1. ᠶᠠᠭᠤᠨ ᠳᠤ ᠲᠠᠷᠢᠶᠠᠯᠠᠩ ᠤᠨ ᠭᠡᠮ ᠬᠤᠷᠤᠬᠠᠢ ᠶᠢ ᠪᠤᠭᠢᠷᠳᠤᠯ ᠦᠭᠡᠢ ᠪᠠᠷ ᠰᠡᠷᠭᠡᠶᠢᠯᠡᠨ ᠵᠠᠰᠠᠬᠤ ᠪᠤᠢ︖ | | ᠠᠮᠢ ᠠᠬᠤᠢ ᠪᠤᠯᠤᠨ ᠢᠳᠡᠭᠡᠨ ᠤ ᠠᠶᠤᠯ ᠦᠬᠡᠢ ᠪᠠᠶᠢᠬᠤ ᠨᠢ ᠮᠠᠨ ᠤ ᠭᠦᠮᠦᠨ ᠪᠦᠷᠢ ᠶᠢᠨ ᠠᠮᠢᠳᠤᠷᠠᠯ ᠳᠤ | ᠴᠦᠮ ᠨᠢᠠᠠᠳᠠ ᠬᠠᠷᠢᠴᠠᠭ᠎ᠠ ᠲᠠᠢ ᠪᠠᠶᠢᠳᠠᠭ᠃ ᠦᠡᠭᠭᠡᠷᠡᠭᠰᠡᠨ ᠳᠤ ᠭᠤᠭᠤᠳ ᠤᠨ ᠦᠳᠤ ᠶᠢ ᠠᠷᠢᠯᠭᠠᠬᠤ ᠶᠢᠨ | ᠲᠤᠰᠠᠳᠠ᠂ ᠬᠤᠤᠷ ᠶᠡᠭᠡᠳᠡᠢ ᠲᠠᠷᠢᠶᠠᠨ ᠡᠮ ᠢ ᠭᠤᠭᠤᠳ ᠤᠨ ᠦᠨᠳᠤᠰᠤᠨ ᠳᠤᠨᠢ ᠭᠦᠷᠳᠡᠯ᠎ᠡ ᠭᠢᠭᠰᠡᠨ ᠠᠴᠠ ᠪᠤᠯᠤᠭᠠᠳ | ᠭᠦᠮᠦᠰ ᠭᠤᠭᠤᠳ ᠯᠡ ᠭᠡᠪᠡᠯ ᠴᠢᠷᠠᠢ ᠬᠤᠵᠶᠢᠨ ᠭᠡᠯᠮᠡᠭᠳᠡᠭᠦ ᠪᠤᠯᠤᠭᠰᠠᠨ ᠪᠠᠶᠢᠳᠠᠭ᠃ ᠭᠡᠳᠡᠯ᠎ᠠ ᠵᠠᠷᠢᠮ ᠲᠠᠷᠢᠶᠠᠴᠢᠳ | ᠮᠡᠳᠡᠵᠤ ᠪᠠᠶᠢᠭᠠᠳ ᠵᠤᠷᠢᠭᠤᠳᠠ ᠭᠢᠵᠤ᠂ ᠦᠪᠠᠷ ᠤᠨ ᠲᠠᠳᠠᠭᠠᠯ ᠳᠠᠭᠠᠨ ᠬᠠᠷᠢᠨ ᠬᠤᠤᠷ ᠶᠡᠭᠡᠳᠡᠢ ᠲᠠᠷᠢᠶᠠᠨ ᠡᠮ ᠢ | ᠭᠡᠷᠡᠭᠯᠡᠭᠦ ᠦᠭᠡᠢ ᠪᠠᠶᠢᠳᠠᠭ᠃ ᠡᠭᠦᠨ ᠠᠴᠠ ᠭᠢᠯᠪᠡᠷ ᠲᠦᠭᠦᠮ ᠤᠴᠢᠷ ᠶᠤᠰᠤ ᠶᠢ ᠮᠡᠳᠡᠵᠤ ᠪᠤᠯᠤᠨ᠎ᠠ᠃ ᠭᠦᠮᠦᠨ | ᠪᠤᠯᠭᠠᠨ ᠴᠦᠮ ᠭᠡᠷᠡᠭᠯᠡᠭᠴᠢᠳ ᠮᠦᠨ᠂ ᠴᠢ ᠬᠤᠤᠷᠳᠠᠢ ᠭᠤᠭᠤᠳ ᠢ ᠢᠳᠡᠭᠦ ᠦᠭᠡᠢ ᠭᠡᠭᠦ ᠳᠤ ᠪᠤᠰᠤᠳ ᠭᠦᠮᠦᠨ ᠤ | ᠦᠢᠯᠡᠳᠪᠤᠷᠢᠯᠡᠭᠰᠡᠨ ᠢᠳᠡᠭᠡᠨ ᠢ ᠲᠠ ᠶᠠᠮᠠᠷ ᠴᠤ ᠠᠰᠠᠭᠤᠳᠠᠯ ᠦᠭᠡᠢ ᠭᠡᠵᠤ ᠪᠠᠳᠤᠯᠠᠵᠤ ᠴᠢᠳᠠᠬᠤ ᠦᠭᠡᠢ ᠰᠢᠤ ᠳ᠋ᠠ᠂ | ᠡᠶᠢᠮᠤ ᠠᠴᠠ ᠲᠠᠷᠢᠶᠠᠯᠠᠩ ᠤᠨ ᠭᠡᠮ ᠬᠤᠷᠤᠬᠠᠢ ᠶᠢ ᠰᠡᠷᠭᠡᠶᠢᠯᠡᠨ ᠤᠰᠠᠳᠬᠠᠬᠤ ᠳᠤ ᠠᠮᠢ ᠠᠬᠤᠢ ᠪᠠ ᠢᠳᠡᠭᠡᠨ ᠤ ᠠᠶᠤᠯ | ᠦᠬᠡᠢ ᠪᠠᠶᠢᠬᠤ ᠶᠢ ᠪᠠᠳᠤᠯᠠᠬᠤ ᠭᠡᠷᠡᠭᠳᠡᠢ᠃ ᠡᠨᠡ ᠪᠤᠯ ᠲᠠᠷᠤᠢ ᠪᠤᠭᠢᠷᠳᠤᠯ ᠦᠭᠡᠢ ᠰᠡᠷᠭᠡᠶᠢᠯᠡᠨ ᠬᠤᠷᠢᠠᠠᠯᠠᠬᠤ ᠶᠠᠪᠤᠳᠠᠯ | ᠪᠤᠯᠤᠨ᠎ᠠ᠃ | ᠦᠡᠭᠭᠡᠷᠡᠭᠰᠡᠨ ᠤ ᠤᠷᠭᠤᠮᠠᠯ ᠤᠨ ᠬᠠᠮᠠᠭᠠᠯᠠᠯᠳᠠ ᠶᠢᠨ ᠠᠵᠢᠯ ᠨᠢ ᠲᠠᠷᠢᠶᠠᠯᠠᠩ ᠤᠨ ᠭᠠᠮᠰᠢᠭ ᠭᠦᠨᠦᠭᠡᠯ ᠢ | ᠬᠤᠷᠢᠠᠠᠯᠠᠬᠤ ᠪᠠ ᠪᠠᠭᠠᠰᠬᠠᠵᠤ᠂ ᠡᠯᠪᠡᠭ ᠬᠤᠷᠢᠶᠠᠯᠳᠠ ᠤᠯᠬᠤ ᠳᠤ ᠯᠡ ᠦᠢᠯᠡᠴᠢᠯᠡᠳᠡᠭ ᠠᠴᠠ ᠪᠢᠰᠢ ᠠᠮᠢ ᠠᠬᠤᠢ ᠪᠠ | ᠶᠠᠰᠤ ᠴᠢᠨᠠᠷ ᠢ ᠲᠠᠮᠡᠢ ᠪᠤᠳᠤᠯᠭᠢᠯᠠᠳᠠᠭ ᠦᠭᠡᠢ ᠪᠠᠶᠢᠯ᠎ᠠ᠃ ᠦᠨᠤ ᠲᠠᠷᠢᠶᠠᠯᠠᠩ ᠤᠨ ᠭᠦᠭᠵᠢᠯᠳᠡ ᠶᠢᠨ ᠱᠠᠳᠤᠨ ᠳᠤ | ᠤᠷᠤᠠᠠᠰᠠᠨ ᠦᠶ᠎ᠠ ᠳᠤ ᠤᠷᠭᠤᠮᠠᠯ ᠤᠨ ᠬᠠᠮᠠᠭᠠᠯᠠᠯᠳᠠ ᠶᠢᠨ ᠠᠵᠢᠯ ᠨᠢ ᠵᠦᠪᠭᠡᠨ ᠲᠠᠷᠢᠶᠠᠯᠠᠩ ᠤᠨ ᠭᠠᠮᠰᠢᠭ ᠭᠦᠨᠦᠭᠡᠯ ᠢ | ᠭᠢᠵᠠᠭᠠᠷᠯᠠᠵᠤ ᠪᠠᠭᠠᠰᠬᠠᠵᠤ᠂ ᠡᠯᠪᠡᠭ ᠬᠤᠷᠢᠶᠠᠯᠳᠠ ᠤᠯᠭᠤᠭᠤᠯᠬᠤ ᠳᠤ ᠯᠡ ᠦᠢᠯᠡᠴᠢᠯᠡᠭᠦ ᠪᠢᠰᠢ ᠪᠠᠰᠠ ᠠᠮᠢ | ᠠᠬᠤᠢ ᠶᠢᠨ ᠪᠤᠯᠪᠠᠰᠤᠨ ᠢᠳᠡᠭᠡᠨ ᠤ ᠠᠶᠤᠯ ᠦᠬᠡᠢ ᠶᠢ ᠪᠠᠳᠤᠯᠠᠬᠤ ᠰᠢᠨ᠎ᠠ ᠡᠭᠦᠷᠭᠡ ᠲᠠᠢ ᠪᠤᠯᠤᠠᠠᠰᠠᠨ ᠪᠠᠶᠢᠨ᠎ᠠ᠃ | 2. ᠲᠠᠷᠢᠶᠠᠯᠠᠩ ᠤᠨ ᠭᠡᠮ ᠬᠤᠷᠤᠬᠠᠢ ᠶᠢ ᠰᠡᠷᠭᠡᠶᠢᠯᠡᠨ ᠬᠤᠷᠢᠠᠠᠯᠠᠬᠤ ᠳᠤ ᠶᠠᠮᠠᠷ ᠪᠤᠳᠠᠳᠠᠢ ᠠᠷᠭ᠎ᠠ ᠪᠤᠳᠤᠯᠭ᠎ᠠ | ᠪᠠᠶᠢᠬᠤ ᠪᠤᠢ︖ | ᠪᠤᠭᠢᠷᠳᠤᠯ ᠦᠭᠡᠢ ᠪᠠᠷ ᠰᠡᠷᠭᠡᠶᠢᠯᠡᠨ ᠬᠤᠷᠢᠠᠠᠯᠠᠬᠤ ᠶᠢᠨ ᠠᠷᠭ᠎ᠠ ᠪᠤᠳᠤᠯᠭ᠎ᠠ ᠪᠤᠯ ᠠᠮᠢ ᠠᠬᠤᠢ ᠪᠠᠷ | ᠭᠤᠤᠯᠳᠠᠯᠭ᠎ᠠ ᠪᠤᠯᠭᠠᠵᠤ᠂ ᠰᠡᠷᠭᠡᠶᠢᠯᠡᠨ ᠬᠤᠷᠢᠠᠠᠯᠠᠬᠤ ᠪᠠᠷ ᠤᠳᠤᠷᠢᠳᠤᠮᠵᠢ ᠪᠤᠯᠭᠠᠵᠤ᠂ ᠪᠦᠳᠦᠭᠡᠭᠳᠡᠭᠦᠨ ᠤ ᠠᠶᠤᠯ | ᠦᠬᠡᠢ ᠪᠠᠶᠢᠬᠤ ᠪᠠᠷ ᠪᠠᠷᠢᠮᠵᠢᠶ᠎ᠠ ᠪᠤᠯᠭᠠᠬᠤ ᠤᠷᠭᠤᠮᠠᠯ ᠤᠨ ᠬᠠᠮᠠᠭᠠᠯᠠᠯᠳᠠ ᠶᠢᠨ ᠮᠡᠷᠭᠡᠵᠢᠯ ᠪᠤᠯᠤᠨ᠎ᠠ᠃ ᠲᠠᠷᠠ ᠨᠢ ᠭᠡᠮ | ᠬᠤᠷᠤᠬᠠᠢ ᠪᠠᠷ ᠭᠤᠤᠯ ᠴᠤᠠᠠᠴᠠ ᠪᠤᠯᠭᠠᠨ ᠰᠡᠷᠭᠡᠶᠢᠯᠡᠨ ᠬᠤᠷᠢᠠᠠᠯᠠᠬᠤ ᠪᠢᠰᠢ ᠬᠠᠷᠢᠨ ᠭᠡᠮ ᠬᠤᠷᠤᠬᠠᠢ ᠡᠭᠦᠰᠦᠭᠰᠡᠨ ᠠᠮᠢ | ᠠᠬᠤᠢ ᠶᠢᠨ ᠡᠯᠧᠮᠧᠨ᠋ᠲ ᠠᠴᠠ ᠡᠭᠦᠰᠴᠤ᠂ ᠤᠷᠴᠢᠨ ᠠᠬᠤᠢ ᠶᠢᠨ ᠡᠯᠧᠮᠧᠨ᠋ᠲ ᠢ ᠰᠢᠰᠲ᠋ᠧᠮᠵᠢᠭᠦᠯᠦᠨ ᠲᠤᠭᠢᠷᠠᠭᠤᠯᠵᠤ᠂ | ᠲᠠᠷᠢᠮᠠᠯ ᠢ ᠢᠳᠡᠷᠡᠭᠦᠨ ᠤᠷᠭᠤᠭᠤᠯᠬᠤ ᠪᠠ ᠭᠡᠮ ᠬᠤᠷᠤᠬᠠᠢ ᠶᠢ ᠲᠠᠷᠤᠬᠤ ᠴᠢᠳᠠᠪᠤᠷᠢ ᠲᠠᠢ ᠪᠤᠯᠭᠠᠳᠠᠭ ᠶᠤᠮ᠃ | 3. ᠪᠤᠭᠢᠷᠳᠤᠯ ᠦᠭᠡᠢ ᠰᠡᠷᠭᠡᠶᠢᠯᠡᠨ ᠬᠤᠷᠢᠠᠠᠯᠠᠬᠤ ᠳᠤ ᠶᠠᠮᠠᠷ ᠪᠤᠳᠠᠳᠠᠢ ᠠᠷᠭ᠎ᠠ ᠵᠠᠮ ᠪᠠᠶᠢᠬᠤ ᠪᠤᠢ︖ | ᠲᠠᠷᠢᠶᠠᠯᠠᠩ ᠤᠨ ᠭᠡᠮ ᠬᠤᠷᠤᠬᠠᠢ ᠪᠤᠯ ᠪᠠᠶᠢᠭᠠᠯᠢ ᠶᠢᠨ ᠠᠮᠢ ᠠᠬᠤᠢ ᠶᠢᠨ ᠨᠢᠬᠡᠨ ᠵᠦᠢᠯ ᠤᠨ ᠪᠦᠷᠢᠯᠳᠤᠬᠦᠨ | ᠬᠡᠰᠡᠭ ᠮᠦᠨ᠂ ᠭᠡᠮ ᠬᠤᠷᠤᠬᠠᠢ ᠶᠢᠨ ᠭᠦᠨᠦᠭᠡᠯ ᠡᠭᠦᠰᠦᠭᠰᠡᠨ ᠦᠶ᠎ᠠ ᠪᠤᠯ ᠲᠡᠭᠦᠨ ᠤ ᠴᠢᠳᠠᠪᠤᠷᠢ ᠨᠢ ᠲᠠᠷᠢᠮᠠᠯ ᠤᠨ | ᠡᠪᠡᠳᠴᠢᠨ ᠢᠶᠠᠨ ᠲᠠᠷᠤᠬᠤ ᠴᠢᠳᠠᠪᠤᠷᠢ ᠠᠴᠠ ᠨᠢ ᠲᠠᠪᠠᠭᠰᠠᠨ ᠢ ᠬᠠᠷᠠᠭᠤᠯᠵᠤ ᠪᠠᠶᠢᠬᠤ ᠪᠦᠭᠡᠳ ᠡᠭᠦᠨ ᠠᠴᠠ ᠪᠤᠯᠤᠭᠠᠳ | ᠤᠷᠴᠢᠨ ᠠᠬᠤᠢ ᠲᠡᠩᠴᠡᠭᠦᠷᠢ ᠪᠠᠨ ᠠᠯᠳᠠᠳᠠᠭ᠃ ᠡᠶᠢᠮᠤ ᠠᠴᠠ ᠪᠤᠭᠢᠷᠳᠤᠯ ᠦᠭᠡᠢ ᠪᠠᠷ ᠰᠡᠷᠭᠡᠶᠢᠯᠡᠨ ᠬᠤᠷᠢᠠᠠᠯᠠᠬᠤ | ᠠᠷᠭ᠎ᠠ ᠭᠡᠮᠵᠢᠶ᠋ᠨᠨ ᠤ ᠨᠢᠭᠡ ᠨᠢ ᠭᠡᠪᠡᠯ ᠲᠠᠷᠤᠢ ᠭᠡᠮ ᠬᠤᠷᠤᠬᠠᠢ ᠭᠢᠭᠡᠳ ᠤᠷᠭᠤᠮᠠᠯ ᠤᠨ ᠬᠤᠭᠤᠷᠤᠨᠳᠤᠭᠢ | ᠲᠡᠩᠴᠡᠭᠦᠷᠢ ᠶᠢ ᠰᠡᠷᠭᠦᠭᠡᠭᠦ ᠶᠠᠪᠤᠳᠠᠯ ᠪᠤᠯᠤᠨ᠎ᠠ᠃ ᠨᠦᠭᠦᠭᠡ ᠨᠢᠭᠡ ᠠᠷᠭ᠎ᠠ ᠭᠡᠮᠵᠢᠶ᠎ᠠ ᠨᠢ ᠭᠡᠪᠡᠯ ᠰᠡᠷᠭᠡᠶᠢᠯᠡᠨ | ᠬᠤᠷᠢᠠᠠᠯᠠᠬᠤ ᠶᠢᠨ ᠲᠤᠰ ᠪᠠᠶ᠎ᠠ ᠨᠢ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠶᠠᠪᠤᠳᠠᠯ ᠪᠤᠯᠤᠨ᠎ᠠ᠃ ᠡᠨᠡ ᠬᠤᠶᠠᠷ | ᠪᠤᠯ ᠬᠠᠷᠢᠯᠴᠠᠨ ᠬᠤᠯᠪᠤᠠᠠᠳᠠᠵᠤ ᠬᠠᠷᠢᠯᠴᠠᠨ ᠨᠦᠭᠦᠴᠡᠯᠳᠦᠵᠤ ᠪᠠᠶᠢᠳᠠᠭ᠃ | 4. ᠭᠡᠮ ᠬᠤᠷᠤᠬᠠᠢ ᠭᠢᠭᠡᠳ ᠲᠠᠷᠢᠮᠠᠯ ᠤᠨ ᠬᠤᠭᠤᠷᠤᠨᠳᠤᠭᠢ ᠲᠡᠩᠴᠡᠭᠦᠷᠢ ᠶᠢ ᠭᠡᠷᠭᠢᠨ ᠪᠠᠳᠤᠯᠠᠬᠤ ᠪᠤᠢ︖ | ᠦᠡᠭᠭᠡᠷᠡᠭᠰᠡᠨ ᠳᠤ ᠤᠯᠠᠩᠭᠢ ᠳᠠᠭᠠᠨ ᠲᠠᠷᠢᠶᠠᠨ ᠡᠮ ᠢ ᠶᠠᠭᠠᠭᠢᠵᠤ ᠭᠡᠷᠡᠭᠯᠡᠭᠦ ᠪᠡ ᠡᠮ ᠤᠨ ᠠᠯᠠᠵᠤ | ᠤᠰᠠᠳᠬᠠᠬᠤ ᠦᠷ᠎ᠡ ᠳ᠋ᠦᠩ ᠢ ᠴᠢᠬᠤᠯᠠᠴᠢᠯᠠᠵᠤ᠂ ᠭᠡᠮ ᠬᠤᠷᠤᠬᠠᠢ ᠡᠭᠦᠰᠪᠡᠯ ᠶᠠᠭᠠᠭᠢᠵᠤ ᠬᠤᠷᠢᠠᠠᠯᠠᠨ ᠵᠤᠠᠠᠰᠤᠭᠠᠬᠤ | ᠠᠷᠭ᠎ᠠ ᠶᠢ ᠰᠤᠳᠤᠯᠳᠠᠭ ᠪᠠᠶᠢᠯ᠎ᠠ᠃ ᠭᠡᠳᠡᠯ᠎ᠡ ᠪᠤᠭᠢᠷᠳᠤᠯ ᠦᠭᠡᠢ ᠪᠠᠷ ᠰᠡᠷᠭᠡᠶᠢᠯᠡᠨ ᠬᠤᠷᠢᠠᠠᠯᠠᠬᠤ ᠠᠷᠭ᠎ᠠ ᠨᠢ ᠭᠡᠮ | ᠬᠤᠷᠤᠬᠠᠢ ᠭᠢᠭᠡᠳ ᠲᠠᠷᠢᠮᠠᠯ ᠤᠨ ᠬᠤᠭᠤᠷᠤᠨᠳᠤᠭᠢ ᠲᠡᠩᠴᠡᠭᠦᠷᠢ ᠶᠢ ᠪᠠᠳᠤᠯᠠᠬᠤ ᠪᠠᠷ ᠲᠠᠮᠵᠢᠭᠤᠯᠤᠨ ᠠᠮᠢ ᠠᠬᠤᠢ ᠶᠢᠨ | ᠤᠷᠴᠢᠨ ᠳᠠᠬᠢ ᠭᠡᠮ ᠬᠤᠷᠤᠬᠠᠢ ᠶᠢᠨ ᠲᠤᠭ᠎ᠠ ᠭᠡᠮᠵᠢᠶ᠎ᠠ ᠶᠢ ᠪᠠᠭᠠᠰᠬᠠᠵᠤ᠂ ᠤᠭ ᠦᠨᠳᠤᠰᠤ ᠠᠴᠠ ᠨᠢ ᠰᠠᠷᠭᠡᠶᠢᠯᠡᠨ | ᠬᠤᠷᠢᠠᠠᠯᠠᠳᠠᠭ᠃ ᠤᠳᠤᠬᠠᠨ ᠢᠶᠠᠷ ᠠᠪᠴᠤ ᠦᠵᠡᠪᠡᠯ ᠭᠡᠮ ᠬᠤᠷᠤᠬᠠᠢ ᠭᠢᠭᠡᠳ ᠲᠠᠷᠢᠮᠠᠯ ᠢ ᠲᠡᠩᠴᠡᠭᠦᠷᠢ ᠲᠠᠢ ᠪᠤᠯᠭᠠᠬᠤ | ᠳᠤ ᠬᠤᠶᠠᠷ ᠵᠠᠩᠭᠢᠯᠠᠭ᠎ᠠ ᠶᠢ ᠠᠳᠬᠤᠬᠤ ᠭᠡᠷᠡᠭᠳᠡᠢ᠃ ᠨᠢᠭᠡ ᠳᠤ᠂ ᠲᠠᠷᠢᠮᠠᠯ ᠤᠨ ᠤᠷᠭᠤᠴᠠ ᠶᠢᠨ ᠤᠷᠴᠢᠨ | ᠲᠤᠭᠤᠷᠢᠨ ᠢ ᠲᠤᠭᠢᠷᠠᠭᠤᠯᠬᠤ ᠭᠡᠷᠡᠭᠳᠡᠢ᠃ ᠬᠤᠶᠠᠷ ᠲᠤ᠂ ᠲᠠᠷᠢᠶᠠᠨ ᠭᠠᠵᠠᠷ ᠢ ᠠᠷᠢᠭᠤᠨ ᠴᠠᠪᠠᠷ ᠪᠠᠶᠢᠯᠭᠠᠬᠤ ᠭᠡᠷᠡᠭᠳᠡᠢ᠃ | | 5. ᠲᠠᠷᠢᠶᠠᠨ ᠭᠠᠵᠠᠷ ᠢ ᠴᠠᠪᠡᠷᠯᠡᠭᠦ ᠲᠠᠯ᠎ᠠ ᠪᠠᠷ ᠶᠠᠮᠠᠷ ᠮᠡᠳᠡᠯᠭᠡ ᠡᠵᠡᠮᠰᠢᠭᠦ ᠴᠢᠬᠤᠯᠠ ᠲᠠᠢ ᠪᠤᠢ︖ | ᠤᠷᠳᠤ ᠬᠤᠭᠤᠴᠠᠭᠠᠨ ᠤ ᠲᠤᠷᠰᠢ ᠭᠡᠮ ᠬᠤᠷᠤᠬᠠᠢ ᠶᠢ ᠰᠡᠷᠭᠡᠶᠢᠯᠡᠨ ᠠᠷᠢᠯᠭᠠᠬᠤ ᠳᠠᠭᠠᠨ ᠲᠠᠷᠢᠶᠠᠯᠠᠩ ᠤᠨ ᠠᠷᠭ᠎ᠠ | ᠭᠡᠮᠵᠢᠶ᠎ᠠ ᠶᠢ ᠲᠤᠷᠠᠳᠴᠤ ᠪᠠᠶᠢᠠᠠᠰᠠᠨ ᠶᠤᠮ᠃ ᠭᠡᠭᠦ ᠳᠡᠭᠡᠨ ᠪᠤᠳᠠᠳᠠᠢ ᠦᠢᠯᠡᠳᠪᠤᠷᠢᠯᠡᠯ ᠤᠨ ᠲᠤᠮᠳᠠ ᠡᠳᠡᠭᠡᠷ ᠠᠷᠭ᠎ᠠ | ᠭᠡᠮᠵᠢᠶ᠎ᠠ ᠨᠢ ᠵᠦᠪᠭᠡᠨ ᠲᠠᠭᠠᠯᠳᠤᠯ ᠲᠡᠳᠦᠢ ᠠᠩᠬᠠᠷᠬᠤ ᠵᠦᠢᠯ ᠯᠡ ᠪᠤᠯᠵᠤ᠂ ᠭᠡᠮ ᠡᠭᠦᠰᠪᠡᠯ ᠲᠠᠷᠢᠶᠠᠴᠢᠳ ᠡᠮ | ᠵᠠᠷᠤᠬᠤ ᠶᠢ ᠯᠡ ᠴᠢᠬᠤᠯᠠᠴᠢᠯᠠᠵᠤ᠂ ᠭᠡᠮ ᠲᠠᠢ ᠪᠤᠯᠪᠠᠯ ᠲᠠᠷᠤᠢ ᠤᠯᠠᠨ ᠵᠦᠢᠯ ᠤᠨ ᠦᠳᠭᠡᠴᠡ ᠨᠢ ᠭᠡᠳᠦᠷᠡᠭᠰᠡᠨ ᠡᠮ ᠢ | ᠭᠡᠷᠡᠭᠯᠡᠭᠦ ᠪᠡ ᠠᠶᠤᠯ ᠦᠬᠡᠢ ᠶᠢᠨ ᠠᠯᠤᠰᠯᠠᠯ ᠬᠤᠭᠤᠴᠠᠭ᠎ᠠ ᠶᠢ ᠦᠯᠤ ᠬᠠᠶᠢᠬᠤᠷᠬᠤ ᠠᠷᠭ᠎ᠠ ᠪᠠᠷ ᠡᠮ ᠢ ᠲᠤᠷ᠎ᠡ | ᠪᠠᠷ ᠢᠶᠠᠨ ᠭᠡᠷᠡᠭᠯᠡᠳᠡᠭ ᠪᠠᠶᠢᠨ᠎ᠠ᠃ ᠡᠭᠦᠨ ᠤ ᠤᠯᠠᠮ ᠠᠴᠠ ᠵᠤᠭᠢᠬᠤ ᠠᠮᠢ ᠠᠬᠤᠢ ᠶᠢᠨ ᠲᠡᠩᠴᠡᠭᠦᠷᠢ ᠶᠢ ᠡᠪᠳᠡᠭᠰᠡᠨ | ᠪᠠᠶᠢᠨ᠎ᠠ᠃ ᠤᠨᠴᠠ ᠵᠠᠷᠢᠮ ᠭᠦᠮᠦᠰ ᠯᠡ ᠭᠡᠮ ᠤᠨ ᠦᠯᠡᠳᠡᠭᠳᠡᠯ ᠲᠠᠢ ᠶᠠᠭᠤᠮ᠎ᠠ ᠶᠢ ᠰᠢᠳᠠᠭᠠᠵᠤ ᠠᠷᠢᠯᠭᠠᠬᠤ | ᠪᠦᠳᠦᠮᠵᠢᠳᠡᠢ ᠰᠡᠷᠭᠡᠶᠢᠯᠡᠯᠳᠡ ᠶᠢᠨ ᠠᠷᠭ᠎ᠠ ᠶᠢ ᠭᠡᠷᠡᠭᠯᠡᠭᠰᠡᠨ ᠪᠠᠶᠢᠳᠠᠭ᠃ ᠭᠡᠮ ᠤᠨ ᠦᠯᠡᠳᠡᠭᠳᠡᠯ ᠲᠠᠢ ᠶᠠᠭᠤᠮ᠎ᠠ ᠶᠢ | ᠲᠤᠷ᠎ᠠ ᠪᠠᠷ ᠢᠶᠠᠨ ᠬᠠᠶᠠᠬᠤ ᠶᠤᠮ ᠪᠤᠯ ᠪᠤᠰᠤᠳ ᠢ ᠬᠤᠤᠷᠯᠠᠬᠤ ᠮᠦᠷᠳᠡᠭᠡᠨ ᠦᠪᠡᠷ ᠢ ᠪᠠᠨ ᠴᠤ ᠬᠤᠤᠷᠯᠠᠬᠤ ᠪᠤᠯᠤᠨ᠎ᠠ᠃ | | ᠭᠡᠷᠡᠭ ᠲᠡᠭᠡᠷ᠎ᠡ ᠪᠠᠨ ᠡᠪᠡᠳᠴᠢᠨ ᠤ ᠪᠠᠺᠲ᠋ᠧᠷᠢ ᠪᠤᠯ ᠤᠯᠠᠨ ᠵᠦᠢᠯ ᠤᠨ ᠠᠷᠭ᠎ᠠ ᠵᠠᠮ ᠢᠶᠠᠷ ᠬᠠᠯᠳᠠᠪᠤᠷᠢᠯᠠᠳᠠᠭ | ᠪᠦᠭᠡᠳ ᠠᠮᠢᠳᠤᠷᠠᠵᠤ ᠲᠦᠯᠵᠢᠭᠦ ᠨᠢ ᠴᠤ ᠤᠯᠠᠨ ᠠᠷᠭ᠎ᠠ ᠭᠡᠯᠪᠡᠷᠢ ᠲᠠᠢ ᠪᠠᠶᠢᠳᠠᠭ᠃ ᠠᠭᠤᠷ ᠠᠮᠢᠰᠬᠤᠯ᠂ ᠰᠠᠯᠭᠢᠨ᠂ | ᠪᠤᠷᠤᠭᠠᠨ ᠢᠶᠠᠷ ᠬᠠᠯᠳᠠᠪᠤᠷᠢᠯᠠᠬᠤ ᠪᠠ ᠦᠷ᠎ᠠ᠂ ᠭᠦᠷᠤᠰᠤ ᠰᠢᠷᠤᠢ᠂ ᠤᠷᠤᠰᠬᠠᠯ ᠤᠰᠤ ᠪᠠ ᠭᠦᠮᠦᠨ ᠤ ᠰᠢᠯᠳᠠᠭᠠᠨ ᠢᠶᠠᠷ | ᠴᠦᠮ ᠬᠠᠯᠳᠠᠪᠤᠷᠢᠯᠠᠳᠠᠭ᠃ ᠭᠦᠨᠦᠭᠡᠯᠳᠤ ᠬᠤᠷᠤᠬᠠᠢ ᠶᠢᠨ ᠬᠠᠯᠳᠠᠪᠤᠷᠢᠯᠠᠯ ᠨᠢ ᠡᠭᠦᠨ ᠲᠠᠢ ᠠᠳᠠᠯᠢ ᠶᠤᠮ᠂ ᠡᠶᠢᠮᠤ ᠠᠴᠠ | ᠭᠡᠮ ᠤᠨ ᠦᠯᠡᠳᠡᠭᠳᠡᠯ ᠲᠠᠢ ᠶᠠᠭᠤᠮ᠎ᠠ ᠶᠢ ᠰᠢᠢᠳᠪᠤᠷᠢᠯᠡᠭᠦ ᠪᠤᠯ ᠪᠤᠭᠢᠷᠳᠤᠯ ᠦᠭᠡᠢ ᠪᠠᠷ ᠰᠡᠷᠭᠡᠶᠢᠯᠡᠨ ᠵᠠᠰᠠᠬᠤ ᠶᠢᠨ | ᠴᠢᠬᠤᠯᠠ ᠠᠷᠭ᠎ᠠ ᠪᠤᠳᠤᠯᠭ᠎ᠠ ᠪᠠ ᠮᠡᠷᠭᠡᠵᠢᠯ ᠤᠨ ᠵᠠᠩᠭᠢᠯᠠᠭ᠎ᠠ ᠪᠤᠯᠤᠨ᠎ᠠ᠃ | 6. ᠪᠤᠭᠢᠷᠳᠤᠯ ᠦᠭᠡᠢ ᠪᠠᠷ ᠰᠡᠷᠭᠡᠶᠢᠯᠡᠨ ᠵᠠᠰᠠᠬᠤ ᠳᠤ ᠶᠠᠮᠠᠷ ᠵᠠᠷᠴᠢᠮ ᠢ ᠪᠠᠷᠢᠮᠳᠠᠯᠠᠪᠠᠯ ᠵᠤᠭᠢᠬᠤ ᠪᠤᠢ︖ | ᠪᠤᠭᠢᠷᠳᠤᠯ ᠦᠭᠡᠢ ᠪᠠᠷ ᠰᠡᠷᠭᠡᠶᠢᠯᠡᠨ ᠬᠤᠷᠢᠠᠠᠯᠠᠬᠤ ᠠᠵᠢᠯ ᠳᠤ ᠰᠡᠷᠭᠡᠶᠢᠯᠡᠨ ᠵᠠᠰᠠᠬᠤ ᠠᠵᠢᠯᠯᠠᠭ᠎ᠠ ᠨᠢ ᠡᠷᠭᠡᠪᠰᠢ | ᠠᠶᠤᠯ ᠦᠬᠡᠢ ᠰᠡᠷᠭᠡᠶᠢᠯᠡᠨ ᠵᠠᠰᠠᠬᠤ ᠵᠠᠷᠴᠢᠮ ᠢ ᠪᠠᠷᠢᠮᠳᠠᠯᠠᠬᠤ ᠶᠢ ᠱᠠᠭᠠᠷᠳᠠᠵᠤ ᠪᠠᠶᠢᠳᠠᠭ᠃ ᠡᠭᠦᠨ ᠳᠤ ᠭᠤᠷᠪᠡᠨ ᠠᠶᠤᠯ | ᠦᠭᠡᠢ ᠶᠢ ᠪᠠᠳᠤᠯᠠᠬᠤ ᠭᠡᠷᠡᠭᠳᠡᠢ᠃ ᠲᠤᠬᠠᠶᠢᠯᠠᠪᠠᠯ᠂ ᠠᠮᠢ ᠠᠬᠤᠢ ᠶᠢᠨ ᠠᠶᠤᠯ ᠦᠬᠡᠢ᠂ ᠲᠠᠷᠢᠮᠠᠯ ᠤᠨ ᠠᠶᠤᠯ ᠦᠬᠡᠢ᠂ | ᠭᠦᠮᠦᠨ ᠤ ᠠᠶᠤᠯ ᠦᠬᠡᠢ ᠶᠢ ᠪᠠᠳᠤᠯᠠᠬᠤ ᠭᠡᠷᠡᠭᠳᠡᠢ᠃ | 7. ᠠᠮᠢ ᠠᠬᠤᠢ ᠶᠢ ᠭᠡᠷᠭᠢᠨ ᠬᠠᠮᠠᠭᠠᠯᠠᠬᠤ ᠪᠤᠢ︖ | ᠡᠩ ᠲᠠᠷᠢᠭᠦᠨ ᠳᠤ ᠰᠡᠷᠭᠡᠶᠢᠯᠡᠯᠳᠡ ᠶᠢᠨ ᠠᠵᠢᠯᠯᠠᠭ᠎ᠠ ᠨᠢ ᠠᠮᠢ ᠠᠬᠤᠢ ᠶᠢ ᠡᠪᠳᠡᠵᠤ ᠪᠤᠯᠬᠤ ᠦᠭᠡᠢ᠂ ᠠᠮᠢ | ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠶᠢ ᠤᠷᠢᠳ ᠢᠶᠠᠷ ᠪᠤᠳᠤᠯᠭᠢᠯᠠᠬᠤ ᠭᠡᠷᠡᠭᠳᠡᠢ᠃ ᠵᠢᠱᠢᠶᠡᠯᠡᠪᠡᠯ ᠬᠤᠷᠤᠬᠠᠢ | ᠲᠠᠷᠤᠬᠤ ᠭᠦᠪᠤᠩ ᠢ ᠲᠠᠷᠢᠬᠤ ᠲᠠᠯ᠎ᠠ ᠪᠠᠷ ᠭᠠᠳᠠᠭᠠᠳᠤ ᠤᠯᠤᠰ ᠠᠳᠠᠯᠢ ᠨᠢᠭᠡᠨ ᠲᠠᠷᠢᠶᠠᠨ ᠭᠠᠵᠠᠷ ᠲᠤ ᠬᠤᠷᠤᠬᠠᠢ | ᠲᠠᠷᠤᠬᠤ ᠪᠠ ᠬᠤᠷᠤᠬᠠᠢ ᠦᠯᠤ ᠲᠠᠷᠤᠬᠤ ᠭᠦᠪᠤᠩ ᠲᠠᠷᠢᠬᠤ ᠶᠢ ᠱᠠᠭᠠᠷᠳᠠᠵᠤ᠂ ᠡᠭᠦᠨ ᠤ ᠬᠠᠷᠢᠴᠠᠯ ᠢ 1᠄ 3 | ᠭᠦᠷᠭᠡᠳᠡᠭ᠃ ᠭᠡᠳᠡᠯ᠎ᠠ ᠮᠠᠨ ᠤ ᠤᠯᠤᠰ ᠪᠤᠯ ᠭᠦᠪᠤᠩ ᠤᠨ ᠡᠷᠪᠡᠭᠡᠢ ᠶᠢᠨ ᠬᠤᠯᠢᠮᠠᠭ ᠢᠳᠡᠰᠢᠳᠡᠨ ᠢ ᠠᠰᠢᠠᠠᠯᠠᠵᠤ᠂ | ᠢᠳᠡᠰᠢᠨ ᠨᠤᠭᠤᠭ᠎ᠠ᠂ ᠰᠠᠮᠤᠷ ᠪᠤᠷᠴᠠᠭ᠂ ᠰᠢᠰᠢ ᠵᠡᠷᠭᠡ ᠠᠮᠳᠠᠳᠤ ᠲᠠᠷᠢᠮᠠᠯ ᠢᠶᠠᠷ ᠬᠤᠷᠤᠬᠠᠢ ᠲᠠᠷᠤᠬᠤ ᠪᠤᠰᠤ ᠭᠦᠪᠤᠩ ᠢ | ᠤᠷᠤᠯᠠᠭᠤᠯᠤᠨ ᠲᠠᠷᠢᠳᠠᠭ᠃ ᠡᠨᠡ ᠨᠢ ᠭᠦᠪᠤᠩ ᠤᠨ ᠡᠷᠪᠡᠭᠡᠢ ᠳᠤ ᠬᠠᠮᠠᠭᠠᠯᠠᠯᠳᠠ ᠶᠢᠨ ᠭᠠᠵᠠᠷ ᠤᠯᠭᠤᠵᠤ ᠦᠭᠭᠦ ᠶᠢᠨ | ᠲᠦᠯᠦᠭᠡ ᠶᠤᠮ᠃ ᠡᠨᠡ ᠬᠦ ᠦᠯᠢᠭᠡᠷ ᠭᠡᠪ ᠢᠶᠠᠷ ᠪᠤᠯ ᠠᠳᠠᠯᠢ ᠨᠢᠭᠡᠨ ᠭᠠᠵᠠᠷ ᠲᠠᠬᠢ ᠡᠯ᠎ᠡ ᠲᠠᠷᠢᠮᠠᠯ ᠤᠨ ᠲᠠᠯᠠᠪᠠᠢ ᠶᠢᠨ | ᠬᠠᠷᠢᠴᠠᠯ ᠨᠢ ᠭᠡᠪᠡᠯ᠂ ᠲᠦᠷᠪᠡᠨ ᠤ ᠨᠢᠭᠡ ᠳᠤᠨᠢ ᠬᠤᠷᠤᠬᠠᠢ ᠲᠠᠷᠤᠬᠤ ᠭᠦᠪᠤᠩ ᠲᠠᠷᠢᠵᠤ᠂ ᠦᠯᠡᠳᠡᠭᠰᠡᠨ ᠲᠦᠷᠪᠡᠨ ᠤ | ᠭᠤᠷᠪᠡ ᠳᠤᠨᠢ ᠮᠦᠯᠵᠢᠭᠦᠷ ᠲᠠᠷᠢᠶ᠎ᠠ ᠶᠢ ᠲᠠᠷᠢᠨ᠎ᠠ᠃ ᠢᠡᠭᠭᠢᠪᠡᠯ ᠬᠤᠷᠤᠬᠠᠢ ᠶᠢ ᠲᠠᠷᠤᠬᠤ ᠭᠦᠪᠤᠩ ᠤᠨ ᠲᠠᠷᠢᠶᠠᠨ ᠤ | ᠡᠷᠪᠡᠭᠡᠢ ᠨᠢ ᠵᠤᠭᠢᠬᠤ ᠡᠰᠡᠷᠭᠦᠴᠡᠯ ᠤᠨ ᠴᠢᠳᠠᠯ ᠲᠠᠢ ᠪᠤᠯᠵᠤ ᠴᠢᠳᠠᠬᠤ ᠪᠦᠭᠡᠳ ᠪᠤᠰᠤᠳ ᠲᠠᠷᠢᠶ᠋ᠨᠨ ᠤ ᠨᠡᠩ ᠤᠯᠠᠨ | ᠭᠦᠪᠤᠩ ᠤᠨ ᠡᠷᠪᠡᠭᠡᠢ ᠨᠢ ᠴᠤ ᠰᠢᠩᠭᠡᠷᠡᠭᠦ ᠪᠠ ᠲᠡᠭᠦᠨ ᠲᠠᠢ ᠡᠷᠯᠢᠰᠡᠵᠢᠭᠡᠳ᠂ ᠡᠭᠦᠨ ᠤ ᠤᠯᠠᠮ ᠢᠶᠠᠷ ᠡᠰᠡᠷᠭᠦ ᠴᠢᠨᠠᠷ ᠢ | ᠤᠳᠠᠭᠠᠰᠢᠷᠠᠭᠤᠯᠬᠤ ᠪᠠ ᠪᠠᠭᠤᠷᠠᠭᠤᠯᠵᠤ᠂ ᠠᠮᠢ ᠠᠬᠤᠢ ᠶᠢ ᠲᠡᠩᠴᠡᠭᠦᠷᠢ ᠲᠠᠢ ᠪᠤᠯᠭᠠᠵᠤ ᠴᠢᠳᠠᠨ᠎ᠠ᠃ ᠲᠠᠷᠠᠭ᠎ᠠ ᠳᠤᠨᠢ | ᠭᠢᠮᠢ ᠶᠢᠨ ᠡᠮ ᠢ ᠭᠡᠷᠡᠭᠯᠡᠭᠦ ᠳᠡᠭᠡᠨ ᠲᠤᠠᠠᠳᠠᠭᠠᠯ ᠶᠤᠰᠤᠭᠠᠷ ᠡᠷᠭᠡᠪᠰᠢ ᠴᠢᠳᠠᠯ ᠰᠠᠶᠢᠳᠠᠢ᠂ ᠬᠤᠤᠷ ᠪᠠᠭ᠎ᠠ᠂ ᠦᠯᠡᠳᠡᠭᠳᠡᠯ | ᠪᠠᠭ᠎ᠠ ᠪᠠᠶᠢᠳᠠᠭ ᠡᠮ ᠢ ᠭᠡᠷᠡᠭᠯᠡᠭᠦ ᠭᠡᠷᠡᠭᠳᠡᠢ᠃ | ᠡᠭᠦᠨ ᠠᠴᠠ ᠭᠠᠳᠠᠨ᠎ᠠ ᠭᠢᠮᠢ ᠶᠢᠨ ᠡᠮ ᠭᠡᠷᠡᠭᠯᠡᠭᠦ ᠳᠡᠭᠡᠨ ᠭᠡᠮ ᠬᠤᠷᠤᠬᠠᠢ ᠶᠢᠨ ᠲᠦᠷᠦᠯᠭᠢ ᠲᠠᠶᠢᠰᠤᠨ ᠳᠤᠨᠢ | ᠠᠶᠤᠯ ᠦᠬᠡᠢ ᠪᠠᠶᠢᠯᠭᠠᠬᠤ ᠶᠢ ᠠᠩᠬᠠᠷᠬᠤ ᠭᠡᠷᠡᠭᠳᠡᠢ᠃ ᠤᠳᠤᠬᠠᠨ ᠳᠤ ᠲᠠᠷᠢᠶᠠᠨ ᠡᠮ ᠤᠨ ᠤᠯᠠᠩᠭᠢ ᠨᠢ ᠬᠠᠨᠳᠤᠯᠭᠠᠳᠤ | ᠴᠢᠨᠠᠷ ᠢᠶᠠᠷ ᠮᠠᠰᠢ ᠴᠢᠩᠭ᠎ᠠ ᠪᠠᠶᠢᠳᠠᠭ ᠪᠤᠯᠪᠠᠴᠤ ᠬᠠᠷᠢᠨ ᠭᠡᠮ ᠬᠤᠷᠤᠬᠠᠢ ᠶᠢᠨ ᠲᠦᠷᠦᠯᠭᠢ ᠲᠠᠶᠢᠰᠤᠨ ᠨᠢ ᠪᠤᠯᠬᠤ | ᠮᠦᠯᠵᠢᠭᠦᠷ ᠬᠤᠷᠤᠬᠠᠢ ᠪᠠ ᠠᠭᠠᠯᠵᠢ ᠵᠡᠷᠭᠡ ᠶᠢ ᠠᠯᠬᠠᠰᠠᠨ ᠦᠭᠡᠢ ᠪᠠᠶᠢᠵᠤ᠂ ᠡᠳᠡᠭᠡᠷ ᠲᠦᠷᠦᠯᠭᠢ ᠲᠠᠶᠢᠰᠤᠨ ᠨᠢ | ᠭᠦᠨᠦᠭᠡᠯᠳᠤ ᠬᠤᠷᠤᠬᠠᠢ ᠶᠢ ᠬᠤᠷᠢᠠᠠᠯᠠᠭᠠᠳ᠂ ᠰᠠᠶᠢᠨ ᠰᠠᠶᠢᠬᠠᠨ ᠤᠷᠴᠢᠯ ᠲᠠᠢ ᠪᠤᠯᠭᠠᠵᠤ ᠪᠠᠶᠢᠨ᠎ᠠ᠃ | 8. ᠲᠠᠷᠢᠮᠡᠯ ᠤᠨ ᠠᠶᠤᠯ ᠦᠬᠡᠢ ᠶᠢᠨ ᠲᠠᠯ᠎ᠠ ᠪᠠᠷ ᠶᠠᠭᠤ ᠶᠢ ᠠᠩᠬᠠᠷᠬᠤ ᠴᠢᠬᠤᠯᠠ ᠲᠠᠢ ᠪᠤᠢ︖ | ᠡᠭᠦᠨ ᠳᠤ ᠬᠤᠶᠠᠷ ᠲᠠᠯ᠎ᠠ ᠪᠠᠭᠳᠠᠨ᠎ᠠ᠃ ᠨᠢᠭᠡ ᠳᠤ ᠦᠢᠯᠡᠳᠪᠤᠷᠢᠯᠡᠯ ᠠᠶᠤᠯ ᠦᠬᠡᠢ ᠪᠠᠶᠢᠬᠤ᠂ ᠬᠤᠶᠠᠷ ᠲᠤ | ᠶᠠᠰᠤ ᠴᠢᠨᠠᠷ ᠠᠶᠤᠯ ᠦᠬᠡᠢ ᠪᠠᠶᠢᠬᠤ ᠶᠠᠪᠤᠳᠠᠯ ᠪᠤᠯᠤᠨ᠎ᠠ᠃ ᠭᠡᠮ ᠬᠤᠷᠤᠬᠠᠢ ᠶᠢ ᠰᠡᠷᠭᠡᠶᠢᠯᠡᠭᠦ ᠶᠢᠨ ᠵᠤᠷᠢᠯᠭ᠎ᠠ ᠪᠤᠯ | ᠲᠠᠷᠢᠮᠠᠯ ᠤᠨ ᠭᠡᠪ ᠤᠨ ᠪᠡ ᠡᠷᠡᠭᠦᠯ ᠢᠶᠠᠷ ᠤᠷᠭᠤᠬᠤ ᠶᠢ ᠬᠠᠮᠠᠭᠠᠯᠠᠬᠤ ᠶᠠᠪᠤᠳᠠᠯ ᠪᠤᠯᠤᠨ᠎ᠠ᠃ ᠭᠡᠷᠪᠡ ᠰᠡᠷᠭᠡᠶᠢᠯᠡᠨ ᠵᠠᠰᠠᠬᠤ | ᠳᠠᠭᠠᠨ ᠭᠡᠮ ᠬᠤᠷᠤᠬᠠᠢ ᠶᠢ ᠤᠰᠠᠳᠬᠠᠬᠤ ᠮᠦᠷᠳᠡᠭᠡᠨ ᠲᠠᠷᠢᠮᠠᠯ ᠢᠶᠠᠨ ᠴᠤ ᠭᠦᠨᠦᠭᠡᠴᠢᠭᠡᠭᠦ ᠶᠤᠮ ᠪᠤᠯ ᠡᠭᠦᠨ ᠢ ᠠᠶᠤᠯ | ᠦᠬᠡᠢ ᠶᠢᠨ ᠰᠡᠷᠭᠡᠶᠢᠯᠡᠯᠳᠡ ᠭᠡᠵᠤ ᠭᠡᠯᠡᠵᠤ ᠪᠤᠯᠬᠤ ᠦᠭᠡᠢ᠃ ᠦᠢᠯᠡᠳᠪᠤᠷᠢᠯᠡᠯ ᠤᠨ ᠲᠤᠮᠳᠠ ᠲᠠᠷᠢᠶᠠᠨ ᠡᠮ ᠢ ᠶᠡᠭᠡ | ᠭᠡᠮᠵᠢᠶ᠎ᠠ ᠪᠠᠷ ᠦᠷᠭᠦᠯᠵᠢᠯᠡᠨ ᠭᠡᠷᠡᠭᠯᠡᠭᠰᠡᠨ ᠠᠴᠠ ᠪᠤᠯᠤᠭᠠᠳ ᠲᠠᠷᠢᠮᠠᠯ ᠢᠶᠠᠨ ᠭᠦᠨᠦᠭᠡᠴᠢᠭᠡᠭᠦ ᠶᠠᠪᠤᠳᠠᠯ ᠦᠷᠭᠦᠯᠵᠢ | ᠭᠠᠷᠴᠤ ᠪᠤᠢ᠃ ᠡᠭᠦᠨ ᠢ ᠡᠷᠭᠡᠪᠰᠢ ᠠᠩᠬᠠᠷᠬᠤ ᠭᠡᠷᠡᠭᠳᠡᠢ᠃ | ᠤᠶᠢᠷ᠎ᠠ ᠶᠢᠨ ᠵᠢᠯ ᠤᠳ ᠲᠤ ᠲᠠᠷᠢᠮᠠᠯ ᠤᠨ ᠶᠠᠰᠤ ᠴᠢᠨᠠᠷ ᠤᠨ ᠠᠰᠠᠭᠤᠳᠠᠯ ᠢ ᠤᠯᠠᠮ ᠭᠦᠨᠳᠦᠳᠭᠡᠨ ᠦᠵᠡᠵᠤ᠂ | ᠲᠠᠷᠢᠶᠠᠯᠠᠩ ᠤᠨ ᠪᠦᠳᠦᠭᠡᠭᠳᠡᠭᠦᠨ ᠤ ᠲᠤᠭ᠎ᠠ ᠭᠡᠮᠵᠢᠶ᠎ᠠ ᠶᠢ ᠭᠦᠭᠡᠭᠡᠴᠡᠯᠳᠦᠭᠦ ᠪᠢᠰᠢ ᠪᠠᠰᠠ ᠦᠨᠤᠷ ᠠᠮᠳᠠ᠂ ᠰᠢᠮ᠎ᠠ | ᠲᠡᠵᠢᠭᠡᠯ᠂ ᠬᠠᠯᠢᠰᠤ ᠭᠠᠳᠠᠷ ᠰᠠᠶᠢᠬᠠᠨ ᠪᠠᠶᠢᠬᠤ ᠶᠢ ᠱᠠᠭᠠᠷᠳᠠᠵᠤ ᠪᠠᠶᠢᠨ᠎ᠠ᠃ ᠡᠨᠡ ᠭᠡᠮᠵᠢᠶᠠᠨ ᠳᠤ ᠭᠦᠷᠦᠭᠦᠯᠭᠦ ᠳᠤ | ᠪᠤᠷᠳᠤᠭᠤᠷ᠂ ᠤᠰᠤ᠂ ᠭᠡᠷᠡᠯ᠂ ᠲᠤᠯᠠᠭᠠᠨ ᠢ ᠲᠤᠭᠢᠷᠠᠭᠤᠯᠬᠤ ᠠᠴᠠ ᠭᠠᠳᠠᠨ᠎ᠠ ᠪᠠᠰᠠ ᠭᠡᠮ ᠬᠤᠷᠤᠬᠠᠢ ᠶᠢ ᠰᠢᠨᠵᠢᠯᠡᠭᠦ | ᠤᠬᠠᠭᠠᠠᠴᠢ ᠪᠠᠷ ᠰᠡᠷᠭᠡᠶᠢᠯᠡᠭᠦ ᠨᠢ ᠮᠦᠨ ᠭᠦ ᠴᠢᠬᠤᠯᠠ ᠲᠠᠯ᠎ᠠ ᠪᠤᠯᠤᠨ᠎ᠠ᠃ | 9. ᠭᠡᠮ ᠬᠤᠷᠤᠬᠠᠢ ᠶᠢ ᠪᠤᠭᠢᠷᠳᠤᠯ ᠦᠭᠡᠢ ᠪᠠᠷ ᠰᠡᠷᠭᠡᠶᠢᠯᠡᠨ ᠬᠤᠷᠢᠠᠠᠯᠠᠬᠤ ᠳᠤ ᠭᠦᠮᠦᠨ ᠤ ᠠᠮᠤᠷ | ᠲᠦᠪᠰᠢᠨ ᠢ ᠭᠡᠷᠭᠢᠨ ᠪᠠᠳᠤᠯᠠᠬᠤ ᠪᠤᠢ︖ | ᠦᠢᠯᠡᠳᠪᠤᠷᠢᠯᠡᠯ ᠤᠨ ᠲᠤᠮᠳᠠ ᠭᠦᠮᠦᠨ ᠤ ᠪᠡᠶ᠎ᠠ ᠮᠠᠬᠠᠪᠤᠳ ᠢ ᠬᠤᠤᠷᠳᠠᠭᠤᠯᠬᠤ ᠭᠡᠷᠡᠭ ᠦᠷᠭᠦᠯᠵᠢ ᠭᠠᠷᠴᠤ᠂ | ᠭᠤᠤᠯ ᠨᠢ ᠦᠢᠯᠡᠳᠪᠤᠷᠢᠯᠡᠭᠴᠢᠳ ᠲᠠᠷᠢᠶᠠᠨ ᠲᠤᠮᠳᠠ ᠪᠠᠨ ᠲᠠᠷᠢᠶᠠᠨ ᠡᠮ ᠳᠤ ᠬᠤᠤᠷᠳ᠋ᠬᠠᠳᠠᠬᠰᠠᠨ ᠪᠠᠶᠢᠳᠠᠭ᠃ | ᠤᠳᠤᠬᠠᠨ ᠳᠤ ᠰᠢᠷᠦᠭᠦᠨ ᠬᠤᠤᠷ᠂ ᠶᠡᠭᠡ ᠬᠤᠤᠷ ᠲᠠᠢ ᠲᠠᠷᠢᠶᠠᠨ ᠡᠮ ᠭᠡᠷᠡᠭᠯᠡᠭᠦ ᠶᠢ ᠴᠠᠭᠠᠵᠠᠯᠠᠵᠠᠢ᠃ ᠭᠡᠪᠡᠴᠤ ᠲᠤᠮᠳᠠ | ᠲᠠᠰ ᠤᠨ᠂ ᠲᠤᠤᠷ᠎ᠡ ᠲᠠᠰ ᠤᠨ ᠬᠤᠤᠷ ᠲᠠᠢ ᠲᠠᠷᠢᠶᠠᠨ ᠡᠮ ᠤᠨ ᠬᠤᠤᠷ ᠨᠢ ᠪᠠᠭ᠎ᠠ ᠪᠤᠯᠪᠠᠴᠤ ᠠᠷᠪᠢᠨ ᠤᠶᠢᠷᠠᠳᠤᠪᠠᠯ | ᠮᠦᠨ ᠭᠦ ᠬᠤᠤᠷᠳ᠋ᠬᠠᠳᠠᠬᠤ ᠪᠦᠭᠡᠳ ᠲᠦᠷᠭᠡᠨ ᠠᠪᠤᠷᠠᠬᠤ ᠦᠭᠡᠢ ᠪᠤᠯ ᠦᠭᠦᠵᠤ ᠴᠤ ᠮᠡᠳᠡᠨ᠎ᠡ᠃ ᠡᠶᠢᠮᠤ ᠠᠴᠠ | ᠲᠠᠷᠢᠶᠠᠨ ᠡᠮ ᠢ ᠭᠡᠷᠡᠭᠯᠡᠭᠦ ᠳᠡᠭᠡᠨ ᠲᠦᠷᠢᠮ ᠲᠤᠠᠠᠳᠠᠭᠠᠯ ᠢ ᠴᠢᠩᠭ᠎ᠠ ᠵᠢᠷᠤᠮᠯᠠᠵᠤ᠂ ᠲᠤᠤᠷᠠᠭᠢ ᠭᠡᠳᠦᠨ ᠲᠠᠯ᠎ᠠ ᠪᠠᠷ | ᠠᠩᠬᠠᠷᠬᠤ ᠭᠡᠷᠡᠭᠳᠡᠢ᠃ | ᠨᠢᠭᠡ ᠳᠤ᠂ ᠡᠮ ᠨᠠᠶᠢᠷᠠᠭᠤᠯᠬᠤ ᠦᠶᠡᠰ ᠡᠮ ᠨᠠᠶᠢᠷᠠᠭᠤᠯᠤᠠᠠᠴᠢ ᠨᠢ ᠡᠷᠭᠡᠪᠰᠢ ᠭᠤᠮ ᠪᠡᠭᠡᠯᠡᠢ ᠵᠡᠭᠦᠵᠤ᠂ | ᠲᠤᠠᠠᠳᠠᠭᠠᠠᠠᠰᠠᠨ ᠭᠡᠮᠵᠢᠶ᠎ᠠ ᠶᠤᠰᠤ ᠪᠠᠷ ᠡᠮ ᠤᠨ ᠰᠢᠩᠭᠡᠨ ᠪᠤᠯᠤᠨ ᠨᠤᠨᠳᠠᠭ ᠡᠮ ᠢ ᠭᠡᠮᠵᠢᠵᠤ ᠵᠢᠩᠨᠡᠵᠤ ᠠᠪᠬᠤ ᠭᠡᠷᠡᠭᠳᠡᠢ | ᠃ ᠭᠡᠷᠡᠭᠯᠡᠭᠦ ᠭᠡᠮᠵᠢᠶ᠎ᠠ ᠶᠢ ᠲᠤᠷ᠎ᠡ ᠪᠠᠷ ᠢᠶᠠᠨ ᠨᠡᠮᠡᠵᠤ ᠪᠤᠯᠬᠤ ᠦᠭᠡᠢ᠃ ᠭᠠᠷ ᠢᠶᠠᠷ ᠢᠶᠠᠨ ᠬᠤᠯᠢᠵᠤ ᠨᠡᠩ ᠴᠤ ᠪᠤᠯᠬᠤ | ᠦᠭᠡᠢ᠃ | ᠬᠤᠶᠠᠷ ᠲᠤ᠂ ᠦᠷ᠎ᠠ ᠳᠤ ᠡᠮ ᠬᠤᠯᠢᠬᠤ ᠳᠠᠭᠠᠨ ᠲᠤᠰᠬᠠᠢ ᠪᠠᠭᠠᠵᠢ ᠪᠠᠷ ᠬᠤᠯᠢᠵᠤ ᠬᠤᠳᠬᠤᠵᠤ᠂ ᠠᠯᠢ | ᠴᠢᠳᠠᠬᠤ ᠪᠠᠷ ᠮᠠᠰᠢᠨ ᠢᠶᠠᠷ ᠲᠠᠷᠢᠬᠤ ᠭᠡᠷᠡᠭᠳᠡᠢ᠃ ᠭᠡᠷᠪᠡ ᠭᠠᠷ ᠢᠶᠠᠷ ᠲᠠᠷᠢᠬᠤ ᠪᠤᠶᠤ ᠰᠠᠭᠤᠯᠭᠠᠬᠤ ᠴᠢᠬᠤᠯᠠ ᠲᠠᠢ ᠪᠤᠯ | ᠬᠠᠮᠠᠭᠠᠯᠠᠯᠳᠠ ᠶᠢᠨ ᠪᠡᠭᠡᠯᠡᠢ ᠵᠡᠭᠦᠭᠦ ᠭᠡᠷᠡᠭᠳᠡᠢ᠃ ᠦᠯᠡᠳᠡᠭᠰᠡᠨ ᠬᠤᠤᠷ ᠲᠠᠢ ᠦᠷ᠎ᠠ ᠶᠢ ᠰᠢᠳᠠᠭᠠᠬᠤ ᠭᠡᠷᠡᠭᠳᠡᠢ᠂ ᠲᠠᠵᠢᠭᠡᠯ | ᠪᠤᠷᠳᠤᠭ᠎ᠠ ᠪᠤᠯᠭᠠᠵᠤ ᠪᠤᠯᠬᠤ ᠦᠭᠡᠢ᠃ | ᠭᠤᠷᠪᠡ ᠳᠤ᠂ ᠡᠮ ᠨᠠᠶᠢᠷᠠᠭᠤᠯᠬᠤ ᠪᠠ ᠦᠷ᠎ᠠ ᠳᠤ ᠡᠮ ᠬᠤᠯᠢᠬᠤ ᠳᠠᠭᠠᠨ ᠤᠤᠭᠤᠬᠤ ᠤᠰᠤᠨ ᠤ | ᠰᠤᠷᠪᠤᠯᠵᠢ ᠪᠤᠯᠤᠨ ᠰᠠᠭᠤᠭᠠᠯᠢ ᠠᠷᠠᠳ ᠤᠨ ᠤᠷᠤᠨ ᠰᠠᠭᠤᠴᠠ ᠠᠴᠠ ᠵᠠᠶᠢᠳᠠᠭᠤ ᠭᠠᠵᠠᠷ ᠢ ᠰᠤᠩᠭᠤᠵᠤ᠂ ᠲᠤᠰᠬᠠᠢ | ᠭᠦᠮᠦᠨ ᠢᠶᠠᠷ ᠬᠠᠷᠠᠭᠤᠯᠵᠤ ᠬᠠᠮᠢᠶᠠᠷᠤᠭᠤᠯᠬᠤ ᠭᠡᠷᠡᠭᠳᠡᠢ᠃ ᠲᠠᠷᠢᠶᠠᠨ ᠡᠮ᠂ ᠬᠤᠤᠷ ᠲᠠᠢ ᠦᠷ᠎ᠡ ᠶᠢ ᠲᠤᠷ᠎ᠡ ᠪᠠᠷ ᠢᠶᠠᠨ | ᠬᠠᠶᠠᠵᠤ ᠤᠷᠭᠢᠵᠤ ᠤᠠᠠᠳᠤ ᠪᠤᠯᠬᠤ ᠦᠭᠡᠢ᠃ | ᠲᠦᠷᠪᠡ ᠳᠤ᠂ ᠭᠠᠷ ᠭᠦᠳᠡᠯᠭᠡᠭᠦᠷᠳᠤ ᠰᠦᠷᠴᠢᠭᠦ ᠮᠠᠰᠢᠨ ᠢ ᠭᠡᠷᠡᠭᠯᠡᠭᠦ ᠳᠡᠭᠡᠨ ᠮᠦᠷ ᠠᠯᠤᠰᠯᠠᠨ ᠰᠦᠷᠴᠢᠭᠦ | ᠭᠡᠷᠡᠭᠳᠡᠢ᠂ ᠭᠠᠷ ᠭᠦᠳᠡᠯᠭᠡᠭᠦᠷᠳᠤ ᠪᠠ ᠮᠠᠰᠢᠨ ᠭᠦᠳᠡᠯᠭᠡᠭᠦᠷᠳᠤ ᠮᠠᠰᠢᠨ ᠢᠶᠠᠷ ᠡᠮ ᠰᠦᠷᠴᠢᠭᠦ ᠳᠡᠭᠡᠨ ᠵᠡᠭᠦᠨ ᠪᠠᠷᠠᠭᠤᠨ | ᠬᠤᠶᠠᠷ ᠲᠠᠯ᠎ᠠ ᠪᠠᠷ ᠢᠶᠠᠨ ᠴᠤᠭ ᠰᠦᠷᠴᠢᠵᠤ ᠪᠤᠯᠬᠤ ᠦᠭᠡᠢ᠃ ᠶᠡᠭᠡ ᠰᠠᠯᠭᠢ ᠲᠠᠢ ᠪᠤᠶᠤ ᠠᠭᠠᠭᠢᠮ᠎ᠠ ᠬᠠᠯᠠᠭᠤᠨ | ᠦᠳᠡ ᠶᠢᠨ ᠨᠠᠷᠠᠨ ᠳᠤ ᠡᠮ ᠰᠦᠷᠴᠢᠵᠤ ᠪᠤᠯᠬᠤ ᠦᠭᠡᠢ᠃ ᠡᠮ ᠤᠨ ᠰᠠᠭᠤᠯᠠᠭᠠᠨ ᠳᠤ ᠰᠢᠩᠭᠡᠨ ᠡᠮ ᠢ ᠪᠢᠯᠬᠠᠳᠠᠯ᠎ᠠ | ᠲᠦᠭᠦᠷᠭᠡᠵᠤ ᠪᠤᠯᠬᠤ ᠦᠭᠡᠢ᠃ | ᠲᠠᠪᠤ ᠳᠤ᠂ ᠰᠦᠷᠴᠢᠭᠦᠷ ᠮᠠᠰᠢᠨ ᠢ ᠭᠡᠷᠡᠭᠯᠡᠭᠦ ᠠᠴᠠ ᠪᠠᠨ ᠡᠮᠦᠨ᠎ᠠ ᠵᠠᠯᠭᠠᠭᠠᠰᠤ᠂ ᠴᠤᠷᠭᠤ ᠵᠡᠷᠭᠡ ᠡᠷᠭᠢ ᠱᠤᠷᠠᠭ | ᠨᠢ ᠴᠢᠩᠭ᠎ᠠ ᠪᠠᠶᠢᠬᠤ ᠡᠰᠡᠭᠦ᠂ ᠡᠮ ᠤᠨ ᠰᠠᠭᠤᠯᠠᠭ᠎ᠠ ᠴᠠᠪᠠ ᠰᠠᠪ ᠲᠠᠢ ᠪᠠᠶᠢᠬᠤ ᠡᠰᠡᠭᠦ ᠶᠢ ᠨᠠᠷᠢᠨ ᠪᠠᠶᠢᠴᠠᠭᠠᠬᠤ ᠭᠡᠷᠡᠭᠳᠡᠢ | ᠃ ᠡᠮ ᠰᠦᠷᠴᠢᠵᠤ ᠪᠠᠶᠢᠭᠠᠳ ᠭᠡᠨᠡᠳᠳᠡ ᠲᠦᠭᠵᠢᠷᠡᠪᠡᠯ᠂ ᠤᠰᠤ ᠪᠠᠷ ᠰᠦᠷᠴᠢᠵᠤ ᠪᠠᠶᠢᠭᠠᠳ ᠰᠠᠭᠠᠳ ᠢ ᠨᠢ | ᠠᠷᠢᠯᠭᠠᠬᠤ ᠭᠡᠷᠡᠭᠳᠡᠢ᠃ ᠴᠤᠷᠭᠤ᠂ ᠱᠦᠭᠦᠯᠳᠡ ᠶᠢ ᠨᠢ ᠦᠯᠢᠶᠡᠭᠦ ᠪᠤᠶᠤ ᠰᠤᠷᠤᠵᠤ ᠤᠠᠠᠳᠤ ᠪᠤᠯᠬᠤ ᠦᠭᠡᠢ᠃ | ᠵᠢᠷᠭᠤᠭ᠎ᠠ ᠳᠤ ᠬᠤᠤᠷ ᠶᠡᠭᠡᠳᠡᠢ ᠲᠠᠷᠢᠶᠠᠨ ᠡᠮ ᠭᠡᠷᠡᠭᠯᠡᠭᠰᠡᠨ ᠭᠠᠵᠠᠷ ᠲᠤ ᠲᠡᠮᠳᠡᠭ ᠫᠠᠶᠢᠰᠠ ᠪᠤᠰᠬᠠᠵᠤ᠂ | ᠵᠤᠭᠢᠬᠤ ᠬᠤᠭᠤᠴᠠᠭᠠᠨ ᠲᠤᠳᠤᠷ᠎ᠠ ᠮᠠᠯ ᠬᠠᠷᠢᠭᠤᠯᠵᠤ᠂ ᠡᠪᠡᠰᠤ ᠬᠠᠳᠤᠬᠤ᠂ ᠵᠡᠷᠯᠢᠭ ᠤᠭᠤᠭᠠ ᠮᠠᠯᠳᠠᠬᠤ ᠶᠢ ᠡᠷᠡᠰ | ᠴᠠᠭᠠᠵᠠᠯᠠᠬᠤ ᠭᠡᠷᠡᠭᠳᠡᠢ᠃ ᠰᠠᠷ᠎ᠠ ᠶᠢᠨ ᠭᠭᠢᠷ ᠤᠨ ᠬᠤᠭᠤᠴᠠᠭᠠᠨ ᠳᠠᠬᠢ ᠡᠮᠡᠭᠳᠡᠶᠢᠴᠤᠳ ᠪᠠ ᠪᠡᠶ᠎ᠠ ᠮᠠᠭᠤᠳᠠᠢ ᠭᠦᠮᠦᠰ | ᠲᠠᠷᠢᠶᠠᠨ ᠡᠮ ᠰᠦᠷᠴᠢᠭᠦ ᠠᠵᠢᠯ ᠳᠤ ᠤᠷᠤᠯᠴᠠᠵᠤ ᠪᠤᠯᠬᠤ ᠦᠭᠡᠢ᠃ | 10. ᠭᠦᠮᠦᠰ ᠲᠤ ᠤᠴᠠᠷᠠᠬᠤ ᠲᠠᠮ ᠭᠦᠨᠦᠭᠡᠯ ᠢ ᠭᠡᠷᠭᠢᠨ ᠤᠷᠢᠳᠴᠢᠯᠠᠨ ᠰᠡᠷᠭᠡᠶᠢᠯᠡᠭᠦ ᠪᠤᠢ︖ | ᠭᠦᠮᠦᠰ ᠤᠨ ᠡᠷᠡᠭᠦᠯ ᠴᠢᠭᠢᠷᠠᠭ ᠢ ᠲᠠᠮ ᠭᠦᠨᠦᠭᠡᠳᠡᠭ ᠨᠢ ᠲᠠᠷᠢᠶᠠᠨ ᠡᠮ ᠤᠨ ᠪᠤᠭᠢᠷᠳᠤᠯ ᠪᠤᠯᠤᠨ᠎ᠠ᠃ ᠨᠢᠭᠡ ᠵᠦᠢᠯ ᠨᠢ | ᠲᠦᠭᠦᠭᠡᠢ ᠪᠠᠷ ᠢᠳᠡᠭᠦ ᠲᠠᠷᠢᠶᠠᠯᠠᠩ ᠤᠨ ᠪᠦᠳᠦᠭᠡᠭᠳᠡᠭᠦᠨ ᠪᠤᠯᠤᠨ᠎ᠠ᠃ ᠡᠮ ᠰᠦᠷᠴᠢᠭᠦ ᠳᠡᠭᠡᠨ ᠠᠶᠤᠯ ᠦᠬᠡᠢ ᠶᠢᠨ | ᠠᠯᠤᠰᠯᠠᠬᠤ ᠴᠠᠭ ᠬᠤᠭᠤᠴᠠᠭ᠎ᠠ ᠶᠢᠨ ᠱᠠᠭᠠᠷᠳᠠᠯᠭ᠎ᠠ ᠶᠢ ᠵᠢᠷᠤᠮᠯᠡᠬᠰᠠᠨ ᠦᠭᠡᠢ᠂ ᠡᠮ ᠤᠨ ᠦᠢᠯᠡᠳᠦᠯ ᠨᠢ ᠵᠠᠳᠠᠷᠠᠬᠤ | ᠠᠴᠠ ᠡᠮᠦᠨ᠎ᠠ ᠲᠡᠭᠦᠵᠤ ᠠᠪᠤᠭᠠᠳ ᠵᠠᠬ᠎ᠠ ᠲᠡᠯᠭᠡᠭᠦᠷ ᠲᠤ ᠭᠠᠷᠭᠠᠠᠠᠰᠠᠨ ᠠᠴᠠ ᠢᠳᠡᠭᠡᠨ ᠳᠤ ᠬᠤᠤᠷᠳ᠋ᠬᠠᠳᠠᠳᠠᠭ᠃ | ᠡᠶᠢᠮᠤ ᠠᠴᠠ ᠭᠦᠮᠦᠰ ᠰᠠᠶ᠋ᠢᠬᠠᠨ ᠬᠤᠷᠢᠶ᠋ᠬᠠᠰᠠᠨ ᠪᠤᠭᠤᠳᠠᠢ ᠶᠢ ᠵᠢᠭᠠᠬᠠᠨ ᠲᠠᠯᠪᠢᠵᠤ ᠪᠠᠶᠢᠭᠠᠳ ᠢᠳᠡᠭᠦ ᠭᠡᠷᠡᠭᠳᠡᠢ ᠭᠡᠵᠤ | ᠲᠤᠷᠠᠳᠤᠠᠠᠰᠠᠨ ᠪᠠᠶᠢᠳᠠᠭ᠃ | ᠬᠠᠮᠤᠭ ᠤᠨ ᠤᠯᠠᠨ ᠢᠯᠡᠷᠡᠳᠡᠭ ᠨᠢ ᠲᠠᠷᠢᠶᠠᠯᠠᠩ ᠤᠨ ᠪᠦᠳᠦᠭᠡᠭᠳᠡᠭᠦᠨ ᠤ ᠦᠯᠡᠳᠡᠭᠳᠡᠯ ᠬᠤᠤᠷ ᠨᠢ ᠪᠠᠷᠢᠮᠵᠢᠶ᠎ᠠ | ᠠᠴᠠ ᠭᠡᠳᠦᠷᠡᠭᠰᠡᠨ ᠶᠠᠪᠤᠳᠠᠯ ᠪᠤᠯᠤᠨ᠎ᠠ᠃ ᠡᠨᠡ ᠨᠢ ᠭᠦᠮᠦᠨ ᠤ ᠠᠮᠤᠷ ᠲᠦᠪᠰᠢᠨ ᠳᠤ ᠲᠤᠩ ᠶᠡᠭᠡ ᠰᠦᠷᠳᠡᠭᠦᠯᠦᠯ | ᠪᠤᠯᠳᠠᠭ᠃ ᠪᠠᠷᠢᠮᠵᠢᠶ᠎ᠠ ᠠᠴᠠ ᠭᠡᠳᠦᠷᠡᠭᠰᠡᠨ ᠲᠠᠷᠢᠶᠠᠨ ᠡᠮ ᠤᠨ ᠦᠯᠡᠳᠡᠭᠳᠡᠯ ᠨᠢ ᠭᠦᠮᠦᠰ ᠤᠨ ᠪᠡᠶ᠎ᠡ ᠳᠤ ᠠᠭᠠᠵᠢᠮ ᠢᠶᠠᠷ | ᠬᠤᠷᠠᠮᠳᠤᠨ ᠬᠤᠤᠷᠳᠠᠯ ᠪᠤᠯᠵᠤ᠂ ᠡᠪᠡᠳᠴᠢᠨ ᠡᠮᠭᠡᠭ ᠡᠭᠦᠰᠭᠡᠳᠡᠭ᠃ ᠡᠶᠢᠮᠤ ᠠᠴᠠ ᠲᠠᠷᠢᠶᠠᠯᠠᠩ ᠤᠨ ᠶᠠᠮᠤᠨ ᠠᠴᠠ | ᠢᠳᠡᠭᠡᠨ ᠤ ᠠᠶᠤᠯ ᠦᠬᠡᠢ ᠠᠵᠢᠯᠯᠠᠭ᠎ᠠ ᠶᠢᠨ ᠲᠦᠯᠦᠪᠯᠡᠭᠡ ᠲᠤᠠᠠᠳᠠᠭᠠᠵᠤ᠂ ᠲᠠᠷᠢᠶᠠᠯᠠᠩ ᠤᠨ ᠪᠦᠳᠦᠭᠡᠭᠳᠡᠭᠦᠨ ᠤ | ᠦᠢᠯᠡᠳᠪᠤᠷᠢᠯᠡᠯ ᠠᠴᠠ ᠠᠪᠤᠭᠠᠳ ᠬᠤᠭᠤᠯᠠᠨ ᠰᠢᠷᠡᠭᠡᠨ ᠳᠤ ᠭᠠᠷᠬᠤ ᠭᠦᠳᠡᠯᠡᠭᠢ ᠪᠦᠭᠦ ᠶᠠᠪᠤᠴᠠ ᠶᠢ ᠡᠵᠡᠮᠳᠡᠵᠡᠢ᠃ | 11. ᠲᠠᠷᠢᠶᠠᠨ ᠡᠮ ᠢ ᠭᠡᠷᠭᠢᠨ ᠵᠦᠪ ᠭᠡᠷᠡᠭᠯᠡᠭᠦ ᠪᠤᠢ︖ | ᠰᠢᠨᠵᠢᠯᠡᠭᠦ ᠤᠬᠠᠭᠠᠨ ᠤ ᠰᠤᠳᠤᠯᠤᠯ ᠤᠨ ᠰᠠᠭᠤᠷᠢᠨ ᠲᠡᠭᠡᠷ᠎ᠡ ᠵᠢᠷᠤᠮᠵᠢᠭᠤᠯᠤᠯ ᠲᠠᠢ ᠪᠠᠷ ᠰᠡᠷᠭᠡᠶᠢᠯᠡᠨ ᠵᠠᠰᠠᠬᠤ | ᠨᠢ ᠭᠡᠷᠡᠭᠯᠡᠭᠰᠡᠨ ᠡᠮ ᠢ ᠤᠷᠪᠠᠭᠤ ᠦᠢᠯᠡᠳᠦᠯ ᠦᠭᠡᠢ ᠪᠠᠶᠢᠯᠭᠠᠬᠤ ᠶᠢᠨ ᠪᠠᠳᠤᠯᠠᠭ᠎ᠠ ᠮᠦᠨ᠃ ᠤᠳᠤᠬᠠᠨ ᠤ | ᠦᠢᠯᠡᠳᠪᠤᠷᠢᠯᠡᠯ ᠤᠨ ᠲᠤᠮᠳᠠ ᠦᠷᠭᠦᠯᠵᠢ ᠢᠯᠡᠷᠡᠵᠤ ᠪᠠᠶᠢᠭ᠎ᠠ ᠵᠢᠷᠤᠮᠵᠢᠭᠤᠯᠤᠯ ᠦᠭᠡᠢ ᠪᠠᠷ ᠰᠡᠷᠭᠡᠶᠢᠯᠡᠨ ᠵᠠᠰᠠᠵᠤ | ᠪᠠᠶᠢᠭ᠎ᠠ ᠠᠵᠢᠯᠯᠠᠭ᠎ᠠ ᠶᠢ ᠡᠷᠭᠡᠪᠰᠢ ᠬᠤᠷᠢᠠᠠᠯᠠᠬᠤ ᠭᠡᠷᠡᠭᠳᠡᠢ᠃ | ᠨᠢᠭᠡ᠂ ᠴᠠᠭᠠᠵᠠ ᠳᠤ ᠵᠦᠪᠰᠢᠶᠡᠷᠡᠭᠰᠡᠨ | ᠦᠬᠡᠢ ᠡᠮ ᠢ ᠲᠤᠠᠠᠳᠠᠭᠠᠯ ᠵᠦᠷᠢᠴᠡᠨ ᠭᠡᠷᠡᠭᠯᠡᠵᠤ ᠪᠤᠯᠬᠤ ᠦᠭᠡᠢ᠃ 2007 ᠤᠨ ᠳᠤ ᠮᠠᠨ ᠤ ᠤᠯᠤᠰ | ᠮᠧᠲ᠋ᠢᠯ ᠠᠮᠢᠨᠳᠦ ᠹᠤᠰᠹᠤᠷ ︵甲胺磷︶᠂ ᠮᠧᠲ᠋ᠢᠯᠳᠤ ᠳ᠋ᠦᠢ ᠯᠢᠤ ᠯᠢᠨ ︵甲基对硫磷︶᠂ | ᠳ᠋ᠦᠢ ᠯᠢᠤ ᠯᠢᠨ᠂ ᠵᠢᠤ ᠰᠢᠶᠤᠤ ᠯᠢᠨ ︵久效磷︶᠂ ᠹᠤᠰᠹᠤᠷᠳᠦ ᠠᠮᠢᠨ ︵磷胺︶ ᠵᠡᠷᠭᠡ ᠬᠤᠤᠷ | ᠶᠡᠭᠡᠳᠡᠢ ᠲᠠᠪᠤᠨ ᠵᠦᠢᠯ ᠤᠨ ᠲᠠᠷᠢᠶᠠᠨ ᠡᠮ ᠢ ᠦᠢᠯᠡᠳᠪᠤᠷᠢᠯᠡᠵᠤ ᠭᠡᠷᠡᠭᠯᠡᠭᠦ ᠶᠢ ᠴᠠᠭᠠᠵᠠᠯᠬᠠᠰᠠᠨ ᠤ ᠬᠠᠮᠳᠤ ᠲᠡᠭᠦᠨ ᠢ | ᠤᠷᠤᠯᠠᠬᠤ ᠲᠠᠷᠢᠶᠠᠨ ᠡᠮ ᠪᠠ ᠭᠡᠷᠡᠭᠯᠡᠭᠦ ᠮᠡᠷᠭᠡᠵᠢᠯ ᠢ ᠨᠡᠶᠢᠳᠡᠯᠡᠭᠰᠡᠨ ᠪᠠᠶᠢᠨ᠎ᠠ᠃ | ᠬᠤᠶᠠᠷ᠂ ᠭᠡᠮ ᠬᠤᠷᠤᠬᠠᠢ ᠶᠢ | ᠤᠰᠠᠳᠬᠠᠬᠤ ᠳᠤ ᠰᠡᠷᠭᠡᠶᠢᠯᠡᠨ ᠵᠠᠰᠠᠬᠤ ᠭᠦᠢᠴᠡᠳᠭᠡᠯ ᠲᠤᠭ᠎ᠠ ᠶᠤᠰᠤᠭᠠᠷ ᠡᠮ ᠭᠡᠷᠡᠭᠯᠡᠭᠦ ᠭᠡᠷᠡᠭᠳᠡᠢ᠃ | ᠭᠤᠷᠪᠡ᠂ ᠲᠠᠷᠢᠶᠠᠯᠠᠩ ᠤᠨ ᠤᠷᠤᠭᠤᠯᠤᠯᠳᠠ ᠶᠢᠨ ᠮᠦᠡᠭᠬᠦ ᠭᠡᠷᠡᠭᠯᠡᠭᠦ ᠭᠡᠮᠵᠢᠶ᠎ᠠ ᠶᠢ ᠪᠠᠭᠤᠷᠠᠭᠤᠯᠵᠤ᠂ ᠲᠠᠷᠢᠶᠠᠨ | ᠡᠮ ᠤᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠭᠦ ᠭᠡᠷᠡᠭᠳᠡᠢ᠃ | ᠲᠦᠷᠪᠡ᠂ ᠡᠮ ᠢ ᠡᠭᠡᠯᠵᠢᠯᠡᠨ ᠰᠤᠯᠢᠵᠤ ᠭᠡᠷᠡᠭᠯᠡᠭᠦ ᠶᠢ ᠠᠩᠬᠠᠷᠴᠤ᠂ ᠡᠮ ᠤᠨ ᠭᠦᠴᠤ ᠶᠢ ᠲᠠᠷᠤᠬᠤ ᠴᠢᠨᠠᠷ | ᠡᠭᠦᠰᠭᠦ ᠠᠴᠠ ᠵᠠᠶᠢᠯᠠᠰᠭᠢᠭᠦ ᠭᠡᠷᠡᠭᠳᠡᠢ᠃ | 12. ᠲᠠᠷᠢᠶᠠᠨ ᠡᠮ ᠢ ᠶᠠᠭᠠᠭᠢᠵᠤ ᠰᠢᠨᠵᠢᠯᠡᠭᠦ ᠤᠬᠠᠭᠠᠠᠴᠢ ᠪᠠᠷ ᠭᠡᠷᠡᠭᠯᠡᠭᠦ ᠪᠤᠢ︖ | ᠡᠮ ᠢ ᠰᠢᠨᠵᠢᠯᠡᠭᠦ ᠤᠬᠠᠭᠠᠠᠴᠢ ᠪᠠᠷ ᠭᠡᠷᠡᠭᠯᠡᠭᠦ ᠳᠤ᠂ ᠨᠢᠭᠡ ᠳᠤ ᠭᠡᠷᠡᠭᠯᠡᠨ᠎ᠠ ᠤᠤ ᠦᠭᠡᠢ ᠤᠤ︖ ᠬᠤᠶᠠᠷ ᠲᠤ | ᠶᠠᠭᠠᠭᠢᠵᠤ ᠭᠡᠷᠡᠭᠯᠡᠨ᠎ᠠ ᠪᠤᠢ︖ ᠭᠤᠷᠪᠡ ᠳᠤ ᠭᠡᠳᠦᠢ ᠭᠡᠷᠡᠭᠯᠡᠨ᠎ᠡ ᠪᠤᠢ︖ ᠲᠦᠷᠪᠡ ᠳᠤ ᠶᠠᠮᠠᠷ ᠡᠮ ᠭᠡᠷᠡᠭᠯᠡᠨ᠎ᠡ ᠪᠤᠢ︖ | ᠭᠡᠰᠡᠨ ᠠᠰᠠᠭᠤᠳᠠᠯ ᠲᠠᠢ ᠬᠤᠯᠪᠤᠠᠠᠳᠠᠨᠠ᠃ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ ᠠᠷᠭ᠎ᠠ ᠭᠡᠮᠵᠢᠶ᠎ᠠ ᠮᠠᠰᠢ | ᠤᠯᠠᠨ ᠪᠤᠢ᠂ ᠡᠮ ᠭᠡᠷᠡᠭᠯᠡᠭᠦ ᠪᠤᠯ ᠵᠦᠪᠭᠡᠨ ᠲᠡᠭᠦᠨ ᠤ ᠲᠤᠳᠤᠷᠠᠭᠢ ᠨᠢᠭᠡ ᠨᠢ ᠪᠤᠯᠤᠨ᠎ᠠ᠃ ᠲᠠᠷᠢᠶᠠᠯᠠᠩ᠂ ᠭᠢᠮᠢ ᠶᠢᠨ | ᠠᠷᠭ᠎ᠠ ᠪᠠᠷ ᠰᠡᠷᠭᠡᠶᠢᠯᠡᠵᠤ ᠵᠠᠰᠠᠬᠤ ᠪᠤᠯᠬᠤ ᠦᠶᠡᠰ ᠲᠠᠷᠢᠶᠠᠯᠠᠩ᠂ ᠭᠢᠮᠢ ᠶᠢᠨ ᠠᠷᠭ᠎ᠠ ᠶᠢ ᠰᠤᠩᠭᠤᠨ ᠭᠡᠷᠡᠭᠯᠡᠭᠦ ᠪᠤᠶᠤ | ᠤᠶᠠᠯᠳᠤᠭᠤᠯᠤᠨ ᠭᠡᠷᠡᠭᠯᠡᠵᠤ ᠪᠤᠯᠤᠨ᠎ᠠ᠃ ᠵᠢᠱᠢᠶᠡᠯᠡᠪᠡᠯ ᠡᠪᠤᠯ ᠬᠠᠭᠠᠯᠪᠤᠷᠢᠯᠠᠵᠤ᠂ ᠨᠠᠮᠤᠷ ᠤᠰᠤᠯᠠᠬᠤ᠂ ᠭᠦᠨ | ᠬᠠᠭᠠᠯᠪᠤᠷᠢᠯᠡᠨ ᠲᠠᠷᠢᠬᠤ ᠪᠠ ᠰᠢᠷ᠎ᠡ ᠬᠠᠪᠳᠠᠰᠤ ᠪᠠᠷ ᠦᠳᠦᠬᠡᠨ ᠠᠯᠠᠬᠤ᠂ ᠢᠳᠤᠭᠠᠨ ᠡᠷᠪᠡᠭᠡᠢ ᠶᠢ ᠡᠨᠧᠷᠭᠢ ᠶᠢᠨ | ᠳ᠋ᠧᠩ ᠢᠶᠠᠷ ᠠᠯᠠᠬᠤ ᠵᠡᠷᠭᠡ ᠠᠷᠭ᠎ᠠ ᠶᠢ ᠴᠦᠮ ᠭᠡᠷᠡᠭᠯᠡᠵᠤ ᠪᠤᠯᠤᠨ᠎ᠠ᠃ ᠡᠳᠡᠭᠡᠷ ᠠᠷᠭ᠎ᠠ ᠨᠢ ᠪᠤᠭᠢᠷᠳᠤᠯ ᠢᠶᠠᠷ ᠪᠠᠭ᠎ᠠ | ᠮᠦᠷᠳᠡᠭᠡᠨ ᠤᠷᠤᠭᠤᠯᠤᠯᠳᠠ ᠪᠠᠷ ᠴᠤ ᠪᠠᠭ᠎ᠠ ᠪᠠᠶᠢᠳᠠᠭ᠃ ᠲᠠᠭᠢᠪᠠᠯ ᠰᠤᠷᠲ ᠪᠤᠯ ᠦᠢᠯᠡᠳᠪᠤᠷᠢᠯᠡᠯ ᠤᠨ ᠰᠠᠭᠤᠷᠢ | ᠪᠤᠯᠬᠤᠷ ᠭᠡᠮ ᠬᠤᠷᠤᠬᠠᠢ ᠶᠢ ᠲᠠᠷᠤᠬᠤ ᠴᠢᠳᠠᠯ ᠲᠠᠢ ᠰᠤᠷᠲ ᠢ ᠢᠯᠡᠭᠦᠭᠡᠨ ᠰᠤᠩᠭᠤᠨ ᠭᠡᠷᠡᠭᠯᠡᠭᠦ ᠭᠡᠷᠡᠭᠳᠡᠢ᠃ | 13. ᠭᠡᠮ ᠬᠤᠷᠤᠬᠠᠢ ᠳᠤ ᠡᠮ ᠭᠡᠷᠡᠭᠯᠡᠭᠦ ᠳᠤ ᠶᠠᠮᠠᠷ ᠱᠠᠭᠠᠷᠳᠠᠯᠭ᠎ᠠ ᠪᠠᠶᠢᠬᠤ ᠪᠤᠢ︖ | ᠡᠮ ᠭᠡᠷᠡᠭᠯᠡᠭᠦ ᠳᠤ ᠰᠢᠨᠵᠢᠯᠡᠭᠦ ᠤᠬᠠᠭᠠᠠᠴᠢ ᠠᠷᠭ᠎ᠠ ᠶᠢ ᠡᠷᠭᠢᠮᠯᠡᠭᠦ ᠭᠡᠷᠡᠭᠳᠡᠢ᠂ ᠡᠮ ᠭᠡᠷᠡᠭᠯᠡᠭᠦ ᠳᠤ ᠴᠦᠮ ᠴᠠᠭ | ᠬᠤᠭᠤᠴᠠᠭ᠎ᠠ ᠤᠷᠴᠢᠨ ᠲᠤᠭᠤᠷᠢᠨ ᠤ ᠱᠠᠭᠠᠷᠳᠠᠯᠭ᠎ᠠ ᠲᠠᠢ ᠪᠠᠶᠢᠳᠠᠭ᠃ ᠨᠢᠭᠡ ᠳᠤ ᠭᠡᠮ ᠬᠤᠷᠤᠬᠠᠢ ᠶᠢᠨ ᠭᠦᠨᠦᠭᠡᠯ ᠤᠨ | ᠤᠨᠴᠠᠯᠢᠭ ᠢ ᠦᠨᠳᠦᠰᠦᠯᠡᠨ ᠡᠮ ᠭᠡᠷᠡᠭᠯᠡᠭᠦ ᠴᠠᠭ ᠬᠤᠭᠤᠴᠠᠭ᠎ᠠ ᠶᠢ ᠲᠤᠠᠠᠳᠠᠭᠠᠬᠤ ᠭᠡᠷᠡᠭᠳᠡᠢ᠃ ᠬᠤᠶᠠᠷ ᠲᠤ ᠲᠡᠭᠷᠢ ᠶᠢᠨ | ᠪᠠᠶᠢᠳᠠᠯ ᠦᠭᠡᠷ᠎ᠠ ᠪᠠᠷ ᠭᠡᠯᠡᠪᠡᠯ ᠴᠠᠭ ᠠᠭᠤᠷ ᠤᠨ ᠪᠠᠶᠢᠳᠠᠯ ᠢ ᠦᠨᠳᠦᠰᠦᠯᠡᠨ ᠡᠮ ᠭᠡᠷᠡᠭᠯᠡᠭᠦ ᠭᠡᠷᠡᠭᠳᠡᠢ᠃ ᠭᠤᠷᠪᠡ ᠳᠤ | ᠡᠮ ᠭᠡᠷᠡᠭᠯᠡᠭᠦ ᠳᠡᠭᠡᠨ ᠠᠳᠠᠯᠢ ᠪᠤᠰᠤ ᠡᠮ ᠤᠨ ᠲᠤᠯᠠᠭᠠᠨ ᠤ ᠭᠡᠮᠵᠢᠶ᠎ᠠ ᠶᠢᠨ ᠱᠠᠭᠠᠷᠳᠠᠯᠭ᠎ᠠ ᠶᠢ ᠦᠨᠳᠦᠰᠦᠯᠡᠭᠦ ᠭᠡᠷᠡᠭᠳᠡᠢ᠃ | ᠲᠦᠷᠪᠡ ᠳᠤ᠂ ᠭᠦᠨᠦᠭᠡᠯᠳᠤ ᠬᠤᠷᠤᠬᠠᠢ ᠶᠢᠨ ᠭᠦᠳᠡᠯᠭᠡᠭᠡᠨ ᠤ ᠵᠢᠮ᠎ᠠ ᠶᠤᠰᠤ ᠶᠢ ᠤᠨᠤᠪᠴᠢᠳᠡᠢ ᠡᠵᠡᠮᠰᠢᠵᠤ᠂ | ᠭᠦᠳᠡᠯᠭᠡᠭᠡᠨ ᠤ ᠤᠷᠭᠢᠯ ᠴᠠᠭ ᠪᠠ ᠪᠦᠷᠢᠨ ᠢᠯᠡᠷᠡᠭᠦ ᠦᠶᠡᠰ ᠲᠤ ᠡᠮ ᠭᠡᠷᠡᠭᠯᠡᠭᠦ ᠭᠡᠷᠡᠭᠳᠡᠢ᠃ | 14. ᠲᠠᠷᠢᠶᠠᠨ ᠡᠮ ᠢ ᠭᠡᠷᠭᠢᠨ ᠰᠤᠩᠭᠤᠵᠤ ᠶᠠᠭᠠᠭᠢᠵᠤ ᠭᠡᠷᠡᠭᠯᠡᠭᠦ ᠪᠤᠢ︖ | ᠡᠯ᠎ᠡ ᠵᠦᠢᠯ ᠤᠨ ᠡᠮ ᠤᠨ ᠭᠡᠷᠡᠭᠯᠡᠯᠳᠡ ᠶᠢᠨ ᠲᠠᠭᠢᠨ ᠲᠤᠭ᠎ᠠ ᠶᠢ ᠪᠤᠯ ᠲᠠᠷᠢᠶᠠᠨ ᠳᠠᠬᠢ ᠲᠤᠷᠰᠢᠯᠳᠡ ᠪᠠᠷ | ᠲᠤᠠᠠᠳᠠᠭᠠᠠᠠᠰᠠᠨ ᠶᠤᠮ᠃ ᠲᠤᠷ᠎ᠠ ᠪᠠᠷ ᠢᠶᠠᠨ ᠬᠤᠪᠢᠷᠠᠭᠤᠯᠵᠤ ᠪᠤᠯᠬᠤ ᠦᠭᠡᠢ᠃ ᠵᠢᠱᠢᠶᠡᠯᠡᠪᠡᠯ 50% ᠶᠢᠨ ᠾᠯᠤᠷ | ᠪᠷᠤᠮᠳᠦ ᠤᠨᠳᠤᠤ ᠼᠢᠶᠡᠨ ᠰᠢᠬᠡᠰᠤᠨ ᠭᠦᠴᠢᠯ ︵氯溴异氰脲酸︶ ᠢ ᠶᠠᠷᠦᠩᠭᠡᠢ ᠳᠡᠭᠡᠨ | 1500~2000 ᠲᠠᠭᠢᠨ ᠤ ᠰᠢᠩᠭᠡᠨ ᠪᠤᠯᠭᠠᠨ ᠭᠡᠷᠡᠭᠯᠡᠳᠡᠭ᠃ ᠭᠡᠪᠡᠴᠤ ᠭᠦᠨᠳᠤ ᠭᠡᠮ ᠬᠤᠷᠤᠬᠠᠢ ᠲᠠᠢ ᠲᠠᠷᠢᠶᠠᠨ | ᠳᠤ 750 ᠲᠠᠭᠢᠨ ᠦᠳᠭᠡᠷᠡᠭᠦᠯᠵᠤ ᠪᠤᠯᠳᠠᠭ᠃ | ᠪᠠᠰᠠ ᠨᠢᠭᠡᠨ ᠲᠦᠭᠡᠮᠡᠯ ᠢᠯᠡᠷᠡᠯ ᠭᠡᠪᠡᠯ ᠡᠮ ᠭᠡᠷᠡᠭᠯᠡᠭᠦ ᠳᠡᠭᠡᠨ ᠤᠰᠤ ᠪᠠᠨ ᠬᠠᠶᠢᠷᠠᠯᠠᠭᠠᠳ ᠡᠮ ᠢ ᠬᠠᠶᠢᠷᠠᠯᠠᠬᠤ | ᠦᠭᠡᠢ ᠪᠠᠶᠢᠳᠠᠭ᠃ ᠢᠯᠠᠩᠭᠤᠶ᠎ᠠ ᠠᠭᠠᠭᠢᠮ᠎ᠠ ᠬᠠᠯᠠᠭᠤᠨ ᠤ ᠦᠶ᠎ᠠ ᠳᠤ ᠢᠡᠭᠭᠢᠵᠤ ᠡᠮ ᠭᠡᠷᠡᠭᠯᠡᠪᠡᠯ ᠡᠮ ᠤᠨ ᠦᠢᠯᠡᠳᠦᠯ ᠢ | ᠪᠠᠳᠤᠯᠠᠵᠤ ᠴᠢᠳᠠᠬᠤ ᠦᠭᠡᠢ ᠶᠤᠮ᠃ ᠤᠰᠤᠨ ᠤ ᠭᠡᠮᠵᠢᠶ᠎ᠠ ᠨᠢ ᠪᠠᠭ᠋ᠠᠨ ᠪᠠᠭ᠎ᠠ ᠪᠠᠶᠢᠭ᠎ᠠ ᠪᠠᠶᠢᠳᠠᠯ ᠲᠤᠤᠷ᠎ᠡ᠂ | ᠰᠦᠷᠴᠢᠭᠰᠡᠨ ᠡᠮ ᠨᠢ ᠲᠠᠷᠢᠮᠠᠯ ᠳᠤ ᠰᠢᠩᠭᠡᠭᠦ ᠠᠴᠠ ᠡᠮᠦᠨ᠎ᠠ ᠠᠭᠤᠷᠰᠢᠭᠠᠳ ᠪᠠᠷᠠᠴᠢᠬᠠᠳᠠᠭ᠃ | 15. ᠲᠠᠷᠢᠶᠠᠨ ᠡᠮ ᠳᠤ ᠶᠠᠮᠠᠷ ᠡᠮ ᠢ ᠭᠡᠷᠡᠭᠯᠡᠪᠡᠯ ᠵᠤᠭᠢᠬᠤ ᠪᠤᠢ︖ | ᠰᠢᠨᠵᠢᠯᠡᠭᠦ ᠤᠬᠠᠭᠠᠠᠴᠢ ᠪᠠᠷ ᠡᠮ ᠭᠡᠷᠡᠭᠯᠡᠭᠦ ᠶᠢᠨ ᠬᠠᠮᠤᠭ ᠡᠴᠤᠰ ᠤᠨ ᠨᠢᠭᠡᠨ ᠵᠠᠩᠭᠢᠯᠠᠭ᠎ᠠ ᠪᠤᠯ ᠶᠠᠮᠠᠷ ᠡᠮ ᠢ | ᠭᠡᠷᠡᠭᠯᠡᠭᠦ ᠠᠰᠠᠭᠤᠳᠠᠯ ᠢ ᠰᠢᠢᠳᠪᠤᠷᠢᠯᠡᠭᠦ ᠶᠠᠪᠤᠳᠠᠯ ᠪᠤᠯᠤᠨ᠎ᠠ᠃ ᠡᠮ ᠭᠡᠷᠡᠭᠯᠡᠭᠦ ᠠᠴᠠ ᠪᠠᠨ ᠡᠮᠦᠨ᠎ᠠ ᠰᠤᠩᠭᠤᠬᠤ | ᠡᠮ ᠢᠶᠠᠨ ᠵᠦᠪ ᠨᠤᠳᠠᠯᠠᠬᠤ ᠭᠡᠷᠡᠭᠳᠡᠢ᠃ ᠤᠳᠤᠬᠠᠨ ᠳᠤ ᠠᠮᠢᠳᠤ ᠪᠤᠳᠠᠰ᠂ ᠤᠷᠭᠤᠮᠠᠯ᠂ ᠠᠮᠢᠳᠡᠨ ᠤ ᠰᠤᠷᠪᠤᠯᠵᠢ ᠲᠠᠢ | ᠪᠠ ᠪᠢᠴᠢᠯ ᠡᠳ᠋ ᠵᠡᠷᠭᠡ ᠰᠢᠨ᠎ᠠ ᠭᠡᠯᠪᠡᠷᠢ ᠶᠢᠨ ᠲᠠᠷᠢᠶᠠᠨ ᠡᠮ ᠤᠨ ᠰᠤᠳᠤᠯᠤᠯ ᠮᠠᠰᠢ ᠲᠦᠷᠭᠡᠳᠴᠤ᠂ ᠲᠠᠸᠠᠷᠴᠢᠯᠬᠠᠰᠠᠨ | ᠦᠢᠯᠡᠳᠭᠦᠨ ᠴᠤ ᠢᠳᠡᠭ ᠢᠳᠡᠭ ᠢᠶᠠᠷ ᠨᠡᠮᠡᠭᠳᠡᠵᠤ᠂ ᠭᠢᠮᠢ ᠶᠢᠨ ᠲᠠᠷᠢᠶᠠᠨ ᠡᠮ ᠢ ᠤᠷᠤᠯᠠᠭᠤᠯᠤᠨ ᠭᠡᠷᠡᠭᠯᠡᠭᠡᠳ᠂ | ᠪᠤᠭᠢᠷᠳᠤᠯ ᠦᠭᠡᠢ ᠪᠠᠷ ᠰᠡᠷᠭᠡᠶᠢᠯᠡᠨ ᠬᠤᠷᠢᠠᠠᠯᠠᠬᠤ ᠪᠤᠯᠤᠯᠴᠠᠭ᠎ᠠ ᠲᠠᠢ ᠪᠤᠯᠭᠠᠠᠠᠰᠠᠨ ᠪᠠᠶᠢᠨ᠎ᠠ᠃ ᠵᠢᠱᠢᠶᠡᠯᠡᠪᠡᠯ ᠲᠤᠮᠳᠠᠳᠤ | ᠤᠯᠤᠰ ᠤᠨ ᠲᠠᠷᠢᠶᠠᠯᠠᠩ ᠤᠨ ᠲᠡᠭᠡᠳᠤ ᠰᠤᠷᠭᠠᠭᠤᠯᠢ ᠨᠢ ᠭᠡᠮ ᠤᠨ ᠭᠦᠨᠦᠭᠡᠯ ᠢ ᠰᠡᠷᠭᠡᠶᠢᠯᠡᠨ ᠠᠷᠢᠯᠭᠠᠬᠤ ᠲᠠᠯ᠎ᠠ ᠪᠠᠷ | ᠴᠠᠭᠢᠯᠭᠠᠠᠴᠢᠷ ᠤᠰᠤ ᠶᠢ ᠠᠩᠬ᠎ᠠ ᠡᠭᠦᠳᠦᠨ ᠭᠠᠷᠭᠠᠵᠠᠢ᠃ ᠡᠨᠡ ᠨᠢ ᠲᠤᠰᠬᠠᠢ ᠲᠦᠭᠦᠭᠡᠷᠤᠮᠵᠢ ᠪᠠᠷ ᠭᠦᠴᠢᠯᠯᠢᠭ᠂ | ᠬᠤᠵᠢᠷᠯᠢᠬ ᠴᠠᠭᠢᠯᠭᠠᠨ ᠵᠠᠳᠠᠯᠤᠯᠳᠠ ᠶᠢᠨ ᠤᠰᠤ ᠶᠢ ᠪᠤᠢ ᠪᠤᠯᠭᠠᠨ᠂ ᠭᠡᠮ ᠤᠨ ᠬᠤᠤᠷ ᠢ ᠠᠯᠠᠵᠤ ᠤᠰᠠᠳᠬᠠᠬᠤ ᠳᠤ | ᠭᠡᠳᠦᠨ ᠰᠧᠺᠦ᠋ᠨ᠋ᠳ᠋ ᠪᠤᠶᠤ ᠭᠡᠳᠦᠭᠡᠨ ᠮᠢᠨᠦ᠋ᠲ ᠯᠡ ᠭᠡᠷᠡᠭᠯᠡᠳᠡᠭ ᠪᠠᠶᠢᠨ᠎ᠠ᠃ ᠡᠭᠦᠨ ᠠᠴᠠ ᠭᠠᠳᠠᠨ᠎ᠠ ᠪᠠᠰᠠ ᠭᠧᠨ ᠢ | ᠬᠤᠪᠢᠷᠠᠭᠤᠯᠬᠤ ᠠᠷᠭ᠎ᠠ ᠶᠢ ᠭᠡᠷᠡᠭᠯᠡᠪᠡᠯ ᠮᠦᠨ ᠭᠦ ᠭᠦᠨᠦᠭᠡᠯᠳᠤ ᠬᠤᠷᠤᠬᠠᠢ ᠶᠢ ᠤᠰᠠᠳᠬᠠᠵᠤ ᠪᠤᠯᠤᠨ᠎ᠠ᠃ |