᠢᠶᠠᠷ ᠰᠡᠷᠭᠡᠶᠢᠯᠡᠨ ᠵᠠᠰᠠᠬᠤ᠃ ᠡᠩ ᠲᠠᠷᠢᠭᠦᠨ ᠳᠤ ᠰᠤᠩᠭᠤᠬᠤ ᠡᠮ ᠪᠤᠯ 50% ᠶᠢᠨ ᠫᠢ ᠶᠠ ᠡᠤ ︵辟蚜雾︶ ᠨᠤᠨᠳᠠᠭ ᠡᠮ ᠤᠨ 2000~3000 ᠲᠠᠭᠢᠨ ᠤ ᠰᠢᠩᠭᠡᠨ ᠢ ᠰᠦᠷᠴᠢᠨ᠎ᠠ᠃ ᠡᠨᠡ ᠨᠢ ᠭᠤᠷᠪᠡᠨ ᠲᠦᠷᠦᠯ ᠤᠨ ᠪᠠᠭᠠᠷᠠᠩ ᠬᠤᠷᠤᠬᠠᠢ ᠳᠤ ᠴᠦᠮ ᠤᠨᠴᠠᠭᠠᠢ ᠦᠢᠯᠡᠳᠦᠯ ᠲᠠᠢ ᠪᠦᠭᠡᠳ ᠪᠠᠭᠠᠷᠠᠩ ᠬᠤᠷᠤᠬᠠᠢ ᠶᠢᠨ ᠵᠦᠭᠡᠢ᠂ ᠪᠠᠭᠠᠷᠠᠩ ᠢ ᠢᠳᠡᠭᠴᠢ ᠢᠯᠠᠭ᠎ᠠ ᠵᠡᠷᠭᠡ ᠲᠦᠷᠦᠯᠭᠢ ᠶᠢᠨ ᠲᠠᠶᠢᠰᠤᠨ ᠳᠤᠨᠢ ᠬᠤᠤᠷ ᠭᠦᠨᠦᠭᠡᠯ ᠦᠭᠡᠢ ᠪᠠᠶᠢᠳᠠᠭ᠃ ᠪᠠᠰᠠ 10% ᠶᠢᠨ ᠪᠢ ᠴᠦᠩ ᠯᠢᠨ ︵吡虫啉︶ ᠨᠤᠨᠳᠠᠭ ᠡᠮ ᠤᠨ 2000~3000 ᠲᠠᠭᠢᠨ ᠤ ᠰᠢᠩᠭᠡᠨ᠂ 20% ᠶᠢᠨ ᠱᠠ ᠮᠢᠶᠧ ᠵᠢᠤᠢ ᠵᠾᠢ ︵杀灭菊酯︶ ᠲᠤᠰᠤᠨ ᠡᠮ ᠤᠨ 3000 ᠲᠠᠭᠢᠨ ᠤ ᠰᠢᠩᠭᠡᠨ᠂ 50% ᠶᠢᠨ ᠮᠡ ᠯᠡ ᠯᠢᠤ ᠯᠢᠨ ︵马拉硫磷︶ ᠲᠤᠰᠤᠨ ᠡᠮ ᠤᠨ 1000 ᠲᠠᠭᠢᠨ ᠤ ᠰᠢᠩᠭᠡᠨ᠂ 2.5% ᠶᠢᠨ ᠳ᠋ᠢ ᠱᠠ ᠰᠧ  ︵敌杀死︶ ᠲᠤᠰᠤᠨ ᠡᠮ ᠪᠤᠶᠤ 20% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠤᠨ 3000 ᠲᠠᠭᠢᠨ ᠤ ᠰᠢᠩᠭᠡᠨ᠂ 40% ᠶᠢᠨ ᠵᠢᠤᠢ ᠮᠡ ︵菊马︶ ᠲᠤᠰᠤᠨ ᠡᠮ ᠤᠨ 2000~3000 ᠲᠠᠭᠢᠨ ᠤ ᠰᠢᠩᠭᠡᠨ᠂0.5% ᠶᠢᠨ ᠬᠤ᠋ ᠸᠧᠢ ᠨᠢᠶᠤᠤ ︵护卫鸟︶ ᠡᠮ ᠤᠨ 800 ᠲᠠᠭᠢᠨ ᠤ ᠰᠢᠩᠭᠡᠨ ᠢ ᠰᠦᠷᠴᠢᠵᠤ ᠪᠤᠯᠤᠨ᠎ᠠ᠃ ᠲᠠᠷᠢᠬᠤ ᠦᠶ᠎ᠠ ᠳᠡᠭᠡᠨ 1% ᠶᠢᠨ ᠯᠧ ᠭᠦᠸᠧ ︵乐果︶ ᠪᠤᠶᠤ 1% ᠶᠢᠨ ᠮᠢᠶᠧ ᠶᠡ ᠰᠦᠩ ︵灭蚜松︶ ᠮᠦᠭᠦᠯᠢᠭ ᠡᠮ ᠢ 7.5~10kg ᠰᠠᠴᠤᠵᠤ ᠪᠤᠯᠤᠨ᠎ᠠ᠃        7. ᠰᠢᠭᠢᠷ ᠯᠤᠤᠪᠠᠩ ᠤᠨ ᠢᠳᠤᠭᠠᠨ ᠤ ᠭᠦᠨᠦᠭᠡᠯ ᠢ ᠰᠡᠷᠭᠡᠶᠢᠯᠡᠨ ᠵᠠᠰᠠᠬᠤ        ᠰᠢᠭᠢᠷ ᠯᠤᠤᠪᠠᠩ ᠤᠨ ᠢᠳᠤᠭᠠᠨ ᠪᠤᠯ ᠤᠯᠠᠨ ᠢᠳᠡᠰᠢᠳᠤ ᠭᠦᠨᠦᠭᠡᠯᠳᠤ ᠬᠤᠷᠤᠬᠠᠢ ᠮᠦᠨ᠃ ᠲᠠᠷᠠ ᠨᠢ 170 ᠭᠠᠷᠤᠢ ᠵᠦᠢᠯ ᠤᠨ ᠤᠷᠭᠤᠮᠠᠯ ᠢ ᠭᠦᠨᠦᠭᠡᠵᠤ᠂ ᠭᠤᠤᠯ ᠨᠢ ᠲᠤᠨᠤᠯᠵᠢᠨ ᠴᠡᠴᠡᠭ ᠤᠨ ᠢᠵᠠᠭᠤᠷ ᠤᠨ ᠪᠦᠭᠡᠷᠡᠩᠭᠡᠢ ᠴᠠᠭᠠᠨ ᠨᠤᠭᠤᠭ᠎ᠠ᠂ ᠴᠡᠴᠡᠭᠳᠤ ᠴᠠᠭᠠᠨ ᠨᠤᠭᠤᠭ᠎ᠠ᠂ ᠴᠠᠭᠠᠨ ᠨᠤᠭᠤᠭ᠎ᠠ᠂ ᠯᠤᠤᠪᠠᠩ ᠵᠡᠷᠭᠡ ᠶᠢ ᠭᠦᠨᠦᠭᠡᠵᠤ ᠂ ᠪᠠᠰᠠ ᠰᠢᠮᠡᠯᠳᠡᠭ ᠨᠤᠭᠤᠭ᠎ᠠ᠂ ᠲᠦᠪᠡᠳ ᠬᠠᠰᠢ᠂ ᠴᠢᠩᠵᠢᠶᠤᠤ᠂ ᠬᠠᠰᠢ᠂ ᠲᠦᠮᠤᠰᠤ᠂ ᠦᠷᠭᠡᠰᠤᠳᠤ ᠭᠡᠮᠭᠡ᠂ ᠰᠢᠬᠤᠯᠤ᠂ ᠵᠡᠯᠡᠯᠢᠭ ᠨᠤᠭᠤᠭ᠎ᠠ᠂ ᠤᠯᠠᠭ᠎ᠠ ᠰᠠᠷᠪᠠᠯᠵᠢ᠂ ᠤᠯᠠᠭᠠᠨ ᠪᠤᠷᠴᠠᠭ᠂ ᠰᠦᠷᠦᠳᠤ ᠪᠤᠷᠴᠠᠭ᠂ ᠵᠤᠷᠭᠤᠳᠠᠰᠤ᠂ ᠰᠢᠷ᠎ᠠ ᠯᠤᠤᠪᠠᠩ᠂ ᠴᠤᠭᠤᠷ ᠨᠤᠭᠤᠭ᠎ᠠ᠂ ᠦᠷᠭᠡᠰᠤᠳᠤ ᠨᠤᠭᠤᠭ᠎ᠠ᠂ ᠭᠤᠭᠤᠳ ᠵᠡᠷᠭᠡ 30 ᠵᠦᠢᠯ ᠤᠨ ᠨᠤᠭᠤᠭ᠎ᠠ ᠶᠢ ᠭᠦᠨᠦᠭᠡᠳᠡᠭ᠃ ᠰᠠᠶ᠋ᠢ ᠨᠡᠪᠴᠢᠭᠰᠡᠨ ᠠᠪᠠᠭᠠᠯᠳᠠᠢ ᠨᠢ ᠨᠠᠪᠴᠢᠨ ᠤ ᠠᠷᠤ ᠲᠠᠯ᠎ᠠ ᠳᠤ ᠰᠦᠷᠦᠭᠯᠡᠨ ᠴᠤᠠᠠᠯᠠᠵᠤ᠂ ᠰᠢᠷᠭᠡᠭ ᠪᠦᠭᠡᠯᠵᠢᠨ ᠲᠤᠤᠷ ᠲᠠᠳᠠᠵᠤ᠂ ᠨᠠᠪᠴᠢᠨ ᠤ ᠮᠢᠬ᠎ᠠ ᠶᠢ ᠨᠢ ᠢᠳᠡᠨ᠂ ᠬᠤᠭᠤᠰᠤᠨ ᠬᠠᠯᠢᠰᠤ ᠶᠢ ᠨᠢ ᠦᠯᠡᠳᠡᠭᠡᠵᠤ᠂ ᠵᠢᠵᠢᠭ ᠨᠦᠭᠡᠯᠡᠵᠤ᠂ 3 ᠨᠠᠰᠤᠯᠬᠠᠰᠠᠨ ᠤ ᠰᠡᠭᠦᠯᠡᠷ ᠲᠠᠷᠬᠠᠨ ᠭᠦᠨᠦᠭᠡᠵᠤ᠂ ᠨᠠᠪᠴᠢ ᠶᠢ ᠢᠳᠡᠨ ᠨᠦᠭᠡᠯᠡᠭᠦ ᠪᠡ ᠰᠡᠳᠡᠯᠵᠤ᠂ ᠭᠦᠨᠳᠤ ᠨᠤᠴᠢᠳᠡᠢ ᠦᠶᠡᠰ ᠨᠠᠪᠴᠢ ᠶᠢ ᠪᠦᠭᠦᠨ ᠢ ᠢᠳᠡᠵᠤ ᠲᠠᠭᠤᠰᠬᠠᠨ᠂ ᠵᠦᠪᠭᠡᠨ ᠨᠠᠪᠴᠢᠨ ᠤ ᠰᠤᠳᠠᠯ ᠪᠠ ᠨᠠᠪᠴᠢᠨ ᠤ ᠪᠠᠷᠢᠭᠤᠯ ᠢ ᠦᠯᠡᠳᠡᠭᠡᠵᠤ᠂ ᠨᠤᠭᠤᠭ᠎ᠠ ᠶᠢᠨ ᠴᠢᠭᠢ ᠶᠢ ᠦᠭᠦᠭᠦᠯᠵᠤ᠂ ᠴᠢᠭᠢ ᠲᠤᠳ᠋ᠬᠠᠳᠠᠭᠤᠯᠬᠤ ᠪᠠ ᠲᠠᠯᠠᠩ ᠢ ᠲᠠᠰᠤᠯᠳᠠᠭᠤᠯᠵᠤ᠂ ᠴᠢᠨ᠋ᠬᠠᠰᠢᠯᠠᠪᠠᠯ ᠦᠷ᠎ᠡ ᠶᠢ ᠰᠦᠢᠳᠭᠡᠳᠡᠭ ᠪᠠᠶᠢᠨ᠎ᠠ᠃ ᠪᠡᠶᠡᠯᠡᠭᠰᠡᠨ ᠬᠤᠷᠤᠬᠠᠢ ᠨᠢ ᠪᠠᠰᠠ ᠠᠮᠳᠠᠳᠤ ᠯᠠᠵᠤᠤ᠂ ᠲᠦᠪᠡᠳ ᠬᠠᠰᠢ ᠶᠢᠨ ᠵᠢᠮᠢᠰ ᠲᠤ ᠨᠦᠭᠡᠯᠡᠨ ᠤᠷᠤᠵᠤ᠂ ᠵᠢᠮᠢᠰ ᠢ ᠤᠨᠠᠭᠠᠨ ᠢᠯᠵᠠᠷᠠᠭᠤᠯᠳᠠᠭ ᠪᠠᠶᠢᠨ᠎ᠠ᠃        ᠰᠢᠭᠢᠷ ᠯᠤᠤᠪᠠᠩ ᠤᠨ ᠢᠳᠤᠭᠠᠨ ᠢ ᠰᠡᠷᠭᠡᠶᠢᠯᠡᠨ ᠵᠠᠰᠠᠬᠤ ᠳᠤ᠄        ︵1︶ ᠲᠠᠷᠢᠶᠠᠯᠠᠩ ᠤᠨ ᠠᠷᠭ᠎ᠠ ᠪᠠᠷ ᠵᠠᠰᠠᠨ᠎ᠠ᠃ ᠲᠤᠬᠠᠶᠢᠯᠠᠪᠠᠯ ᠨᠠᠮᠤᠷ ᠪᠤᠶᠤ ᠡᠪᠤᠯ ᠬᠠᠭᠠᠯᠪᠤᠷᠢᠯᠡᠨ᠂ ᠭᠦᠷᠦᠰᠤ ᠰᠢᠷᠤᠢ ᠶᠢ ᠭᠦᠨ ᠤᠷᠪᠠᠭᠤᠯᠵᠤ᠂ ᠨᠢᠭᠡ ᠪᠦᠯᠦᠭ ᠡᠪᠤᠯᠵᠢᠭᠦ ᠭᠡᠤᠭᠡᠯᠳᠡᠢ ᠶᠢ ᠤᠰᠠᠳᠬᠠᠨ᠎ᠠ᠃ ᠬᠠᠪᠤᠷ ᠤᠨ 3~4 ᠳ᠋ᠤᠭᠡᠷ ᠰᠠᠷ᠎ᠠ ᠳᠤ ᠰᠤᠯᠠ ᠡᠪᠡᠰᠤ ᠶᠢ ᠠᠷᠢᠯᠭᠠᠵᠤ᠂ ᠰᠤᠯᠠ ᠡᠪᠡᠰᠤᠨ ᠲᠡᠭᠡᠷᠡᠭᠢ ᠨᠢᠯᠬ᠎ᠠ ᠠᠪᠠᠭᠠᠯᠳᠠᠢ ᠶᠢ ᠤᠰᠠᠳᠬᠠᠨ᠎ᠠ᠃ ᠲᠠᠷᠢᠶᠠᠨ ᠳᠠᠬᠢ ᠬᠠᠮᠢᠶᠠᠷᠤᠯᠳᠠ ᠲᠠᠢ ᠤᠶᠠᠯᠳᠤᠭᠤᠯᠤᠨ ᠦᠨᠳᠡᠭᠡ ᠶᠢ ᠨᠢ ᠲᠡᠭᠦᠵᠤ᠂ ᠰᠠᠶ᠋ᠢ ᠨᠠᠪᠴᠢᠭ᠍ᠰᠡᠨ ᠠᠪᠠᠭᠠᠯᠳᠠᠢ ᠶᠢᠨ ᠰᠦᠷᠦᠭᠯᠡᠨ ᠴᠤᠠᠠᠯᠬᠠᠰᠠᠨ ᠨᠠᠪᠴᠢ ᠶᠢ ᠠᠪᠴᠤ ᠬᠠᠶᠠᠨ᠂ ᠲᠦᠪᠯᠡᠷᠡᠭᠦᠯᠦᠨ ᠰᠢᠢᠳᠪᠤᠷᠢᠯᠡᠨ᠎ᠡ᠃        ︵2︶ ᠪᠡᠶᠡᠯᠡᠭᠰᠡᠨ ᠬᠤᠷᠤᠬᠠᠢ ᠶᠢ ᠬᠠᠷ᠎ᠠ ᠭᠡᠷᠡᠯ ᠤᠨ ᠳ᠋ᠧᠩ ᠢᠶᠠᠷ ᠬᠠᠭᠤᠷᠤᠨ ᠣᠰᠠᠳᠬᠠᠨ᠎ᠠ᠃ ᠪᠡᠶᠡᠯᠡᠭᠰᠡᠨ ᠬᠤᠷᠤᠬᠠᠢ ᠡᠭᠦᠰᠭᠦ ᠦᠶ᠎ᠠ ᠳᠤ ᠬᠠᠷ᠎ᠠ ᠭᠡᠷᠡᠯ ᠤᠨ ᠳ᠋ᠧᠩ ᠢᠶᠠᠷ ᠪᠡᠶᠡᠯᠡᠭᠰᠡᠨ ᠬᠤᠷᠤᠬᠠᠢ ᠶᠢ ᠠᠷᠭᠠᠳᠠᠨ ᠤᠰᠠᠳᠬᠠᠨ᠎ᠠ᠃         ︵3︶ ᠲᠦᠷᠦᠯᠭᠢ ᠶᠢᠨ ᠲᠠᠶᠢᠰᠤᠨ ᠢ ᠨᠢ ᠬᠠᠮᠠᠭᠠᠯᠠᠨ ᠠᠰᠢᠠᠠᠯᠠᠨ᠎ᠠ᠃ ᠰᠢᠭᠢᠷ ᠯᠤᠤᠪᠠᠩ ᠤᠨ ᠢᠳᠤᠭᠠᠨ ᠤ ᠲᠦᠷᠦᠯᠭᠢ ᠶᠢᠨ ᠲᠠᠶᠢᠰᠤᠨ ᠨᠢ ᠮᠠᠰᠢ ᠤᠯᠠᠨ ᠲᠦᠷᠦᠯ ᠪᠠᠶᠢᠬᠤ ᠨᠢ ᠴᠢᠬᠤᠯᠠ ᠪᠦᠭᠦᠢ ᠪᠠᠶᠢᠭᠠᠯᠢᠯᠢᠬ ᠡᠵᠡᠮᠳᠡᠯ ᠤᠨ ᠡᠯᠧᠮᠧᠨ᠋ᠲ ᠪᠤᠯᠤᠨ᠎ᠠ᠃ ᠡᠭᠢᠨ ᠤ ᠬᠤᠭᠤᠴᠠᠭᠠᠨ ᠳᠤ ᠲᠠᠷᠢᠶᠠᠨ ᠡᠮ ᠢ ᠴᠦᠭᠡᠨ ᠭᠡᠷᠡᠭᠯᠡᠵᠤ᠂ ᠨᠤᠭᠤᠭᠠᠨ ᠲᠠᠷᠢᠶ᠎ᠠ ᠳᠠᠬᠢ ᠲᠦᠷᠦᠯᠭᠢ ᠲᠠᠶᠢᠰᠤᠨ ᠢ ᠬᠠᠮᠠᠭᠠᠯᠠᠨ᠎ᠠ᠃        ︵4︶ ᠡᠮ ᠢᠶᠠᠷ ᠰᠡᠷᠭᠡᠶᠢᠯᠡᠨ ᠵᠠᠰᠠᠨ᠎ᠠ᠃ ᠠᠪᠠᠭᠠᠯᠳᠠᠢ ᠶᠢᠨ ᠨᠡᠪᠴᠢᠭᠦ ᠭᠦᠭ ᠦᠶ᠎ᠠ ᠶᠢ ᠡᠵᠡᠮᠰᠢᠨ ᠡᠮ ᠰᠦᠷᠴᠢᠨ᠎ᠠ᠃ ᠰᠢᠭᠢᠷ ᠯᠤᠤᠪᠠᠩ ᠤᠨ ᠢᠳᠤᠭᠠᠨ ᠪᠤᠯ ᠡᠮ ᠳᠤ ᠮᠠᠰᠢ ᠲᠠᠰᠪᠤᠷᠢᠳᠡᠢ ᠪᠠᠶᠢᠳᠠᠭ ᠲᠤᠯᠠ ᠠᠳᠠᠯᠢ ᠪᠤᠰᠤ ᠬᠤᠷᠤᠬᠠᠢ ᠤᠰᠠᠳᠬᠠᠬᠤ ᠡᠮ ᠢ ᠰᠤᠯᠢᠵᠤ ᠰᠤᠯᠪᠢᠴᠠᠭᠤᠯᠤᠨ ᠭᠡᠷᠡᠭᠯᠡᠨ᠎ᠠ᠃ ᠵᠢᠱᠢᠶᠠᠯᠠᠪᠠᠯ ᠢ ᠲᠠᠢ ᠪᠤᠤ ︵抑太保︶᠂ ᠺᠠᠨ ᠰᠧ ᠺᠧ ︵卡死克︶᠂ ᠪᠤᠤ ᠯᠤ᠋ ︵宝路︶ ᠵᠡᠷᠭᠡ ᠡᠮ ᠢ ᠭᠡᠷᠡᠭᠯᠡᠭᠦ ᠳᠡᠭᠡᠨ ᠡᠳᠡᠭᠡᠷ ᠰᠢᠨ᠎ᠠ ᠲᠠᠷᠢᠶᠠᠨ ᠡᠮ ᠤᠨ ᠭᠡᠷᠡᠭᠯᠡᠭᠦ ᠤᠳᠠᠭ᠎ᠠ ᠲᠤᠭ᠎ᠠ ᠪᠠ ᠭᠡᠮᠵᠢᠶ᠎ᠠ ᠶᠢ ᠴᠢᠩᠭ᠎ᠠ ᠡᠵᠡᠮᠰᠢᠵᠤ᠂ ᠰᠢᠭᠢᠷ ᠯᠤᠤᠪᠠᠩ ᠤᠨ ᠢᠳᠤᠭᠠᠨ ᠨᠢ ᠡᠳᠡᠭᠡᠷ ᠡᠮ ᠳᠤ ᠲᠠᠰᠪᠤᠷᠢᠲᠠᠢ ᠪᠤᠯᠬᠤ ᠶᠢ ᠰᠡᠷᠭᠡᠶᠢᠯᠡᠭᠦ ᠪᠡ ᠤᠳᠠᠭᠠᠰᠢᠷᠠᠭᠤᠯᠬᠤ ᠭᠡᠷᠡᠭᠳᠡᠢ᠃ ᠭᠡᠷᠡᠭᠯᠡᠭᠦ ᠡᠮ ᠤᠨ ᠲᠦᠷᠦᠯ ᠵᠦᠢᠯ ᠪᠤᠯᠤᠨ ᠠᠷᠭ᠎ᠠ ᠶᠢᠨ ᠲᠠᠯ᠎ᠠ ᠪᠠᠷ ᠨᠤᠭᠤᠭ᠎ᠠ ᠶᠢᠨ ᠡᠷᠪᠡᠭᠡᠢ ᠶᠢᠨ ᠬᠢ ᠪᠠᠷ ᠯᠠᠪᠯᠠᠯᠳᠠ ᠪᠤᠯᠭᠠᠨ ᠭᠡᠷᠡᠭᠯᠡᠨ᠎ᠡ᠃       8. ᠭᠢᠯᠭᠠᠰᠤᠨ ᠵᠢᠮᠡ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠭᠢᠯᠭᠠᠰᠤᠨ ᠵᠢᠮᠡ ᠬᠤᠷᠤᠬᠠᠢ ᠪᠤᠯ ᠭᠤᠤᠯ ᠨᠢ ᠦᠰᠤᠳᠤ ᠬᠤᠯᠤ᠂ ᠳ᠋ᠦᠡᠭᠭᠤᠸᠠ᠂ ᠭᠠᠰᠢᠭᠤᠨ ᠭᠤᠸᠠ᠂ ᠲᠠᠷᠪᠤᠰ᠂ ᠠᠯᠳᠠᠨ ᠮᠠᠠᠵᠢᠯᠭᠠᠨ᠂ ᠯᠠᠩᠭᠤᠸᠠ᠂ ᠠᠮᠳᠠᠳᠤ ᠭᠤᠸᠠ᠂ ᠬᠠᠰᠢ᠂ ᠲᠦᠪᠡᠳ ᠬᠠᠰᠢ᠂ ᠠᠮᠳᠠᠳᠤ ᠯᠠᠵᠤᠤ ᠵᠡᠷᠭᠡ ᠬᠤᠯᠤ ᠶᠢᠨ ᠢᠵᠠᠭᠤᠷ᠂ ᠬᠠᠰᠢ ᠶᠢᠨ ᠢᠵᠠᠭᠤᠷ ᠤᠨ ᠨᠤᠭᠤᠭ᠎ᠠ ᠶᠢ ᠭᠦᠨᠦᠭᠡᠳᠡᠭ ᠪᠦᠭᠡᠳ ᠪᠠᠰᠠ ᠪᠤᠷᠴᠠᠭ ᠤᠨ ᠲᠦᠷᠦᠯ᠂ ᠦᠷᠭᠡᠰᠤᠳᠤ ᠨᠤᠭᠤᠭ᠎ᠠ᠂ ᠭᠦᠵᠡᠯᠵᠡᠭᠡᠨ᠎ᠡ ᠵᠡᠷᠭᠡ ᠤᠯᠠᠨ ᠲᠦᠷᠦᠯ ᠤᠨ ᠨᠤᠭᠤᠭ᠎ᠠ ᠶᠢ ᠰᠦᠢᠳᠭᠡᠳᠡᠭ ᠪᠠ ᠵᠠᠮᠪᠠ ᠴᠠᠴᠡᠭ ᠤᠨ ᠢᠵᠠᠭᠤᠷ᠂ ᠴᠠᠩᠬᠤᠢ ᠴᠡᠴᠡᠭ ᠤᠨ ᠢᠵᠠᠭᠤᠷ ᠵᠡᠷᠭᠡ ᠤᠯᠠᠨ ᠵᠦᠢᠯ ᠤᠨ ᠤᠷᠭᠤᠮᠠᠯ ᠪᠠ ᠡᠪᠡᠰᠤ ᠶᠢ ᠰᠦᠢᠳᠭᠡᠳᠡᠭ ᠪᠠᠶᠢᠨ᠎ᠠ᠃       ᠭᠢᠯᠭᠠᠰᠤᠨ ᠵᠢᠮᠡ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ᠄       ︵1︶ ᠲᠠᠷᠢᠶᠠᠯᠠᠩ ᠤᠨ ᠠᠷᠭ᠎ᠠ ᠪᠠᠷ  ᠵᠠᠰᠠᠨ᠎ᠠ᠃ ᠲᠠᠷᠢᠶᠠᠨ ᠳᠠᠬᠢ ᠦᠯᠡᠳᠡᠭᠳᠡᠯ ᠨᠠᠪᠴᠢ ᠨᠠᠮᠠᠭ᠎ᠠ᠂ ᠰᠤᠯᠠ ᠡᠪᠡᠰᠤ ᠶᠢ ᠠᠷᠢᠯᠭᠠᠵᠤ᠂ ᠬᠤᠷᠤᠬᠠᠢ ᠶᠢᠨ ᠢᠷᠡᠯᠳᠡ ᠶᠢ ᠤᠰᠠᠳᠬᠠᠵᠤ᠂ ᠬᠠᠪᠤᠷ ᠲᠤᠭᠢᠳᠡᠢ ᠦᠶ᠎ᠠ ᠳᠤᠨᠢ ᠡᠷᠳᠡ ᠲᠠᠷᠢᠵᠤ᠂ ᠡᠷᠳᠡ ᠴᠢᠭᠢ ᠪᠤᠶᠢᠵᠢᠭᠤᠯᠵᠤ᠂ ᠴᠢᠭᠢ ᠪᠤᠶᠢᠵᠢᠭᠤᠯᠬᠤ ᠳᠠᠭᠠᠨ ᠰᠢᠮ᠎ᠠ ᠲᠡᠵᠢᠭᠡᠯ ᠤᠨ ᠠᠷᠭ᠎ᠠ ᠶᠢ ᠭᠡᠷᠡᠭᠯᠡᠵᠤ᠂ ᠤᠰᠤ ᠪᠤᠷᠳᠤᠭᠤᠷ ᠤᠨ ᠬᠠᠮᠢᠶᠠᠷᠤᠯᠳᠠ ᠵᠡᠷᠭᠡ ᠲᠠᠷᠢᠶᠠᠯᠠᠭ᠎ᠠ ᠶᠢᠨ ᠮᠠᠷᠭᠡᠵᠢᠯ ᠢ ᠴᠢᠩᠭ᠎ᠠ ᠡᠵᠡᠮᠰᠢᠵᠤ᠂ ᠤᠷᠭᠤᠮᠠᠯ ᠤᠨ ᠤᠷᠭᠤᠯᠳᠠ ᠶᠢ ᠨᠢ ᠠᠭᠢᠭᠤᠯᠵᠤ᠂ ᠲᠠᠷᠢᠬᠤ ᠳᠠᠭᠠᠨ ᠪᠦᠷᠭᠦᠭᠦᠯ ᠢᠶᠠᠷ ᠪᠦᠷᠢᠵᠤ ᠲᠠᠷᠢᠪᠠᠯ ᠪᠡᠶᠡᠯᠡᠭᠰᠡᠨ ᠬᠤᠷᠤᠬᠠᠢ ᠶᠢᠨ ᠭᠦᠨᠦᠭᠡᠯ ᠪᠡ ᠠᠪᠠᠭᠠᠯᠳᠠᠢ ᠶᠢᠨ ᠰᠢᠷᠤᠢ ᠳᠤ ᠰᠢᠷᠭᠤᠨ ᠭᠡᠤᠭᠡᠯᠳᠡᠶᠢᠵᠢᠭᠦ ᠶᠢ ᠪᠠᠭᠠᠰᠬᠠᠵᠤ ᠪᠤᠯᠤᠨ᠎ᠠ᠃      ︵2︶ ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠨ᠎ᠠ᠃ ᠭᠦᠭᠡ ᠬᠠᠪᠳᠠᠰᠤ ᠡᠯᠭᠦᠨ ᠪᠡᠶᠡᠯᠡᠭᠰᠡᠨ ᠬᠤᠷᠤᠬᠠᠢ ᠶᠢ ᠬᠠᠭᠤᠷᠤᠨ ᠤᠰᠠᠳᠬᠠᠨ᠎ᠠ᠃ ᠲᠤᠬᠠᠶᠢᠯᠠᠪᠠᠯ 10m ᠪᠦᠷᠢ ᠨᠤᠭᠤᠭ᠎ᠠ ᠠᠴᠠ 10~30cm ᠦᠨᠳᠤᠷ ᠭᠠᠵᠠᠷ ᠲᠤ ᠨᠢᠭᠡ ᠭᠡᠰᠡᠭ ᠭᠦᠭᠡ ᠬᠠᠪᠳᠠᠰᠤ ᠡᠯᠭᠦᠵᠤ ᠪᠡᠶᠡᠯᠡᠭᠰᠡᠨ ᠬᠤᠷᠤᠬᠠᠢ ᠶᠢᠨ ᠦᠨᠳᠡᠭᠡᠯᠡᠭᠦ ᠭᠦᠨᠦᠭᠡᠯ ᠢ ᠪᠠᠭᠠᠰᠬᠠᠨ᠎ᠠ᠃       ︵3︶ ᠡᠮ ᠢᠶᠠᠷ ᠰᠡᠷᠭᠡᠶᠢᠯᠡᠨ ᠵᠠᠰᠠᠨ᠎ᠠ᠃ ᠵᠤᠨ ᠨᠠᠮᠤᠷ ᠭᠤᠸᠠ ᠶᠢᠨ ᠴᠢᠭᠢ 2~3 ᠨᠠᠪᠴᠢᠯᠠᠬᠤ ᠦᠶᠡᠰ  ᠠᠴᠠ ᠡᠭᠢᠯᠡᠨ ᠲᠠᠷᠢᠶᠠᠨ ᠳᠠᠬᠢ ᠬᠤᠷᠤᠬᠠᠢ ᠶᠢ ᠪᠠᠶᠢᠴᠠᠭᠠᠵᠤ᠂ ᠰᠠᠯᠠᠭ᠎ᠠ ᠪᠦᠷᠢ 2~3 ᠬᠤᠷᠤᠬᠠᠢ ᠲᠠᠢ ᠪᠤᠯᠬᠤ ᠦᠶᠡᠰ ᠰᠡᠷᠭᠡᠶᠢᠯᠡᠨ ᠵᠠᠰᠠᠨ᠎ᠠ᠃ ᠡᠮ ᠰᠤᠩᠭᠤᠨ ᠭᠡᠷᠡᠭᠯᠡᠭᠦ ᠳᠡᠭᠡᠨ 10% ᠶᠢᠨ ᠪᠢ ᠴᠦᠩ ᠯᠢᠨ ︵吡虫啉︶ ᠨᠤᠠᠳᠠᠭ ᠡᠮ ᠢ 667 ᠲᠠᠯᠠᠪᠠᠢ ᠪᠦᠷᠢ 220~300g ᠳᠤ ᠤᠰᠤ ᠬᠤᠯᠢᠨ ᠰᠦᠷᠴᠢᠨ᠎ᠠ᠃ 17.5% ᠶᠢᠨ ᠶᠠ ᠮᠠᠨ ᠵᠢᠩ  ︵蚜螨净︶ ᠨᠤᠨᠳᠠᠭ ᠡᠮ ᠢ 667= ᠲᠠᠯᠠᠪᠠᠢ ᠪᠦᠷᠢ 220g ᠳᠤ ᠤᠰᠤ ᠬᠤᠯᠢᠨ ᠰᠦᠷᠴᠢᠨ᠎ᠠ᠂ ᠢᠡᠭᠭᠢᠪᠡᠯ ᠰᠡᠷᠭᠡᠶᠢᠯᠡᠯᠳᠡ ᠶᠢᠨ ᠦᠷ᠎ᠡ ᠪᠦᠳᠦᠮᠵᠢ ᠨᠢ ᠴᠦᠮ 90% ᠠᠴᠠ ᠲᠡᠭᠡᠭᠰᠢ ᠳᠤ ᠭᠦᠷᠦᠨ᠎ᠠ᠃ ᠪᠠᠰᠠ 50% ᠶᠢᠨ ᠪᠠ ᠳ᠋ᠠᠨ ︵巴丹︶ ᠨᠤᠨᠳᠠᠭ ᠡᠮ᠂ 10% ᠶᠢᠨ ᠰᠢᠩ ᠮᠢᠶᠠᠨ ᠪᠤᠤ ︵兴棉宝︶ ᠲᠤᠰᠤᠨ ᠡᠮ ᠪᠤᠶᠤ 10% ᠶᠢᠨ ᠦᠨᠳᠤᠷ ᠦᠢᠯᠡᠳᠦᠯᠳᠤ ᠮᠢᠶᠧ ᠪᠠᠢ ᠺᠧ ︵灭百可︶ ᠲᠤᠰᠤᠨ ᠡᠮ ᠤᠨ 5000 ᠲᠠᠭᠢᠨ ᠤ ᠰᠢᠩᠭᠡᠨ᠂ ᠡᠰᠡᠭᠦᠯ᠎ᠠ 50% ᠶᠢᠨ ᠰᠢᠨ ᠯᠢᠤ ᠯᠢᠨ ︵辛硫磷︶ ᠲᠤᠰᠤᠨ ᠡᠮ ᠤᠨ 1000 ᠲᠠᠭᠢᠨ ᠤ ᠰᠢᠩᠭᠡᠨ᠂ 25% ᠶᠢᠨ ᠺᠦᠢ ᠯᠢᠤ ᠯᠢᠨ ︵喹硫磷︶ ᠲᠤᠰᠤᠨ ᠡᠮ ᠤᠨ 1500 ᠲᠠᠭᠢᠨ ᠤ ᠰᠢᠩᠭᠡᠨ ᠢ ᠰᠤᠩᠭᠤᠨ ᠰᠦᠷᠴᠢᠵᠤ᠂ 7~10 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠰᠦᠷᠴᠢᠨ᠂ ᠦᠷᠭᠦᠯᠵᠢᠯᠡᠨ 2~3 ᠤᠳᠠᠭ᠎ᠠ ᠰᠦᠷᠴᠢᠨ ᠰᠡᠷᠭᠡᠶᠢᠯᠡᠨ ᠵᠠᠰᠠᠨ᠎ᠠ᠃       9.  ᠭᠦᠯᠡᠮᠵᠢ ᠶᠢᠨ ᠴᠠᠭᠠᠨ ᠲᠤᠭᠤᠰᠤᠳᠤ ᠪᠦᠭᠡᠰᠤ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠴᠠᠭᠠᠨ ᠲᠤᠭᠤᠰᠤᠳᠤ ᠪᠦᠭᠡᠰᠤ ᠪᠤᠯ ᠮᠠᠰᠢ ᠦᠷᠭᠡᠨ ᠭᠡᠪᠴᠢᠶᠠᠨ ᠳᠤ ᠤᠷᠤᠩᠨᠠᠵᠤ᠂ ᠨᠢᠭᠡᠨᠳᠡ ᠤᠯᠵᠤ ᠮᠡᠳᠡᠭᠰᠡᠨ ᠢᠶᠠᠷ ᠪᠤᠯ 114 ᠢᠵᠠᠭᠤᠷ ᠤᠨ 670 ᠲᠦᠷᠦᠯ ᠤᠨ ᠤᠷᠭᠤᠮᠠᠯ ᠳᠤ ᠤᠷᠤᠩᠨᠠᠳᠠᠭ ᠪᠠᠶᠢᠨ᠎ᠠ᠃ ᠮᠠᠨ ᠤ ᠤᠯᠤᠰ ᠤᠨ ᠤᠯᠵᠤ ᠮᠡᠳᠡᠭᠰᠡᠨ ᠢᠶᠠᠷ ᠪᠤᠯ 70 ᠢᠵᠠᠭᠤᠷ ᠤᠨ 270 ᠲᠦᠷᠦᠯ ᠤᠨ ᠤᠷᠭᠤᠮᠠᠯ ᠳᠤ ᠤᠷᠤᠩᠨᠠᠵᠤ ᠪᠠᠶᠢᠨ᠎ᠠ᠃ ᠤᠯᠠᠩᠭᠢ ᠨᠤᠭᠤᠭ᠎ᠠ ᠨᠢ ᠴᠦᠮ ᠭᠦᠨᠦᠭᠡᠯ ᠳᠤ ᠤᠴᠠᠷᠠᠵᠤ᠂ ᠢᠯᠠᠩᠭᠤᠶ᠎ᠠ ᠦᠷᠭᠡᠰᠤᠳᠤ ᠭᠡᠮᠭᠡ᠂ ᠪᠤᠷᠴᠠᠭ ᠤᠨ ᠲᠦᠷᠦᠯ᠂ ᠲᠦᠪᠡᠳ ᠬᠠᠰᠢ᠂ ᠬᠠᠰᠢ ᠨᠡᠩ ᠭᠦᠨᠳᠤ ᠨᠤᠴᠢᠳᠡᠢ ᠭᠦᠨᠦᠭᠡᠭᠳᠡᠳᠡᠭ ᠪᠠᠶᠢᠨ᠎ᠠ᠃ ᠡᠭᠦᠨ ᠠᠴᠠ ᠭᠠᠳᠠᠨ᠎ᠠ ᠪᠠᠰᠠ ᠪᠦᠭᠡᠷᠡᠩᠭᠡᠢ ᠴᠠᠭᠠᠨ ᠨᠤᠭᠤᠭ᠎ᠠ᠂ ᠴᠡᠴᠡᠭᠳᠤ ᠴᠠᠭᠠᠨ ᠨᠤᠭᠤᠭ᠎ᠠ᠂ ᠴᠤᠭᠤᠷ ᠨᠤᠭᠤᠭ᠎ᠠ᠂ ᠲᠤᠰᠤᠳᠤ ᠨᠤᠭᠤᠭ᠎ᠠ᠂ ᠯᠤᠤᠪᠠᠩ᠂ ᠰᠢᠯᠦᠭᠡᠢ ᠨᠤᠭᠤᠭ᠎ᠠ᠂ ᠭᠦᠵᠡᠯᠵᠡᠭᠡᠨ᠎ᠠ ᠵᠡᠷᠭᠡ ᠤᠯᠠᠨ ᠲᠦᠷᠦᠯ ᠤᠨ ᠨᠤᠭᠤᠭ᠎ᠠ ᠵᠢᠴᠢ ᠬᠤᠸᠠᠷ ᠴᠡᠴᠡᠭ᠂ ᠵᠢᠮᠢᠰ ᠤᠨ ᠮᠤᠳᠤ᠂ ᠡᠮ ᠤᠨ ᠮᠠᠲ᠋ᠧᠷᠢᠶᠠᠯ᠂ ᠰᠤᠯᠠ ᠡᠪᠡᠰᠤ ᠵᠡᠷᠭᠡ ᠤᠯᠠᠨ ᠵᠦᠢᠯ ᠤᠨ ᠤᠷᠭᠤᠮᠠᠯ ᠢ ᠭᠦᠨᠦᠭᠡᠳᠡᠭ ᠪᠠᠶᠢᠨ᠎ᠠ᠃ ᠴᠠᠭᠠᠨ ᠲᠤᠭᠤᠰᠤᠳᠤ ᠪᠦᠭᠡᠰᠤ ᠨᠢ ᠨᠠᠪᠴᠢᠨ ᠤ ᠠᠷᠤ ᠳᠤ ᠰᠦᠷᠦᠭᠯᠡᠨ ᠴᠤᠠᠠᠯᠠᠵᠤ᠂ ᠤᠷᠭᠤᠮᠠᠯ ᠤᠨ ᠰᠢᠭᠦᠰᠤ ᠶᠢ ᠰᠤᠷᠤᠵᠤ᠂ ᠨᠠᠪᠴᠢ ᠶᠢ ᠬᠤᠷᠪᠤᠶᠢᠯᠭᠠᠨ ᠰᠢᠷᠠᠯᠠᠭᠤᠯᠵᠤ᠂ ᠤᠷᠭᠤᠮᠠᠯ ᠤᠨ ᠤᠷᠭᠤᠯᠳᠠ ᠶᠢ  ᠨᠢ ᠮᠠᠭᠤᠳᠠᠭᠤᠯᠳᠠᠭ ᠪᠦᠭᠡᠳ ᠴᠢᠨ᠋ᠬᠠᠰᠢᠯᠠᠪᠠᠯ ᠬᠠᠳᠠᠭᠠᠵᠤ ᠦᠭᠦᠭᠦᠯᠳᠡᠭ ᠪᠠᠶᠢᠨ᠎ᠠ᠃ ᠴᠠᠭᠠᠨ ᠲᠤᠭᠤᠰᠤᠳᠤ ᠪᠦᠭᠡᠰᠤ ᠶᠢᠨ ᠱᠦᠭᠦᠷᠡᠭᠦᠯᠦᠭᠰᠡᠨ ᠢᠯᠭᠠᠳᠠᠰᠤ ᠨᠢ ᠪᠤᠭᠢᠷᠳᠤᠯ ᠤᠨ ᠭᠡᠮ ᠢ ᠡᠭᠦᠰᠭᠡᠵᠤ᠂ ᠬᠤᠸᠠᠷ ᠤᠨ ᠦᠨ᠎ᠠ ᠦᠷᠳᠡᠭ ᠢ ᠪᠠᠭᠤᠷᠠᠭᠤᠯᠳᠠᠭ ᠪᠠᠶᠢᠨ᠎ᠠ᠃ ᠡᠭᠦᠨ ᠠᠴᠠ ᠭᠠᠳᠠᠨ᠎ᠠ ᠪᠠᠰᠠ ᠤᠷᠭᠤᠮᠠᠯ ᠤᠨ ᠡᠪᠡᠳᠴᠢᠨ ᠤ ᠬᠤᠤᠷ ᠤᠨ ᠭᠡᠮ ᠢ ᠲᠡᠯᠭᠡᠷᠡᠭᠦᠯᠳᠡᠭ ᠪᠠᠶᠢᠨ᠎ᠠ᠃       ᠴᠠᠭᠠᠨ ᠲᠤᠭᠤᠰᠤᠳᠤ ᠪᠦᠭᠡᠰᠤ ᠶᠢ ᠰᠠᠷᠭᠡᠶᠢᠯᠡᠨ ᠵᠠᠰᠠᠬᠤ᠄ ᠴᠠᠭᠠᠨ ᠲᠤᠭᠤᠰᠤᠳᠤ ᠪᠦᠭᠡᠰᠤ ᠶᠢ ᠰᠡᠷᠭᠡᠶᠢᠯᠡᠨ ᠵᠠᠰᠠᠬᠤ ᠳᠤ ᠲᠠᠷᠢᠶᠠᠯᠠᠩ ᠤᠨ ᠠᠷᠭ᠎ᠠ ᠪᠠᠷ ᠰᠠᠭᠤᠷᠢ ᠪᠤᠯᠭᠠᠵᠤ᠂ ᠲᠠᠷᠢᠬᠤ ᠠᠷᠠᠴᠢᠯᠠᠬᠤ ᠶᠢ ᠴᠢᠩᠭᠠᠳᠬᠠᠵᠤ᠂ ᠬᠤᠷᠤᠬᠠᠢ ᠦᠭᠡᠢ ᠴᠢᠭᠢ ᠪᠤᠶᠢᠵᠢᠭᠤᠯᠬᠤ ᠪᠠᠷ ᠭᠤᠤᠯᠳᠠᠯᠭ᠎ᠠ ᠪᠤᠯᠭᠠᠵᠤ᠂ ᠪᠢᠤᠯᠤᠭᠢ ᠶᠢᠨ ᠠᠷᠭ᠎ᠠ᠂ ᠹᠢᠽᠢᠺ ᠤᠨ ᠠᠷᠭ᠎ᠠ ᠪᠠ ᠭᠢᠮᠢ ᠶᠢᠨ ᠠᠷᠭ᠎ᠠ ᠶᠢ ᠤᠶᠠᠯᠳᠤᠭᠤᠯᠤᠨ ᠰᠡᠷᠭᠡᠶᠢᠯᠡᠨ ᠵᠠᠰᠠᠨ᠎ᠠ᠃       ︵1︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ᠄ ① ᠬᠤᠷᠤᠬᠠᠢ ᠦᠭᠡᠢ ᠴᠢᠭᠢ ᠪᠤᠶᠢᠵᠢᠭᠤᠯᠬᠤ᠂ ᠴᠢᠭᠢ ᠪᠤᠶᠢᠵᠢᠭᠤᠯᠬᠤ ᠳᠠᠭᠠᠨ ᠴᠢᠭᠢᠨ ᠤ ᠲᠠᠳᠠᠭᠠᠯ ᠪᠤᠯᠤᠨ ᠭᠦᠯᠡᠮᠵᠢ ᠪᠠᠨ ᠰᠠᠯᠭᠠᠵᠤ᠂ ᠴᠢᠭᠢ ᠪᠤᠶᠢᠵᠢᠭᠤᠯᠬᠤ ᠠᠴᠠ  ᠪᠠᠨ ᠡᠮᠦᠨ᠎ᠠ ᠴᠢᠭᠢᠨ ᠤ ᠦᠷᠦᠭᠡ ᠪᠠᠨ ᠤᠳᠤᠨ ᠠᠷᠢᠭᠤᠳᠬᠠᠵᠤ᠂ ᠦᠯᠡᠳᠡᠭᠳᠡᠯ ᠬᠤᠷᠤᠬᠠᠢ ᠶᠢ ᠤᠰᠠᠳᠬᠠᠨ᠎ᠠ᠃ ᠰᠤᠯᠠ ᠡᠪᠡᠰᠤ᠂ ᠦᠯᠡᠳᠡᠭᠳᠡᠯ ᠰᠠᠯᠠᠭ᠎ᠠ ᠶᠢ ᠴᠠᠪᠠᠷᠯᠡᠨ ᠠᠷᠢᠯᠭᠠᠵᠤ᠂ ᠰᠠᠯᠭᠢ ᠨᠠᠪᠳᠡᠷᠡᠭᠦᠯᠭᠦ ᠠᠮᠠᠨ ᠳᠠᠭᠠᠨ ᠨᠢᠯᠦᠨ ᠱᠠ ᠪᠤᠶᠤ ᠬᠤᠷᠤᠬᠠᠢ ᠰᠡᠷᠭᠡᠶᠢᠯᠡᠭᠦ ᠲᠤᠤᠷ ᠲᠠᠭᠠᠷᠠᠭᠤᠯᠵᠤ᠂ ᠭᠠᠳᠠᠨ᠎ᠠ ᠠᠴᠠ ᠬᠤᠷᠤᠬᠠᠢ ᠤᠷᠤᠵᠤ ᠢᠷᠡᠭᠦ ᠶᠢ ᠰᠡᠷᠭᠡᠶᠢᠯᠡᠨ᠎ᠡ᠃ ② ᠵᠤᠭᠢᠰᠳᠡᠢ ᠲᠠᠷᠢᠵᠤ ᠬᠤᠯᠢᠯᠳᠤᠭᠤᠯᠤᠨ ᠲᠠᠷᠢᠬᠤ ᠠᠴᠠ ᠵᠠᠶᠢᠯᠠᠰᠭᠢᠨ᠎ᠠ᠃ ᠦᠷᠭᠡᠰᠤᠳᠤ ᠭᠡᠮᠭᠡ᠂ ᠲᠦᠪᠡᠳ ᠬᠠᠰᠢ ᠂ ᠱᠤᠰᠢ ᠵᠡᠷᠭᠡ ᠴᠠᠭᠠᠨ ᠲᠤᠭᠤᠰᠤᠳᠤ ᠪᠦᠭᠡᠰᠤ ᠶᠢᠨ ᠢᠳᠡᠭᠦ ᠲᠤᠷᠠᠳᠡᠢ ᠨᠤᠭᠤᠭ᠎ᠠ ᠶᠢ ᠬᠤᠯᠢᠯᠳᠤᠭᠤᠯᠤᠨ ᠲᠠᠷᠢᠬᠤ ᠶᠢ ᠴᠡᠭᠡᠷᠯᠡᠵᠤ᠂ ᠨᠢᠭᠡᠳᠦᠭᠡᠷ ᠭᠤᠤᠷᠰᠤᠨ ᠳᠤ ᠴᠤᠭᠤᠷ ᠨᠤᠭᠤᠭ᠎ᠠ᠂ ᠠᠮᠳᠠᠳᠤ ᠯᠠᠵᠤᠤ᠂ ᠲᠤᠰᠤᠳᠤ ᠨᠤᠭᠤᠭ᠎ᠠ ᠵᠡᠷᠭᠡ ᠴᠠᠭᠠᠨ ᠲᠤᠭᠤᠰᠤᠳᠤ ᠪᠦᠭᠡᠰᠤ ᠶᠢᠨ ᠢᠳᠡᠭᠦ ᠲᠤᠷ᠎ᠠ ᠦᠭᠡᠢ ᠪᠤᠶᠤ ᠭᠦᠨᠦᠭᠡᠯ ᠪᠠᠭ᠎ᠠ ᠲᠠᠢ ᠨᠤᠭᠤᠭ᠎ᠠ ᠶᠢ ᠲᠠᠷᠢᠬᠤ ᠶᠢ ᠰᠠᠨᠠᠭᠠᠴᠢᠯᠠᠵᠤ᠂ ᠬᠤᠶᠠᠳᠤᠭᠠᠷ ᠭᠤᠤᠷᠰᠤᠨ ᠳᠤ ᠲᠠᠭᠢᠨ ᠦᠷᠭᠡᠰᠤᠳᠤ ᠭᠡᠮᠭᠡ᠂ ᠲᠦᠪᠡᠳ ᠬᠠᠰᠢ ᠲᠠᠷᠢᠬᠤ ᠶᠢ ᠰᠠᠨᠠᠭᠠᠴᠢᠯᠠᠬᠤ ᠭᠡᠷᠡᠭᠳᠡᠢ᠃ ③ ᠲᠠᠷᠢᠬᠤ ᠬᠠᠮᠢᠶᠠᠷᠤᠯᠳᠠ ᠶᠢ ᠴᠢᠩᠭᠠᠳᠬᠠᠨ᠎ᠠ᠃ ᠰᠠᠯᠠᠭ᠎ᠠ ᠨᠠᠮᠠᠭ᠎ᠠ ᠶᠢ ᠨᠢ ᠵᠠᠰᠠᠬᠤ  ᠲᠠᠢ ᠤᠶᠠᠯᠳᠤᠭᠤᠯᠵᠤ᠂ ᠭᠦᠭᠰᠢᠨ ᠨᠠᠪᠴᠢ ᠶᠢ ᠲᠡᠭᠦᠨ ᠠᠪᠴᠤ ᠰᠢᠳᠠᠭᠠᠬᠤ ᠪᠤᠶᠤ ᠭᠦᠨ ᠪᠤᠯᠠᠵᠤ᠂ ᠬᠤᠷᠤᠬᠠᠢ ᠶᠢᠨ ᠲᠤᠭ᠎ᠠ ᠶᠢ ᠴᠦᠭᠡᠷᠡᠭᠦᠯᠭᠦ ᠭᠡᠷᠡᠭᠳᠡᠢ᠃        ︵2︶ ᠪᠢᠤᠯᠤᠭᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠪᠠᠭᠠᠷᠠᠩᠴᠢ ᠵᠢᠵᠢᠭ ᠵᠦᠭᠡᠢ᠂ ᠲᠤᠮᠳᠠᠳᠤ ᠶᠢᠨ ᠡᠪᠡᠰᠤᠨ ᠭᠦᠮᠪᠠᠷ᠎ᠠ ᠪᠤᠯᠤᠨ ᠭᠦᠷᠳᠤᠨ ᠰᠠᠯᠠᠭ᠎ᠠ ᠪᠠᠺᠲ᠋ᠧᠷᠢ ᠵᠡᠷᠭᠡ ᠲᠦᠷᠦᠯᠭᠢ ᠲᠠᠶᠢᠰᠤᠨ ᠢ ᠨᠢ ᠲᠠᠯᠪᠢᠨ᠂ ᠴᠠᠭᠠᠨ ᠲᠤᠭᠤᠰᠤᠳᠤ ᠪᠦᠭᠡᠰᠤ ᠶᠢ ᠰᠡᠷᠭᠡᠶᠢᠯᠡᠨ ᠵᠠᠰᠠᠵᠤ ᠪᠤᠯᠤᠨ᠎ᠠ᠃ ᠲᠦᠪᠡᠳ ᠬᠠᠰᠢ ᠶᠢᠨ ᠰᠠᠭᠤᠷᠢ ᠪᠦᠷᠢ ᠳᠤ ᠲᠤᠮᠳᠡᠴᠢ  ᠪᠠᠷ ᠪᠡᠶᠡᠯᠡᠭᠰᠡᠨ ᠴᠠᠭᠠᠨ ᠲᠤᠭᠤᠰᠤᠳᠤ ᠪᠦᠭᠡᠰᠤ 0.5 ᠠᠴᠠ ᠲᠤᠷᠤᠠᠠᠰᠢ ᠪᠠᠶᠢᠬᠤ ᠦᠶᠡᠰ᠂ ᠬᠤᠶᠠᠷ ᠭᠠᠷᠠᠭ ᠠᠯᠤᠰᠯᠠᠭᠠᠳ ᠰᠠᠭᠤᠷᠢ ᠪᠦᠷᠢ 15 ᠪᠠᠭᠠᠷᠠᠩᠴᠢ ᠵᠦᠭᠡᠢ ᠶᠢᠨ ᠭᠡᠮᠵᠢᠶ᠎ᠠ ᠪᠠᠷ ᠦᠷᠭᠦᠯᠵᠢᠯᠡᠨ 3 ᠤᠳᠠᠭ᠎ᠠ ᠲᠠᠯᠪᠢᠵᠤ᠂ ᠴᠠᠭᠠᠨ ᠲᠤᠭᠤᠰᠤᠳᠤ ᠪᠦᠭᠡᠰᠤ ᠶᠢᠨ ᠭᠦᠨᠦᠭᠡᠯ ᠢ ᠬᠤᠷᠢᠠᠠᠯᠠᠵᠤ ᠪᠤᠯᠤᠨ᠎ᠠ᠃        ︵3︶ ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ᠄ ᠴᠠᠭᠠᠨ ᠲᠤᠭᠤᠰᠤᠳᠤ ᠪᠦᠭᠡᠰᠤ ᠨᠢ ᠰᠢᠷ᠎ᠠ ᠦᠡᠭᠭᠡᠨ ᠳᠤ ᠮᠠᠰᠢ ᠶᠡᠭᠡ ᠰᠤᠨᠢᠷᠬᠠᠯ ᠲᠠᠢ ᠪᠠᠶᠢᠳᠠᠭ ᠵᠠᠩᠰᠢᠯ ᠢ ᠨᠢ ᠠᠰᠢᠠᠠᠯᠠᠨ᠂ ᠭᠦᠨᠦᠭᠡᠯ ᠡᠭᠦᠰᠭᠦ ᠶᠢᠨ ᠡᠭᠢᠨ ᠤ ᠦᠶ᠎ᠠ ᠳᠤ ᠰᠢᠷ᠎ᠠ ᠬᠠᠪᠳᠠᠰᠤᠨ ᠲᠡᠭᠡᠷ᠎ᠡ ᠮᠠᠰᠢᠨ ᠤ ᠲᠤᠰᠤ ᠲᠦᠷᠭᠢᠨ᠂ ᠨᠤᠭᠤᠭ᠎ᠠ ᠶᠢᠨ ᠰᠠᠭᠤᠷᠢ ᠶᠢᠨ ᠵᠠᠢ ᠳᠤ ᠡᠯᠭᠦᠨ᠂ ᠪᠡᠶᠡᠯᠡᠭᠰᠡᠨ ᠬᠤᠷᠤᠬᠠᠢ ᠶᠢ ᠬᠠᠭᠤᠷᠤᠨ ᠠᠯᠠᠵᠤ ᠪᠤᠯᠤᠨ᠎ᠠ᠃        ︵4︶ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠡᠮ ᠢᠶᠠᠷ ᠰᠡᠷᠭᠡᠶᠢᠯᠡᠨ ᠵᠠᠰᠠᠬᠤ ᠳᠤ ᠬᠤᠷᠤᠬᠠᠢ ᠶᠢᠨ ᠨᠢᠠᠠᠳᠠᠴᠠ ᠨᠡᠯᠢᠶᠡᠳ ᠲᠤᠤᠷ᠎ᠠ ᠪᠠᠶᠢᠬᠤ ᠦᠶᠡᠰ ᠡᠷᠳᠡᠭᠡᠨ ᠭᠡᠷᠡᠭᠯᠡᠭᠦ ᠭᠡᠷᠡᠭᠳᠡᠢ᠃ ᠲᠤᠬᠠᠶᠢᠯᠠᠪᠠᠯ 25% ᠶᠢᠨ ᠰᠠᠢ ᠴᠢᠨ ᠲᠦᠩ ︵噻嗪酮︶ ᠨᠤᠠᠳᠠᠭ ᠡᠮ ᠤᠨ 1000~1500 ᠲᠠᠭᠢᠨ ᠤ ᠰᠢᠩᠭᠡᠨ᠂ 10% ᠶᠢᠨ ᠯᠢᠶᠠᠨ ᠪᠧᠨ ᠵᠢᠤᠢ ᡁᠢ ︵联苯菊酯︶ ᠲᠤᠰᠤᠨ ᠡᠮ ᠤᠨ 2000 ᠲᠠᠭᠢᠨ ᠤ ᠰᠢᠩᠭᠡᠨ᠂ 2.5% ᠶᠢᠨ ᠳ᠋ᠢ ᠱᠠ ᠰᠧ  ︵敌杀死︶  ᠲᠤᠰᠤᠨ ᠡᠮ ᠤᠨ 2000 ᠲᠠᠭᠢᠨ ᠤ ᠰᠢᠩᠭᠡᠨ᠂ 20% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠤᠨ 2000 ᠲᠠᠭᠢᠨ ᠤ ᠰᠢᠩᠭᠡᠨ᠂ 2.5% ᠶᠢᠨ ᠭᠦᠩ ᠹᠦ᠋ ︵功夫︶ ᠲᠤᠰᠤᠨ ᠡᠮ ᠤᠨ 3000 ᠲᠠᠭᠢᠨ ᠤ ᠰᠢᠩᠭᠡᠨ᠂ ᠮᠢᠶᠧ ᠰᠤᠤ ᠯᠢ ︵灭扫利︶ ᠲᠤᠰᠤᠨ ᠡᠮ ᠤᠨ 2000~3000 ᠲᠠᠭᠢᠨ ᠤ ᠰᠢᠩᠭᠡᠨ ᠵᠡᠷᠭᠡ ᠶᠢ ᠰᠤᠩᠭᠤᠨ᠂ 7~10 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠤ᠂ ᠦᠷᠭᠦᠯᠵᠢᠯᠡᠨ 3 ᠤᠳᠠᠭ᠎ᠠ ᠰᠦᠷᠴᠢᠨ ᠰᠡᠷᠭᠡᠶᠢᠯᠡᠨ ᠵᠠᠰᠠᠵᠤ ᠪᠤᠯᠤᠨ᠎ᠠ᠃        10. ᠭᠦᠪᠤᠩ ᠤᠨ ᠬᠤᠨᠭ᠍ᠭᠤᠷᠴᠤᠭ ᠤᠨ ᠢᠳᠤᠭᠠᠨ ᠪᠤᠯᠤᠨ ᠭᠦᠭᠡ ᠨᠢᠳᠤᠳᠤ ᠢᠳᠤᠭᠠᠨ ᠤ ᠬᠦᠨᠦᠭᠡᠯ ᠢ ᠰᠡᠷᠭᠡᠶᠢᠯᠡᠨ ᠵᠠᠰᠠᠬᠤ      ᠭᠦᠪᠤᠩ ᠤᠨ ᠬᠤᠨᠭ᠍ᠭᠤᠷᠴᠤᠭ ᠤᠨ ᠢᠳᠤᠭᠠᠨ ᠪᠤᠯᠤᠨ ᠭᠦᠭᠡ ᠨᠢᠳᠤᠨ ᠢᠳᠤᠭᠠᠨ ᠤ ᠢᠳᠡᠰᠢ ᠨᠢ ᠴᠦᠮ ᠮᠠᠰᠢ ᠪᠤᠳᠤᠯᠢᠶᠠᠨ ᠲᠠᠢ ᠪᠠᠶᠢᠵᠤ᠂ ᠤᠷᠤᠩᠨᠠᠬᠤ ᠨᠢ ᠴᠤ ᠮᠠᠰᠢ ᠦᠷᠭᠡᠨ ᠪᠠᠶᠢᠳᠠᠭ᠃ ᠨᠤᠭᠤᠭ᠎ᠠ ᠶᠢᠨ ᠲᠠᠯ᠎ᠠ ᠪᠠᠷ ᠭᠤᠤᠯ ᠨᠢ ᠲᠦᠪᠡᠳ ᠬᠠᠰᠢ᠂ ᠯᠠᠵᠤᠤ᠂ ᠬᠠᠰᠢ᠂ ᠯᠠᠩᠭᠤᠸᠠ᠂ ᠪᠤᠷᠴᠠᠭ ᠤᠨ ᠲᠦᠷᠦᠯ᠂ ᠪᠦᠭᠡᠷᠡᠩᠭᠡᠢ ᠴᠠᠭᠠᠨ ᠨᠤᠭᠤᠭ᠎ᠠ᠂ ᠴᠠᠭᠠᠨ ᠨᠤᠭᠤᠭ᠎ᠠ ᠵᠡᠷᠭᠡ ᠶᠢ ᠭᠦᠨᠦᠭᠡᠵᠤ᠂ ᠭᠦᠪᠤᠩ ᠤᠨ ᠬᠤᠨᠭ᠍ᠭᠤᠷᠴᠤᠭ ᠤᠨ ᠢᠳᠤᠭᠠᠨ ᠨᠢ ᠲᠦᠪᠡᠳ ᠬᠠᠰᠢ ᠶᠢ ᠢᠳᠡᠭᠦ ᠲᠤᠷᠠᠳᠡᠢ ᠪᠠᠶᠢᠵᠤ᠂ ᠭᠦᠭᠡ ᠨᠢᠳᠤᠨ ᠢᠳᠤᠭᠠᠨ ᠨᠢ ᠯᠠᠵᠤᠤ ᠶᠢ ᠢᠳᠡᠭᠦ ᠲᠤᠷᠠᠳᠡᠢ ᠪᠠᠶᠢᠳᠠᠭ᠃ ᠭᠦᠪᠤᠩ ᠤᠨ ᠬᠤᠨᠭ᠍ᠭᠤᠷᠴᠤᠭ ᠤᠨ ᠢᠳᠤᠭᠠᠨ ᠪᠤᠯᠤᠨ ᠭᠦᠭᠡ ᠨᠢᠳᠤᠨ ᠢᠳᠤᠭᠠᠨ ᠨᠢ ᠴᠦᠮ ᠠᠪᠠᠭᠠᠯᠳᠠᠢ ᠠᠴᠠ ᠪᠠᠨ ᠡᠭᠢᠯᠡᠨ ᠴᠤᠮᠤᠷᠯᠢᠭ᠂ ᠴᠡᠴᠡᠭ᠂ ᠵᠢᠮᠢᠰ ᠢ ᠰᠡᠨᠳᠡᠶᠢᠯᠡᠨ ᠢᠳᠡᠭᠦ ᠪᠠᠷ ᠭᠤᠤᠯ ᠪᠤᠯᠭᠠᠨ᠂ ᠪᠠᠰᠠ ᠨᠢᠯᠬ᠎ᠠ ᠡᠰᠢ᠂ ᠨᠠᠪᠴᠢ᠂ ᠨᠠᠭᠢᠶ᠎ᠠ ᠶᠢ ᠭᠦᠨᠦᠭᠡᠵᠤ᠂ ᠴᠤᠮᠤᠷᠯᠢᠭ᠂ ᠴᠡᠴᠡᠭ ᠢ ᠶᠡᠭᠡ ᠪᠠᠷ ᠵᠤᠯᠭᠠᠷᠠᠭᠤᠯᠳᠠᠭ᠃ ᠠᠪᠠᠭᠠᠯᠳᠠᠢ ᠨᠢ ᠵᠢᠮᠢᠰ ᠤᠨ ᠲᠤᠳᠤᠷ᠎ᠠ ᠨᠦᠭᠡᠯᠡᠨ ᠤᠷᠤᠵᠤ ᠢᠳᠡᠭᠡᠳ᠂ ᠵᠢᠮᠢᠰ ᠢ ᠢᠯᠵᠡᠷᠡᠭᠤᠯᠳᠠᠭ ᠪᠦᠭᠡᠳ ᠶᠡᠭᠡ ᠪᠠᠷ ᠤᠨᠠᠭᠤᠯᠳᠠᠭ᠂ ᠶᠡᠭᠡ ᠪᠠᠷ ᠡᠭᠦᠰᠦᠭᠰᠡᠨ ᠵᠢᠯ ᠳᠤ ᠵᠢᠮᠢᠰ ᠢ ᠰᠡᠡᠳᠡᠶᠢᠯᠡᠭᠦ ᠨᠤᠷᠮ᠎ᠠ ᠨᠢ 30%~50% ᠳᠤ ᠭᠦᠷᠳᠡᠭ ᠪᠠᠶᠢᠨ᠎ᠠ᠃ ᠤᠶᠢᠷ᠎ᠠ ᠶᠢᠨ ᠭᠡᠳᠦᠨ ᠵᠢᠯ ᠳᠤ ᠭᠦᠪᠤᠩ ᠤᠨ ᠤᠷᠤᠨ ᠳᠤ ᠢᠳᠤᠭᠠᠨ ᠶᠡᠭᠡ ᠪᠠᠷ ᠡᠭᠦᠰᠦᠨ ᠭᠦᠨᠦᠭᠡᠯ ᠪᠤᠯᠤᠠᠠᠰᠠᠨ ᠪᠦᠭᠡᠳ ᠨᠤᠭᠤᠭ᠎ᠠ ᠶᠢᠨ ᠢᠳᠤᠭᠠᠨ ᠤ ᠭᠦᠨᠦᠭᠡᠯ ᠨᠢ ᠨᠡᠩ ᠭᠦᠨᠳᠤ ᠨᠤᠴᠢᠳᠡᠢ ᠪᠤᠯᠵᠤ᠂ ᠬᠤᠷᠢᠶᠠᠯᠳᠠ ᠶᠢ ᠶᠡᠭᠡ ᠪᠠᠷ ᠬᠠᠰᠤᠠᠠᠳᠠᠭᠤᠯᠤᠨ᠂ ᠶᠠᠰᠤ ᠴᠢᠨᠠᠷ ᠢ ᠨᠢ ᠪᠠᠭᠤᠷᠠᠭᠤᠯᠤᠠᠠᠰᠠᠨ ᠪᠠᠶᠢᠨ᠎ᠠ᠃       ᠭᠦᠪᠤᠩ ᠤᠨ ᠬᠤᠨᠭ᠍ᠭᠤᠷᠴᠤᠭ ᠤᠨ ᠢᠳᠤᠭᠠᠨ ᠪᠤᠯᠤᠨ ᠭᠦᠭᠡ ᠨᠢᠳᠤᠨ ᠢᠳᠤᠭᠠᠨ ᠢ ᠰᠡᠷᠭᠡᠶᠢᠯᠡᠨ ᠵᠠᠰᠠᠬᠤ᠄ ᠲᠤᠰ ᠢᠳᠤᠭᠠᠨ ᠢ ᠰᠡᠷᠭᠡᠶᠢᠯᠡᠨ ᠵᠠᠰᠬᠤ ᠳᠤ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ ᠶᠢ ᠴᠢᠩᠭᠠᠳᠬᠠᠵᠤ᠂ ᠪᠢᠤᠯᠤᠭᠢ᠂ ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ ᠶᠢ ᠲᠡᠯᠭᠡᠷᠡᠭᠦᠯᠵᠤ᠂ ᠭᠢᠮᠢ ᠶᠢᠨ ᠡᠮ ᠢ ᠵᠤᠭᠢᠰᠳᠡᠢ ᠭᠡᠷᠡᠭᠯᠡᠵᠤ᠂ ᠭᠦᠨᠦᠭᠡᠯᠳᠤ ᠬᠤᠷᠤᠬᠠᠢ ᠵᠢᠮᠢᠰ ᠢ ᠰᠡᠳᠡᠶᠢᠯᠡᠭᠦ ᠠᠴᠠ ᠡᠮᠦᠨ᠎ᠠ ᠤᠰᠠᠳᠬᠠᠨ᠎ᠠ᠃       ︵ 1︶ ᠲᠠᠷᠢᠶᠠᠯᠠᠩ ᠤᠨ ᠠᠷᠭ᠎ᠠ ᠪᠠᠷ ᠰᠠᠷᠭᠡᠶᠢᠯᠡᠨ ᠵᠠᠰᠠᠬᠤ ᠳᠤ᠄ ᠲᠠᠷᠢᠶᠠᠨ ᠭᠠᠵᠠᠷ ᠲᠠᠬᠢ ᠬᠠᠮᠢᠶᠠᠷᠤᠯᠳᠠ  ᠲᠠᠢ ᠤᠶᠠᠯᠳᠤᠭᠤᠯᠤᠨ᠂ ᠨᠢᠯᠬ᠎ᠠ ᠨᠠᠪᠴᠢ ᠮᠦᠴᠢᠷ ᠲᠡᠭᠡᠷᠡᠭᠢ ᠦᠨᠳᠡᠭᠡ ᠵᠢᠴᠢ ᠠᠪᠠᠭᠠᠯᠳᠠᠢ ᠶᠢ ᠬᠠᠮᠳᠤ ᠳᠤᠨᠢ ᠲᠠᠷᠢᠶᠠᠨ  ᠠᠴᠠ ᠭᠠᠳᠠᠨ᠎ᠠ ᠠᠪᠠᠴᠢᠨ ᠰᠢᠳᠠᠭᠠᠬᠤ ᠪᠤᠶᠤ ᠭᠦᠨ ᠪᠤᠯᠠᠨ᠎ᠠ᠃ ᠬᠤᠷᠢᠶᠠᠯᠳᠠ ᠠᠪᠬᠤ ᠲᠠᠢ ᠤᠶᠠᠯᠳᠤᠭᠤᠯᠤᠨ᠂ ᠬᠤᠷᠤᠬᠠᠢ ᠲᠠᠢ ᠵᠢᠮᠢᠰ ᠢ ᠲᠦᠪᠯᠡᠷᠡᠭᠦᠯᠦᠨ ᠰᠢᠢᠳᠪᠤᠷᠢᠯᠡᠵᠤ᠂ ᠲᠠᠷᠢᠶᠠᠨ ᠳᠠᠬᠢ ᠦᠨᠳᠡᠭᠡ ᠪᠤᠯᠤᠨ ᠠᠪᠠᠭᠠᠯᠳᠠᠢ ᠶᠢ ᠨᠢ  ᠴᠦᠭᠡᠷᠡᠭᠦᠯᠦᠨ᠎ᠠ᠃ ᠬᠤᠷᠢᠶᠠᠯᠳᠠ ᠠᠪᠤᠠᠠᠰᠠᠨ ᠤ ᠰᠡᠭᠦᠯᠡᠷ ᠭᠠᠵᠠᠷ ᠢᠶᠠᠨ ᠭᠦᠨ ᠤᠷᠪᠠᠭᠤᠯᠵᠤ᠂ ᠭᠦᠷᠦᠰᠤᠨ ᠳᠠᠬᠢ ᠭᠡᠤᠭᠡᠯᠳᠡᠢ ᠶᠢᠨ ᠡᠭᠦᠷ ᠢ ᠡᠪᠳᠡᠵᠤ᠂ ᠭᠡᠤᠭᠡᠯᠳᠡᠢ ᠶᠢᠨ ᠦᠭᠦᠯ ᠤᠨ ᠨᠤᠷᠮ᠎ᠠ ᠶᠢ ᠨᠡᠮᠡᠭᠳᠡᠭᠦᠯᠦᠨ᠎ᠠ᠃       ︵2︶ ᠪᠢᠤᠯᠤᠭᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠦᠨᠳᠡᠭᠡᠯᠡᠭᠦ ᠭᠦᠭ ᠦᠶ᠎ᠠ ᠠᠴᠠ ᠬᠤᠶᠢᠰᠢ 3~4 ᠬᠤᠨᠤᠭ ᠪᠤᠶᠤ 6~8 ᠬᠤᠨᠤᠭ ᠲᠤ ᠰᠤ᠋ ᠶᠦᠨ ᠶᠢᠨ ︵苏云金︶ ᠰᠠᠪᠬᠠᠨ ᠪᠠᠺᠲ᠋ᠧᠷᠢᠳᠤ ᠡᠮ ᠢ ᠦᠷᠭᠦᠯᠵᠢᠯᠡᠨ 2 ᠤᠳᠠᠭ᠎ᠠ ᠰᠦᠷᠴᠢᠵᠤ᠂ ᠠᠪᠠᠭᠠᠯᠳᠠᠢ ᠳᠤ ᠭᠡᠮ ᠬᠠᠯᠳᠠᠭᠠᠨ ᠦᠭᠦᠭᠦᠯᠦᠨ᠎ᠠ᠃ ᠭᠦᠪᠤᠩ ᠤᠨ ᠢᠳᠤᠭᠠᠨ ᠤ ᠦᠨᠳᠡᠭᠡᠯᠡᠭᠦ ᠡᠭᠢᠨ᠂ ᠭᠦᠭ ᠪᠠ ᠰᠡᠭᠦᠯᠴᠢ ᠶᠢᠨ ᠦᠶ᠎ᠠ ᠳᠤ ᠲᠡᠭᠦᠨ ᠤ ᠲᠦᠷᠦᠯᠭᠢ ᠶᠢᠨ ᠲᠠᠶᠢᠰᠤᠨ ᠤᠯᠠᠭᠠᠨ ᠨᠢᠳᠤᠳᠤ ᠵᠦᠭᠡᠢ ᠶᠢ ᠲᠠᠯᠪᠢᠨ ᠪᠠᠷᠢᠭᠤᠯᠤᠨ᠎ᠠ᠃       ︵3︶ ᠪᠡᠶᠡᠯᠡᠭᠰᠡᠨ ᠬᠤᠷᠤᠬᠠᠢ ᠶᠢ ᠠᠷᠭᠠᠳᠠᠨ ᠠᠯᠠᠬᠤ᠄ ᠬᠠᠷ᠎ᠠ ᠭᠡᠷᠡᠯ ᠤᠨ ᠳ᠋ᠧᠩ ᠢᠶᠠᠷ ᠪᠡᠶᠡᠯᠡᠭᠰᠡᠨ ᠬᠤᠷᠤᠬᠠᠢ ᠶᠢ ᠬᠠᠭᠤᠷᠤᠨ ᠠᠯᠠᠬᠤ ᠪᠠ ᠪᠠᠰᠠ ᠤᠯᠢᠶᠠᠰᠤ ᠶᠢᠨ ᠰᠠᠯᠠᠭ᠎ᠠ ᠪᠠᠷ ᠪᠡᠶᠡᠯᠡᠭᠰᠡᠨ ᠬᠤᠷᠤᠬᠠᠢ ᠶᠢ ᠦᠳᠦᠭᠡᠨ ᠴᠤᠠᠠᠯᠠᠭᠤᠯᠵᠤ ᠤᠰᠠᠳᠬᠠᠨ᠎ᠠ᠃       ︵4︶ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠵᠠᠩᠭᠢᠯᠠᠭ᠎ᠠ ᠨᠢ ᠦᠨᠳᠡᠭᠡ ᠨᠠᠪᠴᠢᠭᠦ ᠭᠦᠭ ᠦᠶ᠎ᠠ ᠪᠠ ᠠᠪᠠᠭᠠᠯᠳᠠᠢ 2 ᠨᠠᠰᠤᠯᠠᠬᠤ ᠤᠷᠭᠢᠯ ᠤᠨ ᠦᠶ᠎ᠠ ᠶᠢ ᠴᠢᠩᠭ᠎ᠠ ᠡᠵᠡᠮᠰᠢᠨ᠎ᠠ᠃       ᠲᠤᠬᠠᠶᠢᠯᠠᠪᠠᠯ ᠠᠪᠠᠭᠠᠯᠳᠠᠢ ᠶᠢ ᠵᠢᠮᠢᠰ ᠢ ᠰᠡᠨᠳᠡᠶᠢᠯᠭᠦ ᠠᠴᠠ ᠡᠮᠦᠨ᠎ᠠ ᠲᠤᠭᠢᠳᠡᠢ ᠦᠶ᠎ᠠ ᠳᠤᠨᠢ ᠡᠮ ᠢᠶᠠᠷ ᠤᠰᠠᠳᠬᠠᠨ᠎ᠠ᠃ ᠲᠤᠷᠰᠢᠯᠭ᠎ᠠ ᠶᠢ ᠦᠨᠳᠦᠰᠦᠯᠡᠪᠡᠯ ᠪᠡᠶᠡᠯᠡᠭᠰᠡᠨ ᠬᠤᠷᠤᠬᠠᠢ ᠶᠢᠨ ᠭᠦᠭ ᠬᠤᠭᠤᠴᠠᠭᠠᠨ ᠠᠴᠠ ᠬᠤᠶᠢᠰᠢ 2~3 ᠡᠳᠤᠷ ᠲᠤ ᠲᠠᠷᠢᠶᠠᠨ ᠳᠠᠬᠢ ᠦᠨᠳᠡᠭᠡ ᠶᠢ ᠪᠠᠶᠢᠴᠠᠭᠠᠵᠤ᠂ ᠬᠠᠭᠠᠰ ᠲᠤᠭᠠᠨ ᠤ ᠦᠨᠳᠡᠭᠡ ᠨᠢ ᠨᠢᠭᠡᠨᠳᠡ ᠬᠠᠷ᠎ᠠ ᠰᠠᠷᠠᠯ ᠦᠡᠭᠭᠡ ᠲᠠᠢ ᠪᠤᠯᠵᠤ ᠨᠡᠪᠴᠢᠭᠦ ᠭᠡᠵᠤ ᠪᠠᠶᠢᠭ᠎ᠠ ᠦᠶ᠎ᠠ ᠳᠤᠨᠢ ᠡᠮ ᠰᠦᠷᠴᠢᠪᠡᠯ ᠮᠠᠰᠢ ᠰᠠᠶᠢᠨ ᠦᠷ᠎ᠡ ᠪᠦᠳᠦᠮᠵᠢ ᠤᠯᠤᠨ᠎ᠠ᠃ ᠡᠮ ᠰᠦᠷᠴᠢᠭᠦ ᠳᠡᠭᠡᠨ 80% ᠶᠢᠨ ᠳ᠋ᠢ ᠳ᠋ᠢ ᠸᠧᠢ ︵敌敌畏︶ ᠲᠤᠰᠤᠨ ᠡᠮ᠂ 90% ᠶᠢᠨ ᠲᠠᠯᠠᠰᠳᠤ ᠳ᠋ᠢ ᠪᠠᠢ ᠴᠦᠩ ︵晶体敌百虫︶ ᠡᠮ 50% ᠶᠢᠨ ᠰᠢᠨ ᠯᠢᠤ ᠯᠢᠨ ︵辛硫磷︶ ᠲᠤᠰᠤᠨ ᠡᠮ᠂ 50% ᠶᠢᠨ ᠮᠡ ᠯᠡ ᠰᠦᠩ ︵马拉松︶ ᠲᠤᠰᠤᠨ ᠡᠮ ᠤᠨ 1000 ᠲᠠᠭᠢᠨ ᠤ ᠰᠢᠩᠭᠡᠨ ᠂ 40% ᠶᠢᠨ ᠵᠢᠤᠢ ᠮᠠ ︵菊马︶ ᠲᠤᠰᠤᠨ ᠡᠮ ᠤᠨ 2000~3000 ᠲᠠᠭᠢᠨ ᠤ ᠰᠢᠩᠭᠡᠨ᠂ 2.5% ᠶᠢᠨ ᠳ᠋ᠢ ᠱᠠ ᠰᠧ ︵敌杀死︶ ᠡᠮ᠂  2.5% ᠶᠢᠨ ᠯᠢᠶᠠᠨ ᠪᠧᠨ ᠵᠢᠤᠢ ᡁᠢ ︵联苯菊酯︶ ᠲᠤᠰᠤᠨ ᠡᠮ᠂ 20% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ 2.5% ᠶᠢᠨ ᠭᠦᠩ ᠹᠦ᠋ ︵功夫︶ ᠲᠤᠰᠤᠨ ᠡᠮ ᠤᠨ 2000~4000 ᠲᠠᠭᠢᠨ ᠤ ᠰᠢᠩᠭᠡᠨ᠂ 10% ᠶᠢᠨ ᠯᠤ᠋ ᠴᠢᠩ ᠵᠢᠤᠢ ᡁᠢ ︵氯氰菊酯︶ ᠲᠤᠰᠤᠨ ᠡᠮ ᠤᠨ 2500~3000 ᠲᠠᠭᠢᠨ ᠤ ᠰᠢᠩᠭᠡᠨ ᠢ ᠰᠤᠩᠭᠤᠨ ᠰᠦᠷᠴᠢᠵᠤ᠂ ᠰᠡᠷᠭᠡᠶᠢᠯᠡᠨ ᠵᠠᠰᠠᠵᠤ ᠪᠤᠯᠤᠨ᠎ᠠ᠃       11. ᠪᠦᠭᠡᠷᠡᠩᠭᠡᠢ ᠴᠠᠭᠠᠨ ᠨᠤᠭᠤᠭᠠᠨ ᠤ ᠢᠳᠤᠭᠠᠨ ᠤ ᠬᠦᠨᠦᠭᠡᠯ ᠢ ᠰᠡᠷᠭᠡᠶᠢᠯᠡᠨ ᠵᠠᠰᠠᠬᠤ       ᠲᠤᠰ ᠢᠳᠤᠭᠠᠨ ᠤ ᠢᠳᠡᠰᠢ ᠨᠢ ᠮᠠᠰᠢ ᠤᠯᠠᠨ ᠪᠠᠶᠢᠵᠤ᠂ ᠤᠯᠵᠤ ᠮᠡᠳᠡᠭᠰᠡᠨ ᠢᠶᠠᠷ ᠪᠤᠯ 45 ᠢᠵᠠᠭᠤᠷ ᠤᠨ 100 ᠭᠠᠷᠤᠢ ᠲᠦᠷᠦᠯ ᠳᠤ ᠤᠷᠤᠩᠨᠠᠵᠤ᠂ ᠨᠤᠭᠤᠭ᠎ᠠ ᠶᠢᠨ ᠲᠠᠯ᠎ᠠ ᠪᠠᠷ ᠭᠤᠤᠯ ᠨᠢ ᠪᠦᠭᠡᠷᠡᠩᠭᠡᠢ ᠴᠠᠭᠠᠨ ᠨᠤᠭᠤᠭ᠎ᠠ᠂ ᠴᠠᠴᠡᠭᠳᠤ ᠴᠠᠭᠠᠨ ᠨᠤᠭᠤᠭ᠎ᠠ᠂ ᠯᠤᠤᠪᠠᠩ᠂ ᠲᠤᠰᠤᠳᠤ ᠨᠤᠭᠤᠭ᠎ᠠ᠂ ᠬᠠᠰᠢ ᠶᠢᠨ ᠲᠦᠷᠦᠯ᠂ ᠪᠤᠷᠴᠠᠭ ᠤᠨ ᠲᠦᠷᠦᠯ᠂ ᠭᠤᠸᠠ ᠶᠢᠨ ᠲᠦᠷᠦᠯ᠂ ᠲᠦᠮᠦᠰᠤ ᠵᠡᠷᠭᠡ ᠶᠢ ᠢᠳᠡᠳᠡᠭ ᠪᠠᠶᠢᠨ᠎ᠠ᠃ ᠰᠠᠶ᠋ᠢ ᠨᠠᠪᠴᠢᠭ᠍ᠰᠡᠨ ᠠᠪᠠᠭᠠᠯᠳᠠᠢ ᠨᠢ ᠨᠠᠪᠴᠢᠨ ᠤ ᠠᠷᠤ ᠲᠠᠯ᠎ᠠ ᠳᠤ ᠰᠦᠷᠦᠭᠯᠡᠨ ᠴᠤᠠᠠᠯᠠᠵᠤ᠂ ᠨᠠᠪᠴᠢᠨ ᠤ ᠮᠢᠬ᠎ᠠ ᠶᠢ ᠮᠠᠷᠠᠨ ᠢᠳᠡᠵᠤ᠂ ᠬᠠᠯᠢᠰᠤ ᠶᠢ ᠨᠢ ᠦᠯᠡᠳᠡᠭᠡᠳᠡᠭ ᠪᠠᠶᠢᠨ᠎ᠠ᠃ 2~3 ᠨᠠᠰᠤᠯᠠᠪᠠᠯ ᠲᠠᠷᠬᠠᠨ ᠰᠠᠯᠵᠤ᠂ ᠨᠠᠪᠴᠢ ᠶᠢ ᠨᠦᠭᠡᠯᠡᠨ ᠢᠳᠡᠳᠡᠭ ᠪᠠ 4 ᠨᠠᠰᠤᠯᠬᠠᠰᠠᠨ ᠠᠴᠠ ᠬᠤᠶᠢᠰᠢ ᠰᠦᠨᠢ ᠳᠡᠭᠡᠨ ᠭᠠᠷᠴᠤ ᠢᠷᠡᠨ ᠴᠠᠳᠳᠠᠯ᠎ᠠ ᠪᠠᠨ ᠢᠳᠡᠵᠤ᠂ ᠨᠠᠪᠴᠢᠨ ᠤ ᠰᠤᠳᠠᠯ ᠪᠠᠷᠢᠭᠤᠯ ᠢ ᠯᠡ ᠦᠯᠡᠳᠡᠬᠡᠵᠤ᠂ ᠭᠦᠭᠰᠢᠨ ᠪᠡᠶᠡᠯᠡᠭᠰᠡᠨ ᠬᠤᠷᠤᠬᠠᠢ ᠨᠢ ᠲᠠᠷᠢᠮᠡᠯ ᠢ ᠭᠦᠯᠶᠢᠳᠡᠯ᠎ᠠ ᠢᠳᠡᠳᠡᠭ ᠪᠦᠭᠡᠳ ᠵᠡᠷᠭᠡᠯᠡᠳᠡᠭᠡ ᠲᠠᠷᠢᠶᠠᠨ ᠵᠦᠭ ᠪᠦᠯᠦᠭᠯᠡᠨ ᠨᠡᠭᠦᠵᠤ ᠭᠦᠨᠦᠭᠡᠳᠡᠭ ᠪᠠᠶᠢᠨ᠎ᠠ᠃ ᠲᠤᠮᠤ ᠪᠡᠶᠡᠯᠡᠭᠰᠡᠨ ᠬᠤᠷᠤᠬᠠᠢ ᠨᠢ ᠨᠠᠪᠴᠢᠨ ᠤ ᠪᠦᠮᠪᠦᠭᠡ ᠪᠤᠶᠤ ᠨᠤᠭᠤᠭ᠎ᠠ ᠶᠢᠨ ᠭᠤᠤᠯ ᠳᠤ ᠨᠦᠭᠡᠯᠡᠨ ᠤᠷᠤᠵᠤ᠂ ᠢᠯᠭᠠᠳᠠᠰᠤ ᠪᠠᠨ ᠭᠡᠭᠡᠵᠤ᠂ ᠢᠯᠵᠠᠷᠠᠬᠤ ᠭᠡᠮ ᠢ ᠡᠭᠦᠰᠭᠡᠨ᠂ ᠨᠤᠭᠤᠭ᠎ᠠ ᠶᠢᠨ ᠲᠠᠸᠠᠷ ᠤᠨ ᠦᠨ᠎ᠠ ᠦᠷᠳᠡᠭ ᠢ ᠨᠢ ᠠᠯᠳᠠᠭᠤᠯᠳᠠᠭ᠃ ᠠᠪᠠᠭᠠᠯᠳᠠᠢ ᠨᠢ ᠪᠠᠰᠠ ᠸᠠᠨᠳ᠋ᠸᠤ ᠶᠢᠨ ᠲᠡᠭᠡᠷ᠎ᠡ ᠠᠴᠠ ᠢᠳᠡᠰᠢ ᠡᠷᠢᠵᠤ᠂ ᠨᠠᠪᠴᠢ᠂ ᠴᠡᠴᠡᠭ᠂ ᠨᠢᠯᠬ᠎ᠠ ᠦᠵᠦᠭᠦᠷ ᠪᠤᠯᠤᠨ ᠨᠢᠯᠬ᠎ᠠ ᠪᠤᠭᠤᠷᠴᠠᠭ ᠢ ᠢᠳᠡᠳᠡᠭ ᠪᠠᠶᠢᠨ᠎ᠠ᠃       ᠪᠦᠭᠡᠷᠡᠩᠭᠡᠢ ᠴᠠᠭᠠᠨ ᠨᠤᠭᠤᠭ᠎ᠠ ᠶᠢᠨ ᠢᠳᠤᠭᠠᠨ ᠢ ᠰᠡᠷᠭᠡᠶᠢᠯᠡᠨ ᠵᠠᠰᠠᠬᠤ᠄       ︵1︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠨ᠎ᠠ᠃ ᠬᠤᠷᠢᠶᠠᠯᠳᠠ ᠠᠪᠤᠠᠠᠰᠠᠨ ᠤ ᠪᠠᠨ ᠰᠡᠭᠦᠯᠡᠷ ᠨᠤᠭᠤᠭ᠎ᠠ ᠶᠢᠨ ᠲᠠᠷᠢᠶ᠎ᠠ ᠪᠠᠨ ᠨᠠᠮᠤᠷ ᠪᠤᠶᠤ ᠡᠪᠤᠯ ᠬᠠᠭᠠᠯᠪᠤᠷᠢᠯᠠᠨ ᠭᠦᠨ ᠤᠷᠪᠡᠭᠤᠯᠵᠤ᠂ ᠰᠤᠯᠠ ᠡᠪᠡᠰᠤ ᠶᠢ ᠨᠢ ᠴᠡᠪᠡᠷᠯᠡᠨ ᠠᠷᠢᠯᠭᠠᠪᠠᠯ᠂ ᠨᠢᠭᠡ ᠪᠦᠯᠦᠭ ᠡᠪᠤᠯᠵᠢᠭᠦ ᠭᠡᠤᠭᠡᠯᠳᠡᠢ ᠶᠢ ᠤᠰᠠᠳᠬᠠᠵᠤ ᠪᠤᠯᠤᠨ᠎ᠠ᠃ ᠲᠠᠭᠢᠪᠡᠯ ᠲᠠᠷᠢᠶᠠᠨ ᠠᠵᠢᠯ ᠲᠠᠢ ᠪᠠᠨ ᠤᠶᠠᠯᠳᠤᠭᠤᠯᠤᠨ᠂ ᠦᠨᠳᠡᠭᠡᠨ ᠪᠦᠭᠡᠮ ᠢ ᠲᠠᠷᠦ᠋ᠢᠬᠠᠨ ᠠᠷᠢᠯᠭᠠᠬᠤ ᠪᠠ ᠰᠠᠶ᠋ᠢ ᠨᠡᠪᠴᠢᠭᠰᠡᠨ ᠠᠪᠠᠭᠠᠯᠳᠠᠢ ᠨᠢ ᠨᠠᠪᠴᠢᠨ ᠲᠡᠭᠡᠷ᠎ᠡ ᠴᠤᠠᠠᠯᠠᠷᠠᠬᠤ ᠦᠶᠡᠰ ᠲᠦᠪᠯᠡᠷᠡᠭᠦᠯᠦᠨ ᠤᠰᠠᠳᠬᠠᠨ᠎ᠠ᠃        ︵2︶ ᠪᠡᠶᠡᠯᠡᠭᠰᠡᠨ ᠢᠳᠤᠭᠠᠨ ᠢ ᠬᠠᠭᠤᠷᠤᠨ ᠤᠰᠠᠳᠬᠠᠨ᠎ᠠ᠃ ᠪᠡᠶᠡᠯᠡᠭᠰᠡᠨ ᠬᠤᠷᠤᠬᠠᠢ ᠶᠢᠨ ᠭᠡᠷᠡᠯᠰᠡᠭ ᠴᠢᠨᠠᠷ ᠢ ᠠᠰᠢᠯᠠᠠᠨ᠂ ᠨᠡᠪᠴᠢᠭᠦ ᠬᠤᠭᠤᠴᠠᠭᠠᠨ ᠳᠤᠨᠢ ᠬᠠᠷ᠎ᠠ ᠭᠡᠷᠡᠯ ᠤᠨ ᠳ᠋ᠧᠩ ᠡᠯᠭᠦᠭᠦ ᠪᠤᠶᠤ ᠰᠢᠭᠢᠷᠳᠦ ᠼᠤᠤ ᠶᠢᠨ ᠰᠠᠪᠠ ᠲᠠᠯᠪᠢᠵᠤ᠂ ᠲᠤᠬᠠᠶᠢᠯᠠᠪᠠᠯ ᠬᠠᠭᠤᠷᠬᠤ ᠰᠢᠩᠭᠡᠨ ᠳᠤ ᠰᠢᠭᠢᠷᠳᠦ᠂ ᠼᠤᠤ᠂ ᠠᠷᠢᠭᠢ᠂ ᠤᠰᠤ ᠶᠢ 10᠄ 1᠄ 1᠄ 8 ᠶᠢᠨ ᠬᠠᠷᠢᠴᠠᠯ ᠢᠶᠠᠷ ᠨᠠᠶᠢᠷᠠᠭᠤᠯᠤᠨ ᠲᠠᠯᠪᠢᠵᠤ ᠤᠰᠠᠳᠬᠠᠨ᠎ᠠ᠃       ︵3︶ ᠪᠢᠤᠯᠤᠭᠢ ᠶᠢᠨ ᠠᠷᠭ᠎ᠠ ᠪᠠᠷ ᠰᠠᠷᠭᠡᠶᠢᠯᠡᠨ ᠵᠠᠰᠠᠨ᠎ᠠ᠃ ① ᠠᠪᠠᠭᠠᠯᠳᠡᠢ ᠨᠢ ᠭᠤᠷᠪᠡ ᠨᠠᠰᠤᠯᠠᠬᠤ ᠠᠴᠠ ᠡᠮᠦᠨ᠎ᠠ ᠪᠠᠺᠲ᠋ᠧᠷᠢᠳᠤ ᠬᠤᠷᠤᠬᠠᠢ ᠤᠰᠠᠳᠬᠠᠬᠤ ᠡᠮ ᠪᠤᠯᠬᠤ ᠰᠤ᠋ ᠶᠦᠨ ᠶᠢᠨ ︵苏云金︶ ᠰᠠᠪᠬᠠᠨ ᠪᠠᠺᠲ᠋ᠧᠷᠢ ᠶᠢ ᠭᠡᠷᠡᠭᠯᠡᠨ ᠤᠰᠠᠳᠬᠠᠨ᠎ᠠ᠃ ② ᠦᠨᠳᠡᠭᠡᠯᠡᠭᠦ ᠬᠤᠭᠤᠴᠠᠭᠠᠨ ᠳᠤᠨᠢ ᠲᠦᠷᠦᠯᠭᠢ ᠶᠢᠨ ᠲᠠᠶᠢᠰᠤᠨ ᠤᠯᠠᠭᠠᠨ ᠨᠢᠳᠤᠳᠤ ᠵᠦᠭᠡᠢ ᠲᠠᠯᠪᠢᠨ ᠪᠠᠷᠢᠭᠤᠯᠤᠨ᠎ᠠ᠃ ᠵᠦᠭᠡᠢ ᠲᠠᠯᠪᠢᠬᠤ ᠳᠠᠭᠠᠨ 667 ᠲᠠᠯᠠᠪᠠᠢ ᠪᠦᠷᠢ 6~8 ᠴᠡᠭ ᠭᠠᠷᠭᠠᠵᠤ᠂ ᠴᠡᠭ ᠪᠦᠷᠢ ᠤᠳᠠᠭ᠎ᠠ ᠪᠤᠯᠭᠠᠨ 2000~3000 ᠵᠦᠭᠡᠢ ᠲᠠᠯᠪᠢᠵᠤ᠂ ᠦᠷᠭᠦᠯᠵᠢᠯᠡᠨ 2~3 ᠤᠳᠠᠭ᠎ᠠ ᠲᠠᠯᠪᠢᠨ ᠪᠠᠷᠢᠭᠤᠯᠤᠨ᠎ᠠ᠃       ︵4︶ ᠡᠮ ᠢᠶᠠᠷ ᠰᠡᠷᠭᠡᠶᠢᠯᠡᠨ ᠵᠠᠰᠠᠨ᠎ᠠ᠃ ᠠᠪᠠᠭᠠᠯᠳᠠᠢ ᠨᠢ ᠭᠤᠷᠪᠡ ᠨᠠᠰᠤᠯᠠᠬᠤ ᠠᠴᠠ ᠡᠮᠦᠨ᠎ᠠ ᠨᠡᠯᠢᠶᠡᠳ ᠲᠦᠪᠯᠡᠷᠡᠩᠭᠦᠢ᠂ ᠢᠳᠡᠭᠦ ᠨᠢ ᠪᠠᠭ᠎ᠠ᠂ ᠡᠮ ᠢ ᠲᠡᠰᠪᠤᠷᠢᠯᠡᠭᠦ ᠨᠢ ᠪᠠᠷᠤᠠᠠᠳᠠᠢ ᠪᠠᠶᠢᠳᠠᠭ ᠠᠰᠢᠠᠠᠳᠠᠢ ᠲᠤᠭᠢᠶᠠᠯ ᠢ ᠡᠵᠡᠮᠳᠡᠵᠤ ᠂ ᠭᠢᠮᠢ ᠶᠢᠨ ᠡᠮ ᠢᠶᠠᠷ ᠤᠰᠠᠳᠬᠠᠨ᠎ᠠ᠃ ᠪᠠᠶᠢᠡᠭᠭᠤ ᠭᠡᠷᠡᠭᠯᠡᠭᠦ ᠡᠮ ᠪᠤᠯᠤᠨ ᠭᠡᠷᠡᠭᠯᠡᠭᠦ ᠭᠡᠮᠵᠢᠶ᠎ᠠ ᠶᠢ ᠪᠤᠯ ᠨᠤᠭᠤᠭ᠎ᠠ ᠶᠢᠨ ᠢᠳᠤᠭᠠᠨ ᠳᠤ ᠭᠡᠷᠡᠭᠯᠡᠭᠦ ᠲᠠᠢ ᠠᠳᠠᠯᠢ ᠭᠡᠷᠡᠭᠯᠡᠨ᠎ᠡ᠃        12. ᠠᠮᠧᠷᠢᠺᠠ ᠲᠤᠯᠪᠤᠳᠤ ᠢᠯᠠᠭ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠠᠮᠧᠷᠢᠺᠠ ᠲᠤᠯᠪᠤᠳᠤ ᠢᠯᠠᠭ᠎ᠠ ᠪᠤᠯ ᠭᠤᠤᠯ ᠨᠢ ᠰᠢᠬᠤᠯᠤ᠂ ᠦᠷᠭᠡᠰᠤᠳᠤ ᠭᠡᠮᠭᠡ᠂ ᠠᠮᠳᠠᠳᠤ ᠭᠡᠮᠭᠡ᠂ ᠳ᠋ᠦᠡᠭᠭᠤᠸᠠ᠂ ᠲᠠᠷᠪᠤᠰ᠂ ᠠᠯᠳᠠᠨ ᠮᠠᠠᠵᠢᠯᠭᠠᠨ᠂ ᠬᠤᠯᠤ᠂ ᠦᠰᠤᠳᠤ ᠬᠤᠯᠤ᠂ ᠬᠠᠰᠢ᠂ ᠲᠦᠪᠡᠳ ᠬᠠᠰᠢ᠂ ᠭᠦᠭᠡ ᠯᠠᠵᠤᠤ᠂ ᠲᠦᠮᠦᠰᠤ᠂ ᠱᠤᠰᠢ᠂ ᠼᠠᠠᠳ᠋ᠸᠤ᠂ ᠸᠠᠨᠳ᠋ᠸᠤ᠂ ᠬᠠᠪᠳᠠᠭᠠᠢ ᠪᠤᠷᠴᠠᠭ᠂ ᠤᠷᠳᠤ ᠪᠤᠷᠴᠠᠭ᠂ ᠯᠤᠤᠪᠠᠩ᠂ ᠭᠦᠭᠡ ᠨᠤᠭᠤᠭ᠎ᠠ᠂ ᠲᠤᠰᠤᠳᠤ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ ᠭᠡᠴᠢ᠂ ᠮᠠᠠᠵᠢᠨ᠂ ᠰᠢᠯᠦᠭᠡᠢ ᠨᠤᠭᠤᠭ᠎ᠠ ᠵᠢᠴᠢ ᠵᠠᠷᠢᠮ ᠬᠤᠸᠠᠷ ᠴᠡᠴᠡᠭ᠂ ᠵᠡᠷᠯᠢᠭ ᠤᠷᠭᠤᠮᠠᠯ ᠵᠡᠷᠭᠡ 120 ᠭᠠᠷᠤᠢ ᠲᠦᠷᠦᠯ ᠤᠨ ᠤᠷᠭᠤᠮᠠᠯ ᠲᠡᠭᠡᠷ᠎ᠡ ᠤᠷᠤᠩᠨᠠᠵᠤ᠂ ᠤᠷᠤᠩᠨᠠᠯ ᠤᠨ ᠭᠡᠪᠴᠢᠶ᠎ᠠ ᠨᠢ ᠪᠠᠰᠠ ᠦᠷᠭᠡᠵᠢᠭᠦ ᠲᠦᠯᠦᠪ ᠲᠠᠢ ᠪᠠᠶᠢᠨ᠎ᠠ᠃ ᠭᠦᠨᠳᠤ ᠨᠤᠴᠢᠳᠡᠢ ᠭᠦᠨᠦᠭᠡᠭᠳᠡᠭᠰᠡᠨ ᠪᠤᠷᠴᠠᠭ ᠤᠨ ᠲᠦᠷᠦᠯ᠂ ᠦᠷᠭᠡᠰᠤᠳᠤ ᠭᠡᠮᠭᠡ᠂ ᠲᠦᠪᠡᠳ ᠬᠠᠰᠢ᠂ ᠬᠠᠰᠢ ᠵᠡᠷᠭᠡ ᠶᠢᠨ ᠬᠤᠷᠤᠬᠠᠶᠢᠳᠤ ᠰᠠᠭᠤᠷᠢ ᠶᠢᠨ ᠨᠤᠷᠮ᠎ᠠ ᠨᠢ 100% ᠳᠤ ᠭᠦᠷᠴᠤ᠂ ᠨᠠᠪᠴᠢᠨ ᠤ ᠭᠦᠨᠦᠭᠡᠯ ᠨᠢ 70% ᠳᠤ ᠭᠦᠷᠴᠤ᠂ ᠬᠤᠷᠢᠶᠠᠯᠳᠠ ᠶᠢᠨ ᠬᠤᠭᠢᠷᠠᠯ ᠨᠢ ᠶᠠᠷᠦᠩᠭᠡᠢ ᠳᠡᠭᠡᠨ 10%~30% ᠳᠤ ᠭᠦᠷᠴᠤ᠂ ᠭᠦᠨᠳᠤ ᠨᠤᠴᠢᠳᠡᠢ ᠨᠢ 50% ᠠᠴᠠ ᠲᠡᠭᠡᠭᠰᠢ ᠬᠤᠷᠢᠶᠠᠯᠳᠠ ᠬᠠᠰᠤᠠᠠᠳᠠᠬᠤ ᠪᠤᠶᠤ ᠴᠢᠨ᠋ᠬᠠᠰᠢᠯᠠᠪᠠᠯ ᠬᠤᠷᠢᠶᠠᠯᠳᠠ ᠬᠤᠭᠤᠰᠤᠳᠠᠳᠠᠭ ᠪᠠᠶᠢᠨ᠎ᠠ᠃ ᠪᠡᠶᠡᠯᠡᠭᠰᠡᠨ ᠬᠤᠷᠤᠬᠠᠢ᠂ ᠠᠪᠠᠭᠠᠯᠳᠠᠢ ᠨᠢ ᠴᠦᠮ ᠭᠦᠨᠦᠭᠡᠯ ᠲᠠᠷᠢᠵᠤ᠂ ᠠᠪᠠᠭᠠᠯᠳᠠᠢ ᠪᠠᠷ ᠭᠤᠤᠯ ᠪᠤᠯᠭᠠᠳᠠᠭ᠃ ᠪᠡᠶᠡᠯᠡᠭᠰᠡᠨ ᠡᠮ᠎ᠡ ᠬᠤᠷᠤᠬᠠᠢ ᠨᠢ ᠨᠠᠪᠴᠢ ᠶᠢ ᠬᠠᠳᠬᠤᠨ ᠰᠢᠷᠬᠠᠳᠤᠭᠤᠯᠵᠤ᠂ ᠦᠨᠳᠡᠭᠡᠯᠡᠭᠦ ᠪᠠ ᠢᠳᠡᠳᠡᠭ᠃ ᠠᠪᠠᠭᠠᠯᠳᠠᠢ ᠨᠢ ᠨᠠᠪᠴᠢᠨ ᠳᠤ ᠨᠢᠭᠤᠠᠠᠳᠠᠨ ᠨᠠᠪᠴᠢ᠂ ᠪᠠᠷᠢᠭᠤᠯ ᠢ ᠰᠠᠡᠳᠠᠯᠤᠨ ᠢᠳᠡᠵᠤ᠂ ᠮᠤᠭᠠᠢ ᠶᠢᠨ ᠭᠡᠯᠪᠡᠷᠢ ᠲᠠᠢ ᠴᠠᠭᠠᠨ ᠦᠡᠭᠭᠡ ᠶᠢᠨ ᠵᠢᠷᠤᠮᠵᠢᠯ ᠦᠭᠡᠢ ᠵᠠᠮ ᠭᠠᠷᠭᠠᠵᠤ᠂ ᠰᠡᠭᠦᠯ ᠤᠨ ᠦᠵᠦᠭᠦᠷ ᠨᠢ ᠢᠯᠡᠳᠳᠡ ᠦᠷᠭᠡᠨ ᠪᠠᠶᠢᠳᠠᠭ᠃ ᠨᠠᠪᠴᠢ ᠶᠢ ᠰᠦᠷᠡᠭᠡᠢ ᠭᠦᠨᠦᠭᠡᠵᠤ᠂ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠠᠯᠳᠠᠭᠤᠯᠵᠤ᠂ ᠬᠠᠳᠠᠭᠠᠵᠤ ᠵᠤᠯᠭᠠᠷᠠᠭᠤᠯᠤᠭᠠᠳ᠂ ᠤᠷᠭᠤᠮᠠᠯ ᠤᠨ ᠤᠷᠭᠤᠯᠳᠠ ᠪᠤᠶᠢᠵᠢᠯᠳᠡ ᠶᠢ ᠨᠦᠯᠦᠭᠡᠯᠡᠵᠤ᠂ ᠡᠭᠦᠨ ᠤ ᠤᠯᠠᠮ ᠢᠶᠠᠷ ᠬᠤᠷᠢᠶᠠᠯᠳᠠ ᠶᠢ ᠬᠠᠰᠤᠠᠠᠳᠠᠭᠤᠯᠵᠤ᠂ ᠲᠠᠸᠠᠷ ᠤᠨ ᠦᠨ᠎ᠠ ᠦᠷᠳᠡᠭ ᠢ ᠪᠠᠭᠤᠷᠠᠭᠤᠯᠳᠠᠭ ᠪᠠᠶᠢᠨ᠎ᠠ᠃       ᠠᠮᠧᠷᠢᠺᠠ ᠲᠤᠯᠪᠤᠳᠤ ᠢᠯᠠᠭ᠎ᠠ ᠶᠢ ᠰᠡᠷᠭᠡᠶᠢᠯᠡᠨ ᠵᠠᠰᠠᠬᠤ ᠠᠷᠭ᠎ᠠ᠄       ︵1︶ ᠭᠢᠵᠢᠭ ᠤᠨ ᠪᠠᠶᠢᠴᠠᠭᠠᠯᠳᠠ ᠶᠢ ᠴᠢᠩᠭ᠎ᠠ ᠭᠢᠵᠤ᠂ ᠠᠮᠧᠷᠢᠺᠠ ᠲᠤᠯᠪᠤᠳᠤ ᠢᠯᠠᠭ᠎ᠠ ᠶᠢᠨ ᠦᠷᠭᠡᠵᠢᠨ ᠦᠷᠪᠢᠰᠭᠦ ᠶᠢ ᠰᠡᠷᠭᠡᠶᠢᠯᠡᠨ ᠬᠤᠷᠢᠠᠠᠯᠠᠵᠤ᠂ ᠤᠮᠠᠷᠠᠳᠤ ᠤᠷᠤᠨ ᠵᠦᠭ ᠨᠤᠭᠤᠭ᠎ᠠ᠂ ᠴᠡᠴᠡᠭ ᠵᠡᠷᠭᠡ ᠶᠢ ᠲᠡᠭᠡᠭᠡᠪᠤᠷᠢᠯᠡᠭᠦ  ᠳᠡᠭᠡᠨ ᠠᠪᠠᠭᠠᠯᠳᠠᠢ᠂ ᠦᠨᠳᠡᠭᠡ ᠪᠤᠶᠤ ᠭᠡᠤᠭᠡᠯᠳᠡᠢ ᠶᠢ ᠤᠯᠵᠤ ᠮᠡᠳᠡᠪᠡᠯ᠂ ᠲᠤᠬᠠᠢ ᠶᠢᠨ ᠭᠠᠵᠠᠷ ᠲᠤᠨᠢ ᠰᠢᠢᠳᠪᠤᠷᠢᠯᠡᠵᠤ ᠂ ᠡᠮᠦᠨᠡᠳᠤ ᠤᠷᠤᠨ ᠠᠴᠠ ᠤᠮᠠᠷᠠᠳᠤ ᠤᠷᠤᠨ ᠵᠦᠭ ᠦᠷᠭᠡᠵᠢᠨ ᠲᠠᠷᠬᠠᠬᠤ ᠶᠢ ᠰᠡᠷᠭᠡᠶᠢᠯᠡᠨ ᠬᠤᠷᠢᠠᠠᠯᠠᠵᠤ᠂ ᠭᠢᠵᠢᠭ ᠤᠨ ᠤᠷᠤᠨ ᠠᠴᠠ ᠨᠤᠭᠤᠭ᠎ᠠ ᠴᠠᠭ᠎ᠠ᠂ ᠬᠤᠸᠠᠷ ᠴᠡᠴᠡᠭ ᠲᠡᠭᠡᠭᠡᠪᠤᠷᠢᠯᠡᠭᠦ ᠶᠢ ᠡᠷᠡᠰ ᠴᠠᠭᠠᠵᠠᠯᠠᠬᠤ ᠭᠡᠷᠡᠭᠳᠡᠢ᠃        ︵2︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ᠄ ᠲᠠᠷᠢᠶᠠᠨ ᠭᠠᠵᠠᠷ ᠢᠶᠠᠨ ᠰᠠᠶᠢᠳᠤᠷ ᠴᠡᠪᠡᠷᠯᠡᠨ᠎ᠡ᠃ ᠬᠤᠷᠢᠶᠠᠯᠳᠠ ᠠᠪᠤᠠᠠᠰᠠᠨ ᠤ ᠪᠠᠨ ᠲᠠᠷᠠᠭ᠎ᠠ ᠲᠠᠷᠢᠶᠠᠨ ᠭᠠᠵᠠᠷ ᠲᠠᠬᠢ ᠦᠯᠡᠳᠡᠭᠳᠡᠯ ᠨᠠᠪᠴᠢ ᠨᠠᠮᠠᠭ᠎ᠠ ᠶᠢ ᠲᠦᠢᠯᠪᠤᠷᠢᠳᠡᠢ ᠴᠡᠪᠡᠷᠯᠡᠨ ᠠᠷᠢᠯᠭᠠᠵᠤ᠂ ᠭᠦᠨ ᠪᠤᠯᠠᠬᠤ ᠪᠤᠶᠤ ᠰᠢᠳᠠᠭᠠᠵᠤ᠂ ᠬᠤᠷᠤᠬᠠᠢ ᠶᠢᠨ ᠢᠷᠡᠯᠳᠡ ᠶᠢ ᠤᠰᠠᠳᠬᠠᠨ᠎ᠠ᠃ ᠭᠠᠵᠠᠷ ᠲᠠᠯᠠᠪᠠᠢ ᠪᠠᠨ ᠭᠦᠨ ᠤᠷᠪᠠᠭᠤᠯᠵᠤ᠂ ᠭᠦᠷᠦᠰᠤᠨ ᠭᠠᠳᠠᠷᠭᠤ ᠳᠠᠬᠢ ᠭᠡᠤᠭᠡᠯᠳᠡᠢ ᠶᠢ ᠨᠡᠪᠴᠢᠭᠦᠯᠭᠦ ᠦᠭᠡᠢ ᠪᠠᠶᠢᠯᠭᠠᠵᠤ᠂ ᠢᠯᠠᠭ᠎ᠠ ᠶᠢᠨ ᠨᠢᠠᠠᠳᠠᠴᠠ ᠶᠢ ᠪᠠᠭᠤᠷᠠᠭᠤᠯᠤᠨ᠎ᠠ᠃ ᠲᠤᠯᠪᠤᠳᠤ ᠢᠯᠠᠭ᠎ᠠ ᠶᠢᠨ ᠢᠳᠡᠭᠦ ᠲᠤᠷᠠᠳᠡᠢ ᠭᠤᠸᠠ ᠶᠢᠨ ᠲᠦᠷᠦᠯ᠂ ᠬᠠᠰᠢ ᠵᠢᠮᠢᠰ ᠤᠨ ᠲᠦᠷᠦᠯ᠂ ᠪᠤᠷᠴᠠᠭ ᠤᠨ ᠲᠦᠷᠦᠯ ᠢ ᠢᠳᠡᠭᠦ ᠲᠤᠷ᠎ᠡ ᠦᠭᠡᠢ ᠨᠤᠭᠤᠭ᠎ᠠ ᠵᠢᠱᠢᠶᠡᠯᠡᠪᠡᠯ ᠰᠤᠩᠭᠢᠨ᠎ᠠ᠂ ᠰᠠᠷᠢᠮᠰᠠᠭ ᠤᠨ ᠲᠦᠷᠦᠯ ᠤᠨ ᠨᠤᠭᠤᠭ᠎ᠠ ᠲᠠᠢ ᠲᠤᠬᠤᠨ ᠲᠠᠷᠢᠬᠤ ᠪᠤᠶᠤ ᠡᠭᠡᠯᠵᠢᠯᠡᠨ ᠲᠠᠷᠢᠨ᠎ᠠ᠃ ᠵᠤᠭᠢᠬᠤ ᠨᠢᠠᠠᠳᠠᠴᠠ  ᠲᠠᠢ ᠪᠠᠷ ᠲᠠᠷᠢᠵᠤ᠂ ᠲᠠᠷᠢᠶᠠᠨ ᠭᠠᠵᠠᠷ ᠤᠨ ᠰᠠᠯᠭᠢ ᠨᠡᠪᠳᠡᠷᠡᠯᠳᠡ ᠶᠢ ᠨᠨᠮᠡᠭᠳᠡᠭᠦᠯᠵᠤ᠂ ᠭᠡᠮ ᠬᠤᠷᠤᠬᠠᠢ ᠲᠠᠢ ᠪᠠᠭᠤᠷᠠᠢ ᠴᠢᠭᠢ᠂ ᠭᠡᠳᠦᠷᠭᠡᠢ ᠨᠢᠠᠠᠳᠠ ᠰᠠᠭᠤᠷᠢ ᠪᠠ ᠨᠠᠪᠴᠢ ᠶᠢ ᠴᠠᠭ ᠲᠠᠷᠤᠢ ᠳᠤᠨᠢ ᠰᠠᠶᠢᠷᠡᠭᠵᠢᠭᠦᠯᠵᠤ᠂ ᠤᠷᠭᠤᠮᠠᠯ ᠤᠨ ᠤᠷᠭᠤᠯᠳᠠ ᠶᠢ ᠨᠢ ᠠᠭᠢᠭᠤᠯᠤᠨ᠂ ᠭᠡᠮ ᠢ ᠡᠰᠡᠷᠭᠦᠴᠡᠭᠦ ᠴᠢᠳᠠᠯ ᠢ ᠨᠢ ᠨᠡᠮᠡᠭᠳᠡᠭᠦᠯᠦᠨ᠎ᠠ᠃        ︵3︶ ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ᠄ ᠲᠤᠬᠠᠶᠢᠯᠠᠪᠠᠯ ᠰᠢᠷ᠎ᠠ ᠦᠡᠭᠭᠡ ᠶᠢᠨ ᠨᠠᠭᠠᠯᠳᠤᠮᠠᠬᠠᠢ ᠬᠠᠪᠳᠠᠰᠤ ᠪᠤᠶᠤ ᠰᠢᠷ᠎ᠠ ᠨᠠᠭᠠᠯᠳᠤᠮᠠᠬᠠᠢ ᠴᠠᠭᠠᠰᠤ ᠶᠢ ᠭᠡᠷᠡᠭᠯᠡᠨ ᠪᠠᠶᠡᠯᠡᠭᠰᠡᠨ ᠬᠤᠷᠤᠬᠠᠢ ᠶᠢ ᠬᠠᠭᠤᠷᠤᠨ ᠲᠦᠪᠯᠡᠷᠡᠭᠦᠯᠵᠤ ᠤᠰᠠᠳᠬᠠᠨ᠎ᠠ᠃        ︵4︶ ᠪᠢᠤᠯᠤᠭᠢ ᠶᠢᠨ ᠠᠷᠭ᠎ᠠ ᠪᠠᠷ ᠰᠡᠷᠭᠡᠶᠢᠯᠡᠨ ᠵᠠᠰᠠᠨ᠎ᠠ᠃ ① ᠠᠯᠢ ᠴᠢᠳᠠᠬᠤ ᠪᠠᠷ ᠲᠦᠷᠦᠯᠭᠢ ᠲᠠᠶᠢᠰᠤᠨ ᠳᠤᠨᠢ ᠬᠤᠤᠷ ᠦᠭᠡᠢ ᠪᠤᠶᠤ ᠬᠤᠤᠷ ᠪᠠᠭᠠᠳᠠᠢ ᠡᠮ ᠢ ᠭᠡᠷᠡᠭᠯᠡᠨ᠂ ᠲᠦᠷᠦᠯᠭᠢ ᠲᠠᠶᠢᠰᠤᠨ ᠢ ᠨᠢ ᠬᠠᠮᠠᠭᠠᠯᠠᠨ ᠠᠰᠢᠠᠠᠯᠠᠵᠤ᠂ ᠭᠦᠨᠦᠭᠡᠯ ᠢ ᠭᠢᠵᠠᠭᠠᠷᠯᠠᠬᠤ᠃ ᠠᠮᠧᠷᠢᠺᠠ ᠲᠤᠯᠪᠤᠳᠤ ᠢᠯᠠᠭ᠎ᠠ ᠶᠢᠨ ᠲᠦᠷᠦᠯᠭᠢ ᠶᠢᠨ ᠲᠠᠶᠢᠰᠤᠨ ᠨᠢ ᠭᠡᠪᠡᠯ ᠭᠤᠤᠯ ᠨᠢ ᠨᠢᠭᠤᠠᠠᠳᠠᠮᠠᠬᠠᠢ ᠢᠯᠠᠭ᠎ᠠ ᠶᠢᠨ ᠠᠩᠴᠢ ᠵᠢᠵᠢᠭ ᠵᠦᠭᠡᠢ᠂ ᠨᠢᠭᠤᠠᠠᠳᠠᠮᠠᠬᠠᠢ ᠢᠯᠠᠭ᠎ᠠ ᠶᠢᠨ ᠰᠢᠷᠭᠡᠭᠳᠤ ᠵᠦᠭᠡᠢ ᠪᠤᠯᠤᠨ ᠡᠷᠡᠤᠳᠤ ᠰᠢᠷᠭᠡᠭᠳᠤ ᠵᠦᠭᠡᠢ ᠵᠡᠷᠭᠡ ᠪᠤᠯ ᠴᠦᠮ ᠠᠪᠠᠭᠠᠯᠳᠠᠢ ᠶᠢ ᠨᠢ ᠲᠡᠭᠦᠨ ᠢᠳᠡᠳᠡᠭ᠃ ᠠᠩᠴᠢ ᠵᠦᠭᠡᠢ ᠨᠢ ᠭᠡᠷ ᠤᠨ ᠭᠠᠳᠠᠨ᠎ᠠ ᠠᠮᠢᠳᠤᠷᠠᠵᠤ᠂ ᠰᠢᠷᠭᠡᠭᠳᠤ ᠵᠦᠭᠡᠢ ᠪᠤᠯᠤᠨ ᠡᠷᠡᠤᠳᠤ ᠵᠦᠭᠡᠢ ᠨᠢ ᠭᠡᠷ ᠲᠤᠳᠤᠷ᠎ᠠ ᠠᠮᠢᠳᠤᠷᠠᠵᠤ᠂ ᠬᠤᠯᠠᠠᠳ᠋ ᠤᠯᠤᠰ ᠨᠢᠭᠡᠨᠳᠡ ᠲᠠᠸᠠᠷᠴᠢᠯᠠᠨ ᠲᠡᠵᠢᠭᠡᠨ ᠦᠷᠡᠵᠢᠭᠦᠯᠵᠤ ᠪᠠᠶᠢᠬᠤ ᠪᠦᠭᠡᠳ ᠡᠸᠦ᠋ᠷᠦᠫᠡ ᠶᠢᠨ ᠡᠯ᠎ᠠ ᠤᠯᠤᠰ ᠵᠢᠴᠢ ᠶᠠᠫᠤᠨ ᠵᠡᠷᠭᠡ ᠤᠯᠤᠰ ᠤᠷᠤᠨ ᠳᠤ ᠬᠤᠳᠠᠯᠳᠤᠵᠤ ᠪᠠᠶᠢᠨ᠎ᠠ᠃ ᠠᠩᠴᠢ ᠵᠦᠭᠡᠢ ᠨᠢ ᠮᠦᠯᠵᠢᠨ ᠠᠮᠢᠳᠤᠷᠠᠬᠤ ᠮᠦᠯᠵᠢᠭᠦᠷ ᠤᠨ ᠡᠵᠡᠨ ᠪᠤᠯᠬᠤ ᠠᠴᠠ ᠭᠠᠳᠠᠨ᠎ᠠ ᠪᠠᠰᠠ ᠲᠤᠯᠪᠤᠳᠤ ᠢᠯᠠᠭ᠎ᠠ ᠶᠢᠨ 1~2 ᠨᠠᠰᠤᠨ ᠤ ᠠᠪᠠᠭᠠᠯᠳᠠᠢ ᠶᠢ ᠬᠠᠳᠬᠤᠨ ᠪᠠᠷᠢᠵᠤ ᠢᠳᠡᠨ᠂ 20℃ ᠤᠨ ᠨᠦᠭᠦᠴᠡᠯ ᠲᠤᠤᠷ᠎ᠠ ᠨᠢᠭᠡ ᠡᠮ᠎ᠠ ᠵᠦᠭᠡᠢ ᠨᠢ ᠪᠠᠷᠤᠭ 70 ᠪᠡᠶᠡᠯᠡᠭᠰᠡᠨ ᠬᠤᠷᠤᠬᠠᠢ᠂ 290 ᠠᠪᠠᠭᠠᠯᠳᠠᠢ ᠶᠢ ᠲᠡᠭᠦᠨ ᠢᠳᠡᠳᠡᠭ ᠲᠤᠯᠠ ᠠᠩᠴᠢ ᠵᠦᠭᠡᠢ ᠶᠢ ᠲᠡᠵᠢᠭᠡᠨ ᠠᠰᠢᠠᠠᠯᠠᠪᠠᠯ ᠮᠠᠰᠢ ᠰᠠᠶᠢᠨ ᠰᠡᠷᠭᠡᠶᠢᠯᠡᠨ ᠵᠠᠰᠠᠬᠤ ᠦᠷ᠎ᠠ ᠪᠦᠳᠦᠮᠵᠢ ᠤᠯᠵᠤ ᠪᠤᠯᠤᠨ᠎ᠠ᠃ ᠡᠳᠡᠭᠡᠷ ᠨᠢᠭᠤᠠᠠᠳᠠᠮᠠᠬᠠᠢ ᠢᠯᠠᠭ᠎ᠠ ᠶᠢᠨ ᠠᠩᠴᠢ ᠵᠦᠭᠡᠢ ᠨᠢ ᠲᠠᠷᠢᠶᠠᠨ ᠳᠠᠬᠢ ᠪᠠᠶᠢᠭᠠᠯᠢᠯᠢᠬ ᠨᠦᠭᠦᠴᠡᠯ ᠲᠤᠤᠷ᠎ᠡ ᠡᠪᠤᠯᠵᠢᠳᠡᠭ ᠪᠦᠭᠡᠳ ᠲᠠᠷᠠᠭ᠎ᠠ ᠵᠢᠯ ᠤᠨ ᠭᠢᠨᠢ 5 ᠳ᠋ᠤᠭᠠᠷ ᠰᠠᠷ᠎ᠠ ᠠᠴᠠ ᠬᠤᠶᠢᠰᠢ ᠮᠦᠯᠵᠢᠭᠳᠡᠭᠴᠢ ᠡᠷᠢᠳᠡᠭ ᠪᠠᠶᠢᠨ᠎ᠠ᠃ ᠤᠳᠤᠬᠠᠨ ᠳᠤ ᠮᠠᠨ ᠤ ᠤᠯᠤᠰ ᠲᠦᠷᠦᠯᠭᠢ ᠲᠠᠶᠢᠰᠤᠨ ᠢ ᠠᠰᠢᠠᠠᠯᠠᠬᠤ ᠲᠤᠷᠰᠢᠯᠳᠡ ᠶᠢ ᠶᠠᠭ ᠰᠤᠳᠤᠯᠤᠨ ᠭᠢᠵᠤ ᠪᠠᠶᠢᠨ᠎ᠠ᠃ ᠪᠡᠭᠡᠵᠢᠩ ᠤᠨ ᠲᠠᠷᠢᠶᠠᠨ ᠳᠤ ᠮᠦᠯᠵᠢᠭᠴᠢ ᠴᠢᠨᠠᠷ ᠲᠠᠢ ᠲᠦᠷᠦᠯᠭᠢ ᠶᠢᠨ ᠲᠠᠶᠢᠰᠤᠨ ᠪᠠᠶᠢᠬᠤ ᠠᠴᠠ ᠭᠠᠳᠠᠨ᠎ᠠ ᠪᠠᠰᠠ ᠠᠪᠠᠭᠠᠯᠳᠠᠢ ᠶᠢᠨ ᠬᠤᠭᠤᠴᠠᠭᠠᠨ  ᠳᠤᠨᠢ ᠪᠠᠷᠢᠵᠤ ᠢᠳᠡᠳᠡᠭ ᠲᠦᠷᠤᠯᠭᠢ ᠶᠢᠨ ᠲᠠᠶᠢᠰᠤᠨ ᠪᠠᠶᠢᠨ᠎ᠠ᠃ ᠵᠢᠱᠢᠶᠡᠯᠡᠪᠡᠯ ᠴᠤᠬᠤᠷ ᠪᠢᠰ᠂ ᠵᠢᠮ᠎ᠠ ᠬᠤᠷᠤᠬᠠᠢ ᠪᠤᠯᠤᠨ ᠵᠢᠵᠢᠭ ᠤᠯᠠᠭᠠᠨ ᠰᠢᠷᠭᠤᠯᠵᠢ ᠪᠠᠶᠢᠨ᠎ᠠ᠃ ᠨᠦᠭᠦᠴᠡᠯ ᠨᠢ ᠲᠤᠭᠢᠷᠠᠮᠵᠢᠳᠡᠢ ᠪᠡ ᠡᠮ ᠭᠡᠷᠡᠭᠯᠡᠭᠦ ᠦᠭᠡᠢ ᠪᠤᠶᠤ ᠬᠤᠷᠤᠬᠠᠢ ᠤᠰᠠᠳᠬᠠᠬᠤ ᠡᠮ ᠢ ᠵᠤᠠᠠᠰᠤᠭᠠᠠᠠᠰᠠᠨ ᠨᠦᠭᠦᠴᠡᠯ ᠲᠤᠤᠷ᠎ᠠ ᠠᠪᠠᠭᠠᠯᠳᠠᠢ ᠶᠢᠨ ᠲᠦᠷᠦᠯᠭᠢ ᠶᠢᠨ ᠲᠠᠶᠢᠰᠤᠨ ᠤ ᠮᠦᠯᠵᠢᠭᠦ ᠨᠤᠷᠮ᠎ᠠ ᠨᠢ 80%~100% ᠳᠤ ᠭᠦᠷᠳᠡᠭ᠃ ② ᠨᠢᠶᠠᠨ ᠲᠠᠷᠤᠠᠠᠴᠢ ᠡᠮ ᠢ ᠭᠡᠷᠡᠭᠯᠡᠭᠦ᠄ 1.8% ᠶᠢᠨ ᠴᠢ ᠮᠠᠨ ᠰᠤ᠋ ︵齐螨素︶᠂ ᠠ ᠸᠧᠢ ᠵᠢᠶᠦ᠋ᠨ ᠰᠤ᠋ ︵阿维菌素︶᠂ ᠠ ᠪᠠ ᠳ᠋ᠢᠩ ︵阿巴丁︶᠂ ᠠᠢ ᠹᠦ᠋ ᠳ᠋ᠢᠩ  ︵爱福丁︶᠂ ᠬᠠᠢ ᠵᠢᠢ ᠮᠢᠶᠧ ︵害极灭︶᠂ ᠴᠦᠩ ᠮᠠᠨ ︵虫螨︶ ᠵᠡᠷᠭᠡ ᠲᠤᠰᠤᠨ ᠡᠮ ᠤᠨ 3000 ᠲᠠᠭᠢᠨ ᠤ ᠰᠢᠩᠭᠡᠨ ᠢ ᠰᠦᠷᠴᠢᠪᠡᠯ᠂ 85% ᠠᠴᠠ ᠲᠡᠭᠡᠭᠰᠢ ᠰᠡᠷᠭᠡᠶᠢᠯᠡᠨ ᠵᠠᠰᠠᠵᠤ ᠲᠠᠶᠢᠯᠦᠨ᠎ᠠ᠃ ③ ᠤᠷᠭᠤᠮᠠᠯ ᠤᠨ ᠴᠢᠨᠠᠷ ᠲᠠᠢ ᠡᠮ ᠢ ᠭᠡᠷᠡᠭᠯᠡᠭᠦ᠄ 1.1% ᠶᠢᠨ ᠯᠢᠤᠢ ᠯᠠᠩ ︵绿浪︶ 2 ᠨᠤᠮᠧᠷᠳᠤ ᠡᠮ ᠤᠨ 1000~1500 ᠲᠠᠭᠢᠨ ᠤ ᠰᠢᠩᠭᠡᠨ ᠢ ᠰᠦᠷᠴᠢᠵᠤ ᠭᠡᠷᠡᠭᠯᠡᠪᠡᠯ ᠡᠮ ᠭᠡᠷᠡᠭᠯᠡᠭᠰᠡᠨ ᠤ ᠲᠠᠷᠠᠭᠠᠭᠢ 3᠂ 7᠂ 15 ᠬᠤᠨᠤᠭ ᠲᠤ ᠰᠡᠷᠭᠡᠶᠢᠯᠡᠯᠳᠡ ᠶᠢᠨ ᠦᠷ᠎ᠠ ᠪᠦᠳᠦᠮᠵᠢ ᠨᠢ 85% ᠠᠴᠠ ᠲᠡᠭᠡᠭᠰᠢ ᠳᠤ ᠭᠦᠷᠴᠤ᠂ ᠦᠢᠯᠡᠳᠦᠯᠳᠤ ᠬᠤᠭᠤᠴᠠᠭ᠎ᠠ ᠨᠢ 20 ᠬᠤᠨᠤᠭ ᠠᠴᠠ ᠲᠠᠪᠠᠳᠠᠭ᠃ ④ ᠭᠢᠮᠢ ᠶᠢᠨ ᠠᠷᠭ᠎ᠠ  ᠪᠠᠷ ᠵᠠᠰᠠᠬᠤ᠄ ᠡᠭᠦᠨ ᠳᠤ 40% ᠶᠢᠨ ᠴᠢ ᠳ᠋ᠢ ᠸᠧᠢ ︵齐敌畏︶ ᠲᠤᠰᠤᠨ ᠡᠮ ᠤᠨ 1000~1500 ᠲᠠᠭᠢᠨ ᠤ ᠰᠢᠩᠭᠡᠨ᠂ 20% ᠶᠢᠨ ᠺᠠᠩ ᠹᠦ᠋ ᠳ᠋ᠦᠸᠧ ᠨᠦᠩ ︵康福多浓︶ ᠡᠮ ᠤᠨ 2000 ᠲᠠᠭᠢᠨ ᠤ ᠰᠢᠩᠭᠡᠨ᠂ 10% ᠶᠢᠨ ᠪᠢ ᠴᠦᠩ ᠯᠢᠨ ︵吡虫啉︶ ᠡᠮ ᠤᠨ 1000 ᠲᠠᠭᠢᠨ ᠤ ᠰᠢᠩᠭᠡᠨ᠂ 48% ᠶᠢᠨ ᠳ᠋ᠦ᠋ ᠰᠧ ᠫᠢ ︵毒死蜱︶ ᠲᠤᠰᠤᠨ ᠡᠮ ᠤᠨ 800~1000 ᠲᠠᠭᠢᠨ ᠤ ᠰᠢᠩᠭᠡᠨ᠂ 18% ᠶᠢᠨ ᠱᠠ ᠴᠦᠩ ᠱᠤᠸᠠᠩ ︵杀虫双︶ ᠤᠰᠤᠨ ᠡᠮ ᠤᠨ 300 ᠲᠠᠭᠢᠨ ᠤ ᠰᠢᠩᠭᠡᠨ᠂ 98% ᠶᠢᠨ ᠪᠠ ᠳ᠋ᠠᠨ ︵巴丹︶ ᠠᠭᠤᠰᠤᠮᠠᠯ ᠤᠨ ᠨᠤᠨᠳᠠᠭ ᠡᠮ ᠤᠨ 1500 ᠲᠠᠭᠢᠨ ᠤ ᠰᠢᠩᠭᠡᠨ᠂ 10% ᠶᠢᠨ ᠠᠨ ᠯᠢᠤᠢ ᠪᠤᠤ ︵安绿宝︶᠂ ᠰᠢᠩ ᠮᠢᠶᠠᠨ ᠪᠤᠤ ︵兴棉宝︶᠂ ᠮᠢᠶᠧ ᠪᠠᠢ ᠺᠧ  ︵灭百可︶ ᠲᠤᠰᠤᠨ ᠡᠮ ᠤᠨ 3000 ᠲᠠᠭᠢᠨ ᠤ ᠰᠢᠩᠭᠡᠨ᠂ 2.5% ᠭᠦᠩ ᠹᠦ᠋ ︵功夫︶ ᠲᠤᠰᠤᠨ ᠡᠮ ᠤᠨ 2000~3000 ᠲᠠᠭᠢᠨ ᠤ ᠰᠢᠩᠭᠡᠨ᠂ 5% ᠶᠢᠨ ᠺᠠᠠ ᠰᠧ ᠺᠧ ︵卡死克︶ ᠲᠤᠰᠤᠨ ᠡᠮ ᠤᠨ 1000~3000 ᠲᠠᠭᠢᠨ ᠤ ᠰᠢᠩᠭᠡᠨ ᠢ 4~6 ᠡᠳᠤᠷ ᠠᠯᠤᠰᠯᠠᠭᠠᠳ ᠨᠢᠭᠡ ᠣᠳᠠᠭ᠎ᠠ ᠰᠦᠷᠴᠢᠵᠤ᠂ ᠦᠷᠭᠦᠯᠵᠢᠯᠡᠨ 4~5 ᠤᠳᠠᠭ᠎ᠠ ᠰᠦᠷᠴᠢᠨ ᠰᠡᠷᠭᠡᠶᠢᠯᠡᠨ ᠵᠠᠰᠠᠨ᠎ᠠ᠃ ᠪᠠᠶᠡᠯᠡᠭᠰᠡᠨ ᠬᠤᠷᠤᠬᠠᠢ ᠶᠢ ᠤᠰᠠᠳᠬᠠᠬᠤ ᠳᠤ ᠦᠳᠡ ᠶᠢᠨ ᠡᠮᠦᠨᠡᠭᠢ 8 ᠴᠠᠭ ᠲᠤ ᠡᠮ ᠢᠶᠠᠨ ᠰᠦᠷᠴᠢᠪᠡᠯ ᠬᠠᠮᠤᠭ ᠤᠨ ᠰᠠᠶᠢᠨ᠂ ᠠᠪᠠᠭᠠᠯᠳᠠᠢ ᠶᠢ ᠰᠡᠷᠭᠡᠶᠢᠯᠡᠭᠦ ᠳᠤ 1~2 ᠨᠠᠰᠤᠨ ᠤ ᠬᠤᠭᠤᠴᠠᠭᠠᠨ ᠳᠤᠨᠢ ᠡᠮ ᠰᠦᠷᠴᠢᠪᠡᠯ ᠨᠡᠩ ᠰᠠᠶᠢᠨ ᠪᠠᠶᠢᠳᠠᠭ᠃ ᠲᠡᠭᠡᠷ᠎ᠡ ᠲᠤᠷᠠᠳᠤᠠᠠᠰᠠᠨ ᠡᠮ ᠢ ᠰᠤᠯᠪᠢᠴᠠᠭᠤᠯᠤᠨ ᠭᠡᠷᠡᠭᠯᠡᠪᠡᠯ ᠡᠮ ᠳᠤ ᠲᠠᠰᠪᠤᠷᠢᠳᠡᠢ ᠪᠤᠯᠬᠤ ᠶᠢ ᠰᠡᠷᠭᠡᠶᠢᠯᠡᠵᠤ ᠴᠢᠳᠠᠨ᠎ᠠ᠃        13. ᠢᠳᠡᠰᠢᠨ ᠨᠤᠭᠤᠭ᠎ᠠ ᠶᠢᠨ ᠮᠢᠩ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤᠲᠤᠰ ᠬᠤᠷᠤᠬᠠᠢ ᠪᠤᠯ ᠭᠤᠤᠯ ᠨᠢ ᠯᠤᠤᠪᠠᠩ᠂ ᠴᠠᠭᠠᠨ ᠨᠤᠭᠤᠭ᠎ᠠ᠂ ᠪᠦᠭᠡᠷᠡᠩᠬᠡᠢ ᠴᠠᠭᠠᠨ ᠨᠤᠭᠤᠭ᠎ᠠ᠂ ᠴᠠᠴᠡᠭᠳᠤ ᠴᠠᠭᠠᠨ ᠨᠤᠭᠤᠭ᠎ᠠ᠂ ᠮᠠᠠᠵᠢᠨ ᠵᠡᠷᠭᠡ ᠲᠠᠷᠢᠮᠠᠯ ᠢ ᠭᠦᠨᠦᠭᠡᠵᠦ᠂ ᠭᠤᠤᠯ ᠨᠢ ᠠᠪᠠᠭᠠᠯᠳᠠᠢ ᠨᠢ ᠨᠦᠭᠡᠯᠡᠨ ᠤᠷᠤᠵᠤ ᠬᠦᠨᠦᠭᠡᠳᠡᠭ᠃ ᠠᠪᠠᠭᠠᠯᠳᠠᠢ ᠨᠢ ᠨᠠᠪᠴᠢᠭ᠍ᠰᠡᠨ ᠤ ᠰᠡᠭᠦᠯᠡᠷ ᠨᠤᠭᠤᠭ᠎ᠠ ᠶᠢᠨ ᠭᠤᠤᠯ ᠳᠤ ᠮᠠᠴᠤᠵᠤ᠂ ᠰᠢᠷᠭᠡᠭ ᠪᠦᠭᠡᠯᠵᠢᠨ ᠨᠠᠪᠴᠢ ᠶᠢ ᠤᠨᠠᠭᠠᠵᠤ᠂ ᠨᠤᠭᠤᠭ᠎ᠠ ᠶᠢᠨ ᠭᠤᠤᠯ ᠢ ᠨᠢ ᠢᠳᠡᠵᠤ᠂ ᠴᠢᠭᠢ ᠲᠤᠳ᠋ᠬᠠᠳᠠᠭᠤᠯᠬᠤ ᠪᠠ ᠦᠷ᠎ᠡ ᠶᠢ ᠰᠦᠢᠳᠭᠡᠵᠤ᠂ ᠨᠤᠭᠤᠭ᠎ᠠ ᠶᠢ ᠤᠯᠠᠨ ᠰᠠᠯᠪᠤᠷᠢ ᠤᠷᠭᠤᠯᠳᠠ ᠲᠠᠢ ᠪᠤᠯᠭᠠᠵᠤ᠂ ᠬᠤᠷᠢᠶᠠᠯᠳᠠ ᠶᠢ ᠭᠦᠨᠳᠤ ᠨᠤᠴᠢᠳᠡᠢ ᠬᠠᠰᠤᠠᠠᠳᠠᠭᠤᠯᠳᠠᠭ᠃ ᠪᠡᠶᠡᠯᠡᠭᠰᠡᠨ ᠬᠤᠷᠤᠬᠠᠢ ᠨᠢ ᠲᠡᠭᠡᠭᠰᠢ ᠪᠠᠨ ᠨᠠᠪᠴᠢᠨ ᠤ ᠪᠠᠷᠢᠭᠤᠯ ᠳᠤ ᠰᠢᠭᠢᠳᠤᠨ ᠤᠷᠤᠵᠤ᠂ ᠲᠤᠷᠤᠠᠠᠰᠢ ᠪᠠᠨ ᠡᠰᠢᠨ ᠤ ᠴᠢᠮᠦᠭᠡ ᠪᠤᠶᠤ ᠦᠨᠳᠤᠰᠤᠨ ᠭᠡᠰᠡᠭ ᠢ ᠨᠦᠭᠡᠯᠡᠨ ᠰᠠᠠᠳᠡᠯᠵᠦ᠂ ᠢᠯᠭᠠᠳᠠᠰᠤ ᠪᠠᠨ ᠭᠡᠭᠡᠵᠤ᠂ ᠭᠦᠨᠦᠭᠡᠯ ᠳᠤ ᠤᠴᠠᠷᠬᠠᠰᠠᠨ ᠰᠠᠭᠤᠷᠢ ᠨᠢ ᠠᠭᠠᠵᠢᠮ ᠢᠶᠠᠷ ᠬᠠᠳᠠᠵᠤ ᠦᠭᠦᠭᠦ ᠪᠤᠶᠤ ᠨᠠᠪᠴᠢᠨ ᠪᠠᠷᠢᠭᠤᠯ ᠨᠢ ᠢᠯᠵᠠᠷᠠᠳᠠᠭ ᠪᠠᠶᠢᠨ᠎ᠠ᠃ ᠠᠪᠠᠭᠠᠯᠳᠠᠢ ᠨᠢ ᠪᠠᠰᠠ ᠰᠠᠭᠤᠷᠢ ᠲᠠᠮᠵᠢᠨ ᠭᠦᠨᠦᠭᠡᠵᠤ᠂ ᠢᠯᠵᠠᠷᠠᠬᠤ ᠭᠡᠮ ᠢ ᠲᠡᠯᠭᠡᠷᠡᠭᠦᠯᠳᠡᠭ ᠪᠠᠶᠢᠨ᠎ᠠ᠃       ᠨᠭᠤᠭ᠎ᠠ ᠶᠢᠨ ᠮᠢᠩ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠭᠠᠵᠠᠷ ᠢᠶᠠᠨ ᠴᠠᠭ ᠲᠤᠬᠠᠢ  ᠳᠤᠨᠢ ᠤᠷᠪᠠᠭᠤᠯᠵᠤ᠂ ᠲᠠᠷᠢᠶᠠᠨ ᠭᠠᠵᠠᠷ ᠢᠶᠠᠨ ᠴᠠᠪᠡᠷᠯᠡᠵᠤ᠂ ᠦᠷᠭᠦᠯᠵᠢᠯᠡᠨ ᠲᠠᠷᠢᠬᠤ ᠶᠢ ᠴᠠᠭᠡᠷᠯᠡᠵᠤ᠂ ᠲᠠᠷᠢᠶᠠᠨ ᠳᠠᠬᠢ ᠬᠤᠷᠤᠬᠠᠢ ᠶᠢᠨ ᠢᠷᠡᠯᠳᠡ ᠶᠢ ᠴᠦᠭᠡᠷᠡᠭᠦᠯᠦᠨ᠎ᠠ᠃ ︵2︶ ᠲᠠᠷᠢᠬᠤ ᠴᠠᠭ ᠬᠤᠭᠤᠴᠠᠭ᠎ᠠ ᠶᠢ ᠲᠤᠭᠢᠷᠠᠭᠤᠯᠵᠤ᠂ ᠨᠤᠭᠤᠭ᠎ᠠ ᠶᠢᠨ ᠴᠢᠭᠢ ᠶᠢᠨ 3~5 ᠨᠠᠪᠴᠢᠯᠠᠬᠤ ᠦᠶ᠎ᠠ ᠳᠤ ᠨᠤᠭᠤᠭ᠎ᠠ ᠶᠢᠨ ᠮᠢᠩ ᠬᠤᠷᠤᠬᠠᠢ ᠶᠢᠨ ᠡᠭᠦᠰᠭᠦ ᠭᠦᠭ ᠦᠶ᠎ᠠ ᠠᠴᠠ ᠵᠦᠷᠢᠭᠦᠯᠵᠤ᠂ ᠭᠠᠩ ᠬᠠᠭᠰᠠᠷᠠᠭᠠᠨ ᠲᠠᠢ ᠤᠯᠠᠷᠢᠯ ᠳᠤ ᠲᠤᠭᠢᠳᠡᠢ ᠤᠰᠤᠯᠠᠨ᠎ᠠ᠃ ᠢᠡᠭᠭᠢᠪᠡᠯ ᠬᠤᠷᠤᠬᠠᠢ ᠶᠢᠨ ᠭᠦᠨᠦᠭᠡᠯ ᠢ ᠭᠦᠡᠭᠭᠡᠷᠡᠭᠦᠯᠭᠦ ᠪᠤᠶᠤ ᠵᠠᠶᠢᠯᠠᠰᠭᠢᠵᠤ ᠴᠢᠳᠠᠨ᠎ᠠ᠃ ︵3︶ ᠠᠪᠠᠭᠠᠯᠳᠠᠢ ᠶᠢᠨ ᠰᠠᠶ᠋ᠢ ᠨᠡᠪᠴᠢᠭᠦ ᠬᠤᠭᠤᠴᠠᠭ᠎ᠠ ᠪᠤᠯᠤᠨ ᠠᠪᠠᠭᠠᠯᠳᠠᠢ ᠶᠢᠨ 3 ᠨᠠᠰᠤᠯᠠᠬᠤ ᠠᠴᠠ ᠡᠮᠦᠨᠡᠭᠢ ᠬᠤᠭᠤᠴᠠᠭ᠎ᠠ ᠶᠢ ᠡᠵᠡᠮᠰᠢᠨ ᠡᠮ ᠢᠶᠠᠷ ᠰᠡᠷᠭᠡᠶᠢᠯᠡᠨ ᠵᠠᠰᠠᠨ᠎ᠠ᠃ ᠵᠢᠱᠢᠶᠡᠯᠡᠪᠡᠯ ᠨᠠᠪᠴᠢ ᠨᠢ ᠭᠦᠨᠦᠭᠡᠭᠳᠡᠭᠰᠡᠨ ᠪᠠ ᠰᠢᠷᠭᠡᠭ ᠤᠨ ᠲᠤᠤᠷ ᠪᠤᠢ ᠪᠤᠯᠤᠠᠠᠰᠠᠨ ᠢ ᠠᠩᠬ᠎ᠠ ᠤᠯᠵᠤ ᠮᠡᠳᠡᠮᠡᠭᠴᠡ ᠪᠠᠨ ᠲᠠᠷᠦ᠋ᠢᠠᠬᠨ ᠨᠤᠭᠤᠭ᠎ᠠ ᠶᠢᠨ ᠨᠠᠪᠴᠢᠨ ᠳᠤ ᠡᠮ ᠰᠦᠷᠴᠢᠨ᠎ᠠ᠃ ᠰᠦᠷᠴᠢᠭᠦ ᠡᠮ ᠤᠨ ᠲᠠᠯ᠎ᠠ ᠪᠠᠷ Bt ᠡᠮ ᠤᠨ 500 ᠲᠠᠭᠢᠨ ᠤ ᠰᠢᠩᠭᠡᠨ᠂ 21% ᠶᠢᠨ ᠮᠢᠶᠧ ᠱᠠ ᠪᠢ ︵灭杀毙︶ ᠲᠤᠰᠤᠨ ᠡᠮ ᠤᠨ 5000 ᠲᠠᠭᠢᠨ ᠤ ᠰᠢᠩᠭᠡᠨ᠂ 2.5% ᠶᠢᠨ ᠭᠦᠩ ᠹᠦ᠋ ︵功夫︶ ᠲᠤᠰᠤᠨ ᠡᠮ ᠤᠨ 4000 ᠲᠠᠭᠢᠨ ᠤ ᠰᠢᠩᠭᠡᠨ᠂ 40% ᠶᠢᠨ ᠵᠢᠤᠢ ᠮᠠ ︵菊马︶ ᠲᠤᠰᠤᠨ ᠡᠮ᠂ ᠵᠢᠤᠢ ᠱᠨ ︵菊杀︶᠂ 2.5% ᠶᠢᠨ ᠲᠢᠶᠠᠨ ᠸᠠᠩ ᠰᠢᠩ ︵天王星︶ ᠲᠤᠰᠤᠨ ᠡᠮ᠂ 20% ᠶᠢᠨ ᠮᠢᠶᠧ ᠰᠤᠤ ᠯᠢ ︵灭扫利︶ ᠲᠤᠰᠤᠨ ᠡᠮ ᠤᠨ 3000 ᠲᠠᠭᠢᠨ ᠤ ᠰᠢᠩᠭᠡᠨ ᠢ ᠰᠦᠷᠴᠢᠨ᠎ᠠ᠃        14. ᠸᠠᠨᠳ᠋ᠸᠦ ᠶᠢᠨ ᠨᠢᠭᠤᠠᠠᠳᠠᠮᠠᠬᠠᠢ ᠢᠯᠠᠭ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ        ᠸᠠᠨᠳ᠋ᠸᠤ ᠶᠢᠨ ᠨᠢᠭᠤᠠᠠᠳᠠᠮᠠᠬᠠᠢ ᠢᠯᠠᠭ᠎ᠠ ᠪᠤᠯ ᠭᠤᠤᠯ ᠨᠢ ᠸᠠᠨᠳ᠋ᠸᠤ᠂ ᠼᠠᠠᠳ᠋ᠸᠤ᠂ ᠲᠤᠰᠤᠳᠤ ᠨᠤᠭᠤᠭ᠎ᠠ᠂ ᠴᠠᠭᠠᠨ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ ᠯᠤᠤᠪᠠᠩ᠂ ᠰᠢᠯᠦᠭᠡᠢ ᠨᠤᠭᠤᠭ᠎ᠠ᠂ ᠲᠦᠪᠡᠳ ᠬᠠᠰᠢ᠂ ᠲᠦᠮᠦᠰᠤ᠂ ᠲᠠᠷᠪᠤᠰ᠂ ᠠᠮᠳᠠᠳᠤ ᠭᠡᠮᠭᠡ ᠵᠡᠷᠭᠡ ᠲᠠᠷᠢᠮᠡᠯ ᠢ ᠭᠦᠨᠦᠭᠡᠳᠡᠭ᠃ ᠠᠪᠠᠭᠠᠯᠳᠠᠢ ᠨᠢ ᠨᠠᠪᠴᠢᠨ ᠳᠤ ᠨᠢᠭᠤᠠᠠᠳᠠᠨ ᠭᠦᠨᠦᠭᠡᠵᠤ᠂ ᠨᠠᠪᠴᠢᠨ ᠤ ᠪᠠᠷᠢᠭᠤᠯ ᠢ ᠰᠡᠨᠳᠡᠯᠤᠨ ᠢᠳᠡᠵᠤ᠂ ᠵᠦᠪᠭᠡᠨ ᠬᠠᠯᠢᠰᠤ ᠶᠢ ᠨᠢ ᠦᠯᠡᠳᠡᠭᠡᠵᠤ᠂ ᠮᠤᠷᠤᠢ ᠰᠠᠷᠤᠢ ᠬᠤᠷᠤᠬᠠᠢ ᠤᠨ ᠵᠠᠮ ᠭᠠᠷᠭᠠᠵᠤ᠂ ᠭᠦᠨᠳᠤ ᠨᠤᠴᠢᠳᠡᠢ ᠦᠶᠡᠰ ᠪᠦᠭᠦ ᠨᠠᠪᠴᠢ ᠶᠢ ᠬᠠᠳᠠᠭᠠᠨ ᠬᠤᠷᠪᠤᠶᠢᠯᠭᠠᠵᠤ᠂ ᠨᠠᠪᠴᠢᠳᠤ ᠨᠤᠭᠤᠭ᠎ᠠ ᠶᠢᠨ ᠢᠳᠡᠭᠡᠨ ᠤ ᠦᠨ᠎ᠠ ᠴᠠᠨ᠎ᠠ ᠶᠢ ᠠᠯᠳᠠᠭᠤᠯᠵᠤ᠂ ᠸᠠᠨᠳ᠋ᠸᠤ᠂ ᠲᠤᠰᠤᠳᠤ ᠨᠤᠭᠤᠭ᠎ᠠ ᠵᠡᠷᠭᠡ ᠨᠢ ᠭᠦᠨᠦᠭᠡᠭᠳᠡᠭᠰᠡᠨ ᠤ ᠰᠡᠭᠦᠯᠡᠷ᠂ ᠵᠢᠮᠢᠰ ᠤᠨ ᠪᠤᠭᠤᠷᠴᠠᠭ ᠤᠨ ᠴᠠᠳᠬᠤᠯᠠᠩ ᠪᠠᠶᠢᠳᠠᠯ ᠢ ᠨᠦᠯᠦᠭᠡᠯᠡᠵᠤ᠂ ᠦᠷ᠎ᠡ ᠶᠢᠨ ᠶᠠᠰᠤ ᠴᠢᠨᠠᠷ ᠪᠡ ᠬᠤᠷᠢᠶᠠᠯᠳᠠ ᠶᠢ ᠪᠠᠭᠤᠷᠠᠭᠤᠯᠳᠠᠭ ᠪᠠᠶᠢᠨ᠎ᠠ᠃ ᠸᠠᠨᠳ᠋ᠸᠦ ᠶᠢᠨ ᠨᠢᠭᠤᠠᠠᠳᠠᠮᠠᠬᠠᠢ ᠢᠯᠠᠭ᠎ᠠ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠦᠯᠡᠳᠡᠭᠳᠡᠯ ᠨᠠᠪᠴᠢ ᠨᠠᠮᠠᠭ᠎ᠠ ᠶᠢ ᠲᠠᠷᠦ᠋ᠢᠬᠠᠨ ᠰᠢᠢᠳᠪᠤᠷᠢᠯᠡᠵᠤ᠂ ᠬᠤᠷᠤᠬᠠᠢ ᠶᠢᠨ ᠰᠠᠭᠤᠷᠢ ᠲᠤᠭ᠎ᠠ ᠶᠢ ᠴᠦᠭᠡᠳᠭᠡᠨ᠎ᠡ᠃ ︵2︶ ᠦᠨᠳᠡᠭᠡᠯᠡᠭᠦ ᠭᠦᠭ ᠬᠤᠭᠤᠴᠠᠭ᠎ᠠ ᠪᠠ ᠨᠡᠪᠴᠢᠭᠦ ᠡᠭᠢᠨ ᠤ ᠬᠤᠭᠤᠴᠠᠭ᠎ᠠ ᠶᠢ ᠡᠵᠡᠮᠳᠡᠨ ᠡᠮ ᠭᠡᠷᠡᠭᠯᠡᠨ ᠰᠡᠷᠭᠡᠶᠢᠯᠡᠨ ᠵᠠᠰᠠᠨ᠎ᠠ᠃ ᠭᠡᠷᠡᠭᠯᠡᠭᠦ ᠡᠮ ᠤᠨ ᠲᠠᠯ᠎ᠠ ᠪᠠᠷ 80% ᠶᠢᠨ ᠳ᠋ᠢ ᠳ᠋ᠢ ᠸᠧᠢ  ︵敌敌畏︶ ᠲᠤᠰᠤᠨ ᠡᠮ ᠪᠤᠶᠤ 90% ᠶᠢᠨ ᠲᠠᠯᠠᠰᠳᠤ ᠳ᠋ᠢ ᠪᠠᠢ ᠴᠦᠩ ︵敌百虫︶ ᠡᠮ ᠤᠨ 1000 ᠲᠠᠭᠢᠨ ᠤ ᠰᠢᠩᠭᠡᠨ᠂ 21% ᠶᠢᠨ ᠽᠧᠩ ᠰᠢᠶᠤᠤ ᠴᠢᠩ ᠮᠠ ︵增效氰马︶ ᠲᠤᠰᠤᠨ ᠡᠮ ᠤᠨ 8000 ᠲᠠᠭᠢᠨ ᠤ ᠰᠢᠩᠭᠡᠨ᠂ 2.5% ᠶᠢᠨ ᠰᠢᠦ ᠴᠢᠩ ᠵᠢᠤᠢ ᠮᠠ ︵溴氰菊马︶ ᠪᠤᠶᠤ 20% ᠶᠢᠨ ᠭᠦᠩ ᠹᠦ᠋ ︵功夫︶ ᠲᠤᠰᠤᠨ ᠡᠮ ᠤᠨ 3000 ᠲᠠᠭᠢᠨ ᠤ ᠰᠢᠩᠭᠡᠨ᠂ 50% ᠶᠢᠨ ᠰᠢᠨ ᠯᠢᠤ ᠯᠢᠨ ︵辛硫磷︶ ᠲᠤᠰᠤᠨ ᠡᠮ ᠤᠨ 1500 ᠲᠠᠭᠢᠨ ᠤ ᠰᠢᠩᠭᠡᠨ᠂ 25% ᠶᠢᠨ ᠺᠦᠢ ᠯᠢᠤ ᠯᠢᠨ ︵喹硫磷︶ ᠲᠤᠰᠤᠨ ᠡᠮ ᠤᠨ 2000 ᠲᠠᠭᠢᠨ ᠤ ᠰᠢᠩᠭᠡᠨ ᠢ ᠰᠤᠩᠭᠤᠨ ᠰᠦᠷᠴᠢᠨ᠎ᠠ᠃        15. ᠢᠳᠡᠰᠢᠨ ᠨᠤᠭᠤᠭ᠎ᠠ ᠶᠢᠨ ᠲᠠᠰᠢᠭᠤ ᠰᠤᠳᠠᠯᠳᠤ ᠢᠳᠤᠭᠠᠨ ᠤ ᠬᠦᠨᠦᠭᠡᠯ ᠢ ᠰᠡᠷᠭᠡᠶᠢᠯᠡᠨ ᠵᠠᠰᠠᠬᠤ       ᠲᠠᠰᠢᠭᠤ ᠰᠤᠳᠠᠯᠳᠤ ᠢᠳᠤᠭᠠᠨ ᠪᠤᠯ ᠭᠤᠤᠯ ᠨᠢ ᠲᠤᠨᠤᠯᠵᠢᠨ ᠴᠡᠴᠡᠭ ᠤᠨ ᠢᠵᠠᠭᠤᠷ ᠤᠨ ᠪᠡ ᠬᠠᠰᠢ ᠶᠢᠨ ᠢᠵᠠᠭᠤᠷ ᠤᠨ ᠲᠠᠷᠢᠮᠠᠯ ᠢ ᠭᠦᠨᠦᠭᠡᠳᠡᠭ᠃ ᠠᠪᠠᠭᠠᠯᠳᠠᠢ ᠨᠢ ᠭᠤᠤᠯᠳᠠᠭᠤ ᠨᠠᠪᠴᠢ᠂ ᠴᠤᠮᠤᠷᠯᠢᠭ ᠴᠠᠴᠡᠭ ᠵᠢᠴᠢ ᠵᠢᠮᠢᠰ ᠢ ᠭᠦᠨᠦᠭᠡᠳᠡᠭ᠃ ᠠᠩᠬ᠎ᠠ ᠨᠠᠪᠴᠢᠭ᠍ᠰᠡᠨ ᠠᠪᠠᠭᠠᠯᠳᠠᠢ ᠨᠢ ᠦᠨᠳᠡᠭᠡᠨ ᠪᠦᠭᠡᠮ ᠤᠨ ᠤᠷᠴᠢᠮ ᠳᠤ ᠰᠦᠷᠦᠭᠯᠡᠨ ᠴᠤᠠᠠᠯᠠᠷᠠᠵᠤ᠂ ᠨᠠᠪᠴᠢᠨ ᠤ ᠠᠷᠤ ᠲᠠᠯ᠎ᠠ ᠶᠢ ᠮᠡᠷᠡᠨ ᠢᠳᠡᠵᠤ᠂ ᠨᠠᠪᠴᠢᠨ ᠤ ᠰᠤᠳᠠᠯ᠂ ᠬᠠᠯᠢᠰᠤ ᠶᠢ ᠯᠡ ᠦᠯᠡᠳᠡᠭᠡᠵᠤ᠂ ᠲᠤᠤᠷᠳᠤ ᠴᠤᠩᠬᠤ ᠶᠢᠨ ᠭᠡᠯᠪᠡᠷᠢ ᠲᠠᠢ ᠪᠤᠯᠭᠠᠵᠤ᠂ ᠬᠤᠶᠠᠷ ᠨᠠᠰᠤᠨ ᠠᠴᠠ ᠬᠤᠶᠢᠰᠢ ᠲᠠᠷᠬᠠᠨ ᠭᠦᠨᠦᠭᠡᠵᠤ᠂ 4 ᠨᠠᠰᠤᠨ ᠠᠴᠠ ᠬᠤᠶᠢᠰᠢ ᠨᠠᠪᠴᠢ ᠶᠢ ᠢᠳᠡᠭᠰᠡᠭᠡᠷ ᠪᠠᠶᠢᠵᠤ᠂ ᠨᠦᠭᠡᠯᠡᠭᠦ᠂ ᠰᠡᠳᠡᠯᠭᠦ ᠪᠠ ᠴᠢᠨ᠋ᠬᠠᠰᠢᠯᠠᠪᠠᠯ ᠱᠦᠭᠦᠷ ᠤᠨ ᠭᠡᠯᠪᠡᠷᠢ ᠲᠠᠢ ᠪᠤᠯᠭᠠᠳᠠᠭ᠃ ᠠᠪᠠᠭᠠᠯᠳᠠᠢ ᠨᠢ ᠪᠦᠭᠡᠷᠡᠩᠬᠡᠢ ᠴᠠᠭᠠᠨ ᠨᠤᠭᠤᠭ᠎ᠠ᠂ ᠲᠤᠮᠤ ᠴᠠᠭᠠᠨ ᠨᠤᠭᠤᠭ᠎ᠠ ᠶᠢᠨ ᠨᠠᠪᠴᠢ ᠶᠢ ᠰᠡᠨᠳᠡᠯᠤᠨ ᠢᠳᠡᠵᠤ᠂ ᠢᠯᠭᠠᠳᠠᠰᠤ ᠪᠠᠨ ᠭᠡᠭᠡᠵᠤ᠂ ᠨᠠᠪᠴᠢ ᠶᠢ ᠪᠤᠭᠢᠷᠳᠤᠭᠤᠯᠬᠤ ᠪᠠ ᠢᠯᠵᠡᠷᠡᠭᠤᠯᠳᠠᠭ ᠪᠠᠶᠢᠨ᠎ᠠ᠃       ᠲᠠᠰᠢᠭᠤ ᠰᠤᠳᠠᠯᠳᠤ ᠢᠳᠤᠭᠠᠨ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠨᠤᠭᠤᠭ᠎ᠠ ᠪᠠᠨ ᠬᠤᠷᠢᠶᠠᠵᠤ ᠠᠪᠤᠠᠠᠰᠠᠨ ᠤ ᠰᠡᠭᠦᠯᠡᠷ ᠭᠠᠵᠠᠷ ᠢᠶᠠᠨ ᠭᠦᠨ ᠤᠷᠪᠠᠭᠤᠯᠤᠨ ᠭᠡᠤᠭᠡᠯᠳᠡᠢ ᠶᠢ ᠨᠢ ᠤᠰᠠᠳᠬᠠᠨ᠎ᠠ᠃ ︵2︶ ᠰᠢᠭᠢᠷᠳᠦ ᠼᠤᠤ ᠶᠢᠨ ᠰᠢᠩᠭᠡᠨ ᠰᠦᠷᠴᠢᠭᠦ᠂ ᠬᠠᠷ᠎ᠠ ᠭᠡᠷᠡᠯ ᠤᠨ ᠳ᠋ᠧᠩ ᠡᠯᠭᠦᠭᠦ ᠪᠤᠶᠤ ᠤᠯᠢᠶᠠᠰᠤᠨ ᠮᠤᠳᠤᠨ ᠤ ᠰᠠᠯᠠᠭᠠᠨ ᠳᠤ ᠳ᠋ᠢ ᠪᠠᠢ ᠴᠦᠩ ︵敌百虫︶ ᠤᠨ 500 ᠲᠠᠭᠢᠨ ᠤ ᠰᠢᠩᠬᠡᠨ ᠰᠦᠷᠴᠢᠵᠤ ᠪᠡᠶᠡᠯᠡᠭᠰᠡᠨ ᠬᠤᠷᠤᠬᠠᠢ ᠶᠢ ᠠᠷᠭᠠᠳᠠᠨ ᠤᠰᠠᠳᠬᠠᠨ᠎ᠠ᠃ ︵3︶ ᠦᠨᠳᠡᠭᠡᠨ ᠪᠦᠭᠡᠮ ᠢ ᠨᠢ ᠲᠡᠭᠦᠵᠤ ᠠᠷᠢᠯᠭᠠᠬᠤ ᠪᠠ ᠲᠠᠷᠬᠠᠨ ᠪᠠᠯᠴᠢᠵᠤ ᠭᠦᠨᠦᠭᠡᠯ ᠲᠠᠷᠢᠬᠤ ᠪᠤᠯᠤᠭᠠᠳᠤᠢ ᠰᠠᠶ᠋ᠢᠬᠠᠨ ᠨᠠᠪᠴᠢᠭ᠍ᠰᠡᠨ ᠠᠪᠠᠭᠠᠯᠳᠠᠢ ᠶᠢᠨ ᠰᠦᠷᠦᠭ ᠢ ᠲᠤᠤᠷᠯᠠᠵᠤ ᠤᠰᠠᠳᠬᠠᠨ᠎ᠠ᠃ ︵4︶ ᠠᠪᠠᠭᠠᠯᠳᠠᠢ  ᠨᠢ ᠲᠠᠷᠬᠠᠨ ᠪᠡᠯᠴᠢᠭᠦ ᠠᠴᠠ ᠡᠮᠦᠨᠡᠭᠢ ᠴᠠᠭ ᠬᠤᠭᠤᠴᠠᠭ᠎ᠠ ᠶᠢ ᠡᠵᠡᠮᠳᠡᠨ ᠡᠮ ᠢᠶᠠᠷ ᠰᠡᠷᠭᠡᠶᠢᠯᠡᠨ ᠵᠠᠰᠠᠨ᠎ᠠ᠃ ᠡᠭᠦᠨ ᠳᠤ 80% ᠶᠢᠨ ᠳ᠋ᠢ ᠳ᠋ᠢ ᠸᠧᠢ ︵敌敌畏︶ ᠲᠤᠰᠤᠨ ᠡᠮ ᠡᠰᠡᠭᠦᠯ᠎ᠠ 90% ᠶᠢᠨ ᠳ᠋ᠢ ᠪᠠᠢ ᠴᠦᠩ ︵敌百虫︶ ᠤᠨ 1000 ᠲᠠᠭᠢᠨ ᠤ ᠰᠢᠩᠭᠡᠨ᠂ 40% ᠶᠢᠨ ᠡᠲ᠋ᠠ ᠠᠰᠢᠯ ᠤᠨ ᠵᠢᠶᠠ ᠠᠨ ᠯᠢᠨ ︵甲胺磷︶ ᠡᠮ ᠤᠨ 1000 ᠲᠠᠭᠢᠨ ᠤ ᠰᠢᠩᠭᠡᠨ᠂ 5% ᠶᠢᠨ ᠺᠠᠠ ᠰᠧ ᠺᠧ ︵卡死克︶᠂  5% ᠶᠢᠨ ᠨᠦᠩ ᠮᠧᠩ ᠲᠧ ︵农梦特︶᠂  5% ᠶᠢᠨ ᠢ ᠲᠠᠢ ᠪᠤᠤ ︵抑太保︶ ᠲᠤᠰᠤᠨ ᠡᠮ ᠤᠨ 5000 ᠲᠠᠭᠢᠨ ᠤ ᠰᠢᠩᠭᠡᠨ᠂ 25% ᠶᠢᠨ ᠮᠢᠶᠧ ᠶᠢᠤ ᠨᠢᠶᠤᠤ ︵灭幼脲︶ 3 ᠨᠤᠮᠧᠷᠳᠤ ᠡᠮ ᠤᠨ 1000 ᠲᠠᠭᠢᠨ ᠤ ᠰᠢᠩᠭᠡᠨ᠂ 40% ᠶᠢᠨ ᠵᠢᠤᠢ ᠱᠠ ︵菊杀︶ ᠲᠤᠰᠤᠨ ᠡᠮ ᠤᠨ 2000~3000 ᠲᠠᠭᠢᠨ ᠤ ᠰᠢᠩᠭᠡᠨ᠂ 21% ᠶᠢᠨ ᠮᠢᠶᠧ ᠱᠠ ᠪᠢ ︵灭杀毙︶ ᠪᠤᠶᠤ 2.5% ᠶᠢᠨ ᠭᠦᠩ ᠹᠦ᠋ ︵功夫︶ ᠲᠤᠰᠤᠨ ᠡᠮ ᠤᠨ 5000 ᠲᠠᠭᠢᠨ ᠤ ᠰᠢᠩᠭᠡᠨ ᠢ ᠰᠦᠷᠴᠢᠨ᠎ᠠ᠃        16. ᠢᠳᠡᠰᠢᠨ ᠨᠤᠭᠤᠭ᠎ᠠ ᠶᠢᠨ ᠴᠠᠭᠠᠨ ᠰᠤᠳᠠᠯᠳᠤ ᠢᠳᠤᠭᠠᠨ ᠤ ᠬᠦᠨᠦᠭᠡᠯ ᠢ ᠰᠡᠷᠭᠡᠶᠢᠯᠡᠨ ᠵᠠᠰᠠᠬᠤ        ᠴᠠᠭᠠᠨ ᠰᠤᠳᠠᠯᠳᠤ ᠢᠳᠤᠭᠠᠨ ᠪᠤᠯ ᠭᠤᠤᠯ ᠨᠢ ᠠᠩᠬ᠎ᠠ ᠨᠠᠪᠴᠢᠭ᠍ᠰᠡᠨ ᠠᠪᠠᠭᠠᠯᠳᠠᠢ ᠨᠢ ᠨᠠᠪᠴᠢᠨ ᠤ ᠮᠢᠬ᠎ᠠ ᠶᠢ ᠢᠳᠡᠵᠤ᠂ ᠬᠤᠭᠤᠰᠤᠨ ᠬᠠᠯᠢᠰᠤ ᠶᠢ ᠨᠢ ᠦᠯᠡᠳᠡᠭᠡᠵᠤ᠂ ᠰᠡᠭᠦᠯᠡᠷ ᠨᠢ ᠨᠠᠪᠴᠢ ᠶᠢ ᠨᠦᠭᠡᠯᠡᠭᠦ ᠪᠠ ᠰᠠᠡᠳᠠᠯᠤᠨ ᠢᠳᠡᠵᠤ᠂ ᠢᠯᠭᠠᠳᠠᠰᠤ ᠪᠠᠨ ᠭᠡᠭᠡᠵᠤ᠂ ᠨᠤᠭᠤᠭ᠎ᠠ ᠶᠢᠨ ᠰᠠᠭᠤᠷᠢ ᠶᠢ ᠪᠤᠭᠢᠷᠳᠤᠭᠤᠯᠳᠠᠭ ᠪᠠᠶᠢᠨ᠎ᠠ᠃ ᠪᠡᠶᠡᠯᠡᠭᠰᠡᠨ ᠬᠤᠷᠤᠬᠠᠢ ᠨᠢ ᠨᠠᠪᠴᠢᠨ ᠤ ᠠᠷᠤ ᠲᠠᠯ᠎ᠠ᠂  ᠭᠦᠷᠦᠰᠤᠨ ᠭᠠᠳᠠᠷᠭᠤ ᠪᠠ ᠪᠦᠷᠭᠦᠭᠦᠯᠳᠤ ᠤᠷᠭᠤᠮᠠᠯ ᠤᠨ ᠬᠤᠭᠤᠷᠤᠨᠳᠤ ᠰᠢᠷᠭᠡᠭ ᠪᠦᠭᠡᠯᠵᠢᠨ ᠭᠡᠤᠭᠡᠯᠳᠡᠶᠢᠵᠢᠵᠤ᠂ ᠨᠤᠭᠤᠭᠠᠨ ᠤ ᠤᠷᠤᠨ ᠳᠤ 7~9 ᠳ᠋ᠤᠭᠡᠷ ᠰᠠᠷ᠎ᠠ ᠳᠤ ᠭᠦᠨᠦᠭᠡᠯ ᠤᠨ ᠭᠦᠭ ᠦᠶ᠎ᠠ ᠨᠢ ᠪᠤᠯᠵᠤ᠂ ᠵᠢᠯ ᠪᠦᠷᠢ ᠶᠢᠨ ᠬᠠᠪᠤᠷ ᠨᠠᠮᠤᠷ ᠤᠨ ᠤᠯᠠᠷᠢᠯ ᠳᠤ ᠨᠤᠭᠤᠭ᠎ᠠ ᠶᠢᠨ ᠭᠦᠭᠡ ᠬᠤᠷᠤᠬᠠᠢ ᠪᠠ ᠨᠤᠭᠤᠭ᠎ᠠ ᠶᠢᠨ ᠪᠠᠭᠠᠷᠠᠩ ᠬᠤᠷᠤᠬᠠᠢ ᠲᠠᠢ ᠴᠤᠭ ᠲᠠᠭᠠᠨ ᠡᠭᠦᠰᠳᠡᠭ ᠪᠠᠶᠢᠨ᠎ᠠ᠃          ᠴᠠᠭᠠᠨ ᠰᠤᠳᠠᠯᠳᠤ ᠢᠳᠤᠭᠠᠨ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ᠴᠠᠭᠠᠨ ᠰᠤᠳᠠᠯᠳᠤ ᠢᠳᠤᠭᠠᠨ ᠨᠢ ᠨᠤᠭᠤᠭ᠎ᠠ ᠶᠢᠨ ᠭᠦᠭᠡ ᠬᠤᠷᠤᠬᠠᠢ᠂ ᠨᠤᠭᠤᠭ᠎ᠠ ᠶᠢᠨ ᠪᠠᠭᠠᠷᠠᠩ ᠬᠤᠷᠤᠬᠠᠢ ᠲᠠᠢ ᠠᠳᠠᠯᠢ ᠴᠠᠭ ᠲᠤ ᠬᠠᠮᠳᠤ ᠡᠭᠦᠰᠳᠡᠭ ᠪᠤᠯᠬᠤᠷ ᠨᠤᠭᠤᠭ᠎ᠠ ᠶᠢᠨ ᠪᠠᠭᠠᠷᠠᠩ ᠬᠤᠷᠤᠬᠠᠢ ᠵᠡᠷᠭᠡ ᠶᠢ ᠰᠡᠷᠭᠡᠶᠢᠯᠡᠨ ᠵᠠᠰᠠᠬᠤ ᠲᠠᠢ ᠬᠠᠮᠳᠤ ᠳᠤᠨᠢ ᠰᠡᠷᠭᠡᠶᠢᠯᠡᠨ ᠵᠠᠰᠠᠵᠤ ᠪᠤᠯᠤᠨ᠎ᠠ᠃        17. ᠢᠳᠡᠰᠢᠨ ᠨᠤᠭᠤᠭ᠎ᠠ ᠶᠢᠨ ᠮᠤᠷᠤᠢ ᠰᠤᠳᠠᠯᠳᠤ ᠦᠰᠦᠷᠦᠭᠴᠢ ᠰᠢᠷ᠎ᠠ ᠴᠤᠬᠤ ᠶᠢᠨ ᠬᠦᠨᠦᠭᠡᠯ ᠢ ᠰᠡᠷᠭᠡᠶᠢᠯᠡᠨ ᠵᠠᠰᠠᠬᠤ        ᠮᠤᠷᠤᠢ ᠰᠤᠳᠠᠯᠳᠤ ᠦᠰᠦᠷᠦᠭᠴᠢ ᠰᠢᠷ᠎ᠠ ᠴᠤᠬᠤ ᠪᠤᠯ ᠭᠤᠤᠯ ᠨᠢ ᠲᠤᠨᠤᠯᠵᠢᠨ ᠴᠡᠴᠡᠭ ᠤᠨ ᠢᠵᠠᠭᠤᠷ ᠤᠨ ᠲᠠᠷᠢᠮᠠᠯ ᠢ ᠭᠦᠨᠦᠭᠡᠳᠡᠭ᠃ ᠭᠦᠨᠦᠭᠡᠭᠦ ᠳᠡᠭᠡᠨ ᠪᠡᠶᠡᠯᠡᠭᠰᠡᠨ ᠬᠤᠷᠤᠬᠠᠢ᠂ ᠠᠪᠠᠭᠠᠯᠳᠠᠢ ᠨᠢ ᠴᠦᠮ ᠭᠦᠨᠦᠭᠡᠯ ᠲᠠᠷᠢᠳᠠᠭ᠃ ᠪᠡᠶᠡᠯᠡᠭᠰᠡᠨ ᠬᠤᠷᠤᠬᠠᠢ ᠨᠢ ᠨᠠᠪᠴᠢ ᠶᠢ ᠨᠦᠭᠡᠯᠡᠵᠤ ᠰᠡᠡᠳᠡᠯᠦᠨ ᠢᠳᠡᠵᠤ᠂ ᠭᠦᠨᠳᠤ ᠨᠤᠴᠢᠳᠡᠢ ᠦᠶᠡᠰ ᠵᠦᠪᠭᠡᠨ ᠨᠠᠪᠴᠢᠨ ᠤ ᠰᠤᠳᠠᠯ ᠢ ᠯᠡ ᠦᠯᠡᠳᠡᠭᠡᠳᠡᠭ᠃ ᠨᠢᠯᠬ᠎ᠠ ᠴᠢᠭᠢ ᠶᠢ ᠭᠦᠨᠦᠭᠡᠵᠤ᠂ ᠦᠷᠭᠦᠯᠵᠢ ᠴᠢᠭᠢ ᠲᠤᠳ᠋ᠬᠠᠳᠠᠭᠤᠯᠬᠤ ᠪᠠ ᠲᠠᠯᠠᠩ ᠢ ᠲᠠᠰᠤᠯᠳᠠᠭᠤᠯᠵᠤ᠂ ᠪᠤᠯᠪᠠᠰᠤᠷᠬᠠᠰᠠᠨ ᠲᠠᠷᠢᠮᠠᠯ ᠤᠨ ᠴᠤᠮᠤᠷᠯᠢᠭ᠂ ᠪᠤᠭᠤᠷᠴᠠᠭ᠂ ᠵᠢᠮᠢᠰ ᠤᠨ ᠪᠠᠷᠢᠭᠤᠯ ᠪᠤᠯᠤᠨ ᠨᠢᠯᠬ᠎ᠠ ᠰᠠᠯᠠᠭ᠎ᠠ ᠶᠢ ᠦᠷᠭᠦᠯᠵᠢ ᠭᠦᠨᠦᠭᠡᠳᠡᠭ᠃ ᠠᠪᠠᠭᠠᠯᠳᠠᠢ ᠨᠢ ᠨᠤᠭᠤᠭᠠᠨ ᠤ ᠦᠨᠳᠤᠰᠤ ᠶᠢ ᠱᠠᠭᠠᠯᠤᠨ ᠢᠳᠡᠵᠤ᠂ ᠦᠨᠳᠤᠰᠤᠨ ᠤ ᠬᠠᠯᠢᠰᠤ ᠶᠢ ᠰᠠᠠᠳᠡᠯᠤᠨ ᠢᠳᠡᠭᠡᠳ᠂ ᠮᠤᠷᠤᠢ ᠰᠠᠷᠤᠢ ᠬᠤᠷᠤᠬᠠᠢ ᠶᠢᠨ ᠵᠠᠮ ᠭᠠᠷᠭᠠᠵᠤ᠂ ᠰᠠᠬᠠᠯ ᠦᠨᠳᠤᠰᠤ ᠶᠢ ᠲᠠᠰᠤᠳᠠᠨ ᠢᠳᠡᠭᠡᠳ᠂ ᠨᠤᠭᠤᠭᠠᠨ ᠤ ᠨᠠᠪᠴᠢ ᠶᠢ ᠬᠤᠷᠪᠤᠶᠢᠯᠭᠠᠨ ᠬᠠᠳᠠᠭᠠᠵᠤ ᠦᠭᠦᠭᠦᠯᠳᠡᠭ ᠪᠦᠭᠡᠳ ᠪᠠᠰᠠ ᠢᠯᠵᠠᠷᠠᠬᠤ ᠭᠡᠮ ᠢ ᠲᠡᠯᠭᠡᠷᠡᠭᠦᠯᠳᠡᠭ ᠪᠠᠶᠢᠨ᠎ᠠ᠃       ᠮᠤᠷᠤᠢ ᠰᠤᠳᠠᠯᠳᠤ ᠦᠰᠦᠷᠦᠭᠴᠢ ᠰᠢᠷ᠎ᠠ ᠴᠤᠬᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠲᠤᠨᠤᠯᠵᠢᠨ ᠴᠠᠴᠡᠭ ᠤᠨ ᠢᠵᠠᠭᠤᠷ ᠤᠨ ᠪᠤᠰᠤ ᠨᠤᠭᠤᠭ᠎ᠠ ᠲᠠᠢ ᠡᠭᠡᠯᠵᠢᠯᠡᠨ ᠲᠠᠷᠢᠨ᠎ᠠ᠃ ︵2︶ ᠲᠠᠷᠢᠶᠠᠨ ᠳᠠᠬᠢ ᠦᠯᠡᠳᠡᠭᠳᠡᠯ ᠨᠠᠪᠴᠢ ᠨᠠᠮᠠᠭ᠎ᠠ ᠶᠢ ᠴᠡᠪᠡᠷᠯᠡᠨ ᠠᠷᠢᠯᠭᠠᠵᠤ᠂ ᠰᠤᠯᠠ ᠡᠪᠡᠰᠤ ᠶᠢ ᠬᠤᠰᠤᠨ ᠴᠡᠪᠡᠷᠯᠡᠵᠤ᠂ ᠲᠡᠭᠦᠨ ᠤ ᠡᠪᠤᠯᠵᠢᠭᠦ ᠡᠭᠦᠷ ᠪᠤᠶᠤ ᠢᠳᠡᠰᠢ ᠶᠢᠨ ᠢᠷᠡᠯᠳᠡ ᠶᠢ ᠨᠢ ᠠᠷᠢᠯᠭᠠᠨ ᠬᠠᠶᠠᠵᠤ᠂ ᠲᠠᠷᠢᠬᠤ ᠠᠴᠠ ᠪᠠᠨ ᠡᠮᠦᠨ᠎ᠠ ᠭᠠᠵᠠᠷ ᠢᠶᠠᠨ ᠭᠦᠨ ᠤᠷᠪᠠᠭᠤᠯᠤᠨ᠂ ᠨᠠᠷᠨᠨ ᠳᠤ ᠰᠢᠷᠠᠵᠤ ᠭᠡᠤᠭᠡᠯᠳᠡᠢ ᠶᠢ ᠨᠢ ᠤᠰᠠᠳᠬᠠᠵᠤ᠂ ᠬᠤᠷᠤᠬᠠᠢ ᠶᠢᠨ ᠨᠢᠠᠠᠳᠠᠴᠠ ᠲᠤᠭ᠎ᠠ ᠶᠢ ᠪᠠᠭᠤᠷᠠᠭᠤᠯᠤᠨ᠎ᠠ᠃ ︵3︶ ᠴᠢᠭᠢᠯᠡᠯᠳᠡ ᠶᠢᠨ ᠬᠤᠭᠤᠴᠠᠭᠠᠨ ᠳᠤ ᠡᠷᠳᠡᠭᠡᠨ ᠠᠴᠠ ᠵᠠᠰᠠᠵᠤ᠂ ᠪᠡᠶᠡᠯᠡᠭᠰᠡᠨ ᠬᠤᠷᠤᠬᠠᠢ ᠶᠢ ᠤᠰᠠᠳᠬᠠᠬᠤ ᠪᠤᠯ ᠡᠮ ᠢᠶᠠᠷ ᠰᠡᠷᠭᠡᠶᠢᠯᠡᠨ ᠵᠠᠰᠠᠬᠤ ᠶᠢᠨ ᠵᠠᠩᠭᠢᠯᠠᠭ᠎ᠠ ᠪᠤᠯᠤᠨ᠎ᠠ᠃ ᠠᠪᠠᠭᠠᠯᠳᠠᠢ ᠶᠢ ᠤᠰᠠᠳᠬᠠᠬᠤ ᠳᠤ 50% ᠶᠢᠨ ᠰᠢᠨ ᠯᠢᠤ ᠯᠢᠨ ︵辛硫磷︶ ᠡᠮ ᠤᠨ 2500 ᠲᠠᠭᠢᠨ ᠤ ᠰᠢᠩᠭᠡᠨ ᠪᠤᠶᠤ 90% ᠶᠢᠨ ᠳ᠋ᠢ ᠪᠠᠢ ᠴᠦᠩ ︵敌百虫︶ ᠡᠮ ᠤᠨ 1000 ᠲᠠᠭᠢᠨ ᠤ ᠰᠢᠩᠭᠡᠨ ᠢ ᠦᠨᠳᠤᠰᠤᠨ ᠳᠤᠨᠢ ᠴᠢᠳᠬᠤᠨ᠎ᠠ᠃ ᠪᠡᠶᠡᠯᠡᠭᠰᠡᠨ ᠬᠤᠷᠤᠬᠠᠢ ᠶᠢ ᠤᠰᠠᠳᠬᠠᠬᠤ ᠳᠤ 40% ᠶᠢᠨ ᠵᠢᠤᠢ ᠱᠠ ︵菊杀︶ ᠪᠤᠶᠤ ᠵᠢᠤᠢ ᠮᠠ ︵菊马︶ ᠲᠤᠰᠤᠨ ᠡᠮ ᠤᠨ 2000~3000 ᠲᠠᠭᠢᠨ ᠤ ᠰᠢᠩᠭᠡᠨ᠂ 80% ᠶᠢᠨ ᠳ᠋ᠢ ᠳ᠋ᠢ ᠸᠧᠢ ︵敌敌畏︶ ᠪᠤᠶᠤ 50% ᠶᠢᠨ ᠮᠠ ᠯᠡ ᠯᠢᠤ ᠯᠢᠨ ︵马拉硫磷︶ ᠡᠮ ᠤᠨ 1000 ᠲᠠᠭᠢᠨ ᠤ ᠰᠢᠩᠭᠡᠨ ᠢ ᠲᠠᠷᠢᠶᠠᠨ ᠭᠠᠵᠠᠷ ᠤᠨ ᠢᠶᠠᠨ ᠲᠦᠷᠪᠡᠨ ᠲᠠᠯ᠎ᠠ ᠠᠴᠠ ᠲᠤᠳᠤᠠᠠᠰᠢ ᠪᠠᠨ ᠲᠠᠷᠢᠶᠠᠨ ᠭᠤᠤᠯ ᠲᠦᠪ ᠵᠦᠭ ᠰᠦᠷᠴᠢᠨ᠎ᠠ᠃ ᠢᠡᠭᠭᠢᠪᠡᠯ ᠪᠡᠶᠡᠯᠡᠭᠰᠡᠨ ᠬᠤᠷᠤᠬᠠᠢ ᠨᠢ ᠵᠡᠷᠭᠡᠯᠡᠳᠡᠭᠡ ᠲᠠᠷᠢᠶᠠᠨ ᠳᠤ ᠦᠰᠦᠷᠤᠨ ᠤᠷᠤᠬᠤ ᠶᠢ ᠰᠡᠷᠭᠡᠶᠢᠯᠡᠵᠤ᠂ ᠰᠡᠷᠭᠡᠶᠢᠯᠡᠨ ᠵᠠᠰᠠᠬᠤ ᠦᠷ᠎ᠡ ᠪᠦᠳᠦᠮᠵᠢ ᠶᠢ ᠲᠡᠭᠡᠭᠰᠢᠯᠡᠭᠦᠯᠵᠤ ᠴᠢᠳᠠᠨ᠎ᠠ᠃       ᠪᠠᠶᠢᠡᠭᠭᠤ ᠭᠡᠷᠡᠭᠯᠡᠭᠦ ᠡᠮ ᠳᠤ ᠰᠢᠨ ᠯᠢᠤ ᠯᠢᠨ ︵辛硫磷︶᠂ ᠵᠢᠤᠢ ᠱᠠ ︵菊杀︶᠂ ᠳ᠋ᠢ ᠪᠠᠢ ᠴᠦᠩ ︵敌百虫︶᠂ ᠮᠡ ᠯᠡ ᠯᠢᠤ ᠯᠢᠨ ︵马拉硫磷︶ ᠵᠡᠷᠭᠡ ᠡᠮ ᠪᠠᠶᠢᠨ᠎ᠠ᠃       18. ᠢᠳᠡᠰᠢᠨ ᠨᠤᠭᠤᠭ᠎ᠠ ᠶᠢᠨ ᠬᠠᠷ᠎ᠠ ᠴᠤᠬᠤ ᠶᠢᠨ ᠬᠦᠨᠦᠭᠡᠯ ᠢ ᠰᠡᠷᠭᠡᠶᠢᠯᠡᠨ ᠵᠠᠰᠠᠬᠤᠨᠤᠭᠤᠭᠠᠨ ᠤ ᠬᠠᠷ᠎ᠠ ᠴᠤᠬᠤ ᠪᠤᠯ ᠭᠤᠤᠯ ᠨᠢ ᠴᠠᠭᠠᠨ ᠨᠤᠭᠤᠭ᠎ᠠ᠂ ᠯᠤᠤᠪᠠᠩ᠂ ᠭᠡᠴᠢ᠂ ᠲᠤᠰᠤᠳᠤ ᠨᠤᠭᠤᠭ᠎ᠠ ᠵᠡᠷᠭᠡ ᠶᠢ ᠭᠦᠨᠦᠭᠡᠳᠡᠭ᠃ ᠪᠡᠶᠡᠯᠡᠭᠰᠡᠨ ᠬᠤᠷᠤᠬᠠᠢ᠂ ᠠᠪᠠᠭᠠᠯᠳᠠᠢ ᠨᠢ ᠴᠦᠮ ᠨᠤᠭᠤᠭᠠᠨ ᠤ ᠨᠠᠪᠴᠢ ᠶᠢ ᠰᠡᠡᠳᠡᠯᠭᠦ ᠪᠡ ᠨᠦᠭᠡᠯᠡᠨ ᠢᠳᠡᠵᠤ᠂ ᠭᠦᠨᠳᠤ ᠨᠤᠴᠢᠳᠡᠢ ᠦᠶᠡᠰ ᠵᠦᠪᠭᠡᠨ ᠨᠠᠪᠴᠢᠨ ᠤ ᠰᠤᠳᠠᠯ ᠢ ᠦᠯᠡᠳᠡᠭᠡᠳᠡᠭ ᠪᠠ ᠨᠤᠭᠤᠭ᠎ᠠ ᠨᠢ ᠬᠤᠷᠤᠬᠠᠢ ᠶᠢᠨ ᠢᠯᠭᠠᠳᠠᠰᠤᠨ ᠳᠤ ᠪᠤᠭᠢᠷᠳᠤᠭᠠᠳ ᠢᠳᠡᠭᠦ ᠶᠢᠨ ᠠᠷᠭ᠎ᠠ ᠦᠭᠡᠢ ᠪᠤᠯᠳᠠᠭ ᠪᠠᠶᠢᠨ᠎ᠠ᠃       ᠨᠤᠭᠤᠭᠠᠨ ᠤ ᠬᠠᠷ᠎ᠠ ᠴᠤᠬᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠭᠠᠵᠠᠷ ᠲᠠᠯᠠᠪᠠᠢ ᠪᠠᠨ ᠬᠠᠪᠤᠷ ᠪᠤᠶᠤ ᠨᠠᠮᠤᠷ ᠤᠷᠪᠠᠭᠤᠯᠵᠤ᠂ ᠡᠪᠤᠯᠵᠢᠭ᠍ᠰᠡᠨ ᠪᠡ ᠵᠤᠠᠵᠢᠠᠠᠰᠨᠨ ᠪᠡᠶᠡᠯᠡᠭᠰᠡᠨ ᠬᠤᠷᠤᠬᠠᠢ ᠶᠢ ᠤᠰᠠᠳᠬᠠᠨ᠎ᠠ᠃ ︵2︶ ᠪᠡᠶᠡᠯᠡᠭᠰᠡᠨ ᠬᠤᠷᠤᠬᠠᠢ ᠶᠢ ᠪᠠᠷᠢᠵᠤ ᠤᠰᠠᠳᠬᠠᠬᠤ ᠪᠠ ᠭᠦᠪᠢᠵᠤ ᠴᠤᠭᠢᠵᠤ ᠤᠰᠠᠳᠬᠠᠨ᠎ᠠ᠃ ︵3︶ ᠨᠤᠭᠤᠭᠠᠨ ᠤ ᠭᠦᠭᠡ ᠬᠤᠷᠤᠬᠠᠢ᠂ ᠨᠤᠭᠤᠭᠠᠨ ᠤ ᠵᠢᠵᠢᠭ ᠢᠳᠤᠭᠠᠨ᠂ ᠵᠤᠷᠪᠤᠰᠳᠤ ᠦᠰᠦᠷᠮᠡᠳᠡᠭᠡᠢ ᠰᠢᠷ᠎ᠠ ᠴᠤᠬᠤ ᠵᠡᠷᠭᠡ ᠭᠦᠨᠦᠭᠡᠯᠳᠤ ᠬᠤᠷᠤᠬᠠᠢ ᠲᠠᠢ ᠴᠤᠭ ᠲᠤᠨᠢ ᠰᠡᠷᠭᠡᠶᠢᠯᠡᠨ ᠵᠠᠰᠠᠨ᠎ᠠ᠃        19. ᠢᠳᠡᠰᠢᠨ ᠨᠤᠭᠤᠭ᠎ᠠ ᠶᠢᠨ ᠬᠠᠴᠢᠭ ᠤᠨ ᠬᠦᠨᠦᠭᠡᠯ ᠢ ᠰᠡᠷᠭᠡᠶᠢᠯᠡᠨ ᠵᠠᠰᠠᠬᠤ        ᠬᠠᠴᠢᠭ ᠪᠤᠯ ᠭᠤᠤᠯ ᠨᠢ ᠬᠠᠰᠢ᠂ ᠯᠠᠵᠤᠤ᠂ ᠲᠦᠮᠤᠰᠤ᠂ ᠭᠤᠸᠠ ᠶᠢᠨ ᠲᠦᠷᠦᠯ ᠪᠤᠯᠤᠨ ᠪᠤᠷᠴᠠᠭ ᠤᠨ ᠲᠦᠷᠦᠯ ᠤᠨ ᠲᠠᠷᠢᠮᠠᠯ ᠢ ᠭᠦᠨᠦᠭᠡᠳᠡᠭ᠃        ᠪᠡᠶᠡᠯᠡᠭᠰᠡᠨ ᠬᠤᠷᠤᠬᠠᠢ ᠨᠢ ᠲᠠᠷᠢᠮᠠᠯ ᠤᠨ ᠨᠢᠯᠬ᠎ᠠ ᠨᠠᠭᠢᠶ᠎ᠠ᠂ ᠨᠢᠯᠬ᠎ᠠ ᠨᠠᠪᠴᠢ᠂ ᠴᠡᠴᠡᠭ᠂ ᠨᠢᠯᠬ᠎ᠠ ᠴᠢᠭᠢ ᠵᠡᠷᠭᠡ ᠲᠡᠭᠡᠷ᠎ᠡ ᠲᠦᠪᠯᠡᠷᠡᠵᠤ ᠰᠢᠭᠦᠰᠤ ᠶᠢ ᠨᠢ ᠬᠠᠳᠬᠤᠨ ᠰᠤᠷᠤᠵᠤ᠂ ᠭᠦᠨᠦᠭᠡᠯ ᠳᠤ ᠤᠴᠠᠷᠬᠠᠰᠠᠨ ᠨᠠᠪᠴᠢᠨ ᠤ ᠠᠷᠤ ᠲᠠᠯ᠎ᠠ ᠳᠤᠨᠢ ᠰᠠᠷᠠᠯ ᠪᠤᠶᠤ ᠬᠠᠷ᠎ᠠ ᠭᠦᠷᠡᠩ ᠦᠡᠭᠭᠡ ᠰᠠᠭᠤᠵᠤ᠂ ᠲᠤᠰᠤᠨ ᠳᠤ ᠲᠠᠪᠳᠦᠭᠰᠡᠨ ᠭᠡᠯᠪᠡᠷᠢ ᠲᠠᠢ ᠪᠤᠯᠵᠤ᠂ ᠨᠤᠭᠤᠭᠠᠨ ᠨᠠᠪᠴᠢ ᠨᠢ ᠲᠤᠷᠤᠠᠠᠰᠢ ᠪᠠᠨ ᠮᠢᠳᠠᠷᠠᠳᠠᠭ᠃ ᠭᠦᠨᠦᠭᠡᠯ ᠳᠤ ᠤᠴᠠᠷᠬᠠᠰᠠᠨ ᠨᠢᠯᠬ᠎ᠠ ᠡᠰᠢ ᠨᠢᠯᠬ᠎ᠠ ᠰᠠᠯᠠᠭ᠎ᠠ  ᠨᠢ ᠰᠢᠷᠭᠠᠯ ᠭᠦᠷᠡᠩ ᠪᠤᠯᠵᠤ ᠰᠤᠨᠢᠨ ᠵᠢᠭᠳᠡᠢ ᠮᠤᠷᠦ᠋ᠢᠵᠤ᠂ ᠭᠦᠨᠳᠤ ᠨᠤᠴᠢᠳᠡᠢ ᠨᠢ ᠤᠷᠭᠤᠮᠠᠯ ᠤᠨ ᠤᠷᠤᠢ ᠶᠢᠨ ᠭᠡᠰᠡᠭ  ᠨᠢ ᠬᠠᠳᠠᠳᠠᠭ᠃ ᠭᠦᠨᠦᠭᠡᠯ ᠳᠤ ᠤᠴᠠᠷᠬᠠᠰᠠᠨ ᠴᠤᠮᠤᠷᠯᠢᠭ ᠪᠤᠯᠤᠨ ᠴᠡᠴᠡᠭ ᠨᠢ ᠬᠤᠸᠠᠷ ᠲᠡᠯᠭᠡᠷᠡᠵᠤ ᠦᠷᠡᠯᠡᠵᠤ ᠵᠢᠮᠢᠰᠯᠡᠭᠦ ᠪᠠᠨ ᠪᠤᠯᠢᠳᠠᠭ ᠪᠠᠶᠢᠨ᠎ᠠ᠃ ᠵᠢᠮᠢᠰ ᠨᠢ ᠭᠦᠨᠦᠭᠡᠯ ᠳᠤ ᠤᠴᠠᠷᠠᠪᠠᠯ ᠵᠢᠮᠢᠰ ᠤᠨ ᠪᠠᠷᠢᠭᠤᠯ᠂ ᠴᠠᠴᠡᠭ ᠤᠨ ᠲᠤᠠᠠᠳᠤᠢ ᠵᠢᠴᠢ ᠵᠢᠮᠢᠰ ᠤᠨ ᠬᠠᠯᠢᠰᠤ ᠨᠢ ᠰᠢᠷᠭᠠᠯ ᠦᠡᠭᠭᠡ ᠲᠠᠢ ᠪᠤᠯᠵᠤ ᠮᠤᠳᠤᠴᠢᠯᠠᠳᠠᠭ ᠪᠠᠶᠢᠨ᠎ᠠ᠃ ᠬᠠᠰᠢ ᠨᠢ ᠭᠦᠨᠦᠭᠡᠯ ᠳᠤ ᠤᠴᠠᠷᠬᠠᠰᠠᠨ ᠤ ᠰᠡᠭᠦᠯᠡᠷ ᠬᠠᠭᠠᠷᠬᠠᠰᠠᠨ ᠮᠡᠨᠳᠠᠤ ᠰᠢᠬ ᠪᠤᠯᠵᠤ᠂ ᠠᠮᠳᠠ ᠨᠢ ᠭᠠᠰᠢᠭᠤᠨ ᠪᠤᠯᠵᠤ᠂ ᠢᠳᠡᠵᠤ ᠪᠤᠯᠳᠠᠭ ᠦᠭᠡᠢ᠃ ᠴᠢᠨᠵᠤᠤ ᠭᠦᠨᠳᠤ ᠨᠤᠴᠢᠳᠡᠢ ᠭᠦᠨᠦᠭᠡᠭᠳᠡᠪᠡᠯ ᠨᠠᠪᠴᠢ᠂ ᠴᠡᠴᠡᠭ᠂ ᠵᠢᠮᠢᠰ ᠨᠢ ᠤᠨᠠᠳᠠᠭ᠃ ᠲᠦᠪᠡᠳ ᠬᠠᠰᠢ ᠭᠦᠨᠦᠭᠡᠯ ᠳᠤ ᠤᠴᠠᠷᠠᠪᠠᠯ ᠨᠠᠪᠴᠢ ᠨᠢ ᠠᠪᠴᠢᠵᠤ ᠭᠦᠰᠢᠨ ᠬᠠᠳᠠᠭᠤᠷᠠᠵᠤ᠂ ᠰᠤᠨᠢᠨ ᠵᠢᠭᠳᠡᠢ ᠠᠪᠴᠢᠨ ᠮᠤᠷᠦ᠋ᠢᠵᠤ᠂ ᠡᠴᠦᠰ ᠲᠡᠭᠡᠨ ᠬᠤᠵᠢᠭᠢᠷ ᠪᠤᠯᠳᠠᠭ᠃ ᠲᠦᠮᠦᠰᠤ ᠨᠢ ᠭᠦᠨᠦᠭᠡᠯ ᠳᠤ ᠤᠴᠠᠷᠠᠪᠠᠯ ᠰᠠᠭᠤᠷᠢ ᠨᠢ ᠪᠤᠭᠤᠨᠢᠰᠬᠤ ᠪᠠ ᠤᠷᠤᠢ ᠶᠢᠨ ᠭᠡᠰᠡᠭ ᠠᠴᠠ ᠪᠠᠨ ᠡᠭᠢᠯᠡᠨ ᠠᠪᠴᠢᠨ ᠬᠤᠷᠪᠤᠶᠢᠵᠤ᠂ ᠴᠢᠨ᠋ᠬᠠᠰᠢᠯᠠᠪᠠᠯ ᠪᠦᠭᠦ ᠰᠠᠭᠤᠷᠢ ᠪᠠᠷ ᠢᠶᠠᠨ ᠬᠠᠳᠠᠨ ᠦᠭᠦᠵᠤ᠂ ᠤᠷᠭᠤᠮᠠᠯ ᠤᠨ ᠰᠠᠭᠤᠷᠢᠨ ᠭᠡᠰᠡᠭ ᠲᠤᠨᠢ ᠲᠤᠠᠠᠳᠠᠪᠤᠷᠢ ᠦᠭᠡᠢ ᠤᠯᠠᠨ ᠨᠠᠭᠢᠶ᠎ᠠ ᠭᠠᠷᠳᠠᠭ ᠲᠤᠯᠠ ᠭᠡᠵᠢᠶᠡᠳᠡ ᠪᠢᠤᠯᠤᠭᠢ ᠶᠢᠨ ᠭᠡᠮ ᠤᠨ ᠭᠦᠨᠦᠭᠡᠯ ᠪᠤᠶᠤ ᠡᠪᠡᠳᠴᠢᠨ ᠤ ᠬᠤᠤᠷ ᠤᠨ ᠭᠦᠨᠦᠭᠡᠯ ᠭᠡᠵᠤ ᠠᠮᠠᠷᠬᠠᠨ ᠠᠠᠳᠠᠭᠤᠷᠠᠬᠤ ᠳᠤ ᠭᠦᠷᠳᠡᠭ ᠪᠠᠶᠢᠨ᠎ᠠ᠃       ᠬᠠᠴᠢᠭ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠲᠠᠷᠢᠶᠠᠨ ᠭᠠᠵᠠᠷ᠂ ᠲᠠᠷᠢᠶᠠᠨ ᠵᠠᠬ᠎ᠠ ᠶᠢᠨ ᠰᠤᠯᠠ ᠡᠪᠡᠰᠤ ᠵᠢᠴᠢ ᠦᠯᠡᠳᠡᠭᠳᠡᠯ ᠤᠷᠭᠤᠮᠠᠯ ᠢ ᠠᠷᠢᠯᠭᠠᠨ ᠴᠠᠪᠡᠷᠯᠡᠵᠤ᠂ ᠡᠪᠤᠯ ᠤᠨ ᠤᠯᠠᠷᠢᠯ ᠤᠨ ᠬᠠᠮᠠᠭᠠᠯᠠᠯᠳᠠ ᠶᠢᠨ ᠲᠠᠷᠢᠶᠠᠨ ᠤ ᠰᠡᠷᠭᠡᠶᠢᠯᠡᠨ ᠵᠠᠰᠠᠬᠤ ᠠᠵᠢᠯ ᠢ ᠰᠠᠶᠢᠳᠤᠷ ᠠᠳᠬᠤᠵᠤ᠂ ᠡᠪᠤᠯᠵᠢᠭᠦ ᠬᠤᠷᠤᠬᠠᠢ ᠶᠢᠨ ᠢᠷᠠᠯᠳᠠ ᠶᠢ ᠣᠰᠠᠳᠬᠠᠬᠤ ᠭᠡᠷᠡᠭᠳᠡᠢ᠃ ︵2︶ ᠬᠤᠷᠤᠬᠠᠢ ᠡᠭᠦᠰᠭᠦ ᠡᠭᠢᠨ ᠤ ᠬᠤᠭᠤᠴᠠᠭᠠᠨ ᠳᠤ ᠲᠠᠷᠦ᠋ᠢᠬᠠᠨ ᠡᠮ ᠢᠶᠠᠷ ᠵᠠᠰᠠᠬᠤ ᠭᠡᠷᠡᠭᠳᠡᠢ᠃ ᠡᠮ ᠢᠶᠠᠷ ᠵᠠᠰᠠᠬᠤ ᠳᠠᠭᠠᠨ 73% ᠺᠧ ᠮᠠᠨ ᠲᠧ ︵克螨特︶ ᠲᠤᠰᠤᠨ ᠡᠮ ᠤᠨ 2000 ᠲᠠᠭᠢᠨ ᠤ ᠰᠢᠩᠭᠡᠨ᠂ 20% ᠶᠢᠨ ᠨᠡᠶᠢᠯᠡᠮᠡᠯ ᠵᠤᠷ ᠤᠨ ᠯᠢᠤ ᠶᠠᠩ ᠮᠸᠢ ︵浏阳霉︶ ᠲᠤᠰᠤᠨ ᠡᠮ ᠤᠨ 1000 ᠲᠠᠭᠢᠨ ᠤ ᠰᠢᠩᠭᠡᠨ᠂ 20% ᠶᠢᠨ ᠮᠢᠶᠧ ᠰᠤᠤ ᠯᠢ ︵灭扫利︶ ᠲᠤᠰᠤᠨ ᠡᠮ ᠤᠨ 3000 ᠲᠠᠭᠢᠨ ᠤ ᠰᠢᠩᠭᠡᠨ᠂ 20% ᠶᠢᠨ ᠱᠤᠸᠠᠩ ᠵᠢᠶᠠ ᠮᠢ ︵双甲脒︶ ᠲᠤᠰᠤᠨ ᠡᠮ ᠪᠤᠶᠤ 35% ᠶᠢᠨ ᠱᠠ ᠮᠠᠨ ᠲᠧ ︵杀螨特︶ ᠲᠤᠰᠤᠨ ᠡᠮ ᠤᠨ 1000 ᠲᠡᠭᠢᠨ ᠤ ᠰᠢᠩᠭᠡᠨ᠂  25% ᠶᠢᠨ ᠫᠦ᠋ ᠱᠢ ᠯᠢᠩ ︵扑虱灵︶ ᠨᠤᠠᠳᠠᠭ ᠡᠮ ᠤᠨ 2000 ᠲᠠᠭᠢᠨ ᠤ ᠰᠢᠩᠭᠡᠨ ᠢ ᠰᠤᠩᠭᠤᠨ ᠰᠦᠷᠴᠢᠵᠤ ᠪᠤᠯᠤᠨ᠎ᠠ᠃ ᠪᠠᠶᠢᠡᠭᠭᠤ ᠭᠡᠷᠡᠭᠯᠡᠭᠦ ᠡᠮ ᠳᠤ ᠺᠧ ᠮᠠᠨ ᠲᠧ ︵克螨特︶᠂ ᠮᠢᠶᠧ ᠰᠤᠤ ᠯᠢ ︵灭扫利︶᠂ ᠱᠠ ᠮᠠᠨ ᠲᠧ ︵杀螨特︶᠂ ᠱᠤᠸᠠᠩ ᠵᠢᠶ᠋ᠨ ᠮᠢ ︵双甲脒︶᠂ ᠫᠦ᠋ ᠱᠢ ᠯᠢᠩ ︵扑虱灵︶ ᠵᠡᠷᠭᠡ ᠡᠮ ᠪᠠᠶᠢᠨ᠎ᠠ᠃       20. ᠬᠠᠰᠢ ᠶᠢᠨ ᠬᠠᠷ᠎ᠠ ᠲᠤᠯᠪᠤᠳᠤ ᠮᠢᠩ ᠤᠨ ᠬᠦᠨᠦᠭᠡᠯ ᠢ ᠰᠡᠷᠭᠡᠶᠢᠯᠡᠨ ᠵᠠᠰᠠᠬᠤ       ᠭᠤᠤᠯᠳᠠᠭᠤ ᠬᠠᠰᠢ ᠶᠢ ᠭᠦᠨᠦᠭᠡᠳᠡᠭ᠃ ᠠᠪᠠᠭᠠᠯᠳᠠᠢ ᠨᠢ ᠬᠠᠰᠢ ᠶᠢᠨ ᠤᠷᠤᠢ ᠶᠢᠨ ᠭᠤᠤᠯ᠂ ᠨᠢᠯᠬ᠎ᠠ ᠰᠠᠯᠠᠭ᠎ᠠ᠂ ᠨᠢᠯᠬ᠎ᠠ ᠡᠰᠢ᠂ ᠴᠤᠮᠤᠷᠯᠢᠭ ᠪᠤᠯᠤᠨ ᠵᠢᠮᠢᠰ ᠲᠤ ᠨᠦᠭᠡᠯᠡᠨ ᠤᠷᠤᠵᠤ᠂ ᠰᠠᠯᠠᠭ᠎ᠠ ᠨᠠᠮᠠᠭ᠎ᠠ ᠶᠢ ᠬᠠᠳᠠᠭᠠᠨ ᠬᠤᠷᠪᠤᠶᠢᠯᠭᠠᠵᠤ᠂ ᠴᠡᠴᠡᠭ ᠵᠢᠮᠢᠰ ᠢ ᠵᠤᠯᠭᠠᠷᠠᠭᠤᠯᠬᠤ ᠪᠠ ᠵᠢᠮᠢᠰ ᠢ ᠢᠯᠵᠠᠷᠠᠭᠤᠯᠳᠠᠭ᠃ ᠨᠠᠮᠤᠷ ᠲᠠᠭᠠᠨ ᠠᠪᠠᠭᠠᠯᠳᠠᠢ ᠶᠢᠨ ᠤᠯᠠᠩᠭᠢ ᠨᠢ ᠵᠢᠮᠢᠰ ᠲᠤ ᠨᠦᠭᠡᠯᠡᠨ ᠤᠷᠤᠵᠤ᠂ ᠨᠦᠭᠡᠨ ᠤ ᠭᠠᠳᠠᠨ᠎ᠠ ᠢᠯᠭᠠᠳᠠᠰᠤ ᠪᠠᠨ ᠭᠡᠭᠡᠳᠡᠭ᠃ ᠨᠠᠮᠤᠷ ᠤᠨ ᠬᠠᠰᠢ ᠶᠢᠨ ᠭᠦᠨᠦᠭᠡᠭᠳᠡᠭᠦ ᠨᠢ ᠬᠠᠪᠤᠷ ᠤᠨ ᠬᠢ ᠠᠴᠠ ᠪᠠᠨ ᠭᠦᠨᠳᠤ ᠪᠠᠶᠢᠳᠠᠭ᠃ ᠶᠠᠷᠦᠩᠭᠡᠢ ᠳᠡᠭᠡᠨ ᠬᠠᠪᠤᠷ ᠤᠨ ᠬᠠᠰᠢ ᠶᠢᠨ ᠴᠡᠴᠡᠭ᠂ ᠴᠤᠮᠤᠷᠯᠢᠭ ᠰᠠᠯᠠᠭ᠎ᠠ ᠨᠢ ᠭᠦᠨᠦᠭᠡᠯ ᠳᠤ ᠤᠴᠠᠷᠠᠵᠤ᠂ ᠨᠠᠮᠤᠷ ᠤᠨ ᠬᠠᠰᠢ ᠶᠢᠨ ᠦᠷ᠎ᠡ ᠵᠢᠮᠢᠰ ᠨᠢ ᠭᠦᠨᠦᠭᠡᠯ ᠳᠤ ᠤᠴᠠᠷᠠᠳᠠᠭ᠃       ᠬᠠᠰᠢ ᠶᠢᠨ ᠬᠠᠷ᠎ᠠ ᠲᠤᠯᠪᠤᠳᠤ ᠮᠢᠩ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠭᠦᠨᠦᠭᠡᠯ ᠳᠤ ᠤᠴᠠᠷᠬᠠᠰᠠᠨ ᠨᠢᠯᠬ᠎ᠠ ᠰᠤᠶᠤᠭ᠎ᠠ ᠪᠠ ᠵᠢᠮᠢᠰ ᠢ ᠴᠠᠭ ᠲᠤᠬᠠᠢ ᠳᠤᠨᠢ ᠬᠠᠶᠢᠴᠢᠯᠠᠨ ᠬᠠᠶᠠᠨ᠎ᠠ᠃ ᠬᠤᠷᠢᠶᠠᠯᠳᠠ ᠠᠪᠤᠠᠠᠰᠠᠨ ᠤ ᠪᠠᠨ ᠲᠠᠷᠠᠭ᠎ᠠ ᠭᠠᠵᠠᠷ ᠲᠠᠯᠠᠪᠠᠢ ᠪᠠᠨ ᠰᠠᠶᠢᠳᠤᠷ ᠴᠡᠪᠡᠷᠯᠡᠨ ᠠᠷᠢᠯᠭᠠᠵᠤ᠂ ᠬᠤᠷᠤᠬᠠᠢ ᠶᠢᠨ ᠢᠷᠡᠯᠳᠡ ᠶᠢ ᠪᠠᠭᠠᠰᠬᠠᠨ᠎ᠠ᠃ ︵2︶ ᠪᠡᠯᠭᠡ ᠶᠢᠨ ᠦᠳᠦᠭᠡᠯᠭᠡ ᠶᠢᠨ ᠡᠮ ᠭᠡᠷᠡᠭᠯᠡᠵᠤ ᠡᠷ᠎ᠡ ᠢᠳᠤᠭᠠᠨ ᠢ ᠬᠠᠭᠤᠷᠤᠨ ᠤᠰᠠᠳᠬᠠᠨ᠎ᠠ᠃︵3︶  ᠠᠪᠠᠭᠠᠯᠳᠡᠢ ᠶᠢᠨ ᠨᠡᠪᠴᠢᠭᠦ ᠦᠶ᠎ᠠ ᠳᠤ ᠨᠦᠭᠡᠯᠡᠨ ᠭᠦᠨᠦᠭᠡᠭᠦ ᠠᠴᠠ ᠨᠢ ᠡᠮᠦᠨ᠎ᠠ ᠡᠮ ᠰᠦᠷᠴᠢᠨ ᠰᠡᠷᠭᠡᠶᠢᠯᠡᠨ ᠵᠠᠰᠠᠨ᠎ᠠ᠃ ᠡᠮ ᠢᠶᠠᠷ ᠵᠠᠰᠠᠬᠤ ᠳᠠᠭᠠᠨ 80% ᠶᠢᠨ ᠳ᠋ᠢ ᠳ᠋ᠢ ᠸᠧᠢ ︵敌敌畏︶ ᠲᠤᠰᠤᠨ ᠡᠮ᠂ 50% ᠶᠢᠨ ᠮᠠ ᠯᠠ ᠯᠢᠤ ᠯᠢᠨ ︵马拉硫磷︶ ᠲᠤᠰᠤᠨ ᠡᠮ᠂ 50% ᠶᠢᠨ ᠰᠢᠨ ᠯᠢᠤ ᠯᠢᠨ ︵辛硫磷︶ ᠲᠤᠰᠤᠨ ᠡᠮ ᠤᠨ 1000 ᠲᠠᠭᠢᠨ ᠤ ᠰᠢᠩᠭᠡᠨ᠂ 50% ᠶᠢᠨ ᠱᠠ ᠮᠢᠩ ᠰᠦᠩ ︵杀螟松︶ ᠲᠤᠰᠤᠨ ᠡᠮ ᠪᠤᠶᠤ 40% ᠶᠢᠨ ᠵᠢᠶᠠ ᠠᠨ ᠯᠢᠨ ︵甲胺磷︶ ᠲᠤᠰᠤᠨ ᠡᠮ ᠤᠨ 1000 ᠲᠠᠭᠢᠨ ᠤ ᠰᠢᠩᠭᠡᠨ ᠢ ᠰᠤᠩᠭᠤᠨ ᠰᠦᠷᠴᠢᠨ᠎ᠠ᠃ ᠪᠠᠰᠠ 6~7 ᠳ᠋ᠤᠭᠠᠷ ᠰᠠᠷ᠎ᠠ ᠳᠤ ᠬᠠᠰᠢ ᠶᠢᠨ 28 ᠲᠤᠯᠪᠤᠳᠤ ᠰᠢᠭᠦᠷ ᠬᠤᠷᠤᠬᠠᠢ ᠶᠢ ᠰᠡᠷᠭᠡᠶᠢᠯᠡᠨ ᠵᠠᠰᠠᠬᠤ ᠲᠠᠢ ᠤᠶᠠᠯᠳᠤᠭᠤᠯᠤᠨ᠂ 90% ᠶᠢᠨ ᠲᠠᠯᠠᠰᠳᠤ ᠳ᠋ᠢ ᠪᠠᠢ ᠴᠦᠩ ︵敌百虫︶ ᠡᠮ ᠤᠨ 800~1000 ᠲᠠᠭᠢᠨ ᠤ ᠰᠢᠩᠭᠡᠨ ᠪᠤᠶᠤ 80% ᠶᠢᠨ ᠳ᠋ᠢ ᠳ᠋ᠢ ᠸᠧᠢ ︵敌敌畏︶ ᠲᠤᠰᠤᠨ ᠡᠮ ᠢ ᠰᠦᠷᠴᠢᠵᠤ ᠪᠤᠯᠤᠨ᠎ᠠ᠃        21. ᠢᠳᠡᠰᠢᠨ ᠨᠤᠭᠤᠭ᠎ᠠ ᠶᠢᠨ 28 ᠲᠤᠯᠪᠤᠳᠤ ᠰᠢᠭᠦᠷ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ        ᠲᠤᠰ ᠬᠤᠷᠤᠬᠠᠢ ᠪᠤᠯ ᠭᠤᠤᠯ ᠨᠢ ᠬᠠᠰᠢ᠂ ᠲᠦᠮᠦᠰᠤ᠂ ᠲᠦᠪᠡᠳ ᠬᠠᠰᠢ᠂ ᠡᠰᠡᠬᠦᠯ᠎ᠠ ᠪᠤᠷᠴᠠᠭ ᠤᠨ ᠢᠵᠠᠭᠤᠷ᠂ ᠬᠤᠯᠤ ᠶᠢᠨ ᠢᠵᠠᠭᠤᠷ᠂ ᠲᠤᠨᠤᠯᠵᠢᠨ ᠴᠡᠴᠡᠭ ᠤᠨ ᠢᠵᠠᠭᠤᠷ᠂ ᠨᠦᠢᠯ ᠤᠨ ᠢᠵᠠᠭᠤᠷ ᠤᠨ ᠲᠠᠷᠢᠮᠡᠯ ᠢ ᠭᠦᠨᠦᠭᠡᠳᠡᠭ᠃ ᠪᠡᠶᠡᠯᠡᠭᠰᠡᠨ ᠰᠢᠭᠦᠷ ᠬᠤᠷᠤᠬᠠᠢ ᠪᠤᠯᠤᠨ ᠠᠪᠠᠭᠠᠯᠳᠠᠢ ᠨᠢ ᠴᠦᠮ ᠨᠠᠪᠴᠢᠨ ᠤ ᠠᠷᠤ ᠲᠠᠯ᠎ᠠ ᠠᠴᠠ ᠮᠢᠬ᠎ᠠ ᠶᠢ ᠨᠢ ᠮᠡᠷᠡᠨ ᠢᠳᠡᠵᠤ᠂ ᠵᠦᠪᠭᠡᠨ ᠬᠠᠯᠢᠰᠤ ᠶᠢ ᠨᠢ ᠦᠯᠡᠳᠡᠭᠡᠵᠤ᠂ ᠮᠠᠰᠢ ᠤᠯᠠᠨ ᠵᠢᠷᠤᠮᠵᠢᠯ ᠦᠭᠡᠢ ᠬᠠᠭᠠᠰ ᠲᠤᠩᠭᠠᠯᠬᠠᠳᠠᠴᠠ ᠲᠠᠢ ᠬᠤᠳᠤᠭᠤᠷ ᠠᠷ ᠭᠠᠷᠭᠠᠵᠤ᠂ ᠶᠠᠭ ᠯᠡ ᠰᠬᠠᠰᠤᠨ ᠤ ᠢᠷᠤᠭᠠᠷ ᠲᠠᠢ ᠠᠳᠠᠯᠢ ᠪᠤᠯᠭᠠᠳᠠᠭ᠃ ᠪᠠᠰᠠ ᠨᠠᠪᠴᠢ ᠶᠢ ᠨᠦᠭᠡᠯᠡᠨ ᠢᠳᠡᠭᠦ ᠪᠠ ᠨᠠᠪᠴᠢᠨ ᠤ ᠰᠤᠳᠠᠯ ᠢ ᠯᠡ ᠦᠯᠡᠳᠡᠭᠡᠵᠤ᠂ ᠭᠦᠨᠳᠤ ᠨᠤᠴᠢᠳᠡᠢ ᠦᠶᠡᠰ ᠭᠦᠨᠦᠭᠡᠯ ᠳᠤ ᠤᠴᠠᠷᠬᠠᠰᠠᠨ ᠨᠠᠪᠴᠢ ᠨᠢ ᠬᠠᠳᠠᠵᠤ᠂ ᠭᠦᠷᠡᠩ ᠦᠡᠭᠭᠡ ᠲᠠᠢ ᠪᠤᠯᠵᠤ᠂ ᠰᠠᠭᠤᠷᠢ ᠪᠠᠷ ᠢᠶᠠᠨ ᠦᠭᠦᠳᠡᠭ ᠪᠠᠶᠢᠨ᠎ᠠ᠃ ᠬᠠᠰᠢ ᠶᠢᠨ ᠵᠢᠮᠢᠰ᠂ ᠭᠤᠸᠠ ᠶᠢᠨ ᠵᠤᠷᠪᠤᠰ ᠨᠢ ᠭᠡᠮᠡᠯᠢᠨ ᠢᠳᠡᠭᠳᠡᠭᠰᠡᠨ ᠭᠠᠵᠠᠷ ᠲᠤ ᠦᠷᠭᠦᠯᠵᠢ ᠬᠠᠭᠠᠷᠠᠵᠤ ᠂ ᠨᠡᠭᠡᠳᠡᠰᠤ ᠨᠢ ᠭᠦᠰᠢᠭᠦᠨ᠂ ᠪᠦᠳᠦᠭᠦᠯᠢᠭ ᠪᠤᠯᠵᠤ᠂ ᠭᠠᠰᠢᠭᠤᠨ ᠠᠮᠳᠠ ᠲᠠᠢ ᠪᠤᠶᠤ ᠴᠢᠨ᠋ᠬᠠᠰᠢᠯᠠᠪᠠᠯ ᠢᠳᠡᠵᠤ ᠪᠤᠯᠬᠤ ᠦᠭᠡᠢ ᠪᠤᠯᠳᠠᠭ ᠪᠠᠶᠢᠨ᠎ᠠ᠃ ᠲᠦᠮᠦᠰᠤ ᠶᠢᠨ ᠰᠢᠭᠦᠷ ᠬᠤᠷᠤᠬᠠᠢ ᠨᠢ ᠵᠡᠭᠦᠨ ᠬᠤᠶᠢᠳᠤ ᠤᠷᠤᠨ᠂ ᠤᠮᠠᠷᠠᠳᠤ ᠤᠷᠤᠨ ᠳᠤ ᠵᠢᠯ ᠳᠤ 1~2 ᠦᠶ᠎ᠠ ᠦᠷᠡᠵᠢᠵᠤ᠂ ᠪᠠᠶᠡᠯᠡᠭᠰᠡᠨ ᠬᠤᠷᠤᠬᠠᠢ ᠨᠢ ᠨᠠᠷᠠᠨ ᠵᠦᠭ ᠬᠠᠨᠳᠤᠠᠠᠰᠠᠨ ᠠᠭᠤᠯᠠᠠ ᠠᠭᠤᠢ᠂ ᠴᠢᠯᠠᠭᠤᠨ ᠵᠠᠪᠰᠠᠷ᠂ ᠮᠤᠳᠤᠨ ᠤ ᠭᠦᠨᠳᠡᠢ᠂ ᠮᠤᠳᠤᠨ ᠤ ᠬᠠᠯᠢᠰᠤᠨ ᠵᠠᠪᠰᠠᠷ᠂ ᠭᠡᠷᠡᠮ ᠤᠨ ᠠᠩᠭᠠᠷᠬᠠᠢ᠂ ᠰᠢᠪᠡᠭᠡ ᠶᠢᠨ ᠲᠤᠤᠷ᠎ᠡ ᠪᠡ ᠨᠦᠭᠡ ᠵᠡᠷᠭᠡ ᠭᠠᠵᠠᠷ ᠡᠪᠤᠯᠵᠢᠳᠡᠭ ᠪᠠᠶᠢᠨ᠎ᠠ᠃         28 ᠲᠤᠯᠪᠤᠳᠤ ᠰᠢᠭᠦᠷ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠲᠠᠷᠢᠶᠠᠨ ᠭᠠᠵᠠᠷ  ᠲᠠᠬᠢ ᠦᠯᠡᠳᠡᠭᠳᠡᠯ ᠨᠤᠪᠰᠢ ᠶᠢ ᠲᠠᠷᠦ᠋ᠢᠬᠠᠨ ᠴᠡᠪᠡᠷᠯᠡᠨ ᠠᠷᠢᠯᠭᠠᠵᠤ᠂ ᠡᠪᠤᠯᠵᠢᠭᠦ ᠬᠤᠷᠤᠬᠠᠢ ᠶᠢᠨ ᠢᠷᠡᠯᠳᠡ ᠶᠢ ᠴᠦᠭᠡᠷᠡᠭᠦᠯᠦᠨ᠎ᠠ᠃ ︵2︶ ᠦᠨᠳᠡᠭᠡᠯᠡᠭᠦ ᠭᠦᠭ ᠦᠶ᠎ᠠ ᠳᠤᠨᠢ ᠨᠠᠪᠴᠢᠨ ᠤ ᠠᠷᠤ ᠳᠠᠬᠢ ᠦᠨᠳᠡᠭᠡᠨ ᠪᠦᠭᠡᠮ ᠢ ᠲᠡᠭᠦᠵᠤ ᠰᠢᠢᠳᠪᠤᠷᠢᠯᠡᠨ᠎ᠡ᠃ ᠪᠡᠶᠡᠯᠡᠭᠰᠡᠨ ᠬᠤᠷᠤᠬᠠᠢ ᠶᠢᠨ ᠬᠠᠭᠤᠷᠮᠠᠭ ᠦᠭᠦᠭᠦ ᠴᠢᠨᠠᠷ ᠢ ᠰᠡᠷᠬᠡᠶᠢᠯᠡᠨ᠂ ᠤᠷᠭᠤᠮᠠᠯ ᠢᠶᠠᠨ ᠴᠤᠭᠢᠵᠤ ᠬᠦᠪᠢᠨ᠂ ᠫᠸᠡᠭᠰᠡ ᠲᠠᠯᠪᠢᠨ ᠤᠨᠠᠵᠤ ᠢᠷᠡᠭᠦ ᠬᠤᠷᠤᠬᠠᠢ ᠶᠢ ᠲᠦᠪᠯᠡᠷᠡᠭᠦᠯᠦᠨ ᠲᠤᠰᠤᠨ ᠠᠪᠴᠤ ᠤᠰᠠᠳᠬᠠᠨ᠎ᠠ᠃ ︵3︶ ᠲᠠᠷᠢᠶᠠᠨ ᠳᠠᠬᠢ ᠦᠨᠳᠡᠭᠡ ᠶᠢᠨ ᠨᠠᠪᠴᠢᠯᠳᠡ ᠶᠢᠨ ᠨᠤᠷᠮ᠎ᠠ ᠨᠢ 15%~20% ᠭᠦᠷᠭᠦ ᠦᠶᠡᠰ ᠡᠮ ᠢᠶᠠᠷ ᠰᠡᠷᠭᠡᠶᠢᠯᠡᠨ ᠵᠠᠰᠠᠨ᠎ᠠ᠃ ᠡᠮ ᠢᠶᠠᠷ ᠰᠡᠷᠭᠡᠶᠢᠯᠡᠨ ᠵᠠᠰᠬᠤ ᠳᠠᠭᠠᠨ 80% ᠶᠢᠨ ᠳ᠋ᠢ ᠳ᠋ᠢ ᠸᠧᠢ ︵敌敌畏︶ ᠲᠤᠰᠤᠨ ᠡᠮ᠂ 90% ᠶᠢᠨ ᠲᠠᠯᠠᠰᠳᠤ ᠳ᠋ᠢ ᠪᠠᠢ ᠴᠦᠩ ︵敌百虫︶ ᠡᠮ᠂ 50% ᠶᠢᠨ ᠮᠡ ᠯᠡ ᠯᠢᠤ ᠯᠢᠨ ︵马拉硫磷︶ ᠲᠤᠰᠤᠨ ᠡᠮ ᠵᠡᠷᠬᠡ ᠡᠮ ᠤᠨ 1000 ᠲᠠᠭᠢᠨ ᠤ ᠰᠢᠩᠭᠡᠨ᠂ 50% ᠶᠢᠨ ᠰᠢᠨ ᠯᠢᠤ ᠯᠢᠨ ︵辛硫磷︶ ᠲᠤᠰᠤᠨ ᠡᠮ ᠤᠨ 1500 ᠠᠴᠠ 2000 ᠲᠠᠭᠢᠨ ᠤ ᠰᠢᠩᠭᠡᠨ᠂ 2.5% ᠶᠢᠨ ᠭᠦᠩ ᠹᠦ᠋ ︵功夫︶ ᠲᠤᠰᠤᠨ ᠡᠮ᠂ 20% ᠶᠢᠨ ᠰᠤ᠋ ᠮᠢᠶᠧ ᠱᠠ ᠳ᠋ᠢᠩ ︵速灭杀丁 ︶ ᠡᠮ᠂ 40% ᠶᠢᠨ ᠵᠢᠤᠢ ᠽᠠ ︵菊杂︶ ᠲᠤᠰᠤᠨ ᠡᠮ᠂ 40% ᠶᠢᠨ ᠵᠢᠤᠢ ᠮᠡ ︵菊马︶ ᠲᠤᠰᠤᠨ ᠡᠮ ᠤᠨ 3000 ᠲᠠᠭᠢᠨ ᠤ ᠰᠢᠩᠭᠡᠨ᠂ 21% ᠶᠢᠨ ᠮᠢᠶᠧ ᠱᠠ ᠪᠢ ︵灭杀毙︶ ᠲᠤᠰᠤᠨ ᠡᠮ ᠤᠨ 6000 ᠲᠠᠭᠢᠨ ᠤ ᠰᠢᠩᠭᠡᠨ ᠢ ᠰᠤᠩᠭᠤᠨ ᠰᠦᠷᠴᠢᠨ᠎ᠠ᠃        22. ᠭᠤᠸᠠ ᠶᠢᠨ ᠮᠢᠩ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ ᠭᠤᠸᠠ ᠶᠢᠨ ᠮᠢᠩ ᠬᠤᠷᠤᠬᠠᠢ ᠪᠤᠯ ᠭᠤᠤᠯ ᠨᠢ ᠳ᠋ᠦᠡᠭᠭᠤᠸᠠ᠂ ᠦᠷᠭᠡᠰᠤᠳᠤ ᠭᠡᠮᠭᠡ᠂ ᠠᠯᠳᠠᠨ ᠮᠠᠵᠢᠯᠭᠠᠨ᠂ ᠠᠮᠳᠠᠳᠤ ᠭᠡᠮᠭᠡ᠂ ᠯᠠᠩᠭᠤᠸᠠ᠂ ᠲᠠᠷᠪᠤᠰ᠂ ᠬᠤᠯᠤᠨ ᠭᠡᠮᠭᠡ ᠶᠢ ᠭᠦᠨᠦᠭᠡᠳᠡᠭ᠃ ᠠᠩᠬ᠎ᠠ ᠨᠠᠪᠴᠢᠭ᠍ᠰᠡᠨ ᠠᠪᠠᠭᠠᠯᠳᠠᠢ ᠨᠢ ᠨᠠᠪᠴᠢᠨ ᠤ ᠠᠷᠤ ᠳᠤ ᠢᠳᠡᠰᠢ ᠡᠷᠢᠨ ᠭᠦᠨᠦᠭᠡᠵᠤ᠂ ᠭᠦᠨᠦᠭᠡᠭᠳᠡᠭᠰᠡᠨ ᠭᠡᠰᠡᠭ ᠨᠢ ᠴᠠᠶᠢᠪᠤᠷ ᠲᠤᠯᠪᠤ ᠲᠠᠢ ᠪᠤᠯᠵᠤ᠂ 3 ᠨᠠᠰᠤᠯᠬᠠᠰᠠᠨ ᠠᠴᠠ ᠬᠤᠶᠢᠰᠢ ᠰᠢᠷᠭᠡᠭ ᠪᠦᠭᠡᠯᠵᠢᠨ ᠬᠤᠮᠢᠬᠤ ᠨᠠᠪᠴᠢ ᠶᠢ ᠭᠦᠨᠦᠭᠡᠵᠤ᠂ ᠨᠠᠪᠴᠢ ᠶᠢ ᠨᠦᠭᠡᠯᠡᠭᠦ ᠪᠡ ᠰᠡᠡᠳᠡᠯᠵᠤ᠂ ᠴᠢᠨ᠋ᠬᠠᠰᠢᠯᠠᠪᠠᠯ ᠨᠠᠪᠴᠢ ᠶᠢ ᠭᠦᠯᠶᠢᠳᠡᠯ᠎ᠠ ᠢᠳᠡᠵᠤ ᠵᠦᠪᠭᠡᠨ ᠨᠠᠪᠴᠢᠨ ᠤ ᠰᠤᠳᠠᠯ ᠢ ᠯᠡ ᠦᠯᠡᠳᠡᠭᠡᠵᠤ᠂ ᠪᠠᠰᠠ ᠭᠤᠸᠠ ᠶᠢᠨ ᠵᠢᠮᠢᠰ ᠲᠤ ᠨᠦᠭᠡᠯᠡᠨ ᠤᠷᠤᠬᠤ ᠪᠠ ᠭᠤᠸᠠ ᠶᠢᠨ ᠵᠠᠯ᠎ᠠ ᠳᠤ ᠨᠢᠭᠤᠠᠠᠳᠠᠨ ᠭᠦᠨᠦᠭᠡᠯ ᠲᠠᠷᠢᠳᠠᠬ ᠪᠠᠶᠢᠨ᠎ᠠ᠃        ᠭᠤᠸᠠ ᠶᠢᠨ ᠮᠢᠩ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠲᠠᠷᠢᠮᠠᠯ ᠢᠶᠠᠨ ᠬᠤᠷᠢᠶ᠋ᠬᠠᠰᠠᠨ ᠤ ᠰᠡᠭᠦᠯᠡᠷ ᠲᠠᠷᠢᠶᠠᠨ ᠭᠠᠵᠠᠷ ᠢᠶᠠᠨ ᠴᠠᠭ ᠲᠠᠷᠤᠢ ᠳᠤᠨᠢ ᠴᠡᠪᠡᠷᠯᠡᠵᠤ᠂ ᠭᠤᠸᠠ ᠶᠢᠨ ᠵᠢᠶᠠᠰᠠ᠂ ᠰᠤᠯᠠ ᠡᠪᠡᠰᠤ ᠪᠠ ᠬᠠᠶ᠋ᠬᠠᠳᠠᠮᠠᠯ ᠵᠦᠢᠯ ᠢ ᠴᠠᠪᠠᠷᠯᠠᠨ ᠰᠢᠳᠠᠭᠠᠵᠤ᠂ ᠡᠪᠤᠯᠵᠢᠭᠦ ᠬᠤᠷᠤᠬᠠᠢ ᠶᠢᠨ ᠲᠤᠭ᠎ᠠ ᠶᠢ ᠴᠦᠭᠡᠷᠡᠭᠦᠯᠦᠨ᠎ᠠ᠃ ︵2︶ ᠤᠷᠢᠶᠠᠮᠠᠯ ᠨᠠᠪᠴᠢ ᠶᠢ ᠲᠡᠭᠦᠨ ᠠᠪᠴᠤ᠂ ᠠᠪᠠᠭᠠᠯᠳᠠᠢ ᠪᠤᠶᠤ ᠭᠡᠤᠭᠡᠯᠳᠡᠢ ᠶᠢ ᠨᠢ ᠤᠰᠠᠳᠬᠠᠨ᠎ᠠ᠃ ︵3︶ ᠦᠨᠳᠡᠭᠡ ᠨᠠᠪᠴᠢᠭᠦ ᠭᠦᠭ ᠦᠶ᠎ᠠ ᠪᠠ ᠠᠪᠠᠭᠠᠯᠳᠠᠢ ᠨᠢ ᠤᠷᠢᠶᠠᠮᠠᠯ ᠨᠠᠪᠴᠢᠨ ᠳᠤ ᠭᠦᠨᠦᠭᠡᠯ ᠲᠠᠷᠢᠬᠤ ᠠᠴᠠ ᠡᠮᠦᠨ᠎ᠠ ᠡᠮ ᠰᠦᠷᠴᠢᠨ ᠰᠡᠷᠭᠡᠶᠢᠯᠡᠨ ᠵᠠᠰᠠᠨ᠎ᠠ᠃  ᠡᠮ ᠢᠶᠠᠷ ᠵᠠᠰᠠᠬᠤ ᠳᠠᠭᠠᠨ 50% ᠶᠢᠨ ᠰᠢᠨ ᠯᠢᠤ ᠯᠢᠨ ︵辛硫磷︶ ᠡᠮ ᠤᠨ 1500 ᠲᠠᠭᠢᠨ ᠤ ᠰᠢᠩᠭᠡᠨ᠂ 25% ᠶᠢᠨ ᠱᠠ ᠴᠦᠩ ᠱᠤᠸᠠᠩ  ︵杀虫双︶  ᠡᠮ ᠤᠨ 500 ᠲᠠᠭᠢᠨ ᠤ ᠰᠢᠩᠭᠡᠨ᠂ 20% ᠶᠢᠨ ᠰᠤ᠋ ᠮᠢᠶᠧ ᠱᠠ ᠳ᠋ᠢᠩ ︵速灭杀丁︶ ᠡᠮ ᠤᠨ 4000 ᠲᠠᠭᠢᠨ ᠤ ᠰᠢᠩᠭᠡᠨ᠂ 25% ᠶᠢᠨ ᠵᠢᠤᠢ ᠯᠧ ︵菊乐︶ ᠨᠡᠶᠢᠯᠡᠮᠡᠯ ᠡᠮ ᠤᠨ 3000 ᠲᠠᠭᠢᠨ ᠤ ᠰᠢᠩᠭᠡᠨ ᠢ ᠰᠤᠩᠭᠤᠨ ᠰᠦᠷᠴᠢᠨ᠎ᠠ᠃ ᠪᠠᠰᠠ 80% ᠶᠢᠨ ᠳ᠋ᠢ ᠳ᠋ᠢ ᠸᠧᠢ  ︵敌敌畏︶ ᠲᠤᠰᠤᠨ ᠡᠮ ᠤᠨ 1000 ᠲᠠᠭᠢᠨ ᠤ ᠰᠢᠩᠭᠡᠨ ᠪᠤᠶᠤ 25% ᠶᠢᠨ ᠺᠦᠢ ᠯᠢᠤ ᠯᠢᠨ ︵喹硫磷︶ ᠡᠮ ᠤᠨ 4000 ᠲᠠᠭᠢᠨ ᠤ ᠰᠢᠩᠭᠡᠨ ᠢ ᠰᠦᠷᠴᠢᠵᠤ ᠪᠤᠯᠤᠨ᠎ᠠ᠃ ᠪᠠᠶᠢᠡᠭᠭᠤ ᠭᠡᠷᠡᠭᠯᠡᠭᠦ ᠡᠮ ᠳᠤ ᠰᠤ᠋ ᠮᠢᠶᠧ ᠱᠠ ᠳ᠋ᠢᠩ ︵速灭杀丁︶᠂ ᠳ᠋ᠢ ᠳ᠋ᠢ ᠸᠧᠢ ︵敌敌畏︶᠂ ᠺᠦᠢ ᠯᠢᠤ ᠯᠢᠨ  ︵喹硫磷︶  ᠵᠡᠷᠭᠡ ᠡᠮ ᠪᠠᠶᠢᠨ᠎ᠠ᠃         23. ᠭᠡᠮᠭᠡ ᠶᠢᠨ ᠰᠢᠷ᠎ᠡ ᠭᠦᠯᠳᠤ ᠴᠤᠬᠤ ᠶᠢᠨ ᠬᠦᠨᠦᠭᠡᠯ ᠢ ᠰᠡᠷᠭᠡᠶᠢᠯᠡᠨ ᠵᠠᠰᠠᠬᠤ        ᠰᠢᠷ᠎ᠠ ᠴᠤᠬᠤ ᠪᠤᠯ ᠭᠤᠤᠯ ᠨᠢ ᠲᠠᠷᠪᠤᠰ᠂ ᠠᠮᠳᠠᠳᠤ ᠭᠡᠮᠭᠡ᠂ ᠦᠷᠭᠡᠰᠤᠳᠤ ᠭᠡᠮᠭᠡ᠂ ᠳ᠋ᠦᠡᠭᠭᠤᠸᠠ᠂ ᠠᠯᠳᠠᠨ ᠮᠠᠠᠵᠢᠯᠭᠠᠨ ᠵᠡᠷᠭᠡ ᠲᠠᠷᠢᠮᠠᠯ ᠢ ᠭᠦᠨᠦᠭᠡᠳᠡᠭ᠃ ᠪᠡᠶᠡᠯᠡᠭᠰᠡᠨ ᠬᠤᠷᠤᠬᠠᠢ᠂ ᠠᠪᠠᠭᠠᠯᠳᠠᠢ ᠨᠢ ᠴᠦᠮ ᠭᠦᠨᠦᠭᠡᠯ ᠲᠠᠷᠢᠳᠠᠭ᠃ ᠪᠡᠶᠡᠯᠡᠭᠰᠡᠨ ᠬᠤᠷᠤᠬᠠᠢ ᠨᠢ ᠨᠠᠪᠴᠢ ᠶᠢ ᠮᠠᠷᠠᠨ ᠢᠳᠡᠵᠤ᠂ ᠲᠤᠭᠤᠷᠢᠭ ᠪᠤᠶᠤ ᠬᠠᠭᠠᠰ ᠲᠤᠭᠤᠷᠢᠭ ᠭᠡᠯᠪᠡᠷᠢ ᠲᠠᠢ ᠪᠤᠯᠭᠠᠨ ᠂ ᠭᠦᠨᠳᠤ ᠨᠤᠴᠢᠳᠡᠢ ᠦᠶᠡᠰ ᠲᠤᠤᠷᠴᠢᠯᠡᠨ ᠨᠦᠭᠡᠯᠡᠵᠤ᠂ ᠪᠠᠰᠠ ᠭᠤᠸᠠ ᠶᠢᠨ ᠴᠢᠭᠢ ᠶᠢ ᠲᠠᠰᠤᠳᠠᠨ ᠢᠳᠡᠵᠤ᠂ ᠴᠡᠴᠡᠭ ᠪᠤᠯᠤᠨ ᠵᠢᠮᠢᠰ ᠢ ᠨᠢ ᠢᠳᠡᠳᠡᠭ ᠪᠠᠶᠢᠨ᠎ᠠ᠃ ᠠᠪᠠᠭᠠᠯᠳᠠᠢ ᠨᠢ ᠦᠨᠳᠤᠰᠤᠨ ᠤ ᠬᠠᠯᠢᠰᠤ ᠶᠢ ᠱᠠᠭᠠᠯᠵᠤ ᠢᠳᠡᠭᠦ ᠪᠡ ᠦᠨᠳᠤᠰᠤᠨ ᠳᠤ ᠨᠦᠭᠡᠯᠡᠨ ᠤᠷᠤᠵᠤ ᠵᠠᠮ ᠭᠠᠷᠭᠠᠨ᠂ ᠲᠠᠷᠢᠮᠠᠯ ᠢ ᠬᠠᠳᠠᠭᠠᠵᠤ ᠬᠤᠷᠪᠤᠶᠢᠯᠭᠠᠳᠠᠭ᠃ ᠪᠠᠰᠠ ᠭᠤᠸᠠ ᠶᠢᠨ ᠵᠢᠮᠢᠰ ᠤᠨ ᠲᠤᠳᠤᠷ᠎ᠠ ᠨᠦᠭᠡᠯᠡᠨ ᠤᠷᠤᠭᠠᠳ ᠢᠯᠵᠠᠷᠠᠭᠤᠯᠳᠠᠭ ᠪᠠᠶᠢᠨ᠎ᠠ᠃        ᠰᠢᠷ᠎ᠠ ᠴᠤᠬᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ᠰᠡᠷᠭᠡᠶᠢᠯᠡᠨ ᠵᠠᠰᠠᠬᠤ ᠶᠢᠨ ᠵᠠᠩᠭᠢᠯᠠᠭ᠎ᠠ ᠪᠤᠯ ᠭᠤᠤᠯ  ᠨᠢ ᠭᠤᠸᠠ ᠶᠢᠨ ᠴᠢᠭᠢᠯᠡᠭᠦ ᠬᠤᠭᠤᠴᠠᠭᠠᠨ ᠳᠤ ᠪᠡᠶᠡᠯᠡᠭᠰᠡᠨ ᠬᠤᠷᠤᠬᠠᠢ ᠶᠢ ᠴᠠᠭ ᠲᠠᠷᠤᠢ ᠳᠤᠨᠢ ᠰᠡᠷᠭᠡᠶᠢᠯᠡᠨ ᠵᠠᠰᠠᠬᠤ ᠪᠠ ᠪᠡᠶᠡᠯᠡᠭᠰᠡᠨ ᠬᠤᠷᠤᠬᠠᠢ ᠶᠢᠨ ᠦᠨᠳᠡᠭᠡᠯᠡᠭᠦ ᠶᠢ ᠬᠤᠷᠢᠠᠠᠯᠠᠨ ᠵᠤᠠᠠᠰᠤᠭᠠᠬᠤ ᠶᠠᠪᠤᠳᠠᠯ ᠪᠤᠯᠤᠨ᠎ᠠ᠃       ᠪᠤᠳᠠᠳᠠᠢ ᠠᠷᠭ᠎ᠠ ᠨᠢ ᠭᠡᠪᠡᠯ᠄ ︵1︶ ᠲᠤᠯᠠᠭᠠᠨ ᠲᠠᠳᠠᠭᠠᠯ ᠳᠤ ᠢᠳᠡᠷᠡᠭᠦᠨ ᠴᠢᠭᠢ ᠪᠤᠶᠢᠵᠢᠭᠤᠯᠵᠤ᠂ ᠡᠷᠳᠡ ᠲᠠᠷᠢᠵᠤ ᠡᠷᠳᠡ ᠤᠷᠭᠤᠭᠤᠯᠪᠠᠯ ᠡᠪᠤᠯᠵᠢᠭ᠍ᠰᠡᠨ ᠬᠤᠷᠤᠬᠠᠢ ᠶᠢᠨ ᠭᠦᠨᠦᠭᠡᠯ ᠢ ᠪᠠᠭᠠᠰᠬᠠᠵᠤ ᠪᠤᠯᠤᠨ᠎ᠠ᠃ ᠪᠦᠷᠭᠦᠭᠦᠯ ᠪᠦᠷᠭᠦᠵᠤ ᠲᠠᠷᠢᠬᠤ ᠪᠤᠶᠤ ᠭᠤᠸᠠ ᠶᠢᠨ ᠴᠢᠭᠢᠨ ᠤ ᠦᠢᠷ᠎ᠠ ᠬᠠᠪᠢ ᠶᠢᠨ ᠭᠦᠷᠦᠰᠤᠨ ᠲᠡᠭᠡᠷ᠎ᠡ ᠡᠪᠡᠰᠤ ᠮᠤᠳᠤᠨ ᠤ ᠦᠨᠡᠰᠤ ᠰᠠᠴᠤᠨ᠎ᠠ᠃ ᠠᠭ᠎ᠠ ᠴᠤᠤᠬᠠᠯ᠂ ᠪᠤᠭᠤᠳᠠᠢ ᠶᠢᠨ ᠬᠠᠯᠢᠰᠤ᠂ ᠲᠠᠮᠠᠭᠢᠨ ᠤ ᠬᠠᠶ᠋ᠬᠠᠳᠠᠮᠠᠯ ᠨᠤᠨᠳᠠᠭ ᠵᠡᠷᠭᠡ ᠪᠠᠷ ᠪᠡᠶᠡᠯᠡᠭᠰᠡᠨ ᠬᠤᠷᠤᠬᠠᠢ ᠶᠢᠨ ᠦᠨᠳᠡᠭᠡᠯᠡᠭᠦ ᠶᠢ ᠬᠤᠷᠢᠠᠠᠯᠠᠨ ᠵᠤᠠᠠᠰᠠᠭᠠᠨ᠎ᠠ᠃ ︵2︶ ᠭᠤᠸᠠ ᠶᠢᠨ ᠴᠢᠭᠢ ᠶᠢ ᠨᠡᠭᠦᠯᠭᠡᠨ ᠵᠠᠶᠢᠯᠠᠬᠤ ᠠᠴᠠ ᠪᠠᠨ ᠡᠮᠦᠨ᠎ᠠ ᠬᠤᠶᠢᠭᠤᠷ 5 ᠨᠠᠪᠴᠢᠯᠠᠬᠤ ᠠᠴᠠ ᠨᠢ ᠡᠮᠦᠨ᠎ᠠ ᠴᠠᠭ ᠲᠠᠷᠤᠢ ᠳᠤᠨᠢ ᠡᠮ ᠰᠦᠷᠴᠢᠨ ᠬᠠᠮᠠᠭᠠᠯᠠᠨ᠎ᠠ᠃ ᠪᠡᠶᠡᠯᠡᠭᠰᠡᠨ ᠬᠤᠷᠤᠬᠠᠢ ᠶᠢ ᠰᠡᠷᠭᠡᠶᠢᠯᠡᠨ ᠵᠠᠰᠠᠬᠤ ᠳᠤ 90% ᠶᠢᠨ ᠲᠠᠯᠠᠰᠳᠤ ᠳ᠋ᠢ ᠪᠠᠢ ᠴᠦᠩ ︵敌百虫︶ ᠡᠮ ᠤᠨ 800~1000 ᠲᠠᠭᠢᠨ ᠤ ᠰᠢᠩᠭᠡᠨ᠂ 80% ᠶᠢᠨ ᠳ᠋ᠢ ᠳ᠋ᠢ ᠸᠧᠢ ︵敌敌畏︶ ᠲᠤᠰᠤᠨ ᠡᠮ ᠤᠨ 1000 ᠲᠠᠭᠢᠨ ᠤ ᠰᠢᠩᠭᠡᠨ᠂ 20% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠪᠤᠶᠤ 21% ᠶᠢᠨ ᠮᠢᠶᠧ ᠱᠠ ᠪᠢ ︵灭杀毙︶ ᠲᠤᠰᠤᠨ ᠡᠮ ᠤᠨ 2000~3000 ᠲᠠᠭᠢᠨ ᠤ ᠰᠢᠩᠭᠡᠨ ᠢ ᠰᠦᠷᠴᠢᠵᠤ ᠪᠤᠯᠤᠨ᠎ᠠ᠃ ᠠᠪᠠᠭᠠᠯᠳᠠᠢ ᠶᠢ ᠰᠡᠷᠭᠡᠶᠢᠯᠡᠨ ᠵᠠᠰᠠᠬᠤ ᠳᠤ 90% ᠶᠢᠨ ᠲᠠᠯᠠᠰᠳᠤ ᠳ᠋ᠢ ᠪᠠᠢ ᠴᠦᠩ ︵敌百虫︶ ᠪᠤᠶᠤ 50% ᠶᠢᠨ ᠰᠢᠨ ᠯᠢᠤ ᠯᠢᠨ ︵辛硫磷︶ ᠲᠤᠰᠤᠨ ᠡᠮ ᠤᠨ 1500~2000 ᠲᠠᠭᠢᠨ ᠤ ᠰᠢᠩᠭᠡᠨ ᠢ ᠦᠨᠳᠤᠰᠤᠨ ᠳᠤᠨᠢ ᠴᠢᠳᠬᠤᠵᠤ ᠪᠤᠯᠤᠨ᠎ᠠ᠃ ᠪᠠᠶᠢᠡᠭᠭᠤ ᠭᠡᠷᠡᠭᠯᠡᠭᠦ ᠡᠮ ᠳᠤ ᠳ᠋ᠢ ᠳ᠋ᠢ ᠸᠧᠢ ︵敌敌畏︶᠂ ᠰᠤ᠋ ᠮᠢᠶᠧ ᠱᠠ ᠳ᠋ᠢᠩ ︵速灭杀丁︶᠂ ᠰᠢᠨ ᠯᠢᠤ ᠯᠢᠨ ︵辛硫磷︶ ᠵᠡᠷᠭᠡ ᠡᠮ ᠪᠠᠶᠢᠨ᠎ᠠ᠃         24. ᠭᠤᠸᠠ ᠶᠢᠨ ᠪᠠᠭᠠᠷᠠᠩ ᠤᠨ ᠬᠦᠨᠦᠭᠡᠯ ᠢ ᠰᠡᠷᠭᠡᠶᠢᠯᠡᠨ ᠵᠠᠰᠠᠬᠤ         ᠭᠤᠸᠠ ᠶᠢᠨ ᠪᠠᠭᠠᠷᠠᠩ ᠪᠤᠯ ᠭᠤᠤᠯ ᠨᠢ ᠭᠤᠸᠠ ᠶᠢᠨ ᠲᠦᠷᠦᠯ ᠵᠢᠴᠢ ᠬᠠᠰᠢ ᠶᠢᠨ ᠢᠵᠠᠭᠤᠷ᠂ ᠪᠤᠷᠴᠠᠭ ᠤᠨ ᠢᠵᠠᠭᠤᠷ᠂ ᠤᠳ᠋ᠪᠠᠯ᠎ᠠ ᠶᠢᠨ ᠢᠵᠠᠭᠤᠷ᠂ ᠲᠤᠨᠤᠯᠵᠢᠨ ᠴᠡᠴᠡᠭ ᠤᠨ ᠢᠵᠠᠭᠤᠷ ᠤᠨ ᠲᠠᠷᠢᠮᠠᠯ ᠵᠡᠷᠭᠡ ᠶᠢ ᠭᠦᠨᠦᠭᠡᠳᠡᠭ᠃ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠨᠠᠪᠴᠢᠨ ᠤ ᠠᠷᠤ ᠲᠠᠯ᠎ᠠ᠂ ᠨᠢᠯᠬ᠎ᠠ ᠰᠠᠯᠠᠭᠠᠨ ᠲᠡᠭᠡᠷ᠎ᠡ ᠲᠦᠪᠯᠡᠷᠡᠵᠤ ᠰᠢᠭᠦᠰᠤ ᠶᠢ ᠨᠢ ᠰᠤᠷᠤᠳᠠᠭ᠃ ᠵᠢᠵᠢᠭ ᠴᠢᠭᠢ ᠨᠢᠯᠬ᠎ᠠ ᠨᠠᠪᠴᠢ ᠵᠢᠴᠢ ᠤᠷᠭᠤᠯᠳᠠ ᠶᠢᠨ ᠴᠡᠭ ᠨᠢ ᠭᠦᠨᠦᠭᠡᠯ ᠳᠤ ᠤᠴᠠᠷᠬᠠᠰᠠᠨ ᠤ ᠰᠡᠭᠦᠯᠡᠷ ᠨᠠᠪᠴᠢ ᠨᠢ ᠬᠤᠷᠪᠤᠶᠢᠨ ᠬᠤᠮᠢᠵᠤ᠂ ᠤᠷᠭᠤᠯᠳᠠ ᠨᠢ ᠵᠤᠠᠠᠰᠤᠩᠭᠤᠶᠢᠷᠠᠵᠤ᠂ ᠴᠢᠨ᠋ᠬᠠᠰᠢᠯᠠᠪᠠᠯ ᠪᠦᠭᠦ ᠰᠠᠭᠤᠷᠢ ᠪᠠᠷ ᠢᠶᠠᠨ ᠬᠠᠳᠠᠵᠤ ᠦᠭᠦᠳᠡᠭ᠃ ᠭᠦᠭᠰᠢᠨ ᠨᠠᠪᠴᠢ ᠨᠢ ᠭᠦᠨᠦᠭᠡᠯ ᠳᠤ ᠤᠴᠠᠷᠬᠠᠰᠠᠨ ᠤ ᠰᠡᠭᠦᠯᠡᠷ ᠬᠤᠮᠢᠬᠤ ᠦᠭᠡᠢ ᠪᠤᠯᠪᠠᠴᠤ ᠨᠠᠪᠴᠢ ᠨᠢ ᠤᠷᠢᠳ ᠢᠶᠠᠷ ᠬᠠᠳᠠᠵᠤ᠂ ᠭᠤᠸᠠ ᠰᠠᠭᠤᠬᠤ ᠶᠢ ᠨᠦᠯᠦᠭᠡᠯᠡᠳᠡᠭ᠃        ᠭᠤᠸᠠ ᠶᠢᠨ ᠪᠠᠭᠠᠷᠠᠩ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ᠴᠢᠭᠢᠯᠡᠭᠦ ᠬᠤᠭᠤᠴᠠᠭᠠᠨ ᠳᠤ ᠭᠠᠵᠠᠷ ᠲᠡᠭᠡᠭᠦᠷ ᠢᠶᠠᠨ ᠮᠦᠡᠭᠭᠦᠨ ᠦᠡᠭᠭᠡ ᠶᠢᠨ ᠪᠦᠷᠭᠦᠭᠦᠯ ᠪᠦᠷᠭᠦᠵᠤ᠂ ᠪᠠᠭᠠᠷᠠᠩ ᠢ ᠰᠡᠷᠭᠡᠶᠢᠯᠡᠭᠦ ᠪᠡ ᠬᠤᠷᠤᠬᠠᠢ ᠠᠩᠬ᠎ᠠ ᠡᠭᠦᠰᠭᠦ ᠦᠶ᠎ᠠ ᠳᠤ ᠡᠮ ᠢᠶᠠᠷ ᠰᠡᠷᠭᠡᠶᠢᠯᠡᠨ ᠵᠠᠰᠠᠬᠤ ᠪᠠᠷ ᠭᠤᠤᠯ ᠪᠤᠯᠭᠠᠵᠤ᠂ ᠭᠡᠷᠡᠭᠯᠡᠭᠦ ᠡᠮ ᠤᠨ ᠲᠠᠯ᠎ᠠ ᠪᠠᠷ ᠨᠤᠭᠤᠭ᠎ᠠ ᠶᠢᠨ ᠪᠠᠭᠠᠷᠠᠩ ᠢ ᠰᠡᠷᠭᠡᠶᠢᠯᠡᠨ ᠵᠠᠰᠠᠬᠤ ᠡᠮ ᠢ ᠯᠠᠪᠯᠠᠯᠳᠠ ᠪᠤᠯᠭᠠᠨ ᠭᠡᠷᠡᠭᠯᠡᠵᠤ ᠪᠤᠯᠤᠨ᠎ᠠ᠃ ᠭᠡᠭᠦ ᠳᠡᠭᠡᠨ ᠪᠠᠭᠠᠷᠠᠩ ᠢ ᠵᠠᠶᠢᠯᠠᠭᠤᠯᠬᠤ ᠪᠠᠷ ᠡᠮ ᠰᠦᠷᠴᠢᠭᠦ ᠨᠢ ᠰᠡᠷᠭᠡᠶᠢᠯᠡᠭᠦ ᠪᠦᠳᠦᠮᠵᠢ ᠪᠠᠷ ᠠᠨᠠᠢ ᠪᠠᠶᠢᠳᠠᠭ ᠲᠤᠯᠠ ᠭᠡᠷᠡᠭᠯᠡᠭᠦ ᠦᠭᠡᠢ ᠪᠠᠶᠢᠵᠤ ᠪᠤᠯᠤᠨ᠎ᠠ᠃        25. ᠭᠤᠸᠠ ᠶᠢᠨ ᠢᠯᠠᠭ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ         ᠭᠤᠸᠠ ᠶᠢᠨ ᠢᠯᠠᠭ᠎ᠠ ᠪᠤᠯ ᠳ᠋ᠦᠡᠭᠭᠤᠸᠠ᠂ ᠯᠠᠩᠭᠤᠸᠠ᠂ ᠦᠷᠭᠡᠰᠤᠳᠤ ᠭᠡᠮᠭᠡ ᠶᠢ ᠭᠦᠨᠦᠭᠡᠳᠡᠭ᠃ ᠭᠦᠨᠦᠭᠡᠯ ᠤᠨ ᠰᠢᠨᠵᠢ ᠲᠡᠮᠳᠡᠭ ᠨᠢ ᠭᠡᠪᠡᠯ ᠪᠡᠶᠡᠯᠡᠭᠰᠡᠨ ᠬᠤᠷᠤᠬᠠᠢ ᠨᠢ ᠦᠨᠳᠡᠭᠡᠯᠡᠭᠦ ᠭᠤᠤᠷᠰᠤ ᠪᠠᠨ ᠨᠢᠯᠬ᠎ᠠ ᠭᠤᠸᠠ ᠶᠢᠨ ᠬᠠᠯᠢᠰᠤᠨ ᠳᠤ ᠬᠠᠳᠬᠤᠨ ᠤᠷᠤᠭᠤᠯᠵᠤ᠂ ᠦᠨᠳᠡᠭᠡᠯᠡᠭᠦ ᠪᠠ ᠠᠪᠠᠭᠠᠯᠳᠠᠢ ᠨᠢ ᠨᠠᠪᠴᠢᠭ᠍ᠰᠡᠨ ᠤ ᠰᠡᠭᠦᠯᠡᠷ ᠭᠤᠸᠠ ᠶᠢᠨ ᠲᠤᠳᠤᠷ᠎ᠠ ᠢᠳᠡᠰᠢ ᠡᠷᠢᠨ ᠭᠦᠨᠦᠭᠡᠳᠡᠭ᠃ ᠭᠦᠨᠦᠭᠡᠯ ᠳᠤ ᠤᠴᠠᠷᠬᠠᠰᠠᠨ ᠭᠤᠸᠠ ᠨᠢ ᠤᠷᠢᠳ ᠢᠶᠠᠷ ᠭᠡᠰᠡᠭ ᠪᠦᠯᠦᠭ ᠨᠢ ᠰᠢᠷᠠᠯᠠᠵᠤ᠂ ᠵᠦᠭᠡᠯᠡᠷᠡᠵᠤ᠂ ᠰᠡᠭᠦᠯᠡᠷ ᠨᠢ ᠪᠦᠭᠦᠨ ᠢᠶᠠᠷ ᠢᠶᠠᠨ ᠢᠯᠵᠠᠷᠠᠨ ᠦᠮᠡᠭᠡᠶᠢᠷᠡᠵᠤ᠂ ᠵᠤᠯᠭᠠᠷᠠᠬᠤ ᠪᠤᠶᠤ ᠬᠠᠳᠬᠤᠠᠠᠳᠠᠨ ᠰᠢᠷᠬᠠᠳᠤᠠᠠᠰᠠᠨ ᠭᠠᠵᠠᠷ ᠲᠠᠬᠢ ᠴᠠᠷᠴᠠᠯᠳᠠ ᠠᠴᠠ ᠨᠢ ᠴᠠᠷᠴᠠᠮᠠᠯ ᠴᠠᠪᠠᠤᠯᠢᠭ ᠡᠳ᠋ ᠭᠤᠭᠤᠵᠢᠵᠤ᠂ ᠵᠢᠮᠢᠰ ᠤᠨ ᠬᠠᠯᠢᠰᠤ ᠨᠢ ᠬᠠᠳᠠᠭᠤᠷᠠᠵᠤ᠂ ᠭᠤᠸᠠ ᠨᠢ ᠭᠠᠰᠢᠭᠤᠨ ᠪᠤᠯᠳᠠᠭ ᠪᠠᠶᠢᠨ᠎ᠠ᠃        ᠭᠤᠸᠠ ᠶᠢᠨ ᠪᠠᠭᠠᠷᠠᠩ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠨᠢᠯᠬ᠎ᠠ ᠭᠤᠸᠠ ᠪᠠᠨ ᠡᠪᠡᠰᠤ᠂ ᠴᠠᠭᠠᠰᠤ ᠪᠠᠷ ᠬᠤᠴᠢᠪᠡᠯ ᠪᠡᠶᠡᠯᠡᠭᠰᠡᠨ ᠬᠤᠷᠤᠬᠠᠢ ᠶᠢᠨ ᠦᠨᠳᠡᠭᠡᠯᠡᠭᠦ ᠶᠢ ᠨᠢ ᠬᠤᠷᠢᠠᠠᠯᠠᠵᠤ ᠪᠤᠯᠤᠨ᠎ᠠ᠃ ︵2︶ ᠭᠦᠨᠦᠭᠡᠯ ᠳᠤ ᠤᠴᠠᠷᠬᠠᠰᠠᠨ ᠭᠤᠸᠠ ᠶᠢ ᠴᠠᠭ ᠲᠠᠷᠤᠢ ᠳᠤᠨᠢ ᠲᠡᠭᠦᠨ ᠠᠪᠴᠤ᠂ ᠭᠠᠵᠠᠷ ᠲᠤ ᠭᠦᠨ ᠪᠤᠯᠠᠨ᠎ᠠ᠃ ︵3︶ ᠪᠡᠶᠡᠯᠡᠭᠰᠡᠨ ᠬᠤᠷᠤᠬᠠᠢ ᠡᠭᠦᠰᠭᠦ ᠡᠭᠢᠨ ᠤ ᠬᠤᠭᠤᠴᠠᠭᠠᠨ ᠳᠤ ᠴᠠᠭ ᠲᠠᠷᠦ᠋ᠢᠬᠠᠨ ᠡᠮ ᠰᠦᠷᠴᠢᠨ ᠰᠡᠷᠭᠡᠶᠢᠯᠡᠨ᠎ᠠ᠃ ᠡᠮ ᠭᠡᠷᠡᠭᠯᠡᠭᠦ ᠳᠡᠭᠡᠨ 21% ᠶᠢᠨ ᠮᠢᠶᠧ ᠱᠠ ᠪᠢ ︵灭杀毙︶ ᠲᠤᠰᠤᠨ ᠡᠮ ᠤᠨ 6000 ᠲᠠᠭᠢᠨ ᠤ ᠰᠢᠩᠭᠡᠨ ᠂ 80% ᠶᠢᠨ ᠳ᠋ᠢ ᠳ᠋ᠢ ᠸᠧᠢ ︵敌敌畏︶ ᠲᠤᠰᠤᠨ ᠡᠮ ᠪᠤᠶᠤ 90% ᠶᠢᠨ ᠲᠠᠯᠠᠰᠳᠤ ᠳ᠋ᠢ ᠪᠠᠢ ᠴᠦᠩ ︵敌百虫︶ ᠲᠤᠰᠤᠨ ᠡᠮ ᠤᠨ 1000 ᠲᠠᠭᠢᠨ ᠤ ᠰᠢᠩᠭᠡᠨ᠂ 2.5% ᠶᠢᠨ ᠭᠦᠩ ᠹᠦ᠋ ︵功夫︶ ᠡᠮ ᠪᠤᠶᠤ 20% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠤᠨ 3000 ᠲᠠᠭᠢᠨ ᠤ ᠰᠢᠩᠭᠡᠨ ᠢ ᠰᠤᠩᠭᠤᠨ ᠰᠦᠷᠴᠢᠵᠤ ᠪᠤᠯᠤᠨ᠎ᠠ᠃ ᠪᠠᠰᠠ ᠬᠤᠤᠷᠳᠤ       ᠦᠭᠶᠦᠭᠡ ᠭᠢᠵᠤ᠂ ᠲᠤᠬᠠᠶᠢᠯᠠᠪᠠᠯ ᠼᠤᠤ ᠲᠡᠭᠡᠷ᠎ᠡ ᠤᠰᠤ ᠬᠤᠯᠢᠨ 30 ᠬᠤᠪᠢ ᠰᠢᠩᠭᠡᠯᠡᠵᠤ᠂ ᠪᠠᠭ᠎ᠠ ᠭᠡᠮᠵᠢᠶᠠᠨ ᠤ ᠡᠮ ᠬᠤᠯᠢᠵᠤ᠂ ᠪᠡᠶᠡᠯᠡᠭᠰᠡᠨ ᠬᠤᠷᠤᠬᠠᠢ ᠶᠢ ᠬᠠᠭᠤᠷᠤᠨ ᠤᠰᠠᠳᠬᠠᠵᠤ ᠪᠤᠯᠤᠨ᠎ᠠ᠃ ᠪᠠᠶᠢᠡᠭᠭᠤ ᠭᠡᠷᠡᠭᠯᠡᠳᠡᠭ ᠡᠮ ᠳᠤ ᠳ᠋ᠢ ᠪᠠᠢ ᠴᠦᠩ ︵敌百虫︶᠂ ᠭᠦᠩ ᠹᠦ᠋ ︵功夫︶᠂ ᠰᠤ᠋ ᠮᠢᠶᠧ ᠱᠠ ᠳ᠋ᠢᠩ ︵速灭杀丁︶ ᠵᠡᠷᠭᠡ ᠡᠮ ᠪᠠᠶᠢᠨ᠎ᠠ᠃        26. ᠪᠤᠷᠴᠠᠭ ᠤᠨ ᠮᠢᠩ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ ᠪᠤᠷᠴᠠᠭ ᠤᠨ ᠮᠢᠩ ᠬᠤᠷᠤᠬᠠᠢ ᠪᠤᠯ ᠭᠤᠤᠯ ᠨᠢ ᠤᠷᠳᠤ ᠪᠤᠷᠴᠠᠭ᠂ ᠲᠦᠷᠪᠡᠨ ᠤᠯᠠᠷᠢᠯ ᠤᠨ ᠪᠤᠷᠴᠠᠭ ᠢ ᠭᠦᠨᠦᠭᠡᠳᠡᠭ ᠪᠠᠶᠢᠨ᠎ᠠ᠃ ᠭᠦᠨᠦᠭᠡᠭᠦ ᠰᠢᠨᠵᠢ ᠲᠡᠮᠳᠡᠭ ᠨᠢ ᠭᠡᠪᠡᠯ ᠠᠪᠠᠭᠠᠯᠳᠠᠢ ᠶᠢᠨ ᠤᠯᠠᠩᠭᠢ ᠨᠢ ᠴᠤᠮᠤᠷᠯᠢᠭ ᠢ ᠨᠢ ᠢᠳᠡᠵᠤ ᠴᠠᠴᠡᠭ ᠴᠤᠮᠤᠷᠯᠢᠭ ᠢ ᠨᠢ ᠵᠤᠯᠭᠠᠷᠠᠭᠤᠯᠳᠠᠭ᠃ ᠰᠡᠭᠦᠯ ᠤᠨ ᠦᠶ᠎ᠠ ᠶᠢᠨ ᠪᠤᠷᠴᠠᠭ ᠤᠨ ᠬᠤᠨᠭ᠍ᠭᠤᠷᠴᠤᠭ ᠲᠤ ᠨᠦᠭᠡᠯᠡᠨ ᠤᠷᠤᠵᠤ᠂ ᠢᠯᠵᠠᠷᠠᠮᠠᠯ ᠨᠤᠭᠤᠭᠠᠨ ᠢᠯᠭᠠᠳᠠᠰᠤ ᠪᠠᠨ ᠭᠡᠭᠡᠵᠤ᠂ ᠤᠨᠠᠯᠳᠠ ᠪᠠ ᠶᠠᠰᠤ ᠴᠢᠨᠠᠷ ᠢ ᠭᠦᠨᠳᠤ ᠨᠤᠴᠢᠳᠡᠢ ᠨᠦᠯᠦᠭᠡᠯᠡᠳᠡᠭ᠃ ᠡᠭᠦᠨ ᠠᠴᠠ ᠭᠠᠳᠠᠨ᠎ᠠ ᠠᠪᠠᠭᠠᠯᠳᠠᠢ ᠨᠢ ᠪᠠᠰᠠ ᠨᠠᠪᠴᠢ ᠪᠤᠶᠤ ᠤᠷᠢᠶᠠᠮᠠᠭ ᠨᠠᠪᠴᠢ ᠶᠢ ᠢᠳᠡᠨ ᠭᠦᠨᠦᠭᠡᠳᠡᠭ ᠪᠠᠶᠢᠨ᠎ᠠ᠃       ᠪᠤᠷᠴᠠᠭ ᠤᠨ ᠮᠢᠩ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠲᠠᠷᠢᠶᠠᠨ ᠳᠠᠬᠢ ᠨᠠᠪᠴᠢ ᠬᠤᠨᠭ᠍ᠭᠤᠷᠴᠤᠭ ᠢ ᠴᠠᠭ ᠲᠤᠨᠢ ᠴᠠᠪᠠᠷᠯᠡᠨ ᠠᠷᠢᠯᠭᠠᠵᠤ᠂ ᠭᠦᠨᠦᠭᠡᠯ ᠳᠤ ᠤᠴᠠᠷᠬᠠᠰᠠᠨ ᠨᠠᠪᠴᠢ ᠪᠠ ᠨᠢᠯᠬ᠎ᠠ ᠪᠤᠭᠤᠷᠴᠠᠭ ᠢ ᠲᠡᠭᠦᠨ ᠬᠠᠶᠠᠵᠤ᠂ ᠬᠤᠷᠤᠬᠠᠢ ᠶᠢᠨ ᠢᠷᠠᠯᠳᠠ ᠶᠢ ᠴᠦᠭᠡᠷᠡᠭᠦᠯᠦᠨ᠎ᠠ᠃ ︵2︶ ᠪᠤᠷᠴᠠᠭ ᠤᠨ ᠲᠦᠷᠦᠯ ᠤᠨ 1% ᠶᠢᠨ ᠴᠡᠴᠡᠭ ᠨᠢ ᠲᠡᠯᠭᠡᠷᠡᠭᠦ ᠠᠴᠠ ᠡᠭᠢᠯᠡᠨ᠂ ᠠᠳᠠᠯᠢ ᠪᠤᠰᠤ ᠪᠠᠶᠢᠷᠢ ᠶᠢᠨ 50 ᠴᠠᠴᠡᠭ ᠤᠨ ᠲᠡᠭᠡᠷᠡᠭᠢ ᠠᠪᠠᠭᠠᠯᠳᠠᠢ ᠪᠠ ᠦᠨᠳᠡᠭᠡ ᠶᠢ ᠡᠳᠤᠷ ᠠᠯᠤᠰᠯᠠᠨ ᠨᠢᠭᠡ ᠤᠳᠠᠭ᠎ᠠ ᠪᠠᠶᠢᠴᠠᠭᠠᠵᠤ᠂ ᠦᠨᠳᠡᠭᠡ ᠨᠠᠪᠴᠢᠯᠳᠡ ᠶᠢᠨ ᠦᠶ᠎ᠠ ᠠᠴᠠ ᠠᠪᠤᠭᠠᠳ ᠠᠪᠠᠭᠠᠯᠳᠠᠢ ᠨᠢ 1~2 ᠨᠠᠰᠤᠯᠠᠬᠤ ᠦᠶ᠎ᠠ ᠭᠦᠷᠳᠡᠯ᠎ᠠ ᠲᠠᠷᠢᠮᠠᠯ ᠤᠨ ᠦᠷᠡᠵᠢᠯ ᠤᠨ ᠬᠤᠭᠤᠴᠠᠭ᠎ᠠ ᠨᠢ ᠶᠠᠭ ᠴᠠᠴᠡᠭᠯᠡᠭᠦ ᠪᠡ ᠴᠠᠴᠡᠭᠯᠡᠭᠦ ᠭᠦᠭ ᠦᠶ᠎ᠠ ᠪᠤᠯᠵᠤ ᠪᠠᠶᠢᠭ᠎ᠠ ᠲᠠᠷᠢᠶᠠᠨ ᠳᠤ ᠦᠷᠯᠦᠭᠡ ᠶᠢᠨ 6 ᠴᠠᠭ  ᠠᠴᠠ 9 ᠴᠠᠭ ᠪᠤᠯᠳᠠᠯ᠎ᠠ ᠪᠤᠷᠴᠠᠭ ᠤᠨ ᠴᠠᠴᠡᠭ ᠲᠡᠯᠭᠡᠷᠡᠭᠦ ᠦᠶ᠎ᠠ ᠳᠤᠨᠢ ᠲᠠᠷᠦ᠋ᠢᠬᠠᠨ ᠡᠮ ᠰᠦᠷᠴᠢᠨ ᠰᠡᠷᠭᠡᠶᠢᠯᠡᠨ ᠵᠠᠰᠠᠨ᠎ᠠ᠃ ᠡᠮ ᠢᠶᠠᠨ ᠭᠤᠤᠯ ᠨᠢ ᠴᠠᠴᠡᠭ ᠤᠨ ᠴᠤᠮᠤᠷᠯᠢᠭ ᠲᠡᠭᠡᠷ᠎ᠡ ᠰᠠᠴᠤᠵᠤ᠂ 10 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠰᠠᠴᠤᠨ ᠰᠦᠷᠴᠢᠨ᠎ᠠ᠃       ᠡᠮ ᠭᠡᠷᠡᠭᠯᠡᠭᠦ ᠲᠠᠯ᠎ᠠ ᠪᠠᠷ 25% ᠶᠢᠨ ᠭᠦᠩ ᠹᠦ᠋ ︵功夫︶ ᠡᠮ ᠤᠨ 3000 ᠲᠠᠭᠢᠨ ᠤ ᠰᠢᠩᠭᠡᠨ᠂ 80% ᠶᠢᠨ ᠳ᠋ᠢ ᠳ᠋ᠢ ᠸᠧᠢ ︵敌敌畏︶ ᠡᠮ ᠤᠨ 1000 ᠲᠠᠭᠢᠨ ᠤ ᠰᠢᠩᠭᠡᠨ᠂ 25% ᠶᠢᠨ ᠵᠢᠤᠢ ᠯᠧ ︵菊乐︶ ᠨᠡᠶᠢᠯᠡᠯᠭᠡ ᠡᠮ ᠤᠨ 3000 ᠲᠠᠭᠢᠨ ᠤ ᠰᠢᠩᠭᠡᠨ᠂ BT ᠲᠤᠰᠤᠨ ᠡᠮ ᠤᠨ ᠲᠡᠭᠡᠷ᠎ᠡ ᠭᠦᠩ ᠹᠦ᠋ ᠡᠮ ᠢ 1᠄ 0.1 ᠶᠢᠨ ᠬᠠᠷᠢᠴᠠᠯ ᠢᠶᠠᠷ ᠨᠡᠮᠡᠵᠤ᠂ 800~1000 ᠲᠠᠭᠢᠨ ᠤᠰᠤ ᠪᠠᠷ ᠰᠢᠩᠭᠡᠯᠡᠭᠡᠳ ᠰᠦᠷᠴᠢᠨ᠎ᠠ᠃ ᠪᠠᠶᠢᠡᠭᠭᠤ ᠭᠡᠷᠡᠭᠯᠡᠳᠡᠭ ᠡᠮ ᠳᠤ ︵功夫︶᠂ ᠳ᠋ᠢ ᠳ᠋ᠢ ᠸᠧᠢ ︵敌敌畏︶ ᠡᠮ ᠪᠡ ᠵᠢᠤᠢ ᠯᠧ ︵菊乐︶ ᠡᠮ ᠵᠡᠷᠭᠡ ᠪᠠᠶᠢᠨ᠎ᠠ᠃       27. ᠪᠤᠷᠴᠠᠭ ᠤᠨ ᠬᠤᠨᠭ᠍ᠭᠤᠷᠴᠤᠭ ᠤᠨ ᠮᠢᠩ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠪᠤᠷᠴᠠᠭ ᠤᠨ ᠬᠤᠨᠭ᠍ᠭᠤᠷᠴᠤᠭ ᠤᠨ ᠮᠢᠩ ᠬᠤᠷᠤᠬᠠᠢ ᠨᠢ ᠭᠤᠤᠯᠳᠠᠭᠤ ᠰᠢᠷ᠎ᠠ ᠪᠤᠷᠴᠠᠭ᠂ ᠤᠷᠳᠤ ᠪᠤᠷᠴᠠᠭ᠂ ᠱᠤᠰᠢ᠂ ᠬᠠᠪᠳᠠᠭᠠᠢ ᠪᠤᠷᠴᠠᠭ᠂ ᠸᠠᠨᠳ᠋ᠸᠤ᠂ ᠠᠯᠳᠠᠨ ᠮᠠᠠᠵᠢᠯᠭᠠᠨ ᠵᠡᠷᠭᠡ ᠶᠢ ᠭᠦᠨᠦᠭᠡᠳᠡᠭ᠃ ᠭᠦᠨᠦᠭᠡᠯ ᠤᠨ ᠰᠢᠨᠵᠢ ᠨᠢ ᠭᠡᠪᠡᠯ ᠠᠪᠠᠭᠠᠯᠳᠠᠢ ᠨᠢ ᠪᠤᠷᠴᠠᠭ ᠤᠨ ᠬᠤᠨᠭ᠍ᠭᠤᠷᠴᠤᠭ ᠲᠤ ᠨᠦᠭᠡᠯᠡᠨ ᠤᠷᠤᠵᠤ ᠭᠦᠨᠦᠭᠡᠳᠡᠭ᠃ ᠠᠪᠠᠭᠠᠯᠳᠠᠢ ᠨᠢ ᠨᠠᠪᠴᠢᠭ᠍ᠰᠡᠨ ᠤ ᠪᠠᠨ ᠰᠡᠭᠦᠯᠡᠷ ᠪᠤᠷᠴᠠᠭ ᠤᠨ ᠬᠤᠨᠭ᠍ᠭᠤᠷᠴᠤᠭ ᠤᠨ ᠲᠡᠭᠡᠭᠦᠷ ᠨᠢᠭᠡᠨ ᠴᠠᠭᠠᠨ ᠰᠢᠷᠭᠡᠭ ᠤᠨ ᠡᠭᠦᠷ ᠲᠠᠳᠠᠵᠤ ᠂ ᠡᠭᠦᠷ ᠤᠨ ᠢᠶᠠᠨ ᠲᠤᠤᠷ᠎ᠠ ᠬᠤᠨᠭ᠍ᠭᠤᠷᠴᠤᠭ ᠲᠤ ᠨᠦᠭᠡᠯᠡᠨ ᠤᠷᠤᠵᠤ᠂ ᠪᠤᠷᠴᠠᠭ ᠤᠨ ᠮᠦᠭᠦᠯᠢᠭ ᠢ ᠢᠳᠡᠵᠤ᠂ ᠬᠤᠨᠭ᠍ᠭᠤᠷᠴᠤᠭ ᠢ ᠦᠯᠦᠨ ᠬᠤᠭᠤᠰᠤᠨ ᠪᠤᠯᠭᠠᠳᠠᠭ᠃ ᠪᠠᠰᠠ ᠨᠠᠪᠴᠢᠨ ᠤ ᠪᠠᠷᠢᠭᠤᠯ᠂ ᠴᠤᠮᠤᠷᠯᠢᠭ ᠪᠡ ᠨᠢᠯᠬ᠎ᠠ ᠡᠰᠢ ᠶᠢ ᠭᠦᠨᠦᠭᠡᠳᠡᠭ ᠪᠠᠶᠢᠨ᠎ᠠ᠃       ᠪᠤᠷᠴᠠᠭ ᠤᠨ ᠬᠤᠨᠭ᠍ᠭᠤᠷᠴᠤᠭ ᠤᠨ ᠮᠢᠩ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠵᠤᠭᠢᠰᠳᠡᠢ ᠪᠠᠶᠢᠷᠢᠯᠠᠭᠤᠯᠵᠤ᠂ ᠪᠤᠷᠴᠠᠭ ᠤᠨ ᠲᠦᠷᠦᠯ ᠤᠨ ᠲᠠᠷᠢᠮᠡᠯ ᠢ ᠪᠤᠷᠴᠠᠭ ᠤᠨ ᠢᠵᠠᠭᠤᠷ ᠤᠨ ᠨᠤᠭᠤᠭᠠᠨ ᠪᠤᠷᠳᠤᠭᠤᠷ ᠲᠠᠢ ᠵᠠᠯᠭᠠᠯᠳᠤᠭᠤᠯᠤᠨ ᠲᠠᠷᠢᠬᠤ ᠪᠤᠶᠤ ᠤᠶᠢᠷ᠎ᠠ ᠤᠷᠴᠢᠮ ᠳᠤᠨᠢ ᠲᠠᠷᠢᠬᠤ ᠠᠴᠠ ᠵᠠᠶᠢᠯᠠᠰᠭᠢᠵᠤ᠂ ᠨᠦᠭᠦᠴᠡᠯ ᠲᠠᠢ ᠨᠢ ᠤᠰᠤ ᠬᠠᠭᠤᠷᠠᠢ ᠳᠤ ᠡᠭᠡᠯᠵᠢᠯᠡᠨ ᠲᠠᠷᠢᠵᠤ᠂ ᠬᠤᠷᠤᠬᠠᠢ ᠶᠢᠨ ᠢᠷᠡᠯᠳᠡ ᠶᠢ ᠴᠦᠭᠡᠷᠡᠭᠦᠯᠵᠤ ᠪᠤᠯᠤᠨ᠎ᠠ᠃ ︵2︶ ᠭᠠᠵᠠᠷ ᠲᠠᠯᠠᠪᠠᠢ ᠪᠠᠨ ᠴᠠᠭ ᠲᠠᠷᠤᠢ ᠳᠤᠨᠢ ᠤᠷᠪᠠᠭᠤᠯᠤᠨ ᠲᠡᠭᠰᠢᠯᠡᠭᠦ ᠪᠤᠶᠤ ᠡᠪᠡᠰᠤ ᠶᠢ ᠠᠷᠴᠢᠨ ᠭᠦᠷᠦᠰᠤ ᠶᠢ ᠰᠤᠯᠠᠷᠠᠭᠤᠯᠵᠤ᠂ ᠨᠦᠭᠦᠴᠡᠯ ᠲᠠᠢ ᠭᠠᠵᠠᠷ ᠤᠷᠤᠨ ᠪᠤᠯ ᠡᠪᠤᠯ ᠬᠠᠪᠤᠷ ᠤᠰᠤᠯᠠᠬᠤ ᠠᠷᠭ᠎ᠠ ᠪᠠᠷ ᠡᠪᠤᠯᠵᠢᠭ᠍ᠰᠡᠨ ᠬᠤᠷᠤᠬᠠᠢ ᠶᠢ ᠤᠰᠠᠳᠬᠠᠵᠤ ᠪᠤᠯᠤᠨ᠎ᠠ᠃ ︵3︶ ᠪᠤᠷᠴᠠᠭ ᠤᠨ ᠢᠵᠠᠭᠤᠷ ᠤᠨ ᠨᠤᠭᠤᠭᠠᠨ ᠪᠤᠷᠳᠤᠭᠤᠷ ᠤᠷᠤᠭᠤᠯᠵᠤ᠂ ᠰᠢᠷ᠎ᠠ ᠪᠤᠷᠴᠠᠭ ᠢᠶᠠᠨ ᠬᠤᠷᠢᠶᠠᠵᠤ ᠠᠪᠤᠮᠬᠠᠴᠠ ᠪᠠᠨ ᠰᠠᠭᠤᠷᠢ ᠶᠢ ᠨᠢ ᠦᠭᠳᠡᠭᠡᠨ ᠠᠪᠴᠤ᠂ ᠲᠠᠷᠢᠶᠠᠨ ᠭᠠᠵᠠᠷ ᠠᠴᠠ ᠪᠠᠨ ᠰᠢᠯᠵᠢᠭᠦᠯᠵᠤ᠂ ᠲᠤᠰ ᠲᠠᠷᠢᠶᠠᠨ ᠳᠤ ᠡᠪᠤᠯᠵᠢᠭᠦ ᠠᠪᠠᠭᠠᠯᠳᠠᠢ ᠶᠢ ᠪᠠᠭᠠᠰᠬᠠᠨ᠎ᠠ᠃ ︵4︶ ᠡᠷᠳᠡ ᠪᠤᠯᠪᠠᠰᠤᠷᠠᠬᠤ ᠡᠯᠪᠡᠭ ᠬᠤᠷᠢᠶᠠᠯᠳᠠ ᠲᠠᠢ᠂ ᠬᠤᠨᠭ᠍ᠭᠤᠷᠴᠤᠠᠠᠯᠠᠬᠤ ᠬᠤᠭᠤᠴᠠᠭ᠎ᠠ ᠨᠢ ᠤᠬᠤᠷ᠂ ᠦᠰᠤ ᠪᠠᠭᠠᠳᠠᠢ ᠪᠤᠶᠤ ᠦᠰᠤ ᠦᠭᠡᠢ ᠰᠤᠷᠲ ᠢ ᠰᠤᠩᠭᠤᠨ ᠲᠠᠷᠢᠨ᠎ᠠ᠃ ︵5︶ ᠦᠳᠡᠯᠦᠭᠰᠡᠨ ᠠᠪᠠᠭᠠᠯᠳᠠᠢ ᠨᠢ ᠭᠦᠷᠦᠰᠤᠨ ᠳᠤ ᠰᠢᠷᠭᠤᠬᠤ  ᠠᠴᠠ ᠨᠢ ᠡᠮᠦᠨ᠎ᠠ᠂ ᠲᠠᠷᠢᠶᠠᠨ ᠭᠠᠵᠠᠷ ᠤᠨ ᠴᠢᠭᠢᠭ ᠤᠨ ᠭᠡᠮᠵᠢᠶ᠎ᠠ ᠨᠢ ᠨᠡᠯᠢᠶᠡᠳ ᠦᠨᠳᠤᠷ ᠪᠠᠶᠢᠬᠤ ᠨᠦᠭᠦᠴᠡᠯ ᠲᠤᠤᠷ᠎ᠠ ᠂ 1.5kg ᠪᠠᠢ ᠵᠢᠶᠠᠩ ᠵᠢᠶᠦ᠋ᠨ ︵百僵菌︶ ᠨᠤᠠᠳᠠᠭ ᠡᠮ ᠢ ᠨᠠᠷᠢᠨ ᠰᠢᠷᠤᠢ ᠲᠠᠢ ᠬᠤᠯᠢᠵᠤ᠂ ᠮᠤ᠋ ᠪᠦᠷᠢ 4.5kg ᠰᠠᠴᠤᠨ᠎ᠠ᠃ ︵6︶ ᠢᠳᠤᠭᠠᠨ ᠡᠭᠦᠰᠭᠦ ᠭᠦᠭ ᠦᠶ᠎ᠠ ᠪᠠ ᠦᠨᠳᠡᠭᠡ ᠨᠠᠪᠴᠢᠭᠦ ᠭᠦᠭ ᠦᠶ᠎ᠠ ᠳᠤ᠂ ᠠᠩᠬ᠎ᠠ ᠴᠠᠴᠡᠭᠯᠡᠭᠦ ᠦᠶ᠎ᠠ ᠳᠡᠭᠡᠨ ᠪᠠᠶᠢᠭ᠎ᠠ ᠰᠢᠷ᠎ᠠ ᠪᠤᠷᠴᠠᠭ᠂ ᠴᠤᠮᠤᠷᠯᠢᠬᠵᠢᠬᠤ ᠪᠡ ᠴᠡᠴᠡᠭᠯᠡᠭᠦ ᠦᠶ᠎ᠠ ᠳᠡᠭᠡᠨ ᠪᠠᠶᠢᠭ᠎ᠠ ᠠᠯᠳᠠᠨ ᠮᠠᠠᠵᠢᠯᠭᠠᠨ᠂ ᠱᠤᠰᠢ ᠳᠤ 90% ᠶᠢᠨ ᠲᠠᠯᠠᠰᠳᠤ ᠳ᠋ᠢ ᠪᠠᠢ ᠴᠦᠩ ︵敌百虫︶᠂ 50% ᠶᠢᠨ ᠱᠠ ᠮᠢᠩ ᠰᠦᠩ ︵杀螟松︶ ᠲᠤᠰᠤᠨ ᠡᠮ᠂ 50% ᠶᠢᠨ ᠮᠠ ᠯᠠ ᠯᠢᠤ ᠯᠢᠨ ︵马拉硫磷︶ ᠲᠤᠰᠤᠨ ᠡᠮ ᠤᠨ ᠲᠤᠰᠪᠤᠷᠢ ᠶᠢᠨ 1000 ᠲᠠᠭᠢᠨ ᠤ ᠰᠢᠩᠭᠡᠨ ᠢ ᠰᠤᠩᠭᠤᠨ ᠰᠦᠷᠴᠢᠭᠦ ᠪᠤᠶᠤ 25% ᠶᠢᠨ ᠭᠦᠩ ᠹᠦ᠋ ︵功夫︶ ᠲᠤᠰᠤᠨ ᠡᠮ ᠤᠨ 3000 ᠲᠠᠭᠢᠨ ᠤ ᠰᠢᠩᠭᠡᠨ ᠢ ᠰᠦᠷᠴᠢᠵᠤ ᠪᠤᠯᠤᠨ᠎ᠠ᠃      28. ᠦᠷᠭᠡᠰᠤᠳᠤ ᠨᠤᠭᠤᠭ᠎ᠠ ᠶᠢᠨ ᠴᠤᠬᠤᠷ ᠢᠯᠠᠭ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠴᠤᠬᠤᠷ ᠢᠯᠠᠭ᠎ᠠ ᠪᠤᠯ ᠭᠤᠤᠯᠳᠠᠭᠤ ᠦᠷᠭᠡᠰᠤᠳᠤ ᠨᠤᠭᠤᠭ᠎ᠠ᠂ ᠯᠤᠤᠪᠠᠩ᠂ ᠰᠢᠭᠢᠷ ᠯᠤᠤᠪᠠᠩ ᠢ ᠭᠦᠨᠦᠭᠡᠳᠡᠭ᠃ ᠠᠪᠠᠭᠠᠯᠳᠠᠢ ᠨᠢ ᠨᠠᠪᠴᠢᠨ ᠳᠤ ᠨᠢᠭᠤᠠᠠᠳᠠᠨ᠂ ᠨᠠᠪᠴᠢᠨ ᠤ ᠮᠢᠬ᠎ᠠ ᠶᠢ ᠢᠳᠡᠵᠤ᠂ ᠨᠦᠭᠡᠨ ᠵᠠᠮ ᠨᠢ ᠨᠡᠯᠢᠶᠡᠳ ᠦᠷᠭᠡᠨ ᠪᠠᠶᠢᠵᠤ᠂ ᠢᠯᠭᠠᠳᠠᠰᠤ ᠪᠠᠨ ᠭᠡᠭᠡᠳᠡᠭ ᠪᠠ ᠦᠯᠡᠳᠡᠭᠰᠡᠨ ᠬᠠᠯᠢᠰᠤ ᠨᠢ ᠤᠰᠤᠨ ᠴᠦᠪᠤᠷᠢᠭᠦᠤ ᠲᠠᠢ ᠪᠤᠯᠵᠤ᠂ ᠬᠤᠷᠢᠶᠠᠯᠳᠠ ᠪᠠ ᠶᠠᠰᠤ ᠴᠢᠨᠠᠷ ᠢ ᠨᠦᠯᠦᠭᠡᠯᠡᠳᠡᠭ ᠪᠦᠭᠡᠳ ᠭᠦᠨᠳᠤ ᠨᠤᠴᠢᠳᠡᠢ ᠦᠶᠡᠰ ᠪᠦᠭᠦ ᠲᠠᠷᠢᠶ᠎ᠠ ᠴᠦᠮ ᠰᠦᠢᠳᠬᠦ ᠪᠤᠯᠤᠨ᠎ᠠ᠃ ᠦᠪᠤᠷ ᠮᠤᠩᠭᠤᠯ᠂ ᠵᠡᠭᠦᠨ ᠬᠤᠶᠢᠳᠤ ᠤᠷᠤᠨ᠂ ᠲᠦᠪᠡᠳ ᠵᠡᠷᠭᠡ ᠭᠠᠵᠠᠷ ᠤᠷᠤᠨ ᠳᠤ ᠴᠤᠬᠤᠷ ᠢᠯᠠᠭ᠎ᠠ  ᠨᠢ ᠵᠢᠯ ᠳᠤ ᠤᠯᠠᠨ ᠦᠶ᠎ᠠ ᠦᠷᠡᠵᠢᠵᠤ᠂ ᠤᠮᠠᠷᠠᠳᠤ ᠤᠷᠤᠨ ᠳᠤ ᠵᠢᠯ ᠳᠤ 3~4 ᠦᠶ᠎ᠠ ᠦᠷᠡᠵᠢᠵᠤ᠂ ᠭᠡᠤᠭᠡᠯᠳᠡᠢ  ᠨᠢ ᠭᠦᠷᠦᠰᠤᠨ ᠳᠤ ᠡᠪᠤᠯᠵᠢᠳᠡᠭ᠃ ᠨᠢᠭᠡᠳᠦᠭᠡᠷ ᠦᠶ᠎ᠠ ᠶᠢᠨ ᠢᠯᠠᠭ᠎ᠠ ᠨᠢ ᠨᠤᠭᠤᠭ᠎ᠠ ᠶᠢᠨ ᠦᠨᠳᠤᠰᠤᠨ ᠳᠤ ᠡᠭᠦᠰᠴᠤ᠂ 5 ᠳ᠋ᠤᠭᠠᠷ ᠰᠠᠷ᠎ᠠ ᠶᠢᠨ ᠡᠭᠢ ᠪᠠᠷ ᠡᠭᠢᠯᠡᠨ ᠬᠤᠶᠠᠳᠤᠭᠠᠷ ᠦᠶ᠎ᠠ ᠶᠢᠨ ᠢᠯᠠᠭ᠎ᠠ ᠡᠭᠦᠰᠴᠤ᠂ 6 ᠳ᠋ᠤᠭᠠᠷ ᠰᠠᠷ᠎ᠠ ᠳᠤ ᠭᠤᠷᠪᠡᠳᠤᠭᠠᠷ ᠦᠶ᠎ᠠ ᠶᠢᠨ ᠢᠯᠠᠭ᠎ᠠ ᠡᠭᠦᠰᠳᠡᠭ᠃ ᠭᠦᠢᠳᠡᠨ ᠳᠤ ᠮᠠᠰᠢ ᠦᠯᠴᠢᠷ ᠪᠠᠶᠢᠵᠤ᠂ ᠤᠮᠠᠷᠠᠳᠤ ᠤᠷᠤᠨ ᠳᠤ ᠮᠠᠰᠢ ᠭᠦᠨᠳᠤ ᠭᠦᠨᠦᠭᠡᠯ ᠲᠠᠷᠢᠳᠠᠭ ᠪᠠᠶᠢᠨ᠎ᠠ᠃ ᠪᠡᠶᠡᠯᠡᠭᠰᠡᠨ ᠬᠤᠷᠤᠬᠠᠢ ᠶᠢᠨ ᠤᠯᠠᠩᠭᠢ ᠨᠢ ᠦᠷᠯᠦᠭᠡ ᠡᠷᠳᠡ ᠲᠠᠯᠠᠪᠴᠢᠯᠡᠨ ᠨᠢᠰᠳᠡᠭ᠃ ᠨᠠᠪᠴᠢᠨ ᠤ ᠠᠷᠤ ᠳᠤ ᠦᠨᠳᠡᠭᠡᠯᠡᠵᠤ᠂ ᠤᠯᠠᠩᠭᠢ ᠳᠠᠭᠠᠨ ᠤᠷᠤᠢ ᠨᠠᠪᠴᠢᠵᠤ᠂ ᠨᠠᠪᠴᠢᠨ  ᠳᠤ ᠨᠢᠭᠤᠠᠠᠳᠠᠳᠠᠭ᠃ ᠠᠪᠠᠭᠠᠯᠳᠡᠢ ᠨᠢ ᠪᠠᠰᠠ ᠢᠯᠵᠠᠷᠠᠮᠠᠯ ᠤᠷᠭᠠᠨᠢᠭ ᠪᠤᠷᠳᠤᠭᠤᠷ ᠪᠡ ᠢᠯᠭᠠᠳᠠᠰᠤ ᠶᠢ ᠢᠳᠡᠨ ᠪᠤᠶᠢᠵᠢᠳᠠᠬ᠃ ᠭᠦᠭᠰᠢᠨ ᠢᠯᠠᠭ᠎ᠠ ᠨᠢ ᠨᠠᠪᠴᠢ ᠪᠤᠶᠤ 5cm ᠭᠦᠨ ᠭᠦᠷᠦᠰᠤᠨ ᠳᠤ ᠭᠡᠤᠭᠡᠯᠳᠡᠶᠢᠵᠢᠵᠤ᠂ ᠭᠡᠤᠭᠡᠯᠳᠡᠶᠢᠵᠢᠭᠦ ᠬᠤᠭᠤᠴᠠᠭ᠎ᠠ ᠨᠢ ᠬᠠᠭᠠᠰ ᠵᠢᠯ ᠠᠴᠠ ᠲᠡᠭᠡᠭᠰᠢ ᠳᠤ ᠭᠦᠷᠳᠡᠭ᠃ ᠡᠯ᠎ᠠ ᠦᠶ᠎ᠠ ᠶᠢᠨ ᠢᠯᠠᠭ᠎ᠠ ᠨᠢ ᠬᠠᠪᠤᠷ ᠠᠳᠠᠯᠢ ᠴᠠᠭ ᠲᠤ ᠲᠠᠯᠠᠪᠴᠢᠯᠠᠳᠠᠭ ᠪᠤᠯᠬᠤᠷ ᠵᠢᠯ ᠪᠦᠷᠢ ᠶᠢᠨ ᠬᠠᠪᠤᠷ ᠨᠢᠭᠡᠳᠦᠭᠡᠷ ᠦᠶ᠎ᠠ ᠶᠢᠨ ᠢᠯᠠᠭ᠎ᠠ ᠮᠠᠰᠢ ᠤᠯᠠᠨ ᠡᠭᠦᠰᠳᠡᠭ ᠪᠠᠶᠢᠨ᠎ᠠ᠃      ᠦᠷᠭᠡᠰᠤᠳᠤ ᠨᠤᠭᠤᠭ᠎ᠠ ᠶᠢᠨ ᠴᠤᠬᠤᠷ ᠢᠯᠠᠭ᠎ᠠ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠭᠦᠢᠴᠡᠳ ᠢᠯᠵᠠᠷᠬᠠᠰᠠᠨ ᠰᠢᠬᠡᠭ ᠪᠤᠷᠳᠤᠭᠤᠷ ᠢ ᠰᠠᠭᠤᠷᠢ ᠪᠤᠷᠳᠤᠭᠤᠷ ᠪᠤᠯᠭᠠᠨ ᠤᠷᠤᠭᠤᠯᠤᠨ᠎ᠠ᠃ ︵2︶ ᠦᠨᠳᠡᠭᠡᠯᠡᠭᠦ ᠭᠦᠭ ᠦᠶ᠎ᠠ ᠠᠴᠠ ᠦᠨᠳᠡᠭᠡ ᠨᠠᠪᠴᠢᠭᠦ ᠡᠭᠢᠨ ᠤ ᠦᠶ᠎ᠠ ᠳᠤ ᠡᠮ ᠢᠶᠠᠷ ᠰᠡᠷᠭᠡᠶᠢᠯᠡᠨ ᠵᠠᠰᠠᠨ᠎ᠠ᠃ ᠡᠮ ᠢᠶᠠᠷ ᠰᠡᠷᠭᠡᠶᠢᠯᠡᠨ ᠵᠠᠰᠠᠬᠤ ᠳᠠᠭᠠᠨ 21% ᠶᠢᠨ ᠮᠢᠶᠧ ᠱᠠ ᠪᠢ ︵灭杀毙︶ ᠲᠤᠰᠤᠨ ᠡᠮ ᠤᠨ 8000 ᠲᠠᠭᠢᠨ ᠤ ᠰᠢᠩᠭᠡᠨ᠂ 2.5% ᠶᠢᠨ ᠰᠤ᠋ ᠮᠢᠶᠧ ᠱᠠ ᠳ᠋ᠢᠩ ︵速灭杀丁︶ ᠡᠮ ᠪᠤᠶᠤ 20% ᠶᠢᠨ ᠭᠦᠩ ᠹᠦ᠋ ︵功夫 ︶ ᠡᠮ ᠤᠨ 3000 ᠲᠠᠭᠢᠨ ᠤ ᠰᠢᠩᠭᠡᠨ᠂ 50% ᠶᠢᠨ ᠰᠢᠨ ᠯᠢᠤ ᠯᠢᠨ ︵辛硫磷︶ ᠲᠤᠰᠤᠨ ᠡᠮ ᠤᠨ 2000 ᠲᠠᠭᠢᠨ ᠤ ᠰᠢᠩᠭᠡᠨ᠂ 40% ᠶᠢᠨ ᠵᠢᠤᠢ ᠱᠠ ︵菊杀︶ ᠲᠤᠰᠤᠨ ᠡᠮ ᠪᠤᠶᠤ 40% ᠶᠢᠨ ᠵᠢᠤᠢ ᠮᠠ ︵菊马︶ ᠲᠤᠰᠤᠨ ᠡᠮ ᠤᠨ 2000~3000 ᠲᠠᠭᠢᠨ ᠤ ᠰᠢᠩᠭᠡᠨ᠂ 40% ᠶᠢᠨ ᠯᠧ ᠭᠦᠸᠧ ︵乐果︶ ᠪᠤᠯᠤᠨ 80% ᠶᠢᠨ ᠳ᠋ᠢ ᠳ᠋ᠢ ᠸᠧᠢ ︵敌敌畏︶ ᠲᠤᠰᠤᠨ ᠡᠮ ᠤᠨ 2500 ᠲᠠᠭᠢᠨ ᠤ ᠰᠢᠩᠭᠡᠨ ᠢ ᠰᠤᠩᠭᠤᠨ ᠰᠦᠷᠴᠢᠵᠤ ᠪᠤᠯᠤᠨ᠎ᠠ᠃ ᠪᠠᠶᠢᠡᠭᠭᠤ ᠭᠡᠷᠡᠭᠯᠡᠳᠡᠭ ᠡᠮ ᠳᠤ ᠮᠢᠶᠧ ᠱᠠ ᠪᠢ ︵灭杀毙︶᠂ ᠰᠤ᠋ ᠮᠢᠶᠧ ᠱᠠ ᠳ᠋ᠢᠩ ︵速灭杀丁︶᠂ ᠭᠦᠩ ᠹᠦ᠋ ︵功夫︶᠂ ᠰᠢᠨ ᠯᠢᠤ ᠯᠢᠨ ︵辛硫磷︶᠂ ᠵᠢᠣᠢ ᠱᠠ ︵菊杀︶᠂ ᠵᠢᠤᠢ ᠮᠠ ︵菊马︶ ᠵᠡᠷᠭᠡ ᠡᠮ ᠤᠳ ᠪᠠᠶᠢᠨ᠎ᠠ᠃      29. ᠰᠤᠩᠭᠢᠨ᠎ᠠ ᠶᠢᠨ ᠬᠠᠶᠢᠷᠰᠤᠳᠤ ᠢᠳᠤᠭᠠᠨ ᠤ ᠬᠦᠨᠦᠭᠡᠯ ᠢ ᠰᠡᠷᠭᠡᠶᠢᠯᠡᠨ ᠵᠠᠰᠠᠬᠤ      ᠰᠤᠩᠭᠢᠨ᠎ᠠ ᠶᠢᠨ ᠬᠠᠶᠢᠷᠰᠤᠳᠤ ᠢᠳᠤᠭᠠᠨ ᠪᠤᠯ ᠭᠤᠤᠯ ᠨᠢ ᠭᠤᠭᠤᠳ᠂ ᠰᠤᠩᠭᠢᠨ᠎ᠠ᠂ ᠪᠦᠭᠡᠷᠡᠩᠭᠡᠢ ᠰᠤᠩᠭᠢᠨ᠎ᠠ᠂ ᠵᠡᠷᠯᠢᠭ ᠭᠤᠭᠤᠳ ᠢ ᠭᠦᠨᠦᠭᠡᠳᠡᠭ᠃ ᠭᠦᠨᠦᠭᠡᠯ ᠨᠢ ᠭᠡᠪᠡᠯ ᠭᠤᠤᠯᠳᠠᠭᠤ ᠠᠪᠠᠭᠠᠯᠳᠠᠢ ᠨᠢ ᠨᠠᠪᠴᠢ ᠶᠢ ᠢᠳᠡᠵᠤ᠂ ᠭᠤᠭᠤᠳ ᠤᠨ ᠨᠠᠪᠴᠢ ᠨᠢ ᠢᠳᠡᠭᠳᠡᠭᠰᠡᠨ ᠤ ᠰᠡᠭᠦᠯᠡᠷ ᠭᠤᠤ ᠭᠠᠷᠴᠤ᠂ ᠭᠤᠤ ᠶᠢ ᠲᠠᠭᠠᠨ ᠡᠰᠢᠨ ᠤ ᠭᠡᠰᠡᠭ ᠢ ᠢᠳᠡᠭᠡᠳ᠂ ᠭᠦᠨᠳᠤ ᠨᠤᠴᠢᠳᠡᠢ ᠭᠦᠨᠦᠭᠡᠭᠳᠡᠭᠦ ᠦᠶᠡᠰ ᠭᠤᠤᠯ ᠨᠠᠪᠴᠢ ᠨᠢ ᠰᠢᠷᠠᠯᠠᠴᠢᠬᠠᠳᠠᠭ ᠪᠠᠶᠢᠨ᠎ᠠ᠃ ᠲᠤᠰ ᠬᠤᠷᠤᠬᠠᠢ ᠪᠤᠯ ᠭᠤᠤᠯ ᠨᠢ ᠤᠮᠠᠷᠠᠳᠤ ᠤᠷᠤᠨ ᠳᠤ ᠡᠭᠦᠰᠳᠡᠭ ᠪᠦᠭᠡᠳ ᠡᠮᠦᠨᠡᠳᠤ ᠤᠷᠤᠨ ᠳᠤ ᠪᠠᠰᠠ ᠬᠠᠷᠬᠠᠳᠠᠵᠤ ᠪᠠᠶᠢᠳᠠᠭ᠃ ᠪᠡᠶᠡᠯᠡᠭᠰᠡᠨ ᠬᠤᠷᠤᠬᠠᠢ ᠨᠢ ᠰᠢᠮ᠎ᠠ ᠲᠡᠵᠢᠭᠡᠯ ᠨᠦᠭᠦᠭᠦ ᠴᠢᠬᠤᠯᠠ ᠲᠠᠢ ᠪᠠᠶᠢᠵᠤ᠂ ᠨᠠᠪᠴᠢᠨ ᠲᠡᠭᠡᠷ᠎ᠡ ᠲᠠᠷᠠᠬᠠᠢ ᠪᠤᠳᠠᠷᠬᠠᠢ ᠦᠨᠳᠡᠭᠡᠯᠡᠳᠡᠭ᠃ ᠠᠪᠠᠭᠠᠯᠳᠠᠢ ᠨᠢ ᠨᠠᠪᠴᠢᠭ᠍ᠰᠡᠨ ᠤ ᠰᠡᠭᠦᠯᠡᠷ ᠨᠠᠪᠴᠢᠨ ᠤ ᠤᠭ ᠤᠨ ᠭᠡᠰᠡᠭ ᠵᠦᠭ ᠰᠢᠯᠵᠢᠨ ᠭᠦᠨᠦᠭᠡᠵᠤ᠂ ᠨᠢᠭᠡ ᠰᠠᠭᠤᠷᠢᠨ ᠲᠡᠭᠡᠷ᠎ᠡ ᠨᠢᠬᠡ ᠯᠠ ᠠᠪᠠᠭᠠᠯᠳᠠᠢ ᠭᠦᠨᠦᠭᠡᠯ ᠲᠠᠷᠢᠵᠤ᠂ ᠨᠤᠭᠤᠭᠠᠨ ᠦᠡᠭᠭᠡ ᠶᠢᠨ ᠢᠯᠭᠠᠳᠠᠰᠤ ᠪᠠᠨ ᠨᠠᠪᠴᠢᠨ ᠤ ᠤᠭ ᠭᠡᠰᠡᠭ ᠤᠨ ᠰᠠᠯᠠᠭᠠᠨ ᠳᠤ ᠭᠡᠭᠡᠵᠤ᠂ ᠠᠪᠠᠭᠠᠯᠳᠠᠢ ᠨᠢ ᠪᠡᠶᠡᠯᠡᠭᠰᠡᠨ ᠬᠤᠷᠤᠬᠠᠢ ᠪᠤᠯᠤᠮᠬᠠᠴᠠ ᠪᠠᠨ ᠡᠰᠢᠨ ᠤ ᠲᠤᠳᠤᠷ᠎ᠡ ᠠᠴᠠ ᠭᠠᠷᠴᠤ ᠢᠷᠡᠨ᠂ ᠨᠠᠪᠴᠢᠨ ᠤ ᠲᠤᠮᠳᠠ ᠲᠡᠭᠡᠳᠤ ᠭᠡᠰᠡᠭ ᠲᠤ ᠭᠡᠤᠭᠡᠯᠳᠡᠶᠢᠵᠢᠵᠤ᠂ ᠪᠡᠶᠡᠯᠡᠭᠰᠡᠨ ᠬᠤᠷᠤᠬᠠᠢ ᠪᠠ ᠭᠡᠤᠭᠡᠯᠳᠡᠢ ᠨᠢ ᠮᠦᠯᠵᠢᠭᠳᠡᠭᠴᠢ ᠪᠡᠶ᠎ᠠ ᠪᠤᠶᠤ ᠲᠠᠷᠢᠶᠠᠨ ᠵᠠᠬ᠎ᠠ ᠶᠢᠨ ᠰᠤᠯᠠ ᠡᠪᠡᠰᠤᠨ ᠳᠤ ᠡᠪᠤᠯᠵᠢᠵᠤ᠂ ᠲᠠᠷᠠᠭ᠎ᠠ ᠵᠢᠯ ᠨᠢ ᠲᠡᠭᠷᠢ ᠲᠤᠯᠠᠭᠠᠷᠠᠮᠬᠠᠴᠠ ᠪᠡᠶᠡᠯᠡᠭᠰᠡᠨ ᠬᠤᠷᠤᠬᠠᠢ ᠨᠢ ᠡᠭᠢᠯᠡᠨ ᠭᠦᠳᠡᠯᠭᠡᠭᠡᠨ ᠭᠢᠳᠡᠭ ᠪᠠᠶᠢᠨ᠎ᠠ᠃     ᠰᠤᠩᠭᠢᠨ᠎ᠠ ᠶᠢᠨ ᠬᠠᠶᠢᠷᠰᠤᠳᠤ ᠢᠳᠤᠭᠠᠨ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠬᠠᠪᠤᠷ ᠡᠷᠳᠡ ᠪᠤᠶᠤ ᠨᠠᠮᠤᠷ ᠤᠨ ᠰᠡᠭᠦᠯᠴᠢ ᠪᠠᠷ ᠲᠠᠷᠢᠶᠠᠨ ᠭᠠᠵᠠᠷ ᠢᠶᠠᠨ ᠴᠠᠪᠠᠷᠯᠠᠵᠤ᠂ ᠬᠤᠷᠤᠬᠠᠢ ᠶᠢᠨ ᠡᠭᠦᠰᠦᠯ ᠢ ᠪᠠᠭᠠᠰᠬᠠᠨ᠎ᠠ᠃ ᠰᠠᠷᠠᠨ᠎ᠠ ᠶᠢᠨ ᠢᠵᠠᠭᠤᠷ ᠤᠨ ᠪᠤᠰᠤ ᠨᠤᠭᠤᠭ᠎ᠠ ᠴᠠᠭ᠎ᠠ ᠲᠠᠢ ᠡᠭᠡᠯᠵᠢᠯᠡᠨ ᠲᠠᠷᠢᠨ᠎ᠠ᠃ ︵2︶ ᠲᠠᠷᠢᠶᠠᠨ ᠭᠠᠵᠠᠷ ᠲᠠᠬᠢ ᠬᠤᠷᠤᠬᠠᠢ ᠶᠢᠨ ᠪᠠᠶᠢᠳᠠᠯ ᠳᠤ ᠪᠠᠶᠢᠴᠠᠭᠠᠯᠳᠠ ᠭᠢᠵᠤ᠂ ᠠᠪᠠᠭᠠᠯᠳᠠᠢ ᠨᠢ ᠡᠰᠢᠨ ᠳᠤ ᠤᠷᠤᠵᠤ ᠭᠦᠨᠦᠭᠡᠯ ᠲᠠᠷᠢᠬᠤ ᠠᠴᠠ ᠡᠮᠦᠨ᠎ᠠ 2.5% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠤᠨ 5000 ᠲᠠᠭᠢᠨ ᠤ ᠰᠢᠩᠭᠡᠨ᠂ 20% ᠶᠢᠨ ᠱᠠ ᠮᠢᠶᠧ ᠵᠢᠤᠢ ᡁᠢ ︵杀灭菊酯︶ ᠲᠤᠰᠤᠨ ᠡᠮ ᠤᠨ 4000~5000 ᠲᠠᠭᠢᠨ ᠤ ᠰᠢᠩᠭᠡᠨ᠂ 21% ᠶᠢᠨ ᠮᠢᠶᠧ ᠱᠠ ᠪᠢ ︵灭杀毙︶ ᠲᠤᠰᠤᠨ ᠡᠮ ᠤᠨ 6000 ᠲᠠᠭᠢᠨ ᠤ ᠰᠢᠩᠭᠡᠨ ᠢ ᠰᠦᠷᠴᠢᠨ ᠰᠡᠷᠭᠡᠶᠢᠯᠡᠨ᠎ᠡ᠃      30. ᠭᠤᠭᠤᠳ ᠤᠨ ᠦᠳᠤ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠭᠤᠭᠤᠳ ᠤᠨ ᠦᠳᠤ ᠪᠤᠯ ᠭᠤᠤᠯᠳᠠᠭᠤ ᠭᠦᠷᠤᠰᠤᠨ ᠲᠤᠤᠷᠠᠭᠢ ᠰᠤᠩᠭᠢᠨᠠᠯᠢᠭ ᠡᠰᠢ ᠪᠡ ᠨᠢᠯᠬ᠎ᠠ ᠡᠰᠢ ᠶᠢ ᠭᠦᠨᠦᠭᠡᠳᠡᠭ᠃ ᠰᠠᠶ᠋ᠢ ᠨᠠᠪᠴᠢᠭ᠍ᠰᠡᠨ ᠠᠪᠠᠭᠠᠯᠳᠠᠢ ᠨᠢ ᠭᠤᠭᠤᠳ ᠤᠨ ᠨᠠᠪᠴᠢᠨ ᠤ ᠲᠤᠠᠠᠳᠤᠢ ᠶᠢᠨ ᠰᠠᠭᠤᠷᠢ ᠭᠡᠰᠡᠭ ᠪᠠ ᠬᠠᠶᠢᠷᠰᠤᠯᠢᠭ ᠡᠰᠢ ᠶᠢᠨ ᠲᠡᠭᠡᠳᠤ ᠭᠡᠰᠡᠭ ᠢ ᠭᠦᠨᠦᠭᠡᠵᠤ᠂ ᠲᠠᠭᠢᠨ ᠭᠦᠷᠤᠰᠤᠨ ᠲᠤᠤᠷᠠᠭᠢ ᠬᠠᠶᠢᠷᠰᠤᠯᠢᠭ ᠡᠰᠢ ᠶᠢ ᠨᠢ ᠮᠡᠷᠡᠵᠤ᠂ ᠬᠠᠶᠢᠷᠰᠤᠯᠢᠭ ᠡᠰᠢ ᠶᠢ ᠢᠯᠵᠠᠷᠠᠭᠤᠯᠤᠨ ᠬᠠᠳᠠᠭᠠᠵᠤ᠂ ᠭᠦᠷᠤᠰᠤᠨ ᠲᠡᠭᠡᠷᠡᠭᠢ ᠭᠡᠰᠡᠭ ᠢ ᠦᠭᠦᠭᠦᠯᠳᠡᠭ ᠪᠠᠶᠢᠨ᠎ᠠ᠃ ᠲᠤᠰ ᠬᠤᠷᠤᠬᠠᠢ ᠪᠤᠯ ᠤᠮᠠᠷᠠᠳᠤ ᠤᠷᠤᠨ ᠳᠤ ᠵᠢᠯ ᠳᠤ 3~4 ᠦᠶ᠎ᠠ ᠦᠷᠡᠵᠢᠵᠤ᠂ ᠠᠪᠠᠭᠠᠯᠳᠠᠢ ᠨᠢ ᠭᠤᠭᠤᠳ ᠤᠨ ᠦᠨᠳᠤᠰᠤᠨ ᠤ ᠤᠷᠴᠢᠮ ᠪᠤᠶᠤ ᠬᠠᠶᠢᠷᠰᠤᠯᠢᠭ ᠡᠰᠢᠨ ᠳᠤ ᠡᠪᠤᠯᠵᠢᠳᠡᠭ᠃ ᠡᠪᠤᠯᠵᠢᠭ᠍ᠰᠡᠨ ᠠᠪᠠᠭᠠᠯᠳᠠᠢ  ᠨᠢ ᠲᠠᠷᠠᠭ᠎ᠠ ᠵᠢᠯ ᠤᠨ ᠬᠠᠪᠤᠷ ᠠᠭᠠᠵᠢᠮ ᠢᠶᠠᠷ ᠭᠦᠷᠦᠰᠤᠨ ᠭᠠᠳᠠᠷᠭᠤ ᠳᠤ ᠭᠠᠷᠴᠤ ᠢᠷᠡᠨ ᠭᠦᠳᠡᠯᠭᠡᠭᠡᠨ ᠭᠢᠭᠦ ᠪᠠ ᠤᠯᠠᠩᠭᠢ ᠨᠢ 1~2cm ᠭᠦᠷᠤᠰᠤᠨ ᠳᠤ ᠭᠡᠤᠭᠡᠯᠳᠡᠶᠢᠵᠢᠵᠤ᠂ ᠴᠦᠭᠡᠨᠭᠭᠢ ᠨᠢ ᠦᠨᠳᠤᠰᠤᠨ ᠡᠰᠢᠨ ᠳᠤ ᠭᠡᠤᠭᠡᠯᠳᠡᠶᠢᠵᠢᠳᠡᠭ ᠪᠠᠶᠢᠨ᠎ᠠ᠃ ᠪᠡᠶᠡᠯᠡᠭᠰᠡᠨ ᠦᠳᠤ ᠨᠢ ᠴᠢᠭᠢᠭᠯᠢᠭ ᠭᠡᠷᠡᠯ ᠮᠠᠭᠤᠳᠠᠢ ᠤᠷᠴᠢᠨ ᠳᠤ ᠠᠮᠢᠳᠤᠷᠠᠵᠤ᠂ 9~11 ᠴᠠᠭ ᠲᠤ ᠮᠠᠰᠢ ᠭᠦᠭᠵᠢᠶᠠᠨ ᠲᠠᠢ ᠪᠠᠶᠢᠵᠤ᠂ ᠦᠳᠡ ᠶᠢᠨ ᠬᠤᠶᠢᠨᠠᠭᠢ ᠲᠦᠷᠪᠡᠨ ᠴᠠᠭ ᠠᠴᠠ ᠬᠤᠶᠢᠰᠢ ᠪᠠ ᠰᠦᠨᠢ ᠳᠡᠭᠡᠨ ᠭᠤᠭᠤᠳ ᠤᠨ ᠲᠠᠷᠢᠶᠠᠨ ᠳᠤ ᠠᠮᠠᠷᠠᠵᠤ ᠬᠤᠨᠤᠳᠠᠭ᠃ ᠪᠡᠶᠡᠯᠡᠭᠰᠡᠨ ᠦᠳᠤ ᠨᠢ ᠨᠢᠰᠭᠦ ᠳᠡᠭᠡᠨ ᠰᠠᠶᠢᠨ ᠪᠠᠶᠢᠵᠤ᠂ 100m ᠨᠢᠰᠴᠤ ᠴᠢᠳᠠᠬᠤ ᠴᠢᠳᠠᠪᠤᠷᠢ ᠲᠠᠢ ᠪᠠᠶᠢᠳᠠᠭ᠃ ᠪᠡᠶᠡᠯᠡᠭᠰᠡᠨ ᠦᠳᠤ ᠪᠡᠯᠭᠡ ᠬᠠᠷᠢᠴᠠᠭᠠᠳ 1~2 ᠡᠳᠤᠷ ᠪᠤᠯᠪᠠᠯ ᠭᠤᠭᠤᠳ ᠤᠨ ᠤᠶᠢᠷ᠎ᠠ ᠤᠷᠴᠢᠮ ᠤᠨ ᠰᠢᠷᠤᠢ ᠶᠢᠨ ᠵᠠᠪᠰᠠᠷ ᠪᠤᠶᠤ ᠪᠦᠭᠡᠮ ᠰᠢᠷᠤᠢ ᠶᠢᠨ ᠲᠤᠤᠷ᠎ᠠ ᠦᠨᠳᠡᠭᠡᠯᠡᠵᠤ᠂ ᠠᠪᠠᠭᠠᠯᠳᠠᠢ ᠨᠢ ᠨᠠᠪᠴᠢᠭ᠍ᠰᠡᠨ ᠤ ᠪᠠᠨ ᠰᠡᠭᠦᠯᠡᠷ ᠲᠠᠷᠬᠠᠨ ᠭᠦᠨᠦᠭᠡᠯ ᠲᠠᠷᠢᠳᠠᠭ᠃ 3~4cm ᠭᠦᠷᠤᠰᠤᠨ ᠳᠠᠬᠢ ᠤᠰᠤᠨ ᠤ ᠠᠭᠤᠯᠤᠠᠠᠳᠠᠴᠠ ᠶᠢᠨ ᠭᠡᠮᠵᠢᠶ᠎ᠠ ᠪᠤᠯ ᠭᠤᠭᠤᠳ ᠤᠨ ᠦᠳᠤ ᠶᠢᠨ ᠨᠠᠪᠴᠢᠭᠦ ᠪᠡ ᠪᠡᠶᠡᠯᠡᠭᠰᠡᠨ ᠬᠤᠷᠤᠬᠠᠢ ᠶᠢᠨ ᠲᠠᠯᠠᠪᠴᠢᠯᠠᠬᠤ ᠶᠢᠨ ᠴᠢᠬᠤᠯᠠ ᠭᠦᠴᠤᠨ ᠵᠦᠢᠯ ᠪᠤᠯᠵᠤ᠂ 15%~24% ᠪᠠᠶᠢᠪᠠᠯ ᠬᠠᠮᠤᠭ ᠤᠨ ᠲᠤᠭᠢᠷᠠᠮᠵᠢᠳᠡᠢ ᠪᠠᠶᠢᠳᠠᠭ᠃ ᠶᠠᠷᠦᠩᠭᠡᠢ ᠳᠡᠭᠡᠨ ᠨᠠᠩᠭᠢ ᠰᠢᠷᠤᠢ ᠳᠤ ᠡᠭᠦᠰᠭᠦ ᠨᠢ ᠡᠯᠡᠰᠦᠷᠭᠡᠭ ᠭᠦᠷᠤᠰᠤᠨ ᠠᠴᠠ ᠴᠦᠭᠡᠨ ᠪᠠᠶᠢᠳᠠᠭ᠃      ᠭᠤᠭᠤᠳ ᠤᠨ ᠦᠳᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠡᠪᠤᠯ ᠤᠰᠤᠯᠠᠬᠤ ᠪᠠ ᠬᠠᠪᠤᠷ ᠤᠰᠤᠯᠠᠵᠤ᠂ ᠨᠢᠭᠡ ᠪᠦᠯᠦᠭ ᠠᠪᠠᠭᠠᠯᠳᠠᠢ ᠶᠢ ᠨᠢ ᠤᠰᠠᠳᠬᠠᠨ᠎ᠠ᠃ ︵2︶ ᠪᠡᠶᠡᠯᠡᠭᠰᠡᠨ ᠬᠤᠷᠤᠬᠠᠢ ᠶᠢᠨ ᠲᠠᠯᠠᠪᠴᠢᠯᠠᠬᠤ ᠦᠶ᠎ᠠ᠂ ᠲᠤᠬᠠᠶᠢᠯᠠᠪᠠᠯ 4 ᠳ᠋ᠤᠭᠡᠷ ᠰᠠᠷ᠎ᠠ ᠶᠢᠨ ᠲᠤᠮᠳᠡᠴᠢ᠂ 6 ᠳ᠋ᠤᠭᠠᠷ ᠰᠠᠷ᠎ᠠ ᠶᠢᠨ ᠡᠭᠢ᠂ 7 ᠳ᠋ᠤᠭᠠᠷ ᠰᠠᠷ᠎ᠠ ᠶᠢᠨ ᠰᠡᠭᠦᠯᠴᠢ ᠵᠢᠴᠢ 10 ᠳ᠋ᠤᠭᠠᠷ ᠰᠠᠷ᠎ᠠ ᠶᠢᠨ ᠲᠤᠮᠳᠡᠴᠢ ᠪᠠᠷ ᠦᠳᠡ ᠶᠢᠨ ᠡᠮᠦᠨᠡᠭᠢ 9~10 ᠴᠠᠭ ᠲᠤ 10% ᠶᠢᠨ ᠵᠢᠤᠢ ᠮᠠ ︵菊马︶ ᠲᠤᠰᠤᠨ ᠡᠮ ᠤᠨ 3000 ᠲᠠᠭᠢᠨ ᠤ ᠰᠢᠩᠭᠡᠨ ᠪᠤᠶᠤ 75% ᠶᠢᠨ ᠰᠢᠨ ᠯᠢᠤ ᠯᠢᠨ ︵辛硫磷︶ ᠡᠮ ᠤᠨ 1000 ᠲᠠᠭᠢᠨ ᠤ ᠰᠢᠩᠭᠡᠨ ᠢ ᠰᠦᠷᠴᠢᠨ ᠪᠡᠶᠡᠯᠡᠭᠰᠡᠨ ᠬᠤᠷᠤᠬᠠᠢ ᠶᠢ ᠤᠰᠠᠳᠬᠠᠨ᠎ᠠ᠃ ᠠᠪᠠᠭᠠᠯᠳᠠᠢ ᠶᠢᠨ ᠭᠦᠨᠦᠭᠡᠯ ᠤᠨ ᠭᠦᠭ ᠦᠶ᠎ᠠ᠂ ᠲᠤᠬᠠᠶᠢᠯᠠᠪᠠᠯ 5 ᠳ᠋ᠤᠭᠠᠷ ᠰᠠᠷ᠎ᠠ ᠶᠢᠨ ᠡᠭᠢ᠂ 7 ᠳ᠋ᠤᠭᠠᠷ ᠰᠠᠷ᠎ᠠ ᠶᠢᠨ ᠲᠤᠮᠳᠠᠴᠢ᠂ ᠰᠡᠭᠦᠯᠴᠢ ᠵᠢᠴᠢ 10 ᠳ᠋ᠤᠭᠠᠷ ᠰᠠᠷ᠎ᠠ ᠶᠢᠨ ᠲᠤᠮᠳᠠᠴᠢ᠂ ᠰᠡᠭᠦᠯᠴᠢ ᠦᠶ᠎ᠠ ᠳᠤ 75% ᠶᠢᠨ ᠰᠢᠨ ᠯᠢᠤ ᠯᠢᠨ ︵辛硫磷︶ ᠡᠮ ᠤᠨ 500 ᠲᠠᠭᠢᠨ ᠤ ᠰᠢᠩᠭᠡᠨ᠂ ᠡᠰᠡᠭᠦᠯ᠎ᠠ 25% ᠶᠢᠨ ᠺᠦᠢ ᠯᠢᠤ ᠯᠢᠨ ︵喹硫磷︶ ᠡᠮ ᠤᠨ 1000 ᠲᠠᠭᠢᠨ ᠤ ᠰᠢᠩᠭᠡᠨ ᠢ ᠤᠷᠢᠳ ᠢᠶᠠᠷ ᠭᠤᠭᠤᠳ ᠤᠨ ᠰᠢᠷᠤᠢ ᠶᠢᠨ ᠤᠪᠤᠭᠠᠨ ᠤ ᠤᠷᠴᠢᠮ ᠳᠠᠬᠢ ᠦᠨᠳᠤᠰᠤᠨ ᠳᠤ ᠴᠢᠳᠬᠤᠵᠤ᠂ ᠤᠪᠤᠭ᠎ᠠ ᠪᠦᠷᠢ ᠳᠤ 100mL ᠰᠢᠩᠭᠡᠨ ᠴᠢᠳᠬᠤᠮᠬᠠᠴᠠ ᠪᠠᠨ ᠰᠢᠷᠤᠢ ᠪᠠᠷ ᠬᠤᠴᠢᠨ᠎ᠠ᠃ ᠪᠠᠶᠢᠡᠭᠭᠤ ᠭᠡᠷᠡᠭᠯᠡᠳᠡᠭ ᠡᠮ ᠳᠤ ᠵᠢᠤᠢ ᠮᠡ ︵菊马︶ ᠡᠮ᠂ ᠰᠤ᠋ ᠮᠢᠶᠧ ᠱᠠ ᠳ᠋ᠢᠩ ︵速灭杀丁︶ ᠡᠮ᠂ ᠰᠢᠨ ᠯᠢᠤ ᠯᠢᠨ  ︵辛硫磷︶ ᠡᠮ᠂ ᠺᠦᠢ ᠯᠢᠤ ᠯᠢᠨ ︵喹硫磷︶ ᠡᠮ ᠵᠡᠷᠭᠡ ᠪᠠᠶᠢᠨ᠎ᠠ᠃      31. ᠢᠳᠡᠰᠢᠨ ᠨᠤᠭᠤᠭ᠎ᠠ ᠶᠢᠨ ᠦᠨᠳᠤᠰᠤᠨ ᠦᠳᠤ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠦᠨᠳᠤᠰᠤᠨ ᠦᠳᠤ ᠪᠤᠯ ᠭᠤᠤᠯᠳᠠᠭᠤ ᠴᠠᠭᠠᠨ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ ᠯᠤᠤᠪᠠᠩ᠂ ᠰᠤᠩᠭᠢᠨ᠎ᠠ᠂ ᠪᠤᠷᠴᠠᠭ ᠤᠨ ᠲᠦᠷᠦᠯ᠂ ᠭᠤᠸᠠ ᠶᠢᠨ ᠲᠦᠷᠦᠯ ᠤᠨ ᠨᠤᠭᠤᠭ᠎ᠠ ᠶᠢ ᠭᠦᠨᠦᠭᠡᠳᠡᠭ᠃ ᠨᠤᠭᠤᠭ᠎ᠠ ᠶᠢᠨ ᠦᠷ᠎ᠠ ᠶᠢᠨ ᠭᠦᠪᠤᠷᠠᠯ ᠪᠡ ᠦᠷ᠎ᠠ ᠨᠠᠪᠴᠢ ᠨᠢ ᠭᠦᠨᠦᠭᠡᠭᠳᠡᠭᠰᠡᠨ ᠤ ᠰᠡᠭᠦᠯᠡᠷ ᠰᠤᠨᠢᠨ ᠵᠢᠭᠳᠡᠢ ᠰᠤᠶᠤᠭᠠᠯᠠᠬᠤ ᠪᠠ ᠢᠯᠵᠡᠷᠡᠭᠠᠳ ᠴᠢᠭᠢᠯᠡᠭᠦ ᠪᠠᠨ ᠪᠤᠯᠢᠵᠤ᠂ ᠦᠷ᠎ᠠ ᠶᠢᠨ ᠦᠨᠳᠤᠰᠤ ᠶᠢᠨ ᠭᠡᠰᠡᠭ ᠨᠢ ᠭᠦᠨᠦᠭᠡᠭᠳᠡᠪᠡᠯ᠂ ᠦᠨᠳᠤᠰᠤᠨ ᠡᠰᠢ  ᠨᠢ ᠢᠯᠵᠠᠷᠠᠬᠤ ᠪᠠ ᠬᠠᠳᠠᠵᠤ ᠦᠭᠦᠳᠡᠭ ᠪᠠᠶᠢᠨ᠎ᠠ᠃ ᠦᠨᠳᠤᠰᠤᠨ ᠦᠳᠤ ᠨᠢ 2~6 ᠦᠶ᠎ᠠ ᠦᠷᠡᠵᠢᠵᠤ᠂ ᠭᠡᠤᠭᠡᠯᠳᠡᠢ ᠨᠢ ᠭᠦᠷᠤᠰᠤᠨ ᠳᠤ ᠡᠪᠤᠯᠵᠢᠵᠤ᠂ ᠲᠠᠷᠠᠭ᠎ᠠ ᠵᠢᠯ ᠤᠨ ᠬᠠᠪᠤᠷ ᠲᠠᠯᠠᠪᠴᠢᠯᠬᠠᠰᠠᠨ ᠪᠠᠶᠡᠯᠡᠭᠰᠡᠨ ᠦᠳᠤ ᠨᠢ ᠮᠦᠯᠵᠢᠭᠳᠡᠭᠴᠢ ᠶᠢᠨ ᠤᠷᠴᠢᠨ ᠳᠠᠬᠢ ᠭᠦᠷᠤᠰᠤᠨ ᠭᠠᠳᠠᠷᠭᠤ ᠪᠤᠶᠤ ᠦᠡᠳᠤᠰᠤᠨ ᠭᠡᠰᠡᠭ ᠲᠤ ᠦᠨᠳᠡᠭᠡᠯᠡᠵᠤ᠂ ᠨᠠᠪᠴᠢᠭ᠍ᠰᠡᠨ ᠠᠪᠠᠭᠠᠯᠳᠠᠢ ᠨᠢ ᠮᠦᠯᠵᠢᠭᠳᠡᠭᠴᠢ ᠶᠢᠨ ᠨᠢᠯᠬ᠎ᠠ ᠡᠰᠢᠨ ᠳᠤ ᠰᠢᠭᠢᠳᠤᠨ ᠤᠷᠤᠵᠤ ᠭᠦᠨᠦᠭᠡᠳᠡᠭ ᠪᠠᠶᠢᠨ᠎ᠠ᠃ ᠮᠦᠯᠵᠢᠭᠳᠡᠭᠴᠢ ᠪᠡᠶ᠎ᠠ ᠨᠢ ᠤᠰᠤ ᠲᠤᠳ᠋ᠬᠠᠳ᠋ᠬᠠᠰᠠᠨ ᠠᠴᠠ ᠪᠤᠯᠵᠤ᠂ ᠬᠤᠷᠪᠤᠶᠢᠨ ᠠᠪᠴᠢᠵᠤ᠂ ᠰᠡᠭᠦᠯᠡᠷ ᠨᠢ ᠦᠨᠳᠤᠰᠤᠨ ᠡᠰᠢ ᠨᠢ ᠠᠯᠭᠤᠷ ᠢᠶᠠᠷ ᠢᠯᠵᠠᠷᠠᠵᠤ᠂ ᠪᠦᠭᠦ ᠰᠠᠭᠤᠷᠢ ᠪᠠᠷ ᠢᠶᠠᠨ ᠬᠠᠳᠠᠵᠤ ᠦᠭᠦᠳᠡᠭ᠃ ᠪᠡᠶᠡᠯᠡᠭᠰᠡᠨ ᠬᠤᠷᠤᠬᠠᠢ ᠨᠢ ᠦᠳᠡ ᠶᠢᠨ ᠡᠮᠦᠨ᠎ᠠ ᠬᠤᠶᠢᠭᠤᠷ ᠮᠠᠰᠢ ᠭᠦᠭᠵᠢᠶᠠᠨ ᠲᠠᠢ ᠪᠠᠶᠢᠵᠤ᠂ ᠭᠦᠢᠴᠡᠳ ᠢᠯᠵᠠᠷᠬᠠᠰᠠᠨ ᠦᠭᠡᠢ ᠰᠢᠭᠡᠭ ᠪᠤᠷᠳᠤᠭᠤᠷ ᠵᠢᠴᠢ ᠢᠰᠦᠭᠰᠡᠨ ᠪᠤᠷᠳᠤᠭᠤᠷ ᠲᠤ ᠮᠠᠰᠢ ᠲᠤᠷᠠᠳᠠᠢ ᠪᠠᠶᠢᠳᠠᠭ᠃       ᠦᠨᠳᠤᠰᠤᠨ ᠦᠳᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠪᠡᠶᠡᠯᠡᠭᠰᠡᠨ ᠬᠤᠷᠤᠬᠠᠢ ᠶᠢᠨ ᠡᠭᠦᠰᠭᠦ ᠭᠡᠮᠵᠢᠶ᠎ᠠ ᠶᠢ ᠤᠷᠢᠳᠴᠢᠯᠠᠨ ᠲᠦᠰᠦᠭᠡᠯᠡᠵᠤ᠂ ᠦᠳᠤ ᠬᠠᠭᠤᠷᠬᠤ ᠪᠠᠭᠠᠵᠢ ᠪᠠᠷ ᠰᠡᠷᠭᠡᠶᠢᠯᠡᠨ ᠵᠠᠰᠠᠨ᠎ᠠ᠃ ᠲᠤᠬᠠᠶᠢᠯᠠᠪᠠᠯ ᠲᠤᠮᠤ ᠠᠶᠠᠭ᠎ᠠ ᠪᠤᠶᠤ ᠵᠢᠵᠢᠭ ᠭᠠᠳᠤᠷ᠎ᠠ ᠳᠤ ᠪᠠᠭ᠎ᠠ ᠰᠠᠭ᠎ᠠ ᠮᠤᠳᠤᠨ ᠤ ᠦᠷᠦᠳᠡᠰᠤ ᠭᠢᠵᠤ᠂ ᠲᠡᠭᠡᠷ᠎ᠡ ᠨᠢ ᠦᠳᠦᠭᠡᠯᠭᠡ ᠶᠢᠨ ᠡᠮ ᠢᠶᠠᠨ ᠴᠢᠳᠬᠤᠨ᠂ ᠮᠤᠳᠤᠨ ᠤ ᠦᠷᠦᠳᠡᠰᠤ ᠪᠠᠨ ᠲᠠᠪᠳᠦᠭᠡᠵᠤ ᠠᠮᠠᠰᠠᠷ ᠢ ᠨᠢ ᠪᠢᠳᠡᠭᠦᠯᠦᠨ ᠲᠠᠯᠪᠢᠨ᠎ᠠ᠃ ᠦᠳᠦᠭᠡᠯᠭᠡ ᠶᠢᠨ ᠡᠮ ᠢ ᠨᠠᠶᠢᠷᠠᠭᠤᠯᠬᠤ ᠠᠷᠭ᠎ᠠ ᠭᠡᠪᠡᠯ ᠰᠢᠭᠢᠷ 1 ᠬᠤᠪᠢ᠂ ᠼᠤᠤ 1 ᠬᠤᠪᠢ᠂ ᠤᠰᠤ 2.5 ᠬᠤᠪᠢ ᠲᠡᠭᠡᠷ᠎ᠡ ᠪᠠᠭ᠎ᠠ ᠰᠠᠭ᠎ᠠ ᠳ᠋ᠢ ᠪᠠᠢ ᠴᠦᠩ  ︵敌百虫︶ ᠡᠮ ᠭᠢᠵᠤ ᠬᠤᠳᠬᠤᠨ ᠬᠤᠯᠢᠭᠠᠳ᠂ ᠡᠳᠤᠷ ᠪᠦᠷᠢ ᠪᠡᠶᠡᠯᠡᠭᠰᠡᠨ ᠦᠳᠤ ᠶᠢᠨ ᠭᠦᠳᠡᠯᠭᠡᠭᠡᠨ ᠤ ᠭᠦᠭ ᠦᠶ᠎ᠠ ᠳᠤ ᠠᠮᠠᠰᠠᠷ ᠢ ᠨᠢ ᠨᠡᠭᠡᠭᠡᠨ ᠲᠠᠯᠪᠢᠵᠤ᠂ ᠪᠡᠶᠡᠯᠡᠭᠰᠡᠨ ᠦᠳᠤ ᠶᠢ ᠬᠠᠭᠤᠷᠤᠨ ᠪᠠᠷᠢᠵᠤ ᠤᠰᠠᠳᠬᠠᠨ᠎ᠠ᠃ ︵2︶ ᠪᠠᠭᠠᠰᠤ ᠰᠢᠭᠡᠰᠤ ᠶᠢ ᠭᠡᠷᠡᠭᠯᠡᠵᠤ ᠪᠤᠯᠬᠤ ᠦᠭᠡᠢ᠂ ᠭᠦᠢᠴᠡᠳ ᠢᠯᠵᠠᠷᠠᠭᠤᠯᠤᠠᠠᠰᠠᠨ ᠤᠷᠭᠠᠨᠢᠭ ᠪᠤᠷᠳᠤᠭᠤᠷ ᠢ ᠰᠠᠭᠤᠷᠢ ᠪᠤᠷᠳᠤᠭᠤᠷ ᠢᠶᠠᠷ ᠭᠦᠨ ᠤᠷᠤᠭᠤᠯᠵᠤ᠂ ᠦᠷ᠎ᠡ ᠪᠤᠯᠤᠨ ᠪᠤᠷᠳᠤᠭᠤᠷ ᠢ ᠵᠤᠭᠢᠬᠤ ᠵᠠᠢ ᠲᠠᠢ ᠪᠠᠶᠢᠯᠭᠠᠵᠤ᠂ ᠭᠦᠨᠦᠭᠡᠯ ᠭᠦᠨᠳᠤ ᠨᠤᠴᠢᠳᠡᠢ ᠭᠠᠵᠠᠷ ᠭᠡᠰᠡᠭ ᠲᠤ ᠭᠢᠮᠢ ᠶᠢᠨ ᠪᠤᠷᠳᠤᠭᠤᠷ ᠭᠡᠷᠡᠭᠯᠡᠨ᠎ᠠ᠃ ᠭᠤᠭᠤᠳ ᠢ ᠬᠤᠶᠠᠷᠳᠡᠭᠢ ᠤᠳᠠᠭ᠎ᠠ ᠬᠠᠳᠤᠠᠠᠰᠠᠨ ᠤ ᠪᠠᠨ ᠰᠡᠭᠦᠯᠡᠷ ᠤᠰᠤᠯᠠᠯᠳᠠ ᠲᠠᠢ ᠤᠶᠠᠯᠳᠤᠭᠤᠯᠤᠨ 2 ᠤᠳᠠᠭ᠎ᠠ ᠰᠢᠪᠳᠤᠷᠳᠤ ᠤᠰᠤ ᠨᠦᠭᠦᠨ ᠤᠷᠤᠭᠤᠯᠵᠤ᠂ ᠦᠨᠳᠤᠰᠤᠨ ᠦᠳᠤ ᠡᠭᠦᠰᠦᠭᠰᠡᠨ ᠭᠠᠵᠠᠷ ᠭᠡᠰᠡᠭ ᠢ ᠴᠠᠪᠠᠷ ᠤᠰᠤ ᠪᠠᠷ ᠤᠰᠤᠯᠠᠵᠤ᠂ ᠦᠳᠤ ᠶᠢᠨ ᠦᠨᠳᠡᠭᠡᠯᠡᠭᠦ ᠶᠢ ᠨᠢ ᠬᠤᠷᠢᠠᠠᠯᠠᠬᠤ ᠪᠠ ᠨᠢᠭᠡ ᠪᠦᠯᠦᠭ ᠠᠪᠠᠭᠠᠯᠳᠠᠢ ᠶᠢ ᠨᠢ ᠴᠠᠴᠠᠭᠠᠨ ᠤᠰᠠᠳᠬᠠᠨ᠎ᠠ᠃ ᠰᠠᠷᠢᠮᠰᠠᠭ ᠲᠠᠷᠢᠬᠤ ᠦᠶᠡᠰ ᠬᠠᠯᠢᠰᠤ ᠶᠢ ᠨᠢ ᠰᠠᠯᠭᠠᠵᠤ᠂ ᠲᠠᠷᠢᠶᠠᠨ  ᠳᠤ ᠢᠯᠵᠠᠷᠠᠬᠤ ᠴᠠᠭ ᠢ ᠨᠢ ᠪᠤᠭᠤᠨᠢᠰᠬᠠᠵᠤ᠂ ᠭᠦᠨᠦᠭᠡᠯ ᠳᠤ ᠤᠴᠠᠷᠠᠬᠤ ᠶᠢ ᠨᠢ ᠪᠠᠭᠠᠰᠬᠠᠨ᠎ᠠ᠃ ︵3︶ ᠪᠡᠶᠡᠯᠡᠭᠰᠡᠨ ᠬᠤᠷᠤᠬᠠᠢ ᠡᠭᠦᠰᠦᠭᠰᠡᠨ ᠦᠶ᠎ᠠ ᠳᠤ 25% ᠶᠢᠨ ᠮᠢᠶᠧ ᠱᠠ ᠪᠢ ︵灭杀毙︶ ᠡᠮ ᠤᠨ 6000 ᠲᠠᠭᠢᠨ ᠤ ᠰᠢᠩᠭᠡᠨ᠂ 5% ᠶᠢᠨ ᠰᠤ᠋ ᠮᠢᠶᠧ ᠱᠠ ᠳ᠋ᠢᠩ ︵速灭杀丁︶ ᠡᠮ ᠤᠨ 3000 ᠲᠠᠭᠢᠨ ᠤ ᠰᠢᠩᠭᠡᠨ᠂ ᠡᠰᠡᠭᠦᠯ᠎ᠠ 20% ᠶᠢᠨ ᠵᠢᠤᠢ ᠮᠡ ᠲᠤᠰᠤᠨ ᠡᠮ ᠤᠨ 3000 ᠲᠠᠭᠢᠨ ᠤ ᠰᠢᠩᠭᠡᠨ ᠢ ᠲᠤᠯᠤᠭᠠᠨ ᠬᠤᠨᠤᠭ ᠠᠯᠤᠰᠯᠠᠭᠠᠳ ᠨᠢᠭᠡ ᠤᠳᠠᠭ᠎ᠠ ᠰᠦᠷᠴᠢᠵᠤ᠂ ᠦᠷᠭᠦᠯᠵᠢᠯᠡᠨ 2~3 ᠤᠳᠠᠭ᠎ᠠ ᠰᠦᠷᠴᠢᠨ᠎ᠠ᠃ ᠨᠢᠭᠡᠨᠳᠡ ᠭᠦᠨᠦᠭᠡᠯ ᠡᠭᠦᠰᠦᠭᠰᠡᠨ ᠭᠠᠵᠠᠷ ᠭᠡᠰᠡᠭ ᠲᠤ 25% ᠶᠢᠨ ᠪᠦᠷᠢᠨ ᠦᠢᠯᠡᠳᠦᠯᠳᠤ ᠺᠦᠢ ᠯᠢᠤ ᠯᠢᠨ ︵喹硫磷︶ ᠲᠤᠰᠤᠨ ᠡᠮ ᠤᠨ 1000 ᠲᠠᠭᠢᠨ ᠤ ᠰᠢᠩᠭᠡᠨ᠂ 50% ᠶᠢᠨ ᠰᠢᠨ ᠯᠢᠤ ᠯᠢᠨ ︵辛硫磷︶ ᠡᠮ ᠤᠨ 800 ᠲᠠᠭᠢᠨ ᠤ ᠰᠢᠩᠭᠡᠨ᠂ 90% ᠶᠢᠨ ᠳ᠋ᠢ ᠪᠠᠢ ᠴᠦᠩ ᠡᠮ ᠤᠨ 1000 ᠲᠠᠭᠢᠨ ᠤ ᠰᠢᠩᠭᠡᠨ ᠢ ᠦᠨᠳᠤᠰᠤᠨ ᠳᠤᠨᠢ ᠴᠢᠳᠬᠤᠨ ᠰᠡᠷᠭᠡᠶᠢᠯᠡᠨ᠎ᠡ᠃ ᠪᠠᠶᠢᠡᠭᠭᠤ ᠭᠡᠷᠡᠭᠯᠡᠳᠡᠭ ᠡᠮ ᠳᠤ ᠮᠢᠶᠧ ᠱᠠ ᠪᠢ ︵灭杀毙︶᠂ ᠰᠤ᠋ ᠮᠢᠶᠧ ᠱᠠ ᠳ᠋ᠢᠩ ︵速灭杀丁︶᠂ ᠵᠢᠤᠢ ᠮᠠ ︵菊马︶᠂ ᠰᠢᠨ ᠯᠢᠤ ᠯᠢᠨ ︵辛硫磷︶᠂ ᠳ᠋ᠢ ᠪᠠᠢ ᠴᠦᠩ ︵敌百虫︶ ᠵᠡᠷᠭᠡ ᠡᠮ ᠤᠳ ᠪᠠᠶᠢᠨ᠎ᠠ᠃      32. ᠰᠤᠩᠭᠢᠨ᠎ᠠ ᠶᠢᠨ ᠵᠢᠮᠡ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠰᠤᠩᠭᠢᠨ᠎ᠠ ᠶᠢᠨ ᠵᠢᠮᠡ ᠬᠤᠷᠤᠬᠠᠢ ᠪᠤᠯ ᠭᠤᠤᠯᠳᠠᠭᠤ ᠰᠤᠩᠭᠢᠨ᠎ᠠ᠂ ᠰᠠᠷᠢᠮᠰᠠᠭ᠂ ᠭᠤᠭᠤᠳ ᠢ ᠭᠦᠨᠦᠭᠡᠳᠡᠭ᠃ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠨᠠᠪᠴᠢ᠂ ᠨᠢᠯᠬ᠎ᠠ ᠨᠠᠭᠢᠶ᠎ᠠ ᠶᠢ ᠭᠦᠨᠦᠭᠡᠵᠤ᠂ ᠮᠠᠰᠢ ᠤᠯᠠᠨ ᠤᠷᠳᠤᠯᠵᠢᠨ ᠭᠡᠯᠪᠡᠷᠢ ᠶᠢᠨ ᠰᠢᠷ᠎ᠠ ᠴᠠᠭᠠᠨ ᠲᠤᠯᠪᠤ ᠲᠠᠢ ᠪᠤᠯᠭᠠᠵᠤ᠂ ᠭᠦᠨᠳᠤ ᠨᠤᠴᠢᠳᠡᠢ ᠦᠶᠡᠰ ᠨᠠᠪᠴᠢ ᠶᠢ ᠴᠦᠮ ᠬᠠᠳᠠᠭᠠᠨ ᠰᠢᠷᠠᠯᠠᠭᠤᠯᠳᠠᠭ ᠪᠠᠶᠢᠨ᠎ᠠ᠃       ᠵᠢᠮᠡ ᠬᠤᠷᠤᠬᠠᠢ ᠨᠢ ᠵᠢᠯ ᠳᠤ 3~20 ᠦᠶ᠎ᠠ ᠦᠷᠡᠵᠢᠳᠡᠭ᠃ ᠡᠮ᠎ᠠ ᠬᠤᠷᠤᠬᠠᠢ ᠪᠦᠷᠢ ᠨᠢ ᠨᠠᠪᠴᠢᠨ ᠤ ᠨᠡᠭᠡᠳᠡᠰᠤᠨ ᠳᠤ 50 ᠮᠦᠭᠦᠯᠢᠭ ᠦᠨᠳᠡᠭᠡᠯᠡᠵᠤ᠂ 2 ᠨᠠᠰᠤᠯᠠᠮᠬᠠᠴᠠ ᠪᠠᠨ ᠭᠦᠷᠦᠰᠤᠨ ᠳᠤ ᠰᠢᠷᠭᠤᠵᠤ᠂ ᠭᠠᠵᠠᠷ ᠤᠨ ᠭᠠᠳᠠᠷᠭᠤ ᠳᠤ ᠭᠡᠤᠭᠡᠯᠳᠡᠶᠢᠵᠢᠨ᠂ ᠪᠡᠶᠡᠯᠡᠭᠰᠡᠨ ᠬᠤᠷᠤᠬᠠᠢ ᠪᠠᠷ ᠡᠪᠤᠯᠵᠢᠳᠡᠭ᠃ ᠪᠡᠶᠡᠯᠡᠭᠰᠡᠨ ᠬᠤᠷᠤᠬᠠᠢ ᠨᠢ ᠨᠢᠰᠭᠦ ᠳᠤ ᠴᠢᠳᠠᠮᠠᠭᠠᠢ ᠪᠦᠭᠡᠳ ᠭᠡᠷᠡᠯ ᠠᠴᠠ ᠠᠶᠤᠵᠤ᠂ ᠦᠷᠯᠦᠭᠡ᠂ ᠦᠳᠡᠰᠢ᠂ ᠪᠦᠷᠭᠦᠭ ᠡᠳᠤᠷ ᠢᠳᠡᠰᠢ ᠡᠷᠢᠭᠦ ᠨᠢ ᠤᠯᠠᠰᠢᠷᠠᠵᠤ᠂ ᠠᠩᠬ᠎ᠠ ᠨᠠᠪᠴᠢᠭ᠍ᠰᠡᠨ ᠠᠪᠠᠭᠠᠯᠳᠠᠢ ᠨᠢ ᠰᠤᠩᠭᠢᠨ᠎ᠠ ᠶᠢᠨ ᠨᠠᠪᠴᠢᠨ ᠤ ᠤᠭ ᠤᠨ ᠭᠡᠰᠡᠭ ᠲᠤ ᠲᠦᠪᠯᠡᠷᠡᠨ ᠭᠦᠨᠦᠭᠡᠯ ᠲᠠᠷᠢᠳᠠᠭ᠃ ᠲᠤᠯᠠᠭᠠᠨ ᠤ ᠭᠡᠮᠵᠢᠶ᠎ᠠ 25℃᠂ ᠴᠢᠭᠢᠭ ᠤᠨ ᠭᠡᠮᠵᠢᠶ᠎ᠠ 60% ᠠᠴᠠ ᠲᠤᠷᠤᠠᠠᠰᠢ ᠪᠤᠯ ᠵᠢᠮᠡ ᠬᠤᠷᠤᠬᠠᠢ ᠶᠢᠨ ᠡᠭᠦᠰᠭᠦ ᠳᠤ ᠠᠰᠢᠠᠠᠳᠠᠢ ᠪᠠᠶᠢᠳᠠᠭ᠃ ᠪᠦᠭᠴᠢᠮ ᠬᠠᠯᠠᠭᠤᠨ ᠪᠠ ᠴᠢᠭᠢᠭ ᠶᠡᠭᠡᠳᠡᠢ ᠪᠤᠯ ᠵᠢᠮᠡ ᠬᠤᠷᠤᠬᠠᠢ ᠡᠭᠦᠰᠭᠦ ᠳᠤ ᠠᠰᠢᠭ ᠦᠭᠡᠢ ᠪᠦᠭᠡᠳ ᠲᠤᠠᠠᠰᠢᠨ ᠰᠠᠯᠭᠢᠨ ᠪᠤᠷᠤᠭᠠᠨ ᠳᠤ  ᠵᠢᠮᠡ ᠬᠤᠷᠤᠬᠠᠢ ᠶᠢᠨ ᠲᠤᠭ᠎ᠠ ᠴᠦᠭᠡᠷᠡᠳᠡᠭ ᠪᠠᠶᠢᠨ᠎ᠠ᠃       ᠰᠤᠩᠭᠢᠨ᠎ᠠ ᠶᠢᠨ ᠵᠢᠮᠡ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ 21% ᠶᠢᠨ ᠮᠢᠶᠧ ᠱᠠ ᠪᠢ ︵灭杀毙︶ ᠡᠮ ᠤᠨ 6000 ᠲᠠᠭᠢᠨ ᠤ ᠰᠢᠩᠭᠡᠨ᠂ ᠡᠰᠡᠭᠦᠯ᠎ᠠ 50% ᠶᠢᠨ ᠯᠧ ᠭᠦᠸᠧ ︵乐果︶ ᠡᠮ ᠤᠨ 1000 ᠲᠠᠭᠢᠨ ᠤ ᠰᠢᠩᠭᠡᠨ᠂ 50% ᠶᠢᠨ ᠰᠢᠨ ᠯᠢᠤ ᠯᠢᠨ ︵辛硫磷︶ ᠡᠮ ᠤᠨ 1000 ᠲᠠᠭᠢᠨ ᠤ ᠰᠢᠩᠭᠡᠨ᠂ 20% ᠶᠢᠨ ᠵᠢᠤᠢ ᠮᠡ ︵菊马︶ ᠲᠤᠰᠤᠮ ᠡᠮ ᠤᠨ 1500 ᠲᠠᠭᠢᠨ ᠤ ᠰᠢᠩᠭᠡᠨ ᠢ ᠰᠦᠷᠴᠢᠨ᠎ᠠ᠃ ᠪᠠᠶᠢᠡᠭᠭᠤ ᠭᠡᠷᠡᠭᠯᠡᠳᠡᠭ ᠡᠮ ᠳᠤ ᠮᠢᠶᠧ ᠱᠠ ᠪᠢ ︵灭杀毙︶᠂ ᠯᠧ ᠭᠦᠸᠧ ︵乐果︶᠂ ᠰᠢᠨ ᠯᠢᠤ ᠯᠢᠨ ︵辛硫磷︶᠂ ᠵᠢᠤᠢ ᠮᠠ ︵菊马︶ ᠵᠡᠷᠭᠡ ᠡᠮ ᠤᠳ ᠪᠠᠶᠢᠨ᠎ᠠ᠃      33. ᠢᠳᠡᠰᠢᠨ ᠨᠤᠭᠤᠭ᠎ᠠ ᠶᠢᠨ ᠭᠢᠯᠭᠠᠰᠤᠨ ᠵᠢᠮᠡ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠭᠢᠯᠭᠠᠰᠤᠨ ᠵᠢᠮᠡ ᠬᠤᠷᠤᠬᠠᠢ ᠪᠤᠯ ᠭᠤᠤᠯᠳᠠᠭᠤ ᠦᠷᠭᠡᠰᠤᠳᠤ ᠭᠡᠮᠭᠡ᠂ ᠭᠠᠰᠢᠭᠤᠨ ᠭᠡᠮᠭᠡ᠂ ᠳ᠋ᠦᠡᠭᠭᠤᠸᠠ᠂ ᠲᠠᠷᠪᠤᠰ᠂ ᠬᠠᠰᠢ᠂ ᠠᠮᠳᠠᠳᠤ ᠯᠠᠵᠤᠤ᠂ ᠪᠤᠷᠴᠠᠭ ᠤᠨ ᠢᠵᠠᠭᠤᠷ ᠤᠨ ᠨᠤᠭᠤᠭ᠎ᠠ ᠪᠠ ᠲᠤᠨᠤᠯᠵᠢᠨ ᠴᠡᠴᠡᠭ ᠤᠨ ᠢᠵᠠᠭᠤᠷ ᠤᠨ ᠨᠤᠭᠤᠭ᠎ᠠ ᠶᠢ ᠭᠦᠨᠦᠭᠡᠳᠡᠭ ᠪᠦᠭᠡᠳ ᠭᠤᠸᠠ ᠶᠢᠨ ᠲᠦᠷᠦᠯ ᠵᠢᠴᠢ ᠬᠠᠰᠢ ᠶᠢᠨ ᠲᠦᠷᠦᠯ ᠤᠨ ᠭᠤᠤᠯ ᠭᠦᠨᠦᠭᠡᠯᠳᠤ ᠬᠤᠷᠤᠬᠠᠢ ᠪᠤᠯᠤᠨ᠎ᠠ᠃ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠮᠦᠯᠵᠢᠭᠳᠡᠭᠴᠢ ᠶᠢᠨ ᠨᠢᠯᠬ᠎ᠠ ᠨᠠᠭᠢᠶ᠎ᠠ ᠂ ᠨᠢᠯᠬ᠎ᠠ ᠨᠠᠪᠴᠢ᠂ ᠴᠠᠴᠡᠭ᠂ ᠨᠢᠯᠬ᠎ᠠ ᠵᠢᠮᠢᠰ ᠤᠨ ᠰᠢᠭᠦᠰᠤ ᠶᠢ ᠰᠤᠷᠤᠵᠤ᠂ ᠭᠦᠨᠦᠭᠡᠯ ᠳᠤ ᠤᠴᠠᠷᠬᠠᠰᠠᠨ ᠨᠠᠭᠢᠶ᠎ᠠ ᠨᠢ ᠠᠳᠤᠷᠢᠨ ᠠᠪᠴᠢᠵᠤ᠂ ᠬᠠᠳᠠᠭᠤᠷᠠᠵᠤ᠂ ᠦᠰᠤ ᠨᠢ ᠭᠦᠷᠡᠩ ᠪᠤᠶᠤ ᠬᠠᠷ᠎ᠠ ᠭᠦᠷᠡᠩ ᠦᠡᠭᠭᠡ ᠲᠠᠢ ᠪᠤᠯᠵᠤ᠂ ᠨᠠᠪᠴᠢ᠂ ᠭᠡᠯᠳᠡᠰ ᠨᠢ ᠴᠠᠭᠠᠨ ᠦᠡᠭᠭᠡ ᠲᠠᠢ ᠪᠤᠯᠵᠤ᠂ ᠠᠳᠤᠷᠢᠨ ᠤᠷᠢᠶᠠᠯᠳᠤᠵᠤ᠂ ᠦᠶ᠎ᠠ ᠨᠢ ᠪᠤᠭᠤᠨᠢᠰᠴᠤ᠂ ᠤᠷᠭᠤᠯᠳᠠ ᠨᠢ ᠤᠳᠠᠭᠠᠰᠢᠷᠠᠵᠤ᠂ ᠨᠢᠯᠬ᠎ᠠ ᠵᠢᠮᠢᠰ ᠨᠢ ᠭᠦᠨᠦᠭᠡᠯ ᠳᠤ ᠤᠴᠠᠷᠬᠠᠰᠠᠨ ᠤ ᠰᠡᠭᠦᠯᠡᠷ ᠬᠠᠳᠠᠭᠤᠷᠠᠵᠤ᠂ ᠦᠰᠤ ᠨᠢ ᠬᠠᠷ᠎ᠠ ᠭᠦᠷᠡᠩ ᠦᠡᠭᠭᠡ ᠲᠠᠢ ᠪᠤᠯᠵᠤ᠂ ᠭᠦᠨᠳᠤ ᠨᠤᠴᠢᠳᠡᠢ ᠦᠶᠡᠰ ᠭᠤᠸᠠ ᠨᠢ ᠵᠤᠯᠭᠠᠷᠠᠵᠤ᠂ ᠪᠦᠭᠦ ᠰᠠᠭᠤᠷᠢ ᠪᠠᠷ ᠢᠶᠠᠨ ᠬᠠᠳᠠᠵᠤ ᠦᠭᠦᠳᠡᠭ ᠪᠠᠶᠢᠨ᠎ᠠ᠃      ᠭᠢᠯᠭᠠᠰᠤᠨ ᠵᠢᠮᠡ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠲᠠᠷᠢᠶᠠᠨ ᠳᠠᠬᠢ ᠦᠯᠡᠳᠡᠭᠳᠡᠯ ᠭᠤᠤᠷᠰᠤ᠂ ᠰᠤᠯᠠ ᠡᠪᠡᠰᠤ ᠶᠢ ᠴᠠᠪᠠᠷᠯᠡᠨ ᠠᠷᠢᠯᠭᠠᠵᠤ᠂ ᠬᠤᠷᠤᠬᠠᠢ ᠶᠢᠨ ᠡᠭᠦᠰᠦᠯ ᠢ ᠤᠰᠠᠳᠬᠠᠵᠤ᠂ ᠰᠢᠮ᠎ᠠ ᠲᠠᠵᠢᠭᠡᠯᠳᠤ ᠰᠢᠷᠤᠢ ᠪᠠᠷ ᠴᠢᠭᠢ ᠪᠤᠶᠢᠵᠢᠭᠤᠯᠵᠤ᠂ ᠲᠤᠭᠢᠳᠡᠢ ᠴᠠᠭ ᠦᠶ᠎ᠠ ᠳᠤᠨᠢ ᠲᠠᠷᠢᠵᠤ᠂ ᠬᠤᠷᠤᠬᠠᠢ ᠶᠢᠨ ᠭᠦᠨᠦᠭᠡᠯ ᠡᠭᠦᠰᠭᠦ ᠦᠶ᠎ᠠ ᠠᠴᠠ ᠵᠠᠶᠢᠯᠠᠰᠭᠢᠨ᠎ᠠ᠃ ᠭᠤᠸᠠ ᠶᠢᠨ ᠴᠢᠭᠢ ᠨᠢ ᠪᠤᠯᠳᠠᠶᠢᠵᠤ ᠭᠠᠷᠤᠠᠠᠰᠠᠨ ᠤ ᠰᠡᠭᠦᠯᠡᠷ ᠪᠦᠷᠭᠦᠭᠦᠯ ᠪᠦᠷᠭᠦᠵᠤ᠂ ᠭᠦᠨᠦᠭᠡᠯ ᠢ ᠭᠦᠡᠭᠭᠡᠷᠡᠭᠦᠯᠦᠨ᠎ᠠ᠃ ︵2︶ ᠤᠰᠤ ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠵᠤ᠂ ᠲᠠᠷᠢᠮᠠᠯ ᠤᠨ ᠭᠦᠨᠦᠭᠡᠯ ᠢ ᠡᠰᠡᠷᠭᠦᠴᠡᠭᠦ ᠴᠢᠳᠠᠯ ᠢ ᠨᠢ ᠨᠡᠮᠡᠭᠳᠡᠭᠦᠯᠦᠨ᠎ᠠ᠃ ︵3︶ ᠡᠮ ᠢᠶᠠᠷ ᠰᠡᠷᠭᠡᠶᠢᠯᠡᠨ ᠵᠠᠰᠠᠨ᠎ᠠ᠃ ᠡᠮ ᠢᠶᠠᠷ ᠰᠠᠷᠭᠡᠶᠢᠯᠡᠨ ᠵᠠᠰᠠᠬᠤ ᠳᠠᠭᠠᠨ ᠰᠠᠭᠤᠷᠢ ᠪᠦᠷᠢ 3~5 ᠬᠤᠷᠤᠬᠠᠢ ᠲᠠᠢ ᠪᠤᠯᠬᠤ ᠦᠶᠡᠰ 21% ᠶᠢᠨ ᠮᠢᠶᠧ ᠱᠠ ᠪᠢ ︵灭杀毙︶ ᠲᠤᠰᠤᠨ ᠡᠮ ᠤᠨ 6000 ᠲᠠᠭᠢᠨ ᠤ  ᠰᠢᠩᠭᠡᠨ᠂ 50% ᠶᠢᠨ ᠯᠧ ᠭᠦᠸᠧ ︵乐果︶ ᠲᠤᠰᠤᠨ ᠡᠮ ᠤᠨ 1000 ᠲᠠᠭᠢᠨ ᠤ ᠰᠢᠩᠭᠡᠨ᠂ 80% ᠶᠢᠨ ᠪᠠ ᠳ᠋ᠠᠨ ︵巴丹︶ ᠠᠭᠤᠰᠤᠮᠠᠯ ᠨᠤᠨᠳᠠᠭ ᠡᠮ ᠤᠨ 2000 ᠲᠠᠭᠢᠨ ᠤ ᠰᠢᠩᠭᠡᠨ᠂  25% ᠶᠢᠨ ᠺᠦᠢ ᠯᠢᠤ ᠯᠢᠨ ︵喹硫磷︶ ᠲᠤᠰᠤᠨ ᠡᠮ ᠤᠨ 1500 ᠲᠠᠭᠢᠨ ᠤ ᠰᠢᠩᠭᠡᠨ ᠢ ᠰᠤᠩᠭᠤᠨ᠂ 7~10 ᠡᠳᠤᠷ ᠠᠯᠤᠰᠯᠠᠭᠠᠳ 2~3 ᠤᠳᠠᠭ᠎ᠠ ᠰᠦᠷᠴᠢᠵᠤ ᠰᠡᠷᠭᠡᠶᠢᠯᠡᠨ᠎ᠠ᠃      34. ᠭᠤᠸᠠ ᠵᠢᠮᠢᠰ ᠤᠨ ᠴᠠᠴᠡᠭ ᠤᠨ  ᠵᠢᠮᠡ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠴᠠᠴᠡᠭ ᠤᠨ ᠵᠢᠮᠡ ᠬᠤᠷᠤᠬᠠᠢ ᠶᠢᠨ ᠪᠡᠶᠡᠯᠡᠭᠰᠡᠨ ᠬᠤᠷᠤᠬᠠᠢ ᠪᠤᠯᠤᠨ ᠠᠪᠠᠭᠠᠯᠳᠠᠢ ᠨᠢ ᠴᠦᠮ ᠵᠢᠮᠢᠰ᠂ ᠨᠠᠪᠴᠢᠨ ᠤ ᠰᠢᠭᠦᠰᠤ ᠶᠢ ᠬᠠᠳᠬᠤᠨ ᠰᠤᠷᠤᠵᠤ ᠭᠦᠨᠦᠭᠡᠳᠡᠭ᠃ ᠭᠦᠨᠦᠭᠡᠯ ᠳᠤ ᠤᠴᠠᠷᠬᠠᠰᠠᠨ ᠵᠢᠮᠢᠰ ᠨᠢ ᠨᠠᠷᠠᠨ ᠳᠤ ᠰᠢᠷᠬᠠᠳ᠋ᠬᠠᠰᠠᠨ ᠤ ᠰᠡᠭᠦᠯᠡᠷ ᠬᠠᠷ᠎ᠠ ᠭᠦᠷᠡᠩ ᠦᠡᠭᠭᠡ ᠲᠠᠢ ᠪᠤᠯᠬᠤ ᠪᠤᠶᠤ ᠴᠠᠶᠢᠷᠠᠬᠤ ᠭᠡᠮ ᠤᠨ ᠰᠢᠨᠵᠢ ᠲᠠᠢ ᠪᠤᠯᠵᠤ᠂ ᠨᠠᠪᠴᠢ ᠨᠢ ᠭᠦᠨᠦᠭᠡᠯ ᠳᠤ ᠤᠴᠠᠷᠬᠠᠰᠠᠨ ᠤ ᠰᠡᠭᠦᠯᠡᠷ ᠰᠢᠨᠵᠢ ᠪᠠᠶᠢᠳᠠᠯ ᠨᠢ ᠬᠠᠴᠢᠭ ᠤᠨ ᠭᠦᠨᠦᠭᠡᠯ ᠲᠠᠢ ᠲᠤᠩ ᠲᠦᠰᠳᠡᠢ ᠪᠠᠶᠢᠳᠠᠭ᠃ ᠦᠨᠳᠡᠭᠡᠯᠡᠭᠰᠡᠨ ᠦᠷᠡᠪᠴᠢ ᠨᠢ ᠦᠨᠳᠡᠭᠡ ᠨᠠᠪᠴᠢᠭ᠍ᠰᠡᠨ ᠤ ᠲᠠᠷᠠᠭ᠎ᠠ ᠤᠷᠤ ᠮᠦᠷ ᠨᠢ ᠴᠠᠭᠠᠨ ᠦᠡᠭᠭᠡ ᠲᠠᠢ ᠬᠤᠳᠦ᠋ᠢᠨ ᠰᠢᠭᠢᠳᠴᠤ᠂ ᠵᠢᠮᠢᠰ ᠤᠨ ᠲᠤᠮᠤᠷᠠᠯᠳᠠ ᠶᠢ ᠲᠠᠭᠠᠯᠳᠤᠨ᠂ ᠬᠤᠳᠤᠭᠤᠷ ᠲᠦᠪ ᠨᠢ ᠲᠤᠭᠤᠷᠢᠭ ᠭᠡᠯᠪᠡᠷᠢ ᠲᠠᠢ ᠪᠤᠯᠤᠨ ᠦᠷᠭᠡᠳᠴᠤ᠂ ᠴᠠᠶᠢᠷᠠᠬᠤ ᠭᠡᠮ ᠤᠨ ᠰᠢᠨᠵᠢ ᠪᠠᠶᠢᠳᠠᠯ ᠲᠠᠢ ᠪᠤᠯᠳᠠᠭ᠃ ᠨᠢᠭᠡᠨ ᠭᠤᠸᠠ ᠲᠡᠭᠡᠷ᠎ᠡ ᠦᠷᠭᠦᠯᠵᠢ ᠭᠡᠳᠦᠨ ᠠᠷᠪᠡᠨ ᠦᠨᠳᠡᠭᠡᠨ ᠤ ᠤᠷᠤᠮ ᠲᠠᠢ ᠪᠠᠶᠢᠵᠤ᠂ ᠬᠤᠷᠢᠶᠠᠯᠳᠠ ᠠᠪᠬᠤ ᠦᠶᠡᠰ ᠵᠢᠮᠢᠰ ᠨᠢ ᠲᠦᠭᠦᠭᠡᠢ ᠵᠢᠮᠢᠰ ᠤᠨ ᠦᠨᠤᠷ ᠲᠠᠢ ᠪᠠᠶᠢᠳᠠᠭ᠃ ᠭᠦᠵᠡᠯᠵᠡᠭᠡᠨ᠎ᠠ ᠶᠢᠨ ᠨᠢᠯᠬ᠎ᠠ ᠵᠢᠮᠢᠰ ᠨᠢ ᠭᠦᠨᠦᠭᠡᠯ ᠳᠤ ᠤᠴᠠᠷᠬᠠᠰᠠᠨ ᠤ ᠰᠡᠭᠦᠯᠡᠷ ᠵᠢᠮᠢᠰ ᠤᠨ ᠬᠠᠯᠢᠰᠤ ᠨᠢ ᠭᠦᠷᠡᠩ ᠦᠡᠭᠭᠡ ᠲᠠᠢ ᠪᠤᠯᠵᠤ᠂ ᠵᠡᠷᠡᠮᠳᠡᠭ ᠵᠢᠮᠢᠰ ᠰᠠᠭᠤᠳᠠᠭ᠃ ᠴᠠᠴᠡᠭ ᠤᠨ ᠵᠢᠮᠡ ᠬᠤᠷᠤᠬᠠᠢ  ᠨᠢ ᠵᠢᠯ ᠳᠤ ᠠᠷᠪᠡ ᠭᠠᠷᠤᠢ ᠦᠶ᠎ᠠ ᠦᠷᠡᠵᠢᠵᠤ᠂ ᠵᠠᠳᠠᠭᠠᠢ ᠭᠠᠵᠠᠷ ᠲᠤ ᠪᠡᠶᠡᠯᠡᠭᠰᠡᠨ ᠬᠤᠷᠤᠬᠠᠢ ᠪᠠᠷ ᠡᠪᠤᠯᠵᠢᠵᠤ᠂ ᠲᠤᠯᠠᠭᠠᠨ ᠭᠦᠯᠡᠮᠵᠢᠨ ᠳᠤ ᠤᠯᠠᠨ ᠵᠦᠢᠯ ᠤᠨ ᠬᠤᠷᠤᠬᠠᠢ ᠶᠢᠨ ᠭᠡᠯᠪᠡᠷᠢ ᠪᠠᠷ ᠡᠪᠤᠯᠵᠢᠳᠡᠭ ᠪᠠᠶᠢᠨ᠎ᠠ᠃ ᠡᠮ᠎ᠠ ᠬᠤᠷᠤᠬᠠᠢ  ᠨᠢ ᠦᠷᠭᠦᠯᠵᠢ ᠨᠠᠪᠴᠢᠨ ᠲᠡᠭᠡᠷ᠎ᠡ ᠦᠨᠳᠡᠭᠡᠯᠡᠵᠤ᠂ ᠭᠡᠳᠦᠨ ᠠᠷᠪᠡᠨ ᠮᠦᠭᠦᠯᠢᠭ ᠦᠨᠳᠡᠭᠡᠯᠡᠳᠡᠭ ᠪᠠᠶᠢᠨ᠎ᠠ᠃ ᠪᠡᠶᠡᠯᠡᠭᠰᠡᠨ ᠬᠤᠷᠤᠬᠠᠢ ᠶᠢᠨ ᠠᠮᠢ ᠨᠠᠰᠤ ᠨᠢ 22~23 ᠡᠳᠤᠷ ᠪᠠᠶᠢᠵᠤ᠂ ᠦᠨᠳᠡᠭᠡ ᠶᠢᠨ ᠬᠤᠭᠤᠴᠠᠭ᠎ᠠ᠂ ᠠᠪᠠᠭᠠᠯᠳᠠᠢ ᠶᠢᠨ ᠬᠤᠭᠤᠴᠠᠭ᠎ᠠ ᠨᠢ ᠴᠦᠮ ᠠᠷᠪᠠᠭᠠᠳ ᠡᠳᠤᠷ ᠪᠠᠶᠢᠵᠤ᠂ 2 ᠨᠠᠰᠤᠨ ᠠᠴᠠ ᠬᠤᠶᠢᠰᠢ 3 ᠨᠠᠰᠤᠨ ᠤ ᠬᠤᠭᠤᠴᠠᠭᠠᠨ ᠳᠤ ᠭᠡᠤᠭᠡᠯᠳᠡᠶᠢᠵᠢᠵᠤ᠂ ᠭᠡᠤᠭᠡᠯᠳᠡᠢ ᠶᠢᠨ ᠬᠤᠭᠤᠴᠠᠭ᠎ᠠ ᠨᠢ 2~3 ᠡᠳᠤᠷ ᠪᠤᠯᠳᠠᠭ᠃ ᠬᠠᠪᠤᠷ ᠪᠤᠶᠤ ᠵᠤᠨ ᠤ ᠡᠭᠢ ᠪᠠᠷ ᠤᠯᠠᠠᠳᠠ ᠡᠭᠦᠰᠴᠤ᠂ ᠲᠤᠯᠠᠭᠠᠨ ᠤ ᠭᠡᠮᠵᠢᠶ᠎ᠠ ᠦᠨᠳᠤᠷ᠂ ᠪᠤᠷᠤᠭᠠᠨ ᠬᠤᠷ᠎ᠠ ᠪᠠᠭᠠᠳᠠᠢ ᠪᠤᠯ ᠨᠡᠩ ᠶᠡᠭᠡ ᠡᠭᠦᠰᠳᠡᠭ ᠪᠠᠶᠢᠨ᠎ᠠ᠃      ᠴᠠᠴᠡᠭ ᠤᠨ ᠵᠢᠮᠡ ᠬᠤᠷᠤᠬᠠᠢ ᠶᠢᠨ ᠭᠦᠨᠦᠭᠡᠯ ᠢ ᠪᠤᠯ ᠭᠢᠯᠭᠠᠰᠤᠨ ᠵᠢᠮᠡ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠪᠠᠷ ᠰᠡᠷᠭᠡᠶᠢᠯᠡᠨ ᠵᠠᠰᠠᠨ᠎ᠠ᠃      35. ᠭᠤᠸᠠ ᠶᠢᠨ ᠵᠢᠮᠡ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠭᠤᠸᠠ ᠶᠢᠨ ᠵᠢᠮᠡ ᠬᠤᠷᠤᠬᠠᠢ ᠶᠢᠨ ᠪᠡᠶᠡᠯᠡᠭᠰᠡᠨ ᠬᠤᠷᠤᠬᠠᠢ ᠶᠢᠨ ᠪᠡᠶ᠎ᠠ ᠶᠢᠨ ᠤᠷᠳᠤ ᠨᠢ  1mm ᠪᠠᠶᠢᠵᠤ᠂ ᠰᠢᠷᠭᠠᠯ ᠦᠡᠭᠭᠡ ᠲᠠᠢ᠂ ᠲᠤᠯᠤᠭᠠᠨ ᠲᠠᠮᠳᠡᠷᠢᠭᠦᠯ ᠲᠠᠢ᠂ ᠲᠦᠷᠪᠡᠳᠦᠭᠡᠷ ᠦᠶ᠎ᠠ ᠶᠢᠨ ᠤᠭ ᠨᠢ ᠰᠢᠷᠭᠠᠯ ᠦᠡᠭᠭᠡ ᠲᠠᠢ᠂ ᠤᠷᠤᠢ ᠶᠢᠨ ᠭᠡᠰᠡᠭ ᠨᠢ ᠪᠤᠷᠤ ᠦᠡᠭᠭᠡ ᠲᠠᠢ᠂ 5~7 ᠳ᠋ᠤᠭᠠᠷ ᠦᠶ᠎ᠠ ᠨᠢ ᠦᠨᠡᠰᠤᠨ ᠬᠠᠷ᠎ᠠ ᠦᠡᠭᠭᠡ ᠲᠠᠢ ᠪᠠᠶᠢᠵᠤ᠂ ᠪᠤᠰᠤᠳ ᠬᠤᠷᠤᠬᠠᠢ ᠶᠢᠨ ᠲᠦᠷᠰᠤ ᠨᠢ ᠴᠠᠴᠡᠭ ᠤᠨ ᠵᠢᠮᠡ ᠬᠤᠷᠤᠬᠠᠢ ᠲᠠᠢ ᠲᠦᠰᠳᠡᠢ ᠪᠠᠶᠢᠳᠠᠭ᠃ ᠲᠤᠰ ᠵᠢᠮᠡ ᠬᠤᠷᠤᠬᠠᠢ ᠨᠢ ᠡᠮᠦᠨᠡᠳᠤ ᠤᠷᠤᠨ ᠳᠤ ᠵᠢᠯ ᠳᠤ ᠬᠤᠷᠢ ᠭᠠᠷᠤᠢ ᠦᠶ᠎ᠠ ᠦᠷᠡᠵᠢᠵᠤ᠂ ᠤᠯᠠᠩᠭᠢ ᠪᠡᠶᠡᠯᠡᠭᠰᠡᠨ ᠬᠤᠷᠤᠬᠠᠢ  ᠨᠢ ᠰᠢᠷᠤᠢ ᠶᠢᠨ ᠪᠦᠭᠡᠮ᠂ ᠰᠢᠷᠤᠢ ᠶᠢᠨ ᠵᠠᠪᠰᠠᠷ ᠪᠤᠶᠤ ᠬᠠᠳ᠋ᠬᠠᠰᠠᠨ ᠨᠠᠪᠴᠢ ᠨᠠᠮᠠᠭᠠᠨ ᠳᠤ ᠡᠪᠤᠯᠵᠢᠵᠤ᠂ ᠴᠦᠭᠡᠨ ᠲᠤᠭᠠᠨ ᠤ ᠭᠢᠨᠢ ᠠᠪᠠᠭᠠᠯᠳᠠᠢ ᠪᠤᠶᠤ ᠭᠡᠤᠭᠡᠯᠳᠡᠢ ᠶᠢᠨ ᠲᠦᠷᠰᠤ ᠪᠠᠷ ᠡᠪᠤᠯᠵᠢᠳᠡᠭ᠃ ᠬᠠᠪᠤᠷ ᠪᠤᠯᠤᠮᠬᠠᠴᠠ ᠡᠪᠤᠯᠵᠢᠭ᠍ᠰᠡᠨ ᠪᠡᠶᠡᠯᠡᠭᠰᠡᠨ ᠬᠤᠷᠤᠬᠠᠢ ᠨᠢ ᠡᠭᠢᠯᠡᠨ ᠬᠦᠳᠡᠯᠭᠡᠭᠡᠨ ᠭᠢᠵᠤ᠂ ᠭᠤᠸᠠ᠂ ᠬᠠᠰᠢ ᠶᠢ ᠭᠦᠨᠦᠭᠡᠵᠤ᠂ 7 ᠳ᠋ᠤᠭᠠᠷ ᠰᠠᠷ᠎ᠠ ᠶᠢᠨ ᠡᠴᠤᠰ ᠠᠴᠠ 9 ᠳ᠋ᠤᠭᠡᠷ ᠰᠠᠷ᠎ᠠ ᠪᠤᠯᠬᠤ ᠳᠤ ᠨᠡᠩ ᠭᠦᠨᠳᠤ ᠨᠤᠴᠢᠳᠡᠢ ᠡᠭᠦᠰᠴᠤ᠂ ᠢᠯᠠᠩᠭᠤᠶ᠎ᠠ ᠦᠰᠤᠳᠤ ᠬᠤᠯᠤ ᠶᠢ ᠢᠳᠡᠭᠦ ᠲᠤᠷᠠᠳᠠᠢ ᠪᠠᠶᠢᠳᠠᠭ᠃ ᠪᠡᠶᠡᠯᠡᠭᠰᠡᠨ ᠬᠤᠷᠤᠬᠠᠢ ᠨᠢ ᠨᠢᠯᠬ᠎ᠠ᠂ ᠨᠤᠭᠤᠭᠠᠨ ᠨᠤᠭᠤᠭ᠎ᠠ ᠳᠤ ᠲᠤᠷᠠᠳᠠᠢ ᠪᠦᠭᠡᠳ ᠨᠢᠰᠭᠦ ᠲᠡᠭᠳᠡᠭᠦ ᠳᠡᠭᠡᠨ ᠰᠠᠶᠢᠨ ᠪᠠᠶᠢᠵᠤ᠂ ᠬᠤᠷᠴᠠ ᠭᠡᠷᠡᠯ ᠠᠴᠠ ᠠᠶᠤᠵᠤ᠂ ᠡᠳᠤᠷ ᠲᠡᠭᠡᠨ ᠬᠤᠷᠴᠠ ᠨᠠᠷᠠᠨ ᠤ ᠭᠡᠷᠡᠯ  ᠠᠴᠠ ᠵᠠᠶᠢᠯᠠᠵᠤ᠂ ᠤᠯᠠᠩᠭᠢ ᠳᠠᠭᠠᠨ ᠭᠤᠸᠠ ᠶᠢᠨ ᠴᠢᠭᠢ ᠶᠢᠨ ᠤᠷᠭᠤᠯᠳᠠ ᠶᠢᠨ ᠴᠡᠭ ᠪᠤᠶᠤ ᠨᠢᠯᠬ᠎ᠠ ᠭᠤᠸᠠ ᠶᠢᠨ ᠦᠰᠤᠨ ᠳᠤ ᠨᠢᠭᠤᠠᠠᠳᠠᠵᠤ ᠪᠠᠶᠢᠳᠠᠭ᠃ ᠦᠨᠳᠡᠭᠡᠯᠡᠭᠦ ᠬᠤᠭᠤᠴᠠᠭ᠎ᠠ ᠨᠢ 3~8 ᠡᠳᠤᠷ ᠪᠠᠶᠢᠵᠤ᠂ ᠨᠠᠪᠴᠢᠵᠤ ᠭᠠᠷᠤᠠᠠᠰᠠᠨ ᠠᠪᠠᠭᠠᠯᠳᠠᠢ ᠨᠢ 1~2 ᠡᠳᠤᠷ ᠪᠤᠯᠪᠠᠯ ᠠᠷᠠᠰᠤ ᠨᠢ ᠰᠠᠯᠵᠤ᠂ 2 ᠨᠠᠰᠤᠯᠠᠳᠠᠭ᠃ 25℃~30℃ ᠤᠨ ᠲᠤᠯᠠᠭᠠᠨ ᠳᠤ ᠮᠠᠰᠢ ᠲᠤᠭᠢᠷᠠᠵᠤ᠂ 3~4 ᠡᠳᠤᠷ ᠲᠤ ᠭᠡᠤᠭᠡᠯᠳᠡᠶᠢᠵᠢᠵᠤ᠂ ᠭᠡᠤᠭᠡᠯᠳᠡᠢ ᠶᠢᠨ ᠬᠤᠭᠤᠴᠠᠭ᠎ᠠ ᠨᠢ 2~3 ᠡᠳᠤᠷ ᠪᠤᠯᠳᠠᠭ᠃ ᠠᠩᠴᠢ ᠵᠢᠮᠡ᠂ ᠨᠤᠭᠤᠭ᠎ᠠ ᠶᠢᠨ ᠪᠠᠷᠰ᠂ ᠪᠠᠭᠠᠷᠠᠩᠴᠢ ᠬᠤᠷᠤᠬᠠᠢ ᠪᠤᠯ ᠭᠤᠸᠠ ᠶᠢᠨ ᠵᠢᠮᠡ ᠬᠤᠷᠤᠬᠠᠢ ᠶᠢᠨ ᠲᠦᠷᠦᠯᠭᠢ ᠶᠢᠨ ᠲᠠᠶᠢᠰᠤᠨ ᠨᠢ ᠮᠦᠨ᠃ ᠡᠳᠡᠭᠡᠷ ᠬᠤᠷᠤᠬᠠᠢ ᠶᠢᠨ ᠲᠤᠭ᠎ᠠ ᠨᠢ ᠤᠯᠠᠨ ᠪᠤᠯᠬᠤ ᠦᠶᠡᠰ ᠭᠤᠸᠠ ᠶᠢᠨ ᠵᠢᠮᠡ ᠬᠤᠷᠤᠬᠠᠢ ᠶᠢᠨ ᠭᠦᠨᠦᠭᠡᠯ ᠢ ᠮᠠᠰᠢ ᠶᠡᠭᠡ ᠬᠤᠷᠢᠠᠠᠯᠠᠵᠤ ᠴᠢᠳᠠᠳᠠᠭ ᠪᠠᠶᠢᠨ᠎ᠠ᠃      36. ᠢᠳᠡᠰᠢᠨ ᠨᠤᠭᠤᠭ᠎ᠠ ᠶᠢᠨ ᠢᠵᠢᠯ ᠲᠦᠷᠰᠤ ᠶᠢᠨ ᠪᠦᠷᠡᠭᠡ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ     ᠪᠦᠷᠡᠭᠡ ᠬᠤᠷᠤᠬᠠᠢ ᠪᠤᠯ ᠭᠤᠤᠯ ᠨᠢ ᠴᠠᠭᠠᠨ ᠨᠤᠭᠤᠭ᠎ᠠ᠂ ᠯᠤᠤᠪᠠᠩ᠂ ᠪᠦᠭᠡᠷᠡᠩᠭᠡᠢ ᠴᠠᠭᠠᠨ ᠨᠤᠭᠤᠭ᠎ᠠ᠂ ᠴᠠᠴᠡᠭᠳᠤ ᠴᠠᠭᠠᠨ ᠨᠤᠭᠤᠭ᠎ᠠ ᠶᠢ ᠭᠦᠨᠦᠭᠡᠳᠡᠭ᠃ ᠭᠦᠨᠦᠭᠡᠭᠦ ᠰᠢᠨᠵᠢ ᠨᠢ ᠭᠡᠪᠡᠯ ᠰᠠᠶ᠋ᠢ ᠨᠠᠪᠴᠢᠭ᠍ᠰᠡᠨ ᠠᠪᠠᠭᠠᠯᠳᠠᠢ ᠨᠢ ᠨᠠᠪᠴᠢᠨ ᠤ ᠮᠢᠬ᠎ᠠ ᠶᠢ ᠢᠳᠡᠨ ᠬᠠᠯᠢᠰᠤ ᠶᠢ ᠨᠢ ᠦᠯᠡᠳᠡᠭᠡᠵᠤ᠂ ᠪᠡᠶ᠎ᠠ ᠪᠠᠷ ᠵᠢᠭᠠᠬᠠᠨ ᠪᠦᠳᠦᠭᠦᠨ ᠰᠢᠭ ᠨᠢ ᠨᠠᠪᠴᠢ᠂ ᠡᠰᠢ ᠶᠢ ᠮᠡᠷᠡᠨ ᠭᠡᠮᠡᠯᠢᠵᠤ᠂ ᠵᠢᠵᠢᠭ ᠨᠦᠭᠡᠯᠡᠳᠡᠭ ᠪᠠ ᠲᠠᠰᠤᠳᠠᠬᠤ ᠪᠤᠶᠤ ᠨᠠᠪᠴᠢ ᠶᠢ ᠵᠢᠭᠳᠡ ᠪᠤᠰᠦ ᠰᠠᠡᠳᠠᠯᠤᠨ ᠢᠳᠡᠵᠤ ᠂ ᠨᠠᠪᠴᠢᠨ ᠤ ᠰᠤᠳᠠᠯ ᠢ ᠯᠡ ᠦᠯᠡᠳᠡᠭᠡᠳᠡᠭ ᠪᠠᠶᠢᠨ᠎ᠠ᠃ ᠭᠦᠨᠦᠭᠡᠯ ᠭᠦᠨᠳᠤ ᠨᠤᠴᠢᠳᠡᠢ ᠡᠭᠦᠰᠦᠭᠰᠡᠨ ᠦᠶ᠎ᠠ ᠳᠤ ᠴᠢᠭᠢ ᠲᠤᠳ᠋ᠬᠠᠳᠠᠭᠤᠯᠵᠤ ᠲᠠᠯᠠᠩ ᠢ ᠲᠠᠰᠤᠯᠳᠠᠭᠤᠯᠳᠠᠭ ᠪᠠᠶᠢᠨ᠎ᠠ᠃      ᠪᠦᠷᠡᠭᠡ ᠬᠤᠷᠤᠬᠠᠢ ᠶᠢᠨ ᠭᠦᠨᠦᠭᠡᠯ ᠨᠢ ᠨᠡᠯᠢᠶᠡᠳ ᠨᠠᠶᠢᠳᠡᠮ ᠡᠭᠦᠰᠳᠡᠭ ᠪᠦᠭᠡᠳ ᠦᠷᠭᠦᠯᠵᠢ ᠳᠡᠭᠡᠨ ᠪᠤᠷᠤ ᠪᠦᠷᠡᠭᠡ ᠬᠤᠷᠤᠬᠠᠢ ᠶᠢᠨ ᠭᠦᠨᠦᠭᠡᠯ ᠲᠠᠢ ᠬᠤᠯᠢᠯᠳᠤᠨ ᠡᠭᠦᠰᠳᠡᠭ ᠪᠠᠶᠢᠨ᠎ᠠ᠃ ᠪᠦᠷᠡᠭᠡ ᠬᠤᠷᠤᠬᠠᠢ ᠨᠢ ᠴᠢᠭᠢᠭ ᠨᠦᠢᠳᠡᠨ ᠤᠷᠴᠢᠨ ᠨᠦᠭᠦᠴᠡᠯ ᠳᠤ ᠠᠮᠢᠳᠤᠷᠠᠬᠤ ᠲᠤᠷᠠᠳᠠᠢ ᠪᠦᠭᠡᠳ ᠪᠤᠳᠠᠯᠢᠭ ᠮᠤᠳᠤ᠂ ᠡᠪᠡᠰᠤ ᠪᠤᠳᠠ᠂ ᠲᠠᠷᠢᠶᠠᠨ ᠲᠠᠯᠠᠩ᠂ ᠬᠠᠶᠢᠷ ᠴᠢᠯᠠᠭᠤᠨ ᠤᠪᠤᠭ᠎ᠠ᠂ ᠬᠠᠳᠠᠵᠤ ᠤᠨ᠋ᠬᠠᠰᠠᠨ ᠨᠠᠪᠴᠢᠨ ᠲᠤᠤᠷ᠎ᠠ ᠤᠷᠤᠩᠨᠠᠵᠤ᠂ ᠨᠤᠭᠤᠭ᠎ᠠ ᠵᠡᠷᠭᠡ ᠲᠠᠷᠢᠮᠠᠯ ᠤᠨ ᠦᠨᠳᠤᠰᠤᠨ ᠭᠡᠰᠡᠭ ᠤᠨ ᠰᠢᠷᠤᠢ ᠶᠢᠨ ᠪᠦᠭᠡᠮ᠂ ᠰᠢᠷᠤᠢ ᠶᠢᠨ ᠵᠠᠪᠰᠠᠷ᠂ ᠲᠤᠯᠠᠭᠠᠨ ᠭᠦᠯᠡᠮᠵᠢ ᠶᠢᠨ ᠲᠦᠷᠪᠡᠨ ᠬᠠᠨ᠎ᠠ ᠶᠢᠨ ᠬᠠᠷᠠᠩᠭᠤᠢ ᠭᠠᠵᠠᠷ ᠪᠡ ᠢᠯᠵᠠᠷᠠᠮᠠᠯ ᠭᠠᠵᠠᠷ ᠲᠤ ᠤᠷᠤᠩᠨᠠᠨ ᠠᠮᠢᠳᠤᠷᠠᠵᠤ ᠪᠠᠶᠢᠳᠠᠭ᠃ ᠵᠢᠯ ᠳᠤ ᠨᠢᠭᠡ ᠦᠶ᠎ᠠ ᠦᠷᠡᠵᠢᠵᠤ᠂ ᠤᠯᠠᠩᠭᠢ ᠳᠠᠭᠠᠨ 4~5 ᠳ᠋ᠤᠭᠠᠷ ᠰᠠᠷ᠎ᠠ ᠶᠢᠨ ᠬᠤᠭᠤᠷᠤᠨᠳᠤ ᠦᠨᠳᠡᠭᠡᠯᠡᠵᠤ᠂ ᠴᠦᠭᠡᠨᠭᠭᠢ ᠨᠢ ᠨᠠᠮᠤᠷ ᠦᠨᠳᠡᠭᠡᠯᠡᠳᠡᠭ ᠪᠠᠶᠢᠨ᠎ᠠ᠃ ᠦᠨᠳᠡᠭᠡᠨ ᠤ ᠬᠠᠯᠢᠰᠤ ᠨᠢ ᠮᠠᠰᠢ ᠭᠡᠪᠡᠷᠡᠭ ᠪᠠᠶᠢᠵᠤ᠂ ᠨᠠᠷᠠᠨ ᠤ ᠬᠤᠷᠴᠠ ᠭᠡᠷᠡᠯ ᠤᠨ ᠲᠤᠤᠷ᠎ᠠ ᠠᠮᠠᠷᠬᠠᠨ ᠬᠠᠭᠠᠷᠠᠳᠠᠭ ᠪᠠᠶᠢᠨ᠎ᠠ᠃ ᠰᠠᠶ᠋ᠢ ᠨᠠᠪᠴᠢᠭ᠍ᠰᠡᠨ ᠠᠪᠠᠭᠠᠯᠳᠠᠢ ᠨᠢ ᠨᠠᠪᠴᠢᠨ ᠳᠤ ᠰᠢᠷᠭᠤᠨ ᠮᠢᠬ᠎ᠠ ᠶᠢ ᠨᠢ ᠢᠳᠡᠵᠤ᠂ ᠵᠦᠪᠭᠡᠨ ᠬᠠᠯᠢᠰᠤ ᠶᠢ ᠨᠢ ᠦᠯᠡᠳᠡᠭᠡᠵᠤ᠂ ᠡᠳᠤᠷ ᠨᠢᠭᠤᠠᠠᠳᠠᠨ ᠰᠦᠨᠢ ᠭᠠᠷᠴᠤ ᠢᠷᠡᠠ᠂ ᠤᠯᠠᠩᠭᠢ ᠨᠢ ᠤᠨ᠋ᠬᠠᠰᠠᠨ ᠨᠠᠪᠴᠢ᠂ ᠰᠢᠷᠤᠢ ᠶᠢᠨ ᠪᠦᠭᠡᠮ᠂ ᠰᠢᠷᠤᠢ ᠶᠢᠨ ᠵᠠᠪᠰᠠᠷ ᠪᠤᠶᠤ ᠡᠪᠤᠯ ᠤᠨ ᠲᠠᠷᠢᠮᠠᠯ ᠤᠨ ᠭᠠᠵᠠᠷ ᠲᠤ ᠡᠪᠤᠯᠵᠢᠳᠡᠭ᠃ ᠨᠠᠮᠤᠷ ᠦᠨᠳᠡᠭᠡᠯᠡᠨ ᠨᠠᠪᠴᠢᠭ᠍ᠰᠡᠨ ᠠᠪᠠᠭᠠᠯᠳᠠᠢ ᠨᠢ ᠮᠦᠨ ᠬᠦ ᠡᠪᠤᠯᠵᠢᠳᠡᠭ᠃ ᠪᠤᠷᠤᠭᠠᠨ ᠤ ᠲᠠᠷᠠᠭ᠎ᠠ ᠭᠦᠳᠡᠯᠭᠦ ᠨᠢ ᠮᠠᠰᠢ ᠤᠯᠠᠰᠢᠷᠠᠵᠤ᠂ ᠪᠦᠷᠡᠭᠡ ᠬᠤᠷᠤᠬᠠᠢ ᠨᠢ ᠮᠦᠯᠭᠦᠵᠤ ᠶᠠᠪᠤᠠᠠᠰᠠᠨ ᠤ ᠰᠡᠭᠦᠯᠡᠷ ᠨᠢᠯᠴᠠᠭᠠᠢ ᠰᠢᠩᠭᠡᠨ ᠤᠯᠠ ᠮᠦᠷ ᠦᠯᠡᠳᠡᠭᠡᠳᠡᠭ ᠪᠠᠶᠢᠨ᠎ᠠ᠃      ᠪᠦᠷᠡᠭᠡ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠲᠠᠷᠢᠶᠠᠨ ᠭᠠᠵᠠᠷ ᠲᠤ ᠪᠦᠷᠭᠦᠭᠦᠯ ᠪᠦᠷᠭᠦᠵᠤ᠂ ᠭᠦᠨᠦᠭᠡᠯ ᠢ ᠪᠠᠭᠠᠰᠬᠠᠨ᠎ᠠ᠃  ︵2︶  ᠲᠠᠷᠢᠶᠠᠨ ᠭᠠᠵᠠᠷ ᠢᠶᠠᠨ ᠴᠠᠪᠠᠷᠯᠠᠨ ᠠᠷᠢᠯᠭᠠᠵᠤ᠂ ᠰᠤᠯᠠ ᠡᠪᠡᠰᠤ ᠶᠢ ᠠᠷᠢᠯᠭᠠᠵᠤ᠂ ᠴᠠᠭ ᠲᠤᠬᠠᠢ ᠳᠤᠨᠢ ᠠᠷᠴᠢᠵᠤ᠂ ᠲᠤᠨᠤᠮᠠᠯ ᠬᠤᠷᠠᠮᠠᠯ ᠤᠰᠤ ᠶᠢ ᠵᠠᠯᠠᠨ ᠭᠠᠷᠭᠠᠵᠤ᠂ ᠪᠦᠷᠡᠭᠡ ᠬᠤᠷᠤᠬᠠᠢ ᠶᠢᠨ ᠤᠷᠤᠩᠨᠠᠨ ᠠᠮᠢᠳᠤᠷᠠᠬᠤ ᠪᠠ ᠦᠨᠳᠡᠭᠡᠯᠡᠭᠦ ᠭᠠᠵᠠᠷ ᠲᠠᠯᠠᠪᠠᠢ ᠶᠢ ᠡᠪᠳᠡᠵᠤ ᠬᠠᠶᠠᠨ᠎ᠠ᠃ ︵3︶ ᠭᠠᠵᠠᠷ ᠲᠠᠯᠠᠪᠠᠢ ᠪᠠᠨ ᠨᠠᠮᠤᠷ ᠤᠷᠪᠠᠭᠤᠯᠵᠤ᠂ ᠨᠢᠭᠡ ᠪᠦᠯᠦᠭ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠶᠢ ᠭᠦᠷᠦᠰᠤᠨ ᠭᠠᠳᠠᠷᠭᠤ ᠳᠤ ᠭᠠᠷᠭᠠᠨ ᠭᠦᠯᠳᠡᠭᠡᠵᠤ ᠠᠯᠠᠬᠤ ᠪᠠ ᠲᠦᠷᠦᠯᠭᠢ ᠲᠠᠶᠢᠰᠤᠨ ᠳᠤᠨᠢ ᠪᠠᠷᠢᠭᠤᠯᠬᠤ᠂ ᠦᠨᠳᠡᠭᠡ ᠶᠢ ᠨᠢ ᠨᠠᠷᠠᠨ ᠳᠤ ᠰᠢᠷᠠᠭᠳᠠᠭᠤᠯᠤᠨ ᠬᠠᠭᠠᠯᠵᠤ ᠬᠠᠶᠠᠨ᠎ᠠ᠃ ︵4︶ ᠮᠤ᠋ ᠪᠦᠷᠢ 2kg  8% ᠶᠢᠨ ᠮᠢᠶᠧ ᠸᠧ ᠯᠢᠩ ︵灭蜗灵︶ ᠮᠦᠭᠦᠯᠢᠭ ᠡᠮ ᠪᠤᠶᠤ 10% ᠶᠢᠨ ᠳ᠋ᠦᠸᠧ ᠵᠢᠤᠢ ᠢ ᠴᠢᠤᠸᠠᠨ ︵多聚乙醛︶ ᠮᠦᠭᠦᠯᠢᠭ ᠡᠮ ᠢ ᠰᠠᠴᠤᠵᠤ ᠰᠡᠷᠭᠡᠶᠢᠯᠡᠨ᠎ᠡ᠃ ᠪᠠᠶᠢᠡᠭᠭᠤ ᠭᠡᠷᠡᠭᠯᠡᠳᠡᠭ ᠡᠮ ᠭᠡᠪᠡᠯ ᠮᠢᠶᠧ ᠸᠧ  ᠯᠢᠩ ︵灭蜗灵︶᠂ ᠳ᠋ᠦᠸᠧ ᠵᠢᠤᠢ ᠢ ᠴᠢᠤᠸᠠᠨ ︵多聚乙醛︶ ᠵᠡᠷᠭᠡ ᠡᠮ ᠤᠳ ᠪᠠᠶᠢᠨ᠎ᠠ᠃        37. ᠢᠳᠡᠰᠢᠨ ᠨᠤᠭᠤᠭ᠎ᠠ ᠶᠢᠨ ᠪᠤᠷᠤ ᠪᠦᠷᠡᠭᠡ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠪᠤᠷᠤ ᠪᠦᠷᠡᠭᠡ ᠬᠤᠷᠤᠬᠠᠢ ᠪᠤᠯ ᠭᠤᠤᠯ ᠨᠢ ᠪᠦᠭᠡᠷᠡᠩᠭᠡᠢ ᠴᠠᠭᠠᠨ ᠨᠤᠭᠤᠭ᠎ᠠ᠂ ᠴᠠᠴᠡᠭᠳᠦ ᠴᠠᠭᠠᠨ ᠨᠤᠭᠤᠭ᠎ᠠ᠂ ᠴᠠᠭᠠᠨ ᠨᠤᠭᠤᠭ᠎ᠠ᠂ ᠯᠤᠤᠪᠠᠩ᠂ ᠪᠤᠷᠴᠠᠭ ᠤᠨ ᠲᠦᠷᠦᠯ᠂ ᠲᠦᠮᠦᠰᠤ ᠵᠡᠷᠭᠡ ᠲᠠᠷᠢᠮᠠᠯ ᠢ ᠭᠦᠨᠦᠭᠡᠳᠡᠭ᠃ ᠪᠤᠷᠤ ᠪᠦᠷᠡᠭᠡ ᠬᠤᠷᠤᠬᠠᠢ ᠪᠤᠯ ᠡᠯ᠎ᠠ ᠭᠠᠵᠠᠷ ᠤᠷᠤᠨ ᠳᠤ ᠴᠦᠮ ᠬᠠᠷᠬᠠᠳᠠᠵᠤ ᠪᠠᠶᠢᠳᠠᠭ᠃ ᠲᠠᠷᠢᠶᠠᠨ ᠭᠠᠵᠠᠷ᠂ ᠨᠤᠭᠤᠭ᠎ᠠ ᠶᠢᠨ ᠲᠠᠷᠢᠶ᠎ᠠ᠂ ᠭᠦᠷᠢᠶ᠎ᠠ ᠬᠠᠰᠢᠶ᠎ᠠ᠂ ᠴᠡᠴᠡᠷᠯᠢᠭ᠂ ᠰᠢᠭᠤᠢ ᠶᠢᠨ ᠵᠠᠬ᠎ᠠ᠂ ᠭᠤᠤ ᠶᠢᠨ ᠭᠦᠪᠡᠭᠡ᠂ ᠰᠤᠯᠠ ᠡᠪᠡᠰᠤ ᠪᠤᠶᠤ ᠴᠢᠯᠠᠭᠤᠨ ᠤᠪᠤᠭ᠎ᠠ ᠶᠢᠨ ᠲᠤᠳᠤᠷ᠎ᠠ ᠤᠷᠤᠩᠨᠠᠨ ᠠᠮᠢᠳᠤᠷᠠᠵᠤ᠂ ᠭᠡᠵᠢᠶᠡᠳᠡ ᠪᠤᠷᠤᠭᠠᠨ ᠤ ᠲᠠᠷᠠᠭ᠎ᠠ ᠭᠠᠷᠴᠤ ᠢᠷᠡᠨ ᠭᠦᠨᠦᠭᠡᠯ ᠲᠠᠷᠢᠳᠠᠬ᠃ ᠶᠠᠷᠦᠩᠭᠡᠢ ᠳᠡᠭᠡᠨ ᠵᠢᠯ ᠳᠤ ᠨᠢᠭᠡ ᠠᠴᠠ ᠬᠤᠶᠠᠷ ᠤᠳᠠᠭ᠎ᠠ ᠦᠷᠡᠵᠢᠳᠡᠭ᠃ ᠡᠪᠡᠰᠤᠨ ᠤ ᠦᠨᠳᠤᠰᠤ᠂ ᠲᠠᠷᠢᠮᠠᠯ ᠤᠨ ᠦᠨᠳᠤᠰᠤᠨ ᠤ ᠰᠢᠷᠤᠢ᠂ ᠬᠠᠶᠢᠷ ᠴᠢᠯᠠᠭᠤ ᠪᠤᠶᠤ ᠭᠦᠷᠤᠰᠤᠨ ᠤ ᠵᠠᠪᠰᠠᠷ ᠲᠤ ᠦᠨᠳᠡᠭᠡᠯᠡᠳᠡᠭ᠃ ᠪᠤᠷᠤ ᠪᠦᠷᠡᠭᠡ ᠬᠤᠷᠤᠬᠠᠢ ᠶᠢ ᠪᠤᠯ ᠢᠵᠢᠯ ᠲᠦᠷᠰᠤ ᠶᠢᠨ ᠪᠦᠷᠡᠭᠡ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠪᠠᠷ ᠰᠡᠷᠭᠡᠶᠢᠯᠡᠨ ᠵᠠᠰᠠᠨ᠎ᠠ᠃      38. ᠢᠳᠡᠰᠢᠨ ᠨᠤᠭᠤᠭ᠎ᠠ ᠶᠢᠨ ᠤᠷᠳᠤ ᠨᠤᠭᠤᠭᠠᠨ ᠳᠠᠯᠠᠪᠴᠢᠳᠦ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠤᠷᠳᠤ ᠨᠤᠭᠤᠭᠠᠨ ᠲᠡᠯᠡᠪᠴᠢᠳᠦ ᠬᠤᠷᠤᠬᠠᠢ ᠪᠤᠯ ᠭᠤᠤᠯ ᠨᠢ ᠤᠰᠤᠨ ᠴᠠᠭᠠᠨ ᠰᠦᠶ᠎ᠠ ᠶᠢ ᠭᠦᠨᠦᠭᠡᠳᠡᠭ᠃ ᠭᠦᠨᠦᠭᠡᠭᠦ ᠰᠢᠨᠵᠢ ᠨᠢ ᠭᠡᠪᠡᠯ ᠪᠠᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠴᠦᠮ ᠲᠠᠷᠢᠮᠠᠯ ᠤᠨ ᠰᠢᠭᠦᠰᠤ ᠶᠢ ᠬᠠᠳᠬᠤᠨ ᠰᠤᠷᠤᠵᠤ᠂ ᠶᠠᠷᠦᠩᠭᠡᠢ ᠳᠡᠭᠡᠨ ᠭᠤᠤᠯ ᠨᠠᠪᠴᠢ ᠪᠡ ᠬᠤᠶᠠᠳᠤᠭᠠᠷ ᠨᠠᠪᠴᠢᠨ ᠲᠡᠭᠡᠷ᠎ᠡ ᠴᠤᠠᠠᠯᠠᠷᠠᠨ ᠭᠦᠨᠦᠭᠡᠯ ᠲᠠᠷᠢᠵᠤ᠂ ᠭᠦᠨᠳᠤ ᠨᠤᠴᠢᠳᠡᠢ ᠦᠶᠡᠰ ᠤᠰᠤᠨ ᠴᠠᠭᠠᠨ ᠰᠦᠶ᠎ᠠ ᠨᠢ ᠪᠦᠭᠦ ᠰᠠᠭᠤᠷᠢ ᠪᠠᠷ ᠢᠶᠠᠨ ᠰᠢᠷᠠᠯᠠᠨ ᠬᠠᠳᠠᠵᠤ᠂ ᠨᠠᠪᠴᠢ ᠨᠢ ᠬᠤᠮᠦ᠋ᠢᠨ ᠬᠠᠳᠠᠵᠤ ᠦᠭᠦᠭᠦ ᠪᠡ ᠲᠠᠷᠢᠮᠠᠯ ᠨᠢ ᠤᠳᠤᠢ ᠤᠷᠭᠤᠵᠤ᠂ ᠴᠢᠨ᠋ᠬᠠᠰᠢᠯᠠᠪᠠᠯ ᠵᠢᠮᠢᠰᠯᠡᠭᠦ ᠦᠭᠡᠢ ᠪᠤᠯᠳᠠᠭ᠃      ᠤᠷᠳᠤ ᠨᠤᠭᠤᠭᠠᠨ ᠲᠠᠯᠠᠪᠴᠢᠳᠦ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠡᠪᠤᠯᠵᠢᠭ᠍ᠰᠡᠨ ᠬᠠᠶ᠋ᠬᠠᠳᠠᠮᠠᠯ ᠭᠤᠤᠷᠰᠤ ᠶᠢ ᠴᠠᠪᠠᠷᠯᠠᠨ ᠠᠷᠢᠯᠭᠠᠨ᠎ᠠ᠃ ᠨᠠᠮᠤᠷ ᠤᠰᠤᠨ ᠴᠠᠭᠠᠨ ᠰᠦᠶ᠎ᠠ ᠪᠠᠨ ᠬᠤᠷᠢᠶᠠᠵᠤ ᠠᠪᠤᠠᠠᠰᠠᠨ ᠤ ᠰᠡᠭᠦᠯᠡᠷ ᠵᠡᠷᠯᠢᠭ ᠤᠰᠤᠨ ᠴᠠᠭᠠᠨ ᠰᠦᠶ᠎ᠠ ᠶᠢ ᠬᠠᠳᠤᠵᠤ ᠰᠢᠳᠠᠭᠠᠨ᠎ᠠ᠃ ᠲᠠᠷᠠᠭ᠎ᠠ ᠵᠢᠯ ᠤᠨ ᠬᠠᠪᠤᠷ ᠤᠨ 3 ᠳ᠋ᠤᠭᠠᠷ ᠰᠠᠷ᠎ᠠ ᠳᠤ ᠲᠠᠭᠢᠨᠳᠠ ᠨᠢᠭᠡ ᠤᠳᠠᠭ᠎ᠠ ᠪᠦᠭᠦ ᠲᠠᠯ᠎ᠠ ᠪᠠᠷ ᠴᠠᠪᠠᠷᠯᠠᠵᠤ᠂ ᠬᠠᠶ᠋ᠬᠠᠳᠠᠮᠠᠯ ᠨᠠᠪᠴᠢ ᠨᠠᠮᠠᠭ᠎ᠠ ᠶᠢ ᠰᠢᠳᠠᠭᠠᠬᠤ ᠪᠤᠶᠤ ᠭᠤᠤᠯ ᠤᠨ ᠤᠰᠤᠨ ᠳᠤ ᠬᠠᠶᠠᠵᠤ ᠲᠠᠪᠳᠦᠭᠡᠨ᠎ᠡ᠃ ᠬᠠᠭᠤᠴᠢᠨ ᠲᠠᠷᠢᠶᠠᠨ ᠭᠠᠵᠠᠷ ᠢ ᠪᠤᠯ 3~5 ᠡᠳᠤᠷ ᠤᠰᠤᠯᠠᠵᠤ᠂ ᠡᠪᠤᠯᠵᠢᠭ᠍ᠰᠡᠨ ᠦᠨᠳᠡᠭᠡ ᠶᠢ ᠨᠢ ᠴᠠᠴᠠᠭᠠᠨ ᠤᠰᠠᠳᠬᠠᠨ᠎ᠠ᠃ ︵2︶ ᠵᠤᠨ ᠤ ᠤᠰᠤᠨ ᠴᠠᠭᠠᠨ ᠰᠦᠶ᠎ᠠ ᠶᠢᠨ ᠭᠤᠤᠷᠰᠤ ᠶᠢ ᠴᠠᠭ ᠲᠠᠷᠤᠢ ᠳᠤᠨᠢ ᠬᠠᠳᠤᠨ ᠬᠠᠶᠠᠵᠤ᠂ ᠬᠤᠶᠠᠳᠤᠭᠠᠷ ᠦᠶ᠎ᠠ ᠶᠢᠨ ᠬᠤᠷᠤᠬᠠᠢ ᠶᠢᠨ ᠦᠨᠳᠡᠭᠡ ᠶᠢ ᠤᠰᠠᠳᠬᠠᠵᠤ᠂ ᠨᠠᠮᠤᠷ ᠤᠨ ᠤᠷᠳᠤ ᠨᠤᠭᠤᠭᠠᠨ ᠳᠠᠯᠠᠪᠴᠢᠳᠦ ᠬᠤᠷᠤᠬᠠᠢ ᠶᠢᠨ ᠢᠷᠠᠯᠳᠠ ᠶᠢ ᠴᠦᠭᠡᠷᠡᠭᠦᠯᠦᠨ᠎ᠠ᠃ ︵3︶ ᠡᠮ ᠢᠶᠠᠷ ᠰᠡᠷᠭᠡᠶᠢᠯᠡᠨ ᠵᠠᠰᠠᠨ᠎ᠠ᠃ ᠶᠠᠷᠦᠩᠭᠡᠢ ᠳᠡᠭᠡᠨ 2~3 ᠨᠠᠰᠤᠨ ᠤ ᠬᠤᠷᠤᠬᠠᠢ ᠡᠭᠦᠰᠭᠦ ᠭᠦᠭ ᠦᠶ᠎ᠠ ᠳᠤ ᠡᠮ ᠭᠡᠷᠡᠭᠯᠡᠨ᠎ᠠ᠃ ᠡᠮ ᠭᠡᠷᠡᠭᠯᠡᠭᠦ ᠳᠡᠭᠡᠨ 50% ᠶᠢᠨ ᠰᠢᠨ ᠯᠢᠤ ᠯᠢᠨ ︵辛硫磷︶ ᠲᠤᠰᠤᠨ ᠡᠮ ᠤᠨ 1500 ᠲᠠᠭᠢᠨ ᠤ ᠰᠢᠩᠭᠡᠨ᠂ 25% ᠶᠢᠨ ᠱᠠ ᠴᠦᠩ ᠱᠤᠸᠠᠩ ︵辛虫双︶ ᠤᠰᠤᠨ ᠡᠮ ᠤᠨ 500 ᠲᠠᠭᠢᠨ ᠤ ᠰᠢᠩᠭᠡᠨ᠂ ᠰᠤ᠋ ᠮᠢᠶᠧ ᠱᠠ ᠳ᠋ᠢᠩ ︵速灭杀丁︶ ᠲᠤᠰᠤᠨ ᠡᠮ ᠤᠨ 2000~3000 ᠲᠠᠭᠢᠨ ᠤ ᠰᠢᠩᠭᠡᠨ ᠢ ᠰᠤᠩᠭᠤᠨ ᠰᠦᠷᠴᠢᠨ᠎ᠠ᠃ ᠪᠠᠰᠠ 10% ᠶᠢᠨ ᠶᠧ ᠴᠠᠨ ᠰᠠᠨ ︵叶蝉散︶ ᠠᠭᠤᠰᠤᠮᠠᠯ ᠨᠤᠠᠳᠠᠭ ᠡᠮ ᠢ ᠮᠤ᠋ ᠪᠦᠷᠢ ᠰᠢᠭᠤᠳ ᠰᠦᠷᠴᠢᠭᠦ ᠪᠤᠶᠤ ᠨᠠᠷᠢᠨ ᠰᠢᠷᠤᠢ ᠲᠠᠢ ᠬᠤᠯᠢᠵᠤ ᠰᠠᠴᠤᠵᠤ ᠪᠤᠯᠤᠨ᠎ᠠ᠃       39. ᠢᠳᠡᠰᠢᠨ ᠨᠤᠭᠤᠭ᠎ᠠ ᠶᠢᠨ ᠦᠰᠤᠳᠤ ᠤᠰᠤᠨ ᠢᠯᠠᠭ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ      ᠦᠰᠤᠳᠤ ᠤᠰᠤᠨ ᠢᠯᠠᠭ᠎ᠠ ᠪᠤᠯ ᠭᠤᠤᠯ ᠨᠢ ᠤᠰᠤᠨ ᠴᠠᠭᠠᠨ ᠰᠦᠶ᠎ᠠ ᠶᠢ ᠭᠦᠨᠦᠭᠡᠳᠡᠭ᠃ ᠭᠦᠨᠦᠭᠡᠭᠦ ᠰᠢᠨᠵᠢ  ᠨᠢ ᠭᠡᠪᠡᠯ ᠠᠪᠠᠭᠠᠯᠳᠠᠢ ᠨᠢ ᠤᠰᠤᠨ ᠴᠠᠭᠠᠨ ᠰᠦᠶ᠎ᠠ ᠶᠢᠨ ᠨᠠᠪᠴᠢᠨ ᠲᠤᠠᠠᠳᠤᠢ ᠶᠢᠨ ᠤᠭ ᠤᠨ ᠭᠡᠰᠡᠭ ᠢᠶᠠᠷ ᠨᠦᠭᠡᠯᠡᠨ ᠤᠷᠤᠵᠤ᠂ ᠤᠷᠢᠳ ᠢᠶᠠᠷ ᠨᠠᠪᠴᠢᠨ ᠲᠤᠠᠠᠳᠤᠢ ᠶᠢᠨ ᠬᠠᠯᠢᠰᠤᠨ ᠳᠤ ᠢᠳᠡᠰᠢᠯᠡᠵᠤ᠂ ᠲᠠᠷᠠᠭ᠎ᠠ ᠪᠠᠷ ᠨᠢ ᠲᠤᠳᠤᠠᠠᠰᠢ ᠪᠠᠨ ᠤᠰᠤᠨ ᠴᠠᠭᠠᠨ ᠰᠦᠶ᠎ᠠ ᠶᠢᠨ ᠮᠢᠬ᠎ᠠ ᠶᠢ ᠮᠡᠷᠡᠨ ᠢᠳᠡᠳᠡᠭ᠃ ᠬᠤᠷᠤᠬᠠᠢ ᠢᠳᠡᠭᠰᠡᠨ ᠵᠠᠮ ᠳᠤ ᠰᠢᠷ᠎ᠠ ᠭᠦᠷᠡᠩ ᠭᠡᠮᠭᠡᠳᠡᠭ ᠪᠤᠶᠤ ᠰᠢᠷ᠎ᠠ ᠭᠦᠷᠡᠩ ᠪᠦᠭᠡᠨᠡᠷᠡᠯ ᠡᠳ᠋ ᠲᠦᠭᠦᠷᠴᠤ᠂ ᠨᠠᠪᠴᠢᠨ ᠤ ᠲᠤᠠᠠᠳᠤᠢ ᠨᠢ ᠭᠦᠨᠦᠭᠡᠭᠳᠡᠭᠰᠡᠨ ᠤ ᠰᠡᠭᠦᠯᠡᠷ ᠬᠤᠷᠤᠬᠠᠢ ᠶᠢᠨ ᠵᠠᠮ ᠢ ᠲᠠᠭᠠᠨ ᠢᠯᠵᠠᠷᠠᠵᠤ᠂  ᠨᠠᠯᠡᠵᠤ ᠤᠨᠠᠳᠠᠭ ᠪᠠᠶᠢᠨ᠎ᠠ᠃ ᠠᠪᠠᠭᠠᠯᠳᠠᠢ ᠨᠢ ᠤᠰᠤᠨ ᠴᠠᠭᠠᠨ ᠰᠦᠶ᠎ᠠ ᠶᠢᠨ ᠰᠢᠷᠤᠢ ᠶᠢᠨ ᠤᠪᠤᠭ᠎ᠠ ᠳᠤ ᠡᠪᠤᠯᠵᠢᠵᠤ᠂ ᠲᠠᠷᠠᠭ᠎ᠠ ᠵᠢᠯ ᠤᠨ ᠭᠢᠨᠢ 3 ᠳ᠋ᠤᠭᠠᠷ ᠰᠠᠷ᠎ᠠ ᠶᠢᠨ ᠲᠤᠮᠳᠡᠴᠢ ᠪᠠᠷ ᠡᠭᠢᠯᠡᠨ ᠭᠡᠤᠭᠡᠯᠳᠡᠶᠢᠵᠢᠵᠤ᠂ 4 ᠳ᠋ᠤᠭᠡᠷ ᠰᠠᠷ᠎ᠠ ᠶᠢᠨ ᠲᠤᠮᠳᠡᠴᠢ ᠪᠠᠷ ᠪᠡᠶᠡᠯᠡᠭᠰᠡᠨ ᠬᠤᠷᠤᠬᠠᠢ ᠢᠯᠡᠷᠡᠳᠡᠭ᠃ ᠲᠠᠯᠠᠪᠴᠢᠯᠡᠬᠰᠠᠨ ᠪᠡᠶᠡᠯᠡᠭᠰᠡᠨ ᠬᠤᠷᠤᠬᠠᠢ ᠨᠢ ᠤᠷᠢᠳ ᠢᠶᠠᠷ ᠨᠠᠪᠴᠢᠨ ᠤ ᠲᠤᠠᠠᠳᠤᠢ ᠲᠡᠭᠡᠷ᠎ᠡ ᠮᠠᠴᠤᠨ ᠭᠠᠷᠴᠤ ᠢᠳᠡᠰᠢᠯᠡᠳᠡᠭ᠃ ᠪᠡᠶᠡᠯᠡᠭᠰᠡᠨ ᠬᠤᠷᠤᠬᠠᠢ ᠨᠢ ᠢᠯᠵᠠᠷᠠᠮᠠᠯ ᠡᠳ᠋ ᠪᠡ ᠠᠮᠳᠠᠳᠤ ᠢᠳᠡᠭᠡᠨ ᠳᠤ ᠲᠤᠷᠠᠳᠠᠢ ᠪᠠᠶᠢᠵᠤ᠂ ᠪᠡᠯᠭᠡ ᠬᠠᠷᠢᠴᠬᠠᠰᠠᠨ ᠤ ᠰᠡᠭᠦᠯᠡᠷ ᠦᠨᠳᠡᠭᠡᠯᠡᠭᠦ ᠪᠦᠭᠡᠳ ᠭᠤᠤᠯ ᠨᠢ ᠤᠰᠤᠨ ᠴᠠᠭᠠᠨ ᠰᠦᠶ᠎ᠠ ᠶᠢᠨ ᠨᠠᠪᠴᠢᠨ ᠤ ᠲᠤᠠᠠᠳᠤᠢ᠂ ᠨᠠᠪᠴᠢ ᠪᠤᠶᠤ ᠰᠦᠶ᠎ᠠ ᠶᠢᠨ ᠮᠢᠬ᠎ᠠ ᠲᠡᠭᠡᠷ᠎ᠡ ᠦᠨᠳᠡᠭᠡᠯᠡᠵᠤ᠂ ᠪᠠᠰᠠ ᠵᠠᠷᠢᠮ ᠨᠢ ᠦᠨᠡᠭᠡᠨ ᠰᠡᠭᠦᠯ ᠵᠡᠷᠭᠡ ᠵᠡᠷᠯᠢᠭ ᠰᠤᠯᠠ ᠡᠪᠡᠰᠤᠨ ᠲᠡᠭᠡᠷ᠎ᠡ ᠦᠨᠳᠡᠭᠡᠯᠡᠳᠡᠭ᠃ ᠰᠠᠶ᠋ᠢ ᠨᠠᠪᠴᠢᠭ᠍ᠰᠡᠨ ᠠᠪᠠᠭᠠᠯᠳᠠᠢ ᠨᠢ ᠨᠠᠪᠴᠢ ᠶᠢ ᠨᠦᠭᠡᠯᠡᠨ ᠢᠳᠡᠭᠦ ᠶᠢᠨ ᠲᠠᠭᠠᠤ ᠰᠠᠭᠤᠷᠢ ᠵᠦᠭ ᠰᠢᠯᠵᠢᠨ ᠭᠦᠨᠦᠭᠡᠳᠡᠭ᠃ ᠪᠡᠶᠡᠯᠡᠭᠰᠡᠨ ᠠᠪᠠᠭᠠᠯᠳᠠᠢ ᠨᠢ ᠨᠠᠪᠴᠢᠨ ᠤ ᠲᠤᠠᠠᠳᠤᠢ ᠳᠤ ᠭᠡᠤᠭᠡᠯᠳᠡᠶᠢᠵᠢᠵᠤ᠂ ᠨᠠᠪᠴᠢ ᠶᠢᠨ ᠲᠤᠠᠠᠳᠤᠢ ᠲᠡᠭᠡᠷ᠎ᠡ ᠲᠠᠯᠠᠪᠴᠢ ᠶᠢᠨ ᠨᠦᠭᠡ ᠦᠯᠡᠳᠡᠭᠡᠳᠡᠭ ᠪᠠᠶᠢᠨ᠎ᠠ᠃ ᠦᠰᠤᠳᠤ ᠤᠰᠤᠨ ᠢᠯᠠᠭ᠎ᠠ ᠪᠤᠯ ᠭᠤᠤᠯ ᠨᠢ 5 ᠳ᠋ᠤᠭᠠᠷ ᠰᠠᠷ᠎ᠠ ᠶᠢᠨ ᠡᠭᠢ ᠠᠴᠠ 10 ᠳ᠋ᠤᠭᠠᠷ ᠰᠠᠷ᠎ᠠ ᠶᠢᠨ ᠡᠭᠢ ᠪᠤᠯᠳᠠᠯ᠎ᠠ ᠮᠠᠰᠢ ᠭᠦᠨᠳᠤ ᠨᠤᠴᠢᠳᠡᠢ ᠭᠦᠨᠦᠭᠡᠳᠡᠭ ᠪᠠᠶᠢᠨ᠎ᠠ᠃       ᠪᠦᠭᠴᠢᠮ ᠬᠠᠯᠠᠭᠤᠨ ᠠᠭᠤᠷ ᠠᠮᠢᠰᠬᠤᠯ ᠪᠤᠯ ᠲᠤᠰ ᠬᠤᠷᠤᠬᠠᠢ ᠶᠢᠨ ᠭᠦᠨᠦᠭᠡᠯ ᠢ  ᠭᠢᠵᠠᠭᠠᠷᠯᠠᠬᠤ ᠳᠤ ᠦᠢᠯᠡᠳᠦᠯ ᠦᠵᠡᠭᠦᠯᠳᠡᠭ᠃ ᠨᠠᠮᠤᠷ ᠤᠨ ᠭᠦᠨᠦᠭᠡᠯ ᠨᠢ ᠬᠠᠪᠤᠷ ᠤᠨ ᠬᠢ ᠠᠴᠠ ᠪᠠᠨ ᠭᠦᠨᠳᠤ ᠪᠠᠶᠢᠳᠠᠭ᠃ ᠦᠰᠤᠳᠤ ᠤᠰᠤᠨ ᠢᠯᠠᠭ᠎ᠠ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠦᠯᠡᠳᠡᠭᠳᠡᠯ ᠲᠠᠷᠢᠶᠠᠨ ᠭᠤᠤᠷᠰᠤ ᠶᠢ ᠴᠠᠪᠠᠷᠯᠠᠨ ᠠᠷᠢᠯᠭᠠᠵᠤ᠂ ᠲᠦᠪᠯᠡᠷᠡᠭᠦᠯᠦᠨ ᠰᠢᠳᠠᠭᠠᠬᠤ ᠪᠤᠶᠤ ᠭᠠᠵᠠᠷ ᠲᠤ ᠭᠦᠨ ᠪᠤᠯᠠᠵᠤ᠂ ᠬᠤᠷᠤᠬᠠᠢ ᠶᠢᠨ ᠲᠤᠭ᠎ᠠ ᠶᠢ ᠴᠦᠭᠡᠷᠡᠭᠦᠯᠦᠨ᠎ᠠ᠃ ︵2︶ ᠲᠠᠷᠢᠶᠠᠨ ᠳᠠᠬᠢ ᠰᠤᠯᠠ ᠡᠪᠡᠰᠤ ᠶᠢ ᠬᠤᠰᠤᠨ ᠠᠷᠢᠯᠭᠠᠬᠤ ᠪᠠ ᠲᠠᠷᠢᠶᠠᠨ ᠵᠠᠬ᠎ᠠ ᠳᠠᠬᠢ ᠭᠤᠸᠠ ᠶᠢᠨ ᠬᠠᠯᠢᠰᠤ ᠵᠡᠷᠭᠡ ᠢᠯᠵᠡᠷᠡᠮᠡᠯ ᠡᠳ᠋ ᠢ ᠴᠠᠪᠠᠷᠯᠠᠵᠤ᠂ ᠦᠰᠤᠳᠤ ᠤᠰᠤᠨ ᠢᠯᠠᠭ᠎ᠠ ᠶᠢᠨ ᠦᠨᠳᠡᠭᠡᠯᠡᠭᠦ ᠭᠠᠵᠠᠷ ᠲᠠᠯᠠᠪᠤᠷ ᠢ ᠨᠢ ᠡᠪᠳᠡᠭᠦ ᠪᠡ ᠪᠡᠶᠡᠯᠡᠭᠰᠡᠨ ᠬᠤᠷᠤᠬᠠᠢ ᠶᠢᠨ ᠢᠳᠡᠰᠢᠨ ᠤ ᠢᠷᠡᠯᠳᠡ ᠶᠢ ᠲᠠᠰᠤᠯᠤᠨ᠎ᠠ᠃ ︵3︶ ᠪᠡᠶᠡᠯᠡᠭᠰᠡᠨ ᠬᠤᠷᠤᠬᠠᠢ ᠶᠢᠨ ᠲᠠᠯᠠᠪᠴᠢᠯᠠᠬᠤ ᠭᠦᠭ ᠦᠶ᠎ᠠ ᠪᠠ ᠦᠨᠳᠡᠭᠡᠯᠡᠭᠦ ᠤᠷᠭᠢᠯ ᠦᠶ᠎ᠠ ᠳᠤᠨᠢ ᠡᠮ ᠢᠶᠠᠷ ᠰᠡᠷᠭᠡᠶᠢᠯᠡᠨ ᠵᠠᠰᠠᠨ᠎ᠠ᠃ ᠡᠮ ᠢᠶᠠᠷ ᠵᠠᠰᠠᠬᠤ ᠳᠠᠭᠠᠨ 2.5% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠤᠨ 3000 ᠲᠠᠭᠢᠨ ᠤ ᠰᠢᠩᠭᠡᠨ᠂ 25% ᠶᠢᠨ ᠱᠠ ᠴᠦᠩ ᠱᠤᠸᠠᠩ ︵杀虫双︶ ᠤᠰᠤᠨ ᠡᠮ ᠤᠨ 300~500 ᠲᠠᠭᠢᠨ ᠤ ᠰᠢᠩᠭᠡᠨ᠂ 80% ᠶᠢᠨ ᠳ᠋ᠢ ᠳ᠋ᠢ ᠸᠧᠢ ︵敌敌畏︶ ᠲᠤᠰᠤᠨ ᠡᠮ ᠤᠨ 1000 ᠲᠠᠭᠢᠨ ᠤ ᠰᠢᠩᠭᠡᠨ ᠢ ᠮᠠᠨᠠᠨᠳᠤᠭᠤᠯᠤᠨ ᠰᠦᠷᠴᠢᠭᠦ ᠪᠡ ᠰᠦᠷᠴᠢᠨ ᠤᠰᠤᠯᠠᠨ᠎ᠠ᠃ ᠪᠠᠰᠠ ᠤᠰᠤᠨ ᠰᠦᠶ᠎ᠠ ᠶᠢᠨ ᠪᠤᠰᠤᠳ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ ᠲᠠᠢ ᠬᠠᠮᠳᠤᠷᠠᠭᠤᠯᠤᠨ ᠰᠡᠷᠭᠡᠶᠢᠯᠡᠨ ᠵᠠᠰᠠᠵᠤ ᠪᠤᠯᠤᠨ᠎ᠠ᠃ ᠪᠠᠶᠢᠡᠭᠭᠤ ᠭᠡᠷᠡᠭᠯᠡᠳᠡᠭ ᠡᠮ ᠳᠤ ᠰᠤ᠋ ᠮᠢᠶᠧ ᠱᠠ ᠳ᠋ᠢᠩ ︵速灭杀丁︶᠂ ᠱᠠ ᠴᠦᠩ ᠱᠤᠸᠠᠩ ︵杀虫双︶᠂ ᠳ᠋ᠢ ᠳ᠋ᠢ ᠸᠧᠢ ︵敌敌畏︶ ᠵᠡᠷᠭᠡ ᠡᠮ ᠤᠳ ᠪᠠᠶᠢᠨ᠎ᠠ᠃       40. ᠢᠳᠡᠰᠢᠨ ᠨᠤᠭᠤᠭ᠎ᠠ ᠶᠢᠨ ᠴᠠᠭᠠᠨ ᠮᠢᠩ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠴᠠᠭᠠᠨ ᠮᠢᠩ ᠬᠤᠷᠤᠬᠠᠢ ᠶᠢᠨ ᠲᠠᠯᠠᠪᠴᠢᠯᠬᠠᠰᠠᠨ ᠪᠡᠶᠡᠯᠡᠭᠰᠡᠨ ᠬᠤᠷᠤᠬᠠᠢ ᠨᠢ 23~26mm ᠤᠷᠳᠤ᠂ ᠡᠮ᠎ᠠ ᠬᠤᠷᠤᠬᠠᠢ ᠶᠢᠨ ᠮᠦᠷᠤ ᠶᠢᠨ ᠭᠡᠰᠡᠭ ᠨᠢ ᠭᠦᠷᠡᠩ᠂ ᠡᠷ᠎ᠡ ᠬᠤᠷᠤᠬᠠᠢ ᠶᠢᠨ ᠠᠷᠤ ᠲᠠᠯᠠᠪᠴᠢ ᠨᠢ ᠪᠦᠳᠡᠩᠭᠢ ᠭᠦᠷᠡᠩ ᠦᠡᠭᠭᠡ ᠲᠠᠢ ᠪᠠᠶᠢᠳᠠᠭ᠃ ᠦᠨᠳᠡᠭᠡ ᠨᠢ ᠲᠤᠭᠤᠷᠢᠭ᠂ ᠦᠨᠳᠡᠭᠡ ᠶᠢᠨ ᠮᠦᠭᠦᠯᠢᠭ ᠤᠨ ᠤᠪᠤᠭ᠎ᠠ ᠨᠢ ᠵᠤᠤᠪᠠᠩ ᠭᠡᠯᠪᠡᠷᠢ ᠲᠠᠢ ᠤᠪᠤᠭᠠᠯᠬᠠᠳᠠᠵᠤ᠂ ᠭᠦᠷᠡᠩ ᠦᠡᠭᠭᠡ ᠶᠢᠨ ᠨᠤᠯᠤᠤᠷ ᠲᠠᠢ ᠪᠠᠶᠢᠳᠠᠭ᠃ ᠠᠪᠠᠭᠠᠯᠳᠠᠢ ᠪᠠ ᠪᠡᠶᠡᠯᠡᠭᠰᠡᠨ ᠠᠪᠠᠭᠠᠯᠳᠠᠢ ᠶᠢᠨ ᠪᠡᠶ᠎ᠠ ᠶᠢᠨ ᠤᠷᠳᠤ ᠨᠢ 15mm᠂ ᠰᠢᠷᠭᠠᠯ ᠦᠡᠭᠭᠡ ᠲᠠᠢ᠂ ᠭᠡᠤᠭᠡᠯᠳᠡᠢ ᠨᠢ ᠲᠤᠭᠤᠷᠢᠭ᠂ ᠠᠩᠬᠠᠨ  ᠳᠠᠭᠠᠨ ᠴᠠᠭᠠᠨ ᠪᠠᠶᠢᠠᠠᠰᠠᠨ ᠠᠴᠠ ᠪᠠᠨ ᠠᠯᠭᠤᠷ ᠢᠶᠠᠷ ᠰᠢᠷᠭᠠᠯ ᠦᠡᠭᠭᠡ ᠲᠠᠢ ᠪᠤᠯᠳᠠᠭ᠃ ᠴᠠᠭᠠᠨ ᠮᠢᠩ ᠬᠤᠷᠤᠬᠠᠢ ᠪᠤᠯ ᠭᠤᠤᠯ ᠨᠢ ᠰᠦᠨ ᠦᠨᠳᠤᠰᠤᠳᠤ ᠲᠠᠷᠢᠮᠠᠯ ᠢ ᠭᠦᠨᠦᠭᠡᠳᠡᠭ᠃ ᠭᠦᠨᠦᠭᠡᠯ ᠤᠨ ᠰᠢᠨᠵᠢ ᠨᠢ ᠭᠡᠪᠡᠯ ᠠᠪᠠᠭᠠᠯᠳᠠᠢ ᠨᠢ ᠲᠠᠷᠢᠮᠠᠯ ᠤᠨ ᠡᠰᠢ ᠶᠢ ᠮᠡᠷᠡᠨ ᠢᠳᠡᠵᠤ᠂ ᠨᠦᠭᠡᠯᠡᠭᠰᠡᠨ ᠭᠦᠪᠡᠭᠡ ᠨᠢ ᠬᠠᠷ᠎ᠠ ᠭᠦᠷᠡᠩ ᠦᠡᠭᠭᠡ ᠲᠠᠢ ᠪᠤᠯᠳᠠᠭ᠃ ᠠᠩᠬ᠎ᠠ ᠡᠭᠢᠯᠡᠵᠤ ᠭᠦᠨᠦᠭᠡᠭᠦ ᠬᠤᠭᠤᠴᠠᠭᠠᠨ ᠳᠤ ᠲᠠᠷᠢᠮᠠᠯ ᠤᠨ ᠡᠰᠢᠨ ᠤ ᠦᠵᠦᠭᠦᠷ ᠤᠨ ᠭᠡᠰᠡᠭ ᠤᠨ ᠨᠤᠭᠤᠭᠠᠨ ᠦᠡᠭᠭᠡ ᠨᠢ ᠪᠠᠭᠤᠷᠠᠵᠤ ᠬᠠᠳᠠᠨ ᠬᠤᠷᠪᠤᠶᠢᠵᠤ᠂ ᠲᠤᠤᠷ᠎ᠠ ᠠᠴᠠ ᠲᠡᠭᠡᠭᠰᠢ ᠪᠠᠨ ᠠᠭᠠᠵᠢᠮ ᠢᠶᠠᠷ ᠤᠯᠠᠭᠠᠨ ᠪᠠᠶᠢᠠᠠᠰᠠᠨ ᠠᠴᠠ ᠪᠠᠨ ᠰᠢᠷᠠᠯᠠᠵᠤ᠂ ᠡᠰᠢ ᠨᠢ ᠭᠦᠷᠡᠩᠳᠦᠨ ᠢᠯᠵᠠᠷᠠᠵᠤ᠂ ᠬᠠᠮᠤᠭ ᠡᠴᠦᠰ ᠲᠤ ᠬᠠᠳᠠᠵᠤ ᠦᠭᠦᠳᠡᠭ᠃ ᠪᠤᠳᠠᠯᠠᠬᠤ ᠪᠠ ᠡᠰᠢ ᠰᠠᠯᠬᠤ ᠦᠶ᠎ᠠ ᠳᠤ ᠭᠦᠨᠦᠭᠡᠯ ᠳᠤ ᠤᠴᠠᠷᠠᠪᠠᠯ᠂ ᠭᠤᠤᠯ ᠡᠰᠢ ᠶᠢᠨ ᠪᠤᠳᠠᠯᠠᠬᠤ ᠨᠢ ᠪᠠᠭᠠᠰᠴᠤ᠂ ᠴᠢᠭᠢ ᠶᠢᠨ ᠲᠤᠭ᠎ᠠ ᠭᠦᠷᠦᠯᠴᠡᠭᠦ ᠦᠭᠡᠢ ᠪᠤᠯᠳᠠᠭ᠃ ᠪᠦᠮᠪᠤᠷᠴᠡᠭᠯᠡᠭᠦ ᠬᠤᠭᠤᠴᠠᠭᠠᠨ ᠳᠤ ᠭᠦᠨᠦᠭᠡᠯ ᠳᠤ ᠤᠴᠠᠷᠠᠪᠠᠯ᠂ ᠡᠰᠢ ᠨᠢ ᠬᠠᠳᠠᠨ ᠦᠭᠦᠵᠤ᠂ ᠪᠦᠮᠪᠤᠷᠢᠯᠢᠭ᠌ ᠡᠰᠢ ᠶᠢᠨ ᠲᠤᠮᠤᠷᠠᠯᠳᠠ ᠶᠢ ᠨᠦᠯᠦᠭᠡᠯᠡᠵᠤ᠂ ᠬᠤᠷᠢᠶᠠᠯᠳᠠ ᠪᠠ ᠶᠠᠰᠤ ᠴᠢᠨᠠᠷ ᠢ ᠪᠠᠭᠤᠷᠠᠭᠤᠯᠳᠠᠭ ᠪᠠᠶᠢᠨ᠎ᠠ᠃ ᠠᠪᠠᠭᠠᠯᠳᠠᠢ ᠨᠢ ᠰᠦᠨ ᠦᠨᠳᠤᠰᠤ ᠶᠢᠨ ᠡᠰᠢ᠂ ᠬᠠᠶ᠋ᠬᠠᠳᠠᠮᠠᠯ ᠭᠤᠤᠷᠰᠤᠨ ᠲᠡᠭᠡᠷ᠎ᠡ ᠡᠪᠤᠯᠵᠢᠳᠡᠭ᠃ ᠲᠠᠷᠠᠭ᠎ᠠ ᠬᠠᠪᠤᠷ ᠨᠢ ᠤᠶᠢᠷ᠎ᠠ ᠤᠷᠴᠢᠮ ᠤᠨ ᠦᠯᠦᠩ ᠡᠪᠡᠰᠤ ᠪᠠ ᠦᠶᠡᠳᠤ ᠤᠷᠭᠤᠮᠠᠯ ᠤᠨ ᠢᠵᠠᠭᠤᠷ ᠤᠨ ᠰᠤᠯᠠ ᠡᠪᠡᠰᠤ ᠪᠤᠶᠤ ᠲᠠᠷᠢᠮᠠᠯ ᠤᠨ ᠵᠦᠭ ᠰᠢᠯᠵᠢᠨ ᠢᠳᠡᠰᠢᠯᠡᠨ ᠪᠤᠶᠢᠵᠢᠵᠤ᠂ 5 ᠳ᠋ᠤᠭᠠᠷ ᠰᠠᠷ᠎ᠠ ᠶᠢᠨ ᠲᠤᠮᠳᠡᠴᠢ ᠪᠠᠷ ᠭᠡᠤᠭᠡᠯᠳᠡᠶᠢᠵᠢᠭᠦ ᠬᠤᠭᠤᠴᠠᠭᠠᠨ ᠳᠤ ᠤᠷᠤᠵᠤ᠂ 5 ᠳ᠋ᠤᠭᠠᠷ ᠰᠠᠷ᠎ᠠ ᠶᠢᠨ ᠰᠡᠭᠦᠯᠴᠢ ᠠᠴᠠ 6 ᠳ᠋ᠤᠭᠠᠷ ᠰᠠᠷ᠎ᠠ ᠶᠢᠨ ᠡᠭᠢ ᠪᠠᠷ ᠲᠠᠯᠠᠪᠴᠢᠯᠠᠳᠠᠭ ᠪᠠᠶᠢᠨ᠎ᠠ᠃ ᠶᠠᠷᠦᠩᠭᠡᠢ ᠳᠡᠭᠡᠨ ᠲᠡᠭᠡᠷ᠎ᠡ ᠵᠢᠯ ᠤᠨ ᠰᠦᠨ ᠦᠨᠳᠤᠰᠤ ᠶᠢᠨ ᠲᠠᠷᠢᠶᠠᠨ ᠤ ᠦᠯᠡᠳᠡᠭᠳᠡᠯ ᠪᠦᠮᠪᠤᠷᠢᠯᠢᠭ᠌ ᠡᠰᠢ ᠶᠢᠨ ᠰᠠᠯᠠᠭᠠᠨ ᠲᠡᠭᠡᠷ᠎ᠡ ᠦᠨᠳᠡᠭᠡᠯᠡᠵᠤ᠂ ᠨᠢᠭᠡᠳᠦᠭᠡᠷ ᠦᠶ᠎ᠠ ᠶᠢᠨ ᠭᠢᠨᠢ 6 ᠳ᠋ᠤᠭᠠᠷ ᠰᠠᠷ᠎ᠠ ᠶᠢᠨ ᠡᠭᠢ ᠠᠴᠠ 7 ᠳ᠋ᠤᠭᠠᠷ ᠰᠠᠷ᠎ᠠ ᠶᠢᠨ ᠰᠡᠭᠦᠯᠴᠢ ᠳᠤ ᠡᠭᠦᠰᠴᠤ᠂ ᠬᠤᠶᠠᠳᠤᠭᠠᠷ ᠦᠶ᠎ᠠ ᠶᠢᠨ ᠭᠢᠨᠢ 7 ᠳ᠋ᠤᠭᠠᠷ ᠰᠠᠷ᠎ᠠ ᠶᠢᠨ ᠲᠤᠮᠳᠡᠴᠢ ᠠᠴᠠ 8 ᠳ᠋ᠤᠭᠠᠷ ᠰᠠᠷ᠎ᠠ ᠶᠢᠨ ᠲᠤᠮᠳᠡᠴᠢ ᠪᠠᠷ ᠡᠭᠦᠰᠴᠤ᠂ ᠭᠤᠷᠪᠡᠳᠤᠭᠠᠷ ᠦᠶ᠎ᠠ ᠶᠢᠨ ᠭᠢᠨᠢ 8 ᠳ᠋ᠤᠭᠠᠷ ᠰᠠᠷ᠎ᠠ ᠶᠢᠨ ᠡᠭᠢ ᠠᠴᠠ 9 ᠳ᠋ᠤᠭᠡᠷ ᠰᠠᠷ᠎ᠠ ᠶᠢᠨ ᠲᠤᠮᠳᠡᠴᠢ ᠪᠠᠷ ᠡᠭᠦᠰᠴᠤ᠂ ᠲᠦᠷᠪᠡᠳᠦᠭᠡᠷ ᠦᠶ᠎ᠠ ᠶᠢᠨ ᠭᠢᠨᠢ ᠪᠤᠯ ᠪᠦᠷᠢᠨ ᠪᠤᠰᠤ ᠦᠶ᠎ᠠ ᠪᠤᠯᠤᠨ᠎ᠠ᠃ ᠬᠤᠶᠠᠷ ᠭᠤᠷᠪᠠᠳᠤᠭᠠᠷ ᠦᠶ᠎ᠠ ᠶᠢᠨ ᠪᠡᠶᠡᠯᠡᠭᠰᠡᠨ ᠬᠤᠷᠤᠬᠠᠢ ᠨᠢ ᠰᠦᠨ ᠦᠨᠳᠤᠰᠤ ᠶᠢᠨ ᠦᠷ᠎ᠠ ᠶᠢᠨ ᠴᠢᠭᠢ ᠪᠡ ᠲᠠᠷᠢᠶᠠᠨ ᠳᠤ ᠦᠨᠳᠡᠭᠡᠯᠡᠵᠤ᠂ ᠭᠤᠤᠯ ᠭᠦᠨᠦᠭᠡᠯ ᠤᠨ ᠦᠶ᠎ᠠ ᠪᠤᠯᠤᠨ᠎ᠠ᠃ ᠪᠠᠶᠠᠯᠡᠭᠰᠡᠨ ᠬᠤᠷᠤᠬᠠᠢ ᠨᠢ ᠭᠡᠷᠡᠯ ᠠᠴᠠ ᠠᠶᠤᠮᠠᠳᠠᠭᠠᠢ᠂ ᠨᠢᠰᠴᠤ ᠴᠢᠳᠠᠳᠠᠭ ᠦᠭᠡᠢ᠂ ᠨᠤᠭᠤᠭᠠᠨ ᠦᠡᠭᠭᠡᠨ ᠳᠤ ᠪᠠᠭ᠋ᠠᠳᠠᠢ᠂ ᠤᠯᠠᠩᠭᠢ ᠨᠢ ᠡᠰᠢᠨ ᠤ ᠦᠵᠦᠭᠦᠷ ᠠᠴᠠ 7cm ᠵᠠᠶᠢᠳᠠᠢ ᠡᠰᠢᠨ ᠲᠡᠭᠡᠷ᠎ᠡ ᠦᠨᠳᠡᠭᠡᠯᠡᠳᠡᠭ᠃ ᠠᠩᠬ᠎ᠠ ᠨᠠᠪᠴᠢᠭ᠍ᠰᠡᠨ ᠠᠪᠠᠭᠠᠯᠳᠠᠢ ᠨᠢ ᠮᠦᠯᠭᠦᠭᠦ ᠳᠡᠭᠡᠨ ᠴᠢᠳᠠᠮᠠᠭᠠᠢ ᠪᠦᠭᠡᠳ ᠰᠢᠷᠭᠡᠭ ᠪᠦᠭᠡᠯᠵᠢᠵᠤ᠂ ᠡᠰᠢ ᠶᠢᠨ ᠲᠡᠭᠡᠳᠤ ᠭᠡᠰᠡᠭ  ᠲᠤ ᠨᠦᠭᠡᠯᠡᠨ ᠤᠷᠤᠵᠤ᠂ ᠡᠰᠢ ᠶᠢᠨ ᠲᠤᠳᠤᠷ᠎ᠠ ᠨᠦᠭᠡᠯᠡᠨ ᠢᠳᠡᠵᠤ ᠭᠦᠨᠦᠭᠡᠳᠡᠭ᠃ 2~3 ᠨᠠᠰᠤᠨ ᠠᠴᠠ ᠬᠤᠶᠢᠰᠢᠭᠢ ᠠᠪᠠᠭᠠᠯᠳᠠᠢ ᠨᠢ ᠰᠠᠭᠤᠷᠢᠨ ᠳᠤ ᠰᠢᠯᠵᠢᠨ ᠭᠦᠨᠦᠭᠡᠵᠤ᠂ ᠤᠯᠠᠩᠭᠢ ᠨᠢ ᠭᠠᠵᠠᠷ ᠠᠴᠠ 10cm ᠵᠠᠶᠢᠳᠠᠢ ᠭᠠᠵᠠᠷ ᠲᠤ ᠨᠦᠭᠡᠯᠡᠨ ᠭᠦᠨᠦᠭᠡᠳᠡᠭ᠃ ᠪᠡᠶᠡᠯᠡᠭᠰᠡᠨ ᠠᠪᠠᠭᠠᠯᠳᠠᠢ ᠨᠢ ᠡᠰᠢᠨ ᠤ ᠤᠭ ᠤᠨ ᠭᠡᠰᠡᠭ ᠲᠤ ᠡᠭᠦᠷᠯᠡᠨ ᠭᠡᠤᠭᠡᠯᠳᠡᠶᠢᠵᠢᠵᠤ᠂ ᠡᠭᠦᠷᠯᠡᠭᠦ ᠠᠴᠠ ᠪᠠᠨ ᠡᠮᠦᠨ᠎ᠠ ᠪᠠᠷᠤᠭ 6cm ᠭᠠᠵᠠᠷ ᠲᠤ ᠲᠠᠯᠠᠪᠴᠢᠯᠠᠬᠤ ᠨᠦᠭᠡ ᠭᠠᠷᠭᠠᠳᠠᠭ᠃ ᠶᠠᠷᠦᠩᠭᠡᠢ ᠳᠡᠭᠡᠨ ᠡᠷᠳᠡ ᠲᠠᠷᠢᠠᠠᠰᠠᠨ ᠰᠦᠨ ᠦᠨᠳᠤᠰᠤ ᠶᠢᠨ ᠲᠠᠷᠢᠶ᠎ᠠ᠂ ᠪᠤᠷᠳᠤᠭᠤᠷ ᠠᠷᠪᠢᠨ ᠤᠷᠤᠭᠤᠯᠤᠠᠠᠰᠠᠨ ᠪᠠ ᠤᠷᠭᠤᠯᠳᠠ ᠨᠢ ᠨᠢᠯᠬ᠎ᠠ ᠵᠦᠭᠡᠯᠡᠨ ᠲᠠᠷᠢᠶᠠᠨ ᠭᠡᠰᠡᠭ ᠲᠤ ᠤᠷᠳᠤ ᠬᠤᠭᠤᠴᠠᠭ᠎ᠠ ᠪᠠᠷ ᠭᠦᠨᠦᠭᠡᠯ ᠲᠠᠷᠢᠳᠠᠭ ᠪᠠ ᠭᠦᠨᠦᠭᠡᠭᠦ ᠨᠢ ᠴᠤ ᠭᠦᠨᠳᠤ ᠨᠤᠴᠢᠳᠡᠢ ᠪᠠᠶᠢᠳᠠᠭ᠃       ᠴᠠᠭᠠᠨ ᠮᠢᠩ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠰᠦᠨ ᠦᠨᠳᠤᠰᠤ ᠪᠠᠨ ᠬᠤᠷᠢᠶᠠᠵᠤ ᠠᠪᠤᠠᠠᠰᠠᠨ ᠤ ᠰᠡᠭᠦᠯᠡᠷ᠂ ᠲᠠᠷᠢᠶᠠᠨ ᠳᠠᠬᠢ ᠦᠯᠡᠳᠡᠭᠳᠡᠯ ᠭᠤᠤᠷᠰᠤ ᠪᠡ ᠨᠠᠪᠴᠢ ᠨᠠᠮᠠᠭ᠎ᠠ ᠶᠢ ᠲᠠᠷᠦ᠋ᠢᠬᠠᠨ ᠴᠠᠪᠡᠷᠯᠡᠨ ᠠᠷᠢᠯᠭᠠᠵᠤ᠂ ᠲᠦᠪᠯᠡᠷᠡᠭᠦᠯᠦᠨ ᠰᠢᠳᠠᠭᠠᠵᠤ ᠬᠠᠶᠠᠨ᠎ᠠ᠃ 5 ᠳ᠋ᠤᠭᠠᠷ ᠰᠠᠷ᠎ᠠ ᠶᠢᠨ ᠲᠤᠮᠳᠡᠴᠢ ᠠᠴᠠ ᠡᠮᠦᠨ᠎ᠠ ᠦᠯᠡᠳᠡᠭᠳᠡᠯ ᠪᠦᠮᠪᠤᠷᠢᠯᠢᠭ᠌ ᠡᠰᠢᠳᠤ ᠬᠤᠷᠪᠤᠶᠢᠠᠠᠰᠠᠨ ᠴᠢᠭᠢ ᠶᠢ ᠦᠭᠳᠡᠭᠡᠨ ᠠᠷᠢᠯᠭᠠᠵᠤ᠂ ᠨᠢᠭᠡᠳᠦᠭᠡᠷ ᠦᠶ᠎ᠠ ᠶᠢᠨ ᠬᠤᠷᠤᠬᠠᠢ ᠶᠢᠨ ᠢᠷᠡᠯᠳᠡ ᠶᠢ ᠤᠰᠠᠳᠬᠠᠨ᠎ᠠ᠃ ︵2︶ ᠲᠤᠭᠢᠳᠡᠢ ᠴᠠᠭ ᠬᠤᠭᠤᠴᠠᠭᠠᠨ ᠳᠤᠨᠢ ᠵᠠᠶᠢᠯᠠᠵᠤ ᠲᠠᠷᠢᠨ᠎ᠠ᠃ ︵3︶ ᠭᠡᠤᠭᠡᠯᠳᠡᠶᠢᠵᠢᠭᠦ ᠭᠦᠭ ᠦᠶ᠎ᠠ ᠳᠤᠨᠢ ᠭᠦᠨ ᠤᠰᠤᠯᠠᠨ ᠴᠢᠭᠢ ᠪᠠᠨ ᠲᠡᠪᠳᠦᠭᠡᠪᠡᠯ ᠭᠡᠤᠭᠡᠯᠳᠡᠢ ᠶᠢ ᠨᠢ ᠤᠰᠠᠳᠬᠠᠬᠤ ᠪᠤᠯᠤᠨ᠎ᠠ᠃ ︵4︶ ᠬᠤᠶᠠᠷ ᠭᠤᠷᠪᠡᠳᠤᠭᠠᠷ ᠦᠶ᠎ᠠ ᠶᠢᠨ ᠬᠤᠷᠤᠬᠠᠢ ᠨᠠᠪᠴᠢᠭ᠍ᠰᠡᠨ ᠤ ᠰᠡᠭᠦᠯᠡᠷ 1~2 ᠡᠳᠤᠷ ᠡᠮ ᠢᠶᠠᠷ ᠰᠡᠷᠭᠡᠶᠢᠯᠡᠨ ᠵᠠᠰᠠᠨ᠎ᠠ᠃ ᠡᠮ ᠢᠶᠠᠷ ᠰᠡᠷᠭᠡᠶᠢᠯᠡᠨ ᠵᠠᠰᠠᠬᠤ ᠳᠠᠭᠠᠨ 25% ᠶᠢᠨ ᠱᠠ ᠴᠦᠩ ᠱᠤᠸᠠᠩ ︵杀虫双︶ ᠤᠰᠤᠨ ᠡᠮ ᠤᠨ 300~500 ᠲᠠᠭᠢᠨ ᠤ ᠰᠢᠩᠭᠡᠨ᠂ 40% ᠶᠢᠨ ᠵᠢᠶᠠ ᠠᠨ ᠯᠢᠨ ︵甲胺磷︶ ᠲᠤᠰᠤᠨ ᠡᠮ ᠤᠨ 1000 ᠲᠠᠭᠢᠨ ᠤ ᠰᠢᠩᠭᠡᠨ ᠢ ᠰᠤᠩᠭᠤᠨ ᠰᠦᠷᠴᠢᠵᠤ ᠰᠡᠷᠭᠡᠶᠢᠯᠡᠨ᠎ᠡ᠃ ᠪᠠᠰᠠ ᠮᠤ᠋ ᠪᠦᠷᠢ ᠤᠳᠠᠭ᠎ᠠ ᠪᠤᠯᠭᠠᠨ 150mL 40% ᠶᠢᠨ ᠳ᠋ᠤᠤ ᠴᠦᠩ ᠵᠢᠩ ︵稻虫净︶ ᠲᠤᠰᠤᠨ ᠡᠮ ᠪᠤᠶᠤ 80% ᠶᠢᠨ ᠳ᠋ᠢ ᠳ᠋ᠢ ᠸᠧᠢ ︵敌敌畏︶ ᠲᠤᠰᠤᠨ ᠡᠮ ᠤᠨ ᠲᠡᠭᠡᠷ᠎ᠡ 400L ᠤᠰᠤ ᠨᠠᠮᠠᠵᠤ ᠰᠦᠷᠴᠢᠨ ᠤᠰᠤᠯᠠᠨ᠎ᠠ᠃ ᠪᠠᠶᠢᠡᠭᠭᠤ ᠭᠡᠷᠡᠭᠯᠡᠳᠡᠭ ᠡᠮ ᠳᠤ ᠱᠠ ᠴᠦᠩ ᠱᠤᠸᠠᠩ ︵杀虫双︶᠂ ᠵᠢᠶᠠ ᠠᠨ ᠯᠢᠨ ︵甲胺磷︶ ᠂ ᠳ᠋ᠤᠤ ᠴᠦᠩ ᠵᠢᠩ ︵稻虫净︶᠂ ᠳ᠋ᠢ ᠳ᠋ᠢ ᠸᠧᠢ ︵敌敌畏︶ ᠵᠡᠷᠭᠡ ᠡᠮ ᠤᠳ ᠪᠠᠶᠢᠨ᠎ᠠ᠃      41. ᠯᠢᠩᠬᠸ᠎ᠠ ᠶᠢᠨ ᠨᠠᠪᠴᠢᠨ ᠴᠤᠬᠤ ᠶᠢᠨ ᠬᠦᠨᠦᠭᠡᠯ ᠢ ᠰᠡᠷᠭᠡᠶᠢᠯᠡᠨ ᠵᠠᠰᠠᠬᠤ       ᠯᠢᠩᠬᠸ᠎ᠠ ᠶᠢᠨ ᠨᠠᠪᠴᠢᠨ ᠴᠤᠬᠤ ᠶᠢᠨ ᠪᠡᠶᠡᠯᠡᠭᠰᠡᠨ ᠬᠤᠷᠤᠬᠠᠢ ᠨᠢ ᠭᠦᠷᠡᠩ ᠨᠤᠭᠤᠭᠠᠨ ᠭᠢᠯᠳᠠᠭᠠᠨ᠋ᠬᠠᠰᠠᠨ ᠦᠡᠭᠭᠡ ᠲᠠᠢ ᠵᠢᠵᠢᠭ ᠬᠤᠶ᠋ᠬᠠᠳᠤ ᠬᠤᠷᠤᠬᠠᠢ ᠪᠤᠯᠤᠨ᠎ᠠ᠃ ᠪᠠᠶ᠎ᠠ ᠶᠢᠨ ᠤᠷᠳᠤ ᠨᠢ 6cm᠂ ᠭᠡᠪᠡᠯᠢ ᠶᠢᠨ ᠭᠡᠰᠡᠭ ᠤᠨ ᠨᠢᠷᠤᠭᠤᠨ ᠬᠠᠪᠳᠠᠰᠤ ᠨᠢ ᠲᠦᠷᠪᠡᠯᠵᠢᠨ᠂ ᠭᠡᠪᠡᠯᠢ ᠳᠡᠭᠡᠨ ᠵᠤᠵᠠᠭᠠᠨ ᠨᠢᠠᠠᠳᠠ ᠮᠦᠡᠭᠭᠦᠨ ᠦᠡᠭᠭᠡ ᠶᠢᠨ ᠨᠤᠯᠤᠤᠷ ᠲᠠᠢ᠂ ᠬᠤᠶᠠᠭ ᠲᠠᠯᠠᠪᠴᠢ ᠨᠢ ᠭᠤᠤ ᠲᠠᠳ᠋ᠬᠠᠰᠠᠨ ᠲᠤᠯᠪᠤ ᠲᠠᠢ᠂ ᠵᠢᠭᠦᠷ ᠤᠨ ᠦᠵᠦᠭᠦᠷ ᠨᠢ ᠲᠡᠭᠰᠢᠭᠡᠨ ᠪᠠᠶᠢᠳᠠᠭ᠃ ᠦᠨᠳᠡᠭᠡ  ᠨᠢ ᠤᠷᠳᠤᠯᠵᠢᠨ ᠵᠤᠤᠪᠠᠩ ᠭᠡᠯᠪᠡᠷᠢ ᠲᠠᠢ᠂ ᠲᠡᠭᠰᠢᠭᠡᠨ ᠪᠦᠭᠡᠳ ᠭᠢᠯᠳᠠᠭᠠᠨ᠋ᠬᠠᠰᠠᠨ ᠦᠡᠭᠭᠡ ᠲᠠᠢ᠃ ᠠᠩᠬ᠎ᠠ ᠦᠨᠳᠡᠭᠡᠯᠡᠭᠦ  ᠳᠡᠭᠡᠨ ᠴᠠᠭᠠᠨ ᠦᠡᠭᠭᠡ ᠲᠠᠢ ᠪᠠᠶᠢᠵᠤ᠂ ᠨᠡᠪᠴᠢᠭᠦ ᠠᠴᠠ ᠪᠠᠨ ᠡᠮᠦᠨ᠎ᠠ ᠰᠢᠷᠭᠠᠯ ᠦᠡᠭᠭᠡ ᠲᠠᠢ ᠪᠤᠯᠵᠤ᠂ ᠦᠨᠳᠡᠭᠡᠨ ᠮᠦᠭᠦᠯᠢᠭ ᠨᠢ ᠲᠦᠪᠯᠡᠷᠡᠭᠰᠡᠨ ᠤᠪᠤᠭ᠎ᠠ ᠪᠤᠯᠵᠤ᠂ ᠲᠡᠭᠡᠭᠦᠷ ᠨᠢ ᠴᠠᠭᠠᠨ ᠦᠡᠭᠭᠡ ᠶᠢᠨ ᠲᠤᠩᠭᠠᠯᠠᠭ ᠴᠠᠪᠠᠤᠯᠢᠭ ᠡᠳ᠋ ᠪᠦᠷᠭᠦᠵᠤ ᠪᠠᠶᠢᠳᠠᠭ᠃ ᠠᠪᠠᠭᠠᠯᠳᠠᠢ ᠨᠢ ᠴᠠᠭᠠᠨ ᠦᠳᠤ ᠶᠢᠨ ᠭᠡᠯᠪᠡᠷᠢ ᠲᠠᠢ᠂ ᠲᠤᠯᠤᠭᠠᠢ ᠨᠢ ᠵᠢᠵᠢᠭ᠂ ᠭᠡᠪᠡᠯᠢ ᠶᠢᠨ ᠭᠡᠰᠡᠭ ᠨᠢ ᠲᠠᠷᠭᠤᠨ ᠪᠦᠳᠦᠭᠦᠨ᠂ ᠪᠠᠭ᠎ᠠ ᠮᠤᠷᠤᠢ ᠭᠡᠯᠪᠡᠷᠢ ᠲᠠᠢ᠂ ᠪᠡᠶ᠎ᠠ ᠶᠢᠨ ᠤᠷᠳᠤ ᠨᠢ 9~11mm᠂ ᠵᠢᠷᠭᠤᠭᠠᠨ ᠭᠦᠯ ᠲᠠᠢ᠂ ᠰᠡᠭᠦᠯ ᠤᠨ ᠦᠵᠦᠭᠦᠷ ᠲᠤᠨᠢ ᠨᠢᠭᠡᠨ ᠬᠤᠤᠰ ᠭᠦᠷᠡᠩ ᠦᠡᠭᠭᠡ ᠶᠢᠨ ᠰᠠᠪᠠᠷ ᠤᠨ ᠲᠦᠷᠰᠦ  ᠲᠠᠢ ᠰᠡᠭᠦᠯ ᠤᠨ ᠭᠤᠬ᠎ᠠ ᠲᠠᠢ ᠪᠠᠶᠢᠳᠠᠭ᠃ ᠭᠡᠤᠭᠡᠯᠳᠡᠢ ᠨᠢ 8mm ᠤᠷᠳᠤ᠂ ᠴᠠᠭᠠᠨ ᠦᠡᠭᠭᠡ ᠲᠠᠢ᠂ ᠤᠯᠠᠭᠠᠨ ᠭᠦᠷᠡᠩ ᠦᠡᠭᠭᠡ ᠶᠢᠨ ᠴᠠᠪᠠᠤᠯᠢᠭ ᠡᠳ᠋ ᠤᠨ ᠡᠭᠦᠷ ᠲᠤ ᠨᠢᠭᠤᠠᠠᠳᠠᠵᠤ ᠪᠠᠶᠢᠳᠠᠭ᠃ ᠯᠢᠩᠬᠸ᠎ᠠ ᠶᠢᠨ ᠴᠤᠬᠤ ᠪᠤᠯ ᠭᠤᠤᠯ  ᠨᠢ ᠯᠢᠩᠬᠸ᠎ᠠ ᠶᠢᠨ ᠦᠨᠳᠤᠰᠤ ᠶᠢ ᠭᠦᠨᠦᠭᠡᠳᠡᠭ᠃ ᠭᠦᠨᠦᠭᠡᠯ ᠤᠨ ᠰᠢᠨᠵᠢ ᠨᠢ ᠭᠡᠪᠡᠯ ᠠᠪᠠᠭᠠᠯᠳᠠᠢ ᠶᠢᠨ ᠲᠦᠷᠰᠤ  ᠪᠠᠷ ᠢᠶᠠᠨ ᠯᠢᠩᠬᠸ᠎ᠠ ᠶᠢᠨ ᠦᠨᠳᠤᠰᠤᠨ ᠤ ᠰᠠᠬᠠᠯ᠂ ᠦᠨᠳᠤᠰᠤᠨ ᠭᠡᠰᠡᠭ ᠵᠡᠷᠭᠡ ᠭᠠᠵᠠᠷ ᠢ ᠭᠦᠨᠦᠭᠡᠳᠡᠭ᠃ ᠭᠦᠨᠦᠭᠡᠭᠳᠡᠭᠰᠡᠨ ᠭᠡᠰᠡᠭ ᠲᠤᠨᠢ ᠬᠠᠷ᠎ᠠ ᠭᠦᠷᠡᠩ ᠲᠤᠯᠪᠤ ᠰᠠᠭᠤᠵᠤ᠂ ᠦᠨᠳᠤᠰᠤᠨ ᠭᠡᠰᠡᠭ ᠨᠢ ᠬᠠᠷᠠᠯᠠᠵᠤ᠂ ᠯᠢᠩᠬᠸ᠎ᠠ ᠶᠢᠨ ᠨᠠᠪᠴᠢ ᠨᠢ ᠰᠢᠷᠠᠯᠠᠵᠤ᠂ ᠦᠨᠳᠤᠰᠤᠨ ᠤ ᠤᠷᠭᠤᠯᠳᠠ ᠨᠢ ᠰᠠᠭᠠᠳ ᠲᠤ ᠤᠴᠠᠷᠠᠵᠤ᠂ ᠶᠠᠰᠤ ᠴᠢᠨᠠᠷ ᠨᠢ ᠪᠠᠭᠤᠷᠠᠳᠠᠭ᠃ ᠯᠢᠩᠬᠸ᠎ᠠ ᠶᠢᠨ ᠴᠤᠬᠤ ᠨᠢ ᠵᠢᠯ ᠳᠤ ᠨᠢᠭᠡ ᠦᠶ᠎ᠠ ᠦᠷᠡᠵᠢᠵᠤ᠂ ᠠᠪᠠᠭᠠᠯᠳᠠᠢ ᠨᠢ ᠯᠢᠩᠬᠸ᠎ᠠ ᠶᠢᠨ ᠦᠨᠳᠤᠰᠤ ᠶᠢᠨ ᠰᠠᠬᠠᠯ ᠪᠤᠶᠤ ᠯᠢᠩᠬᠸ᠎ᠠ ᠶᠢᠨ ᠦᠶ᠎ᠠ ᠳᠤ ᠡᠪᠤᠯᠵᠢᠵᠤ᠂ ᠲᠠᠷᠠᠭ᠎ᠠ ᠵᠢᠯ ᠤᠨ 4 ᠳ᠋ᠤᠭᠡᠷ ᠰᠠᠷ᠎ᠠ ᠶᠢᠨ ᠰᠡᠭᠦᠯᠴᠢ ᠠᠴᠠ 5 ᠳ᠋ᠤᠭᠠᠷ ᠰᠠᠷ᠎ᠠ ᠶᠢᠨ ᠡᠭᠢ ᠪᠠᠷ ᠡᠪᠤᠯᠵᠢᠭ᠍ᠰᠡᠨ ᠠᠪᠠᠭᠠᠯᠳᠠᠢ ᠨᠢ ᠡᠭᠢᠯᠡᠨ ᠭᠦᠨᠦᠭᠡᠯ ᠲᠠᠷᠢᠳᠠᠭ᠃ 5~6 ᠳ᠋ᠤᠭᠠᠷ ᠰᠠᠷ᠎ᠠ ᠶᠢᠨ ᠬᠤᠭᠤᠷᠤᠨᠳᠤ᠂ ᠲᠤᠮᠤ ᠠᠪᠠᠭᠠᠯᠳᠠᠢ ᠨᠢ ᠯᠢᠩᠬᠸ᠎ᠠ ᠶᠢᠨ ᠦᠨᠳᠤᠰᠤᠨ ᠭᠡᠰᠡᠭ ᠲᠤ ᠴᠠᠭᠠᠨ ᠦᠡᠭᠭᠡ ᠶᠢᠨ ᠨᠢᠯᠴᠠᠭᠠᠢ ᠡᠳ᠋ ᠱᠦᠭᠦᠷᠡᠭᠦᠯᠦᠨ᠂ ᠪᠡᠶ᠎ᠠ ᠪᠠᠨ ᠪᠦᠰᠡᠯᠡᠵᠤ᠂ ᠴᠠᠪᠠᠤᠯᠢᠭ ᠨᠢᠮᠭᠡᠨ ᠡᠭᠦᠷ ᠪᠤᠯᠭᠠᠨ ᠭᠡᠤᠭᠡᠯᠳᠡᠶᠢᠵᠢᠳᠡᠭ᠃ ᠪᠠᠶᠡᠯᠡᠭᠰᠡᠨ ᠬᠤᠷᠤᠬᠠᠢ ᠨᠢ ᠭᠦᠷᠤᠰᠤᠨ ᠳᠤ ᠲᠠᠯᠠᠪᠴᠢᠯᠬᠠᠰᠠᠨ ᠤ ᠪᠠᠨ ᠰᠡᠭᠦᠯᠡᠷ ᠤᠰᠤᠨ ᠲᠡᠭᠡᠷ᠎ᠡ ᠭᠠᠷᠴᠤ ᠢᠷᠡᠨ ᠪᠡᠯᠭᠡ ᠬᠠᠷᠢᠴᠠᠵᠤ᠂ 7 ᠳ᠋ᠤᠭᠠᠷ ᠰᠠᠷ᠎ᠠ ᠳᠤ ᠪᠡᠶᠡᠯᠡᠭᠰᠡᠨ ᠴᠤᠬᠤ ᠶᠢᠨ ᠦᠨᠳᠡᠭᠡᠯᠡᠭᠦ ᠭᠦᠭ ᠦᠶ᠎ᠠ ᠪᠤᠯᠵᠤ᠂ ᠭᠤᠤᠯ ᠨᠢ ᠤᠰᠤᠨ ᠭᠦᠷᠰᠢ ᠶᠢᠨ ᠨᠠᠪᠴᠢᠨ ᠤ ᠠᠷᠤ ᠲᠠᠯ᠎ᠠ ᠪᠠ ᠯᠢᠩᠬᠸ᠎ᠠ ᠶᠢᠨ ᠨᠠᠪᠴᠢ᠂ ᠨᠠᠭᠤᠷ ᠤᠨ ᠭᠦᠭᠡ ᠴᠠᠴᠡᠭ ᠤᠨ ᠨᠠᠪᠴᠢᠨ ᠲᠡᠭᠡᠷ᠎ᠠ ᠦᠨᠳᠡᠭᠡᠯᠡᠳᠡᠭ ᠪᠠᠶᠢᠨ᠎ᠠ᠃ ᠪᠡᠶᠡᠯᠡᠭᠰᠡᠨ ᠴᠤᠬᠤ ᠨᠢ ᠮᠠᠰᠢ ᠭᠦᠭᠵᠢᠶᠠᠨ ᠲᠠᠢ ᠪᠠᠶᠢᠵᠤ᠂ ᠠᠶᠤᠨ ᠰᠤᠴᠢᠠᠠᠰᠠᠨ ᠦᠶ᠎ᠠ ᠳᠤ ᠤᠰᠤ ᠶᠢ ᠨᠠᠭᠠᠯᠳᠤᠨ ᠨᠢᠰᠤᠨ ᠲᠤᠳᠠᠭᠠᠳᠠᠭ᠃ ᠠᠪᠠᠭᠠᠯᠳᠠᠢ ᠨᠢ ᠨᠠᠪᠴᠢᠭ᠍ᠰᠡᠨ ᠤ ᠰᠡᠭᠦᠯᠡᠷ ᠲᠠᠷᠦ᠋ᠢᠬᠠᠨ ᠤᠰᠤᠨ ᠳᠤ ᠤᠷᠤᠵᠤ᠂ ᠭᠦᠷᠦᠰᠤᠨ ᠳᠤᠨᠢ ᠰᠢᠷᠭᠤᠨ ᠯᠢᠩᠬᠸ᠎ᠠ ᠶᠢᠨ ᠦᠨᠳᠤᠰᠤ ᠶᠢ ᠭᠦᠨᠦᠭᠡᠳᠡᠭ᠃      ᠯᠢᠩᠬᠸ᠎ᠡ ᠶᠢᠨ ᠴᠤᠬᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠭᠦᠨᠦᠭᠡᠯ ᠭᠦᠨᠳᠤ ᠨᠤᠴᠢᠳᠡᠢ ᠡᠭᠦᠰᠦᠭᠰᠡᠨ ᠲᠠᠷᠢᠶᠠᠨ ᠭᠡᠰᠡᠭ ᠲᠤ ᠨᠢᠭᠡ ᠬᠤᠶᠠᠷ ᠵᠢᠯ ᠬᠠᠭᠤᠷᠠᠢ ᠶᠢᠨ ᠲᠠᠷᠢᠮᠠᠯ ᠰᠤᠯᠢᠵᠤ ᠲᠠᠷᠢᠬᠤ ᠪᠤᠶᠤ ᠡᠪᠤᠯ ᠳᠡᠭᠡᠨ ᠲᠠᠷᠢᠶᠠᠨ ᠭᠠᠵᠠᠷ ᠲᠠᠬᠢ ᠲᠤᠨᠤᠮᠠᠯ ᠤᠰᠤ ᠶᠢ ᠵᠠᠯᠠᠵᠤ ᠭᠠᠷᠭᠠᠨ᠎ᠠ᠃ ︵2︶ ᠶᠠᠷᠦᠩᠭᠡᠢ ᠳᠡᠭᠡᠨ ᠬᠠᠪᠤᠷ ᠡᠷᠳᠡ ᠯᠢᠩᠬᠸ᠎ᠠ ᠶᠢ ᠨᠠᠭᠢᠶᠠᠯᠠᠬᠤ ᠠᠴᠠ ᠨᠢ ᠡᠮᠦᠨ᠎ᠠ᠂ ᠠᠪᠠᠭᠠᠯᠳᠠᠢ ᠶᠢᠨ ᠢᠴᠡᠭᠡᠯᠡᠯ ᠠᠴᠠ ᠭᠠᠷᠬᠤ ᠠᠴᠠ ᠠᠪᠤᠭᠠᠳ ᠡᠭᠦᠰᠭᠦ ᠤᠷᠭᠢᠯ ᠦᠶ᠎ᠠ ᠭᠦᠷᠳᠡᠯ᠎ᠠ ᠲᠠᠷᠢᠶᠠᠨ ᠭᠠᠵᠠᠷ ᠤᠨ ᠲᠤᠨᠤᠮᠠᠯ ᠤᠰᠤ ᠶᠢ ᠵᠠᠯᠠᠨ ᠭᠠᠷᠭᠠᠵᠤ᠂ ᠭᠠᠵᠠᠷ ᠢᠶᠠᠨ ᠲᠤᠭᠢᠳᠡᠢ ᠤᠷᠪᠠᠭᠤᠯᠵᠤ᠂ ᠮᠤ᠋ ᠪᠦᠷᠢ 50% ᠶᠢᠨ ᠰᠢᠨ ᠯᠢᠤ ᠯᠢᠨ  ︵辛硫磷︶  ᠡᠮ ᠢ 25kg ᠢᠶᠠᠷ ᠨᠠᠷᠢᠨ ᠰᠢᠷᠤᠢ ᠲᠠᠢ ᠬᠤᠯᠢᠨ ᠭᠦᠷᠦᠰᠤᠨ ᠳᠤᠨᠢ ᠰᠠᠴᠤᠵᠤ᠂ ᠡᠪᠤᠯᠵᠢᠭ᠍ᠰᠡᠨ ᠠᠪᠠᠭᠠᠯᠳᠠᠢ ᠶᠢ ᠰᠡᠷᠭᠡᠶᠢᠯᠡᠨ᠎ᠠ᠃ ︵3︶ ᠯᠢᠩᠬᠸ᠎ᠠ ᠲᠠᠷᠢᠬᠤ ᠳᠠᠭᠠᠨ ᠮᠤ᠋ ᠪᠦᠷᠢ 50kg ᠴᠤᠬᠤᠢ ᠤᠷᠤᠭᠤᠯᠵᠤ᠂ ᠭᠦᠷᠦᠰᠤ ᠰᠢᠷᠤᠢ ᠶᠢᠨ ᠭᠦᠴᠢᠯ ᠤᠨ ᠭᠡᠮᠵᠢᠶ᠎ᠠ ᠶᠢ ᠲᠤᠭᠢᠷᠠᠭᠤᠯᠪᠠᠯ᠂ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠵᠤ ᠴᠢᠳᠠᠬᠤ ᠮᠦᠷᠳᠡᠭᠡᠨ ᠪᠠᠰᠠ ᠡᠪᠤᠯᠵᠢᠭ᠍ᠰᠡᠨ ᠠᠪᠠᠭᠠᠯᠳᠠᠢ ᠶᠢ ᠰᠡᠷᠭᠡᠶᠢᠯᠡᠨ ᠵᠠᠰᠠᠵᠤ ᠴᠢᠳᠠᠨ᠎ᠠ᠃      ᠡᠰᠡᠭᠦᠯ᠎ᠠ ᠮᠤ᠋ ᠪᠦᠷᠢ 15~20kg ᠭᠠᠶᠢᠮᠤ ᠶᠢᠨ ᠦᠷ᠎ᠠ ᠶᠢᠨ ᠨᠤᠨᠳᠠᠭ ᠤᠷᠤᠭᠤᠯᠵᠤ᠂ ᠬᠠᠪᠤᠷ ᠤᠨ ᠢᠴᠡᠭᠡᠯᠡᠯ ᠠᠴᠠ ᠭᠠᠷᠬᠤ ᠠᠪᠠᠭᠠᠯᠳᠠᠢ ᠶᠢ ᠰᠡᠷᠭᠡᠶᠢᠯᠡᠨ᠎ᠡ᠃ ︵4︶ ᠪᠡᠶᠡᠯᠡᠭᠰᠡᠨ ᠬᠤᠷᠤᠬᠠᠢ ᠡᠭᠦᠰᠭᠦ ᠭᠦᠭ ᠦᠶ᠎ᠠ ᠳᠤ ᠮᠤ᠋ ᠪᠦᠷᠢ 100~150g 90% ᠶᠢᠨ ᠲᠠᠯᠠᠰᠳᠤ ᠳ᠋ᠢ ᠪᠠᠢ ᠴᠦᠩ ︵敌百虫︶ ᠡᠮ ᠢ ᠰᠢᠷᠤᠢ ᠲᠠᠢ ᠬᠤᠯᠢᠨ ᠬᠤᠤᠷᠳᠤ ᠰᠢᠷᠤᠢ ᠪᠤᠯᠭᠠᠵᠤ᠂ ᠦᠷᠯᠦᠭᠡ ᠡᠷᠳᠡ ᠰᠢᠭᠦᠳᠡᠷᠢ ᠶᠢᠨ ᠤᠰᠤ ᠬᠠᠳᠠᠬᠤ ᠠᠴᠠ ᠡᠮᠦᠨ᠎ᠠ ᠰᠠᠴᠤᠵᠤ ᠤᠷᠤᠭᠤᠯᠤᠨ᠎ᠠ᠃ ︵5︶ ᠯᠢᠩᠬᠸ᠎ᠠ ᠶᠢᠨ ᠦᠨᠳᠤᠰᠤ ᠶᠢᠨ ᠤᠷᠭᠤᠯᠳᠠ ᠶᠢᠨ ᠬᠤᠭᠤᠴᠠᠭᠠᠨ ᠳᠤ ᠲᠠᠷᠢᠶᠠᠨ ᠳᠠᠬᠢ ᠰᠤᠯᠠ ᠡᠪᠡᠰᠤ ᠶᠢ ᠴᠠᠭ ᠲᠠᠷᠤᠢ ᠳᠤᠨᠢ ᠴᠠᠪᠠᠷᠯᠡᠨ ᠠᠷᠢᠯᠭᠠᠵᠤ᠂ ᠢᠯᠠᠩᠭᠤᠶ᠎ᠠ ᠤᠰᠤᠨ ᠭᠦᠷᠰᠢ᠂ ᠨᠠᠭᠤᠷ ᠤᠨ ᠭᠦᠭᠡ ᠴᠠᠴᠡᠭ ᠵᠡᠷᠭᠡ ᠶᠢ ᠰᠠᠶᠢᠳᠤᠷ ᠴᠠᠪᠠᠷᠯᠡᠨ ᠠᠷᠢᠯᠭᠠᠵᠤ᠂ ᠪᠡᠶᠡᠯᠡᠭᠰᠡᠨ ᠬᠤᠷᠤᠬᠠᠢ ᠶᠢᠨ ᠢᠳᠡᠰᠢ ᠪᠡ ᠦᠨᠳᠡᠭᠡᠯᠡᠭᠦ ᠭᠠᠵᠠᠷ ᠲᠠᠯᠠᠪᠤᠷ ᠢ ᠪᠠᠭᠠᠰᠬᠠᠨ᠎ᠠ᠃ ᠪᠠᠶᠢᠡᠭᠭᠤ ᠭᠡᠷᠡᠭᠯᠡᠳᠡᠭ ᠡᠮ ᠳᠤ ᠰᠢᠨ ᠯᠢᠤ ᠯᠢᠨ ︵辛硫磷︶ ᠵᠡᠷᠭᠡ ᠡᠮ ᠪᠠᠶᠢᠨ᠎ᠠ ᠃  
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ