1. ᠵᠢᠯ ᠳᠤ ᠨᠢᠭᠡ ᠭᠤᠤᠷᠰᠤ ᠳᠤ ᠬᠡᠳᠤᠨ ᠲᠦᠷᠤᠯ ᠤᠨ ᠨᠤᠭᠤᠭ᠎ᠠ ᠲᠠᠷᠢᠵᠦ ᠪᠠᠶᠢᠬᠤ ᠪᠤᠢ︖ | ᠪᠤᠳᠠᠳᠠᠢ ᠪᠠᠷ ᠶᠠᠭᠠᠭᠢᠵᠤ ᠲᠠᠷᠢᠬᠤ ᠪᠤᠢ︖ | ᠲᠦᠷᠭᠡᠨ ᠤᠨᠠᠯᠳᠠ ᠶᠢᠨ ᠨᠤᠭᠤᠭᠠᠨ ᠨᠠᠪᠴᠢᠳᠤ ᠨᠤᠭᠤᠭ᠎ᠠ ᠳᠤ ᠦᠨᠤᠷᠳᠤ ᠨᠤᠭᠤᠭ᠎ᠠ᠂ ᠵᠢᠵᠢᠭ ᠰᠢᠯᠢᠮᠳᠡᠭ ︵ | ᠲᠤᠰᠤᠯᠢᠭ ᠨᠤᠭᠤᠭ᠎ᠠ︶᠂ ᠰᠢᠷᠠᠯᠵᠢ᠂ ᠵᠡᠯᠡᠯᠡᠯᠢᠭ ᠨᠤᠭᠤᠭ᠎ᠠ ᠪᠤᠯᠤᠨ ᠬᠠᠯᠤᠮᠠ ᠴᠡᠴᠡᠭ ᠵᠡᠷᠭᠡ ᠪᠠᠭᠳᠠᠨ᠎ᠠ᠃ ᠡᠳᠡᠭᠡᠷ | ᠨᠤᠭᠤᠭ᠎ᠠ ᠶᠢᠨ ᠨᠢᠯᠬ᠎ᠠ ᠨᠠᠪᠴᠢ᠂ ᠨᠠᠪᠴᠢᠨ ᠪᠠᠷᠢᠭᠤᠯ᠂ ᠵᠦᠭᠡᠯᠡᠨ ᠡᠰᠢ ᠵᠡᠷᠭᠡ ᠢᠳᠡᠭᠡᠨ ᠳᠤ ᠭᠡᠷᠡᠭᠯᠡᠳᠡᠭ ᠭᠡᠰᠡᠭ ᠤᠨ | ᠴᠢᠨᠠᠷ ᠨᠢ ᠰᠠᠶᠢᠨ᠂ ᠰᠤᠷᠭᠤᠭ ᠵᠦᠭᠡᠯᠡᠨ᠂ ᠰᠢᠮ᠎ᠠ ᠲᠡᠵᠢᠭᠡᠯ ᠰᠠᠶᠢᠳᠠᠢ ᠪᠠᠶᠢᠳᠠᠭ ᠪᠦᠭᠡᠳ ᠢᠳᠡᠭᠦ ᠠᠷᠭ᠎ᠠ ᠨᠢ ᠤᠯᠠᠨ | ᠶᠠᠩᠵᠤ ᠭᠡᠯᠪᠡᠷᠢ ᠲᠠᠢ ᠪᠠᠶᠢᠳᠠᠭ᠃ ᠬᠤᠯᠠ ᠲᠡᠭᠡᠭᠡᠪᠤᠷᠢᠯᠡᠭᠦ ᠳᠤ ᠲᠠᠰᠪᠤᠷᠢ ᠮᠠᠭᠤᠳᠠᠢ ᠪᠤᠯᠬᠤᠷ᠂ ᠬᠤᠳᠠ ᠶᠢᠨ | ᠲᠡᠭᠦᠷᠭᠡ ᠶᠢᠨ ᠭᠠᠵᠠᠷ ᠤᠷᠤᠨ ᠳᠤ ᠲᠠᠷᠢᠵᠤ ᠭᠦᠭᠵᠢᠭᠦᠯᠪᠡᠯ ᠮᠠᠰᠢ ᠲᠤᠭᠢᠷᠠᠮᠵᠢᠳᠡᠢ ᠪᠠᠶᠢᠳᠠᠭ᠃ ᠲᠡᠭᠦᠨ ᠤ ᠬᠠᠮᠳᠤ ᠶᠢᠨ | ᠤᠨᠴᠠᠯᠢᠭ ᠨᠢ ᠭᠡᠪᠡᠯ ᠤᠷᠭᠤᠬᠤ ᠡᠷᠭᠢᠯᠳᠡ ᠶᠢᠨ ᠬᠤᠭᠤᠴᠠᠭ᠎ᠠ ᠨᠢ ᠤᠬᠤᠷ ᠪᠠᠶᠢᠵᠤ᠂ ᠶᠠᠷᠦᠩᠭᠡᠢ ᠳᠡᠭᠡᠨ ᠲᠠᠷᠢᠭᠠᠳ | 30~40 ᠬᠤᠨᠤᠭ ᠪᠤᠯᠪᠠᠯ ᠬᠤᠷᠢᠶᠠᠵᠤ ᠪᠤᠯᠳᠠᠭ᠃ ᠨᠠᠷᠠᠯᠠᠭ ᠭᠦᠯᠡᠮᠵᠢᠨ ᠳᠤ ᠵᠢᠯ ᠲᠤᠵᠢ ᠲᠦᠷᠭᠡᠨ | ᠤᠷᠭᠤᠯᠳᠠ ᠶᠢᠨ ᠨᠤᠭᠤᠭᠠᠨ ᠨᠠᠪᠴᠢᠳᠤ ᠨᠤᠭᠤᠭ᠎ᠠ ᠲᠠᠷᠢᠭᠠᠳ ᠮᠠᠰᠢ ᠦᠨᠳᠤᠷ ᠠᠵᠤ ᠠᠬᠤᠢ ᠶᠢᠨ ᠦᠷ᠎ᠡ ᠠᠰᠢᠭ | ᠤᠯᠤᠠᠠᠰᠠᠨ ᠵᠢᠱᠢᠶ᠎ᠠ ᠤᠯᠠᠨ ᠪᠤᠢ᠃ ᠪᠤᠳᠠᠳᠠᠢ ᠭᠢᠭᠦ ᠠᠷᠭ᠎ᠠ ᠭᠡᠪᠡᠯ᠄ | ᠠᠩᠬᠠᠳ᠋ᠬᠠᠴᠢ ᠭᠤᠤᠷᠰᠤ ᠳᠤ ᠵᠢᠵᠢᠭ ᠲᠤᠰᠤᠯᠢᠭ ᠨᠤᠭᠤᠭ᠎ᠠ ᠲᠠᠷᠢᠨ᠎ᠠ᠃ 9 ᠳ᠋ᠤᠭᠡᠷ ᠰᠠᠷ᠎ᠠ ᠶᠢᠨ 10 ᠠᠴᠠ | ᠡᠭᠢᠯᠡᠨ ᠪᠦᠷᠭᠦᠭᠦᠯ ᠢᠶᠠᠨ ᠪᠦᠷᠭᠦᠵᠤ᠂ 9 ᠳ᠋ᠤᠭᠡᠷ ᠰᠠᠷ᠎ᠠ ᠶᠢᠨ 15 ᠳᠤ ᠲᠠᠷᠢᠨ᠎ᠠ᠃ ᠲᠠᠷᠢᠬᠤ ᠰᠤᠷᠲ ᠲᠤ | ᠲᠠᠸᠠᠷᠵᠢᠯ ᠢᠶᠠᠷ ᠰᠠᠶᠢᠨ᠂ ᠢᠳᠡᠭᠦ ᠳᠤ ᠠᠮᠳᠠᠳᠠᠢ ᠡᠭᠦᠯᠳᠡᠷ ︽ᠡᠤ ᠶᠤᠸᠠᠢ ᠮᠠᠠ︾ ︵五月慢︶ ᠢ | ᠰᠤᠩᠭᠤᠨ᠎ᠠ᠃ ᠡᠨᠡ ᠰᠤᠷᠲ ᠨᠢ ᠲᠤᠭᠢᠷᠠᠯᠴᠠᠬᠤ ᠴᠢᠨᠠᠷ ᠢᠶᠠᠷ ᠴᠢᠩᠭ᠎ᠠ᠂ 20cm ᠤᠷᠴᠢᠮ ᠦᠨᠳᠤᠷ ᠤᠷᠭᠤᠳᠠᠭ᠃ | 10 ᠳ᠋ᠤᠭᠠᠷ ᠰᠠᠷ᠎ᠠ ᠶᠢᠨ 22 ᠤᠨ ᠡᠳᠤᠷ ᠵᠠᠯᠭᠠᠭ᠎ᠠ ᠪᠠᠷ ᠬᠤᠷᠢᠶᠠᠵᠤ ᠵᠠᠬ᠎ᠠ ᠳᠤ ᠭᠠᠷᠭᠠᠵᠤ ᠪᠤᠯᠤᠨ᠎ᠠ᠃ | ᠬᠤᠶᠠᠷᠳᠡᠭᠢ ᠭᠤᠤᠷᠰᠤ ᠳᠤ᠂ ᠰᠢᠷᠠᠯᠵᠢ ᠲᠠᠷᠢᠨ᠎ᠠ᠃ 11 ᠳ᠋ᠤᠭᠡᠷ ᠰᠠᠷ᠎ᠠ ᠶᠢᠨ 5 ᠤ ᠡᠳᠤᠷ᠂ ᠰᠢᠷᠠᠯᠵᠢ ᠪᠠᠨ | ᠲᠠᠷᠢᠵᠤ᠂ ᠡᠭᠦᠨ ᠳᠤ ᠵᠢᠵᠢᠭ ᠨᠠᠪᠴᠢᠳᠤ ᠰᠢᠷᠠᠯᠵᠢ ᠶᠢᠨ ᠰᠤᠷᠲ ᠢ ᠰᠤᠩᠭᠤᠨ᠎ᠠ᠃ ᠲᠤᠰ ᠰᠤᠷᠲ ᠤᠨ ᠤᠷᠭᠤᠯᠳᠠ ᠨᠢ | ᠲᠦᠷᠭᠡᠨ᠂ ᠭᠦᠢᠳᠡᠨ ᠳᠤ ᠦᠯᠴᠢᠷ ᠪᠠᠶᠢᠵᠤ᠂ 12 ᠳ᠋ᠤᠭᠠᠷ ᠰᠠᠷ᠎ᠠ ᠶᠢᠨ 18 ᠤ ᠡᠳᠤᠷ ᠬᠤᠷᠢᠶᠠᠵᠤ ᠵᠠᠬ᠎ᠠ ᠳᠤ | ᠭᠠᠷᠭᠠᠨ᠎ᠠ᠃ | ᠭᠤᠷᠪᠡᠳᠡᠭᠢ ᠭᠤᠤᠷᠰᠤ ᠳᠤ᠂ ᠵᠢᠵᠢᠭ ᠴᠠᠭᠠᠨ ᠨᠤᠭᠤᠭ᠎ᠠ ᠲᠠᠷᠢᠨ᠎ᠠ᠃ 1 ᠳ᠋ᠤᠭᠡᠷ ᠰᠠᠷ᠎ᠠ ᠶᠢᠨ 2 ᠤᠨ ᠡᠳᠤᠷ | ᠵᠢᠵᠢᠭ ᠴᠠᠭᠠᠨ ᠨᠤᠭᠤᠭ᠎ᠠ ᠪᠠᠨ ᠲᠠᠷᠢᠵᠤ᠂ 2 ᠳ᠋ᠤᠭᠠᠷ ᠰᠠᠷ᠎ᠠ ᠶᠢᠨ 6 ᠤ ᠡᠳᠤᠷ ᠬᠤᠷᠢᠶᠠᠨ ᠠᠪᠴᠤ ᠵᠠᠬ᠎ᠠ ᠳᠤ | ᠭᠠᠷᠭᠠᠨ᠎ᠠ᠃ | ᠲᠦᠷᠪᠡᠳᠡᠭᠢ ᠭᠤᠤᠷᠰᠤ ᠳᠤ᠂ ᠯᠤᠤᠯᠢ ᠨᠤᠭᠤᠭ᠎ᠠ ᠲᠠᠷᠢᠨ᠎ᠠ᠃ 2 ᠳ᠋ᠤᠭᠠᠷ ᠰᠠᠷ᠎ᠠ ᠶᠢᠨ 15 ᠳᠤ ᠲᠠᠷᠢᠵᠤ᠂ | 5 ᠳ᠋ᠤᠭᠠᠷ ᠰᠠᠷ᠎ᠠ ᠶᠢᠨ 27 ᠤ ᠤᠷᠴᠢᠮ ᠢᠶᠠᠷ ᠬᠤᠷᠢᠶᠠᠨ ᠠᠪᠴᠤ ᠵᠠᠬ᠎ᠠ ᠳᠤ ᠭᠠᠷᠭᠠᠨ᠎ᠠ᠃ | ᠲᠠᠪᠤᠳᠡᠭᠢ ᠭᠤᠤᠷᠰᠤ ᠳᠤ᠂ ᠦᠨᠤᠷᠳᠤ ᠨᠤᠭᠤᠭ᠎ᠠ ᠲᠠᠷᠢᠨ᠎ᠠ᠃ 4 ᠳ᠋ᠤᠭᠡᠷ ᠰᠠᠷ᠎ᠠ ᠶᠢᠨ 3 ᠳᠤ ᠲᠠᠷᠢᠵᠤ᠂ | 5 ᠳ᠋ᠤᠭᠠᠷ ᠰᠠᠷ᠎ᠠ ᠶᠢᠨ 8 ᠠᠴᠠ ᠡᠭᠢᠯᠡᠨ ᠵᠠᠯᠭᠠᠭ᠎ᠠ ᠪᠠᠷ ᠬᠤᠷᠢᠶᠠᠵᠤ ᠵᠠᠬ᠎ᠠ ᠳᠤ ᠭᠠᠷᠭᠠᠨ᠎ᠠ᠃ | ᠵᠢᠷᠭᠤᠭᠠᠳᠡᠭᠢ ᠭᠤᠤᠷᠰᠤ ᠳᠤ ᠬᠠᠯᠤᠮᠠ ᠴᠡᠴᠡᠭ᠂ ᠲᠡᠯᠳᠡᠤ ᠨᠤᠭᠤᠭ᠎ᠠ ᠲᠠᠷᠢᠨ᠎ᠠ᠃ 5 ᠳ᠋ᠤᠭᠠᠷ ᠰᠠᠷ᠎ᠠ ᠶᠢᠨ | ᠲᠤᠮᠳᠡᠴᠢ ᠪᠠᠷ ᠲᠠᠷᠢᠵᠤ᠂ ᠴᠢᠭᠢ ᠨᠢ 15cm ᠦᠨᠳᠤᠷ ᠤᠷᠭᠤᠬᠤ ᠦᠶ᠎ᠠ ᠳᠤ 15~17cm ᠤᠨ ᠵᠠᠶᠢᠳᠠᠢ ᠪᠠᠷ | ᠴᠢᠭᠢ ᠰᠠᠭᠤᠷᠢᠰᠢᠭᠤᠯᠤᠨ᠎ᠠ᠃ ᠴᠢᠭᠢ ᠨᠢ 30cm ᠪᠤᠯᠬᠤ ᠦᠶᠡᠰ ᠭᠤᠤᠯ ᠢ ᠨᠢ ᠠᠪᠴᠤ᠂ ᠲᠤᠤᠷᠠᠳᠤ ᠭᠡᠰᠡᠭ ᠤᠨ | ᠨᠠᠪᠴᠢ ᠨᠢ ᠰᠤᠶᠤᠭᠠᠯᠠᠨ ᠬᠠᠵᠠᠭᠤ ᠶᠢᠨ ᠮᠦᠴᠢᠷ ᠪᠤᠯᠬᠤ ᠶᠢ ᠨᠢ ᠠᠭᠢᠭᠤᠯᠤᠨ᠎ᠠ᠃ ᠡᠨᠡ ᠦᠶ᠎ᠠ ᠳᠤ ᠵᠢᠶᠠᠰᠠ ᠪᠠᠨ | ᠪᠤᠰᠬᠠᠵᠤ ᠪᠤᠯᠤᠨ᠎ᠠ᠃ ᠰᠡᠭᠦᠯᠡᠷ ᠨᠢ ᠨᠢᠯᠬ᠎ᠠ ᠲᠦᠷᠦᠭᠦᠤ᠂ ᠨᠢᠯᠬ᠎ᠠ ᠨᠠᠪᠴᠢ ᠶᠢ ᠵᠠᠯᠭᠠᠭ᠎ᠠ ᠪᠠᠷ ᠲᠡᠭᠦᠵᠤ | ᠬᠤᠳᠠᠯᠳᠤᠨ᠎ᠠ᠃ | ︵1︶ ᠵᠢᠯ ᠲᠤᠵᠢ ᠤᠯᠠᠷᠢᠯ ᠰᠦᠷᠦᠭᠦᠯᠦᠨ ᠬᠠᠰᠢ ᠪᠠ ᠲᠦᠪᠡᠳ ᠬᠠᠰᠢ ᠵᠠᠯᠭᠠᠵᠤ ᠲᠠᠷᠢᠬᠤ ᠡᠨᠧᠷᠭᠢ | ᠠᠷᠪᠢᠯᠠᠬᠤ ᠵᠤᠵᠠᠭᠠᠨ ᠭᠡᠷᠡᠮ ᠲᠠᠢ ᠨᠠᠷᠠᠯᠠᠭ ᠭᠦᠯᠡᠮᠵᠢᠨ ᠳᠤ ᠤᠯᠠᠷᠢᠯ ᠰᠦᠷᠦᠭᠦᠯᠦᠨ ᠬᠠᠰᠢ ᠶᠢ ᠵᠠᠯᠭᠠᠵᠤ ᠲᠠᠷᠢᠨ᠎ᠠ᠃ | ᠡᠨᠡ ᠨᠢ ᠵᠢᠯ ᠳᠤ 2 ᠲᠦᠮᠡᠨ kg ᠬᠠᠰᠢ ᠬᠤᠷᠢᠶᠠᠵᠤ᠂ 3 ᠲᠦᠮᠡᠨ ᠲᠦᠭᠦᠷᠢᠭ ᠠᠴᠠ ᠲᠡᠭᠡᠭᠰᠢ ᠴᠡᠪᠡᠷ ᠤᠷᠤᠯᠭ᠎ᠠ | ᠤᠯᠵᠤ᠂ ᠮᠤ᠋ ᠪᠦᠷᠢ ᠶᠢᠨ ᠦᠷ᠎ᠡ ᠠᠰᠢᠭ ᠨᠢ ᠲᠦᠮᠡᠨ ᠲᠦᠭᠦᠷᠢᠭ ᠠᠴᠠ ᠲᠠᠪᠠᠨ᠎ᠠ᠃ ᠪᠤᠳᠠᠳᠠᠢ ᠲᠠᠷᠢᠬᠤ ᠠᠷᠭ᠎ᠠ ᠨᠢ | ᠭᠡᠪᠡᠯ᠂ ᠡᠩ ᠲᠠᠷᠢᠭᠦᠨ ᠳᠤ ᠰᠤᠷᠲ ᠢ ᠰᠤᠩᠭᠤᠨ ᠲᠤᠠᠠᠳᠠᠭᠠᠨ᠎ᠠ᠃ ᠰᠤᠷᠲ ᠰᠤᠩᠭᠤᠬᠤ ᠳᠤ ᠦᠨᠳᠤᠷ ᠬᠤᠷᠢᠶᠠᠯᠳᠠ | ᠲᠠᠢ᠂ ᠴᠢᠨᠠᠷ ᠰᠠᠶᠢᠳᠠᠢ᠂ ᠭᠡᠮ ᠢ ᠡᠰᠡᠷᠭᠦᠴᠡᠭᠦ ᠴᠢᠳᠠᠯ ᠲᠠᠢ᠂ ᠭᠦᠢᠳᠡᠨ ᠳᠤ ᠦᠯᠴᠢᠷ ᠪᠠᠶᠢᠳᠠᠭ ᠰᠢ ᠠᠨ ᠤ ᠨᠤᠭᠤᠭᠠᠨ | ᠬᠠᠰᠢ ᠪᠠ ᠬᠤᠯᠠᠠᠳ᠋ ᠤᠨ ᠪᠦᠯᠢᠲ᠋ᠠ ︵布利塔︶ ᠶᠢ ᠰᠤᠩᠭᠤᠵᠤ᠂ ᠵᠠᠯᠭᠠᠳᠠᠰᠤ ᠶᠢᠨ ᠲᠦᠷᠦᠯ ᠳᠤ ᠶᠠᠫᠤᠨ ᠤ | ᠲᠦᠸᠧ ᠯᠤ᠋ ᠪᠡ ᠶᠢᠨ ︵托鲁巴姻︶ ᠢ ᠰᠤᠩᠭᠤᠨ᠎ᠠ᠃ ᠲᠠᠷᠠᠭ᠎ᠠ ᠳᠤᠨᠢ ᠲᠠᠷᠢᠬᠤ ᠴᠠᠭ ᠢᠶᠠᠨ | ᠲᠤᠠᠠᠳᠠᠭᠠᠨ᠎ᠠ᠃ ᠲᠤᠬᠠᠶᠢᠯᠠᠪᠠᠯ ᠵᠢᠯ ᠪᠦᠷᠢ ᠶᠢᠨ 6 ᠳ᠋ᠤᠭᠠᠷ ᠰᠠᠷ᠎ᠠ ᠶᠢᠨ ᠲᠤᠮᠳᠡᠴᠢ ᠪᠠᠷ ᠴᠢᠭᠢ ᠪᠤᠶᠢᠵᠢᠭᠤᠯᠤᠨ | ᠲᠠᠷᠢᠵᠤ᠂ ᠴᠢᠭᠢ ᠨᠢ ᠰᠠᠷ᠎ᠠ ᠤᠷᠴᠢᠮ ᠤᠷᠭᠤᠠᠠᠰᠠᠨ ᠤ ᠰᠡᠭᠦᠯᠡᠷ ᠡᠭᠢᠯᠡᠨ ᠵᠠᠯᠭᠠᠵᠤ᠂ 30 ᠬᠤᠨᠤᠭ ᠤᠨ ᠲᠠᠷᠠᠭ᠎ᠠ | ᠰᠠᠭᠤᠷᠢᠰᠢᠭᠤᠯᠤᠨ ᠲᠠᠷᠢᠨ᠎ᠠ᠃ 11 ᠳ᠋ᠤᠭᠡᠷ ᠰᠠᠷ᠎ᠠ ᠳᠤ ᠵᠠᠬ᠎ᠠ ᠳᠤ ᠭᠠᠷᠭᠠᠵᠤ᠂ ᠲᠠᠷᠠᠭ᠎ᠠ ᠵᠢᠯ ᠤᠨ ᠭᠢᠨᠢ 3 ᠳ᠋ᠤᠭᠠᠷ | ᠰᠠᠷ᠎ᠠ ᠳᠤ ᠬᠤᠷᠢᠶᠠᠯᠳᠠ ᠶᠢᠨ ᠭᠦᠭ ᠦᠶ᠎ᠠ ᠪᠤᠯᠬᠤ ᠦᠶᠡᠰ ᠨᠢᠬᠡ ᠯᠠ ᠤᠳᠠᠭ᠎ᠠ 750kg ᠬᠤᠷᠢᠶᠠᠵᠤ ᠪᠤᠯᠬᠤ | ᠪᠦᠭᠡᠳ ᠭᠠᠷᠠᠭ ᠪᠦᠷᠢ ᠨᠢᠭᠡ ᠤᠳᠠᠭ᠎ᠠ ᠬᠤᠷᠢᠶᠠᠵᠤ᠂ 7 ᠳ᠋ᠤᠭᠠᠷ ᠰᠠᠷ᠎ᠠ ᠳᠤ ᠬᠤᠷᠢᠶᠠᠵᠤ ᠲᠠᠭᠤᠰᠬᠠᠨ᠎ᠠ᠃ | ︵2︶ ᠲᠦᠪᠡᠳ ᠬᠠᠰᠢ ~ ᠦᠷᠭᠡᠰᠤᠳᠤ ᠭᠡᠮᠭᠡ ᠲᠠᠷᠢᠬᠤ᠂ ᠲᠦᠪᠡᠳ ᠬᠠᠰᠢ ᠨᠢ ᠤᠤᠯ ᠨᠢ ᠡᠮᠦᠨᠡᠳᠤ | ᠠᠮᠧᠷᠢᠺᠠ ᠲᠢᠪ ᠤᠨ ᠬᠠᠯᠠᠭᠤᠨ ᠪᠦᠰᠨ ᠶᠢᠨ ᠭᠠᠵᠠᠷ ᠤᠷᠤᠨ ᠳᠤ ᠤᠷᠭᠤᠵᠤ ᠪᠠᠶᠢᠠᠠᠰᠠᠨ ᠲᠤᠯᠠᠭᠠᠮᠠᠳᠠᠭᠠᠢ ᠢᠳᠡᠰᠢᠨ | ᠨᠤᠭᠤᠭ᠎ᠠ ᠪᠤᠯᠤᠨ᠎ᠠ᠃ | ᠲᠠᠷᠠ ᠨᠢ 15℃~29℃ ᠤᠨ ᠲᠤᠯᠠᠭᠠᠨ ᠳᠤ ᠤᠷᠭᠤᠳᠠᠭ ᠪᠦᠭᠡᠳ 22℃~24℃ ᠲᠤ | ᠬᠠᠮᠤᠭ ᠤᠨ ᠲᠤᠭᠢᠷᠠᠮᠵᠢᠳᠡᠢ ᠪᠠᠶᠢᠳᠠᠭ᠃ 35℃ ᠠᠴᠠ ᠦᠨᠳᠤᠷ ᠪᠤᠶᠤ 10℃ ᠠᠴᠠ ᠲᠤᠤᠷ᠎ᠡ ᠲᠤᠯᠠᠭᠠᠨ ᠳᠤ | ᠤᠷᠭᠤᠬᠤ ᠪᠠᠨ ᠪᠤᠯᠢᠳᠠᠭ᠃ ᠨᠠᠷᠠᠯᠠᠭ ᠭᠦᠯᠡᠮᠵᠢᠨ ᠳᠤ ᠤᠯᠠᠷᠢᠯ ᠢ ᠰᠦᠷᠤᠨ ᠲᠦᠪᠡᠳ ᠬᠠᠰᠢ ᠲᠠᠷᠢᠬᠤ ᠨᠢ | ᠤᠷᠤᠭᠤᠯᠤᠯᠳᠠ ᠶᠡᠭᠡ ᠤᠷᠤᠭᠤᠯᠵᠤ᠂ ᠬᠤᠷᠢᠶᠠᠯᠳᠠ ᠡᠯᠪᠡᠭ ᠬᠤᠷᠢᠶᠠᠬᠤ ᠨᠢᠭᠡᠨ ᠲᠦᠷᠦᠯ ᠵᠦᠢᠯ ᠪᠤᠯᠤᠨ᠎ᠠ᠃ ᠬᠤᠳᠠ | ᠭᠦᠳᠡᠭᠡ ᠶᠢᠨ ᠦᠷᠭᠡᠨ ᠠᠭᠤᠳᠠᠮ ᠢᠳᠡᠰᠢᠨ ᠨᠤᠭᠤᠭᠠᠨ ᠤ ᠤᠷᠤᠨ ᠳᠤ ᠴᠦᠮ ᠲᠡᠯᠭᠡᠷᠡᠭᠦᠯᠵᠤ ᠪᠤᠯᠤᠨ᠎ᠠ᠃ ᠨᠠᠮᠤᠷ | ᠡᠪᠤᠯ ᠤᠨ ᠭᠤᠤᠷᠰᠤ ᠶᠢᠨ ᠲᠦᠪᠡᠳ ᠬᠠᠰᠢ ᠶᠢ ᠶᠠᠷᠦᠩᠭᠡᠢ ᠳᠡᠭᠡᠨ ᠵᠢᠯ ᠪᠦᠷᠢ ᠶᠢᠨ 6 ᠳ᠋ᠤᠭᠠᠷ ᠰᠠᠷ᠎ᠠ ᠶᠢᠨ ᠰᠡᠭᠦᠯᠴᠢ | ᠠᠴᠠ 7 ᠳ᠋ᠤᠭᠠᠷ ᠰᠠᠷ᠎ᠠ ᠶᠢᠨ ᠡᠭᠢ ᠪᠠᠷ ᠲᠠᠷᠢᠵᠤ᠂ 8 ᠳ᠋ᠤᠭᠠᠷ ᠰᠠᠷ᠎ᠠ ᠶᠢᠨ ᠲᠤᠮᠳᠡᠴᠢ ᠪᠠᠷ ᠰᠠᠭᠤᠷᠢᠰᠢᠭᠤᠯᠤᠨ ᠲᠠᠷᠢᠨ᠎ᠠ | ᠃ 10 ᠳ᠋ᠤᠭᠠᠷ ᠰᠠᠷ᠎ᠠ ᠶᠢᠨ ᠰᠡᠭᠦᠯᠴᠢ ᠪᠠᠷ ᠡᠭᠢᠯᠡᠨ ᠬᠤᠷᠢᠶᠠᠵᠤ᠂ ᠰᠢᠨ᠎ᠠ ᠵᠢᠯ ᠠᠴᠠ ᠬᠤᠶᠢᠰᠢ ᠬᠤᠷᠢᠶᠠᠵᠤ | ᠲᠠᠭᠤᠰᠬᠠᠨ᠎ᠠ᠃ ᠲᠠᠷᠠᠭ᠎ᠠ ᠶᠢᠨ ᠭᠤᠤᠷᠰᠤ ᠳᠤ ᠦᠷᠭᠡᠰᠤᠳᠤ ᠭᠡᠮᠭᠡ ᠲᠠᠷᠢᠬᠤ ᠳᠤ᠂ 11 ᠳ᠋ᠤᠭᠡᠷ ᠰᠠᠷ᠎ᠠ ᠶᠢᠨ ᠲᠤᠮᠳᠡᠴᠢ | ᠪᠠᠷ ᠲᠠᠷᠢᠵᠤ᠂ ᠲᠠᠷᠢᠠᠠᠰᠠᠨ ᠤ ᠪᠠᠨ ᠰᠡᠭᠦᠯᠡᠷ 5~7 ᠬᠤᠨᠤᠭ ᠲᠤ ᠬᠠᠷ᠎ᠠ ᠮᠦᠭᠦᠯᠢᠭᠳᠦ ᠯᠠᠩᠭᠤᠸᠠ ᠶᠢᠨ | ᠵᠠᠯᠭᠠᠳᠠᠰᠤ ᠶᠢ ᠲᠠᠷᠢᠵᠤ᠂ 12 ᠳ᠋ᠤᠭᠠᠷ ᠰᠠᠷ᠎ᠠ ᠶᠢᠨ ᠰᠡᠭᠦᠯᠴᠢ ᠳᠤ ᠵᠠᠯᠭᠠᠵᠤ᠂ ᠬᠠᠪᠤᠷ ᠤᠨ ᠠᠭᠤᠷ ᠤᠷᠤᠬᠤ ᠠᠴᠠ | ᠡᠮᠦᠨ᠎ᠠ ᠬᠤᠶᠢᠭᠤᠷ ᠰᠠᠭᠤᠷᠢᠰᠢᠭᠤᠯᠤᠨ ᠲᠠᠷᠢᠨ᠎ᠠ᠃ ᠶᠠᠷᠦᠩᠭᠡᠢ ᠳᠡᠭᠡᠨ 3 ᠳ᠋ᠤᠭᠠᠷ ᠰᠠᠷ᠎ᠠ ᠶᠢᠨ ᠡᠭᠢ ᠪᠠᠷ ᠡᠭᠢᠯᠡᠨ | ᠬᠤᠷᠢᠶᠠᠵᠤ᠂ 6 ᠳ᠋ᠤᠭᠠᠷ ᠰᠠᠷ᠎ᠠ ᠶᠢᠨ ᠰᠡᠭᠦᠯᠴᠢ ᠳᠤ ᠬᠤᠷᠢᠶᠠᠵᠤ ᠲᠠᠭᠤᠰᠬᠠᠨ᠎ᠠ᠃ | 2. ᠵᠢᠯ ᠳᠤ ᠬᠤᠶᠠᠷ ᠭᠤᠤᠷᠰᠤ ᠲᠠᠷᠢᠬᠤ ᠲᠦᠷᠦᠯ | ① ᠴᠤᠭᠤᠷ ᠨᠤᠭᠤᠭ᠎ᠠ ~ ᠴᠢᠨᠵᠤᠤ | ᠴᠤᠭᠤᠷ ᠨᠤᠭᠤᠭ᠎ᠠ ︵ᠴᠢᠩᠽᠠᠢ︶ ᠪᠤᠯ ᠰᠢᠭᠦᠷ ᠤᠨ ᠭᠡᠯᠪᠡᠷᠢᠳᠤ ᠴᠡᠴᠡᠭ ᠤᠨ ᠢᠵᠠᠭᠤᠷ ᠤᠨ ᠡᠪᠡᠰᠦᠯᠢᠭ | ᠤᠷᠭᠤᠮᠠᠯ ᠪᠤᠯᠤᠨ᠎ᠠ᠃ ᠭᠦᠢᠳᠡᠨ ᠳᠤ ᠦᠯᠴᠢᠷ ᠬᠠᠯᠠᠭᠤᠨ ᠳᠤ ᠲᠠᠰᠪᠤᠷᠢᠳᠡᠢ ᠨᠤᠭᠤᠭ᠎ᠠ ᠪᠤᠯᠬᠤ ᠪᠦᠭᠡᠳ ᠭᠤᠤᠯ ᠨᠢ | ᠨᠠᠮᠤᠷ ᠡᠪᠤᠯ ᠤᠨ ᠭᠤᠤᠷᠰᠤ ᠪᠤᠶᠤ ᠪᠤᠰᠤᠳ ᠵᠦᠢᠯ ᠤᠨ ᠦᠨᠳᠤᠷ ᠡᠰᠢᠳᠤ ᠲᠠᠷᠢᠮᠠᠯ ᠲᠠᠢ ᠠᠯᠬᠠᠯᠠᠨ ᠲᠠᠷᠢᠬᠤ ᠪᠠᠷ | ᠭᠤᠤᠯ ᠪᠤᠯᠭᠠᠳᠠᠭ᠃ ᠭᠦᠯᠡᠮᠵᠢᠨ ᠳᠤ ᠨᠠᠮᠤᠷ ᠡᠪᠤᠯ ᠤᠨ ᠴᠤᠭᠤᠷ ᠨᠤᠭᠤᠭ᠎ᠠ ᠶᠢᠨ ᠭᠤᠤᠷᠰᠤ ᠲᠠᠷᠢᠬᠤ ᠳᠤ ᠶᠠᠷᠦᠩᠭᠡᠢ | ᠳᠡᠭᠡᠨ 6 ᠳ᠋ᠤᠭᠠᠷ ᠰᠠᠷ᠎ᠠ ᠶᠢᠨ ᠰᠡᠭᠦᠯᠴᠢ ᠪᠠᠷ ᠴᠢᠭᠢ ᠪᠤᠶᠢᠵᠢᠭᠤᠯᠵᠤ᠂ ᠲᠠᠷᠠᠭ᠎ᠠ ᠵᠢᠯ ᠤᠨ ᠬᠤᠶᠠᠳᠤᠭᠠᠷ ᠰᠠᠷ᠎ᠠ ᠶᠢᠨ | ᠲᠤᠮᠳᠡᠴᠢ ᠪᠠᠷ ᠰᠠᠭᠤᠷᠢᠰᠢᠭᠤᠯᠤᠨ ᠲᠠᠷᠢᠵᠤ᠂ 3 ᠳ᠋ᠤᠭᠠᠷ ᠰᠠᠷ᠎ᠠ ᠶᠢᠨ ᠲᠤᠮᠳᠡᠴᠢ ᠠᠴᠠ ᠬᠤᠶᠢᠰᠢ ᠡᠭᠢᠯᠡᠨ ᠬᠤᠷᠢᠶᠠᠨ᠎ᠠ | ᠃ | ② ᠭᠤᠭᠤᠳ ~ ᠦᠷᠭᠡᠰᠤᠳᠤ ᠭᠡᠮᠭᠡ ᠲᠠᠷᠢᠬᠤ | 3 ᠳ᠋ᠤᠭᠠᠷ ᠰᠠᠷ᠎ᠠ ᠶᠢᠨ ᠲᠤᠮᠳᠡᠴᠢ ᠠᠴᠠ 4 ᠳ᠋ᠤᠭᠡᠷ ᠰᠠᠷ᠎ᠠ ᠶᠢᠨ ᠡᠭᠢᠨ ᠳᠤ ᠭᠤᠭᠤᠳ ᠢᠶᠠᠨ ᠰᠢᠭᠤᠳ | ᠲᠠᠷᠢᠵᠤ᠂ 6 ᠳ᠋ᠤᠭᠠᠷ ᠰᠠᠷ᠎ᠠ ᠳᠤ ᠵᠠᠶᠢᠯᠠᠨ ᠲᠠᠷᠢᠵᠤ᠂ ᠵᠤᠨ ᠤ ᠴᠠᠭ ᠲᠤ ᠵᠠᠳᠠᠭᠠᠢ ᠭᠠᠵᠠᠷ ᠦᠨᠳᠤᠰᠤ ᠶᠢ ᠨᠢ | ᠪᠤᠶᠢᠵᠢᠭᠤᠯᠵᠤ᠂ ᠡᠪᠤᠯ ᠤᠨ ᠠᠭᠤᠷ ᠤᠷᠤᠠᠠᠰᠠᠨ ᠤ ᠰᠡᠭᠦᠯᠡᠷ ᠭᠦᠯᠡᠮᠵᠢᠨ ᠳᠡᠭᠡᠨ ᠰᠢᠯᠵᠢᠭᠦᠯᠵᠤ᠂ ᠴᠠᠭᠠᠨ ᠰᠠᠷ᠎ᠠ ᠠᠴᠠ | ᠡᠮᠦᠨ᠎ᠠ ᠵᠠᠬ᠎ᠠ ᠳᠤ ᠭᠠᠷᠭᠠᠨ᠎ᠠ᠃ ᠭᠤᠭᠤᠳ ᠢᠶᠠᠨ ᠬᠤᠶᠠᠷ ᠤᠳᠠᠭ᠎ᠠ ᠬᠠᠳᠤᠠᠠᠰᠠᠨ ᠤ ᠰᠡᠭᠦᠯᠡᠷ᠂ ᠦᠷᠭᠡᠰᠤᠳᠤ | ᠭᠡᠮᠭᠡ ᠶᠢᠨ ᠵᠠᠯ᠎ᠠ ᠪᠠᠨ ᠭᠤᠭᠤᠳ ᠤᠨ ᠵᠤᠷᠠᠭ᠎ᠠ ᠳᠤ ᠰᠠᠭᠤᠷᠢᠰᠢᠭᠤᠯᠤᠨ ᠲᠠᠷᠢᠵᠤ᠂ ᠭᠤᠭᠤᠳ ᠢᠶᠠᠨ ᠭᠤᠷᠪᠡᠳᠡᠭᠢ | ᠤᠳᠠᠭ᠎ᠠ ᠬᠠᠳᠤᠠᠠᠰᠠᠨ ᠤ ᠰᠡᠭᠦᠯᠡᠷ ᠦᠨᠳᠤᠰᠤ ᠶᠢ ᠨᠢ ᠮᠠᠯᠳᠠᠨ ᠬᠠᠶᠠᠨ᠎ᠠ᠃ 3 ᠳ᠋ᠤᠭᠠᠷ ᠰᠠᠷ᠎ᠠ ᠶᠢᠨ ᠰᠡᠭᠦᠯᠴᠢ ᠪᠠᠷ | ᠦᠷᠭᠡᠰᠤᠳᠤ ᠭᠡᠮᠭᠡ ᠪᠠᠨ ᠵᠠᠬ᠎ᠠ ᠳᠤ ᠭᠠᠷᠭᠠᠵᠤ᠂ 6 ᠳ᠋ᠤᠭᠠᠷ ᠰᠠᠷ᠎ᠠ ᠶᠢᠨ ᠲᠤᠮᠳᠡᠴᠢ ᠪᠠᠷ ᠵᠡᠯ᠎ᠠ ᠪᠠᠨ ᠲᠠᠳᠠᠨ᠎ᠠ᠃ | ᠡᠭᠦᠨ ᠳᠤ ᠮᠤ᠋ ᠪᠦᠷᠢ ᠠᠴᠠ 4000kg ᠭᠤᠭᠤᠳ᠂ 5000kg ᠦᠷᠭᠡᠰᠤᠳᠤ ᠭᠡᠮᠭᠡ ᠬᠤᠷᠢᠶᠠᠨ᠎ᠠ᠃ ᠲᠤᠰ | ᠭᠤᠤᠷᠰᠤ ᠳᠤ ᠡᠪᠤᠯ ᠳᠡᠭᠡᠨ ᠭᠦᠢᠳᠡᠨ ᠳᠤ ᠦᠯᠴᠢᠷ ᠨᠤᠭᠤᠭ᠎ᠠ ᠶᠢ ᠰᠤᠩᠭᠤᠵᠤ᠂ ᠬᠠᠪᠤᠷ ᠵᠢᠮᠢᠰᠯᠢᠭ ᠨᠤᠭᠤᠭ᠎ᠠ ᠶᠢᠨ | ᠲᠦᠷᠦᠯ ᠢ ᠲᠠᠷᠢᠵᠤ᠂ ᠦᠨᠳᠤᠷ ᠪᠤᠭᠤᠨᠢ ᠨᠢ ᠲᠡᠩᠴᠡᠭᠦᠤ᠂ ᠭᠤᠤᠷᠰᠤ ᠰᠤᠯᠢᠬᠤ ᠳᠤ ᠲᠤᠭᠢᠷᠠᠮᠵᠢᠳᠡᠢ ᠪᠠᠶᠢᠯᠭᠠᠪᠠᠯ᠂ | ᠦᠷᠭᠡᠰᠤᠳᠤ ᠭᠡᠮᠭᠡ ᠶᠢᠨ ᠰᠢᠷᠤᠢ ᠠᠴᠠ ᠬᠠᠯᠳᠠᠪᠤᠷᠢᠯᠠᠬᠤ ᠭᠡᠮ ᠢ ᠰᠡᠷᠭᠡᠶᠢᠯᠡᠭᠦ ᠳᠤ ᠠᠰᠢᠠᠠᠳᠠᠢ ᠪᠦᠭᠡᠳ ᠭᠡᠷᠡᠯ ᠤᠨ | ᠡᠨᠧᠷᠭᠢ᠂ ᠭᠠᠵᠠᠷ ᠰᠢᠷᠤᠢ᠂ ᠪᠡᠯᠡᠳᠭᠡᠮᠵᠢ ᠶᠢ ᠭᠦᠢᠴᠡᠳ ᠠᠰᠢᠠᠠᠯᠠᠨ᠂ ᠤᠨᠠᠯᠳᠠ ᠪᠠ ᠦᠨ᠎ᠠ ᠦᠷᠳᠡᠭ ᠢ | ᠲᠡᠭᠡᠭᠰᠢᠯᠡᠭᠦᠯᠵᠤ ᠴᠢᠳᠠᠨ᠎ᠠ᠃ | 3. ᠦᠷᠭᠡᠰᠦᠳᠤ ᠭᠡᠮᠭᠡ ᠲᠠᠷᠢᠬᠤ | ︵1︶ ᠦᠷᠭᠡᠰᠤᠳᠤ ᠭᠡᠮᠭᠡ ᠨᠢ ᠭᠠᠳᠠᠭᠠᠳᠤ ᠨᠦᠭᠦᠴᠡᠯ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ | ᠪᠤᠢ︖ | ᠲᠤᠯᠠᠭᠠᠨ ᠤ ᠭᠡᠮᠵᠢᠶ᠎ᠠ ᠶᠢᠨ ᠲᠠᠯ᠎ᠠ ᠪᠠᠷ ᠦᠷᠭᠡᠰᠤᠳᠤ ᠭᠡᠮᠭᠡ ᠶᠢᠨ ᠦᠷ᠎ᠡ ᠶᠢᠨ ᠰᠤᠶᠤᠭᠠᠯᠠᠯᠳᠠ ᠶᠢᠨ | ᠲᠤᠯᠠᠭᠠᠨ ᠤ ᠭᠡᠮᠵᠢᠶ᠎ᠠ ᠪᠤᠯ 12℃~40℃ ᠪᠠᠶᠢᠵᠤ᠂ 18℃ ᠠᠴᠠ ᠲᠤᠷᠤᠠᠠᠰᠢ ᠲᠤᠯᠠᠭᠠᠨ ᠳᠤ ᠰᠤᠶᠤᠭᠠᠯᠠᠵᠤ | ᠲᠠᠶᠢᠯᠦᠨ᠎ᠠ᠃ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 25℃~30℃ ᠪᠤᠯᠤᠨ᠎ᠠ᠃ 35℃ | ᠠᠴᠠ ᠲᠡᠭᠡᠭᠰᠢ ᠪᠤᠯ ᠰᠤᠶᠤᠭᠠᠯᠠᠯᠳᠠ ᠶᠢᠨ ᠨᠤᠷᠮ᠎ᠠ ᠨᠢ ᠪᠠᠭᠤᠷᠠᠨ᠎ᠠ᠃ ᠤᠷᠭᠤᠯᠳᠠ ᠶᠢᠨ ᠬᠤᠭᠤᠴᠠᠭᠠᠨ ᠳᠤᠨᠢ | 10℃~30℃ ᠪᠤᠯ ᠮᠠᠰᠢ ᠢᠳᠡᠷᠡᠭᠦᠨ ᠤᠷᠭᠤᠵᠤ᠂ ᠨᠠᠭᠢᠶᠠᠯᠠᠵᠤ ᠵᠠᠳᠠᠷᠠᠬᠤ ᠶᠢᠨ ᠬᠠᠮᠤᠭ ᠤᠨ ᠲᠤᠭᠢᠷᠠᠮᠵᠢᠳᠡᠢ | ᠲᠤᠯᠠᠭᠠᠨ ᠪᠤᠯ ᠡᠳᠤᠷ ᠲᠡᠭᠡᠨ 25℃᠂ ᠰᠦᠨᠢ ᠳᠡᠭᠡᠨ 15℃᠂ ᠭᠠᠵᠠᠷ ᠤᠨ ᠲᠤᠯᠠᠭᠠᠨ ᠨᠢ 18℃ ᠪᠤᠯᠤᠨ᠎ᠠ᠃ | ᠦᠷᠭᠡᠰᠤᠳᠤ ᠭᠡᠮᠭᠡ ᠶᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠠᠮᠤᠭ ᠤᠨ ᠲᠤᠭᠢᠷᠠᠮᠵᠢᠳᠡᠢ ᠲᠤᠯᠠᠭᠠᠨ | ᠪᠤᠯ 25℃~30℃ ᠪᠠᠶᠢᠵᠤ᠂ 35℃ ᠲᠤ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠤᠷᠠᠮᠳᠤᠭᠤᠯᠭ᠎ᠠ | ᠪᠤᠯᠤᠨ ᠬᠤᠷᠤᠠᠠᠳᠠᠯ ᠨᠢ ᠲᠡᠩᠴᠡᠭᠦᠨ ᠪᠠᠶᠢᠳᠠᠭ᠃ ᠡᠶᠢᠮᠤ ᠠᠴᠠ ᠭᠦᠯᠡᠮᠵᠢᠨ ᠳᠤ ᠦᠷᠭᠡᠰᠤᠳᠤ ᠭᠡᠮᠭᠡ ᠲᠠᠷᠢᠬᠤ ᠳᠤ | 35℃ ᠠᠴᠠ ᠭᠡᠳᠦᠷᠡᠭᠦᠯᠵᠤ ᠪᠤᠯᠬᠤ ᠦᠭᠡᠢ᠃ 40℃ ᠠᠴᠠ ᠲᠡᠪᠠᠪᠠᠯ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ | ᠰᠢᠷᠦᠭᠦᠨ ᠪᠠᠭᠤᠷᠠᠵᠤ᠂ ᠰᠤᠯᠢᠯᠴᠠᠭ᠎ᠠ ᠨᠢ ᠬᠠᠷᠰᠢᠯᠬᠠᠳᠠᠵᠤ᠂ ᠤᠷᠭᠤᠯᠳᠠ ᠨᠢ ᠵᠤᠠᠠᠰᠤᠵᠤ᠂ ᠴᠠᠴᠡᠭ ᠤᠨ ᠪᠠᠭ ᠨᠢ | ᠤᠨᠠᠳᠠᠭ᠃ | ᠦᠷᠭᠡᠰᠤᠳᠤ ᠭᠡᠮᠭᠡ ᠶᠢᠨ ᠤᠷᠭᠤᠯᠳᠠ ᠶᠢᠨ ᠬᠠᠮᠤᠭ ᠤᠨ ᠲᠤᠭᠢᠷᠠᠮᠵᠢᠳᠡᠢ ᠭᠠᠵᠠᠷ ᠤᠨ ᠲᠤᠯᠠᠭᠠᠨ ᠪᠤᠯ | 20℃~23℃ ᠪᠤᠯᠤᠨ᠎ᠠ᠃ ᠦᠨᠳᠤᠰᠤᠨ ᠤ ᠰᠠᠬᠠᠯ ᠤᠨ ᠤᠷᠭᠤᠬᠤ ᠬᠠᠮᠤᠭ ᠤᠨ ᠲᠤᠤᠷ᠎ᠡ ᠲᠤᠯᠠᠭᠠᠨ ᠪᠤᠯ | 12℃~14℃ ᠪᠤᠯᠤᠨ᠎ᠠ᠃ ᠭᠠᠵᠠᠷ ᠤᠨ ᠲᠤᠯᠠᠭᠠᠨ ᠨᠢ 12℃ ᠠᠴᠠ ᠪᠠᠭᠤᠷᠠᠬᠤ ᠦᠶ᠎ᠠ ᠳᠤ ᠦᠨᠳᠤᠰᠤᠨ | ᠰᠢᠰᠲ᠋ᠧᠮ ᠨᠢ ᠤᠰᠤ ᠪᠠ ᠲᠠᠵᠢᠭᠡᠯ ᠭᠦᠷᠳᠡᠵᠤ ᠴᠢᠳᠠᠬᠤ ᠦᠭᠡᠢ ᠪᠤᠯᠳᠠᠭ᠃ ᠡᠶᠢᠮᠤ ᠠᠴᠠ ᠭᠦᠯᠡᠮᠵᠢᠨ ᠳᠤ | ᠦᠷᠭᠡᠰᠤᠳᠤ ᠭᠡᠮᠭᠡ ᠲᠠᠷᠢᠬᠤ ᠳᠤ ᠭᠠᠵᠠᠷ ᠤᠨ ᠲᠤᠯᠠᠭᠠᠨ ᠨᠢ ᠡᠷᠭᠡᠪᠰᠢ 12℃ ᠠᠴᠠ ᠲᠡᠭᠡᠭᠰᠢ ᠪᠠᠶᠢᠬᠤ ᠭᠡᠷᠡᠭᠳᠡᠢ᠃ | ᠦᠷᠭᠡᠰᠤᠳᠤ ᠭᠡᠮᠭᠡ ᠪᠤᠯ ᠲᠡᠭ ᠠᠴᠠ ᠲᠤᠷᠤᠠᠠᠰᠢ ᠲᠤᠯᠠᠭᠠᠨ ᠳᠤ ᠭᠦᠯᠳᠡᠭᠡᠳ ᠦᠭᠦᠴᠢᠭᠡᠳᠡᠭ᠃ | ᠦᠯᠴᠢᠷᠵᠢᠭᠦᠯᠦᠭᠰᠡᠨ ᠦᠭᠡᠢ ᠨᠢᠯᠬ᠎ᠠ | ᠴᠢᠭᠢ ᠪᠤᠯ 2℃~3℃ ᠤᠨ ᠲᠤᠯᠠᠭᠠᠨ ᠳᠤ ᠦᠭᠦᠴᠢᠭᠡᠳᠡᠭ᠂ ᠦᠯᠴᠢᠷᠵᠢᠭᠦᠯᠦᠭᠰᠡᠡ ᠨᠢᠯᠬ᠎ᠠ ᠴᠢᠭᠢ ᠪᠤᠯ 3℃ | ᠲᠤ ᠲᠡᠰᠴᠤ ᠲᠠᠶᠢᠯᠦᠨ᠎ᠠ᠂ ᠤᠬᠤᠷ ᠴᠠᠭ ᠤᠨ 0℃ ᠲᠤ ᠭᠦᠯᠳᠡᠭᠦ ᠠᠴᠠ ᠪᠢᠰᠢ ᠦᠭᠦᠳᠡᠭ ᠦᠭᠡᠢ᠃ | ᠦᠷᠭᠡᠰᠤᠳᠤ ᠭᠡᠮᠭᠡ ᠶᠢᠨ ᠦᠷᠡᠯᠡᠭᠦ ᠬᠤᠭᠤᠴᠠᠭᠠᠨ ᠳᠤ ᠡᠳᠤᠷ ᠤᠨ ᠲᠤᠯᠠᠭᠠᠨ ᠨᠢ 25℃~32℃ | ᠪᠠᠶᠢᠵᠤ᠂ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠠᠭᠢᠭᠤᠯᠵᠤ᠂ ᠡᠮᠦᠨ᠎ᠠ ᠬᠠᠭᠠᠰ ᠰᠦᠨᠢ ᠶᠢᠨ ᠲᠤᠯᠠᠭᠠᠨ ᠨᠢ | 16℃~20℃ ᠪᠠᠶᠢᠵᠤ᠂ ᠤᠷᠭᠤᠮᠠᠯ ᠤᠨ ᠰᠢᠮ᠎ᠠ ᠲᠡᠵᠢᠭᠡᠯᠳᠤ ᠡᠳ᠋ ᠨᠢ ᠨᠠᠪᠴᠢᠨ ᠠᠴᠠ ᠦᠷ᠎ᠡ ᠵᠢᠮᠢᠰ ᠲᠤ | ᠰᠢᠯᠵᠢᠭᠦ ᠶᠢ ᠠᠭᠢᠭᠤᠯᠵᠤ᠂ ᠰᠡᠭᠦᠯ ᠤᠨ ᠬᠠᠭᠠᠰ ᠰᠦᠨᠢ ᠶᠢᠨ ᠲᠤᠯᠠᠭᠠᠨ ᠨᠢ 12℃~14℃ ᠪᠠᠶᠢᠵᠤ᠂ | ᠠᠮᠢᠰᠬᠤᠯ ᠤᠨ ᠬᠤᠷᠤᠠᠠᠳᠠᠯ ᠢ ᠪᠠᠭᠤᠷᠠᠭᠤᠯᠬᠤ ᠭᠡᠷᠡᠭᠳᠡᠢ᠃ ᠵᠢᠮᠢᠰ ᠤᠨ ᠪᠤᠶᠢᠵᠢᠯᠳᠡ ᠶᠢᠨ ᠬᠠᠮᠤᠭ ᠤᠨ ᠲᠤᠭᠢᠷᠠᠮᠵᠢᠳᠡᠢ | ᠲᠤᠯᠠᠭᠠᠨ ᠪᠤᠯ 23℃~28℃ ᠪᠤᠯᠤᠨ᠎ᠠ᠃ 20℃ ᠠᠴᠠ ᠲᠤᠷᠤᠠᠠᠰᠢᠯᠠᠬᠤ ᠪᠤᠶᠤ 30℃ ᠠᠴᠠ ᠲᠠᠪᠠᠵᠤ | ᠪᠤᠯᠬᠤ ᠦᠭᠡᠢ᠃ | ᠭᠡᠷᠡᠯ ᠤᠨ ᠲᠤᠰᠤᠯᠳᠠ ᠶᠢᠨ ᠲᠠᠯ᠎ᠠ ᠪᠠᠷ ᠦᠷᠭᠡᠰᠤᠳᠤ ᠭᠡᠮᠭᠡ ᠨᠢ ᠤᠷᠭᠤᠯᠳᠠ ᠶᠢᠨ ᠬᠤᠭᠤᠴᠠᠭᠠᠨ ᠳᠠᠭᠠᠨ | ᠡᠳᠤᠷ ᠪᠦᠷᠢ 8 ᠴᠠᠭ ᠠᠴᠠ ᠲᠡᠭᠡᠭᠰᠢᠭᠢ ᠨᠠᠷᠠᠨ ᠤ ᠭᠡᠷᠡᠯ ᠤᠨ ᠲᠤᠰᠤᠯᠳᠠ ᠲᠠᠢ ᠪᠤᠯ ᠰᠠᠶ᠋ᠢ ᠦᠨᠳᠤᠷ ᠬᠤᠷᠢᠶᠠᠯᠳᠠ ᠶᠢ | ᠪᠠᠳᠤᠯᠠᠵᠤ ᠴᠢᠳᠠᠨ᠎ᠠ᠃ ᠦᠪᠤᠷ ᠮᠤᠩᠭᠤᠯ ᠤᠷᠤᠨ ᠨᠢ 11 ᠳ᠋ᠤᠭᠡᠷ ᠰᠠᠷ᠎ᠠ ᠶᠢᠨ ᠲᠤᠮᠳᠡᠴᠢ ᠠᠴᠠ ᠲᠠᠷᠠᠭ᠎ᠠ ᠵᠢᠯ ᠤᠨ | 2 ᠳ᠋ᠤᠭᠠᠷ ᠰᠠᠷ᠎ᠠ ᠭᠦᠷᠳᠡᠯᠡᠭᠢ ᠡᠳᠤᠷ ᠤᠨ ᠨᠠᠷᠠᠨ ᠤ ᠭᠡᠷᠡᠯ ᠨᠢ 7 ᠴᠠᠭ ᠭᠦᠷᠭᠦ ᠦᠭᠡᠢ᠂ ᠭᠡᠷᠡᠯ ᠤᠨ ᠡᠷᠴᠢᠮ ᠨᠢ ᠴᠤ | ᠪᠠᠭᠤᠷᠠᠢ᠂ ᠠᠭᠤᠷ ᠠᠮᠢᠰᠬᠤᠯ ᠮᠠᠰᠢ ᠲᠤᠤᠷ᠎ᠠ ᠪᠠᠶᠢᠳᠠᠭ ᠪᠤᠯᠬᠤᠷ ᠦᠷᠭᠡᠰᠤᠳᠤ ᠭᠡᠮᠭᠡ ᠲᠠᠷᠢᠬᠤ ᠳᠤ ᠮᠠᠰᠢ ᠪᠡᠷᠭᠡ ᠲᠠᠢ | ᠪᠠᠶᠢᠳᠠᠭ᠃ | ᠤᠰᠤᠨ ᠤ ᠰᠢᠮ᠎ᠠ᠂ ᠦᠷᠭᠡᠰᠤᠳᠤ ᠭᠡᠮᠭᠡ ᠪᠤᠯ ᠬᠦᠢᠬᠡᠨ ᠦᠨᠳᠤᠰᠤ ᠲᠠᠢ ᠲᠠᠷᠢᠮᠠᠯ ᠪᠤᠯᠬᠤ ᠪᠦᠭᠡᠳ ᠭᠤᠤᠯ | ᠦᠨᠳᠤᠰᠤᠨ ᠰᠢᠰᠲ᠋ᠧᠮ ᠨᠢ 30cm ᠤᠨ ᠭᠦᠷᠤᠰᠤᠨ ᠳᠤ ᠯᠡ ᠲᠠᠷᠬᠠᠵᠤ᠂ ᠤᠰᠤ ᠰᠢᠮᠡᠳᠭᠡᠭᠦ ᠨᠢ ᠨᠡᠯᠢᠶᠡᠳ | ᠪᠠᠷᠤᠠᠠᠳᠠᠢ ᠪᠠᠶᠢᠳᠠᠭ᠃ ᠦᠷᠭᠡᠰᠤᠳᠤ ᠭᠡᠮᠭᠡ ᠶᠢᠨ ᠨᠠᠪᠴᠢ ᠨᠢ ᠲᠤᠮᠤ ᠪᠤᠯᠬᠤᠷ ᠤᠰᠤᠨ ᠤ ᠠᠭᠤᠷᠰᠢᠯᠳᠠ ᠨᠢ ᠮᠠᠰᠢ | ᠶᠡᠭᠡ ᠪᠠᠶᠢᠵᠤ᠂ ᠤᠰᠤ ᠬᠤᠷᠤᠠᠠᠳᠠᠭᠤᠯᠬᠤ ᠨᠢ ᠴᠤ ᠶᠡᠭᠡ ᠪᠠᠶᠢᠳᠠᠭ᠃ ᠡᠶᠢᠮᠤ ᠠᠴᠠ ᠦᠷᠭᠡᠰᠤᠳᠤ ᠭᠡᠮᠭᠡ ᠨᠢ ᠭᠦᠷᠤᠰᠤ | ᠰᠢᠷᠤᠢ ᠶᠢᠨ ᠴᠢᠭᠢᠭ ᠪᠤᠯᠤᠨ ᠠᠭᠤᠷ ᠠᠮᠢᠰᠬᠤᠯ ᠤᠨ ᠴᠢᠭᠢᠭ ᠤᠨ ᠲᠠᠯ᠎ᠠ ᠪᠠᠷ ᠬᠢ ᠱᠠᠭᠠᠷᠳᠠᠯᠭ᠎ᠠ ᠨᠢ ᠮᠠᠰᠢ ᠦᠨᠳᠤᠷ | ᠪᠠᠶᠢᠳᠠᠭ᠃ ᠦᠨᠳᠤᠷ ᠬᠤᠷᠢᠶᠠᠯᠳᠠ ᠤᠯᠬᠤ ᠳᠤ ᠭᠦᠯᠡᠮᠵᠢᠨ ᠤ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ | 60%~70% ᠠᠴᠠ ᠲᠡᠭᠡᠭᠰᠢ ᠪᠠᠶᠢᠬᠤ ᠶᠢ ᠪᠠᠳᠤᠯᠠᠬᠤ ᠭᠡᠷᠡᠭᠳᠡᠢ᠃ 40%~50% ᠠᠴᠠ ᠲᠤᠤᠷ᠎ᠠ ᠪᠤᠯᠪᠠᠯ | ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠪᠠᠭᠤᠷᠠᠨ᠎ᠠ᠃ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ | 70%~80% ᠠᠴᠠ ᠲᠡᠭᠡᠭᠰᠢ ᠪᠠᠶᠢᠵᠤ ᠪᠤᠯᠬᠤ ᠦᠭᠡᠢ᠃ ᠭᠦᠷᠦᠰᠤ ᠰᠢᠷᠤᠢ ᠨᠢ ᠭᠡᠳᠦᠷᠭᠡᠢ ᠴᠢᠭᠢᠭ ᠲᠠᠢ ᠪᠤᠯ | ᠭᠡᠮ ᠬᠤᠷᠤᠬᠠᠢ ᠶᠢᠨ ᠭᠦᠨᠦᠭᠡᠯ ᠳᠤ ᠤᠴᠠᠷᠠᠬᠤ ᠪᠤᠯᠤᠨ᠎ᠠ᠃ | ᠦᠷᠭᠡᠰᠤᠳᠤ ᠭᠡᠮᠭᠡ ᠨᠢ ᠠᠳᠠᠯᠢ ᠪᠤᠰᠤ ᠤᠷᠭᠤᠯᠳᠠ ᠶᠢᠨ ᠦᠶ᠎ᠠ ᠳᠡᠭᠡᠨ ᠤᠰᠤᠨ ᠤ ᠲᠠᠯ᠎ᠠ ᠪᠠᠷ ᠬᠢ | ᠱᠠᠭᠠᠷᠳᠠᠯᠭ᠎ᠠ ᠨᠢ ᠴᠤ ᠠᠳᠠᠯᠢ ᠦᠭᠡᠢ ᠪᠠᠶᠢᠳᠠᠭ᠃ ᠨᠢᠯᠬ᠎ᠠ ᠴᠢᠭᠢᠨ ᠤ ᠬᠤᠭᠤᠴᠠᠭᠠᠨ ᠳᠤᠨᠢ ᠤᠰᠤ ᠶᠢ ᠭᠡᠳᠦᠷᠡᠭᠦᠯᠵᠤ | ᠪᠤᠯᠬᠤ ᠦᠭᠡᠢ᠃ ᠲᠠᠶᠢᠮᠤ ᠪᠢᠰᠢ ᠪᠤᠯ ᠭᠠᠵᠠᠷ ᠤᠨ ᠲᠤᠯᠠᠭᠠᠨ ᠪᠠᠭᠤᠷᠠᠬᠤ ᠠᠴᠠ ᠪᠤᠯᠤᠭᠠᠳ ᠦᠨᠳᠤᠰᠤ ᠨᠢ ᠠᠮᠠᠷᠬᠠᠨ | ᠤᠰᠤᠳᠤᠨ ᠦᠭᠦᠭᠦ ᠪᠤᠯᠤᠨ᠎ᠠ᠃ ᠤᠰᠤ ᠲᠤᠳ᠋ᠬᠠᠳᠠᠪᠠᠯ ᠨᠢᠯᠬ᠎ᠠ ᠴᠢᠭᠢ ᠨᠢ ᠠᠮᠠᠷᠬᠠᠨ ᠭᠦᠭᠰᠢᠷᠡᠵᠤ᠂ ᠡᠰᠢ ᠰᠠᠭᠤᠷᠢ ᠨᠢ | ᠡᠷᠳᠡ ᠦᠳᠡᠯᠳᠡᠭ᠃ ᠠᠩᠬ᠎ᠠ ᠴᠡᠴᠡᠭᠯᠡᠭᠦ ᠦᠶ᠎ᠠ ᠳᠤᠨᠢ ᠢᠯᠡᠭᠦᠭᠡᠨ ᠤᠰᠤᠯᠠᠵᠤ᠂ ᠬᠦᠢᠬᠡᠨ ᠬᠠᠭᠠᠯᠪᠤᠷᠢᠯᠠᠨ ᠴᠢᠭᠢ ᠪᠠᠨ | ᠴᠤᠨᠤᠠᠠᠯᠠᠨ ᠰᠠᠭᠤᠯᠭᠠᠵᠤ᠂ ᠦᠨᠳᠤᠰᠤᠨ ᠰᠢᠰᠲ᠋ᠧᠮ ᠤᠨ ᠤᠷᠭᠤᠯᠳᠠ ᠶᠢ ᠠᠭᠢᠭᠤᠯᠵᠤ᠂ ᠡᠰᠢ ᠨᠠᠪᠴᠢ ᠨᠢ ᠭᠡᠳᠤ | ᠪᠠᠳᠠᠷᠠᠩᠭᠤᠢ ᠤᠷᠭᠤᠬᠤ ᠠᠴᠠ ᠰᠡᠷᠭᠡᠶᠢᠯᠡᠭᠦ ᠭᠡᠷᠡᠭᠳᠡᠢ᠃ ᠦᠷᠡᠯᠡᠭᠦ ᠬᠤᠭᠤᠴᠠᠭᠠᠨ ᠳᠤ ᠲᠡᠵᠢᠭᠡᠯ ᠤᠨ ᠤᠷᠭᠤᠯᠳᠠ ᠪᠠ | ᠦᠷᠡᠵᠢᠯ ᠤᠨ ᠤᠷᠭᠤᠯᠳᠠ ᠨᠢ ᠬᠠᠮᠳᠤ ᠳᠠᠭᠠᠨ ᠶᠠᠪᠤᠠᠠᠳᠠᠬᠤ ᠲᠤᠯᠠ ᠨᠠᠪᠴᠢᠨ ᠤ ᠲᠠᠯᠠᠪᠠᠢ ᠨᠢ ᠲᠠᠰᠤᠷᠠᠯᠳᠠ ᠦᠭᠡᠢ | ᠦᠷᠭᠡᠵᠢᠨ᠂ ᠨᠠᠪᠴᠢᠨ ᠤ ᠲᠤᠭ᠎ᠠ ᠨᠢ ᠤᠯᠠᠰᠢᠷᠠᠵᠤ᠂ ᠵᠢᠮᠢᠰ ᠤᠨ ᠪᠤᠶᠢᠵᠢᠯᠳᠡ ᠨᠢ ᠲᠦᠷᠭᠡᠳᠴᠤ᠂ ᠤᠰᠤᠨ ᠤ | ᠱᠠᠭᠠᠷᠳᠠᠯᠭ᠎ᠠ ᠶᠡᠭᠡᠰᠭᠦ ᠲᠤᠯᠠ᠂ ᠤᠰᠤ ᠶᠢ ᠭᠦᠢᠴᠡᠳ ᠰᠠᠶᠢᠨ ᠬᠠᠨᠭ᠍ᠭᠠᠬᠤ ᠪᠤᠯ ᠡᠯᠪᠡᠭ ᠬᠤᠷᠢᠶᠠᠯᠳᠠ ᠤᠯᠬᠤ ᠶᠢᠨ | ᠪᠠᠳᠤᠯᠠᠭ᠎ᠠ ᠮᠦᠨ᠃ | ᠦᠷᠭᠡᠰᠤᠳᠤ ᠭᠡᠮᠭᠡ ᠶᠢᠨ ᠠᠭᠠᠷ ᠤᠨ ᠴᠢᠭᠢᠭ ᠤᠨ ᠬᠡᠮᠵᠢᠶ᠎ᠠ ᠨᠢ 80%~83% ᠪᠤᠯᠪᠠᠯ ᠢᠯᠵᠠᠷᠠᠬᠤ | ᠭᠡᠮ ᠢ ᠡᠭᠦᠰᠭᠡᠳᠡᠭ᠃ ᠡᠶᠢᠮᠤ ᠠᠴᠠ ᠬᠠᠮᠠᠭᠠᠯᠠᠯᠳᠠ ᠶᠢᠨ ᠲᠠᠷᠢᠶᠠᠨ ᠤ ᠰᠦᠨᠢ ᠶᠢᠨ ᠠᠭᠠᠷ ᠤᠨ ᠴᠢᠭᠢᠭ ᠢ 80% ᠠᠴᠠ | ᠲᠤᠷᠤᠠᠠᠰᠢ ᠪᠠᠶᠢᠯᠭᠠᠪᠠᠯ᠂ ᠢᠯᠵᠠᠷᠠᠬᠤ ᠭᠡᠮ ᠡᠭᠦᠰᠭᠦ ᠪᠡ ᠲᠡᠯᠭᠡᠷᠡᠭᠦ ᠶᠢ ᠪᠠᠭᠠᠰᠬᠠᠵᠤ ᠴᠢᠳᠠᠨ᠎ᠠ᠃ ᠭᠦᠷᠤᠰᠤ ᠰᠢᠷᠤᠢ ᠪᠡ | ᠦᠩ ᠰᠢᠮ᠎ᠠ᠄ ᠦᠷᠭᠡᠰᠤᠳᠤ ᠭᠡᠮᠭᠡ ᠶᠢᠨ ᠭᠦᠷᠤᠰᠤ ᠰᠢᠷᠤᠢ ᠳᠤ ᠲᠤᠭᠢᠷᠠᠯᠴᠠᠬᠤ ᠭᠡᠪᠴᠢᠶ᠎ᠠ ᠨᠢ ᠨᠡᠯᠢᠶᠡᠳ ᠦᠷᠭᠡᠨ | ᠪᠠᠶᠢᠵᠤ᠂ ᠪᠠᠭ᠎ᠠ ᠭᠦᠴᠢᠯᠯᠢᠭ ᠪᠤᠶᠤ ᠪᠠᠭ᠎ᠠ ᠬᠤᠵᠢᠷᠯᠢᠬ ᠭᠠᠵᠠᠷ ᠴᠦᠮ ᠲᠠᠷᠢᠵᠤ ᠪᠤᠯᠬᠤ ᠪᠦᠭᠡᠳ pH ᠤᠨ ᠭᠡᠮᠵᠢᠶ᠎ᠠ | ᠨᠢ 5.5~7.6 ᠪᠠᠶᠢᠬᠤ ᠭᠡᠪᠴᠢᠶᠠᠨ ᠲᠤᠳᠤᠷ᠎ᠠ ᠴᠦᠮ ᠲᠤᠭᠢᠷᠠᠯᠴᠠᠬᠤ ᠪᠠ pH ᠤᠨ ᠭᠡᠮᠵᠢᠶ᠎ᠠ ᠨᠢ 6.5 ᠪᠠᠶᠢᠪᠠᠯ | ᠬᠠᠮᠤᠭ ᠤᠨ ᠲᠤᠭᠢᠷᠠᠮᠵᠢᠳᠡᠢ᠃ | ᠦᠷᠭᠡᠰᠤᠳᠤ ᠭᠡᠮᠭᠡ ᠨᠢ ᠬᠠᠯᠠᠭᠤᠨ ᠪᠦᠰᠡ ᠶᠢᠨ ᠤᠢ ᠰᠢᠭᠤᠶᠢᠳᠤ ᠭᠠᠵᠠᠷ ᠤᠷᠤᠨ ᠤ ᠢᠯᠵᠠᠷᠠᠮᠠᠯ ᠭᠠᠵᠠᠷ ᠲᠤ | ᠤᠷᠭᠤᠵᠤ ᠪᠠᠶᠢᠠᠠᠰᠠᠨ ᠠᠴᠠ ᠦᠨᠳᠤᠰᠤᠨ ᠰᠢᠰᠲ᠋ᠧᠮ ᠨᠢ ᠬᠦᠢᠬᠡᠨ ᠪᠠᠶᠢᠵᠤ᠂ ᠭᠦᠴᠢᠯᠳᠦ᠋ᠷᠦᠭᠴᠢ ᠶᠢᠨ ᠲᠠᠯ᠎ᠠ ᠪᠠᠷ | ᠮᠠᠰᠢ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠤᠷᠭᠠᠨᠢᠭ ᠪᠤᠷᠳᠤᠭᠤᠷ ᠨᠡᠮᠡᠨ ᠤᠷᠤᠭᠤᠯᠵᠤ᠂ ᠭᠦᠷᠦᠰᠤᠨ ᠤ | ᠤᠷᠭᠠᠨᠢᠭ ᠪᠤᠳᠠᠰ ᠤᠨ ᠠᠭᠤᠯᠤᠭᠳᠠᠴᠨ ᠪᠠ ᠦᠩ ᠰᠢᠮ᠎ᠠ ᠶᠢ ᠲᠡᠭᠡᠭᠰᠢᠯᠡᠭᠦᠯᠵᠤ᠂ ᠭᠦᠷᠦᠰᠤᠨ ᠤ ᠭᠡᠢ ᠨᠡᠪᠳᠡᠷᠡᠯᠳᠡ ᠶᠢ | ᠨᠡᠮᠡᠭᠳᠡᠭᠦᠯᠭᠦ ᠪᠤᠯ ᠡᠯᠪᠡᠭ ᠬᠤᠷᠢᠶᠠᠯᠳᠠ ᠤᠯᠬᠤ ᠶᠢᠨ ᠰᠠᠭᠤᠷᠢ ᠮᠦᠨ᠃ ᠮᠠᠲ᠋ᠧᠷᠢᠶᠠᠯ ᠤᠨ ᠮᠡᠳᠡᠭᠡᠯᠡᠯ ᠢ ᠦᠨᠳᠦᠰᠦᠯᠡᠪᠡᠯ | ᠮᠤ᠋ ᠪᠦᠷ ᠠᠴᠠ 100kg ᠵᠢᠮᠢᠰ ᠬᠤᠷᠢᠶᠠᠬᠤ ᠳᠤ ᠶᠡᠭᠡ ᠲᠦᠯᠤᠪ ᠠᠽᠤᠲ 280g᠂ ᠹᠤᠰᠹᠤᠷ 90g᠂ ᠺᠠᠯᠢ | 990g᠂ ᠺᠠᠯᠼ 310g᠂ ᠮᠠᠩᠭᠠᠨ 70g ᠭᠡᠷᠡᠭᠰᠡᠨ᠎ᠠ᠃ ᠡᠳᠡᠭᠡᠷ ᠰᠢᠮ᠎ᠠ ᠲᠡᠵᠢᠭᠡᠯ ᠢ ᠤᠷᠭᠠᠨᠢᠭ ᠪᠤᠷᠳᠤᠭᠤᠷ | ᠭᠦᠢᠴᠡᠳ ᠰᠠᠶᠢᠨ ᠤᠷᠤᠭᠤᠯᠪᠠᠯ ᠰᠠᠶ᠋ᠢ ᠬᠠᠨᠭ᠍ᠭᠠᠵᠤ ᠲᠠᠶᠢᠯᠦᠨ᠎ᠠ᠃ ᠬᠠᠮᠠᠭᠠᠯᠠᠯᠳᠠ ᠶᠢᠨ ᠭᠠᠵᠠᠷ ᠦᠷᠭᠡᠰᠤᠳᠤ ᠭᠡᠮᠭᠡ | ᠲᠠᠷᠢᠬᠤ ᠳᠤ ᠮᠤ᠋ ᠪᠦᠷᠢ 7500kg ᠴᠢᠨᠠᠷ ᠰᠠᠶᠢᠳᠠᠢ ᠤᠷᠭᠠᠨᠢᠭ ᠪᠤᠷᠳᠤᠭᠤᠷ ᠤᠷᠤᠭᠤᠯᠪᠠᠯ ᠰᠠᠶ᠋ᠢ ᠠᠽᠤᠲ᠂ | ᠹᠤᠰᠹᠤᠷ᠂ ᠺᠠᠯᠢ᠂ ᠺᠠᠯᠼ᠂ ᠮᠠᠩᠭᠠᠨ ᠤ ᠭᠡᠷᠡᠭᠴᠡᠭᠡ ᠶᠢ ᠬᠠᠨᠭ᠍ᠭᠠᠵᠤ ᠲᠠᠶᠢᠯᠦᠨ᠎ᠠ᠃ | ︵2︶ ᠶᠠᠮᠠᠷ ᠰᠤᠷᠲ ᠢ ᠰᠤᠩᠭᠤᠬᠤ ᠪᠤᠢ︖ | ᠭᠦᠯᠡᠮᠵᠢᠨ ᠳᠤ ᠡᠪᠤᠯ ᠬᠠᠪᠤᠷ ᠤᠨ ᠭᠤᠤᠷᠰᠤ ᠲᠠᠷᠢᠬᠤ ᠳᠤ ᠭᠦᠢᠳᠡᠨ ᠳᠤ ᠲᠠᠰᠪᠤᠷᠢᠳᠡᠢ᠂ ᠤᠷᠭᠤᠯᠳᠠ | ᠰᠠᠶᠢᠳᠠᠢ᠂ ᠦᠷᠭᠦᠯᠵᠢᠯᠡᠨ ᠵᠢᠮᠢᠰᠯᠡᠭᠦ ᠴᠢᠳᠠᠯ ᠲᠠᠢ᠂ ᠡᠷᠳᠡ ᠪᠤᠯᠪᠠᠰᠤᠷᠠᠳᠠᠭ ᠰᠤᠷᠲ ᠢ ᠰᠤᠩᠭᠤᠬᠤ ᠭᠡᠷᠡᠭᠳᠡᠢ᠃ ᠡᠭᠦᠨ | ᠳᠤ ᠱᠧᠩ ᠱᠢ ᠴᠠᠩ ᠴᠦᠨ ︵盛世长春︶᠂ ᠵᠦᠩ ᠬᠤᠸᠠ ᠶᠢᠩ ᠰᠢᠶᠦ᠋ᠩ ︵中华英雄︶ | ᠂ ᠪᠤᠤ ᠶᠢᠤ ︵保优︶ 80 ᠨᠤᠮᠧᠷᠳᠦ᠂ ᠶᠢᠨ ᠶᠢᠤ ︵津优︶ 2 ᠨᠤᠮᠧᠷᠳᠤ ᠵᠡᠷᠭᠡ ᠰᠤᠷᠲ ᠪᠠᠶᠢᠨ᠎ᠠ᠃ | | ︵3︶ ᠦᠷᠭᠡᠰᠤᠳᠤ ᠭᠡᠮᠭᠡ ᠶᠢᠨ ᠴᠢᠭᠢ ᠶᠢ ᠶᠠᠭᠠᠭᠢᠵᠤ ᠪᠤᠶᠢᠵᠢᠭᠤᠯᠬᠤ ᠪᠤᠢ︖ | ᠴᠢᠭᠢ ᠪᠤᠶᠢᠵᠢᠭᠤᠯᠬᠤ ᠲᠦᠭᠦᠭᠡᠷᠤᠮᠵᠢ᠄ ᠬᠠᠪᠤᠷ ᠡᠷᠳᠡ ᠶᠢᠨ ᠭᠤᠤᠷᠰᠤᠨ ᠤ ᠦᠷᠭᠡᠰᠤᠳᠤ ᠭᠡᠮᠭᠡ ᠶᠢᠨ ᠴᠢᠭᠢ | ᠪᠤᠶᠢᠵᠢᠭᠤᠯᠬᠤ ᠬᠤᠭᠤᠴᠠᠭ᠎ᠠ ᠨᠢ ᠶᠠᠭ ᠡᠪᠤᠯ ᠤᠨ ᠬᠠᠭᠢᠷ ᠭᠦᠢᠳᠡᠨ ᠪᠤᠯᠬᠤ 11 ᠳ᠋ᠤᠭᠡᠷ ᠰᠠᠷ᠎ᠠ ᠠᠴᠠ 1 ᠳ᠋ᠤᠭᠡᠷ | ᠰᠠᠷ᠎ᠠ ᠲᠤᠭᠢᠶᠠᠯᠳᠤᠵᠤ᠂ ᠡᠨᠡ ᠦᠶ᠎ᠠ ᠳᠤ ᠲᠤᠯᠠᠭᠠᠨ ᠤ ᠭᠡᠮᠵᠢᠶ᠎ᠠ ᠲᠤᠤᠷ᠎ᠡ᠂ ᠭᠡᠷᠡᠯ ᠤᠨ ᠲᠤᠰᠤᠯᠳᠠ ᠪᠠᠭᠤᠷᠠᠢ ᠪᠤᠯᠬᠤᠷ | ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠤᠷᠭᠤᠯᠳᠠ ᠳᠤ ᠠᠰᠢᠭ ᠦᠭᠡᠢ ᠪᠠᠶᠢᠳᠠᠭ᠃ ᠴᠢᠭᠢ ᠪᠤᠶᠢᠵᠢᠭᠤᠯᠬᠤ ᠳᠤ | ᠰᠠᠶᠢᠨ ᠰᠠᠶᠢᠬᠠᠨ ᠤᠷᠴᠢᠨ ᠨᠦᠭᠦᠴᠡᠯ ᠪᠦᠷᠢᠳᠦᠭᠦᠯᠵᠤ ᠦᠭᠭᠦ ᠶᠢᠨ ᠲᠤᠰᠠᠳᠠ᠂ ᠴᠢᠭᠢ ᠪᠤᠶᠢᠵᠢᠭᠤᠯᠬᠤ ᠲᠤᠰᠬᠠᠢ | ᠦᠷᠦᠭᠡ ᠪᠠᠶᠢᠭᠤᠯᠬᠤ ᠭᠡᠷᠡᠭᠳᠡᠢ᠃ ᠭᠦᠯᠡᠮᠵᠢᠨ ᠤ ᠪᠠᠨ ᠵᠡᠭᠦᠨ ᠲᠠᠯ᠎ᠠ ᠪᠤᠶᠤ ᠪᠠᠷᠠᠭᠤᠨ ᠲᠠᠯ᠎ᠠ ᠪᠠᠷ ᠪᠠᠷᠤᠭ 6~8m | ᠤᠷᠳᠤ ᠪᠦᠭᠦᠢ ᠲᠤᠰᠠᠭᠠᠷᠯᠠᠬᠤ ᠭᠡᠷᠡᠮ ᠢ ᠬᠠᠭᠤᠴᠢᠨ ᠰᠦᠯᠢᠶᠤᠤ ᠪᠦᠰ ᠢᠶᠠᠷ ᠲᠠᠳᠠᠵᠤ ᠭᠦᠯᠡᠮᠵᠢ ᠠᠴᠠ ᠪᠠᠨ | ᠲᠤᠰᠠᠭᠠᠷᠯᠠᠵᠤ᠂ ᠴᠢᠭᠢ ᠪᠤᠶᠢᠵᠢᠭᠤᠯᠬᠤ ᠵᠢᠵᠢᠭ ᠦᠷᠦᠭᠡ ᠭᠠᠷᠭᠠᠨ᠎ᠠ᠃ ᠴᠢᠭᠢ ᠪᠤᠶᠢᠵᠢᠭᠤᠯᠬᠤ ᠦᠷᠦᠭᠡᠨ ᠳᠡᠭᠡᠨ ᠭᠠᠯ | ᠲᠦᠯᠡᠭᠦ ᠪᠡ ᠬᠠᠯᠠᠭᠤᠨ ᠭᠡᠷᠡᠮ᠂ ᠬᠤᠯᠠᠩ ᠭᠠᠷᠭᠠᠵᠤ᠂ ᠦᠷᠦᠭᠡ ᠪᠠᠨ ᠲᠤᠯᠠᠭᠠᠯᠠᠨ᠎ᠠ᠃ ᠴᠢᠭᠢ ᠪᠤᠶᠢᠵᠢᠭᠤᠯᠬᠤ | ᠲᠠᠳᠠᠭᠠᠯ ᠤᠨ ᠢᠶᠠᠨ ᠲᠤᠤᠭᠤᠷ ᠲᠤᠯᠠᠭᠠᠯᠠᠯᠭ᠎ᠠ ᠶᠢᠨ ᠤᠳᠠᠰᠤ ᠲᠠᠳᠠᠨ᠎ᠠ᠃ ᠴᠢᠭᠢ ᠪᠤᠶᠢᠵᠢᠭᠤᠯᠬᠤ ᠲᠠᠳᠠᠭᠠᠯ ᠤᠨ ᠢᠶᠠᠨ | ᠲᠡᠭᠡᠭᠦᠷ ᠰᠦᠯᠢᠶᠤᠤ ᠪᠦᠷᠭᠦᠭᠦᠯ ᠢᠶᠠᠷ ᠬᠤᠴᠢᠵᠤ᠂ ᠲᠤᠯᠠᠭᠠᠨ ᠢ ᠬᠠᠮᠠᠭᠠᠯᠠᠨ᠎ᠠ᠃ | ᠰᠦᠯᠢᠶᠤᠤ ᠫᠸᠡᠭᠰᠡ ᠳᠤ ᠰᠢᠭᠤᠳ ᠲᠠᠷᠢᠵᠤ ᠴᠢᠭᠢ ᠪᠤᠶᠢᠵᠢᠭᠤᠯᠬᠤ᠄ 8~10cm ᠤᠨ ᠳ᠋ᠢᠶᠠᠮᠧᠲᠷ ᠲᠠᠢ | ᠰᠦᠯᠢᠶᠤᠤ ᠫᠸᠡᠭᠰᠡᠨ ᠳᠤ ᠴᠢᠭᠢ ᠪᠤᠶᠢᠵᠢᠭᠤᠯᠪᠠᠯ᠂ ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠦᠨᠳᠤᠰᠤᠨ | ᠰᠢᠰᠲ᠋ᠧᠮ ᠢ ᠭᠦᠭᠵᠢᠭᠦᠯᠵᠤ᠂ ᠵᠠᠶᠢᠯᠠᠬᠤ ᠦᠶ᠎ᠠ ᠳᠤ ᠦᠨᠳᠤᠰᠤ ᠶᠢ ᠰᠢᠷᠬᠠᠳᠤᠭᠤᠯᠬᠤ ᠦᠭᠡᠢ᠂ ᠰᠠᠭᠤᠷᠢᠰᠢᠭᠤᠯᠤᠨ | ᠲᠠᠷᠢᠠᠠᠰᠠᠨ ᠤ ᠰᠡᠭᠦᠯᠡᠷ ᠴᠢᠭᠢᠯᠡᠭᠦ ᠨᠢ ᠲᠦᠷᠭᠡᠨ ᠪᠠᠶᠢᠵᠤ᠂ ᠦᠨᠳᠤᠰᠤ ᠨᠢ ᠦᠤᠭᠦ ᠦᠭᠡᠢ ᠪᠦᠭᠡᠳ ᠴᠢᠭᠢᠯᠡᠭᠦ ᠳᠡᠭᠡᠨ | ᠨᠠᠯᠡᠵᠤ ᠤᠨᠠᠬᠤ ᠦᠭᠡᠢ ᠪᠠᠶᠢᠵᠤ᠂ ᠡᠷᠳ᠋ᠨ ᠪᠤᠯᠪᠠᠰᠤᠷᠠᠭᠤᠯᠤᠨ ᠡᠯᠪᠡᠭ ᠬᠤᠷᠢᠶᠠᠬᠤ ᠵᠤᠷᠢᠯᠭ᠎ᠠ ᠳᠤ ᠭᠦᠷᠴᠤ ᠴᠢᠳᠠᠨ᠎ᠠ᠃ | | ︵4︶ ᠦᠷᠭᠡᠰᠤᠳᠤ ᠭᠡᠮᠭᠡ ᠶᠢᠨ ᠦᠷ᠎ᠡ ᠶᠢ ᠭᠡᠷᠭᠢᠨ ᠰᠢᠢᠳᠪᠤᠷᠢᠯᠡᠵᠤ ᠶᠠᠮᠠᠷ ᠠᠷᠭ᠎ᠠ ᠪᠠᠷ ᠲᠠᠷᠢᠬᠤ ᠪᠤᠢ︖ | | ᠦᠷ᠎ᠡ ᠪᠠᠨ ᠲᠠᠪᠳᠦᠭᠡᠵᠤ ᠰᠤᠶᠤᠭᠠᠯᠠᠭᠤᠯᠤᠨ᠎ᠠ᠃ ᠦᠷᠭᠡᠰᠤᠳᠤ ᠭᠡᠮᠭᠡ ᠶᠢᠨ ᠦᠷ᠎ᠡ ᠪᠠᠨ 55℃ ᠤᠨ | ᠤᠰᠤᠨ ᠳᠤ ᠲᠡᠪᠳᠦᠭᠡᠨ᠂ ᠲᠠᠰᠤᠷᠠᠯᠳᠠ ᠦᠭᠡᠢ ᠭᠦᠳᠡᠯᠭᠡᠵᠤ᠂ ᠤᠰᠤ ᠨᠢ ᠭᠦᠷᠦᠵᠤ 30℃ ᠪᠤᠯᠬᠤ ᠦᠶ᠎ᠠ ᠳᠤ 4 | ᠴᠠᠭ ᠤᠷᠴᠢᠮ ᠲᠠᠪᠳᠦᠭᠡᠵᠤ᠂ ᠲᠠᠷᠠᠭ᠎ᠠ ᠪᠠᠷ ᠨᠢ ᠭᠤᠷᠪᠠᠨᠳᠠ ᠰᠠᠶᠢᠳᠤᠷ ᠤᠭᠢᠶᠠᠵᠤ᠂ ᠰᠠᠶᠢᠳᠤᠷ ᠠᠷᠴᠢᠨ ᠬᠠᠳᠠᠭᠠᠵᠤ᠂ | ᠲᠠᠷᠠᠭ᠎ᠠ ᠨᠢ ᠨᠦᠢᠳᠡᠨ ᠭᠦᠪᠤᠩ ᠠᠯᠴᠢᠭᠤᠷ ᠲᠤ ᠪᠤᠭᠤᠵᠤ᠂ 28℃~30℃ ᠲᠤ ᠲᠠᠯᠪᠢᠵᠤ 24 ᠴᠠᠭ | ᠰᠤᠶᠤᠭᠠᠯᠠᠭᠤᠯᠤᠨ᠎ᠠ᠃ ᠢᠡᠭᠭᠢᠭᠡᠳ ᠭᠡᠰᠡᠭ ᠦᠷ᠎ᠡ ᠨᠢ ᠴᠠᠭᠠᠨ ᠰᠤᠶᠤᠭ᠎ᠠ ᠴᠤᠬᠤᠶᠢᠬᠤ ᠦᠶᠡᠰ᠂ ᠦᠷ᠎ᠡ ᠪᠠᠨ | 20℃~25℃ ᠤᠨ ᠬᠠᠯᠠᠭᠤᠨ ᠳᠤ 12~24 ᠴᠠᠭ ᠲᠠᠯᠪᠢᠪᠠᠯ ᠵᠢᠭᠳᠡ ᠰᠤᠶᠤᠭᠠᠯᠠᠬᠤ ᠪᠤᠯᠤᠨ᠎ᠠ᠃ ᠡᠨᠡ | ᠦᠶᠡᠰ ᠦᠷ᠎ᠡ ᠪᠠᠨ 12℃~15℃ ᠤᠨ ᠬᠠᠯᠠᠭᠤᠨ ᠳᠤ ᠬᠠᠳᠠᠭᠠᠯᠠᠨ ᠲᠠᠯᠪᠢᠵᠤ ᠲᠠᠷᠢᠬᠤ ᠳᠤ ᠪᠡᠯᠡᠳᠭᠡᠨ᠎ᠡ᠃ | ᠰᠢᠮᠡᠯᠢᠭ ᠰᠢᠷᠤᠢ ᠰᠠᠪᠠᠯᠬᠠᠰᠠᠨ ᠰᠦᠯᠢᠶᠤᠤ ᠫᠸᠡᠭᠰᠡ ᠪᠠᠨ ᠴᠢᠭᠢ ᠪᠤᠶᠢᠵᠢᠭᠤᠯᠬᠤ ᠲᠠᠳᠠᠭᠠᠯ ᠳᠠᠭᠠᠨ ᠨᠢᠠᠠᠳᠠ | ᠵᠢᠭᠳᠡᠷᠡᠭᠦᠯᠦᠨ ᠲᠠᠯᠪᠢᠵᠤ᠂ ᠭᠦᠢᠴᠡᠳ ᠤᠰᠤᠯᠬᠠᠰᠠᠨ ᠤ ᠰᠡᠭᠦᠯᠡᠷ᠂ ᠰᠤᠶᠤᠭᠠᠯᠠᠭᠤᠯᠤᠠᠠᠰᠠᠨ ᠦᠷ᠎ᠡ ᠪᠠᠨ ᠫᠸᠡᠭᠰᠡ | ᠪᠦᠷᠢ ᠳᠤ ᠨᠢᠭᠡ ᠰᠢᠷᠬᠡᠭ ᠰᠠᠭᠤᠯᠭᠠᠨ 1~1.5cm ᠰᠢᠷᠤᠢ ᠪᠠᠷ ᠬᠤᠴᠢᠵᠤ᠂ ᠲᠡᠭᠡᠭᠦᠷ ᠨᠢ ᠰᠦᠯᠢᠶᠤᠤ | ᠪᠦᠷᠭᠦᠭᠦᠯ ᠢᠶᠠᠨ ᠬᠤᠴᠢᠵᠤ᠂ ᠴᠢᠭᠢᠭ ᠲᠤᠯᠠᠭᠠᠨ ᠢ ᠨᠡᠮᠡᠭᠳᠡᠭᠦᠯᠦᠨ᠂ ᠴᠢᠭᠢᠯᠡᠯᠳᠡ ᠶᠢ ᠨᠢ ᠠᠭᠢᠭᠤᠯᠤᠨ᠎ᠠ᠃ | ︵5︶ ᠴᠢᠭᠢᠯᠡᠭᠦ ᠬᠤᠭᠤᠴᠠᠭᠠᠨ ᠳᠤᠨᠢ ᠶᠠᠭᠠᠭᠢᠵᠤ ᠠᠷᠠᠴᠢᠯᠠᠬᠤ ᠪᠤᠢ︖ | ᠴᠢᠭᠢᠯᠡᠵᠤ ᠭᠠᠷᠤᠠᠠᠰᠠᠨ ᠤ ᠰᠡᠭᠦᠯᠡᠷ ᠡᠳᠤᠷ ᠤᠨ ᠲᠤᠯᠠᠭᠠᠨ ᠤ ᠭᠡᠮᠵᠢᠶ᠎ᠠ ᠶᠢ 25℃~30℃᠂ | ᠰᠦᠨᠢ ᠶᠢᠨ ᠲᠤᠯᠠᠭᠠᠨ ᠤ ᠭᠡᠮᠵᠢᠶ᠎ᠠ ᠶᠢ 15℃~20℃ ᠪᠠᠶᠢᠯᠭᠠᠨ᠎ᠠ᠃ ᠨᠢᠯᠬ᠎ᠠ ᠴᠢᠭᠢ ᠨᠢ ᠴᠦᠮ ᠵᠢᠭᠳᠡ | ᠴᠢᠭᠢᠯᠡᠭᠰᠡᠨ ᠤ ᠰᠡᠭᠦᠯᠡᠷ ᠲᠤᠯᠠᠭᠠᠨ ᠤ ᠭᠡᠮᠵᠢᠶ᠎ᠠ ᠶᠢ ᠪᠠᠭᠤᠷᠠᠭᠤᠯᠵᠤ᠂ ᠡᠳᠤᠷ ᠲᠡᠭᠡᠨ 18℃~22℃᠂ ᠰᠦᠨᠢ | ᠳᠡᠭᠡᠨ 12℃~13℃ ᠪᠠᠶᠢᠯᠭᠠᠨ᠎ᠠ᠃ ᠠᠩᠬᠠᠳ᠋ᠬᠠᠴᠢ ᠨᠢᠭᠡᠨ ᠵᠢᠩᠭᠢᠨᠢ ᠨᠠᠪᠴᠢ ᠭᠠᠷᠬᠤ ᠦᠶᠡᠰ ᠡᠳᠤᠷ ᠤᠨ | ᠲᠤᠯᠠᠭᠠᠨ ᠤ ᠭᠡᠮᠵᠢᠶ᠎ᠠ ᠶᠢ 20℃~25℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 12℃~14℃ | ᠪᠠᠶᠢᠯᠭᠠᠨ᠎ᠠ᠃ ᠤᠷᠭᠤᠭᠠᠳ ᠭᠤᠷᠪᠡᠨ ᠵᠢᠩᠭᠢᠨᠢ ᠨᠠᠪᠴᠢ ᠭᠠᠷᠤᠠᠠᠰᠠᠨ ᠤ ᠰᠡᠭᠦᠯᠡᠷ ᠤᠶᠢᠷ᠎ᠠ ᠤᠷᠴᠢᠮ ᠳᠤᠨᠢ | ᠰᠠᠭᠤᠷᠢᠰᠢᠭᠤᠯᠤᠨ ᠲᠠᠷᠢᠵᠤ᠂ ᠡᠭᠢᠯᠡᠨ ᠪᠤᠯᠪᠠᠰᠤᠷᠠᠭᠤᠯᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ | 18℃~20℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 8℃~10℃ ᠪᠠᠶᠢᠯᠭᠠᠨ᠎ᠠ᠃ | ᠰᠦᠯᠢᠶᠤᠤ ᠫᠸᠡᠭᠰᠡᠨ ᠳᠤ ᠴᠢᠭᠢ ᠪᠤᠶᠢᠵᠢᠭᠤᠯᠬᠤ ᠳᠤ ᠲᠤᠯᠠᠭᠠᠨ ᠢ ᠭᠢᠵᠠᠭᠠᠷᠯᠠᠨ᠂ ᠤᠰᠤ ᠶᠢ ᠦᠯᠤ | ᠭᠢᠵᠠᠭᠠᠷᠯᠠᠬᠤ ᠵᠠᠷᠴᠢᠮ ᠢ ᠪᠠᠷᠢᠮᠳᠠᠯᠠᠵᠤ᠂ ᠤᠰᠤᠯᠠᠬᠤ ᠳᠠᠭᠠᠨ ᠤᠰᠤᠨ ᠤ ᠲᠤᠯᠠᠭᠠᠨ ᠢ ᠠᠩᠬᠠᠷᠬᠤ ᠭᠡᠷᠡᠭᠳᠡᠢ᠃ | 16℃~18℃ ᠪᠠᠶᠢᠪᠠᠯ ᠲᠤᠭᠢᠷᠠᠮᠵᠢᠳᠡᠢ᠂ ᠤᠰᠤᠯᠠᠬᠤ ᠭᠡᠮᠵᠢᠶ᠎ᠠ ᠶᠢ ᠭᠡᠳᠦᠷᠭᠡᠢ ᠶᠡᠭᠡᠳᠡᠭᠦᠯᠵᠤ ᠪᠤᠯᠬᠤ ᠦᠭᠡᠢ᠂ | ᠲᠤᠩᠭᠠᠯᠠᠭ ᠡᠳᠤᠷ ᠤᠨ ᠦᠳᠡ ᠶᠢᠨ ᠡᠮᠦᠨ᠎ᠠ ᠤᠰᠤᠯᠠᠪᠠᠯ ᠬᠠᠮᠤᠭ ᠤᠨ ᠰᠠᠶᠢᠨ ᠪᠠᠶᠢᠳᠠᠭ᠃ | ︵6︶ ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ | ᠨᠠᠮᠤᠷ ᠡᠪᠤᠯ ᠤᠨ ᠭᠤᠤᠷᠰᠤ ᠶᠢᠨ ᠨᠤᠭᠤᠭ᠎ᠠ ᠶᠢᠨ ᠲᠠᠷᠢᠮᠠᠯ ᠢ ᠬᠤᠷᠢᠶ᠋ᠬᠠᠰᠠᠨ ᠤ ᠰᠡᠭᠦᠯᠡᠷ᠂ ᠲᠠᠷᠢᠶᠠᠨ | ᠭᠠᠵᠠᠷ ᠢᠶᠠᠨ ᠰᠠᠶᠢᠳᠤᠷ ᠴᠡᠪᠡᠷᠯᠡᠵᠤ᠂ ᠲᠦᠷᠦᠭᠦᠤ ᠲᠠᠷᠢᠠᠠᠰᠠᠨ ᠲᠠᠷᠢᠮᠠᠯ ᠤᠨ ᠡᠰᠢ ᠨᠠᠪᠴᠢ᠂ ᠦᠨᠳᠤᠰᠤᠨ ᠰᠢᠰᠲ᠋ᠧᠮ | ᠵᠢᠴᠢ ᠰᠤᠯᠠ ᠡᠪᠡᠰᠤ ᠶᠢ ᠲᠦᠢᠯᠪᠤᠷᠢᠳᠡᠢ ᠴᠠᠪᠡᠷᠯᠡᠨ ᠠᠷᠢᠯᠭᠠᠵᠤ᠂ ᠰᠢᠳᠠᠭᠠᠬᠤ ᠪᠤᠶᠤ ᠭᠦᠨ ᠪᠤᠯᠠᠬᠤ ᠭᠡᠷᠡᠭᠳᠡᠢ᠃ | ᠭᠠᠵᠠᠷ ᠢᠶᠠᠨ 25~30cm ᠭᠦᠨ ᠤᠷᠪᠠᠭᠤᠯᠵᠤ᠂ ᠮᠤ᠋ ᠪᠦᠷᠢ ᠴᠢᠨᠠᠷ ᠰᠠᠶᠢᠳᠠᠢ ᠤᠷᠭᠠᠨᠢᠭ ᠪᠤᠷᠳᠤᠭᠤᠷ | 5000~7500kg᠂ ᠹᠤᠰᠹᠤᠷ ᠭᠦᠴᠢᠯ ᠤᠨ ᠬᠤᠶᠠᠷᠴᠢ ᠠᠮᠮᠤᠨᠢ 20~30kg ᠤᠷᠤᠭᠤᠯᠤᠨ᠎ᠠ᠃ | ᠰᠠᠭᠤᠷᠢᠰᠢᠭᠤᠯᠤᠨ ᠲᠠᠷᠢᠬᠤ ᠠᠴᠠ ᠪᠠᠨ 20~30 ᠡᠳᠤᠷ ᠤᠨ ᠡᠮᠦᠨ᠎ᠠ ᠰᠦᠯᠢᠶᠤᠤ ᠪᠦᠷᠭᠦᠭᠦᠯ ᠢᠶᠠᠨ ᠪᠦᠳᠡᠭᠡᠵᠤ᠂ | ᠭᠠᠵᠠᠷ ᠭᠡᠰᠦᠭᠰᠡᠨ ᠤ ᠰᠡᠭᠦᠯᠡᠷ ᠭᠠᠵᠠᠷ ᠢᠶᠠᠨ ᠨᠢᠭᠡ ᠠᠴᠠ ᠬᠤᠶᠠᠷ ᠤᠳᠠᠭ᠎ᠠ 20cm ᠭᠦᠨ ᠤᠷᠪᠠᠭᠤᠯᠵᠤ᠂ | ᠭᠦᠷᠦᠰᠤ ᠰᠢᠷᠤᠢ ᠪᠠᠨ ᠲᠠᠷᠭᠤᠯᠠᠭᠤᠯᠤᠨ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠂ ᠲᠠᠷᠠᠭ᠎ᠠ ᠪᠠᠷ ᠨᠢ | ᠭᠠᠵᠠᠷ ᠢᠶᠠᠨ ᠲᠡᠭᠰᠢᠯᠡᠨ᠎ᠡ᠃ | ︵7︶ ᠶᠠᠮᠠᠷ ᠦᠶ᠎ᠠ ᠳᠤ ᠰᠠᠭᠤᠷᠢᠰᠢᠭᠤᠯᠤᠨ ᠲᠠᠷᠢᠬᠤ ᠪᠤᠢ︖ ᠶᠠᠮᠠᠷ ᠠᠷᠭ᠎ᠠ ᠪᠠᠷ ᠠᠷᠠᠴᠢᠯᠠᠬᠤ ᠪᠤᠢ︖ | | ᠦᠪᠤᠷ ᠮᠤᠩᠭᠤᠯ ᠤᠷᠤᠨ ᠤ ᠴᠠᠭ ᠠᠭᠤᠷ ᠤᠨ ᠬᠤᠪᠢᠷᠠᠯᠳᠠ ᠶᠢᠨ ᠵᠢᠮ᠎ᠠ ᠶᠤᠰᠤ ᠶᠢ ᠦᠨᠳᠤᠰᠦᠯᠡᠵᠤ᠂ | ᠭᠦᠯᠡᠮᠵᠢᠨ ᠤ ᠦᠷᠭᠡᠰᠤᠳᠤ ᠭᠡᠮᠭᠡ ᠶᠢ 2 ᠳ᠋ᠤᠭᠠᠷ ᠰᠠᠷ᠎ᠠ ᠶᠢᠨ ᠡᠭᠢ ᠪᠤᠶᠤ ᠲᠤᠮᠳᠡᠴᠢ ᠠᠴᠠ 3 ᠳ᠋ᠤᠭᠠᠷ ᠰᠠᠷ᠎ᠠ ᠶᠢᠨ | ᠡᠭᠢᠨ ᠤ ᠬᠤᠭᠤᠴᠠᠭᠠᠨ ᠳᠤ ᠰᠠᠭᠤᠷᠢᠰᠢᠭᠤᠯᠤᠨ ᠲᠠᠷᠢᠨ᠎ᠠ᠃ ᠲᠠᠷᠢᠬᠤ ᠦᠶ᠎ᠠ ᠳᠤ ᠭᠠᠵᠠᠷ ᠤᠨ ᠲᠤᠯᠠᠭᠠᠨ ᠨᠢ | 10℃~12℃ ᠠᠴᠠ ᠲᠡᠭᠡᠭᠰᠢ ᠳᠤ ᠲᠤᠠᠠᠳᠠᠪᠤᠷᠢᠵᠢᠵᠤ᠂ ᠬᠠᠮᠤᠭ ᠤᠨ ᠲᠤᠤᠷ᠎ᠡ ᠲᠤᠯᠠᠭᠠᠨ ᠤ ᠭᠡᠮᠵᠢᠶ᠎ᠠ ᠨᠢ 5℃ | ᠠᠴᠠ ᠲᠡᠭᠡᠭᠰᠢ ᠳᠤ ᠲᠤᠠᠠᠳᠠᠪᠤᠷᠢᠵᠢᠵᠤ ᠪᠠᠶᠢᠪᠠᠯ᠂ ᠦᠷᠭᠡᠰᠤᠳᠤ ᠭᠡᠮᠭᠡ ᠶᠢᠨ ᠭᠡᠪ ᠤᠨ ᠤᠷᠭᠤᠯᠳᠠ ᠶᠢ ᠪᠠᠳᠤᠯᠠᠵᠤ᠂ | ᠭᠦᠢᠳᠡᠨ ᠤ ᠭᠦᠨᠦᠭᠡᠯ ᠪᠠ ᠭᠦᠯᠳᠡᠭᠦ ᠠᠶᠤᠯ ᠠᠴᠠ ᠰᠡᠷᠭᠡᠶᠢᠯᠡᠵᠤ ᠴᠢᠳᠠᠨ᠎ᠠ᠃ | ᠰᠠᠭᠤᠷᠢᠰᠢᠭᠤᠯᠤᠨ ᠲᠠᠷᠢᠬᠤ ᠠᠷᠭ᠎ᠠ ᠪᠠ ᠨᠢᠠᠠᠳᠠᠴᠠ᠄ ᠰᠠᠯᠭᠢ ᠨᠡᠪᠳᠡᠷᠡᠭᠦ ᠭᠡᠷᠡᠯ ᠲᠤᠰᠬᠤ ᠳᠤ ᠲᠦᠭᠦᠮ ᠦᠵᠡᠭᠦᠯᠵᠤ᠂ | ᠭᠡᠮ ᠤᠨ ᠭᠦᠨᠦᠭᠡᠯ ᠢ ᠪᠠᠭᠠᠰᠬᠠᠬᠤ ᠪᠠ ᠲᠠᠷᠢᠶᠠᠨ ᠳᠤ ᠠᠵᠢᠯᠯᠠᠬᠤ ᠳᠤ ᠲᠦᠭᠦᠮ ᠪᠤᠯᠭᠠᠬᠤ ᠶᠢᠨ ᠲᠤᠰᠠᠳᠠ᠂ ᠲᠤᠮᠤ | ᠨᠠᠷᠢᠨ ᠮᠦᠷ ᠢᠶᠠᠷ ᠲᠠᠷᠢᠬᠤ ᠠᠷᠭ᠎ᠠ ᠶᠢ ᠭᠡᠷᠡᠭᠯᠡᠨ᠎ᠡ᠃ ᠦᠨᠳᠤᠷ ᠲᠠᠳᠠᠭᠠᠯ ᠳᠤ ᠲᠠᠷᠢᠪᠠᠯ᠂ ᠲᠠᠯᠠᠩ ᠲᠡᠭᠡᠷ᠎ᠡ ᠪᠠᠨ | ᠬᠤᠶᠠᠷ ᠮᠦᠷ ᠲᠠᠷᠢᠨ᠎ᠠ᠃ ᠮᠦᠷ ᠤᠨ ᠵᠠᠢ ᠶᠢ 40cm ᠪᠠᠶᠢᠯᠭᠠᠨ᠎ᠠ᠃ ᠲᠠᠷᠢᠠᠠᠰᠠᠨ ᠤ ᠪᠠᠨ ᠰᠡᠭᠦᠯᠡᠷ ᠰᠢᠷᠤᠢ ᠪᠠᠷ | ᠬᠤᠴᠢᠵᠤ᠂ 2~3 ᠡᠳᠤᠷ ᠤᠨ ᠲᠠᠷᠠᠭ᠎ᠠ ᠤᠰᠤᠯᠠᠨ᠎ᠠ᠃ ᠲᠡᠭᠰᠢᠭᠡᠨ ᠲᠠᠳᠠᠭᠠᠯ ᠳᠤ ᠲᠠᠷᠢᠬᠤ ᠳᠤ ᠲᠠᠳᠠᠭᠠᠯ ᠤᠨ | ᠲᠤᠳᠤᠷᠠᠭᠢ ᠮᠦᠷ ᠤᠨ ᠵᠠᠢ ᠶᠢ 40cm᠂ ᠲᠠᠳᠠᠭᠠᠯ ᠤᠨ ᠬᠤᠭᠤᠷᠤᠨᠳᠤᠭᠢ ᠵᠠᠢ ᠶᠢ 60cm ᠪᠠᠶᠢᠯᠭᠠᠨ᠎ᠠ᠃ | ᠲᠠᠷᠢᠮᠬᠠᠴᠠ ᠪᠠᠨ ᠤᠰᠤᠯᠠᠵᠤ᠂ 2~3 ᠡᠳᠤᠷ ᠤᠨ ᠲᠠᠷᠠᠭ᠎ᠠ ᠴᠢᠭᠢᠯᠡᠯᠳᠡ ᠶᠢᠨ ᠤᠰᠤᠯᠠᠯᠳᠠ ᠭᠢᠨ᠎ᠠ᠃ ᠰᠠᠭᠤᠷᠢ ᠶᠢᠨ | ᠵᠠᠢ ᠶᠢ 32~35cm ᠪᠠᠶᠢᠯᠭᠠᠵᠤ᠂ ᠮᠤ᠋ ᠪᠦᠷᠢ 3500~3600 ᠰᠠᠭᠤᠷᠢ ᠲᠠᠷᠢᠨ᠎ᠠ᠃ | ᠴᠢᠭᠢᠭ ᠲᠤᠯᠠᠭᠠᠨ ᠢ ᠲᠡᠭᠡᠭᠰᠢᠯᠡᠭᠦᠯᠦᠨ ᠴᠢᠭᠢᠯᠡᠯᠳᠡ ᠶᠢ ᠠᠭᠢᠭᠤᠯᠤᠨ᠎ᠠ᠃ ᠲᠠᠷᠢᠠᠠᠰᠠᠨ ᠤ ᠲᠠᠷᠠᠭ᠎ᠠ | ᠲᠠᠷᠢᠯᠳᠠ ᠶᠢᠨ ᠤᠰᠤᠯᠠᠯᠳᠠ ᠪᠠ ᠴᠢᠭᠢᠯᠡᠯᠳᠡ ᠶᠢᠨ ᠤᠰᠤᠯᠠᠯᠳᠠ ᠭᠢᠭᠰᠡᠨ ᠤ ᠰᠡᠭᠦᠯᠡᠷ᠂ ᠡᠳᠤᠷ ᠤᠨ ᠲᠤᠯᠠᠭᠠᠨ ᠤ | ᠭᠡᠮᠵᠢᠶ᠎ᠠ ᠶᠢ 25℃~30℃᠂ ᠬᠠᠮᠤᠭ ᠤᠨ ᠦᠨᠳᠤᠷ ᠲᠡᠭᠡᠨ 35℃᠂ ᠰᠦᠨᠢ ᠶᠢᠨ ᠲᠤᠯᠠᠭᠠᠨ ᠤ ᠭᠡᠮᠵᠢᠶ᠎ᠠ ᠶᠢ | 15℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ ᠪᠠᠶᠢᠯᠭᠠᠨ᠎ᠠ᠃ ᠰᠠᠯᠭᠢ ᠨᠡᠪᠳᠡᠷᠡᠭᠦᠯᠭᠦ ᠦᠭᠡᠢ 6~8 | ᠬᠤᠨᠤᠵᠤ ᠨᠢᠯᠬ᠎ᠠ ᠴᠢᠭᠢ ᠨᠢ ᠰᠢᠨ᠎ᠠ ᠪᠠᠷ ᠦᠨᠳᠦᠰᠦᠯᠡᠭᠦ ᠦᠶ᠎ᠠ ᠳᠤ ᠰᠠᠯᠭᠢ ᠨᠡᠪᠳᠡᠷᠡᠭᠦᠯᠦᠨ ᠲᠤᠯᠠᠭᠠᠨ ᠢ | ᠪᠠᠭᠤᠷᠠᠭᠤᠯᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ 22℃~25℃᠂ ᠰᠦᠨᠢ ᠶᠢᠨ ᠬᠢ ᠶᠢ | 12℃~15℃ ᠪᠠᠶᠢᠯᠭᠠᠵᠤ᠂ ᠰᠢᠷ᠎ᠠ ᠨᠠᠪᠴᠢ ᠠᠴᠠ ᠪᠠᠨ ᠨᠤᠭᠤᠭᠠᠨ ᠨᠠᠪᠴᠢ ᠪᠤᠯᠬᠤ ᠶᠢ ᠨᠢ ᠠᠭᠢᠭᠤᠯᠤᠨ᠎ᠠ᠃ | ᠲᠠᠩᠨᠠᠨ ᠠᠷᠴᠢᠵᠤ᠂ ᠴᠢᠭᠢ ᠲᠠᠷᠤᠰᠢᠭᠤᠯᠵᠤ ᠦᠨᠳᠤᠰᠤ ᠶᠢᠨ ᠤᠷᠭᠤᠯᠳᠠ ᠶᠢ ᠠᠭᠢᠭᠤᠯᠤᠨ᠎ᠠ᠃ | ᠴᠢᠭᠢᠯᠡᠭᠰᠡᠨ ᠤ ᠰᠡᠭᠦᠯᠡᠷ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠭᠠᠵᠠᠷ ᠲᠡᠭᠡᠷ᠎ᠡ ᠴᠠᠶᠢᠷᠠᠬᠤ ᠦᠶᠡᠰ᠂ | ᠨᠢᠭᠡᠨ ᠤᠳᠠᠭ᠎ᠠ ᠲᠤᠮᠳᠠ ᠵᠡᠷᠭᠡ ᠤᠰᠤᠯᠠᠬᠤ ᠪᠠ ᠪᠤᠷᠳᠤᠭᠤᠷ ᠨᠦᠭᠦᠨ ᠤᠷᠤᠭᠤᠯᠤᠨ᠎ᠠ᠂ ᠮᠤ᠋ ᠪᠦᠷ 10kg | ᠰᠢᠭᠡᠰᠦᠯᠢᠭ ᠡᠳ᠋ ᠪᠤᠶᠤ ᠭᠦᠮᠦᠨ ᠤ ᠪᠠᠭᠠᠰᠤ ᠰᠢᠭᠡᠰᠤ 500kg ᠤᠷᠤᠭᠤᠯᠤᠨ᠎ᠠ᠃ ᠲᠠᠷᠠᠭ᠎ᠠ ᠪᠠᠷ ᠨᠢ ᠬᠤᠶᠠᠷ | ᠤᠳᠠᠭ᠎ᠠ ᠬᠦᠢᠬᠡᠨ ᠬᠠᠭᠠᠯᠪᠤᠷᠢᠯᠠᠵᠤ᠂ 5~7 ᠬᠤᠨᠤᠭ ᠴᠢᠭᠢ ᠲᠠᠷᠤᠰᠢᠭᠤᠯᠤᠨ᠂ ᠲᠠᠭᠢᠨᠳᠡ ᠨᠢᠭᠡ ᠤᠳᠠᠭ᠎ᠠ | ᠤᠰᠤᠯᠠᠵᠤ᠂ 8~10cm ᠭᠦᠨ ᠠᠷᠴᠢᠵᠤ᠂ 7~8 ᠡᠳᠤᠷ ᠴᠢᠭᠢ ᠲᠠᠷᠤᠰᠢᠭᠤᠯᠤᠨ᠎ᠠ᠃ | ᠰᠠᠭᠤᠷᠢ ᠶᠢ ᠲᠤᠭᠢᠷᠠᠭᠤᠯᠤᠨ᠎ᠠ᠃ ᠲᠠᠪᠤ ᠨᠠᠪᠴᠢᠯᠬᠠᠰᠠᠨ ᠠᠴᠠ ᠬᠤᠶᠢᠰᠢ ᠲᠠᠷᠦ᠋ᠢᠬᠠᠨ ᠵᠢᠶᠠᠰᠠ ᠪᠤᠰᠬᠠᠬᠤ ᠪᠠ ᠵᠠᠯ᠎ᠠ | ᠲᠠᠳᠠᠨ᠎ᠠ᠃ ᠤᠳᠠᠭ᠎ᠠ ᠪᠦᠷᠢ ᠵᠠᠯ᠎ᠠ ᠪᠤᠭᠤᠬᠤ ᠪᠤᠶᠤ ᠵᠠᠯ᠎ᠠ ᠲᠠᠳᠠᠬᠤ ᠳᠠᠭᠠᠨ ᠤᠷᠭᠤᠮᠠᠯ ᠤᠨ ᠤᠷᠭᠤᠯᠳᠠ ᠶᠢᠨ ᠴᠡᠭ ᠢ | ᠰᠠᠶᠢᠳᠤᠷ ᠲᠤᠭᠢᠷᠠᠭᠤᠯᠵᠤ᠂ ᠦᠨᠳᠤᠷ ᠤᠨ ᠭᠡᠮᠵᠢᠶ᠎ᠠ ᠶᠢ ᠨᠢ ᠠᠳᠠᠯᠢ ᠲᠦᠪᠰᠢᠨ ᠲᠠᠢ ᠪᠤᠯᠭᠠᠵᠤ᠂ ᠤᠷᠭᠤᠮᠠᠯ ᠨᠢ | ᠬᠠᠷᠢᠯᠴᠠᠨ ᠭᠡᠷᠡᠯ ᠢ ᠬᠠᠯᠬᠠᠯᠠᠬᠤ ᠠᠴᠠ ᠰᠡᠷᠭᠡᠶᠢᠯᠡᠵᠤ᠂ ᠪᠦᠭᠡᠮ ᠢᠶᠠᠷ ᠢᠶᠠᠨ ᠵᠢᠭᠳᠡᠭᠡᠨ ᠤᠷᠭᠤᠬᠤ ᠶᠢ ᠨᠢ ᠪᠠᠳᠤᠯᠠᠨ᠎ᠠ᠃ | | ᠲᠤᠯᠠᠭᠠᠨ ᠤ ᠭᠡᠮᠵᠢᠶ᠎ᠠ ᠶᠢᠨ ᠬᠠᠮᠢᠶᠠᠷᠤᠯᠳᠠ᠄ ᠦᠷᠭᠡᠰᠤᠳᠤ ᠭᠡᠮᠭᠡ ᠨᠢ ᠦᠨᠳᠤᠷ ᠬᠤᠷᠢᠶᠠᠯᠳᠠ ᠶᠢᠨ | ᠬᠤᠭᠤᠴᠠᠭᠠᠨ ᠳᠤ ᠤᠷᠤᠠᠠᠰᠠᠨ ᠤ ᠲᠠᠷᠠᠭ᠎ᠠ᠂ ᠲᠤᠯᠠᠭᠠᠨ ᠤ ᠭᠡᠮᠵᠢᠶ᠎ᠠ ᠶᠢ ᠰᠢᠨᠵᠢᠯᠡᠭᠦ ᠤᠬᠠᠭᠠᠠᠴᠢ ᠪᠠᠷ ᠬᠠᠮᠢᠶᠠᠷᠴᠤ᠂ | ᠨᠠᠷᠨ ᠮᠠᠠᠳᠤᠠᠠᠰᠠᠨ ᠠᠴᠠ ᠠᠪᠤᠭᠠᠳ 14 ᠴᠠᠭ ᠪᠤᠯᠳᠠᠯᠠᠭᠢ ᠬᠤᠭᠤᠴᠠᠭ᠎ᠠ ᠪᠤᠯ ᠨᠠᠪᠴᠢ ᠨᠢ ᠭᠡᠷᠡᠯ ᠤᠨ ᠨᠡᠶᠢᠯᠡᠯᠭᠡ ᠶᠢᠨ | ᠦᠢᠯᠡᠳᠦᠯ ᠢᠶᠠᠷ ᠰᠢᠮ᠎ᠠ ᠲᠡᠵᠢᠭᠡᠯ ᠭᠦᠷᠳᠡᠭᠦ ᠬᠠᠮᠤᠭ ᠰᠠᠶᠢᠨ ᠴᠠᠭ ᠬᠤᠭᠤᠴᠠᠭ᠎ᠠ ᠪᠤᠯᠬᠤᠷ ᠲᠤᠯᠠᠭᠠᠨ ᠤ ᠭᠡᠮᠵᠢᠶ᠎ᠠ ᠶᠢ | 25℃~32℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ᠃ 14 ᠴᠠᠭ ᠠᠴᠠ 18 ᠴᠠᠭ ᠪᠤᠯᠳᠠᠯ᠎ᠠ | ᠲᠤᠯᠠᠭᠠᠨ ᠤ ᠭᠡᠮᠵᠢᠶ᠎ᠠ ᠶᠢ 20℃~25℃ ᠪᠠᠶᠢᠯᠭᠠᠨ᠎ᠠ᠃ 18 ᠴᠠᠭ ᠠᠴᠠ ᠰᠦᠨᠢ ᠶᠢᠨ 24 ᠴᠠᠭ ᠪᠤᠯᠳᠠᠯ᠎ᠠ | ᠲᠤᠯᠠᠭᠠᠨ ᠤ ᠭᠡᠮᠵᠢᠶ᠎ᠠ ᠶᠢ 16℃~20℃ ᠪᠠᠶᠢᠯᠭᠠᠵᠤ᠂ 24 ᠴᠠᠭ ᠠᠴᠠ ᠦᠷᠯᠦᠭᠡ ᠶᠢᠨ 6 ᠴᠠᠭ ᠪᠤᠯᠳᠠᠯ᠎ᠠ | ᠲᠤᠯᠠᠭᠠᠨ ᠤ ᠭᠡᠮᠵᠢᠶ᠎ᠠ ᠶᠢ 12℃~14℃ ᠪᠠᠶᠢᠯᠭᠠᠨ᠎ᠠ᠃ | ᠤᠰᠤ ᠪᠤᠷᠳᠤᠭᠤᠷ ᠤᠨ ᠬᠠᠮᠢᠶᠠᠷᠤᠯᠳᠠ᠄ ᠨᠢᠯᠬ᠎ᠠ ᠴᠢᠭᠢᠨ ᠤ ᠦᠶ᠎ᠠ ᠠᠴᠠ ᠵᠡᠯᠡᠯᠡᠭᠦ ᠬᠤᠭᠤᠴᠠᠭᠠᠨ ᠳᠤ ᠤᠰᠤ | ᠪᠤᠷᠳᠤᠭᠤᠷ ᠤᠨ ᠲᠠᠯ᠎ᠠ ᠪᠠᠷ ᠭᠢᠵᠠᠭᠠᠷᠯᠠᠬᠤ ᠪᠠᠷ ᠭᠤᠤᠯ ᠪᠤᠯᠭᠠᠨ᠎ᠠ᠃ ᠰᠠᠭᠤᠷᠢᠰᠢᠭᠤᠯᠤᠨ ᠲᠠᠷᠢᠵᠤ ᠠᠮᠢᠳᠤᠷᠬᠠᠰᠠᠨ ᠤ | ᠰᠡᠭᠦᠯᠡᠷ ᠴᠢᠭᠢ ᠲᠠᠷᠤᠰᠢᠭᠤᠯᠬᠤ᠂ ᠴᠢᠭᠢᠭ ᠢ ᠬᠠᠮᠠᠭᠠᠯᠠᠬᠤ ᠪᠠᠷ ᠭᠤᠤᠯ ᠪᠤᠯᠭᠠᠵᠤ᠂ ᠠᠷᠠᠴᠢᠯᠠᠯᠳᠠ ᠶᠢ ᠴᠢᠩᠭᠠᠳᠬᠠᠨ | ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠦᠨᠳᠦᠰᠦᠯᠡᠯᠳᠡ ᠶᠢ ᠨᠢ ᠠᠭᠢᠭᠤᠯᠵᠤ᠂ ᠭᠠᠵᠠᠷ ᠲᠡᠭᠡᠷᠡᠭᠢ ᠪᠡ ᠭᠠᠵᠠᠷ | ᠲᠤᠤᠷᠠᠭᠢ ᠶᠢᠨ ᠤᠷᠭᠤᠯᠳᠠ ᠶᠢ ᠰᠠᠶᠢᠳᠤᠷ ᠲᠤᠭᠢᠷᠠᠭᠤᠯᠤᠨ ᠲᠡᠩᠴᠡᠭᠦᠯᠦᠨᠠ᠃ ᠵᠡᠯᠡᠯᠡᠭᠦ ᠬᠤᠭᠤᠴᠠᠭᠠᠨ ᠳᠤᠨᠢ ᠤᠰᠤ | ᠪᠤᠷᠳᠤᠭᠤᠷ ᠢ ᠭᠢᠵᠠᠭᠠᠷᠯᠠᠵᠤ᠂ ᠦᠨᠳᠤᠷ ᠬᠤᠷᠢᠶᠠᠯᠳᠠ ᠶᠢᠨ ᠬᠤᠭᠤᠴᠠᠭᠠᠨ ᠳᠤ ᠤᠷᠤᠠᠠᠰᠠᠨ ᠦᠶ᠎ᠠ ᠳᠤ ᠤᠰᠤ | ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠵᠤ᠂ ᠶᠠᠷᠦᠩᠭᠡᠢ ᠳᠡᠭᠡᠨ 7~8 ᠡᠳᠤᠷ ᠪᠦᠷᠢ ᠨᠢᠭᠡ ᠤᠳᠠᠭ᠎ᠠ | ᠤᠰᠤᠯᠠᠵᠤ᠂ ᠤᠳᠠᠭ᠎ᠠ ᠪᠦᠷᠢ ᠶᠢᠨ ᠤᠰᠤᠯᠠᠯᠳᠠ ᠲᠠᠢ ᠤᠶᠠᠯᠳᠤᠭᠤᠯᠤᠨ ᠪᠤᠷᠳᠤᠭᠤᠷ ᠨᠦᠭᠦᠵᠤ᠂ ᠮᠤ᠋ ᠪᠦᠷᠢ 10kg | ᠰᠢᠭᠡᠰᠦᠯᠢᠭ ᠡᠳ᠋ ᠨᠦᠭᠦᠨ ᠤᠷᠤᠭᠤᠯᠤᠨ᠎ᠠ᠃ | ︵8︶ ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠪᠤᠢ︖ | ᠬᠠᠪᠤᠷ ᠡᠷᠳᠡ ᠭᠦᠯᠡᠮᠵᠢᠨ ᠤ ᠦᠷᠭᠡᠰᠤᠳᠤ ᠭᠡᠮᠭᠡ ᠶᠢᠨ ᠤᠷᠭᠤᠯᠳᠠ ᠶᠢᠨ ᠪᠠᠶᠢᠳᠠᠯ ᠨᠢ ᠠᠨᠠᠢ᠂ ᠵᠡᠷᠡᠮᠳᠡᠭ | ᠭᠡᠮᠭᠡ ᠴᠤ ᠨᠡᠯᠢᠶᠡᠳ ᠤᠯᠠᠨ ᠪᠠᠶᠢᠳᠠᠭ ᠪᠤᠯᠬᠤᠷ ᠡᠷᠳᠡᠭᠡᠨ ᠲᠡᠭᠦᠵᠤ ᠬᠤᠷᠢᠶᠠᠵᠤ᠂ ᠵᠠᠯ᠎ᠠ ᠨᠢ ᠤᠨᠠᠵᠤ ᠲᠡᠭᠡᠳᠤ | ᠭᠡᠰᠡᠭ ᠤᠨ ᠵᠢᠮᠢᠰ ᠤᠨ ᠤᠷᠭᠤᠯᠳᠠ ᠶᠢ ᠨᠦᠯᠦᠭᠡᠯᠡᠭᠦ ᠠᠴᠠ ᠰᠡᠷᠭᠡᠶᠢᠯᠡᠭᠦ ᠭᠡᠷᠡᠭᠳᠡᠢ᠃ ᠬᠤᠷᠢᠶᠠᠯᠳᠠ ᠶᠢᠨ ᠭᠦᠭ | ᠬᠤᠭᠤᠴᠠᠭᠠᠨ ᠳᠤ ᠤᠷᠤᠪᠠᠯ ᠵᠢᠮᠢᠰ ᠤᠨ ᠤᠷᠭᠤᠯᠳᠠ ᠨᠢ ᠲᠦᠷᠭᠡᠳᠭᠦ ᠲᠤᠯᠠ 3~5 ᠡᠳᠤᠷ ᠲᠤ ᠨᠢᠭᠡ ᠤᠳᠠᠭ᠎ᠠ | ᠲᠡᠭᠦᠵᠤ ᠬᠤᠷᠢᠶᠠᠬᠤ ᠭᠡᠷᠡᠭᠳᠡᠢ᠃ ᠬᠤᠷᠢᠶᠠᠯᠳᠠ ᠶᠢᠨ ᠭᠦᠭ ᠦᠶ᠎ᠠ ᠳᠤ ᠨᠢᠭᠡ ᠬᠤᠶᠠᠷ ᠡᠳᠤᠷ ᠠᠯᠤᠰᠯᠠᠬᠤ ᠪᠦᠷᠢ ᠨᠢᠭᠡ | ᠤᠳᠠᠭ᠎ᠠ ᠲᠡᠭᠦᠵᠤ ᠬᠤᠷᠢᠶᠠᠬᠤ ᠭᠡᠷᠡᠭᠳᠡᠢ᠃ ᠲᠡᠭᠦᠵᠤ ᠬᠤᠷᠢᠶᠠᠬᠤ ᠳᠠᠭᠠᠨ ᠨᠠᠷᠢᠨ ᠨᠢᠮᠪᠠᠢ ᠲᠡᠭᠦᠵᠤ ᠴᠡᠪᠡᠷᠭᠡᠨ | ᠬᠤᠷᠢᠶᠠᠬᠤ ᠭᠡᠷᠡᠭᠳᠡᠢ᠃ ᠲᠡᠭᠦᠭᠦ ᠳᠡᠭᠡᠨ ᠦᠷᠯᠦᠭᠡ ᠡᠷᠳᠡ ᠲᠡᠭᠦᠭᠦ ᠭᠡᠷᠡᠭᠳᠡᠢ᠂ ᠡᠨᠡ ᠦᠶ᠎ᠠ ᠳᠤ ᠤᠷᠭᠤᠮᠠᠯ ᠤᠨ ᠤᠰᠤ | ᠨᠢ ᠭᠦᠷᠦᠯᠴᠡᠭᠡ ᠲᠠᠢ᠂ ᠵᠢᠮᠢᠰ ᠨᠢ ᠰᠤᠷᠭᠤᠭ ᠵᠦᠭᠡᠯᠡᠨ᠂ ᠴᠢᠨᠠᠷ ᠰᠠᠶᠢᠳᠠᠢ ᠪᠠᠶᠢᠳᠠᠭ᠃ ᠲᠡᠭᠦᠭᠦ ᠳᠡᠭᠡᠨ ᠪᠠᠰᠠ ᠰᠠᠶᠢᠨ | ᠪᠠ ᠮᠠᠭᠤ ᠶᠢ ᠨᠢ ᠢᠯᠭᠠᠨ ᠰᠠᠯᠭᠠᠵᠤ᠂ ᠬᠤᠳᠠᠯᠳᠤᠬᠤ ᠳᠤ ᠲᠦᠭᠦᠮ ᠪᠤᠯᠭᠠᠬᠤ ᠭᠡᠷᠡᠭᠳᠡᠢ᠃ | 4. ᠲᠦᠪᠡᠳ ᠬᠠᠰᠢ ᠲᠠᠷᠢᠬᠤ | ︵1︶ ᠲᠦᠪᠡᠳ ᠬᠠᠰᠢ ᠨᠢ ᠭᠠᠳᠠᠭᠠᠳᠤ ᠤᠷᠴᠢᠨ ᠨᠦᠭᠦᠴᠡᠯ ᠳᠤ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ | ︖ | ᠲᠦᠪᠡᠳ ᠬᠠᠰᠢ ᠢ ᠭᠠᠳᠠᠭᠠᠳᠤ ᠤᠷᠴᠢᠨ ᠨᠦᠭᠦᠴᠡᠯ ᠳᠤ ᠲᠤᠤᠷᠠᠭᠢ ᠮᠡᠳᠤ ᠱᠠᠭᠠᠷᠳᠠᠯᠭ᠎ᠠ ᠲᠠᠢ ᠪᠠᠶᠢᠳᠠᠭ᠃ | | ① ᠲᠤᠯᠠᠭᠠᠨ ᠤ ᠭᠡᠮᠵᠢᠶ᠎ᠠ᠄ ᠦᠷ᠎ᠡ ᠶᠢᠨ ᠰᠤᠶᠤᠭᠠᠯᠠᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ | ᠪᠤᠯ 12℃᠂ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 28℃~30℃ ᠪᠤᠯᠤᠨ᠎ᠠ᠃ ᠴᠢᠭᠢ | ᠪᠤᠶᠢᠵᠢᠭᠤᠯᠬᠤ ᠬᠤᠭᠤᠴᠠᠭᠠᠨ ᠤ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ ᠡᠳᠤᠷ ᠲᠡᠭᠡᠨ | 20℃~25℃᠂ ᠰᠦᠨᠢ ᠳᠡᠭᠡᠨ 10℃~15℃ ᠪᠤᠯᠤᠨ᠎ᠠ᠃ ᠲᠤᠤᠷ᠎ᠠ ᠲᠤᠯᠠᠭᠠᠨ ᠳᠤ ᠪᠤᠯᠪᠠᠰᠤᠷᠠᠭᠤᠯᠬᠤ | ᠲᠤᠯᠠᠭᠠᠨ ᠤ ᠭᠡᠮᠵᠢᠶ᠎ᠠ ᠪᠤᠯ 6℃~7℃ ᠪᠤᠯᠤᠨ᠎ᠠ᠃ ᠴᠢᠭᠢ ᠪᠤᠶᠢᠵᠢᠭᠤᠯᠬᠤ ᠬᠤᠭᠤᠴᠠᠭᠠᠨ ᠳᠤ 30℃ ᠠᠴᠠ | ᠭᠡᠳᠦᠷᠡᠪᠡᠯ ᠠᠮᠠᠷᠬᠠᠨ ᠭᠡᠮ ᠲᠤᠰᠳᠠᠭ᠃ | ᠴᠡᠴᠡᠭ ᠲᠡᠯᠭᠡᠷᠡᠵᠤ ᠵᠢᠮᠢᠰᠯᠡᠭᠦ ᠬᠤᠭᠤᠴᠠᠭᠠᠨ ᠤ ᠲᠤᠯᠠᠭᠠᠨ ᠤ ᠭᠡᠮᠵᠢᠶ᠎ᠠ ᠨᠢ ᠪᠤᠯ ᠡᠳᠤᠷ ᠲᠡᠭᠡᠨ | 20℃~30℃᠂ ᠰᠦᠨᠢ ᠳᠡᠭᠡᠨ 15℃~20℃ ᠪᠤᠯᠤᠨ᠎ᠠ᠃ 15℃ ᠠᠴᠠ ᠲᠤᠷᠤᠠᠠᠰᠢ ᠪᠤᠶᠤ 30℃ | ᠠᠴᠠ ᠭᠡᠳᠦᠷᠡᠪᠡᠯ ᠵᠡᠷᠡᠮᠳᠡᠭ ᠵᠢᠮᠢᠰ ᠰᠠᠭᠤᠵᠤ᠂ ᠲᠤᠭᠤᠰᠤᠳᠤᠬᠤ ᠨᠢ ᠮᠠᠭᠤ ᠪᠠᠶᠢᠳᠠᠭ᠃ | ᠵᠢᠮᠢᠰ ᠨᠢ ᠲᠤᠮᠤᠷᠠᠬᠤ ᠬᠤᠭᠤᠴᠠᠭᠠᠨ ᠤ ᠲᠤᠯᠠᠭᠠᠨ ᠤ ᠭᠡᠮᠵᠢᠶ᠎ᠠ ᠨᠢ ᠪᠤᠯ ᠡᠳᠤᠷ ᠲᠡᠭᠡᠨ 25℃~28℃᠂ ᠰᠦᠨᠢ | ᠳᠡᠭᠡᠨ 16℃~20℃ ᠪᠤᠯᠤᠨ᠎ᠠ᠃ ᠵᠢᠮᠢᠰ ᠨᠢ ᠤᠯᠠᠶᠢᠬᠤ ᠦᠶ᠎ᠠ ᠶᠢᠨ ᠲᠤᠯᠠᠭᠠᠨ ᠤ ᠭᠡᠮᠵᠢᠶ᠎ᠠ ᠨᠢ ᠪᠤᠯ | 20℃~24℃ ᠪᠤᠯᠤᠨ᠎ᠠ᠃ 28℃~30℃ ᠪᠤᠯᠪᠠᠯ ᠵᠢᠮᠢᠰ ᠤᠨ ᠤᠯᠠᠶᠢᠬᠤ ᠶᠢ ᠨᠦᠯᠦᠭᠡᠯᠡᠨ᠎ᠡ᠃ | ᠲᠦᠪᠡᠳ ᠬᠠᠰᠢ ᠶᠢᠨ ᠭᠠᠵᠠᠷ ᠤᠨ ᠲᠤᠯᠠᠭᠠᠨ ᠤ ᠲᠤᠭᠢᠷᠠᠬᠤ ᠭᠡᠪᠴᠢᠶ᠎ᠠ ᠨᠢ ᠪᠤᠯ 16℃~28℃᠂ | ᠬᠠᠮᠤᠭ ᠤᠨ ᠲᠤᠭᠢᠷᠠᠮᠵᠢᠳᠡᠢ ᠨᠢ 20℃~23℃ ᠪᠤᠯᠤᠨ᠎ᠠ᠃ ᠭᠠᠵᠠᠷ ᠤᠨ ᠲᠤᠯᠠᠭᠠᠨ ᠤ ᠬᠠᠮᠤᠭ ᠤᠨ ᠲᠤᠤᠷ᠎ᠠ | ᠵᠠᠭᠠᠭ ᠨᠢ 8℃~9℃᠂ ᠬᠠᠮᠤᠭ ᠤᠨ ᠦᠨᠳᠤᠷ ᠵᠠᠭᠠᠭ ᠨᠢ 29℃ ᠪᠤᠯᠤᠨ᠎ᠠ᠃ | ② ᠭᠡᠷᠡᠯ ᠤᠨ ᠲᠤᠰᠤᠯᠳᠠ᠄ ᠲᠦᠪᠡᠳ ᠬᠠᠰᠢ ᠪᠤᠯ ᠬᠤᠷᠴᠡ ᠭᠡᠷᠡᠯ ᠳᠤ ᠰᠠᠳᠤᠯᠳᠡ ᠲᠠᠢ ᠪᠠᠶᠢᠳᠠᠭ᠃ | ᠭᠡᠷᠡᠯ ᠤᠨ ᠬᠠᠨᠤᠯᠳᠠ ᠶᠢᠨ ᠴᠡᠭ ᠨᠢ 70000LX᠂ ᠭᠡᠷᠡᠯ ᠤᠨ ᠨᠦᠭᠦᠯᠳᠡ ᠶᠢᠨ ᠴᠡᠭ ᠨᠢ 1000LX ᠪᠤᠯᠤᠨ᠎ᠠ᠃ | ᠲᠦᠪᠡᠳ ᠬᠠᠰᠢ ᠨᠢ ᠴᠡᠴᠡᠭ ᠲᠡᠯᠭᠡᠷᠡᠨ ᠦᠷᠡᠯᠡᠭᠦ ᠬᠤᠭᠤᠴᠠᠭᠠᠨ ᠳᠤ ᠡᠳᠤᠷ ᠪᠦᠷᠢ 7 ᠴᠠᠭ ᠠᠴᠠ ᠲᠡᠭᠡᠭᠰᠢᠭᠢ | ᠭᠡᠷᠡᠯ ᠤᠨ ᠲᠤᠰᠤᠯᠳᠠ ᠶᠢ ᠭᠡᠷᠡᠭᠰᠡᠵᠤ᠂ ᠬᠤᠷᠴᠡ ᠭᠡᠷᠡᠯ ᠨᠢ 40000LX ᠠᠴᠠ ᠲᠡᠭᠡᠭᠰᠢ ᠪᠤᠯᠪᠠᠯ ᠰᠠᠶ᠋ᠢ ᠭᠡᠪ ᠤᠨ | ᠬᠤᠷᠢᠶᠠᠯᠳᠠ ᠲᠠᠢ ᠪᠤᠯᠵᠤ ᠴᠢᠳᠠᠨ᠎ᠠ᠃ | ③ ᠤᠰᠤ᠄ ᠲᠦᠪᠡᠳ ᠬᠠᠰᠢ ᠨᠢ ᠠᠳᠠᠯᠢ ᠪᠤᠰᠤ ᠤᠷᠭᠤᠯᠳᠠ ᠶᠢᠨ ᠦᠶ᠎ᠠ ᠳᠡᠭᠡᠨ ᠤᠰᠤᠨ ᠤ ᠱᠠᠭᠠᠷᠳᠠᠯᠭ᠎ᠠ | ᠨᠢ ᠴᠤ ᠠᠳᠠᠯᠢ ᠦᠭᠡᠢ ᠪᠠᠶᠢᠳᠠᠭ᠃ ᠴᠢᠭᠢᠯᠡᠯᠳᠡ ᠶᠢᠨ ᠬᠤᠭᠤᠴᠠᠭᠠᠨ ᠳᠤ ᠤᠰᠤ ᠨᠡᠯᠢᠶᠡᠳ ᠶᠡᠭᠡ ᠭᠡᠷᠡᠭᠰᠡᠵᠤ᠂ | ᠲᠠᠷᠢᠠᠠᠰᠠᠨ ᠤ ᠰᠡᠭᠦᠯᠡᠷ ᠭᠦᠷᠤᠰᠤ ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ 80% ᠪᠠᠶᠢᠬᠤ ᠶᠢ | ᠱᠠᠭᠠᠷᠳᠠᠳᠠᠭ᠃ ᠨᠢᠯᠬ᠎ᠠ ᠴᠢᠭᠢᠨ ᠤ ᠬᠤᠭᠤᠴᠠᠭᠠᠨ ᠳᠤ ᠭᠦᠷᠤᠰᠤ ᠰᠢᠷᠤᠢ ᠶᠢᠨ ᠴᠢᠭᠢᠭ ᠤᠨ ᠭᠡᠮᠵᠢᠶ᠎ᠠ ᠨᠢ | 65%~70% ᠪᠠᠶᠢᠬᠤ ᠶᠢ ᠱᠠᠭᠠᠷᠳᠠᠵᠤ᠂ ᠵᠢᠮᠢᠰᠯᠡᠭᠦ ᠬᠤᠭᠤᠴᠠᠭᠠᠨ ᠳᠤ ᠨᠡᠯᠢᠶᠡᠳ ᠶᠡᠭᠡ ᠤᠰᠤ ᠭᠡᠷᠡᠭᠰᠡᠵᠤ᠂ | ᠶᠠᠷᠦᠩᠭᠡᠢ ᠳᠡᠭᠡᠨ ᠴᠢᠭᠢᠭ ᠤᠨ ᠭᠡᠮᠵᠢᠶ᠎ᠠ ᠨᠢ 75% ᠠᠴᠠ ᠲᠡᠭᠡᠭᠰᠢ ᠪᠠᠶᠢᠬᠤ ᠶᠢ ᠱᠠᠭᠠᠷᠳᠠᠳᠠᠭ᠃ ᠵᠢᠮᠢᠰ ᠨᠢ | ᠲᠦᠷᠭᠡᠨ ᠲᠤᠮᠤᠷᠠᠬᠤ ᠦᠶ᠎ᠠ ᠳᠤ ᠭᠦᠷᠦᠰᠤᠨ ᠤ ᠴᠢᠭᠢᠭ ᠤᠨ ᠭᠡᠮᠵᠢᠶ᠎ᠠ ᠨᠢ 85%~90% ᠪᠠᠶᠢᠪᠠᠯ ᠮᠠᠰᠢ | ᠲᠤᠭᠢᠷᠠᠮᠵᠢᠳᠡᠢ ᠪᠠᠶᠢᠳᠠᠭ᠃ | ④ ᠭᠦᠷᠤᠰᠤ ᠰᠢᠷᠤᠢ ᠪᠠ ᠰᠢᠮ᠎ᠠ ᠲᠡᠵᠢᠭᠡᠯ᠄ ᠲᠦᠪᠡᠳ ᠬᠠᠰᠢ ᠶᠢᠨ ᠦᠨᠳᠤᠰᠤᠨ ᠰᠢᠰᠲ᠋ᠧᠮ ᠨᠢ | ᠭᠦᠭᠵᠢᠩᠭᠦᠢ᠂ ᠭᠤᠤᠯ ᠦᠨᠳᠤᠰᠤᠨ ᠰᠦᠷᠦᠭ ᠨᠢ 30cm ᠬᠦᠨ ᠭᠦᠷᠦᠰᠤᠨ ᠳᠤ ᠲᠠᠷᠬᠠᠵᠤ᠂ ᠬᠠᠮᠤᠭ ᠤᠨ ᠭᠦᠨ | ᠨᠢ 1.5m ᠲᠤ ᠭᠦᠷᠳᠡᠭ᠃ ᠦᠨᠳᠤᠰᠤᠨ ᠰᠢᠰᠲ᠋ᠧᠮ ᠤᠨ ᠭᠦᠨᠳᠡᠯᠡᠨ ᠲᠠᠷᠬᠠᠴᠠ ᠶᠢᠨ ᠳ᠋ᠢᠶᠠᠮᠧᠲᠷ ᠨᠢ 1.3~1. | 5m ᠪᠠᠶᠢᠳᠠᠭ᠃ ᠲᠦᠪᠡᠳ ᠬᠠᠰᠢ ᠶᠢᠨ ᠤᠷᠭᠤᠯᠳᠠ ᠳᠤ pH ᠤᠨ ᠭᠡᠮᠵᠢᠶ᠎ᠠ ᠨᠢ 6~7 ᠪᠦᠭᠦᠢ ᠡᠯᠡᠰᠦᠷᠭᠡᠭ | ᠭᠦᠷᠦᠰᠤ ᠬᠠᠮᠤᠭ ᠤᠨ ᠲᠤᠭᠢᠷᠠᠮᠵᠢᠳᠡᠢ ᠪᠠᠶᠢᠳᠠᠭ᠃ | ᠲᠦᠪᠡᠳ ᠬᠠᠰᠢ ᠨᠢ ᠹᠤᠰᠹᠤᠷ᠂ ᠺᠠᠯᠢ᠂ ᠠᠽᠤᠲ᠂ ᠺᠠᠯᠼ ᠤᠨ ᠰᠢᠮ᠎ᠠ ᠲᠡᠵᠢᠭᠡᠯ ᠤᠨ ᠡᠯᠧᠮᠧᠨ᠋ᠲ ᠲᠤ ᠮᠠᠰᠢ | ᠰᠡᠷᠭᠡᠭ ᠪᠠᠶᠢᠵᠤ᠂ ᠨᠢᠯᠬ᠎ᠠ ᠴᠢᠭᠢᠨ ᠤ ᠬᠤᠭᠤᠴᠠᠭᠠᠨ ᠳᠤ ᠠᠽᠤᠲ ᠪᠤᠷᠳᠤᠭᠤᠷ ᠨᠡᠯᠢᠶᠡᠳ ᠪᠠᠭ᠎ᠠ ᠭᠡᠷᠡᠭᠰᠡᠵᠤ᠂ ᠴᠡᠴᠡᠭ | ᠲᠡᠯᠭᠡᠷᠡᠵᠤ ᠵᠢᠮᠢᠰᠯᠡᠭᠦ ᠬᠤᠭᠤᠴᠠᠭᠠᠨ ᠳᠤ ᠶᠡᠭᠡᠳᠡ ᠭᠡᠷᠡᠭᠰᠡᠵᠤ᠂ ᠵᠢᠮᠢᠰ ᠨᠢ ᠲᠤᠮᠤᠷᠠᠬᠤ ᠦᠶ᠎ᠠ ᠳᠤ ᠠᠽᠤᠲ | ᠪᠤᠷᠳᠤᠭᠤᠷ ᠮᠠᠰᠢ ᠶᠡᠭᠡ ᠭᠡᠷᠡᠭᠰᠡᠳᠡᠭ᠃ ᠦᠷᠡᠵᠢᠯ ᠤᠨ ᠡᠭᠢᠨ ᠤ ᠦᠶ᠎ᠠ ᠳᠤ ᠹᠤᠰᠹᠤᠷ ᠤᠨ ᠭᠡᠷᠡᠭᠴᠡᠭᠡ ᠨᠢ ᠨᠡᠮᠡᠭᠳᠡᠵᠤ᠂ | ᠴᠢᠭᠢᠯᠡᠭᠦ ᠦᠶ᠎ᠠ ᠳᠤᠨᠢ ᠹᠤᠰᠹᠤᠷ ᠲᠤᠳ᠋ᠬᠠᠳᠠᠪᠠᠯ ᠰᠤᠶᠤᠭᠠᠯᠠᠨ ᠵᠠᠳᠠᠷᠠᠬᠤ ᠪᠠ ᠦᠨᠳᠤᠰᠤᠨ ᠰᠢᠰᠲ᠋ᠧᠮ ᠤᠨ | ᠪᠤᠶᠢᠵᠢᠯᠳᠡ ᠶᠢ ᠨᠢ ᠨᠦᠯᠦᠭᠡᠯᠡᠳᠡᠭ᠃ ᠹᠤᠰᠹᠤᠷ ᠪᠤᠷᠳᠤᠭᠤᠷ ᠲᠤᠳ᠋ᠬᠠᠳᠠᠪᠠᠯ ᠵᠢᠮᠢᠰ ᠤᠨ ᠪᠤᠶᠢᠵᠢᠯᠳᠡ ᠨᠢ ᠮᠠᠭᠤᠳᠠᠵᠤ᠂ | ᠦᠡᠭᠭᠡ ᠭᠠᠯᠪᠢᠷ ᠨᠢ ᠪᠠᠭᠤᠷᠠᠵᠤ᠂ ᠴᠢᠨᠠᠷ ᠨᠢ ᠴᠤ ᠮᠠᠭᠤᠳᠠᠳᠠᠭ᠃ ᠺᠠᠯᠢ ᠪᠤᠷᠳᠤᠭᠤᠷ ᠢ ᠦᠷᠡᠵᠢᠯ ᠤᠨ ᠭᠦᠭ ᠦᠶ᠎ᠠ | ᠳᠡᠭᠡᠨ ᠶᠡᠭᠡᠳᠡ ᠭᠡᠷᠡᠭᠰᠡᠵᠤ᠂ ᠠᠩᠬᠠᠳ᠋ᠬᠠᠴᠢ ᠴᠡᠴᠡᠭ ᠤᠨ ᠪᠠᠭ ᠨᠢ ᠵᠢᠮᠢᠰᠯᠡᠭᠰᠡᠨ ᠤ ᠰᠡᠭᠦᠯᠡᠷ ᠺᠠᠯᠢ ᠶᠢᠨ ᠭᠡᠷᠡᠭᠴᠡᠭᠡ ᠨᠢ | ᠰᠢᠭᠤᠳ ᠨᠡᠮᠡᠭᠳᠡᠳᠡᠭ᠃ ᠺᠠᠯᠢ ᠲᠤᠳ᠋ᠬᠠᠳᠠᠪᠠᠯ ᠭᠡᠮ ᠢ ᠡᠰᠡᠷᠭᠦᠴᠡᠭᠦ ᠴᠢᠳᠠᠯ ᠨᠢ ᠮᠠᠭᠤᠳᠠᠵᠤ᠂ ᠵᠢᠮᠢᠰ ᠤᠨ ᠰᠢᠭᠢᠷ ᠤᠨ | ᠠᠭᠤᠯᠤᠭᠳᠠᠴᠨ ᠨᠢ ᠪᠠᠭᠤᠷᠠᠳᠠᠭ᠃ ᠴᠠᠴᠡᠭ ᠲᠡᠯᠭᠡᠷᠡᠵᠤ | ᠵᠢᠮᠢᠰᠯᠡᠭᠦ ᠪᠠ ᠵᠢᠮᠢᠰ ᠨᠢ ᠲᠤᠮᠤᠷᠠᠬᠤ ᠦᠶ᠎ᠠ ᠳᠤ ᠺᠠᠯᠼ ᠶᠢ ᠶᠡᠭᠡ ᠪᠠᠷ ᠭᠡᠷᠡᠭᠰᠡᠵᠤ᠂ ᠺᠠᠯᠼ ᠲᠤᠳ᠋ᠬᠠᠳᠠᠪᠠᠯ | ᠤᠷᠭᠤᠮᠠᠯ ᠤᠨ ᠤᠷᠭᠤᠯᠳᠠ ᠶᠢᠨ ᠴᠡᠭ ᠨᠢ ᠠᠮᠠᠷᠬᠠᠨ ᠬᠠᠳᠠᠵᠤ ᠦᠭᠦᠵᠤ᠂ ᠵᠢᠮᠢᠰ ᠲᠤᠨᠢ ᠭᠦᠢᠰᠤ ᠢᠯᠵᠠᠷᠠᠬᠤ ᠭᠡᠮ | ᠠᠮᠠᠷᠬᠠᠨ ᠲᠤᠰᠳᠠᠭ᠃ | ︵2︶ ᠲᠦᠪᠡᠳ ᠬᠠᠰᠢ ᠶᠢ ᠭᠦᠯᠡᠮᠵᠢᠨ ᠳᠤ ᠲᠠᠷᠢᠬᠤ ᠳᠤ ᠶᠠᠮᠠᠷ ᠰᠤᠷᠲ ᠢ ᠰᠤᠩᠭᠤᠬᠤ ᠪᠤᠢ︖ | ᠭᠦᠯᠡᠮᠵᠢᠨ ᠳᠤ ᠲᠠᠷᠢᠬᠤ ᠳᠤ ᠲᠤᠭᠢᠷᠠᠬᠤ ᠲᠦᠪᠡᠳ ᠬᠠᠰᠢ ᠶᠢᠨ ᠰᠤᠷᠲ ᠭᠡᠪᠡᠯ᠄ ᠱᠢ ᠵᠢᠢ ᠹᠧᠨ ᠭᠤᠸᠠᠨ ︵世纪 | 粉冠︶᠂ ᠪᠤᠤ ᠶᠢᠤ ︵保优︶ 100᠂ ᠪᠤᠤ ᠭᠤᠸᠠᠨ ︵宝冠︶᠂ ᠴᠤᠤ ᠵᠢᠢ ᠹᠧᠨ ᠭᠤᠸᠠᠨ ︵超 | 级粉冠︶ ᠵᠡᠷᠭᠡ ᠰᠤᠷᠲ ᠤᠳ ᠪᠠᠶᠢᠨ᠎ᠠ᠃ | ︵3︶ ᠲᠦᠪᠡᠳ ᠬᠠᠰᠢ ᠶᠢ ᠶᠠᠮᠠᠷ ᠦᠶ᠎ᠠ ᠳᠤ ᠲᠠᠷᠢᠬᠤ ᠪᠤᠢ︖ | ᠲᠦᠪᠡᠳ ᠬᠠᠰᠢ ᠶᠢᠨ ᠲᠦᠷᠦᠭᠦᠤ ᠲᠠᠷᠢᠠᠠᠰᠠᠨ ᠭᠤᠤᠷᠰᠤ ᠨᠢ ᠭᠤᠸ᠎ᠠ ᠶᠢᠨ ᠲᠦᠷᠦᠯ᠂ ᠨᠤᠭᠤᠭᠠᠨ ᠨᠠᠪᠴᠢᠳᠤ | ᠨᠤᠭᠤᠭ᠎ᠠ ᠶᠢᠨ ᠲᠦᠷᠦᠯ ᠪᠠᠶᠢᠪᠠᠯ ᠬᠠᠮᠤᠭ ᠤᠨ ᠰᠠᠶᠢᠨ᠂ ᠬᠠᠰᠢ ᠶᠢᠨ ᠲᠦᠷᠦᠯ ᠤᠨ ᠨᠤᠭᠤᠭ᠎ᠠ ᠶᠢ ᠦᠷᠭᠦᠯᠵᠢᠯᠡᠨ | ᠲᠠᠷᠢᠬᠤ ᠪᠠ ᠤᠠᠠᠳᠤᠨ ᠲᠠᠷᠢᠬᠤ ᠶᠢ ᠴᠡᠭᠡᠷᠯᠡᠨ᠎ᠡ᠃ | ᠬᠠᠪᠤᠷ ᠡᠷᠳᠡ ᠶᠢᠨ ᠭᠤᠤᠷᠰᠤᠨ ᠤ ᠭᠦᠯᠡᠮᠵᠢᠨ ᠤ ᠲᠦᠪᠡᠳ ᠬᠠᠰᠢ ᠶᠢ ᠪᠤᠯ 12 ᠳ᠋ᠤᠭᠠᠷ ᠰᠠᠷ᠎ᠠ ᠶᠢᠨ ᠡᠭᠢ | ᠪᠠᠷ ᠴᠢᠭᠢ ᠪᠤᠶᠢᠵᠢᠭᠤᠯᠵᠤ᠂ ᠲᠠᠷᠠᠭ᠎ᠠ ᠵᠢᠯ ᠤᠨ ᠨᠢᠭᠡᠳᠦᠭᠡᠷ ᠰᠠᠷ᠎ᠠ ᠶᠢᠨ ᠲᠤᠮᠳᠡᠴᠢ ᠪᠠᠷ ᠰᠠᠭᠤᠷᠢᠰᠢᠭᠤᠯᠤᠨ ᠲᠠᠷᠢᠵᠤ᠂ | 4 ᠳ᠋ᠤᠭᠡᠷ ᠰᠠᠷ᠎ᠠ ᠶᠢᠨ ᠲᠤᠮᠳᠡᠴᠢ ᠪᠠᠷ ᠡᠭᠢᠯᠡᠨ ᠬᠤᠷᠢᠶᠠᠵᠤ᠂ ᠵᠠᠬ᠎ᠠ ᠳᠤ ᠭᠠᠷᠭᠠᠨ᠂ 7 ᠳ᠋ᠤᠭᠠᠷ ᠰᠠᠷ᠎ᠠ ᠳᠤ ᠵᠡᠯ᠎ᠠ | ᠲᠠᠳᠠᠨ᠎ᠠ᠃ ᠭᠡᠷᠡᠯ ᠲᠤᠯᠠᠭᠠᠨ ᠤ ᠨᠦᠭᠦᠴᠡᠯ ᠨᠢ ᠰᠠᠶᠢᠨ ᠪᠤᠯ ᠬᠤᠷᠢᠶᠠᠯᠳᠠ ᠨᠢ ᠴᠤ ᠦᠨᠳᠤᠷ ᠪᠠᠶᠢᠳᠠᠭ᠃ ᠨᠠᠮᠤᠷ | ᠡᠪᠤᠯ ᠤᠨ ᠭᠤᠤᠷᠰᠤᠨ ᠤ ᠲᠦᠪᠡᠳ ᠬᠠᠰᠢ ᠶᠢ ᠰᠠᠭᠤᠷᠢᠰᠢᠭᠤᠯᠤᠨ ᠲᠠᠷᠢᠬᠤ ᠳᠤ ᠨᠡᠯᠢᠶᠡᠳ ᠴᠢᠩᠭ᠎ᠠ ᠱᠠᠭᠠᠷᠳᠠᠯᠭ᠎ᠠ ᠲᠠᠢ | ᠪᠠᠶᠢᠵᠦ 7 ᠳ᠋ᠤᠭᠠᠷ ᠰᠠᠷ᠎ᠠ ᠶᠢᠨ 5 ᠤ ᠪᠠᠷᠤᠭ ᠢᠶᠠᠷ ᠰᠢᠭᠤᠳ ᠲᠠᠷᠢᠬᠤ ᠪᠤᠶᠤ ᠴᠢᠭᠢ ᠪᠤᠶᠢᠵᠢᠭᠤᠯᠵᠤ᠂ 8 ᠳ᠋ᠤᠭᠠᠷ | ᠰᠠᠷ᠎ᠠ ᠳᠤ ᠰᠠᠭᠤᠷᠢᠰᠢᠭᠤᠯᠤᠨ ᠲᠠᠷᠢᠵᠤ᠂ 10 ᠳ᠋ᠤᠭᠠᠷ ᠰᠠᠷ᠎ᠠ ᠳᠤ ᠵᠠᠬ᠎ᠠ ᠳᠤ ᠭᠠᠷᠭᠠᠨ᠎ᠠ᠃ ᠭᠤᠴᠢᠭᠠᠳ ᠬᠤᠨᠤᠭ | ᠪᠤᠯᠤᠠᠠᠰᠠᠨ ᠴᠢᠭᠢ ᠶᠢ 10 ᠳ᠋ᠤᠭᠠᠷ ᠰᠠᠷ᠎ᠠ ᠶᠢᠨ ᠲᠤᠮᠳᠡᠴᠢ ᠠᠴᠠ ᠡᠭᠢᠯᠡᠨ 5 ᠳ᠋ᠤᠭᠠᠷ ᠰᠠᠷ᠎ᠠ ᠪᠤᠯᠳᠠᠯ᠎ᠠ ᠶᠡᠭᠡ ᠪᠠᠷ | ᠬᠤᠷᠢᠶᠠᠵᠤ ᠠᠪᠤᠪᠠᠯ᠂ ᠬᠤᠷᠢᠶᠠᠯᠳᠡ ᠨᠢ ᠦᠨᠳᠤᠷ᠂ ᠦᠷ᠎ᠡ ᠠᠰᠢᠭ ᠨᠢ ᠰᠠᠶᠢᠨ ᠪᠤᠯᠳᠠᠭ᠃ | ︵4︶ ᠬᠠᠮᠠᠭᠠᠯᠠᠯᠳᠠ ᠶᠢᠨ ᠲᠠᠷᠢᠶᠠᠨ ᠳᠤ ᠲᠦᠪᠡᠳ ᠬᠠᠰᠢ ᠶᠢᠨ ᠴᠢᠭᠢ ᠶᠢ ᠢᠳᠡᠷᠡᠭᠦᠨ ᠪᠤᠶᠢᠵᠢᠭᠤᠯᠬᠤ | ᠶᠠᠮᠠᠷ ᠠᠷᠭ᠎ᠠ ᠮᠡᠷᠭᠡᠵᠢᠯ ᠪᠠᠶᠢᠬᠤ ᠪᠤᠢ︖ | ᠲᠤᠮᠤ ᠴᠢᠭᠢ᠂ ᠢᠳᠡᠷᠡᠭᠦᠨ ᠴᠢᠭᠢ ᠪᠤᠶᠢᠵᠢᠭᠤᠯᠬᠤ ᠪᠤᠯ ᠬᠠᠮᠠᠭᠠᠯᠠᠯᠳᠠ ᠶᠢᠨ ᠭᠠᠵᠠᠷ ᠲᠠᠬᠢ ᠲᠦᠪᠡᠳ | ᠬᠠᠰᠢ ᠶᠢᠨ ᠡᠷᠳᠡ ᠪᠤᠯᠪᠠᠰᠤᠷᠠᠵᠤ ᠡᠯᠪᠡᠭ ᠬᠤᠷᠢᠶᠠᠬᠤ ᠶᠢᠨ ᠰᠠᠭᠤᠷᠢ ᠮᠦᠨ᠃ ᠰᠤᠷᠲ ᠢ ᠤᠨᠤᠪᠴᠢᠳᠡᠢ ᠰᠤᠩᠭᠤᠵᠤ᠂ | ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠶᠢᠨ ᠴᠢᠭᠢ ᠪᠤᠶᠢᠵᠢᠭᠤᠯᠤᠯᠳᠠ ᠶᠢ ᠵᠢᠷᠠᠭᠠᠳ ᠬᠤᠨᠤᠭ ᠲᠤ | ᠭᠦᠷᠦᠭᠦᠯᠵᠤ᠂ ᠴᠢᠭᠢᠨ ᠤ ᠲᠠᠯᠠᠪᠠᠢ ᠶᠢᠨ ᠰᠢᠮ᠎ᠠ ᠲᠡᠵᠢᠭᠡᠯ ᠤᠨ ᠨᠦᠭᠦᠴᠡᠯ ᠢ ᠰᠠᠶᠢᠵᠢᠷᠠᠭᠤᠯᠵᠤ᠂ ᠴᠢᠭᠢ ᠰᠠᠭᠤᠯᠭᠠᠬᠤ | ᠰᠠᠭᠤᠷᠢ ᠶᠢᠨ ᠵᠠᠢ ᠶᠢ 10~12cm ᠪᠠᠶᠢᠯᠭᠠᠵᠤ᠂ ᠴᠢᠭᠢᠯᠡᠯᠳᠡ ᠶᠢᠨ ᠬᠤᠭᠤᠴᠠᠭᠠᠨ ᠤ ᠴᠢᠭᠢᠭ ᠤᠨ ᠭᠡᠮᠵᠢᠶ᠎ᠠ ᠶᠢ | ᠰᠢᠨᠵᠢᠯᠡᠭᠦ ᠤᠬᠠᠭᠠᠠᠴᠢ ᠪᠠᠷ ᠡᠵᠡᠮᠰᠢᠭᠦ ᠪᠤᠯ ᠢᠳᠡᠷᠡᠭᠦᠨ ᠢᠶᠠᠷ ᠪᠤᠶᠢᠵᠢᠭᠤᠯᠬᠤ ᠶᠢᠨ ᠵᠠᠩᠭᠢᠯᠠᠭ᠎ᠠ ᠪᠤᠯᠤᠨ᠎ᠠ᠃ | ① ᠦᠷ᠎ᠡ ᠶᠢ ᠠᠷᠢᠭᠤᠳᠬᠠᠬᠤ ᠪᠠ ᠲᠡᠪᠳᠦᠭᠡᠭᠦ᠄ ᠲᠦᠪᠡᠳ ᠬᠠᠰᠢ ᠶᠢᠨ ᠦᠷ᠎ᠡ ᠶᠢᠨ ᠭᠠᠳᠠᠷ ᠲᠠᠯ᠎ᠠ ᠳᠤ | ᠡᠷᠳᠡ ᠭᠢᠵᠢᠭᠷᠡᠭᠦ ᠭᠡᠮ᠂ ᠰᠢᠷᠬᠠᠯᠠᠭ᠎ᠠ ᠭᠡᠮ᠂ ᠲᠠᠮᠡᠭᠢᠨ ᠤ ᠨᠠᠪᠴᠢᠨ ᠤ ᠭᠡᠮ ᠤᠨ ᠬᠤᠤᠷ ᠵᠡᠷᠭᠡ ᠡᠪᠡᠳᠴᠢᠨ ᠡᠭᠦᠰᠭᠡᠭᠴᠢ | ᠪᠠᠺᠲ᠋ᠧᠷᠢ ᠨᠠᠭᠠᠯᠳᠤᠵᠤ ᠪᠠᠶᠢᠳᠠᠭ᠃ 50℃~52℃ ᠤᠨ ᠤᠰᠤᠨ ᠳᠤ ᠦᠷ᠎ᠡ ᠪᠠᠨ 15~20 ᠮᠢᠨᠦ᠋ᠲ | ᠲᠠᠪᠳᠦᠭᠡᠪᠡᠯ ᠶᠡᠭᠡᠨᠭᠭᠢ ᠵᠢᠩᠭᠢᠨᠢ ᠪᠠᠺᠲ᠋ᠧᠷᠢ ᠪᠠ ᠨᠠᠷᠢᠨ ᠪᠠᠺᠲ᠋ᠧᠷᠢ ᠶᠢ ᠤᠰᠠᠳᠬᠠᠵᠤ ᠲᠠᠶᠢᠯᠦᠨ᠎ᠠ᠃ 1% ᠶᠢᠨ ᠲᠡᠭᠡᠳᠤ | ᠮᠠᠩᠭᠠᠨ ᠭᠦᠴᠢᠯ ᠤᠨ ᠺᠠᠯᠢ ︵高锰酸钾︶ ᠶᠢᠨ ᠡᠮ ᠤᠨ ᠰᠢᠩᠭᠡᠨ ᠳᠤ ᠦᠷ᠎ᠡ ᠪᠠᠨ 10~15 | ᠮᠢᠨᠦ᠋ᠲ ᠲᠠᠪᠳᠦᠭᠡᠪᠡᠯ᠂ ᠡᠮ ᠤᠨ ᠭᠦᠴᠢᠯᠳᠦ᠋ᠷᠦᠭᠵᠢᠭᠦᠯᠭᠦ ᠦᠢᠯᠡᠳᠦᠯ ᠢ ᠠᠰᠢᠠᠠᠯᠠᠨ ᠦᠷ᠎ᠠ ᠶᠢᠨ ᠦᠡᠭᠭᠡᠨ ᠳᠠᠬᠢ | ᠵᠢᠩᠭᠢᠨᠢ ᠪᠠᠺᠲ᠋ᠧᠷᠢ ᠶᠢ ᠤᠰᠠᠳᠬᠠᠬᠤ ᠪᠤᠯᠤᠨ᠎ᠠ᠃ 10% ᠶᠢᠨ ᠹᠤᠰᠹᠤᠷ ᠭᠦᠴᠢᠯ ᠤᠨ ᠭᠤᠷᠪᠡᠴᠢ ᠨᠠᠲᠷᠢ ᠶᠢᠨ | ᠰᠢᠩᠭᠡᠨ ᠳᠤ ᠦᠷ᠎ᠡ ᠪᠠᠨ 15~20 ᠮᠢᠨᠦ᠋ᠲ ᠲᠠᠪᠳᠦᠭᠡᠵᠤ᠂ ᠲᠠᠷᠠᠭ᠎ᠠ ᠨᠢ 3~4 ᠤᠳᠠᠭ᠎ᠠ ᠤᠭᠢᠶᠠᠵᠤ᠂ | ᠦᠷ᠎ᠡ ᠶᠢᠨ ᠦᠡᠭᠭᠡᠨ ᠳᠠᠬᠢ ᠡᠪᠡᠳᠴᠢᠨ ᠤ ᠬᠤᠤᠷ ᠢ ᠠᠷᠢᠯᠭᠠᠪᠠᠯ᠂ ᠲᠦᠪᠡᠳ ᠬᠠᠰᠢ ᠶᠢᠨ ᠦᠷ᠎ᠠ ᠨᠢ 4~5 ᠴᠠᠭ | ᠲᠤ ᠤᠰᠤ ᠶᠢ ᠭᠦᠢᠴᠡᠳ ᠰᠢᠮᠡᠳᠭᠡᠵᠤ ᠴᠢᠳᠠᠨ᠎ᠠ᠃ | ② ᠰᠤᠶᠤᠭᠠᠯᠠᠭᠤᠯᠬᠤ᠄ ᠲᠦᠪᠡᠳ ᠬᠠᠰᠢ ᠶᠢᠨ ᠦᠷ᠎ᠡ ᠪᠠᠨ ᠲᠠᠪᠳᠦᠭᠡᠵᠤ ᠠᠷᠢᠭᠤᠳᠬᠠᠠᠠᠰᠠᠨ ᠤ ᠰᠡᠭᠦᠯᠡᠷ᠂ | ᠤᠭᠢᠶᠠᠵᠤ ᠬᠠᠳᠠᠭᠠᠭᠠᠳ᠂ ᠨᠦᠢᠳᠡᠨ ᠠᠯᠴᠢᠭᠤᠷ᠂ ᠱᠠ ᠪᠦᠰ ᠪᠤᠶᠤ ᠴᠡᠪᠡᠷᠭᠡᠨ ᠪᠦᠰ ᠲᠤ ᠪᠤᠭᠤᠵᠤ᠂ 25℃ ᠤᠨ | ᠬᠠᠯᠠᠭᠤᠨ ᠳᠤ ᠰᠤᠶᠤᠭᠠᠯᠠᠭᠤᠯᠪᠠᠯ᠂ 2~3 ᠡᠳᠤᠷ ᠲᠤ ᠰᠤᠶᠤᠭᠠᠯᠠᠴᠢᠬᠠᠨᠠ᠃ 60% ᠶᠢᠨ ᠦᠷ᠎ᠠ ᠨᠢ | ᠴᠠᠶᠢᠷᠬᠠᠰᠠᠨ ᠤ ᠰᠡᠭᠦᠯᠡᠷ ᠰᠠᠷᠢᠭᠦᠨ ᠭᠠᠵᠠᠷ ᠲᠤ ᠲᠠᠯᠪᠢᠨ ᠲᠠᠷᠢᠬᠤ ᠳᠤ ᠪᠡᠯᠡᠳᠭᠡᠨ᠎ᠡ᠃ | ③ ᠲᠠᠷᠢᠬᠤ᠄ ᠲᠡᠭᠰᠢ ᠲᠦᠷᠪᠡᠯᠵᠢᠨ ᠮᠧᠲᠷ ᠲᠠᠯᠠᠪᠠᠢ ᠪᠦᠷᠢ ᠴᠢᠨᠠᠷ ᠰᠠᠶᠢᠳᠠᠢ ᠤᠷᠭᠠᠨᠢᠭ ᠪᠤᠷᠳᠤᠭᠤᠷ | 25~30kg ᠤᠷᠤᠭᠤᠯᠵᠤ᠂ ᠬᠤᠶᠠᠷ ᠤᠳᠠᠭ᠎ᠠ ᠪᠠᠷᠤᠭ 15cm ᠭᠦᠨ ᠤᠷᠪᠠᠭᠤᠯᠬᠤ ᠪᠤᠶᠤ ᠭᠤᠷᠪᠡᠨ ᠤ | ᠨᠢᠭᠡ ᠶᠢᠨ ᠪᠤᠷᠳᠤᠭᠤᠷᠳᠤ ᠬᠠᠰᠢᠶᠠᠨ ᠰᠢᠷᠤᠢ᠂ ᠭᠤᠷᠪᠡᠨ ᠤ ᠬᠤᠶᠠᠷ ᠤᠨ ᠰᠠᠶᠢᠵᠠᠳ᠋ᠬᠠᠰᠠᠨ ᠮᠤᠷᠢᠨ ᠤ ᠬᠤᠮᠤᠤᠯ ᠢ | ᠰᠠᠶᠢᠳᠤᠷ ᠪᠠᠭᠰᠤᠷᠤᠨ ᠬᠤᠯᠢᠵᠤ᠂ 10cm ᠵᠤᠵᠠᠭᠠᠨ ᠲᠠᠪᠢᠰᠦᠨᠠ᠃ ᠴᠢᠭᠢ ᠶᠢᠨ ᠲᠠᠯᠠᠪᠠᠢ ᠪᠠᠨ ᠭᠦᠢᠴᠡᠳ | ᠤᠰᠤᠯᠠᠵᠤ᠂ ᠤᠰᠤ ᠨᠢ ᠰᠢᠮᠡᠳᠦᠭᠰᠡᠨ ᠤ ᠲᠠᠷᠠᠭ᠎ᠠ ᠲᠠᠷᠢᠵᠤ᠂ 1cm ᠵᠤᠵᠠᠭᠠᠨ ᠰᠢᠷᠤᠢ ᠪᠠᠷ ᠬᠤᠴᠢᠨᠡ᠃ | ᠲᠠᠷᠢᠠᠠᠰᠠᠨ ᠤ ᠰᠡᠭᠦᠯᠡᠷ ᠴᠢᠭᠢᠭ ᠲᠤᠯᠠᠭᠠᠨ ᠢ ᠬᠠᠳᠠᠭᠠᠯᠠᠬᠤ ᠶᠢᠨ ᠲᠤᠰᠠᠳᠠ ᠪᠦᠷᠭᠦᠭᠦᠯ ᠲᠠᠳᠡᠨ ᠵᠢᠵᠢᠭ ᠰᠠᠷᠠᠪᠴᠢ | ᠭᠠᠷᠭᠠᠵᠤ᠂ 60% ᠶᠢᠨ ᠴᠢᠭᠢ ᠨᠢ ᠪᠤᠯᠳᠠᠶᠢᠠᠠᠰᠠᠨ ᠤ ᠰᠡᠭᠦᠯᠡᠷ ᠪᠦᠷᠭᠦᠭᠦᠯ ᠢᠶᠠᠨ ᠬᠤᠷᠢᠶᠠᠨ ᠠᠪᠴᠤ᠂ ᠰᠠᠯᠭᠢ | ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠴᠢᠭᠢ ᠶᠢ ᠪᠤᠯᠪᠠᠰᠤᠷᠠᠭᠤᠯᠤᠨ᠎ᠠ᠃ | ④ ᠴᠢᠭᠢᠯᠡᠭᠦ ᠬᠤᠭᠤᠴᠠᠭᠠᠨ ᠤ ᠠᠷᠠᠴᠢᠯᠡᠯᠳᠡ᠄ ᠲᠠᠷᠢᠠᠠᠰᠠᠨ ᠤ ᠰᠡᠭᠦᠯᠡᠷ ᠴᠢᠭᠢ ᠨᠠᠪᠴᠢᠭᠦ ᠠᠴᠠ ᠡᠮᠦᠨ᠎ᠠ᠂ | ᠲᠦᠷᠭᠡᠨ ᠴᠢᠭᠢᠯᠡᠭᠦᠯᠭᠦ ᠶᠢᠨ ᠲᠤᠰᠠᠳᠠ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 25℃~28℃ ᠪᠠᠶᠢᠯᠭᠠᠵᠤ᠂ | ᠴᠢᠭᠢᠯᠡᠭᠰᠡᠨ ᠤ ᠭᠢᠨᠢ ᠰᠡᠭᠦᠯᠡᠷ ᠨᠢᠯᠬ᠎ᠠ ᠴᠢᠭᠢ ᠶᠢᠨ ᠲᠡᠨᠡᠭ ᠤᠷᠭᠤᠬᠤ ᠠᠴᠠ ᠰᠡᠷᠭᠡᠶᠢᠯᠡᠨ ᠲᠤᠯᠠᠭᠠᠨ ᠤ ᠭᠡᠮᠵᠢᠶ᠎ᠠ ᠶᠢ | ᠪᠠᠭᠤᠷᠠᠭᠤᠯᠤᠨ᠂ ᠡᠳᠤᠷ ᠲᠡᠭᠡᠨ 16℃~20℃᠂ ᠰᠦᠨᠢ ᠳᠡᠭᠡᠨ 10℃~12℃ ᠪᠠᠶᠢᠯᠭᠠᠵᠤ᠂ ᠨᠢᠭᠡ | ᠨᠠᠪᠴᠢᠯᠬᠠᠰᠠᠨ ᠠᠴᠠ ᠬᠤᠶᠢᠰᠢ ᠡᠳᠤᠷ ᠤᠨ ᠲᠤᠯᠠᠭᠠᠨ ᠤ ᠭᠡᠮᠵᠢᠶ᠎ᠠ ᠶᠢ 25℃~28℃᠂ ᠰᠦᠨᠢ ᠶᠢᠨ ᠬᠢ ᠶᠢ | 14℃~15℃ ᠪᠠᠶᠢᠯᠭᠠᠵᠤ᠂ 16℃ ᠠᠴᠠ ᠭᠡᠳᠦᠷᠡᠭᠦᠯᠭᠦ ᠦᠭᠡᠢ ᠪᠠᠶᠢᠯᠭᠠᠨ᠎ᠠ᠃ ᠴᠢᠭᠢ ᠰᠠᠯᠭᠠᠬᠤ ᠠᠴᠠ | ᠡᠮᠦᠨ᠎ᠠ ᠶᠠᠷᠦᠩᠭᠡᠢ ᠳᠡᠭᠡᠨ ᠤᠰᠤᠯᠠᠬᠤ ᠦᠭᠡᠢ᠃ | ᠨᠢᠯᠬ᠎ᠠ ᠴᠢᠭᠢ ᠨᠢ 2~3 ᠨᠠᠪᠴᠢᠯᠠᠬᠤ ᠦᠶᠡᠰ ᠲᠠᠷᠦ᠋ᠢᠬᠠᠨ ᠴᠢᠭᠢ ᠶᠢ ᠰᠠᠯᠭᠠᠨ᠎ᠠ᠃ ᠴᠢᠭᠢ ᠶᠢ ᠭᠡᠳᠦᠷᠭᠡᠢ ᠤᠷᠤᠢ | ᠰᠠᠯᠭᠠᠪᠠᠯ ᠦᠨᠳᠤᠰᠤ ᠶᠢ ᠠᠷᠪᠢᠨ ᠰᠢᠷᠬᠠᠳᠤᠭᠤᠯᠵᠤ᠂ ᠰᠤᠶᠤᠭᠠᠯᠠᠨ ᠵᠠᠳᠠᠷᠠᠬᠤ ᠶᠢ ᠨᠢ ᠨᠦᠯᠦᠭᠡᠯᠡᠨ᠎ᠡ᠃ ᠰᠠᠯᠭᠠᠠᠠᠰᠠᠨ | ᠴᠢᠭᠢᠨ ᠤ ᠰᠠᠭᠤᠷᠢ ᠶᠢᠨ ᠵᠠᠢ ᠶᠢ 10~12cm ᠪᠠᠶᠢᠯᠭᠠᠵᠤ᠂ ᠭᠦᠨᠳᠡᠯᠡᠨ ᠭᠤᠯᠳᠤ ᠪᠠᠷ ᠲᠠᠷᠢ ᠲᠡᠭᠰᠢ ᠪᠠᠶᠢᠯᠭᠠᠨ᠎ᠠ᠂ | ᠴᠢᠭᠢ ᠰᠠᠯᠭᠠᠬᠤ ᠠᠴᠠ ᠪᠠᠨ ᠨᠢᠭᠡ ᠡᠳᠤᠷ ᠤᠨ ᠡᠮᠦᠨ᠎ᠠ ᠴᠢᠭᠢ ᠶᠢᠨ ᠲᠠᠯᠠᠪᠠᠢ ᠪᠠᠨ ᠤᠰᠤᠯᠠᠵᠤ᠂ ᠰᠢᠯᠵᠢᠭᠦᠯᠭᠦ ᠳᠡᠭᠡᠨ | ᠬᠠᠪᠳᠠᠭᠠᠢ ᠠᠷᠴᠢᠭᠤᠷ ᠢᠶᠠᠷ ᠴᠢᠭᠢ ᠪᠠᠨ ᠠᠪᠴᠤ᠂ ᠰᠢᠷᠤᠢ ᠲᠠᠢ ᠨᠢ ᠵᠠᠶᠢᠯᠠᠵᠤ᠂ ᠭᠤᠤ ᠭᠠᠷᠭᠠᠨ ᠲᠠᠯᠳᠠ ᠤᠰᠤ ᠪᠠᠷ | ᠤᠰᠤᠯᠠᠵᠤ᠂ ᠭᠤᠤ ᠳᠠᠭᠠᠨ 10~12cm ᠤᠨ ᠵᠠᠶᠢᠳᠠᠢ ᠪᠠᠷ ᠰᠠᠭᠤᠯᠭᠠᠵᠤ᠂ ᠰᠢᠷᠤᠢ ᠪᠠᠷ ᠭᠤᠤ ᠪᠠᠨ ᠲᠠᠷᠤᠵᠤ᠂ | ᠲᠠᠭᠢᠨ ᠲᠠᠷᠠᠭ᠎ᠠ ᠨᠢᠭᠡ ᠮᠦᠷ ᠢ ᠨᠢ ᠵᠠᠶᠢᠯᠠᠨ᠎ᠠ᠃ ᠪᠠᠰᠠ ᠰᠦᠯᠢᠶᠤᠤ ᠴᠤᠮᠤ ᠪᠤᠶᠤ ᠴᠠᠭᠠᠰᠤᠨ ᠬᠠᠶᠢᠷᠴᠠᠭ ᠲᠤ ᠰᠢᠮ᠎ᠠ | ᠲᠡᠵᠢᠭᠡᠯᠳᠤ ᠰᠢᠷᠤᠢ ᠰᠠᠪᠠᠯᠠᠨ ᠴᠢᠭᠢ ᠰᠠᠯᠭᠠᠵᠤ ᠪᠤᠯᠤᠨ᠎ᠠ᠃ | ᠴᠢᠭᠢ ᠰᠠᠯᠭᠠᠠᠠᠰᠠᠨ ᠤ ᠲᠠᠷᠠᠭ᠎ᠠ ᠴᠢᠭᠢᠯᠡᠭᠦ ᠶᠢ ᠨᠢ ᠠᠭᠢᠭᠤᠯᠬᠤ ᠶᠢᠨ ᠲᠤᠰᠠᠳᠠ ᠲᠤᠯᠠᠭᠠᠨ ᠤ ᠭᠡᠮᠵᠢᠶ᠎ᠠ ᠶᠢ | ᠲᠡᠭᠡᠭᠰᠢᠯᠡᠭᠦᠯᠵᠤ᠂ ᠡᠳᠤᠷ ᠲᠡᠭᠡᠨ 25℃~28℃᠂ ᠰᠦᠨᠢ ᠳᠡᠭᠡᠨ 16℃~18℃ ᠪᠠᠶᠢᠯᠭᠠᠵᠤ᠂ ᠵᠢᠵᠢᠭ | ᠰᠠᠷᠠᠪᠴᠢ ᠭᠠᠷᠭᠠᠨ ᠴᠢᠭᠢᠭ ᠲᠤᠯᠠᠭᠠᠨ ᠢ ᠬᠠᠳᠠᠭᠠᠯᠠᠨ᠂ ᠭᠠᠵᠠᠷ ᠤᠨ ᠲᠤᠯᠠᠭᠠᠨ ᠢ 20℃ ᠠᠴᠠ ᠲᠡᠭᠡᠭᠰᠢ ᠪᠠᠶᠢᠯᠭᠠᠨ᠎ᠠ | ᠃ ᠵᠢᠷᠦᠭᠡᠨ ᠨᠠᠪᠴᠢ ᠨᠢ ᠤᠷᠭᠤᠨ ᠴᠢᠭᠢᠯᠡᠭᠰᠡᠨ ᠤ ᠰᠡᠭᠦᠯᠡᠷ ᠲᠤᠯᠠᠭᠠᠨ ᠤ ᠭᠡᠮᠵᠢᠶ᠎ᠠ ᠶᠢ ᠲᠤᠭᠢᠳᠡᠢ ᠪᠠᠭᠤᠷᠠᠭᠤᠯᠵᠤ᠂ | ᠡᠳᠤᠷ ᠲᠡᠭᠡᠨ 20℃~26℃᠂ ᠰᠦᠨᠢ ᠳᠡᠭᠡᠨ 12℃~13℃ ᠪᠠᠶᠢᠯᠭᠠᠨ᠎ᠠ᠃ ᠭᠠᠵᠠᠷ ᠬᠠᠳ᠋ᠬᠠᠰᠠᠨ ᠪᠤᠯ | ᠴᠡᠯᠮᠡᠭ ᠡᠳᠤᠷ ᠢ ᠰᠤᠩᠭᠤᠨ ᠨᠢᠭᠡ ᠤᠳᠠᠭ᠎ᠠ ᠤᠰᠤᠯᠠᠨ᠂ ᠤᠰᠤᠯᠠᠮᠬᠠᠴᠠ ᠪᠠᠨ ᠲᠠᠮᠤᠷ ᠤᠳᠠᠰᠤᠨ ᠭᠤᠬ᠎ᠠ ᠪᠠᠷ | ᠠᠷᠴᠢᠵᠤ᠂ ᠦᠨᠳᠤᠰᠤᠨ ᠰᠢᠰᠲ᠋ᠧᠮ ᠤᠨ ᠪᠤᠶᠢᠵᠢᠯᠳᠡ ᠶᠢ ᠨᠢ ᠠᠭᠢᠭᠤᠯᠤᠨ᠎ᠠ᠃ ᠰᠠᠭᠤᠷᠢᠰᠢᠭᠤᠯᠤᠨ ᠲᠠᠷᠢᠬᠤ ᠠᠴᠠ | ᠪᠠᠨ 3~5 ᠡᠳᠤᠷ ᠤᠨ ᠡᠮᠦᠨ᠎ᠠ᠂ ᠨᠢᠯᠬ᠎ᠠ ᠴᠢᠭᠢ ᠪᠠᠨ ᠲᠤᠤᠷ᠎ᠡ ᠲᠤᠯᠠᠭᠠᠨ ᠳᠤ ᠪᠤᠯᠪᠠᠰᠤᠷᠠᠭᠤᠯᠵᠤ᠂ ᠡᠳᠤᠷ ᠲᠡᠭᠡᠨ | 20℃ ᠠᠴᠠ ᠭᠡᠳᠦᠷᠡᠭᠦᠯᠭᠦ ᠦᠭᠡᠢ᠂ ᠰᠦᠨᠢ ᠳᠡᠭᠡᠨ 8℃~10℃ ᠪᠠᠶᠢᠯᠭᠠᠵᠤ᠂ ᠨᠢᠯᠬ᠎ᠠ ᠴᠢᠭᠢᠨ ᠤ ᠰᠦᠷᠭᠦ | ᠴᠢᠨᠠᠷ ᠢ ᠨᠢ ᠲᠡᠭᠡᠭᠰᠢᠯᠡᠭᠦᠯᠦᠨ᠎ᠠ᠃ | ᠨᠢᠯᠬ᠎ᠠ ᠴᠢᠭᠢ ᠨᠢ 4~5 ᠨᠠᠪᠴᠢᠯᠠᠬᠤ ᠦᠶ᠎ᠠ ᠳᠤ 500~1000ppm ᠢᠳᠡᠷᠡᠵᠢᠭᠦᠯᠭᠦ ᠡᠳ᠋ ᠢ | ᠲᠠᠪᠤᠨ ᠡᠳᠤᠷ ᠠᠯᠤᠰᠯᠠᠭᠠᠳ ᠨᠢᠭᠡ ᠤᠳᠠᠭ᠎ᠠ ᠰᠦᠷᠴᠢᠵᠤ᠂ ᠨᠠᠶᠢᠳᠡ 3 ᠤᠳᠠᠭ᠎ᠠ ᠰᠦᠷᠴᠢᠪᠡᠯ ᠲᠠᠨᠡᠭ ᠤᠷᠭᠤᠯᠳᠠ ᠶᠢ | ᠬᠤᠷᠢᠠᠠᠯᠠᠵᠤ᠂ ᠦᠨᠳᠤᠰᠤᠨ ᠴᠢᠭᠢ ᠶᠢ ᠨᠡᠮᠡᠭᠳᠡᠭᠦᠯᠵᠤ᠂ ᠴᠢᠭᠢ ᠶᠢ ᠢᠳᠡᠷᠡᠭᠦᠨ ᠪᠤᠯᠭᠠᠵᠤ ᠪᠤᠯᠤᠨ᠎ᠠ᠃ ᠡᠭᠦᠨ ᠠᠴᠠ | ᠭᠠᠳᠠᠨ᠎ᠠ ᠪᠠᠰᠠ ᠨᠠᠪᠴᠢᠨ ᠳᠤᠨᠢ B9 ᠶᠢ 1000~2000ppm᠂ ᠳ᠋ᠦᠸᠧ ᠰᠢᠶᠤᠤ ᠽᠦᠸᠧ ︵多效唑 | ︶ ᠡᠮ ᠢ 100~150ppm ᠰᠦᠷᠴᠢᠪᠡᠯ᠂ ᠲᠦᠪᠡᠳ ᠬᠠᠰᠢ ᠶᠢᠨ ᠨᠢᠯᠬ᠎ᠠ ᠴᠢᠭᠢᠨ ᠤ ᠲᠡᠨᠡᠭ ᠤᠷᠭᠤᠯᠳᠠ ᠶᠢ | ᠬᠤᠷᠢᠠᠠᠯᠠᠵᠤ ᠴᠢᠳᠠᠨ᠎ᠠ᠃ | ︵5︶ ᠨᠠᠮᠤᠷ ᠤᠨ ᠲᠦᠪᠡᠳ ᠬᠠᠰᠢ ᠶᠢᠨ ᠴᠢᠭᠢ ᠪᠤᠶᠢᠵᠢᠭᠤᠯᠬᠤ ᠳᠤ ᠶᠠᠮᠠᠷ ᠵᠠᠩᠭᠢᠯᠠᠭ᠎ᠠ ᠶᠢᠨ ᠮᠠᠷᠭᠡᠵᠢᠯ | ᠪᠠᠶᠢᠬᠤ ᠪᠤᠢ︖ | ᠵᠠᠩᠭᠢᠯᠠᠭ᠎ᠠ ᠶᠢᠨ ᠮᠡᠷᠭᠡᠵᠢᠯ ᠭᠡᠪᠡᠯ ᠴᠢᠭᠢ ᠶᠢᠨ ᠲᠠᠯᠠᠪᠠᠢ ᠪᠠᠨ ᠭᠠᠵᠠᠷ ᠤᠨ ᠲᠦᠪᠰᠢᠨ ᠨᠢ ᠦᠨᠳᠤᠷ ᠰᠢᠭ᠂ | ᠤᠰᠤᠯᠠᠬᠤ ᠤᠰᠤ ᠵᠠᠯᠠᠬᠤ ᠳᠤ ᠲᠦᠭᠦᠮ᠂ ᠰᠠᠯᠭᠢ ᠰᠠᠶᠢᠨ ᠨᠡᠪᠳᠡᠷᠡᠭᠦ ᠭᠠᠵᠠᠷ ᠭᠡᠰᠡᠭ ᠲᠤ ᠰᠤᠩᠭᠤᠬᠤ ᠭᠡᠷᠡᠭᠳᠡᠢ᠃ | ᠴᠢᠭᠢ ᠶᠢᠨ ᠲᠠᠯᠠᠪᠠᠢ ᠳᠠᠭᠠᠨ ᠤᠷᠤᠢ ᠶᠢᠨ ᠦᠨᠳᠤᠷ ᠨᠢ 1.5m ᠤᠷᠴᠢᠮ ᠤᠨ ᠵᠢᠵᠢᠭ ᠰᠠᠷᠠᠪᠴᠢ ᠭᠠᠷᠭᠠᠵᠤ᠂ | ᠤᠷᠤᠢ ᠶᠢ ᠨᠢ ᠭᠡᠷᠡᠯ ᠤᠨ ᠬᠠᠯᠬᠠᠪᠴᠢ ᠪᠠ ᠰᠦᠯᠢᠶᠤᠤ ᠪᠦᠷᠭᠦᠭᠦᠯ ᠢᠶᠠᠷ ᠪᠦᠷᠢᠵᠤ ᠲᠠᠯᠪᠢᠪᠠᠯ᠂ ᠬᠤᠷᠴᠠ ᠭᠡᠷᠡᠯ ᠢ | ᠬᠠᠯᠬᠠᠯᠠᠨ᠂ ᠦᠨᠳᠤᠷ ᠬᠠᠯᠠᠭᠤᠨ᠂ ᠰᠢᠷᠦᠭᠦᠨ ᠪᠤᠷᠤᠭᠠᠨ᠂ ᠲᠡᠨᠡᠭ ᠤᠷᠭᠤᠯᠳᠠ᠂ ᠪᠠᠭᠠᠷᠠᠩ ᠬᠤᠷᠤᠬᠠᠢ ᠶᠢ ᠰᠡᠷᠭᠡᠶᠢᠯᠡᠨ | ᠂ ᠭᠡᠮ ᠤᠨ ᠬᠤᠤᠷ ᠢ ᠰᠡᠷᠭᠡᠶᠢᠯᠡᠭᠦ ᠦᠢᠯᠡᠳᠦᠯ ᠦᠵᠡᠭᠦᠯᠵᠤ ᠪᠤᠯᠬᠤ ᠪᠦᠭᠡᠳ ᠲᠦᠷᠪᠡᠨ ᠲᠠᠯ᠎ᠠ ᠪᠠᠷ ᠢᠶᠠᠨ ᠰᠠᠯᠭᠢ | ᠨᠠᠪᠳᠡᠷᠡᠵᠤ ᠲᠠᠶᠢᠯᠦᠨ᠎ᠠ᠃ | ︵6︶ ᠨᠠᠮᠤᠷ ᠤᠨ ᠲᠦᠪᠡᠳ ᠬᠠᠰᠢ ᠶᠢᠨ ᠴᠢᠭᠢ ᠶᠢ ᠶᠠᠮᠠᠷ ᠠᠷᠭ᠎ᠠ ᠪᠠᠷ ᠪᠤᠶᠢᠵᠢᠭᠤᠯᠬᠤ ᠪᠤᠢ︖ | ᠶᠠᠭᠠᠭᠢᠵᠤ ᠠᠷᠠᠴᠢᠯᠠᠬᠤ ᠪᠤᠢ︖ | ᠰᠢᠮ᠎ᠠ ᠲᠡᠵᠢᠭᠡᠯᠳᠤ ᠰᠦᠯᠢᠶᠤᠤ ᠫᠸᠡᠭᠰᠡ ᠪᠠ ᠴᠠᠭᠠᠰᠤᠨ ᠬᠠᠶᠢᠷᠴᠠᠭ ᠲᠤ ᠰᠢᠭᠤᠳ ᠴᠢᠭᠢ | ᠪᠤᠶᠢᠵᠢᠭᠤᠯᠤᠨ᠎ᠠ᠃ ᠡᠰᠡᠭᠦᠯ᠎ᠡ 1~2 ᠨᠠᠪᠴᠢᠯᠠᠬᠤ ᠦᠶ᠎ᠠ ᠳᠤ ᠡᠷᠳᠡᠭᠡᠨ ᠴᠢᠭᠢ ᠰᠠᠯᠭᠠᠵᠤ᠂ ᠰᠠᠭᠤᠷᠢ ᠶᠢᠨ ᠵᠠᠢ ᠶᠢ | 8 × 8cm ᠪᠤᠶᠤ 9 × 9cm ᠪᠠᠶᠢᠯᠭᠠᠨ᠎ᠠ᠃ ᠴᠢᠭᠢ ᠶᠢ ᠤᠬᠤᠷ ᠴᠠᠭ ᠲᠤ ᠪᠤᠷᠤᠯᠠᠭᠤᠯᠬᠤ ᠳᠤ ᠶᠠᠷᠦᠩᠭᠡᠢ | ᠳᠡᠭᠡᠨ ᠭᠤᠴᠢᠭᠠᠳ ᠬᠤᠨᠤᠭ ᠯᠡ ᠪᠠᠶᠢᠯᠭᠠᠵᠤ᠂ 7 ᠳ᠋ᠤᠭᠠᠷ ᠰᠠᠷ᠎ᠠ ᠶᠢᠨ ᠲᠤᠮᠳᠡᠴᠢ ᠪᠠᠷ ᠲᠠᠷᠢᠨ᠎ᠠ᠂ ᠴᠢᠭᠢ | ᠪᠤᠶᠢᠵᠢᠭᠤᠯᠬᠤ ᠬᠤᠭᠤᠴᠠᠭᠠᠨ ᠳᠤ ᠦᠨᠳᠤᠷ ᠬᠠᠯᠠᠭᠤᠨ ᠢ ᠰᠡᠷᠭᠡᠶᠢᠯᠡᠵᠤ᠂ ᠡᠳᠤᠷ ᠲᠡᠭᠡᠨ 20℃~25℃᠂ | 30℃ ᠠᠴᠠ ᠭᠡᠳᠦᠷᠡᠭᠦᠯᠭᠦ ᠦᠭᠡᠢ ᠪᠠᠶᠢᠵᠤ᠂ ᠰᠦᠨᠢ ᠳᠡᠭᠡᠨ 15℃~16℃ ᠪᠠᠶᠢᠯᠭᠠᠨ᠎ᠠ᠃ ᠲᠡᠨᠡᠭ ᠤᠷᠭᠤᠬᠤ | ᠠᠴᠠ ᠰᠡᠷᠭᠡᠶᠢᠯᠡᠭᠦ ᠶᠢᠨ ᠲᠤᠰᠠᠳᠠ 3~4 ᠨᠠᠪᠴᠢᠯᠠᠬᠤ ᠦᠶ᠎ᠠ ᠳᠤᠨᠢ 500~1000 ppm ᠢᠳᠡᠷᠡᠵᠢᠭᠦᠯᠭᠦ | ᠡᠳ᠋ ᠢ ᠰᠦᠷᠴᠢᠨ᠎ᠠ᠃ | ᠤᠠᠠᠳᠤᠯᠤᠨ ᠰᠠᠭᠤᠯᠭᠠᠵᠤ ᠴᠢᠭᠢ ᠪᠤᠶᠢᠵᠢᠭᠤᠯᠬᠤ᠄ ᠲᠦᠪᠡᠳ ᠬᠠᠰᠢ ᠨᠢ ᠮᠠᠰᠢ ᠴᠢᠩᠭ᠎ᠠ ᠰᠠᠯᠠᠭᠠᠯᠠᠬᠤ | ᠴᠢᠳᠠᠯ ᠪᠠ ᠦᠨᠳᠦᠰᠦᠯᠡᠭᠦ ᠴᠢᠳᠠᠯ ᠲᠠᠢ ᠪᠠᠶᠢᠳᠠᠭ ᠲᠤᠯᠠ ᠬᠠᠵᠠᠭᠤ ᠶᠢᠨ ᠰᠠᠯᠠᠭ᠎ᠠ ᠶᠢ ᠤᠠᠠᠳᠤᠯᠤᠨ ᠰᠠᠭᠤᠯᠭᠠᠵᠤ ᠴᠢᠭᠢ | ᠪᠤᠶᠢᠵᠢᠭᠤᠯᠵᠤ ᠪᠤᠯᠤᠨ᠎ᠠ᠃ ᠲᠡᠬᠦᠨ ᠤ ᠤᠷᠭᠤᠯᠳᠠ ᠨᠢ ᠰᠠᠶᠢᠨ᠂ ᠭᠡᠮ ᠢ ᠡᠰᠡᠷᠭᠦᠴᠡᠭᠦ ᠴᠢᠳᠠᠯ ᠲᠠᠢ᠂ ᠴᠡᠴᠡᠭ | ᠲᠡᠯᠭᠡᠷᠡᠵᠤ ᠵᠢᠮᠢᠰᠯᠡᠭᠦ ᠨᠢ ᠡᠷᠳᠡ ᠵᠡᠷᠭᠡ ᠤᠨᠴᠠᠯᠢᠭ ᠲᠠᠢ ᠲᠤᠯᠠ ᠨᠠᠮᠤᠷ ᠤᠨ ᠭᠤᠤᠷᠰᠤ ᠶᠢᠨ ᠭᠦᠯᠡᠮᠵᠢᠨ ᠳᠤ ᠲᠠᠷᠢᠬᠤ | ᠳᠤ ᠭᠡᠷᠡᠭᠯᠡᠵᠤ ᠪᠤᠯᠤᠨ᠎ᠠ᠃ | ᠤᠠᠠᠳᠤᠯᠤᠨ ᠰᠠᠭᠤᠯᠭᠠᠬᠤ ᠳᠤ ᠤᠷᠳᠤ ᠪᠠᠷ ᠢᠶᠠᠨ 8~12cm᠂ ᠦᠷ᠎ᠡ ᠨᠢ ᠤᠬᠤᠷ᠂ ᠪᠤᠵᠠᠭᠠᠢ | ᠢᠳᠡᠷᠡᠭᠦᠨ᠂ ᠤᠷᠭᠤᠯᠳᠠ ᠨᠢ ᠭᠦᠭᠵᠢᠩᠭᠦᠢ ᠬᠠᠵᠠᠭᠤ ᠶᠢᠨ ᠰᠠᠯᠠᠭ᠎ᠠ ᠶᠢ ᠰᠤᠩᠭᠤᠪᠠᠯ ᠲᠤᠭᠢᠷᠠᠮᠵᠢᠳᠡᠢ᠃ ᠠᠩᠬᠠᠳ᠋ᠬᠠᠴᠢ | ᠴᠡᠴᠡᠭ ᠤᠨ ᠪᠠᠭ ᠤᠨ ᠲᠤᠤᠷᠠᠭᠢ ᠬᠠᠵᠠᠭᠤ ᠶᠢᠨ ᠰᠠᠯᠠᠭ᠎ᠠ ᠬᠠᠮᠤᠭ ᠤᠨ ᠲᠤᠭᠢᠷᠠᠮᠵᠢᠳᠡᠢ ᠪᠠᠶᠢᠳᠠᠭ᠃ ᠤᠷᠭᠤᠮᠠᠯ ᠤᠨ | ᠲᠡᠭᠡᠷ᠎ᠡ ᠠᠴᠠ ᠰᠠᠯᠠᠭ᠎ᠠ ᠶᠢ ᠨᠢ ᠠᠪᠤᠠᠠᠰᠠᠨ ᠤ ᠪᠠᠨ ᠰᠡᠭᠦᠯᠡᠷ ᠰᠠᠭᠤᠷᠢ ᠶᠢᠨ ᠰᠢᠷᠬ᠎ᠠ ᠲᠠᠢ ᠭᠡᠰᠡᠭ ᠢ ᠨᠢ ᠭᠢᠳᠤᠭ᠎ᠠ ᠪᠠᠷ | ᠵᠤᠷᠭᠤᠨ ᠲᠡᠭᠰᠢᠯᠡᠵᠤ᠂ ᠰᠠᠭᠤᠷᠢ ᠶᠢᠨ ᠭᠡᠰᠡᠭ ᠤᠨ 3cm ᠤᠨ ᠭᠡᠰᠡᠭ ᠲᠠᠬᠢ ᠨᠠᠪᠴᠢ ᠶᠢ ᠠᠪᠴᠤ ᠬᠠᠶᠠᠠ᠂ | ᠦᠷᠦᠭᠡᠨ ᠲᠤᠳᠤᠷ᠎ᠠ ᠲᠡᠯᠭᠡᠨ ᠲᠠᠯᠪᠢᠵᠤ᠂ ᠨᠠᠪᠴᠢ ᠨᠢ ᠦᠯᠬᠦᠰᠢᠭᠰᠡᠨ ᠤ ᠲᠠᠷᠠᠭ᠎ᠠ ᠪᠠᠭ᠎ᠠ ᠬᠠᠳᠠᠭᠠᠪᠠᠯ ᠰᠢᠷᠬ᠎ᠠ ᠨᠢ | ᠡᠳᠡᠭᠡᠷᠡᠭᠦ ᠶᠢ ᠠᠭᠢᠭᠤᠯᠵᠤ ᠴᠢᠳᠠᠨ᠎ᠠ᠃ ᠦᠨᠳᠦᠰᠦᠯᠡᠭᠦ ᠶᠢ ᠨᠢ ᠠᠭᠢᠭᠤᠯᠬᠤ ᠶᠢᠨ ᠲᠤᠰᠠᠳᠠ᠂ 50ppm | ᠨᠠᠹᠲ᠋ᠠᠯᠧᠨᠳᠦ ᠡᠲᠨ ᠭᠦᠴᠢᠯ ᠪᠤᠶᠤ 100ppm ᠢᠨᠳᠤᠯ ᠡᠲᠨ ᠭᠦᠴᠢᠯ᠂ ᠡᠰᠡᠭᠦᠯ᠎ᠠ ᠡᠨᠡ ᠬᠤᠶᠠᠭᠤᠯᠠ ᠶᠢᠨ | ᠬᠤᠯᠢᠮᠠᠭ ᠰᠢᠩᠭᠡᠨ ᠳᠤ ᠰᠠᠭᠤᠯᠭᠠᠬᠤ ᠰᠠᠯᠠᠭ᠎ᠠ ᠪᠠᠨ 10 ᠮᠢᠨᠦ᠋ᠲ ᠤᠷᠴᠢᠮ ᠲᠡᠪᠳᠦᠭᠡᠵᠤ ᠰᠠᠶᠢᠳᠤᠷ ᠤᠭᠢᠶᠠᠭᠠᠳ᠂ | ᠰᠠᠯᠠᠭ᠎ᠠ ᠪᠦᠷᠢ ᠶᠢ 8~10cm ᠵᠠᠶᠢᠳᠠᠢ ᠪᠠᠷ ᠴᠢᠭᠢ ᠪᠤᠶᠢᠵᠢᠭᠤᠯᠬᠤ ᠲᠠᠯᠠᠪᠠᠢ ᠳᠠᠭᠠᠨ ᠰᠠᠭᠤᠯᠭᠠᠨ᠎ᠠ᠃ ᠴᠢᠭᠢ | ᠪᠤᠶᠢᠵᠢᠭᠤᠯᠬᠤ ᠲᠠᠯᠠᠪᠠᠢ ᠶᠢᠨ ᠰᠢᠷᠤᠢ ᠳᠤ ᠭᠤᠤᠯ ᠤᠨ ᠰᠠᠶᠢᠷ᠂ ᠡᠪᠡᠰᠤᠨ ᠤ ᠦᠨᠡᠰᠤ᠂ ᠦᠤᠯᠭᠡᠭᠰᠡᠨ ᠠᠳᠤᠭᠤᠨ ᠤ | ᠬᠤᠮᠤᠤᠯ᠂ ᠵᠤᠤᠬᠠᠨ ᠤ ᠨᠠᠷᠢᠨ ᠦᠨᠡᠰᠤ ᠶᠢ ᠨᠢᠭᠡᠨ ᠤ ᠨᠢᠭᠡ ᠪᠠᠷ ᠨᠠᠶᠢᠷᠠᠭᠤᠯᠤᠨ ᠭᠡᠷᠡᠭᠯᠡᠨ᠎ᠡ᠃ ᠰᠠᠯᠠᠭ᠎ᠠ ᠪᠠᠨ | ᠰᠠᠭᠤᠯᠭᠠᠠᠠᠰᠠᠨ ᠤ ᠰᠡᠭᠦᠯᠡᠷ ᠭᠦᠢᠴᠡᠳ ᠤᠰᠤᠯᠠᠵᠤ᠂ ᠵᠢᠵᠢᠭ ᠰᠠᠷᠠᠪᠴᠢ ᠪᠤᠰᠬᠠᠵᠤ᠂ ᠭᠡᠷᠡᠯ ᠢ ᠬᠠᠯᠬᠠᠯᠠᠨ ᠲᠤᠯᠠᠭᠠᠨ ᠢ | ᠬᠠᠮᠠᠭᠠᠯᠠᠨ᠎ᠠ᠃ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 22℃~30℃᠂ ᠰᠦᠨᠢ ᠳᠡᠭᠡᠨ 15℃~18℃ | ᠪᠠᠶᠢᠯᠭᠠᠪᠠᠯ᠂ ᠠᠷᠪᠡᠨ ᠡᠳᠤᠷ ᠪᠤᠯᠪᠠᠯ ᠡᠭᠢᠯᠡᠨ ᠦᠨᠳᠤᠰᠦᠯᠡᠵᠤ᠂ 15 ᠡᠳᠤᠷ ᠪᠤᠯᠪᠠᠯ ᠭᠡᠪ ᠤᠨ ᠶᠤᠰᠤᠭᠠᠷ ᠤᠷᠭᠤᠵᠤ | ᠡᠭᠢᠯᠡᠨ᠎ᠡ᠃ ᠤᠠᠠᠳᠤᠯᠤᠨ ᠰᠠᠭᠤᠯᠭᠠᠵᠤ ᠴᠢᠭᠢ ᠪᠤᠶᠢᠵᠢᠭᠤᠯᠬᠤ ᠠᠵᠢᠯ ᠢ 6 ᠳ᠋ᠤᠭᠠᠷ ᠰᠠᠷ᠎ᠠ ᠶᠢᠨ ᠲᠤᠮᠳᠡᠴᠢ ᠠᠴᠠ 7 | ᠳ᠋ᠤᠭᠠᠷ ᠰᠠᠷ᠎ᠠ ᠶᠢᠨ ᠡᠭᠢ ᠪᠠᠷ ᠭᠢᠵᠤ ᠪᠠᠷᠠᠭᠠᠨ᠎ᠠ᠃ | ︵ 7︶ ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ | ᠬᠠᠪᠤᠷ ᠤᠨ ᠭᠤᠤᠷᠰᠤ ᠶᠢᠨ ᠲᠦᠪᠡᠳ ᠬᠠᠰᠢ ᠪᠤᠯ ᠶᠠᠷᠦᠩᠭᠡᠢ ᠳᠡᠭᠡᠨ ᠮᠤ᠋ ᠪᠦᠷᠢ ᠳᠤ 5000kg ᠴᠢᠨᠠᠷ | ᠰᠠᠶᠢᠳᠠᠢ ᠤᠷᠭᠠᠨᠢᠭ ᠪᠤᠷᠳᠤᠭᠤᠷ ᠤᠷᠤᠭᠤᠯᠤᠨ᠎ᠠ᠃ ᠲᠤᠷᠰᠢᠯᠭ᠎ᠠ ᠠᠴᠠ ᠦᠵᠡᠪᠡᠯ ᠤᠷᠭᠠᠨᠢᠭ ᠪᠤᠷᠳᠤᠭᠤᠷ ᠤᠨ | ᠬᠠᠷᠢᠴᠠᠯ ᠢ ᠭᠠᠭ᠋ᠠᠢ ᠶᠢᠨ ᠪᠠᠭᠠᠰᠤ 50%᠂ ᠲᠠᠭᠢᠶᠠᠨ ᠪᠠᠭᠠᠰᠤ 15%᠂ ᠠᠳᠤᠭᠤᠨ ᠤ ᠬᠤᠮᠤᠤᠯ 35% ᠪᠠᠷ | ᠲᠤᠰᠪᠤᠷᠢ ᠡᠵᠡᠯᠡᠭᠦᠯᠪᠡᠯ ᠬᠠᠮᠤᠭ ᠤᠨ ᠰᠠᠶᠢᠨ ᠪᠠᠶᠢᠳᠠᠭ᠃ ᠡᠭᠦᠨ ᠤ ᠬᠠᠮᠳᠤ ᠭᠡᠳᠤ ᠹᠤᠰᠹᠤᠷ ᠭᠦᠴᠢᠯ ᠤᠨ ᠺᠠᠯᠼ | 50~70kg ᠪᠤᠶᠤ ᠭᠤᠷᠪᠡᠨ ᠨᠡᠶᠢᠯᠡᠮᠡᠯ ᠪᠤᠷᠳᠤᠭᠤᠷ ᠢ 40~50kg ᠤᠷᠤᠭᠤᠯᠤᠨ᠎ᠠ᠃ | ᠭᠦᠯᠡᠮᠵᠢᠨ ᠳᠤ ᠨᠠᠮᠤᠷ ᠤᠨ ᠭᠤᠤᠷᠰᠤ ᠲᠠᠷᠢᠬᠤ ᠳᠤ ᠲᠦᠪᠡᠳ ᠬᠠᠰᠢ ᠶᠢᠨ ᠤᠨᠠᠯᠳᠠ ᠪᠠ ᠶᠠᠰᠤ ᠴᠢᠨᠠᠷ ᠢ | ᠲᠡᠭᠡᠭᠰᠢᠯᠡᠭᠦᠯᠭᠦ ᠶᠢᠨ ᠲᠤᠰᠠᠳᠠ ᠰᠠᠭᠤᠷᠢ ᠪᠤᠷᠳᠤᠭᠤᠷ ᠤᠷᠤᠭᠤᠯᠬᠤ ᠳᠤ ᠭᠤᠤᠯ ᠨᠢ ᠹᠤᠰᠹᠤᠷ᠂ ᠺᠠᠯᠢ᠂ ᠺᠠᠯᠼ ᠤᠨ | ᠲᠤᠳᠠᠮᠠᠭ ᠢ ᠨᠦᠭᠦᠨ ᠤᠷᠤᠭᠤᠯᠬᠤ ᠵᠠᠷᠴᠢᠮ ᠢ ᠪᠠᠷᠢᠮᠳᠡᠯᠡᠨᠡ᠃ ᠡᠶᠢᠮᠤ ᠠᠴᠠ ᠮᠤ᠋ ᠪᠦᠷᠢ 2000kg ᠭᠦᠢᠴᠡᠳ | ᠦᠤᠭ᠍ᠰᠡᠨ ᠲᠠᠭᠢᠶᠠᠨ ᠪᠠᠭᠠᠰᠤ ᠪᠤᠶᠤ ᠬᠤᠨᠢᠨ ᠬᠤᠷᠭᠤᠯ᠂ 30~40kg ᠹᠤᠰᠹᠤᠷ ᠭᠦᠴᠢᠯ ᠤᠨ ᠬᠤᠶᠠᠷᠴᠢ ᠠᠮᠮᠤᠨᠢ᠂ | ᠶᠠᠰᠤᠨ ᠤ ᠨᠤᠨᠳᠠᠭ ᠪᠤᠶᠤ ᠭᠡᠳᠤ ᠹᠤᠰᠹᠤᠷ ᠭᠦᠴᠢᠯ ᠤᠨ ᠺᠠᠯᠼ ᠤᠷᠤᠭᠤᠯᠤᠨ᠎ᠠ᠃ | ᠬᠠᠪᠤᠷ ᠡᠷᠳᠡ ᠶᠢᠨ ᠭᠤᠤᠷᠰᠤ ᠶᠢᠨ ᠲᠦᠪᠡᠳ ᠬᠠᠰᠢ ᠶᠢᠨ ᠭᠠᠵᠠᠷ ᠢᠶᠠᠨ ᠡᠷᠳ᠋ᠨ ᠤᠷᠪᠠᠭᠤᠯᠤᠨ᠎ᠠ᠃ ᠬᠤᠶᠠᠷ | ᠤᠳᠠᠭ᠎ᠠ ᠤᠷᠪᠠᠭᠤᠯᠵᠤ᠂ ᠭᠦᠷᠤᠰᠤ ᠰᠢᠷᠤᠢ ᠶᠢ ᠪᠤᠯᠪᠠᠰᠤᠷᠠᠭᠤᠯᠵᠤ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠎ᠠ᠃ | ᠲᠠᠷᠠᠭ᠎ᠠ ᠪᠠᠷ ᠨᠢ ᠲᠠᠯᠠᠩ ᠪᠤᠰᠬᠠᠨ ᠪᠦᠷᠭᠦᠭᠦᠯ ᠢᠶᠠᠨ ᠲᠠᠷᠤᠵᠤ᠂ ᠪᠦᠷᠭᠦᠭᠦᠯ ᠤᠨ ᠲᠤᠤᠷ᠎ᠠ ᠲᠠᠯᠳᠠ ᠤᠰᠤᠯᠠᠯᠳᠠ ᠶᠢᠨ | ᠮᠡᠷᠭᠡᠵᠢᠯ ᠢ ᠭᠡᠷᠡᠭᠯᠡᠨ᠎ᠡ᠃ ᠨᠠᠮᠤᠷ ᠤᠨ ᠭᠤᠤᠷᠰᠤᠨ ᠤ ᠭᠦᠯᠡᠮᠵᠢᠨ ᠤ ᠲᠦᠪᠡᠳ ᠬᠠᠰᠢ ᠶᠢ ᠲᠠᠯᠠᠩᠨᠠᠭᠤᠯᠤᠨ ᠲᠠᠷᠢᠵᠤ᠂ | ᠪᠦᠷᠭᠦᠭᠦᠯ ᠲᠠᠳᠠᠬᠤ ᠦᠭᠡᠢ ᠪᠤᠶᠤ ᠲᠡᠭᠰᠢ ᠲᠠᠳᠠᠭᠠᠯ ᠳᠤ ᠲᠠᠷᠢᠵᠤ ᠪᠤᠯᠤᠨ᠎ᠠ᠃ | ︵8︶ ᠶᠠᠮᠠᠷ ᠦᠶ᠎ᠠ ᠳᠤ ᠰᠠᠭᠤᠷᠢᠰᠢᠭᠤᠯᠤᠨ ᠲᠠᠷᠢᠬᠤ ᠪᠤᠢ︖ ᠡᠭᠦᠨ ᠳᠤ ᠶᠠᠭᠤ ᠶᠢ ᠠᠩᠬᠠᠷᠬᠤ ᠪᠤᠢ︖ | | ᠰᠠᠭᠤᠷᠢᠰᠢᠭᠤᠯᠤᠨ ᠲᠠᠷᠢᠬᠤ ᠳᠤ ᠶᠠᠷᠦᠩᠭᠡᠢ ᠳᠡᠭᠡᠨ 1 ᠳ᠋ᠤᠭᠡᠷ ᠰᠠᠷ᠎ᠠ ᠶᠢᠨ ᠲᠤᠮᠳᠡᠴᠢ ᠠᠴᠠ 2 ᠳ᠋ᠤᠭᠠᠷ | ᠰᠠᠷ᠎ᠠ ᠶᠢᠨ ᠡᠭᠢ ᠪᠤᠯᠳᠠᠯᠠᠭᠢ ᠬᠠᠪᠤᠷ ᠡᠷᠳᠡ ᠶᠢᠨ ᠭᠠᠵᠠᠷ ᠤᠨ ᠲᠤᠯᠠᠭᠠᠨ ᠨᠢ 9℃ ᠠᠴᠠ ᠲᠡᠭᠡᠭᠰᠢ ᠳᠤ | ᠲᠤᠠᠠᠳᠠᠪᠤᠷᠢᠵᠢᠵᠤ᠂ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠨᠢ 0℃ ᠠᠴᠠ ᠲᠡᠭᠡᠭᠰᠢ ᠳᠤ ᠲᠤᠠᠠᠳᠠᠪᠤᠷᠢᠵᠢᠵᠤ᠂ | ᠡᠳᠤᠷ ᠤᠨ ᠲᠤᠯᠠᠭᠠᠨ ᠤ ᠭᠡᠮᠵᠢᠶ᠎ᠠ ᠨᠢ 20℃~25℃ ᠤᠷᠴᠢᠮ ᠳᠤ 6 ᠴᠠᠭ ᠠᠴᠠ ᠤᠷᠳᠤ ᠪᠤᠯᠬᠤ ᠦᠶ᠎ᠠ ᠳᠤ | ᠲᠦᠪᠡᠳ ᠬᠠᠰᠢ ᠶᠢ ᠰᠠᠭᠤᠷᠢᠰᠢᠭᠤᠯᠤᠨ ᠲᠠᠷᠢᠵᠤ ᠪᠤᠯᠤᠨ᠎ᠠ᠃ | ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ᠂ ᠤᠷᠭᠤᠯᠳᠠ ᠨᠢ ᠲᠠᠷᠢ ᠲᠡᠭᠰᠢ ᠢᠳᠡᠷᠡᠭᠦᠨ ᠴᠢᠭᠢ ᠶᠢ | ᠰᠤᠩᠭᠤᠨ᠂ ᠲᠤᠩᠭᠠᠯᠠᠭ ᠡᠳᠤᠷ ᠤᠨ ᠦᠳᠡ ᠶᠢᠨ ᠡᠮᠦᠨᠡᠭᠢ ᠴᠠᠭ ᠢ ᠰᠤᠩᠭᠤᠨ ᠲᠠᠷᠢᠨ᠎ᠠ᠃ ᠲᠠᠷᠢᠬᠤ ᠳᠠᠭᠠᠨ ᠲᠠᠯᠠᠩ | ᠪᠤᠰᠬᠠᠨ ᠪᠦᠷᠭᠦᠭᠦᠯ ᠪᠦᠷᠢᠵᠤ ᠲᠠᠷᠢᠬᠤ ᠮᠦᠷᠳᠡᠭᠡᠨ ᠲᠡᠯᠡᠩ ᠤᠨ ᠵᠤᠷᠠᠭ᠎ᠠ ᠶᠢᠨ ᠵᠠᠢ ᠶᠢ 40cm᠂ ᠲᠠᠯᠠᠩ ᠤᠨ ᠲᠤᠮᠤ | ᠵᠤᠷᠠᠭ᠎ᠠ ᠶᠢᠨ ᠵᠠᠢ ᠶᠢ 60cm᠂ ᠰᠠᠭᠤᠷᠢ ᠶᠢᠨ ᠵᠠᠢ ᠶᠢ 30~33cm ᠪᠠᠶᠢᠯᠭᠠᠨ᠎ᠠ᠃ ᠭᠦᠯᠡᠮᠵᠢ ᠶᠢᠨ ᠡᠮᠦᠨ᠎ᠠ | ᠲᠠᠯ᠎ᠠ ᠨᠢ ᠭᠡᠷᠡᠯ ᠰᠠᠶᠢᠨ ᠲᠤᠰᠬᠤ ᠪᠤᠯᠬᠤᠷ ᠰᠠᠭᠤᠷᠢ ᠶᠢᠨ ᠵᠠᠢ ᠶᠢ 30cm᠂ ᠭᠦᠯᠡᠮᠵᠢ ᠶᠢᠨ ᠠᠷᠤ ᠲᠠᠯ᠎ᠠ ᠨᠢ ᠭᠡᠷᠡᠯ | ᠲᠤᠰᠬᠤ ᠪᠠᠷ ᠠᠨᠠᠢ ᠪᠤᠯᠬᠤᠷ 33cm ᠪᠠᠶᠢᠯᠭᠠᠵᠤ᠂ ᠮᠤ᠋ ᠪᠦᠷᠢ 3500 ᠰᠠᠭᠤᠷᠢ ᠰᠠᠭᠤᠯᠭᠠᠨ᠎ᠠ᠃ ᠬᠠᠪᠤᠷ ᠡᠷᠳᠡ | ᠰᠠᠭᠤᠷᠢᠰᠢᠭᠤᠯᠤᠨ ᠲᠠᠷᠢᠬᠤ ᠦᠶ᠎ᠠ ᠳᠤ ᠤᠰᠤᠯᠠᠵᠤ᠂ 4~5 ᠬᠤᠨᠤᠭ ᠤᠨ ᠲᠠᠷᠠᠭ᠎ᠠ ᠪᠦᠷᠭᠦᠭᠦᠯ ᠤᠨ ᠲᠤᠤᠷ᠎ᠠ | ᠲᠠᠯᠳᠠ ᠤᠰᠤᠯᠠᠬᠤ ᠠᠷᠭ᠎ᠠ ᠪᠠᠷ ᠴᠢᠭᠢᠯᠡᠯᠳᠡ ᠶᠢᠨ ᠤᠰᠤᠯᠠᠯᠳᠠ ᠭᠢᠨ᠎ᠠ᠃ ᠲᠠᠷᠢᠠᠠᠰᠠᠨ ᠤ ᠰᠡᠭᠦᠯᠡᠷ ᠲᠤᠯᠠᠭᠠᠨ ᠤ | ᠭᠡᠮᠵᠢᠶ᠎ᠠ ᠶᠢ 25℃~30℃ ᠪᠠᠶᠢᠯᠭᠠᠵᠤ᠂ ᠶᠠᠷᠦᠩᠭᠡᠢ ᠳᠡᠭᠡᠨ 30℃ ᠠᠴᠠ ᠭᠡᠳᠦᠷᠡᠭᠦᠯᠭᠦ ᠦᠭᠡᠢ᠂ ᠰᠠᠯᠭᠢ | ᠨᠡᠪᠳᠡᠷᠡᠭᠦᠯᠭᠦ ᠦᠭᠡᠢ ᠪᠠᠶᠢᠯᠭᠠᠵᠤ᠂ ᠴᠢᠭᠢᠭ ᠲᠤᠯᠠᠭᠠᠨ ᠢ ᠬᠠᠮᠠᠭᠠᠯᠠᠨ ᠴᠢᠭᠢᠯᠡᠯᠳᠡ ᠶᠢ ᠨᠢ ᠠᠭᠢᠭᠤᠯᠤᠨ᠎ᠠ᠃ | ︵9︶ ᠠᠷᠠᠴᠢᠯᠠᠬᠤ ᠲᠠᠯ᠎ᠠ ᠪᠠᠷ ᠶᠠᠭᠤ ᠶᠢ ᠠᠩᠬᠠᠷᠬᠤ ᠪᠤᠢ︖ | ᠡᠭᠦᠨ ᠳᠤ ᠴᠢᠭᠢᠯᠡᠭᠦᠯᠭᠦ ᠳᠡᠭᠡᠨ ᠨᠢᠭᠡ ᠤᠳᠠᠭ᠎ᠠ ᠤᠰᠤᠯᠠᠵᠤ᠂ ᠤᠰᠤᠯᠬᠠᠰᠠᠨ ᠤ ᠪᠠᠨ ᠲᠠᠷᠠᠭ᠎ᠠ ᠲᠠᠯᠠᠩ ᠤᠨ | ᠭᠤᠤ ᠪᠠᠨ ᠭᠦᠨ ᠠᠷᠴᠢᠵᠤ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠎ᠠ᠃ ᠭᠦᠷᠤᠰᠤ ᠰᠢᠷᠤᠢ ᠶᠢᠨ ᠭᠡᠢ ᠨᠡᠪᠳᠡᠷᠡᠭᠦ | ᠴᠢᠨᠠᠷ ᠢ ᠲᠡᠭᠡᠭᠰᠢᠯᠡᠭᠦᠯᠵᠤ᠂ ᠦᠨᠳᠤᠰᠤᠨ ᠤᠷᠭᠤᠯᠳᠠ ᠶᠢ ᠠᠭᠢᠭᠤᠯᠤᠨ᠎ᠠ᠃ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ | 20℃~26℃᠂ ᠰᠦᠨᠢ ᠳᠡᠭᠡᠨ 12℃~15℃ ᠪᠠᠶᠢᠯᠭᠠᠨ᠎ᠠ᠃ ᠬᠠᠪᠤᠷ ᠲᠠᠭᠠᠨ ᠭᠦᠯᠡᠮᠵᠢ ᠶᠢᠨ ᠲᠤᠯᠠᠭᠠᠨ ᠢ | ᠤᠷᠳᠤ ᠬᠤᠭᠤᠴᠠᠭ᠎ᠠ ᠪᠠᠷ 5℃~6℃ ᠠᠴᠠ ᠲᠤᠤᠷ᠎ᠠ ᠪᠠᠶᠢᠯᠭᠠᠵᠤ ᠪᠤᠯᠬᠤ ᠦᠭᠡᠢ᠂ ᠡᠶᠢᠮᠤ ᠪᠢᠰᠢ ᠪᠤᠯ ᠵᠠᠯ᠎ᠠ ᠨᠢ | ᠤᠨᠠᠵᠤ ᠵᠢᠮᠢᠰ ᠨᠢ ᠭᠦᠰᠢᠭᠦᠷᠡᠨᠡ᠃ ᠭᠠᠵᠠᠷ ᠤᠨ ᠲᠤᠯᠠᠭᠠᠨ ᠢ 18℃~22℃ ᠪᠠᠶᠢᠯᠭᠠᠵᠤ᠂ 9℃ ᠠᠴᠠ | ᠲᠤᠷᠤᠠᠠᠰᠢ ᠪᠤᠯᠪᠠᠯ ᠦᠨᠳᠤᠰᠦᠯᠡᠵᠤ ᠴᠢᠳᠠᠬᠤ ᠦᠭᠡᠢ ᠪᠦᠭᠡᠳ ᠤᠰᠤ ᠪᠤᠷᠳᠤᠭᠤᠷ ᠰᠢᠮᠡᠳᠭᠦ ᠳᠤ ᠴᠤ ᠭᠦᠴᠢᠷᠳᠡᠢ | ᠪᠤᠯᠵᠤ᠂ ᠴᠢᠭᠢᠯᠡᠭᠦ ᠳᠤ ᠠᠰᠢᠭ ᠦᠭᠡᠢ ᠪᠠᠶᠢᠳᠠᠭ᠃ | ᠴᠡᠴᠡᠭ ᠲᠡᠯᠭᠡᠷᠡᠭᠦ ᠵᠢᠮᠢᠰᠯᠡᠭᠦ ᠠᠴᠠ ᠨᠢ ᠡᠮᠤᠨ᠎ᠠ ᠬᠤᠶᠢᠨ᠎ᠠ᠂ ᠭᠠᠵᠠᠷ ᠲᠡᠭᠡᠷᠡᠭᠢ ᠡᠰᠢ ᠨᠠᠪᠴᠢ ᠭᠢᠭᠡᠳ | ᠭᠦᠷᠦᠰᠤᠨ ᠲᠤᠤᠷᠠᠭᠢ ᠦᠨᠳᠤᠰᠤᠨ ᠰᠢᠰᠲ᠋ᠧᠮ ᠤᠨ ᠤᠷᠭᠤᠯᠳᠠ ᠶᠢ ᠲᠡᠩᠴᠡᠭᠦᠷᠢᠳᠡᠢ ᠪᠠᠶᠢᠯᠭᠠᠬᠤ ᠶᠢ ᠠᠩᠬᠠᠷᠬᠤ | ᠭᠡᠷᠡᠭᠳᠡᠢ᠃ ᠲᠡᠭᠦᠨ ᠤ ᠭᠤᠤᠯ ᠬᠠᠮᠢᠶᠠᠷᠬᠤ ᠠᠷᠭ᠎ᠠ ᠭᠡᠪᠡᠯ ᠤᠰᠤᠯᠠᠬᠤ ᠶᠢ ᠲᠤᠭᠢᠷᠠᠮᠵᠢᠳᠡᠢ ᠭᠢᠵᠠᠭᠠᠷᠯᠠᠵᠤ᠂ ᠠᠷᠴᠢᠵᠤ | ᠰᠢᠷᠤᠢ ᠶᠢ ᠨᠢ ᠰᠤᠯᠠᠷᠠᠭᠤᠯᠤᠨ ᠴᠢᠭᠢ ᠲᠠᠷᠤᠰᠢᠭᠤᠯᠵᠤ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠭᠦᠷᠦᠰᠤᠨ ᠤ | ᠭᠡᠢ ᠨᠡᠪᠳᠡᠷᠡᠯᠳᠡ ᠶᠢ ᠨᠡᠮᠡᠭᠳᠡᠭᠦᠯᠵᠤ᠂ ᠦᠨᠳᠤᠰᠤᠨ ᠰᠢᠰᠲ᠋ᠧᠮ ᠤᠨ ᠡᠷᠳᠡ ᠭᠦᠭᠵᠢᠭᠦ ᠶᠢ ᠠᠭᠢᠭᠤᠯᠬᠤ ᠭᠡᠷᠡᠭᠳᠡᠢ᠃ | ᠲᠤᠯᠠᠭᠠᠨ ᠤ ᠭᠡᠮᠵᠢᠶ᠎ᠠ ᠶᠢ ᠵᠢᠭᠠᠬᠠᠨ ᠲᠤᠤᠷ᠎ᠡ ᠰᠢᠬ ᠪᠠᠶᠢᠯᠭᠠᠵᠤ᠂ ᠭᠡᠷᠡᠯ ᠤᠨ ᠲᠤᠰᠤᠯᠳᠠ ᠶᠢ ᠨᠡᠮᠡᠭᠳᠡᠭᠦᠯᠵᠤ᠂ ᠡᠰᠢ | ᠨᠠᠪᠴᠢ ᠶᠢᠨ ᠲᠤᠮᠤᠷᠠᠯ ᠢ ᠠᠭᠢᠭᠤᠯᠵᠤ᠂ ᠲᠡᠨᠡᠭ ᠤᠷᠭᠤᠬᠤ ᠶᠢ ᠰᠡᠷᠭᠡᠶᠢᠯᠡᠭᠦ ᠭᠡᠷᠡᠭᠳᠡᠢ᠃ ᠴᠡᠴᠡᠭ ᠲᠡᠯᠭᠡᠷᠡᠨ | ᠵᠢᠮᠢᠰᠯᠡᠭᠰᠡᠨ ᠠᠴᠠ ᠬᠤᠶᠢᠰᠢ ᠵᠢᠮᠢᠰ ᠤᠨ ᠤᠷᠭᠤᠯᠳᠠ ᠶᠢᠨ ᠲᠡᠩᠴᠡᠭᠦᠷᠢ ᠶᠢ ᠰᠠᠶᠢᠳᠤᠷ ᠲᠤᠭᠢᠷᠠᠭᠤᠯᠬᠤ ᠭᠡᠷᠡᠭᠳᠡᠢ᠃ | ᠨᠢᠭᠡ ᠳᠤ᠂ ᠭᠡᠳᠦᠷᠭᠡᠢ ᠡᠷᠳᠡ ᠠᠴᠠ ᠶᠡᠭᠡ ᠭᠡᠮᠵᠢᠶ᠎ᠠ ᠪᠠᠷ ᠪᠤᠷᠳᠤᠭᠤᠷ ᠨᠦᠭᠦᠭᠦ ᠪᠡ ᠤᠰᠤᠯᠠᠵᠤ ᠪᠤᠯᠬᠤ ᠦᠭᠡᠢ᠂ ᠡᠰᠢ | ᠨᠠᠪᠴᠢ ᠨᠢ ᠲᠡᠨᠡᠭ ᠤᠷᠭᠤᠠᠠᠰᠠᠨ ᠠᠴᠠ ᠪᠤᠯᠵᠤ᠂ ᠴᠡᠴᠡᠭ ᠵᠢᠮᠢᠰ ᠨᠢ ᠶᠡᠭᠡ ᠪᠠᠷ ᠵᠤᠯᠭᠠᠷᠠᠵᠤ ᠤᠨᠠᠬᠤ ᠠᠴᠠ | ᠰᠡᠷᠭᠡᠶᠢᠯᠡᠭᠦ ᠭᠡᠷᠡᠭᠳᠡᠢ᠃ ᠬᠤᠶᠠᠷ ᠲᠤ᠂ ᠲᠤᠯᠠᠭᠠᠨ ᠤ ᠭᠡᠮᠵᠢᠶ᠎ᠠ ᠶᠢᠨ ᠲᠠᠯ᠎ᠠ ᠪᠠᠷ ᠡᠳᠤᠷ ᠲᠡᠭᠡᠨ 20℃~28℃ | ᠪᠠᠶᠢᠯᠭᠠᠵᠦ᠂ 30℃ ᠠᠴᠠ ᠭᠡᠳᠦᠷᠡᠭᠦᠯᠭᠦ ᠦᠭᠡᠢ ᠪᠠᠶᠢᠵᠤ᠂ ᠰᠦᠨᠢ ᠳᠡᠭᠡᠨ 16℃~18℃ ᠪᠠᠶᠢᠯᠭᠠᠵᠤ᠂ | 15℃ ᠠᠴᠠ ᠲᠤᠤᠷ᠎ᠡ ᠪᠠᠶᠢᠯᠭᠠᠵᠤ ᠪᠤᠯᠬᠤ ᠦᠭᠡᠢ᠃ ᠲᠤᠯᠠᠭᠠᠨ ᠤ ᠭᠡᠮᠵᠢᠶ᠎ᠠ ᠨᠢ ᠭᠡᠰᠡᠭ ᠦᠨᠳᠤᠷᠵᠢᠵᠤ ᠭᠡᠰᠡᠭ | ᠪᠠᠭᠤᠷᠠᠭᠠᠳ᠂ ᠲᠤᠭᠤᠰᠤᠳᠤᠬᠤ ᠨᠢ ᠮᠠᠭᠤ ᠪᠤᠯᠬᠤ ᠠᠴᠠ ᠪᠤᠯᠵᠤ ᠴᠡᠴᠡᠭ ᠵᠢᠮᠢᠰ ᠨᠢ ᠵᠤᠯᠭᠠᠷᠠᠵᠤ ᠤᠨᠠᠬᠤ ᠠᠴᠠ | ᠰᠡᠷᠭᠡᠶᠢᠯᠡᠭᠦ ᠭᠡᠷᠡᠭᠳᠡᠢ᠃ | ᠪᠤᠷᠳᠤᠭᠤᠷ ᠨᠦᠭᠦᠭᠦ ᠮᠡᠷᠭᠡᠵᠢᠯ᠄ ᠲᠦᠪᠡᠳ ᠬᠠᠰᠢ ᠳᠤ ᠪᠤᠷᠳᠤᠭᠤᠷ ᠨᠦᠭᠦᠵᠤ ᠤᠷᠤᠭᠤᠯᠪᠠᠯ᠂ ᠵᠢᠮᠢᠰ ᠨᠢ | ᠲᠦᠷᠭᠡᠨ ᠲᠤᠮᠤᠷᠠᠵᠤ᠂ ᠮᠠᠰᠢ ᠰᠠᠶᠢᠨ ᠡᠯᠪᠡᠭ ᠬᠤᠷᠢᠶᠠᠵᠤ ᠴᠢᠳᠠᠨ᠎ᠠ᠃ ᠪᠤᠷᠳᠤᠭᠤᠷ ᠨᠦᠭᠦᠭᠦ ᠳᠤ ᠭᠤᠷᠪᠡ ᠬᠤᠪᠢᠶᠠᠨ | ᠨᠦᠭᠦᠨ᠎ᠠ᠃ ᠠᠩᠬᠠᠳ᠋ᠬᠠᠴᠢ ᠤᠳᠠᠭ᠎ᠠ ᠵᠠᠯᠠᠯᠠᠯᠳᠠ ᠶᠢᠨ ᠪᠤᠷᠳᠤᠭᠤᠷ ᠤᠷᠤᠭᠤᠯᠤᠨ᠎ᠠ᠃ ᠰᠠᠭᠤᠷᠢᠰᠢᠭᠤᠯᠤᠨ ᠲᠠᠷᠢᠠᠠᠰᠠᠨ ᠤ | ᠪᠠᠨ ᠰᠡᠭᠦᠯᠡᠷ 10~15 ᠡᠳᠤᠷ᠂ ᠲᠤᠬᠠᠶᠢᠯᠠᠪᠠᠯ ᠴᠢᠭᠢᠯᠡᠭᠰᠡᠨ ᠤ ᠰᠡᠭᠦᠯᠡᠷ ᠵᠠᠯᠡᠳᠤ ᠴᠢᠭᠢ ᠨᠢ ᠡᠭᠢᠯᠡᠨ ᠲᠦᠷᠭᠡᠨ | ᠤᠷᠭᠤᠬᠤ ᠠᠴᠠ ᠡᠮᠦᠨ᠎ᠠ ᠠᠽᠤᠲ ᠪᠤᠷᠳᠤᠭᠤᠷ ᠢᠶᠠᠷ ᠭᠤᠤᠯ ᠪᠤᠯᠭᠠᠨ᠂ ᠶᠠᠷᠦᠩᠭᠡᠢ ᠳᠡᠭᠡᠨ 8~10kg ᠰᠢᠭᠡᠰᠦᠯᠢᠭ | ᠡᠳ᠋ ᠪᠤᠶᠤ 500kg ᠭᠦᠮᠦᠨ ᠤ ᠪᠠᠭᠠᠰᠤ ᠰᠢᠭᠡᠰᠤ ᠤᠷᠤᠭᠤᠯᠤᠨ᠎ᠠ᠃ ᠪᠤᠷᠳᠤᠭᠤᠷ ᠤᠷᠤᠭᠤᠯᠤᠠᠠᠰᠠᠨ ᠤ ᠪᠠᠨ ᠲᠠᠷᠠᠭ᠎ᠠ | ᠠᠷᠴᠢᠵᠤ᠂ ᠰᠢᠷᠤᠢ ᠨᠡᠮᠡᠭᠦ ᠪᠠ ᠴᠢᠭᠢ ᠲᠠᠷᠤᠰᠢᠭᠤᠯᠵᠤ᠂ ᠭᠡᠷᠪᠡ ᠰᠠᠭᠤᠷᠢ ᠪᠤᠷᠳᠤᠭᠤᠷ ᠨᠢ ᠭᠦᠢᠴᠡᠳ᠂ ᠴᠢᠭᠢ ᠨᠢ | ᠢᠳᠡᠷᠡᠭᠦᠨ ᠤᠷᠭᠤᠵᠤ ᠪᠠᠶᠢᠪᠠᠯ᠂ ᠪᠤᠷᠳᠤᠭᠤᠷ ᠨᠦᠭᠦᠭᠦ ᠦᠭᠡᠢ ᠪᠠᠶᠢᠵᠤ ᠪᠤᠯᠤᠨ᠎ᠠ᠃ ᠬᠤᠶᠠᠷᠳᠡᠭᠢ ᠤᠳᠠᠭ᠎ᠠ ᠨᠢ | ᠵᠢᠮᠢᠰᠯᠡᠯᠳᠡ ᠶᠢᠨ ᠪᠤᠷᠳᠤᠭᠤᠷ ᠤᠷᠤᠭᠤᠯᠤᠨ᠎ᠠ᠃ ᠪᠠᠷᠤᠭ ᠴᠡᠴᠡᠭ ᠲᠡᠯᠭᠡᠷᠡᠭᠰᠡᠨ ᠠᠴᠠ ᠨᠢ 20 ᠡᠳᠤᠷ ᠤᠨ ᠲᠠᠷᠠᠭ᠎ᠠ᠂ | ᠠᠩᠬᠠᠳ᠋ᠬᠠᠴᠢ ᠲᠦᠷᠦᠭᠦᠤ ᠶᠢᠨ ᠵᠢᠮᠢᠰ ᠤᠨ ᠳ᠋ᠢᠶᠠᠮᠧᠲᠷ ᠨᠢ 5~6cm ᠪᠤᠯᠬᠤ ᠲᠤᠬᠠᠶᠢᠯᠠᠪᠠᠯ ᠵᠢᠮᠢᠰ ᠨᠢ ᠲᠠᠭᠢᠶᠠᠨ | ᠦᠨᠳᠡᠭᠡᠨ ᠤ ᠭᠢᠷᠢ ᠲᠤᠮᠤ ᠪᠤᠯᠬᠤ ᠦᠶ᠎ᠠ ᠪᠤᠯ ᠵᠢᠮᠢᠰ ᠨᠢ ᠲᠦᠷᠭᠡᠨ ᠲᠤᠮᠤᠷᠠᠬᠤ ᠴᠠᠭ ᠬᠤᠭᠤᠴᠠᠭ᠎ᠠ ᠪᠤᠯᠬᠤ ᠪᠦᠭᠡᠳ | ᠲᠦᠪᠡᠳ ᠬᠠᠰᠢ ᠶᠢᠨ ᠦᠷᠡᠵᠢᠯ ᠤᠨ ᠬᠤᠭᠤᠴᠠᠭᠠᠨ ᠤ ᠬᠠᠮᠤᠭ ᠤᠨ ᠴᠢᠬᠤᠯᠠ ᠪᠤᠷᠳᠤᠭᠤᠷ ᠨᠦᠭᠦᠭᠦ ᠬᠤᠭᠤᠴᠠᠭ᠎ᠠ | ᠪᠤᠯᠤᠨ᠎ᠠ᠃ ᠡᠨᠡ ᠦᠶᠡᠰ ᠠᠽᠤᠲ ᠪᠤᠷᠳᠤᠭᠤᠷ ᠢᠶᠠᠷ ᠭᠤᠤᠯ ᠪᠤᠯᠭᠠᠵᠤ᠂ ᠹᠤᠰᠹᠤᠷ ᠺᠠᠯᠢ ᠶᠢᠨ ᠪᠤᠷᠳᠤᠭᠤᠷ ᠨᠦᠭᠦᠭᠦ | ᠲᠠᠢ ᠤᠶᠠᠯᠳᠤᠭᠤᠯᠤᠨ᠂ ᠮᠤ᠋ ᠪᠦᠷᠢ 10~15kg ᠰᠢᠭᠡᠰᠦᠯᠢᠭ ᠡᠳ᠋ ᠨᠦᠭᠦᠨ᠎ᠠ᠃ 10~15kg ᠹᠤᠰᠹᠤᠷ | ᠭᠦᠴᠢᠯ ᠤᠨ ᠬᠤᠶᠠᠷᠴᠢ ᠠᠮᠮᠤᠨᠢ ᠶᠢ ᠤᠷᠤᠭᠤᠯᠵᠤ᠂ 10~15kg ᠾᠯᠤᠷᠳᠤ ᠺᠠᠯᠢ ᠪᠤᠶᠤ ᠭᠦᠭᠦᠷ ᠭᠦᠴᠢᠯ ᠤᠨ | ᠺᠠᠯᠢ ᠤᠷᠤᠭᠤᠯᠤᠨ᠎ᠠ᠃ ᠭᠤᠷᠪᠡᠳᠡᠭᠢ ᠤᠳᠠᠭ᠎ᠠ ᠪᠤᠷᠳᠤᠭᠤᠷ ᠨᠦᠭᠦᠭᠦ ᠪᠤᠯ ᠠᠩᠬᠠᠳ᠋ᠬᠠᠴᠢ ᠤᠳᠠᠭ᠎ᠠ ᠵᠢᠮᠢᠰ ᠨᠢ ᠡᠭᠢᠯᠡᠨ | ᠤᠯᠠᠶᠢᠵᠤ ᠲᠡᠭᠦᠭᠦ ᠬᠤᠭᠤᠴᠠᠭ᠎ᠠ᠂ ᠬᠤᠶᠠᠳᠤᠭᠠᠷ ᠲᠦᠷᠦᠭᠦᠤ ᠶᠢᠨ ᠵᠢᠮᠢᠰ ᠨᠢ ᠭᠦᠢᠴᠡᠳ ᠰᠠᠶᠢᠨ ᠲᠤᠮᠤᠷᠠᠵᠤ᠂ | ᠭᠤᠷᠪᠡᠳᠤᠭᠠᠷ ᠲᠦᠷᠦᠭᠦᠤ ᠶᠢᠨ ᠵᠢᠮᠢᠰ ᠨᠢ ᠲᠦᠷᠭᠡᠨ ᠲᠤᠮᠤᠷᠠᠵᠤ ᠪᠠᠶᠢᠭ᠎ᠠ ᠦᠶ᠎ᠠ ᠪᠤᠯᠬᠤ ᠪᠦᠭᠡᠳ ᠤᠷᠭᠤᠮᠠᠯ ᠤᠨ | ᠪᠤᠷᠳᠤᠭᠤᠷ ᠭᠦᠷᠳᠡᠭᠦ ᠤᠷᠭᠢᠯ ᠤᠨ ᠬᠤᠭᠤᠴᠠᠭ᠎ᠠ ᠪᠤᠯᠤᠨ᠎ᠠ᠃ ᠡᠨᠡ ᠦᠶ᠎ᠠ ᠳᠤ ᠪᠤᠷᠳᠤᠭᠤᠷ ᠤᠷᠤᠭᠤᠯᠬᠤ ᠨᠢ | ᠭᠤᠷᠪᠡᠳᠤᠭᠠᠷ ᠲᠦᠷᠦᠭᠦᠤ ᠶᠢᠨ ᠵᠢᠮᠢᠰ ᠤᠨ ᠲᠤᠮᠤᠷᠠᠯᠳᠠ ᠶᠢ ᠪᠠᠳᠤᠯᠠᠵᠤ᠂ ᠲᠦᠷᠪᠡ ᠲᠠᠪᠤᠳᠤᠭᠠᠷ ᠲᠦᠷᠦᠭᠦᠤ ᠶᠢᠨ | ᠵᠢᠮᠢᠰ ᠤᠨ ᠪᠤᠶᠢᠵᠢᠯᠳᠡ ᠶᠢᠨ ᠭᠡᠷᠡᠭᠴᠡᠭᠡ ᠶᠢ ᠬᠠᠨᠭ᠍ᠭᠠᠵᠤ ᠴᠢᠳᠠᠬᠤ ᠮᠦᠷᠳᠡᠭᠡᠨ ᠪᠠᠰᠠ ᠤᠷᠭᠤᠮᠠᠯ ᠤᠨ ᠡᠷᠳᠡ | ᠦᠳᠡᠯᠭᠦ ᠶᠢ ᠰᠡᠷᠭᠡᠶᠢᠯᠡᠵᠤ᠂ ᠦᠨᠳᠤᠷ ᠬᠤᠷᠢᠶᠠᠯᠳᠠ ᠶᠢ ᠪᠠᠳᠤᠯᠠᠵᠤ ᠴᠢᠳᠠᠨ᠎ᠠ᠃ | ᠤᠰᠤᠯᠠᠯᠳᠠ ᠶᠢᠨ ᠮᠡᠷᠭᠡᠵᠢᠯ᠄ ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠪᠤᠯ ᠬᠠᠪᠤᠷ ᠡᠷᠳᠡ | ᠰᠠᠭᠤᠷᠢᠰᠢᠭᠤᠯᠤᠨ ᠲᠠᠷᠢᠬᠤ ᠦᠶᠡᠰ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠤᠰᠤᠯᠠᠯᠳᠠ ᠶᠢ ᠪᠠᠭᠠᠰᠬᠠᠨ᠎ᠠ᠃ | ᠨᠠᠷᠠᠯᠠᠭ ᠭᠦᠯᠡᠮᠵᠢᠨ ᠤ ᠲᠦᠪᠡᠳ ᠬᠠᠰᠢ ᠶᠢ ᠨᠢᠯᠬ᠎ᠠ ᠴᠢᠭᠢᠨ ᠤ ᠬᠤᠭᠤᠴᠠᠭᠠᠨ ᠠᠴᠠ ᠠᠪᠤᠭᠠᠳ ᠵᠡᠯᠡᠯᠡᠭᠦ ᠬᠤᠭᠤᠴᠠᠭ᠎ᠠ | ᠪᠤᠯᠳᠠᠯᠠᠭᠢ 2~3 ᠳ᠋ᠤᠭᠠᠷ ᠰᠠᠷ᠎ᠠ ᠳᠤ ᠪᠦᠷᠭᠦᠭᠦᠯ ᠤᠨ ᠲᠤᠤᠷ᠎ᠠ ᠤᠰᠤᠯᠠᠬᠤ ᠮᠡᠷᠭᠡᠵᠢᠯ ᠢ ᠭᠡᠷᠡᠭᠯᠡᠪᠡᠯ ᠲᠦᠪᠡᠳ | ᠬᠠᠰᠢ ᠶᠢᠨ ᠦᠨᠳᠦᠰᠦᠯᠡᠭᠦ ᠳᠤᠨᠢ ᠲᠤᠩ ᠶᠡᠭᠡ ᠠᠰᠢᠠᠠᠳᠠᠢ ᠪᠠᠶᠢᠳᠠᠭ᠃ ᠵᠢᠮᠢᠰ ᠨᠢ ᠲᠤᠮᠤᠷᠠᠬᠤ ᠬᠤᠭᠤᠴᠠᠭᠠᠨ ᠳᠤ | ᠦᠨᠳᠤᠰᠤᠨ ᠰᠢᠰᠲ᠋ᠧᠮ ᠨᠢ ᠭᠦᠭᠵᠢᠵᠤ᠂ ᠤᠰᠤᠨ ᠤ ᠭᠡᠷᠡᠭᠴᠡᠭᠡ ᠨᠢ ᠶᠡᠭᠡᠳᠭᠦ ᠪᠤᠯᠬᠤᠷ ᠲᠠᠳᠠᠭᠠᠯ ᠤᠨ ᠰᠤᠪᠠᠭ ᠢᠶᠠᠷ | ᠤᠰᠤᠯᠠᠬᠤ ᠠᠷᠭ᠎ᠠ ᠶᠢ ᠭᠡᠷᠡᠭᠯᠡᠨ᠎ᠡ᠃ ᠵᠢᠮᠢᠰ ᠢ ᠶᠡᠭᠡ ᠪᠠᠷ ᠲᠡᠭᠦᠵᠤ ᠬᠤᠷᠢᠶᠠᠬᠤ ᠬᠤᠭᠤᠴᠠᠭᠠᠨ ᠳᠤ ᠴᠢᠭᠢᠭ ᠶᠡᠭᠡᠳᠡᠢ | ᠠᠴᠠ ᠪᠤᠯᠵᠤ ᠭᠡᠮ ᠤᠨ ᠭᠦᠨᠦᠭᠡᠯ ᠡᠭᠦᠰᠭᠦ ᠠᠴᠠ ᠰᠡᠷᠭᠡᠶᠢᠯᠡᠭᠦ ᠶᠢᠨ ᠲᠤᠰᠠᠳᠠ ᠪᠠᠶᠢᠳᠠᠯ ᠢ ᠦᠵᠡᠨ ᠤᠰᠤᠯᠠᠬᠤ | ᠵᠠᠷᠴᠢᠮ ᠢ ᠪᠠᠷᠢᠮᠳᠠᠯᠠᠵᠤ᠂ ᠲᠤᠬᠠᠶᠢᠯᠠᠪᠠᠯ ᠤᠳᠠᠭ᠎ᠠ ᠪᠦᠷᠢ ᠶᠢᠨ ᠤᠰᠤᠯᠠᠯᠳᠠ ᠶᠢᠨ ᠭᠡᠮᠵᠢᠶ᠎ᠠ ᠶᠢ ᠲᠤᠭᠢᠳᠡᠢ ᠶᠡᠭᠡᠰᠭᠡᠵᠤ᠂ | ᠤᠰᠤᠯᠠᠬᠤ ᠠᠯᠤᠰᠯᠠᠯ ᠢ ᠵᠤᠭᠢᠰᠳᠡᠢ ᠤᠷᠳᠤᠳᠬᠠᠵᠤ᠂ 7~8 ᠬᠤᠨᠤᠭ ᠠᠯᠤᠰᠯᠠᠭᠠᠳ ᠨᠢᠭᠡ ᠤᠳᠠᠭ᠎ᠠ ᠤᠰᠤᠯᠠᠨ᠎ᠠ᠃ | ᠬᠠᠮᠠᠭᠠᠯᠠᠯᠳᠠ ᠶᠢᠨ ᠲᠠᠷᠢᠶᠠᠨ ᠤ ᠲᠦᠪᠡᠳ ᠬᠠᠰᠢ ᠶᠢ ᠤᠰᠤᠯᠠᠬᠤ ᠳᠤ ᠴᠡᠯᠮᠡᠭ ᠡᠳᠤᠷ ᠤᠨ ᠦᠳᠡ ᠶᠢᠨ ᠡᠮᠦᠨᠡᠭᠢ | ᠴᠠᠭ ᠢ ᠰᠤᠩᠭᠤᠵᠤ᠂ ᠶᠡᠭᠡ ᠤᠰᠤ ᠪᠠᠷ ᠪᠢᠯᠬᠠᠳᠠᠯ᠎ᠠ ᠤᠰᠤᠯᠠᠬᠤ ᠪᠠ ᠭᠡᠯᠭᠢᠶᠡᠵᠢᠭᠦᠯᠵᠤ ᠤᠰᠤᠯᠠᠬᠤ ᠶᠢ ᠴᠡᠭᠡᠷᠯᠡᠨ᠎ᠡ᠃ | ᠭᠡᠷᠪᠡ ᠵᠢᠮᠢᠰ ᠢ ᠲᠡᠭᠦᠵᠤ ᠬᠤᠷᠢᠶᠠᠬᠤ ᠬᠤᠭᠤᠴᠠᠭᠠᠨ ᠳᠤ ᠤᠰᠤᠯᠠᠯᠳᠠ ᠶᠢᠨ ᠭᠡᠮᠵᠢᠶ᠎ᠠ ᠶᠢ ᠭᠡᠳᠦᠷᠡᠭᠦᠯᠪᠡᠯ ᠵᠢᠮᠢᠰ ᠨᠢ | ᠠᠮᠠᠷᠬᠠᠨ ᠢᠵᠠᠷᠠᠵᠤ ᠬᠠᠭᠠᠷᠠᠳᠠᠭ ᠪᠠᠶᠢᠨ᠎ᠠ᠃ | ᠲᠤᠯᠠᠭᠠᠨ ᠤ ᠭᠡᠮᠵᠢᠶᠠᠨ ᠤ ᠬᠠᠮᠢᠶᠠᠷᠤᠯᠳᠠ᠄ ᠬᠠᠮᠠᠭᠠᠯᠠᠯᠳᠠ ᠶᠢᠨ ᠲᠠᠷᠢᠶᠠᠨ ᠤ ᠲᠦᠪᠡᠳ ᠬᠠᠰᠢ ᠶᠢ | ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠴᠢᠭᠢᠯᠡᠭᠦ ᠶᠢ ᠨᠢ ᠠᠭᠢᠭᠤᠯᠬᠤ ᠶᠢᠨ ᠲᠤᠰᠠᠳᠠ ᠨᠡᠯᠢᠶᠡᠳ ᠦᠨᠳᠤᠷ | ᠲᠤᠯᠠᠭᠠᠨ ᠤ ᠭᠡᠮᠵᠢᠶ᠎ᠠ ᠶᠢ ᠪᠠᠳᠤᠯᠠᠵᠤ᠂ ᠡᠳᠤᠷ ᠲᠡᠭᠡᠨ 30℃ ᠤᠷᠴᠢᠮ᠂ ᠰᠦᠨᠢ ᠳᠡᠭᠡᠨ 15℃~17℃᠂ | ᠭᠠᠵᠠᠷ ᠤᠨ ᠲᠤᠯᠠᠭᠠᠨ ᠢ 18℃~20℃ ᠪᠠᠶᠢᠯᠭᠠᠬᠤ ᠭᠡᠷᠡᠭᠳᠡᠢ᠂ ᠴᠢᠭᠢᠯᠡᠭᠰᠡᠨ ᠤ ᠭᠢᠨᠢ ᠰᠡᠭᠦᠯᠡᠷ ᠰᠠᠯᠭᠢ | ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠤᠨ ᠴᠢᠭᠢᠭ ᠢ ᠭᠠᠷᠭᠠᠵᠤ᠂ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ | 20℃~25℃᠂ ᠰᠦᠨᠢ ᠳᠡᠭᠡᠨ 12℃~15℃ ᠪᠠᠶᠢᠯᠭᠠᠬᠤ ᠭᠡᠷᠡᠭᠳᠡᠢ᠃ | ᠴᠡᠴᠡᠭ ᠲᠡᠯᠭᠡᠷᠡᠨ ᠵᠢᠮᠢᠰᠯᠡᠭᠦ ᠬᠤᠭᠤᠴᠠᠭᠠᠨ ᠳᠤ ᠡᠳᠤᠷ ᠲᠡᠭᠡᠨ 20℃~30℃᠂ ᠰᠦᠨᠢ ᠳᠡᠭᠡᠨ | 15℃~20℃ ᠪᠠᠶᠢᠯᠭᠠᠨ᠎ᠠ᠃ 15℃ ᠠᠴᠠ ᠪᠠᠭᠤᠷᠠᠬᠤ ᠪᠤᠶᠤ 30℃ ᠠᠴᠠ ᠭᠡᠳᠦᠷᠡᠭᠦᠯᠪᠡᠯ ᠲᠤᠭᠤᠰᠤᠳᠤᠬᠤ | ᠨᠢ ᠮᠠᠭᠤ ᠪᠤᠯᠵᠤ᠂ ᠵᠡᠷᠡᠮᠳᠡᠭ ᠵᠢᠮᠢᠰ ᠰᠠᠭᠤᠬᠤ ᠪᠤᠯᠤᠨ᠎ᠠ᠃ ᠵᠢᠮᠢᠰ ᠨᠢ ᠲᠤᠮᠤᠷᠠᠬᠤ ᠬᠤᠭᠤᠴᠠᠭᠠᠨ ᠳᠤ ᠡᠳᠤᠷ ᠲᠡᠭᠡᠨ | 25℃~28℃᠂ ᠰᠦᠨᠢ ᠳᠡᠭᠡᠨ 16℃~20℃ ᠪᠠᠶᠢᠯᠭᠠᠨ᠎ᠠ᠃ 28℃ ᠠᠴᠠ ᠭᠡᠳᠦᠷᠡᠪᠡᠯ ᠵᠢᠮᠢᠰ ᠤᠨ | ᠤᠯᠠᠶᠢᠬᠤ ᠶᠢ ᠨᠦᠯᠦᠭᠡᠯᠡᠳᠡᠭ᠃ ᠭᠠᠵᠠᠷ ᠤᠨ ᠲᠤᠯᠠᠭᠠᠨ ᠢ 16℃~28℃ ᠪᠠᠶᠢᠯᠭᠠᠪᠠᠯ ᠮᠠᠰᠢ ᠲᠤᠭᠢᠷᠠᠮᠵᠢᠳᠡᠢ | ᠪᠦᠭᠡᠳ 9℃ ᠠᠴᠠ ᠪᠠᠭᠤᠷᠠᠭᠤᠯᠬᠤ ᠦᠭᠡᠢ ᠪᠤᠶᠤ 29℃ ᠠᠴᠠ ᠭᠡᠳᠦᠷᠡᠭᠦᠯᠭᠦ ᠦᠭᠡᠢ ᠪᠠᠶᠢᠬᠤ ᠭᠡᠷᠡᠭᠳᠡᠢ᠃ | ︵10︶ ᠨᠠᠷᠠᠯᠠᠭ ᠲᠤᠯᠠᠭᠠᠨ ᠭᠦᠯᠡᠮᠵᠢ ᠳᠤ ᠪᠤᠶᠢᠵᠢᠭᠤᠯᠤᠠᠠᠰᠠᠨ ᠨᠠᠮᠤᠷ ᠤᠨ ᠭᠤᠤᠷᠰᠤ ᠶᠢᠨ ᠲᠦᠪᠡᠳ | ᠬᠠᠰᠢ ᠶᠢ ᠭᠡᠷᠭᠢᠨ ᠵᠠᠰᠠᠬᠤ ᠪᠤᠢ︖ | ᠤᠯᠠᠩᠭᠢ ᠳᠠᠭᠠᠨ ᠲᠠᠩ ᠵᠠᠯ᠎ᠠ ᠶᠢᠨ ᠵᠠᠰᠠᠬᠤ ᠠᠷᠭ᠎ᠠ ᠶᠢ ᠠᠪᠤᠨ᠎ᠠ᠃ ᠭᠤᠤᠯ ᠵᠠᠯ᠎ᠠ ᠶᠢᠨ ᠲᠡᠭᠡᠷ᠎ᠡ ᠲᠠᠯ᠎ᠠ ᠶᠢᠨ | ᠰᠠᠯᠠᠭ᠎ᠠ ᠶᠢ ᠪᠦᠭᠦᠨ ᠢ ᠬᠠᠶᠢᠴᠢᠯᠠᠨ ᠬᠠᠶᠠᠵᠤ᠂ ᠭᠤᠤᠯ ᠵᠠᠯ᠎ᠠ ᠳᠤ 4~5 ᠲᠠᠪᠬᠤᠷ ᠵᠢᠮᠢᠰ ᠦᠯᠡᠳᠡᠭᠡᠵᠤ᠂ ᠤᠷᠤᠢ ᠶᠢ | ᠨᠢ ᠭᠢᠷᠭᠠᠨᠠ᠃ ᠤᠷᠤᠢ ᠶᠢ ᠨᠢ ᠭᠢᠷᠭᠠᠬᠤ ᠳᠤ ᠶᠠᠷᠦᠩᠭᠡᠢ ᠳᠡᠭᠡᠨ ᠬᠠᠮᠤᠭ ᠤᠨ ᠲᠡᠭᠡᠷᠡᠭᠢ ᠵᠢᠮᠢᠰ ᠤᠨ ᠲᠦᠷᠦᠭᠦᠤ ᠨᠢ | ᠵᠢᠮᠢᠰᠯᠡᠭᠰᠡᠨ ᠤ ᠬᠤᠶᠢᠨ᠎ᠠ ᠲᠡᠭᠡᠳᠤ ᠭᠡᠰᠡᠭ ᠲᠤᠨᠢ ᠲᠠᠭᠢᠨ 3~4 ᠨᠠᠪᠴᠢ ᠦᠯᠡᠳᠡᠭᠡᠨ᠎ᠡ᠃ ᠬᠠᠪᠤᠷ ᠤᠨ ᠭᠤᠤᠷᠰᠤ ᠶᠢ | ᠨᠢᠠᠠᠳᠠ ᠲᠠᠷᠢᠬᠤ ᠨᠢ ᠡᠷᠳᠡ ᠪᠤᠯᠪᠠᠰᠤᠷᠠᠭᠤᠯᠬᠤ ᠶᠢᠨ ᠲᠦᠯᠦᠭᠡ ᠶᠤᠮ᠃ ᠰᠠᠭᠤᠷᠢ ᠪᠦᠷᠢ 3 ᠲᠠᠪᠬᠤᠷ ᠵᠢᠮᠢᠰ | ᠦᠯᠡᠳᠡᠭᠡᠵᠤ᠂ ᠲᠠᠪᠬᠤᠷ ᠪᠦᠷᠢ 4~5 ᠵᠢᠮᠢᠰ ᠦᠯᠡᠳᠡᠭᠡᠵᠤ᠂ ᠵᠢᠵᠢᠭ ᠵᠢᠮᠢᠰ ᠵᠡᠷᠡᠮᠳᠡᠭ ᠵᠢᠮᠢᠰ ᠢ ᠬᠠᠶᠢᠴᠢᠯᠠᠵᠤ | ᠬᠠᠶᠠᠨ᠎ᠠ᠃ ᠨᠠᠮᠤᠷ ᠤᠨ ᠭᠤᠤᠷᠰᠤ ᠲᠠᠷᠢᠬᠤ ᠳᠤ 4 ᠲᠠᠪᠬᠤᠷ ᠵᠢᠮᠢᠰ ᠦᠯᠡᠳᠡᠭᠡᠵᠤ᠂ ᠨᠢᠭᠡ᠂ ᠬᠤᠶᠠᠷ᠂ ᠭᠤᠷᠪᠡ᠂ | ᠲᠦᠷᠪᠡᠳᠦᠭᠡᠷ ᠲᠠᠪᠬᠤᠷ ᠲᠤ ᠲᠤᠰ ᠲᠤᠰ 3᠂ 4᠂ 4᠂ 3 ᠵᠢᠮᠢᠰ ᠦᠯᠡᠳᠡᠭᠡᠨ᠎ᠡ᠃ ᠭᠡᠭᠦ ᠳᠡᠭᠡᠨ ᠲᠤᠮᠤ ᠵᠢᠵᠢᠭ ᠢ | ᠨᠢ ᠲᠡᠩᠴᠡᠭᠦᠯᠵᠤ᠂ ᠴᠢᠨᠠᠷ ᠰᠠᠶᠢᠳᠠᠢ ᠵᠢᠮᠢᠰ ᠤᠨ ᠬᠠᠷᠢᠴᠠᠯ ᠢ ᠲᠡᠭᠡᠭᠰᠢᠯᠡᠭᠦᠯᠦᠨ᠎ᠠ᠃ | ᠲᠦᠪᠡᠳ ᠬᠠᠰᠢ ᠶᠢᠨ ᠤᠷᠤᠢ ᠶᠢ ᠨᠢ ᠭᠢᠷᠭᠠᠠᠠᠰᠠᠨ ᠤ ᠰᠡᠭᠦᠯᠡᠷ 10~15 ᠬᠤᠨᠤᠭ ᠤᠨ ᠲᠤᠳᠤᠷ᠎ᠠ | ᠨᠠᠪᠴᠢᠨ ᠤ ᠲᠠᠯᠠᠪᠠᠢ ᠨᠢ 20% ᠪᠠᠷ ᠨᠡᠮᠡᠭᠳᠡᠵᠤ᠂ ᠨᠠᠪᠴᠢᠨ ᠤ ᠨᠤᠭᠤᠭᠠᠨ ᠡᠳ᠋ ᠤᠨ ᠠᠭᠤᠯᠤᠭᠳᠠᠴᠨ ᠨᠢ 21. | 5% ᠪᠠᠷ ᠨᠡᠮᠡᠭᠳᠡᠵᠤ᠂ ᠦᠨᠳᠤᠰᠤᠨ ᠰᠢᠰᠲ᠋ᠧᠮ ᠤᠨ ᠰᠤᠷᠭᠤᠭ ᠭᠦᠨᠳᠤ ᠨᠢ 18.3% ᠪᠠᠷ ᠨᠡᠮᠡᠭᠳᠡᠵᠤ᠂ ᠤᠨᠠᠯᠳᠠ | ᠨᠢ 15%~20% ᠤᠷᠴᠢᠮ ᠨᠡᠮᠡᠭᠳᠡᠨ᠎ᠠ᠃ ᠬᠠᠷᠢᠨ ᠭᠤᠤᠯ ᠢ ᠨᠢ ᠭᠢᠷᠭᠠᠠᠠᠰᠠᠨ ᠠᠴᠠ 20 ᠡᠳᠤᠷ ᠤᠨ ᠲᠠᠷᠠᠭ᠎ᠠ | ᠪᠤᠯ ᠭᠡᠷᠡᠯ ᠤᠨ ᠨᠡᠶᠢᠯᠡᠯᠭᠡ ᠶᠢᠨ ᠬᠤᠷᠴᠠ ᠨᠢ ᠪᠠᠭᠤᠷᠠᠵᠤ᠂ ᠨᠠᠪᠴᠢᠨ ᠤ ᠨᠤᠭᠤᠭᠠᠨ ᠡᠳ᠋ ᠤᠨ ᠠᠭᠤᠯᠤᠭᠳᠠᠴᠠ ᠨᠢ | ᠪᠠᠭᠤᠷᠠᠵᠤ᠂ ᠦᠨᠳᠤᠰᠤᠨ ᠰᠢᠰᠲ᠋ᠧᠮ ᠤᠨ ᠠᠮᠢᠵᠢᠷᠠᠯ ᠨᠢ ᠮᠠᠭᠤᠳᠠᠵᠤ᠂ ᠤᠷᠭᠤᠮᠠᠯ ᠢ ᠡᠷᠳᠡ ᠦᠳᠡᠯᠦᠭᠦᠯᠳᠡᠭ᠃ ᠡᠶᠢᠮᠤ | ᠠᠴᠠ ᠬᠠᠮᠤᠭ ᠤᠨ ᠰᠡᠭᠦᠯ ᠤᠨ ᠲᠠᠪᠬᠤᠷ ᠵᠢᠮᠢᠰ ᠨᠢ ᠫᠢᠡᠭᠫᠠᠩ ᠪᠦᠮᠪᠦᠭᠡ ᠶᠢᠨ ᠴᠢᠨᠡᠭᠡᠨ ᠪᠤᠯᠬᠤ ᠦᠶᠡᠰ ᠤᠷᠤᠢ ᠶᠢ ᠨᠢ | ᠭᠢᠷᠭᠠᠪᠠᠯ ᠲᠤᠭᠢᠷᠠᠮᠵᠢᠳᠡᠢ᠃ | ︵11︶ ᠨᠠᠷᠠᠯᠠᠭ ᠲᠤᠯᠠᠭᠠᠨ ᠭᠦᠯᠡᠮᠵᠢ ᠶᠢᠨ ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠶᠢ | ᠭᠡᠷᠭᠢᠨ ᠵᠠᠰᠠᠬᠤ ᠪᠤᠢ︖ | ᠡᠭᠦᠨ ᠳᠤ ᠭᠤᠤᠯ ᠨᠢ ᠭᠤᠷᠪᠡᠨ ᠵᠢᠮᠢᠰ ᠦᠯᠡᠳᠡᠭᠡᠨ ᠤᠷᠤᠢ ᠶᠢ ᠨᠢ ᠭᠢᠷᠭᠠᠵᠤ᠂ ᠲᠠᠷᠠᠭ᠎ᠠ ᠪᠠᠷ ᠨᠢ | ᠬᠠᠮᠤᠭ ᠤᠨ ᠢᠳᠡᠷᠡᠭᠦᠨ ᠰᠠᠯᠠᠭ᠎ᠠ ᠶᠢ ᠰᠤᠩᠭᠤᠨ ᠦᠯᠡᠳᠡᠭᠡᠵᠤ᠂ ᠲᠠᠭᠢᠨ ᠭᠤᠷᠪᠡᠨ ᠲᠦᠷᠦᠭᠦᠯᠢᠭ ᠵᠢᠮᠢᠰ ᠢ ᠦᠯᠡᠳᠡᠭᠡᠨ | ᠤᠷᠤᠢ ᠶᠢ ᠨᠢ ᠭᠢᠷᠭᠠᠵᠤ᠂ ᠨᠢᠭᠡᠨ ᠰᠠᠭᠤᠷᠢ ᠲᠦᠪᠡᠳ ᠬᠠᠰᠢ ᠳᠤ ᠨᠠᠶᠢᠳᠡ 6 ᠲᠦᠷᠦᠭᠦᠯᠢᠭ ᠵᠢᠮᠢᠰ ᠦᠯᠡᠳᠡᠭᠡᠨ᠎ᠡ᠃ | ᠬᠤᠶᠠᠷ ᠤᠳᠠᠭᠠᠨ ᠤ ᠤᠷᠤᠢ ᠭᠢᠷᠭᠠᠬᠤ ᠳᠤ ᠴᠦᠮ ᠭᠤᠷᠪᠡᠳᠤᠭᠠᠷ ᠴᠡᠴᠡᠭ ᠤᠨ ᠪᠠᠭ ᠭᠠᠷᠬᠤ ᠠᠴᠠ ᠡᠮᠦᠨ᠎ᠠ ᠬᠤᠶᠠᠷ | ᠨᠠᠪᠴᠢ ᠦᠯᠡᠳᠡᠭᠡᠵᠤ᠂ ᠭᠤᠷᠪᠡᠳᠤᠭᠠᠷ ᠴᠡᠴᠡᠭ ᠤᠨ ᠪᠠᠭ ᠴᠡᠴᠡᠭᠯᠡᠭᠦ ᠦᠶ᠎ᠠ ᠳᠤᠨᠢ ᠤᠷᠤᠢ ᠶᠢ ᠨᠢ ᠭᠢᠷᠭᠠᠪᠠᠯ | ᠲᠤᠭᠢᠷᠠᠮᠵᠢᠳᠡᠢ ᠪᠠᠶᠢᠳᠠᠭ᠃ | ᠶᠢᠰᠤᠨ ᠲᠦᠷᠦᠭᠦᠤ ᠦᠯᠡᠳᠡᠭᠡᠭᠦ᠄ ᠲᠤᠬᠠᠶᠢᠯᠠᠪᠠᠯ ᠲᠦᠷᠦᠭᠦᠤ ᠶᠢ ᠨᠢ ᠬᠤᠶᠠᠷ ᠤᠳᠠᠭ᠎ᠠ ᠰᠤᠯᠢᠨ᠎ᠠ᠃ ᠭᠤᠤᠯ | ᠵᠠᠯᠠᠨ ᠳᠤ ᠭᠤᠷᠪᠡᠨ ᠲᠦᠷᠦᠭᠦᠤ ᠰᠠᠭᠤᠬᠤ ᠦᠶᠡᠰ ᠤᠷᠤᠢ ᠶᠢ ᠨᠢ ᠭᠢᠷᠭᠠᠵᠤ᠂ ᠨᠢᠭᠡᠨ ᠢᠳᠡᠷᠡᠭᠦᠨ ᠰᠠᠯᠠᠭ᠎ᠠ ᠶᠢ | ᠦᠯᠡᠳᠡᠭᠡᠨ ᠵᠢᠮᠢᠰᠯᠡᠭᠦᠯᠵᠦ᠂ ᠭᠤᠷᠪᠡᠨ ᠵᠢᠮᠢᠰ ᠰᠠᠭᠤᠬᠤ ᠦᠶ᠎ᠠ ᠳᠤᠨᠢ ᠪᠠᠰᠠ ᠨᠢᠭᠡ ᠢᠳᠡᠷᠡᠭᠦᠨ ᠰᠠᠯᠠᠭ᠎ᠠ ᠶᠢ | ᠦᠯᠡᠳᠡᠭᠡᠨ ᠭᠤᠷᠪᠡᠨ ᠰᠠᠯᠠᠭᠠᠨ ᠳᠤ ᠨᠠᠶᠢᠳᠡ 9 ᠵᠢᠮᠢᠰ ᠰᠠᠭᠤᠯᠭᠠᠨ᠎ᠠ᠃ | ᠦᠷᠭᠦᠯᠵᠢᠯᠡᠨ ᠤᠷᠤᠢ ᠶᠢ ᠨᠢ ᠲᠠᠷᠦᠵᠤ ᠲᠦᠷᠦᠭᠦᠤ ᠶᠢ ᠨᠢ ᠰᠤᠯᠢᠬᠤ ᠠᠷᠭ᠎ᠠ᠄ ᠭᠤᠤᠯ ᠡᠰᠢ ᠶᠢᠨ | ᠬᠤᠶᠠᠳᠤᠭᠠᠷ ᠴᠡᠴᠡᠭ ᠤᠨ ᠪᠠᠭ ᠨᠢ ᠴᠡᠴᠡᠭ ᠲᠡᠯᠭᠡᠷᠡᠭᠰᠡᠨ ᠤ ᠰᠡᠭᠦᠯᠡᠷ᠂ ᠬᠤᠶᠠᠷ ᠨᠠᠪᠴᠢ ᠦᠯᠡᠳᠡᠭᠡᠨ ᠤᠷᠤᠢ ᠶᠢ ᠨᠢ | ᠭᠢᠷᠭᠠᠵᠤ᠂ ᠨᠢᠭᠡᠳᠦᠭᠡᠷ ᠴᠡᠴᠡᠭ ᠤᠨ ᠲᠤᠤᠷ᠎ᠠ ᠲᠠᠯ᠎ᠠ ᠳᠠᠬᠢ ᠰᠠᠯᠠᠭ᠎ᠠ ᠶᠢ ᠦᠯᠡᠳᠡᠭᠡᠵᠤ᠂ ᠪᠤᠰᠤᠳ ᠰᠠᠯᠠᠭ᠎ᠠ ᠨᠤᠭᠤᠳ ᠢ | ᠪᠦᠭᠦᠨ ᠢ ᠠᠪᠴᠤ ᠬᠠᠶᠠᠨ᠎ᠠ᠃ ᠨᠢᠭᠡᠳᠦᠭᠡᠷ ᠰᠠᠯᠠᠭ᠎ᠠ ᠶᠢᠨ ᠬᠤᠶᠠᠳᠤᠭᠠᠷ ᠴᠡᠴᠡᠭ ᠤᠨ ᠪᠠᠭ ᠨᠢ ᠲᠡᠯᠭᠡᠷᠡᠭᠰᠡᠨ ᠤ | ᠰᠡᠭᠦᠯᠡᠷ ᠮᠦᠨ ᠬᠦ ᠠᠳᠠᠯᠢ ᠠᠷᠭ᠎ᠠ ᠪᠠᠷ ᠤᠷᠤᠢ ᠶᠢ ᠨᠢ ᠭᠢᠷᠭᠠᠨᠠ᠃ ᠠᠳᠡ ᠲᠠᠪᠤ ᠤᠳᠠᠭ᠎ᠠ ᠤᠷᠤᠢ ᠶᠢ ᠨᠢ ᠭᠢᠷᠭᠠᠵᠤ᠂ | ᠨᠠᠶᠢᠳᠡ 5 ᠵᠢᠮᠢᠰ ᠤᠨ ᠰᠠᠯᠠᠭ᠎ᠠ ᠦᠯᠡᠳᠡᠭᠡᠵᠤ᠂ 10 ᠵᠢᠮᠢᠰ ᠰᠠᠭᠤᠯᠭᠠᠨ᠎ᠠ᠃ ᠤᠳᠠᠭ᠎ᠠ ᠪᠦᠷᠢ ᠤᠷᠤᠢ ᠶᠢ ᠨᠢ | ᠭᠢᠷᠭᠠᠭᠰᠠᠨ ᠤ ᠰᠡᠭᠦᠯᠡᠷ ᠴᠦᠮ ᠰᠠᠯᠠᠭ᠎ᠠ ᠶᠢ ᠨᠢ ᠮᠤᠰᠭᠢᠨ᠂ ᠪᠠᠭ᠎ᠠ ᠰᠠᠭ᠎ᠠ ᠰᠡᠪᠳᠤᠭᠦᠯᠵᠤ᠂ ᠵᠢᠮᠢᠰᠯᠡᠭᠦ ᠰᠠᠯᠠᠭ᠎ᠠ ᠶᠢ | ᠭᠠᠳ᠋ᠬᠠᠰᠢ ᠨᠢ 80°~90° ᠮᠡᠳᠡᠵᠤ᠂ ᠬᠤᠵᠢᠮ ᠨᠢ ᠵᠢᠮᠢᠰ ᠲᠤᠮᠤᠷᠠᠵᠤ᠂ ᠭᠦᠨᠳᠤ ᠨᠢ ᠨᠡᠮᠡᠭᠳᠡᠭᠦ ᠶᠢ | ᠲᠠᠭᠠᠯᠳᠤᠨ᠂ ᠵᠢᠮᠢᠰᠯᠡᠭᠰᠡᠨ ᠰᠠᠯᠠᠭ᠎ᠠ ᠶᠢ ᠠᠭᠠᠵᠢᠮ ᠢᠶᠠᠷ ᠤᠠᠵᠢᠢᠯᠭᠠᠨᠠ᠃ | ᠲᠦᠷᠦᠭᠦᠤ ᠶᠢ ᠨᠢ ᠰᠤᠯᠢᠵᠤ᠂ ᠰᠠᠯᠠᠭ᠎ᠠ ᠶᠢ ᠨᠢ ᠮᠤᠰᠭᠢᠬᠤ ᠨᠢ ᠤᠷᠭᠤᠮᠠᠯ ᠤᠨ ᠦᠨᠳᠤᠷᠴᠡ ᠶᠢ ᠪᠠᠭᠤᠷᠠᠭᠤᠯᠵᠤ᠂ | ᠰᠢᠮ᠎ᠠ ᠲᠡᠵᠢᠭᠡᠯ ᠤᠨ ᠤᠯᠠᠮᠵᠢᠯᠠᠯ ᠳᠤ ᠠᠰᠢᠠᠠᠳᠠᠢ ᠪᠠᠶᠢᠳᠠᠭ᠃ ᠰᠠᠯᠠᠭ᠎ᠠ ᠶᠢ ᠨᠢ ᠮᠤᠰᠭᠢᠨ᠋ᠠᠰᠠᠨ ᠤᠷᠭᠤᠮᠠᠯ ᠤᠨ ᠲᠠᠩ | ᠰᠠᠭᠤᠷᠢ ᠶᠢᠨ ᠵᠢᠮᠢᠰᠯᠡᠭᠦ ᠨᠢ ᠤᠯᠠᠨ᠂ ᠵᠢᠮᠢᠰ ᠨᠢ ᠲᠤᠮᠤ᠂ ᠤᠨᠠᠯᠳᠠ ᠨᠢ ᠦᠨᠳᠤᠷ ᠪᠠᠶᠢᠵᠤ᠂ ᠲᠠᠷᠢᠬᠤ ᠲᠤᠭ᠎ᠠ ᠶᠢ | ᠪᠠᠭᠠᠰᠬᠠᠵᠤ ᠪᠤᠯᠳᠠᠭ᠃ ᠵᠢᠮᠢᠰᠯᠡᠭᠦ ᠰᠠᠯᠠᠭ᠎ᠠ ᠪᠦᠷᠢ ᠶᠢᠨ ᠵᠢᠮᠢᠰ ᠢ ᠲᠡᠭᠦᠵᠤ ᠬᠤᠷᠢᠶ᠋ᠬᠠᠰᠡᠨ ᠤ ᠰᠡᠭᠦᠯᠡᠷ ᠵᠢᠮᠢᠰ | ᠰᠠᠭᠤᠠᠠᠰᠠᠨ ᠰᠠᠯᠠᠭ᠎ᠠ ᠶᠢ ᠨᠢ ᠬᠠᠶᠢᠴᠢᠯᠡᠨ ᠬᠠᠶᠠᠵᠤ᠂ ᠰᠠᠯᠭᠢ ᠨᠡᠪᠳᠡᠷᠡᠭᠦ᠂ ᠭᠡᠷᠡᠯ ᠲᠤᠰᠬᠤ᠂ ᠭᠡᠮ ᠤᠨ ᠭᠦᠨᠦᠭᠡᠯ | ᠡᠭᠦᠰᠭᠦ ᠪᠡ ᠬᠠᠯᠳᠠᠪᠤᠷᠢᠯᠠᠬᠤ ᠶᠢ ᠪᠠᠭᠠᠰᠬᠠᠬᠤ ᠳᠤ ᠠᠰᠢᠠᠠᠳᠠᠢ ᠪᠤᠯᠭᠠᠨ᠎ᠠ᠃ | ᠵᠤᠯᠭᠠᠷᠠᠬᠤ ᠶᠢ ᠰᠡᠷᠭᠡᠶᠢᠯᠡᠭᠦ ᠡᠳ᠋ ᠢ ᠪᠠᠰᠠ ᠹᠠᠨ ᠴᠢᠶᠧ ᠯᠢᠩ ︵番茄灵︶ ᠭᠡᠳᠡᠭ᠃ ᠰᠢᠩᠭᠡᠨ | ᠦᠳᠭᠡᠴᠡ ᠲᠠᠢ ᠵᠤᠯᠭᠠᠷᠠᠬᠤ ᠶᠢ ᠰᠡᠷᠭᠡᠶᠢᠯᠡᠭᠦ ᠡᠳ᠋ ᠨᠢ ᠲᠦᠪᠡᠳ ᠬᠠᠰᠢ ᠶᠢᠨ ᠵᠦᠭᠡᠯᠡᠨ ᠨᠠᠪᠴᠢ ᠨᠢᠯᠬ᠎ᠠ ᠴᠢᠭᠢ ᠳᠤ | ᠦᠨᠳᠤᠰᠤᠨ ᠳᠡᠭᠡᠨ ᠤᠷᠪᠠᠭᠤ ᠦᠢᠯᠡᠳᠦᠯ ᠦᠭᠡᠢ ᠪᠠᠶᠢᠳᠠᠭ ᠪᠦᠭᠡᠳ ᠭᠡᠷᠡᠭᠯᠡᠭᠦ ᠳᠤ ᠴᠤ ᠨᠡᠯᠢᠶᠡᠳ ᠠᠶᠤᠯ ᠦᠬᠡᠢ | ᠪᠠᠶᠢᠳᠠᠭ᠃ ᠵᠢᠵᠢᠭ ᠰᠦᠷᠴᠢᠭᠦᠷ ᠮᠠᠰᠢᠨ ᠢ ᠭᠡᠷᠡᠭᠯᠡᠨ ᠴᠡᠴᠡᠭ ᠲᠤ ᠰᠦᠷᠴᠢᠪᠡᠯ᠂ ᠭᠦᠳᠡᠯᠮᠤᠷᠢ ᠭᠦᠴᠤᠨ ᠳᠤ ᠠᠷᠪᠢᠳᠡᠢ | ᠂ ᠦᠷ᠎ᠡ ᠪᠦᠳᠦᠮᠵᠢ ᠰᠠᠶᠢᠳᠠᠢ ᠪᠦᠭᠡᠳ ᠴᠡᠴᠡᠭ ᠵᠢᠮᠢᠰ ᠢ ᠬᠠᠮᠠᠭᠠᠯᠠᠬᠤ ᠦᠢᠯᠡᠳᠦᠯ ᠨᠢ ᠴᠤ ᠮᠠᠰᠢ ᠰᠠᠶᠢᠨ ᠪᠠᠶᠢᠳᠠᠭ | ᠪᠤᠯᠬᠤᠷ ᠦᠷᠭᠡᠨ ᠤᠯᠠᠨ ᠲᠠᠷᠢᠶᠠᠴᠢᠳ ᠤᠨ ᠭᠦᠷᠢᠶᠠᠯᠡᠯ ᠢ ᠶᠡᠭᠡ ᠪᠠᠷ ᠤᠯᠵᠤ ᠪᠠᠶᠢᠨ᠎ᠠ᠃ | ︵12︶ ᠲᠦᠪᠡᠳ ᠬᠠᠰᠢ ᠶᠢ ᠲᠡᠭᠦᠭᠦ ᠬᠤᠷᠢᠶᠠᠬᠤ ᠳᠤ ᠶᠠᠭᠤ ᠶᠢ ᠠᠩᠬᠠᠷᠬᠤ ᠴᠢᠬᠤᠯᠠ ᠲᠠᠢ ᠪᠤᠢ︖ | ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠨᠢ ᠴᠡᠴᠡᠭᠯᠡᠭᠦ ᠠᠴᠠ ᠠᠪᠤᠭᠠᠳ ᠵᠢᠮᠢᠰᠯᠡᠨ | ᠪᠤᠯᠪᠠᠰᠤᠷᠠᠬᠤ ᠭᠦᠷᠳᠡᠯ᠎ᠡ ᠮᠠᠰᠢ ᠤᠷᠳᠤ ᠴᠠᠭ ᠭᠡᠷᠡᠭᠰᠡᠳᠡᠭ ᠪᠤᠯᠬᠤᠷ ᠭᠡᠳᠦᠷᠭᠡᠢ ᠡᠷᠳᠡ ᠬᠤᠷᠢᠶᠠᠪᠠᠯ ᠶᠠᠰᠤ ᠴᠢᠨᠠᠷ ᠨᠢ | ᠪᠠᠷᠤᠠᠠᠳᠠᠢ ᠪᠤᠯᠵᠤ᠂ ᠭᠡᠳᠦᠷᠭᠡᠢ ᠤᠷᠤᠢ ᠬᠤᠷᠢᠶᠠᠪᠠᠯ ᠤᠷᠭᠤᠮᠠᠯ ᠤᠨ ᠲᠡᠭᠡᠳᠤ ᠭᠡᠰᠡᠭ ᠤᠨ ᠵᠢᠮᠢᠰ ᠤᠨ ᠤᠷᠭᠤᠯᠳᠠ ᠶᠢ | ᠨᠦᠯᠦᠭᠡᠯᠡᠳᠡᠭ᠃ ᠶᠠᠷᠦᠩᠭᠡᠢ ᠳᠡᠭᠡᠨ ᠵᠢᠮᠢᠰ ᠤᠨ ᠤᠯᠠᠶᠢᠬᠤ ᠦᠶ᠎ᠠ ᠳᠤᠨᠢ ᠢ ᠰᠢ ᠯᠢ ︵乙烯利︶ ᠡᠮ ᠢ | ᠭᠡᠷᠡᠭᠯᠡᠨ᠂ ᠪᠤᠯᠪᠠᠰᠤᠷᠠᠯᠳᠠ ᠶᠢ ᠨᠢ ᠲᠦᠷᠭᠡᠳᠭᠡᠭᠦ ᠭᠡᠷᠡᠭᠳᠡᠢ᠃ 40% ᠶᠢᠨ ᠢ ᠰᠢ ᠯᠢ ᠶᠢᠨ 400~800ppm | ᠠᠭᠤᠰᠤᠮᠠᠯ ᠢ ᠵᠢᠮᠢᠰ ᠤᠨ ᠲᠡᠭᠡᠷ᠎ᠡ ᠲᠦᠷᠭᠢᠵᠤ᠂ ᠵᠢᠮᠢᠰ ᠨᠢ ᠤᠯᠠᠶᠢᠮᠬᠠᠴᠠ ᠲᠠᠷᠦ᠋ᠢᠬᠠᠨ ᠲᠡᠭᠦᠵᠤ ᠬᠤᠷᠢᠶᠠᠨ᠎ᠠ᠃ | ᠭᠦᠯᠡᠮᠵᠢᠨ ᠳᠤ ᠲᠠᠷᠢᠠᠠᠰᠠᠨ ᠨᠠᠮᠤᠷ ᠡᠪᠤᠯ ᠤᠨ ᠭᠤᠤᠷᠰᠤᠨ ᠤ ᠲᠦᠪᠡᠳ ᠬᠠᠰᠢ ᠶᠢ ᠭᠡᠳᠦᠢ ᠤᠷᠤᠢ ᠲᠡᠭᠦᠵᠤ | ᠬᠤᠷᠢᠶᠠᠪᠠᠯ ᠲᠡᠭᠦᠨ ᠤ ᠤᠨᠠᠯᠳᠠ ᠨᠢ ᠤᠯᠠᠮ ᠨᠡᠮᠡᠭᠳᠡᠳᠡᠭ᠃ ᠶᠠᠷᠦᠩᠭᠡᠢ ᠳᠡᠭᠡᠨ ᠢ ᠰᠢ ᠯᠢ ︵乙烯利︶ | ᠡᠮ ᠢ ᠭᠡᠷᠡᠭᠯᠡᠭᠦ ᠦᠭᠡᠢ᠂ ᠵᠢᠮᠢᠰ ᠨᠢ ᠤᠯᠠᠶᠢᠨ ᠪᠤᠯᠪᠠᠰᠤᠷᠠᠬᠤ ᠡᠭᠢᠨ ᠤ ᠦᠶ᠎ᠠ ᠳᠤᠨᠢ ᠲᠡᠭᠦᠵᠤ ᠬᠤᠷᠢᠶᠠᠨ᠎ᠠ᠃ 11 | ᠳ᠋ᠤᠭᠡᠷ ᠰᠠᠷ᠎ᠠ ᠶᠢᠨ ᠲᠤᠮᠳᠡᠴᠢ ᠪᠠᠷ ᠲᠤᠯᠠᠭᠠᠨ ᠤ ᠭᠡᠮᠵᠢᠶ᠎ᠠ ᠪᠠᠭᠤᠷᠠᠵᠤ᠂ ᠭᠡᠷᠡᠯ ᠤᠨ ᠲᠤᠰᠤᠯᠳᠠ ᠭᠦᠷᠦᠯᠴᠡᠭᠡ ᠦᠭᠡᠢ | ᠪᠤᠯᠵᠤ᠂ ᠵᠢᠮᠢᠰ ᠤᠨ ᠪᠤᠯᠪᠠᠰᠤᠷᠠᠬᠤ ᠨᠢ ᠤᠳᠠᠭᠠᠨ ᠪᠤᠯᠳᠠᠭ ᠪᠤᠯᠬᠤᠷ ᠨᠤᠭᠤᠭᠠᠷᠠᠨ ᠪᠤᠯᠪᠠᠰᠤᠷᠠᠬᠤ ᠠᠴᠠ ᠠᠪᠤᠭᠠᠳ᠂ | ᠤᠯᠠᠶᠢᠬᠤ ᠬᠤᠭᠤᠴᠠᠭᠠᠨ ᠳᠤᠨᠢ ᠲᠡᠭᠦᠨ ᠠᠪᠴᠤ ᠬᠠᠳᠠᠭᠠᠯᠠᠭᠠᠳ᠂ ᠤᠯᠠᠭᠠᠨ ᠢ ᠨᠢ ᠲᠡᠭᠦᠨ ᠰᠤᠩᠭᠤᠵᠤ ᠵᠠᠯᠭᠠᠭᠠᠳ | ᠵᠠᠬ᠎ᠠ ᠳᠤ ᠭᠠᠷᠭᠠᠵᠤ ᠪᠤᠯᠤᠨ᠎ᠠ᠃ | 5. ᠰᠢᠬᠤᠯᠤ ᠭᠤᠸ᠎ᠠ ᠲᠠᠷᠢᠬᠤ ᠮᠡᠷᠭᠡᠵᠢᠯ | ︵ 1︶ ᠰᠢᠬᠤᠯᠤ ᠭᠤᠸ᠎ᠠ ᠨᠢ ᠭᠠᠳᠠᠭᠠᠳᠤ ᠤᠷᠴᠢᠨ ᠨᠦᠭᠦᠴᠡᠯ ᠳᠤ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ | ︖ | ① ᠲᠤᠯᠠᠭᠠᠨ ᠤ ᠭᠡᠮᠵᠢᠶ᠎ᠠ ᠶᠢᠨ ᠱᠠᠭᠠᠷᠳᠠᠯᠭ᠎ᠠ᠄ ᠦᠷ᠎ᠠ ᠶᠢᠨ ᠰᠤᠶᠤᠭᠠᠯᠠᠯᠳᠠ ᠶᠢᠨ ᠬᠠᠮᠤᠭ ᠤᠨ ᠲᠤᠤᠷ᠎ᠡ | ᠲᠤᠯᠠᠭᠠᠨ ᠤ ᠭᠡᠮᠵᠢᠶ᠎ᠠ ᠪᠤᠯ 30℃ ᠪᠤᠯᠤᠨ᠎ᠠ᠃ 20℃ ᠠᠴᠠ ᠲᠤᠷᠤᠠᠠᠰᠢ ᠪᠤᠯᠪᠠᠯ ᠰᠤᠶᠤᠭᠠᠯᠠᠯᠳᠠ ᠶᠢᠨ ᠨᠤᠷᠮ᠎ᠠ ᠨᠢ | ᠪᠠᠭᠤᠷᠠᠳᠠᠭ᠂ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 20℃~30℃ ᠪᠤᠯᠤᠨ᠎ᠠ᠃ | 20℃~25℃ ᠲᠤ ᠰᠤᠶᠤᠭᠠᠯᠠᠬᠤ ᠨᠢ ᠤᠳᠠᠭᠠᠨ ᠪᠤᠯᠪᠠᠴᠤ ᠵᠢᠭᠳᠡ ᠪᠠᠶᠢᠳᠠᠭ᠃ | 25℃~30℃ ᠲᠤ ᠰᠤᠶᠤᠭᠠᠯᠠᠬᠤ ᠨᠢ ᠲᠦᠷᠭᠡᠨ ᠪᠤᠯᠪᠠᠴᠤ ᠵᠢᠭᠳᠡ ᠪᠤᠰᠤ ᠪᠠᠶᠢᠳᠠᠭ᠃ 12℃ ᠠᠴᠠ | ᠲᠤᠷᠤᠠᠠᠰᠢ᠂ 35℃ ᠠᠴᠠ ᠦᠨᠳᠤᠷ ᠪᠤᠯᠪᠠᠯ ᠴᠦᠮ ᠰᠤᠶᠤᠭᠠᠯᠠᠯᠳᠠ ᠶᠢ ᠨᠢ ᠨᠦᠯᠦᠭᠡᠯᠡᠨ᠎ᠡ᠃ | ᠰᠢᠬᠤᠯᠤ ᠭᠤᠸ᠎ᠠ ᠶᠢᠨ ᠤᠷᠭᠤᠯᠳᠠ ᠦᠷᠡᠵᠢᠯᠳᠡ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ | ᠪᠤᠯ 15℃~29℃ ᠪᠤᠯᠤᠨ᠎ᠠ᠂ ᠤᠷᠭᠤᠯᠳᠠ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ | 18℃~25℃᠂ ᠴᠡᠴᠡᠭᠯᠡᠵᠤ ᠵᠢᠮᠢᠰᠯᠡᠭᠦ ᠶᠢᠨ ᠲᠤᠭᠢᠷᠠᠮᠵᠢᠳᠡᠢ ᠲᠤᠯᠠᠭᠠᠨ ᠪᠤᠯ 22℃~25℃ ᠪᠤᠯᠤᠨ᠎ᠠ᠃ | 15℃ ᠠᠴᠠ ᠲᠤᠷᠤᠠᠠᠰᠢ ᠪᠤᠯᠪᠠᠯ ᠲᠤᠭᠤᠰᠤᠳᠤᠨ ᠦᠷᠡᠯᠡᠭᠦ ᠨᠢ ᠮᠠᠭᠤᠳᠠᠵᠤ᠂ 35℃ ᠠᠴᠠ ᠦᠨᠳᠤᠷ ᠪᠤᠯᠪᠠᠯ | ᠬᠤᠶᠠᠷ ᠪᠡᠯᠭᠡ ᠶᠢᠨ ᠴᠡᠴᠡᠭ ᠠᠮᠠᠷᠬᠠᠨ ᠪᠤᠢ ᠪᠤᠯᠳᠠᠭ᠃ | ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠨᠢ ᠪᠤᠯ | 22℃~25℃ ᠪᠤᠯᠤᠨ᠎ᠠ᠃ 5℃~15℃ ᠲᠤ ᠬᠠᠷᠠᠩᠭᠤᠢ ᠠᠮᠢᠰᠬᠤᠯ ᠤᠨ ᠬᠤᠷᠳᠤᠴᠠ ᠶᠢᠨ ᠨᠤᠷᠮ᠎ᠠ ᠨᠢ | ᠮᠠᠰᠢ ᠲᠤᠷᠤᠠᠠᠰᠢᠯᠠᠵᠤ᠂ 15℃ ᠠᠴᠠ ᠭᠡᠳᠦᠷᠡᠪᠡᠯ ᠬᠠᠷᠠᠩᠭᠤᠢ ᠠᠮᠢᠰᠬᠤᠯ ᠤᠨ ᠬᠤᠷᠳᠤᠴᠠ ᠶᠢᠨ ᠨᠤᠷᠮ᠎ᠠ ᠨᠢ | ᠠᠯᠭᠤᠷ ᠢᠶᠠᠷ ᠨᠡᠮᠡᠭᠳᠡᠳᠡᠭ ᠪᠠᠶᠢᠨ᠎ᠠ᠃ ᠰᠢᠬᠤᠯᠤ ᠭᠤᠸ᠎ᠠ ᠨᠢ ᠲᠤᠤᠷ᠎ᠡ ᠲᠤᠯᠠᠭᠠᠨ ᠳᠤ ᠮᠠᠰᠢ ᠲᠤᠭᠢᠷᠠᠯᠴᠠᠬᠤ ᠴᠢᠳᠠᠯ | ᠲᠠᠢ ᠪᠠᠶᠢᠵᠤ᠂ ᠦᠷᠡᠯᠡᠭᠰᠡᠨ ᠵᠢᠮᠢᠰ ᠨᠢ 8℃~10℃ ᠤᠨ ᠰᠦᠨᠢ ᠶᠢᠨ ᠲᠤᠯᠠᠭᠠᠨ ᠳᠤ 16℃~20℃ ᠤᠨ | ᠰᠦᠨᠢ ᠶᠢᠨ ᠲᠤᠯᠠᠭᠠᠨ ᠳᠤ ᠦᠷᠡᠯᠡᠭᠰᠡᠨ ᠵᠢᠮᠢᠰ ᠲᠠᠢ ᠨᠢᠭᠡ ᠯᠠ ᠠᠳᠠᠯᠢ ᠤᠷᠭᠤᠨ ᠲᠤᠮᠤᠷᠠᠵᠤ᠂ ᠰᠦᠨᠢ ᠳᠡᠭᠡᠨ | 13℃~15℃ ᠲᠤ ᠭᠡᠷᠡᠯ ᠤᠨ ᠨᠡᠶᠢᠯᠡᠯᠭᠡ ᠶᠢᠨ ᠡᠳ᠋ ᠤᠨ ᠤᠯᠠᠷᠢᠯᠳᠡ ᠶᠢ ᠠᠭᠢᠭᠤᠯᠳᠠᠭ ᠪᠠᠶᠢᠨ᠎ᠠ᠃ | ᠦᠨᠳᠤᠰᠤᠨ ᠰᠢᠰᠲ᠋ᠧᠮ ᠤᠨ ᠰᠤᠨᠤᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠪᠤᠯ | 6℃~8℃᠂ ᠰᠠᠬᠠᠯ ᠦᠨᠳᠤᠰᠤᠨ ᠤ ᠤᠷᠭᠤᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠪᠤᠯ | 12℃᠂ ᠬᠠᠮᠤᠭ ᠤᠨ ᠲᠤᠭᠢᠷᠠᠮᠵᠢᠳᠡᠢ ᠭᠠᠵᠠᠷ ᠤᠨ ᠲᠤᠯᠠᠭᠠᠨ ᠪᠤᠯ 20℃~22℃ ᠪᠤᠯᠤᠨ᠎ᠠ᠃ | ② ᠭᠡᠷᠡᠯ ᠤᠨ ᠲᠤᠰᠤᠯᠳᠠ ᠶᠢᠨ ᠱᠠᠭᠠᠷᠳᠠᠯᠭ᠎ᠠ᠄ ᠰᠢᠬᠤᠯᠤ ᠭᠤᠸ᠎ᠠ ᠶᠢᠨ ᠭᠡᠷᠡᠯ ᠤᠨ ᠲᠤᠰᠤᠯᠳᠠ ᠶᠢᠨ | ᠱᠠᠭᠠᠷᠳᠠᠯᠭ᠎ᠠ ᠨᠢ ᠦᠷᠭᠡᠰᠤᠳᠤ ᠭᠡᠮᠭᠡ ᠶᠢᠨ ᠬᠢ ᠠᠴᠠ ᠲᠤᠤᠷ᠎ᠠ ᠪᠠᠶᠢᠳᠠᠭ᠃ ᠦᠢᠯᠡᠳᠪᠤᠷᠢᠯᠡᠯ ᠤᠨ ᠦᠢᠯᠡᠳᠦᠯᠭᠡ ᠠᠴᠠ | ᠦᠵᠡᠪᠡᠯ ᠵᠢᠮᠢᠰᠯᠡᠭᠦ ᠬᠤᠭᠤᠴᠠᠭᠠᠨ ᠳᠤ ᠭᠡᠷᠡᠯ ᠤᠨ ᠲᠤᠰᠤᠯᠳᠠ ᠭᠦᠢᠴᠡᠳ ᠪᠤᠯ ᠭᠡᠷᠡᠯ ᠤᠨ ᠨᠡᠶᠢᠯᠡᠯᠭᠡ ᠶᠢᠨ ᠡᠳ᠋ | ᠤᠯᠠᠳᠠᠵᠤ᠂ ᠵᠢᠮᠢᠰ ᠲᠤ ᠤᠯᠠᠮᠵᠢᠯᠠᠬᠤ ᠰᠢᠮ᠎ᠠ ᠲᠡᠵᠢᠭᠡᠯ ᠨᠢ ᠠᠷᠪᠢᠳᠴᠤ᠂ ᠵᠢᠮᠢᠰ ᠨᠢ ᠮᠠᠰᠢ ᠰᠠᠶᠢᠨ ᠪᠤᠶᠢᠵᠢᠵᠤ᠂ | ᠶᠠᠰᠤ ᠴᠢᠨᠠᠷ ᠨᠢ ᠲᠡᠭᠡᠭᠰᠢᠯᠡᠳᠡᠭ ᠪᠠᠶᠢᠨ᠎ᠠ᠃ ᠭᠡᠷᠡᠯ ᠤᠨ ᠲᠤᠰᠤᠯᠳᠠ ᠨᠢ ᠭᠦᠢᠴᠡᠳ ᠦᠭᠡᠢ ᠪᠤᠯ ᠭᠡᠷᠡᠯ ᠤᠨ | ᠨᠡᠶᠢᠯᠡᠯᠭᠡ ᠶᠢᠨ ᠦᠢᠯᠡᠳᠦᠯ ᠨᠢ ᠭᠦᠷᠦᠯᠴᠡᠭᠡ ᠦᠭᠡᠢ ᠪᠤᠯᠵᠤ᠂ ᠰᠢᠮ᠎ᠠ ᠲᠡᠵᠢᠭᠡᠯ ᠤᠨ ᠪᠠᠶᠢᠳᠠᠯ ᠨᠢ ᠴᠤ ᠠᠨᠠᠢ ᠪᠤᠯᠵᠤ᠂ | ᠵᠢᠮᠢᠰ ᠤᠨ ᠭᠡᠪ ᠤᠨ ᠪᠤᠶᠢᠵᠢᠯᠳᠡ ᠶᠢ ᠨᠦᠯᠦᠭᠡᠯᠡᠳᠡᠭ ᠪᠠᠶᠢᠨ᠎ᠠ᠃ | ᠰᠢᠬᠤᠯᠤ ᠭᠤᠸ᠎ᠠ ᠶᠢᠨ ᠭᠡᠷᠡᠯ ᠲᠤᠯᠠᠭᠠᠨ ᠤ ᠨᠦᠭᠦᠴᠡᠯ ᠤᠨ ᠱᠠᠭᠠᠷᠳᠠᠯᠭ᠎ᠠ ᠶᠢ ᠨᠢ ᠬᠤᠷᠢᠶᠠᠩᠭᠤᠶᠢᠯᠠᠪᠠᠯ᠂ ᠨᠠᠷᠠᠯᠠᠭ | ᠭᠦᠯᠡᠮᠵᠢ᠂ ᠰᠦᠯᠢᠶᠤᠤ ᠰᠠᠷᠠᠪᠴᠢᠨ ᠳᠤ ᠲᠠᠷᠢᠬᠤ ᠳᠤ ᠰᠢᠬᠤᠯᠤ ᠭᠤᠸ᠎ᠠ ᠶᠢ ᠦᠷᠭᠡᠰᠤᠳᠤ ᠭᠡᠮᠭᠡ ᠠᠴᠠ 20 ᠡᠳᠤᠷ | ᠤᠷᠢᠳᠴᠢᠯᠡᠨ ᠲᠠᠷᠢᠬᠤ ᠪᠤᠶᠤ ᠬᠤᠶᠢᠰᠢᠯᠠᠭᠤᠯᠤᠨ ᠲᠠᠷᠢᠵᠤ ᠪᠤᠯᠤᠨ᠎ᠠ ᠭᠡᠳᠡᠭ ᠢ ᠤᠨᠤᠯ ᠪᠤᠯᠤᠨ ᠦᠢᠯᠡᠳᠦᠯᠭᠡ | ᠭᠡᠷᠡᠴᠢᠯᠡᠵᠤ ᠪᠠᠶᠢᠨ᠎ᠠ᠃ | ③ ᠤᠰᠤᠨ ᠤ ᠱᠠᠭᠠᠷᠳᠠᠯᠭ᠎ᠠ᠄ ᠰᠢᠬᠤᠯᠤ ᠭᠤᠸ᠎ᠠ ᠪᠤᠯ ᠴᠢᠭᠢᠭ ᠨᠦᠢᠳᠡᠨ ᠳᠤ ᠲᠤᠷᠠᠳᠡᠢ᠂ ᠬᠠᠷᠢᠨ ᠭᠠᠩ | ᠬᠠᠭᠰᠠᠷᠠᠭᠠᠨ ᠳᠤ ᠲᠠᠰᠪᠤᠷᠢ ᠦᠭᠡᠢ ᠪᠠᠶᠢᠳᠠᠭ᠃ ᠢᠯᠠᠩᠭᠤᠶ᠎ᠠ ᠭᠤᠸ᠎ᠠ ᠰᠠᠭᠤᠬᠤ ᠦᠶ᠎ᠠ ᠳᠤᠨᠢ ᠭᠦᠷᠦᠰᠤ ᠰᠢᠷᠤᠢ ᠨᠢ | ᠴᠢᠭᠢᠭ ᠰᠠᠶᠢᠳᠠᠢ ᠪᠠᠶᠢᠪᠠᠯ ᠰᠠᠶ᠋ᠢ ᠦᠨᠳᠤᠷ ᠬᠤᠷᠢᠶᠠᠯᠳᠠ ᠤᠯᠵᠤ ᠴᠢᠳᠠᠨ᠎ᠠ᠃ | ᠰᠢᠬᠤᠯᠤ ᠭᠤᠸ᠎ᠠ ᠶᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠲᠤᠭᠢᠷᠠᠮᠵᠢᠳᠡᠢ ᠭᠦᠷᠦᠰᠤᠨ ᠤ ᠴᠢᠭᠢᠭ ᠤᠨ | ᠭᠡᠮᠵᠢᠶ᠎ᠠ ᠨᠢ ᠪᠤᠯ 60%~80% ᠪᠤᠯᠤᠨ᠎ᠠ᠃ ᠭᠦᠷᠦᠰᠤ ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ | 40% ᠠᠴᠠ ᠲᠤᠷᠤᠠᠠᠰᠢ ᠪᠤᠶᠤ ᠭᠦᠷᠦᠰᠤ ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ 90% ᠠᠴᠠ | ᠲᠡᠭᠡᠭᠰᠢ ᠪᠤᠯᠪᠠᠯ ᠭᠡᠷᠡᠯ ᠤᠨ ᠨᠡᠶᠢᠯᠡᠯᠭᠡ ᠶᠢᠨ ᠬᠤᠷᠳᠤᠴᠠ ᠶᠢᠨ ᠨᠤᠷᠮ᠎ᠠ ᠨᠢ 43.5%~55.9% ᠪᠤᠯᠵᠤ | ᠪᠠᠭᠤᠷᠠᠳᠠᠭ᠃ ᠤᠷᠭᠤᠯᠳᠠ ᠦᠷᠡᠵᠢᠯᠳᠡ ᠶᠢᠨ ᠡᠭᠢᠨ ᠤ ᠬᠤᠭᠤᠴᠠᠭᠠᠨ ᠳᠤ ᠠᠷᠴᠢᠬᠤ᠂ ᠤᠰᠤ ᠶᠢ ᠭᠢᠵᠠᠭᠠᠷᠯᠠᠬᠤ ᠪᠠ | ᠴᠢᠭᠢ ᠲᠠᠷᠤᠰᠢᠭᠤᠯᠬᠤ ᠪᠠᠷ ᠭᠤᠤᠯ ᠪᠤᠯᠭᠠᠵᠤ᠂ ᠬᠠᠷᠢᠨ ᠵᠢᠮᠢᠰᠯᠡᠭᠦ ᠬᠤᠭᠤᠴᠠᠭᠠᠨ ᠳᠤᠨᠢ ᠭᠦᠷᠦᠰᠤ ᠰᠢᠷᠤᠢ ᠶᠢ | ᠨᠡᠯᠢᠶᠡᠳ ᠴᠢᠭᠢᠭ ᠲᠠᠢ ᠪᠠᠶᠢᠯᠭᠠᠬᠤ ᠶᠢ ᠱᠠᠭᠠᠷᠳᠠᠨ᠎ᠠ᠃ | ᠰᠢᠬᠤᠯᠤ ᠭᠤᠸ᠎ᠠ ᠶᠢᠨ ᠤᠰᠤᠨ ᠤ ᠱᠠᠭᠠᠷᠳᠠᠯᠭ᠎ᠠ ᠶᠢ ᠦᠷᠭᠡᠰᠤᠳᠤ ᠭᠡᠮᠭᠡ ᠶᠢᠨ ᠬᠢ ᠲᠠᠢ ᠬᠠᠷᠢᠴᠠᠭᠤᠯᠪᠠᠯ᠂ | ᠭᠠᠩ ᠳᠤ ᠲᠠᠰᠪᠤᠷᠢ ᠲᠠᠢ ᠪᠦᠭᠡᠳ ᠴᠢᠭᠢᠭ ᠲᠤ ᠲᠤᠷᠠᠳᠡᠢ᠂ ᠤᠰᠤᠳᠤᠯ ᠳᠤ ᠲᠠᠰᠪᠤᠷᠢ ᠲᠠᠢ ᠪᠠᠶᠢᠳᠠᠭ᠃ ᠵᠢᠱᠢᠶᠡᠯᠡᠪᠡᠯ | ᠦᠷᠭᠡᠰᠤᠳᠤ ᠭᠡᠮᠭᠡ ᠶᠢᠨ ᠭᠦᠷᠦᠰᠤᠨ ᠰᠢᠷᠤᠢ ᠶᠢᠨ ᠴᠢᠭᠢᠭ ᠤᠨ ᠭᠡᠮᠵᠢᠶ᠎ᠠ ᠨᠢ ᠬᠠᠮᠤᠭ ᠤᠨ ᠲᠤᠤᠷ᠎ᠡ ᠳᠠᠭᠠᠨ | 40%~50% ᠪᠠᠶᠢᠬᠤ ᠳᠤ ᠰᠢᠬᠤᠯᠤ ᠭᠤᠸ᠎ᠠ ᠶᠢᠨ ᠬᠠᠷᠢᠨ 40% ᠪᠠᠶᠢᠳᠠᠭ᠃ ᠦᠷᠭᠡᠰᠤᠳᠤ ᠭᠡᠮᠭᠡ ᠶᠢᠨ | ᠬᠠᠮᠤᠭ ᠤᠨ ᠲᠤᠭᠢᠷᠠᠮᠵᠢᠳᠡᠢ ᠭᠦᠷᠦᠰᠤ ᠰᠢᠷᠤᠢ ᠶᠢᠨ ᠴᠢᠭᠢᠭ ᠤᠨ ᠭᠡᠮᠵᠢᠶ᠎ᠠ ᠨᠢ 60%~70% ᠪᠠᠶᠢᠬᠤ ᠳᠤ | ᠰᠢᠬᠤᠯᠤ ᠭᠤᠸ᠎ᠠ ᠶᠢᠨ ᠬᠢ ᠬᠠᠷᠢᠨ 60%~80% ᠪᠠᠶᠢᠳᠠᠭ᠃ ᠦᠷᠭᠡᠰᠤᠳᠤ ᠭᠡᠮᠭᠡ ᠶᠢᠨ ᠭᠦᠷᠦᠰᠤ ᠰᠢᠷᠤᠢ ᠶᠢᠨ | ᠬᠠᠮᠤᠭ ᠤᠨ ᠦᠨᠳᠤᠷ ᠴᠢᠭᠢᠭ ᠤᠨ ᠭᠡᠮᠵᠢᠶ᠎ᠠ ᠨᠢ 70%~80% ᠪᠠᠶᠢᠬᠤ ᠳᠤ ᠰᠢᠬᠤᠯᠤ ᠭᠤᠸ᠎ᠠ ᠶᠢᠨ ᠬᠢ ᠬᠠᠷᠢᠨ | 90% ᠶᠢᠨ ᠴᠢᠭᠢᠭ ᠲᠠᠢ ᠪᠠᠶᠢᠬᠤ ᠳᠤ ᠮᠠᠰᠢ ᠲᠤᠭᠢᠷᠠᠮᠵᠢᠳᠡᠢ ᠪᠠᠶᠢᠳᠠᠭ᠃ ᠪᠦᠭᠴᠢᠮ ᠬᠠᠯᠠᠭᠤᠨ ᠭᠠᠩ ᠬᠠᠭᠰᠠᠷᠠᠭᠠᠨ | ᠲᠠᠢ ᠨᠦᠭᠦᠴᠡᠯ ᠲᠤᠤᠷ᠎ᠡ ᠡᠪᠡᠳᠴᠢᠨ ᠤ ᠬᠤᠤᠷ ᠤᠨ ᠭᠡᠮ ᠠᠮᠠᠷᠬᠠᠨ ᠡᠭᠦᠰᠳᠡᠭ ᠪᠦᠭᠡᠳ ᠨᠠᠮᠤᠷ ᠤᠨ ᠦᠨᠳᠤᠷ | ᠬᠠᠯᠠᠭᠤᠨ᠂ ᠦᠨᠳᠤᠷ ᠴᠢᠭᠢᠭ ᠲᠤ ᠴᠠᠭᠠᠨ ᠲᠤᠭᠤᠰᠤᠳᠤ ᠭᠡᠮ ᠮᠠᠰᠢ ᠠᠮᠠᠷᠬᠠᠨ ᠡᠭᠦᠰᠳᠡᠭ ᠪᠠᠶᠢᠨ᠎ᠠ᠃ | ④ ᠭᠦᠷᠤᠰᠤ ᠰᠢᠷᠤᠢ ᠪᠠ ᠰᠢᠮ᠎ᠠ ᠲᠡᠵᠢᠭᠡᠯ ᠤᠨ ᠱᠠᠭᠠᠷᠳᠠᠯᠭ᠎ᠠ᠄ ᠰᠢᠬᠤᠯᠤ ᠭᠤᠸ᠎ᠠ ᠨᠢ ᠭᠦᠷᠦᠰᠤ | ᠰᠢᠷᠤᠢ ᠶᠢᠨ ᠲᠠᠯ᠎ᠠ ᠪᠠᠷ ᠲᠠᠶᠢᠮᠤ ᠴᠢᠩᠭ᠎ᠠ ᠱᠠᠭᠠᠷᠳᠠᠯᠭ᠎ᠠ ᠦᠭᠡᠢ ᠪᠠᠶᠢᠳᠠᠭ᠃ ᠬᠠᠶᠢᠷᠳᠤ ᠭᠦᠷᠦᠰᠤ᠂ ᠰᠦᠪᠡᠷᠭᠡᠭ | ᠭᠦᠷᠦᠰᠤ ᠪᠤᠯᠤᠨ ᠨᠠᠩᠭᠢ ᠭᠦᠷᠦᠰᠤᠨ ᠳᠤ ᠴᠦᠮ ᠲᠠᠷᠢᠵᠤ ᠪᠤᠯᠤᠨ᠎ᠠ᠃ ᠬᠠᠶᠢᠷᠳᠤ ᠰᠦᠪᠡᠷᠭᠡᠭ ᠭᠦᠷᠤᠰᠤ ᠪᠤᠯ | ᠭᠦᠷᠦᠰᠤᠨ ᠤ ᠲᠤᠯᠠᠭᠠᠨ ᠨᠢ ᠲᠦᠷᠭᠡᠨ ᠲᠡᠭᠡᠭᠰᠢᠯᠡᠵᠤ᠂ ᠦᠨᠳᠤᠰᠤ ᠬᠠᠳᠬᠤᠨ ᠴᠢᠭᠢᠯᠡᠭᠦ ᠳᠤᠨᠢ ᠠᠰᠢᠠᠠᠳᠠᠢ ᠪᠠᠶᠢᠵᠤ᠂ | ᠵᠠᠬ᠎ᠠ ᠲᠡᠯᠭᠡᠭᠦᠷ ᠲᠤ ᠡᠷᠳᠡ ᠬᠠᠨᠭ᠍ᠭᠠᠵᠤ ᠪᠤᠯᠳᠠᠭ᠃ ᠲᠤᠷᠰᠢᠯᠳᠡ ᠶᠢ ᠦᠨᠳᠤᠰᠦᠯᠠᠪᠯ 1000kg ᠰᠢᠬᠤᠯᠤ ᠭᠤᠸ᠎ᠠ | ᠲᠠᠷᠢᠵᠤ ᠬᠤᠷᠢᠶᠠᠬᠤ ᠪᠦᠷᠢ 5.47kg ᠠᠽᠤᠲ᠂ 2.22kg ᠹᠤᠰᠹᠤᠷ᠂ 4.09kg ᠺᠠᠯᠢ ᠭᠡᠷᠡᠭᠰᠡᠵᠤ᠂ ᠡᠨᠡ ᠨᠢ | ᠦᠷᠭᠡᠰᠤᠳᠤ ᠭᠡᠮᠭᠡ ᠶᠢ ᠪᠤᠳᠤᠪᠠᠯ ᠪᠤᠷᠳᠤᠭᠤᠷ ᠠᠷᠪᠢᠨ ᠭᠡᠷᠡᠭᠰᠡᠳᠡᠭ ᠪᠠᠶᠢᠨ᠎ᠠ᠃ | ᠭᠦᠷᠤᠰᠤ ᠰᠢᠷᠤᠢ ᠶᠢᠨ ᠭᠦᠴᠢᠯ ᠬᠤᠵᠢᠷ ᠤᠨ ᠭᠡᠮᠵᠢᠶ᠎ᠠ ᠳᠤ ᠲᠤᠭᠢᠷᠠᠯᠴᠠᠬᠤ ᠪᠠᠷ ᠰᠠᠶᠢᠨ ᠪᠠᠶᠢᠳᠠᠭ᠃ ᠡᠷᠤᠳᠡᠰᠤᠨ | ᠪᠤᠳᠠᠰ ᠤᠨ ᠰᠢᠮ᠎ᠠ ᠲᠡᠵᠢᠭᠡᠯ ᠭᠦᠷᠳᠡᠭᠦ ᠴᠢᠳᠠᠯ ᠨᠢ ᠪᠤᠯ ᠺᠠᠯᠢ — ᠠᠽᠤᠲ — ᠺᠠᠯᠼ — ᠮᠠᠩᠭᠠᠨ — | ᠹᠤᠰᠹᠤᠷ ᠵᠡᠷᠭᠡ ᠪᠤᠯᠤᠨ᠎ᠠ᠃ | ︵2︶ ᠰᠢᠬᠤᠯᠤ ᠭᠤᠸ᠎ᠠ ᠶᠢᠨ ᠦᠷ᠎ᠡ ᠳᠤ ᠶᠠᠮᠠᠷ ᠰᠤᠷᠲ ᠢ ᠰᠤᠩᠭᠤᠬᠤ ᠪᠤᠢ︖ | ᠤᠳᠤᠬᠠᠨ ᠳᠤ ᠦᠢᠯᠡᠳᠪᠤᠷᠢᠯᠡᠯ ᠲᠡᠭᠡᠷ᠎ᠡ ᠶᠡᠭᠡ ᠭᠡᠪᠴᠢᠶ᠎ᠠ ᠪᠠᠷ ᠲᠠᠷᠢᠵᠤ ᠪᠠᠶᠢᠭ᠎ᠠ ᠡᠭᠦᠯᠳᠡᠷ ᠭᠡᠪᠡᠯ ᠳ᠋ᠠ ᠸᠠᠩ | ︵达旺︶᠂ ᠽᠤᠤ ᠴᠦᠨ ᠢ ᠳ᠋ᠠᠢ ︵早春一代︶ ᠂ ᠠ ᠲᠠᠢ ︵阿太︶᠂ ᠨᠠᠪᠴᠢᠳᠤ | ᠰᠢᠬᠤᠯᠤ᠂ ᠾᠸᠢ ᠮᠸᠢ ᠯᠢ ︵黑美丽︶᠂ ᠬᠤᠢ ᠼᠠᠢ ᠨᠢ ︵灰采尼︶ ᠵᠡᠷᠭᠡ ᠪᠤᠢ᠃ ᠤᠳᠤ | ᠰᠢᠷ᠎ᠠ ᠵᠢᠮᠢᠰ ᠲᠠᠢ ᠰᠢᠬᠤᠯᠤ ︵香蕉西葫︶ ᠶᠢ ᠡᠭᠢᠯᠡᠨ ᠲᠡᠯᠭᠡᠷᠡᠭᠦᠯᠵᠤ ᠪᠠᠶᠢᠨ᠎ᠠ᠃ | ︵3︶ ᠰᠢᠬᠤᠯᠤ ᠭᠤᠸ᠎ᠠ ᠶᠢᠨ ᠴᠢᠭᠢ ᠪᠤᠶᠢᠵᠢᠭᠤᠯᠬᠤ ᠳᠤ ᠶᠠᠮᠠᠷ ᠵᠠᠩᠭᠢᠯᠠᠭ᠎ᠠ ᠶᠢᠨ ᠮᠡᠷᠭᠡᠵᠢᠯ ᠪᠠᠶᠢᠬᠤ ᠪᠤᠢ | ︖ | ᠢᠳᠡᠷᠡᠭᠦᠨ ᠴᠢᠭᠢ ᠶᠢᠨ ᠭᠦᠢᠴᠡᠳᠭᠡᠯ ᠲᠤᠭ᠎ᠠ ᠨᠢ ᠭᠡᠪᠡᠯ᠄ ᠰᠠᠭᠤᠷᠢ ᠶᠢᠨ ᠦᠨᠳᠤᠷ ᠨᠢ 13~15cm᠂ | ᠡᠰᠢᠨ ᠤ ᠪᠦᠳᠦᠭᠦᠨ ᠨᠢ 0.4~0.5cm᠂ 3~4 ᠵᠢᠩᠭᠢᠨᠢ ᠨᠠᠪᠴᠢ ᠲᠠᠢ᠂ ᠦᠶ᠎ᠠ ᠨᠢ ᠤᠬᠤᠷ᠂ ᠰᠠᠭᠤᠷᠢ ᠨᠢ | ᠠᠪᠴᠠᠯᠳᠤᠩᠭᠤᠢ᠂ ᠦᠨᠳᠤᠰᠤᠨ ᠰᠢᠰᠲ᠋ᠧᠮ ᠨᠢ ᠪᠦᠷᠢᠨ᠂ ᠭᠡᠮ ᠬᠤᠷᠤᠬᠠᠢ ᠶᠢᠨ ᠭᠦᠨᠦᠭᠡᠯ ᠦᠭᠡᠢ ᠪᠠᠶᠢᠬᠤ ᠭᠡᠷᠡᠭᠳᠡᠢ᠃ | ᠰᠢᠬᠤᠯᠤ ᠭᠤᠸ᠎ᠠ ᠶᠢᠨ ᠢᠳᠡᠷᠡᠭᠦᠨ ᠴᠢᠭᠢ ᠶᠢᠨ ᠭᠦᠢᠴᠡᠳᠭᠡᠯ ᠲᠤᠭ᠎ᠠ ᠳᠤ ᠭᠦᠷᠦᠭᠦᠯᠭᠦ ᠶᠢᠨ ᠲᠤᠰᠠᠳᠠ ᠰᠢᠷᠤᠢ ᠶᠢᠨ | ᠤᠪᠤᠭ᠎ᠠ ᠨᠢ ᠲᠤᠮᠤ᠂ ᠴᠢᠭᠢᠯᠡᠭᠦ ᠨᠢ ᠲᠦᠷᠭᠡᠨ᠂ ᠲᠤᠯᠠᠭᠠᠨ ᠤ ᠭᠡᠮᠵᠢᠶ᠎ᠠ ᠨᠢ ᠲᠤᠤᠷ᠎ᠠ᠂ ᠲᠤᠬᠠᠶᠢᠯᠠᠪᠠᠯ ᠴᠢᠭᠢᠯᠡᠭᠦ | ᠦᠶ᠎ᠠ ᠶᠢᠨ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 18℃~22℃᠂ ᠰᠦᠨᠢ ᠳᠡᠭᠡᠨ 6℃~8℃ ᠪᠠᠶᠢᠯᠭᠠᠬᠤ | ᠭᠡᠷᠡᠭᠳᠡᠢ᠃ | ᠦᠷ᠎ᠠ ᠶᠢ ᠰᠢᠢᠳᠪᠤᠷᠢᠯᠡᠭᠦ ᠲᠠᠯ᠎ᠠ ᠪᠠᠷ ᠰᠢᠬᠤᠯᠤ ᠭᠤᠸ᠎ᠠ ᠶᠢᠨ ᠦᠷ᠎ᠡ ᠶᠢᠨ ᠮᠢᠩᠭᠠᠨ ᠮᠦᠭᠦᠯᠢᠭ ᠤᠨ | ᠭᠦᠨᠳᠤ ᠶᠢ 150~200g ᠪᠠᠶᠢᠯᠭᠠᠨ᠂ ᠮᠤ᠋ ᠪᠦᠷᠢ ᠶᠢᠨ ᠲᠤᠭ᠎ᠠ ᠶᠢ 2100~2200 ᠰᠠᠭᠤᠷᠢ ᠪᠠᠶᠢᠯᠭᠠᠵᠤ᠂ | ᠮᠤ᠋ ᠪᠦᠷᠢ 500g ᠦᠷ᠎ᠡ ᠭᠡᠷᠡᠭᠯᠡᠨ᠎ᠠ᠃ ᠦᠷ᠎ᠡ ᠪᠠᠨ 60℃~62℃ ᠤᠨ ᠤᠰᠤᠨ ᠳᠤ 10 ᠮᠢᠨᠦ᠋ᠲ | ᠲᠡᠪᠳᠦᠭᠡᠨ ᠠᠷᠢᠭᠤᠳᠬᠠᠵᠤ᠂ ᠲᠠᠭᠢᠨ 8~12 ᠴᠠᠭ ᠲᠡᠪᠳᠦᠭᠡᠵᠤ᠂ ᠤᠰᠤ ᠶᠢ ᠨᠢ ᠱᠦᠭᠦᠷᠡᠭᠦᠯᠦᠨ ᠬᠠᠳᠠᠭᠠᠭᠠᠳ᠂ | ᠨᠦᠢᠳᠡᠨ ᠱᠠ ᠪᠦᠰ ᠲᠤ ᠰᠠᠶᠢᠳᠤᠷ ᠪᠤᠭᠤᠵᠤ᠂ 20℃~25℃ ᠲᠤ 48 ᠴᠠᠭ ᠲᠠᠯᠪᠢᠵᠤ ᠰᠤᠶᠤᠭᠠᠯᠠᠭᠤᠯᠤᠨ᠎ᠠ᠃ | | ᠲᠠᠷᠢᠬᠤ ᠲᠠᠯ᠎ᠠ ᠪᠠᠷ ᠶᠠᠷᠦᠩᠭᠡᠢ ᠳᠡᠭᠡᠨ 12~15cm=2 ᠤᠨ ᠰᠦᠯᠢᠶᠤᠤ ᠴᠤᠮᠤ᠂ ᠰᠦᠯᠢᠶᠤᠤ | ᠲᠦᠡᠭᠰᠡ ᠪᠤᠶᠤ ᠲᠦᠷᠪᠡᠯᠵᠢᠨ ᠴᠠᠭᠠᠰᠤᠨ ᠬᠠᠶᠢᠷᠴᠠᠭ ᠲᠤ ᠲᠠᠷᠢᠨ᠎ᠠ᠃ ᠴᠢᠨᠠᠷᠯᠢᠭ ᠬᠠᠰᠢᠶᠠᠨ ᠰᠢᠷᠤᠢ ᠶᠢ ᠤᠷᠭᠠᠨᠢᠭ | ᠪᠤᠷᠳᠤᠭᠤᠷ ᠲᠠᠢ 6᠄ 4 ᠶᠢᠨ ᠬᠠᠷᠢᠴᠠᠯ ᠢᠶᠠᠷ ᠰᠢᠮ᠎ᠠ ᠲᠡᠵᠢᠭᠡᠯᠳᠤ ᠰᠢᠷᠤᠢ ᠪᠤᠯᠭᠠᠨ ᠨᠠᠶᠢᠷᠠᠭᠤᠯᠵᠤ᠂ ᠴᠢᠭᠢ | ᠪᠤᠶᠢᠵᠢᠭᠤᠯᠬᠤ ᠲᠠᠪᠠᠭ ᠪᠦᠷᠢ ᠨᠢᠭᠡ ᠴᠢᠭᠢ ᠦᠷ᠎ᠡ ᠰᠠᠭᠤᠯᠭᠠᠵᠤ᠂ 15cm ᠰᠢᠷᠤᠢ ᠪᠠᠷ ᠬᠤᠴᠢᠨ᠎ᠠ᠃ | ᠲᠠᠷᠢᠠᠠᠰᠠᠨ ᠤ ᠲᠠᠷᠠᠭ᠎ᠠ ᠠᠷᠠᠴᠢᠯᠠᠬᠤ ᠲᠠᠯ᠎ᠠ ᠪᠠᠷ ᠴᠢᠭᠢᠯᠡᠯᠳᠡ ᠶᠢ ᠨᠢ ᠠᠭᠢᠭᠤᠯᠬᠤ ᠶᠢᠨ ᠲᠤᠰᠠᠳᠠ | ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 28℃~30℃᠂ ᠰᠦᠨᠢ ᠳᠡᠭᠡᠨ 18℃~20℃ ᠪᠠᠶᠢᠯᠭᠠᠪᠠᠯ᠂ | 3~5 ᠡᠳᠤᠷ ᠤᠨ ᠲᠤᠳᠤᠷ᠎ᠡ ᠴᠢᠭᠢᠯᠡᠭᠦ ᠪᠤᠯᠤᠨ᠎ᠠ᠃ ᠴᠢᠭᠢᠯᠡᠭᠰᠡᠨ ᠤ ᠰᠡᠭᠦᠯᠡᠷ ᠲᠡᠨᠡᠭ ᠤᠷᠭᠤᠬᠤ ᠶᠢ ᠰᠡᠷᠭᠡᠶᠢᠯᠡᠵᠤ᠂ | ᠴᠢᠭᠢᠨ ᠤ ᠢᠳᠡᠷᠡᠭᠦᠨ ᠤᠷᠭᠤᠬᠤ ᠶᠢ ᠨᠢ ᠪᠠᠳᠤᠯᠬᠠᠤ ᠶᠢᠨ ᠲᠤᠰᠠᠳᠠ᠂ 50%~60% ᠶᠢᠨ ᠨᠢᠯᠬ᠎ᠠ ᠴᠢᠭᠢ ᠨᠢ | ᠨᠠᠪᠴᠢᠯᠡᠬᠤ ᠦᠶ᠎ᠠ ᠳᠤ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠡᠳᠤᠷ ᠲᠡᠭᠡᠨ20℃~25℃᠂ | ᠰᠦᠨᠢ ᠳᠡᠭᠡᠨ 8℃~12℃ ᠪᠠᠶᠢᠯᠭᠠᠵᠤ᠂ ᠭᠤᠤᠯ ᠨᠢ ᠲᠤᠤᠷ᠎ᠡ ᠭᠦᠪᠤᠷᠡᠯ ᠤᠨ ᠲᠡᠩᠭᠡᠯᠢᠭ ᠨᠢ ᠤᠷᠳᠤ | ᠤᠷᠭᠤᠬᠤ ᠶᠢ ᠨᠢ ᠭᠢᠵᠠᠭᠠᠷᠯᠠᠨ᠎ᠠ᠃ | ᠨᠢᠭᠡᠳᠦᠭᠡᠷ ᠭᠡᠯᠳᠡᠰ ᠵᠢᠩᠭᠢᠨᠢ ᠨᠠᠪᠴᠢ ᠨᠢ ᠲᠡᠯᠭᠡᠷᠡᠭᠰᠡᠨ ᠤ ᠲᠠᠷᠠᠭ᠎ᠠ ᠴᠡᠴᠡᠭ ᠤᠨ ᠨᠠᠭᠢᠶ᠎ᠠ ᠨᠢ ᠡᠭᠢᠯᠡᠨ | ᠰᠠᠯᠠᠭᠠᠯᠡᠨᠡ᠃ ᠰᠤᠳᠤᠯᠤᠯ ᠢ ᠦᠨᠳᠦᠰᠦᠯᠡᠪᠡᠯ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 20℃᠂ ᠰᠦᠨᠢ ᠳᠡᠭᠡᠨ | 10℃ ᠪᠠᠶᠢᠯᠭᠠᠵᠤ᠂ ᠡᠳᠤᠷ ᠪᠦᠷᠢ 8~12 ᠴᠠᠭ ᠭᠡᠷᠡᠯ ᠲᠤᠰᠬᠠᠪᠠᠯ᠂ ᠡᠮ᠎ᠡ ᠴᠡᠴᠡᠭ ᠪᠤᠢ ᠪᠤᠯᠬᠤ ᠳᠤ | ᠲᠤᠭᠢᠷᠠᠮᠵᠢᠳᠡᠢ ᠪᠠᠶᠢᠵᠤ᠂ ᠡᠮ᠎ᠠ ᠴᠡᠴᠡᠭ ᠤᠯᠠᠨ ᠪᠤᠯᠵᠤ ᠴᠡᠴᠡᠭ ᠤᠨ ᠲᠤᠭᠤᠷᠴᠤᠭ ᠨᠢ ᠴᠤ ᠨᠡᠯᠢᠶᠡᠳ ᠲᠤᠮᠤ ᠪᠤᠯᠳᠠᠭ | ᠪᠠᠶᠢᠨ᠎ᠠ᠃ ᠡᠶᠢᠮᠤ ᠠᠴᠠ ᠰᠢᠬᠤᠯᠤ ᠭᠤᠸ᠎ᠠ ᠶᠢᠨ ᠨᠢᠯᠬ᠎ᠠ ᠴᠢᠭᠢ ᠨᠢ ᠨᠠᠭᠢᠶᠠᠯᠠᠨ ᠰᠠᠯᠬᠤ ᠦᠶᠡᠰ᠂ ᠲᠤᠯᠠᠭᠠᠨ ᠤ | ᠭᠡᠮᠵᠢᠶ᠎ᠠ ᠶᠢ ᠨᠡᠯᠢᠶᠡᠳ ᠲᠤᠤᠷ᠎ᠡ᠂ ᠭᠡᠷᠡᠯ ᠤᠨ ᠲᠤᠰᠤᠯᠳᠠ ᠶᠢ ᠨᠡᠯᠢᠶᠡᠳ ᠤᠬᠤᠷ ᠪᠠᠶᠢᠯᠭᠠᠵᠤ᠂ ᠡᠮ᠎ᠡ ᠴᠡᠴᠡᠭ ᠤᠨ ᠪᠤᠢ | ᠪᠤᠯᠬᠤ ᠶᠢ ᠠᠭᠢᠭᠤᠯᠬᠤ ᠨᠢ ᠲᠤᠩ ᠴᠢᠬᠤᠯᠠ ᠲᠠᠢ ᠶᠤᠮ᠃ | ᠴᠢᠭᠢ ᠪᠤᠶᠢᠵᠢᠭᠤᠯᠬᠤ ᠰᠡᠭᠦᠯᠴᠢ ᠶᠢᠨ ᠬᠤᠭᠤᠴᠠᠭᠠᠨ ᠳᠤ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ | 18℃~22℃᠂ ᠰᠦᠨᠢ ᠳᠡᠭᠡᠨ 6℃~8℃ ᠪᠠᠶᠢᠯᠭᠠᠬᠤ ᠭᠡᠷᠡᠭᠳᠡᠢ᠃ ᠤᠰᠤ ᠶᠢ ᠠᠷᠪᠢᠯᠠᠬᠤ ᠵᠠᠷᠴᠢᠮ ᠢ | ᠪᠠᠷᠢᠮᠳᠠᠯᠠᠵᠤ᠂ ᠰᠢᠷᠤᠢ ᠶᠢᠨ ᠪᠦᠭᠡᠮ ᠨᠢ ᠬᠠᠳᠠᠵᠤ᠂ ᠨᠠᠪᠴᠢᠨ ᠭᠡᠯᠳᠡᠰ ᠨᠢ ᠦᠳᠡ ᠪᠤᠶᠤ ᠦᠳᠡ ᠶᠢᠨ ᠬᠤᠶᠢᠨ᠎ᠠ | ᠬᠤᠮᠢᠬᠤ ᠦᠶᠡᠰ ᠰᠦᠯᠢᠶᠤᠤ ᠴᠤᠮᠦ ᠪᠠᠷ ᠤᠰᠤᠯᠠᠵᠤ᠂ ᠶᠠᠷᠦᠩᠭᠡᠢ ᠳᠡᠭᠡᠨ ᠴᠢᠭᠢ ᠪᠤᠶᠢᠵᠢᠭᠤᠯᠬᠤ ᠶᠠᠪᠤᠴᠠ ᠳᠤ | 2~3 ᠤᠳᠠᠭ᠎ᠠ ᠤᠰᠤᠯᠠᠬᠤ ᠭᠡᠷᠡᠭᠳᠡᠢ᠃ | ︵4︶ ᠰᠢᠬᠤᠯᠤ ᠭᠤᠸ᠎ᠠ ᠶᠢ ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠶᠠᠭᠠᠭᠢᠵᠤ ᠠᠷᠠᠴᠢᠯᠠᠬᠤ ᠪᠤᠢ︖ | ᠦᠷᠭᠡᠰᠤᠳᠤ ᠭᠡᠮᠭᠡ ᠠᠴᠠ 20 ᠡᠳᠤᠷ ᠤᠷᠢᠳᠴᠢᠯᠡᠨ ᠰᠠᠭᠤᠷᠢᠰᠢᠭᠤᠯᠤᠨ ᠲᠠᠷᠢᠵᠤ᠂ ᠶᠠᠷᠦᠩᠭᠡᠢ ᠳᠡᠭᠡᠨ | ᠨᠢᠭᠡᠳᠦᠭᠡᠷ ᠰᠠᠷ᠎ᠠ ᠶᠢᠨ ᠡᠭᠢ ᠪᠠᠷ ᠲᠠᠷᠤᠢ ᠰᠠᠭᠤᠷᠢᠰᠢᠭᠤᠯᠤᠨ ᠲᠠᠷᠢᠵᠤ᠂ 5 ᠳ᠋ᠤᠭᠠᠷ ᠰᠠᠷ᠎ᠠ ᠶᠢᠨ ᠡᠴᠤᠰ ᠢᠶᠠᠷ ᠵᠠᠯ᠎ᠠ | ᠲᠠᠳᠠᠵᠤ᠂ ᠲᠠᠷᠠᠭ᠎ᠠ ᠶᠢᠨ ᠲᠠᠷᠢᠬᠤ ᠭᠤᠤᠷᠰᠤᠨ ᠳᠤ ᠠᠮᠳᠠᠳᠤ ᠯᠠᠵᠤᠤ᠂ ᠲᠦᠪᠡᠳ ᠬᠠᠰᠢ᠂ ᠴᠤᠭᠤᠷ ᠨᠤᠭᠤᠭ᠎ᠠ | ᠵᠡᠷᠭᠡ ᠶᠢ ᠲᠠᠷᠢᠵᠤ ᠪᠤᠯᠤᠨ᠎ᠠ᠃ ᠨᠠᠮᠤᠷ ᠤᠨ ᠭᠤᠤᠷᠰᠤᠨ ᠤ ᠰᠢᠬᠤᠯᠤ ᠭᠤᠸ᠎ᠠ ᠶᠢ 8 ᠳ᠋ᠤᠭᠠᠷ ᠰᠠᠷ᠎ᠠ ᠶᠢᠨ ᠲᠤᠮᠳᠡᠴᠢ | ᠪᠠᠷ ᠰᠢᠭᠤᠳ ᠲᠠᠷᠢᠬᠤ ᠪᠤᠶᠤ ᠴᠢᠭᠢ ᠪᠤᠶᠢᠵᠢᠭᠤᠯᠵᠤ᠂ 12 ᠳ᠋ᠤᠭᠠᠷ ᠰᠠᠷ᠎ᠠ ᠶᠢᠨ ᠡᠴᠤᠰ ᠭᠦᠷᠳᠡᠯ᠎ᠠ ᠦᠷᠭᠦᠯᠵᠢᠯᠡᠨ | ᠲᠡᠭᠦᠨ ᠬᠤᠷᠢᠶᠠᠭᠠᠳ ᠵᠡᠯ᠎ᠠ ᠪᠠᠨ ᠲᠠᠳᠠᠵᠤ ᠪᠤᠯᠤᠨ᠎ᠠ᠃ | ᠮᠤ᠋ ᠪᠦᠷᠢ ᠤᠷᠭᠠᠨᠢᠭ ᠪᠤᠷᠳᠤᠭᠤᠷ 4000kg ᠤᠷᠴᠢᠮ ᠤᠷᠤᠭᠤᠯᠵᠤ᠂ ᠭᠠᠵᠠᠷ ᠢᠶᠠᠨ ᠬᠤᠶᠠᠷ ᠤᠳᠠᠭ᠎ᠠ | 25~30cm ᠭᠦᠨ ᠤᠷᠪᠠᠭᠤᠯᠵᠤ᠂ 1~1.1m ᠦᠷᠭᠡᠨ ᠲᠠᠳᠠᠭᠠᠯ ᠲᠤᠳᠤᠷ᠎ᠡ 60cm ᠦᠷᠭᠡᠨ᠂ | 20~30cm ᠦᠨᠳᠤᠷ ᠲᠡᠯᠡᠩ ᠪᠤᠰᠬᠠᠭᠠᠳ᠂ ᠪᠦᠷᠭᠦᠭᠦᠯ ᠢᠶᠠᠷ ᠢᠶᠠᠨ ᠪᠦᠳᠡᠭᠡᠨᠠ᠃ ᠪᠤᠷᠳᠤᠭᠤᠷ ᠤᠷᠤᠭᠤᠯᠬᠤ | ᠠᠷᠭ᠎ᠠ ᠶᠢᠨ ᠲᠠᠯ᠎ᠠ ᠪᠠᠷ ᠭᠤᠷᠪᠡᠨ ᠤ ᠬᠤᠶᠠᠷ ᠬᠤᠪᠢ ᠶᠢ ᠨᠢ ᠰᠠᠭᠤᠷᠢ ᠪᠤᠷᠳᠤᠭᠤᠷ ᠪᠤᠯᠭᠠᠨ ᠨᠡᠶᠢᠳᠡᠮ ᠰᠠᠴᠤᠨ | ᠤᠷᠤᠭᠤᠯᠵᠤ᠂ ᠭᠤᠷᠪᠡᠨ ᠤ ᠨᠢᠭᠡ ᠶᠢᠨ ᠤᠷᠭᠠᠨᠢᠭ ᠪᠤᠷᠳᠤᠭᠤᠷ ᠢ ᠲᠠᠯᠠᠩ ᠳᠤᠨᠢ ᠲᠦᠪᠯᠡᠷᠡᠭᠦᠯᠦᠨ ᠤᠷᠤᠭᠤᠯᠵᠤ | ᠪᠤᠯᠤᠨ᠎ᠠ᠃ ᠰᠠᠭᠤᠷᠢᠰᠢᠭᠤᠯᠤᠨ ᠲᠠᠷᠢᠬᠤ ᠦᠶᠡᠰ ᠴᠤᠨᠤᠭ ᠪᠦᠷᠢ 10g ᠤᠷᠴᠢᠮ ᠹᠤᠰᠹᠤᠷ ᠭᠦᠴᠢᠯ ᠤᠨ ᠬᠤᠶᠠᠷᠴᠢ | ᠠᠮᠮᠤᠨᠢ ᠤᠷᠤᠭᠤᠯᠵᠤ ᠪᠤᠯᠤᠨ᠎ᠠ᠃ | ᠰᠠᠭᠤᠷᠢᠰᠢᠭᠤᠯᠤᠨ ᠲᠠᠷᠢᠬᠤ ᠳᠤ ᠮᠦᠷ ᠤᠨ ᠵᠠᠢ ᠶᠢ 0.6~0.8m᠂ ᠰᠠᠭᠤᠷᠢ ᠶᠢᠨ ᠵᠠᠢ ᠶᠢ 50cm | ᠪᠠᠶᠢᠯᠭᠠᠵᠤ᠂ ᠮᠤ᠋ ᠪᠦᠷᠢ 2000 ᠰᠠᠭᠤᠷᠢ ᠰᠠᠭᠤᠯᠭᠠᠨ᠎ᠠ᠃ ᠬᠠᠪᠤᠷ ᠡᠷᠳᠡ ᠰᠠᠭᠤᠷᠢᠰᠢᠭᠤᠯᠤᠨ ᠲᠠᠷᠢᠬᠤ ᠳᠤ | ᠲᠤᠩᠭᠠᠯᠠᠭ ᠡᠳᠤᠷ ᠢ ᠰᠤᠩᠭᠤᠨ᠂ ᠴᠤᠨᠤᠭ ᠭᠠᠷᠭᠠᠨ ᠤᠰᠤᠯᠠᠭᠠᠳ᠂ ᠨᠦᠢᠳᠡᠨ ᠰᠢᠷᠤᠢ ᠪᠠᠷ ᠨᠢᠠᠠᠳᠠ ᠲᠠᠷᠤᠨ᠎ᠠ᠃ | 3~4 ᠡᠳᠤᠷ ᠤᠨ ᠲᠠᠷᠠᠭ᠎ᠠ ᠨᠢᠭᠡ ᠤᠳᠠᠭ᠎ᠠ ᠪᠠᠭ᠎ᠠ ᠤᠰᠤᠯᠠᠨ᠎ᠠ᠃ ᠴᠢᠭᠢᠯᠡᠯᠳᠡ ᠶᠢ ᠨᠢ ᠠᠭᠢᠭᠤᠯᠬᠤ ᠶᠢᠨ ᠲᠤᠰᠠᠳᠠ᠂ | ᠬᠠᠪᠤᠷ ᠡᠷᠳᠡ ᠰᠠᠭᠤᠷᠢᠰᠢᠭᠤᠯᠤᠨ ᠲᠠᠷᠢᠠᠠᠰᠠᠨ ᠤ ᠪᠠᠨ ᠲᠠᠷᠠᠭ᠎ᠠ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ | 23℃~25℃᠂ ᠬᠠᠮᠤᠭ ᠤᠨ ᠦᠨᠳᠤᠷ ᠲᠡᠭᠡᠨ 32℃᠂ ᠰᠦᠨᠢ ᠳᠡᠭᠡᠨ 12℃~13℃ ᠪᠠᠶᠢᠯᠭᠠᠨ᠎ᠠ᠃ | ᠴᠢᠭᠢᠯᠡᠭᠰᠡᠨ ᠤ ᠰᠡᠭᠦᠯᠡᠷ ᠡᠳᠤᠷ ᠲᠡᠭᠡᠨ 20℃~23℃᠂ ᠰᠦᠨᠢ ᠳᠡᠭᠡᠨ 16℃~18℃ ᠪᠠᠶᠢᠯᠭᠠᠨ᠎ᠠ᠃ | ᠠᠩᠬᠠᠳ᠋ᠬᠠᠴᠢ ᠡᠮ᠎ᠡ ᠴᠡᠴᠡᠭ ᠲᠡᠯᠭᠡᠷᠡᠭᠰᠡᠨ ᠤ ᠰᠡᠭᠦᠯᠡᠷ ᠦᠨᠳᠤᠰᠤᠨ ᠭᠤᠸ᠎ᠠ ᠨᠢ 8 ᠢᠮᠠᠬᠤ ᠲᠤᠮᠤᠷᠠᠬᠤ ᠦᠶ᠎ᠠ ᠳᠤ | ᠲᠤᠯᠠᠭᠠᠨ ᠤ ᠭᠡᠮᠵᠢᠶ᠎ᠠ ᠶᠢ ᠲᠤᠭᠢᠳᠡᠢ ᠲᠡᠭᠡᠭᠰᠢᠯᠡᠭᠦᠯᠵᠤ᠂ ᠡᠳᠤᠷ ᠲᠡᠭᠡᠨ 22℃~25℃᠂ ᠰᠦᠨᠢ ᠳᠡᠭᠡᠨ | 11℃~13℃ ᠪᠠᠶᠢᠯᠭᠠᠨ᠎ᠠ᠃ | ᠤᠰᠤ ᠪᠤᠷᠳᠤᠭᠤᠷ ᠤᠨ ᠬᠠᠮᠢᠶᠠᠷᠤᠯᠳᠠ ᠶᠢᠨ ᠲᠠᠯ᠎ᠠ ᠪᠠᠷ ᠴᠡᠴᠡᠭ ᠲᠡᠯᠭᠡᠷᠡᠨ ᠵᠢᠮᠢᠰᠯᠡᠭᠦ ᠠᠴᠠ ᠨᠢ ᠡᠮᠦᠨ᠎ᠠ ᠠᠷᠴᠢᠬᠤ | ᠪᠠ ᠤᠰᠤ ᠲᠤᠯᠠᠭᠠᠨ ᠢ ᠭᠢᠵᠠᠭᠠᠷᠯᠠᠬᠤ ᠪᠠᠷ ᠭᠤᠤᠯ ᠪᠤᠯᠭᠠᠨ᠂ ᠵᠡᠯ᠎ᠡ ᠨᠢ ᠢᠳᠡᠷᠡᠵᠢᠭᠦ ᠶᠢ ᠠᠭᠢᠭᠤᠯᠵᠤ᠂ ᠲᠡᠨᠡᠭ | ᠤᠷᠭᠤᠬᠤ ᠠᠴᠠ ᠰᠡᠷᠭᠡᠶᠢᠯᠡᠨ᠎ᠡ᠃ ᠦᠨᠳᠤᠰᠤᠨ ᠭᠤᠸ᠎ᠠ ᠨᠢ ᠲᠤᠮᠤᠷᠠᠬᠤ ᠦᠶᠡᠰ ᠡᠭᠢᠯᠡᠨ ᠤᠰᠤᠯᠠᠵᠤ᠂ | ᠤᠰᠤᠯᠠᠬᠤ ᠶᠢᠨ ᠲᠠᠭᠠᠤ 15~20kg ᠹᠤᠰᠹᠤᠷ ᠬᠤᠶᠠᠷᠴᠢ ᠠᠮᠮᠤᠨᠢ ᠪᠤᠶᠤ ᠰᠢᠭᠡᠰᠦᠯᠢᠭ ᠡᠳ᠋ ᠨᠦᠭᠦᠨ ᠤᠷᠤᠭᠤᠯᠵᠤ | ᠂ ᠤᠰᠤᠯᠠᠵᠤ ᠪᠤᠷᠳᠤᠭᠤᠷ ᠤᠷᠤᠭᠤᠯᠤᠠᠠᠰᠠᠨ ᠤ ᠪᠠᠨ ᠲᠠᠷᠠᠭ᠎ᠠ ᠰᠠᠯᠭᠢ ᠨᠡᠪᠳᠡᠷᠡᠭᠦᠯᠦᠨ ᠴᠢᠭᠢᠭ ᠢ ᠨᠢ ᠭᠠᠷᠭᠠᠬᠤ ᠶᠢ | ᠠᠩᠬᠠᠷᠬᠤ ᠭᠡᠷᠡᠭᠳᠡᠢ᠃ ᠦᠨᠳᠤᠰᠤᠨ ᠭᠤᠸ᠎ᠠ ᠶᠢ ᠲᠡᠭᠦᠵᠤ ᠬᠤᠷᠢᠶ᠋ᠬᠠᠰᠠᠨ ᠤ ᠰᠡᠭᠦᠯᠡᠷ ᠬᠤᠶᠠᠷᠳᠡᠭᠢ ᠭᠤᠸ᠎ᠠ | ᠲᠤᠮᠤᠷᠠᠬᠤ ᠭᠦᠷᠳᠡᠯ᠎ᠡ ᠵᠢᠮᠢᠰᠯᠡᠭᠦ ᠬᠤᠭᠤᠴᠠᠭᠠᠨ ᠤ ᠲᠠᠯ᠎ᠠ ᠪᠠᠷ ᠭᠦᠷᠤᠰᠤ ᠰᠢᠷᠤᠢ ᠶᠢᠨ ᠤᠰᠤᠨ ᠤ ᠭᠡᠮᠵᠢᠶ᠎ᠠ ᠨᠢ | ᠠᠬᠠᠳᠡᠵᠤ᠂ ᠠᠽᠤᠲ ᠪᠤᠷᠳᠤᠭᠤᠷ ᠤᠷᠤᠭᠤᠯᠤᠠᠠᠰᠠᠨ ᠭᠡᠮᠵᠢᠶ᠎ᠠ ᠨᠢ ᠭᠡᠳᠦᠷᠡᠭᠰᠡᠨ ᠠᠴᠠ ᠪᠤᠯᠵᠤ᠂ ᠰᠤᠯᠢᠭᠤ | ᠤᠷᠭᠤᠬᠤ ᠶᠢ ᠠᠩᠬᠠᠷᠬᠤ ᠶᠢᠨ ᠬᠠᠮᠳᠤ ᠪᠠᠰᠠ ᠪᠤᠷᠳᠤᠭᠤᠷ ᠪᠠᠭᠠᠳ᠋ᠬᠠᠰᠠᠨ ᠠᠴᠠ ᠪᠤᠯᠵᠤ ᠨᠠᠪᠴᠢ ᠨᠢ ᠰᠢᠷᠠᠯᠠᠨ ᠤᠨᠠᠬᠤ | ᠠᠴᠠ ᠰᠡᠷᠭᠡᠶᠢᠯᠡᠭᠦ ᠭᠡᠷᠡᠭᠳᠡᠢ᠃ | ᠴᠡᠴᠡᠭ ᠵᠢᠮᠢᠰ ᠢ ᠬᠠᠮᠠᠭᠠᠯᠠᠬᠤ ᠲᠠᠯ᠎ᠠ ᠪᠠᠷ ᠨᠠᠷᠠᠯᠠᠭ ᠭᠦᠯᠡᠮᠵᠢᠨ ᠳᠤ ᠰᠢᠬᠤᠯᠤ ᠭᠤᠸ᠎ᠠ ᠲᠠᠷᠢᠬᠤ ᠳᠤ ᠴᠢᠭᠢᠭ | ᠲᠤᠯᠠᠭᠠᠨ ᠤ ᠭᠡᠮᠵᠢᠶ᠎ᠠ ᠦᠨᠳᠤᠷ᠂ ᠭᠡᠷᠡᠯ ᠤᠨ ᠲᠤᠰᠤᠯᠳᠠ ᠪᠠᠭᠤᠷᠠᠢ ᠰᠠᠯᠭᠢ ᠨᠡᠪᠳᠡᠷᠡᠭᠦ ᠨᠢ ᠮᠠᠭᠤ ᠠᠴᠠ ᠪᠤᠯᠤᠭᠠᠳ | ᠰᠠᠭᠤᠷᠢ ᠶᠢᠨ ᠰᠢᠮ᠎ᠠ ᠲᠡᠵᠢᠭᠡᠯᠳᠤ ᠴᠤᠠᠠᠴᠠ ᠶᠢᠨ ᠤᠷᠭᠤᠯᠳᠠ ᠨᠢ ᠭᠡᠳᠦᠷᠭᠡᠢ ᠪᠠᠳᠠᠷᠠᠭᠤᠨ ᠪᠤᠯᠵᠤ᠂ ᠭᠤᠸ᠎ᠠ ᠨᠢ | ᠬᠠᠶᠢᠯᠬᠤ ᠨᠢ ᠭᠦᠨᠳᠤ ᠨᠤᠴᠢᠳᠡᠢ ᠪᠤᠯᠳᠠᠭ᠃ ᠡᠶᠢᠮᠤ ᠠᠴᠠ ᠴᠡᠴᠡᠭ ᠵᠢᠮᠢᠰ ᠢ ᠬᠠᠮᠠᠭᠠᠯᠠᠨ ᠨᠢᠯᠬ᠎ᠠ ᠵᠢᠮᠢᠰ ᠤᠨ | ᠤᠷᠭᠤᠯᠳᠠ ᠶᠢ ᠠᠭᠢᠭᠤᠯᠬᠤ ᠨᠢ ᠨᠢᠭᠡᠨ ᠴᠢᠬᠤᠯᠠ ᠮᠡᠷᠭᠡᠵᠢᠯ ᠪᠤᠯᠤᠨ᠎ᠠ᠃ | ᠵᠢᠮᠢᠰᠯᠡᠭᠦ ᠬᠤᠭᠤᠴᠠᠭᠠᠨ ᠳᠤ ᠡᠳᠤᠷ ᠪᠦᠷᠢ ᠦᠷᠯᠦᠭᠡ ᠡᠷᠳᠡ 6~8 ᠴᠠᠭ ᠲᠤ ᠭᠦᠮᠦᠨ ᠤ ᠭᠦᠴᠤ ᠪᠠᠷ | ᠲᠤᠭᠤᠰᠤᠳᠤᠭᠤᠯᠵᠤ᠂ ᠲᠤᠭᠤᠰᠤᠳᠤᠭᠤᠯᠤᠠᠠᠰᠨᠨ ᠤ ᠬᠤᠶᠠᠳᠤᠭᠠᠷ ᠡᠳᠤᠷ ᠲᠤ ᠨᠢᠯᠬ᠎ᠠ ᠭᠤᠸ᠎ᠠ ᠳᠠᠬᠢ ᠦᠳᠭᠡᠴᠡ ᠨᠢ | 20~30ppm ᠤᠨ 2.4 ᠶᠢᠨ b ᠡᠮ ᠤᠨ ᠨᠢᠯᠬ᠎ᠠ ᠵᠢᠮᠢᠰ ᠤᠨ ᠲᠡᠭᠡᠷᠡᠭᠢ ᠲᠠᠷᠬᠠᠯᠳᠠ ᠨᠢ ᠵᠢᠭᠳᠡ ᠪᠤᠯ | ᠲᠤᠭᠤᠷᠴᠤᠭ ᠪᠦᠷᠢ 1~2mg ᠭᠡᠷᠡᠭᠯᠡᠵᠤ᠂ ᠭᠡᠮᠵᠢᠶ᠎ᠠ ᠶᠢ ᠨᠢ ᠭᠡᠳᠦᠷᠭᠡᠢ ᠶᠡᠭᠡ ᠭᠡᠷᠡᠭᠯᠡᠭᠰᠡᠨ ᠪᠠ ᠡᠮ ᠤᠨ | ᠲᠠᠷᠬᠠᠯᠳᠠ ᠨᠢ ᠵᠢᠭᠳᠡ ᠦᠭᠡᠢ ᠠᠴᠠ ᠪᠤᠯᠵᠤ ᠵᠡᠷᠡᠮᠳᠡᠭ ᠵᠢᠮᠢᠰ ᠰᠠᠭᠤᠬᠤ ᠶᠢ ᠰᠡᠷᠭᠡᠶᠢᠯᠡᠭᠦ ᠭᠡᠷᠡᠭᠳᠡᠢ᠃ | ᠰᠢᠬᠤᠯᠤ ᠭᠤᠸ᠎ᠠ ᠳᠤ ᠲᠠᠩ ᠵᠠᠯ᠎ᠠ ᠪᠠᠷ ᠮᠦᠴᠢᠷ ᠢ ᠨᠢ ᠵᠠᠰᠠᠬᠤ ᠠᠷᠭ᠎ᠠ ᠶᠢ ᠠᠪᠴᠤ᠂ ᠬᠠᠵᠠᠭᠤ ᠶᠢᠨ | ᠰᠠᠯᠠᠭ᠎ᠠ ᠶᠢ ᠴᠠᠭ ᠲᠠᠷᠤᠢ ᠳᠤᠨᠢ ᠠᠪᠴᠤ ᠬᠠᠶᠠᠬᠤ ᠭᠡᠷᠡᠭᠳᠡᠢ᠃ ᠨᠡᠯᠢᠶᠡᠳ ᠪᠦᠭᠡ ᠰᠦᠯᠢᠶᠤᠤ ᠲᠡᠭᠡᠰᠤ ᠪᠠᠷ ᠵᠠᠯ᠎ᠠ ᠶᠢ | ᠨᠢ ᠲᠡᠭᠦᠵᠢᠯᠡᠪᠡᠯ᠂ ᠭᠡᠷᠡᠯ ᠭᠦᠢᠴᠡᠳ ᠲᠤᠰᠴᠤ᠂ ᠨᠠᠪᠴᠢ ᠨᠢ ᠬᠠᠷᠢᠯᠴᠠᠨ ᠰᠡᠭᠦᠳᠡᠷᠯᠡᠭᠦ ᠶᠢ ᠰᠡᠷᠭᠡᠶᠢᠯᠡᠵᠤ ᠪᠤᠯᠤᠨ᠎ᠠ᠃ | ᠵᠡᠯ᠎ᠡ ᠲᠡᠭᠦᠵᠢᠯᠡᠭᠦ ᠦᠶᠡᠰ ᠰᠠᠭᠤᠷᠢ ᠶᠢᠨ ᠤᠷᠭᠤᠯᠳᠠ ᠶᠢᠨ ᠴᠡᠭ᠂ ᠲᠦᠷᠦᠭᠦᠤ ᠶᠢᠨ ᠦᠨᠳᠤᠷ ᠪᠤᠭᠤᠨᠢ ᠶᠢ | ᠲᠡᠩᠴᠡᠭᠦᠯᠵᠤ᠂ ᠲᠠᠳᠠᠭᠠᠯ ᠪᠦᠷᠢ ᠶᠢ ᠡᠮᠦᠨᠡᠭᠢ ᠨᠢ ᠲᠤᠤᠷ᠎ᠡ ᠬᠤᠶᠢᠨᠠᠭᠢ ᠨᠢ ᠦᠨᠳᠤᠷ ᠪᠠᠶᠢᠯᠭᠠᠵᠤ᠂ ᠪᠦᠷᠢᠮᠦᠰᠤᠨ | ᠭᠡᠷᠡᠯ ᠭᠦᠷᠳᠡᠭᠡᠭᠦ ᠭᠡᠷᠡᠭᠳᠡᠢ᠃ | ᠵᠢᠮᠢᠰᠯᠡᠭᠦ ᠶᠢᠨ ᠲᠤᠮᠳᠡᠴᠢ ᠰᠡᠭᠦᠯᠴᠢ ᠶᠢᠨ ᠬᠤᠭᠤᠴᠠᠭᠠᠨ ᠳᠤ ᠰᠠᠭᠤᠷᠢ ᠶᠢᠨ ᠤᠷᠭᠤᠯᠳᠠ ᠶᠢᠨ ᠢᠳᠡ ᠨᠢ | ᠪᠠᠭᠤᠷᠠᠬᠤ ᠪᠤᠯᠬᠤᠷ ᠰᠠᠭᠤᠷᠢ ᠶᠢᠨ ᠲᠡᠭᠡᠳᠤ ᠭᠡᠰᠡᠭ ᠲᠤ 1~2 ᠬᠠᠵᠠᠭᠤ ᠶᠢᠨ ᠰᠠᠯᠠᠭ᠎ᠠ ᠦᠯᠡᠳᠡᠭᠡᠨ ᠭᠤᠤᠯ | ᠵᠠᠯ᠎ᠠ ᠶᠢᠨ ᠭᠤᠸ᠎ᠠ ᠰᠠᠭᠤᠬᠤ ᠶᠢ ᠤᠷᠤᠯᠠᠭᠤᠯᠬᠤ ᠶᠢ ᠰᠠᠯᠠᠭ᠎ᠠ ᠵᠠᠰᠠᠯᠳᠠ ᠶᠢᠨ ᠰᠢᠨᠡᠴᠢᠯᠡᠯᠳᠡ ᠭᠡᠳᠡᠭ᠃ ᠤᠷᠭᠤᠮᠠᠯ ᠤᠨ | ᠰᠠᠭᠤᠷᠢᠨ ᠭᠡᠰᠡᠭ ᠲᠤ ᠨᠠᠪᠴᠢ ᠰᠢᠷᠠᠯᠠᠬᠤ ᠪᠠ ᠭᠡᠮ ᠲᠠᠢ ᠨᠠᠪᠴᠢ ᠢᠯᠡᠷᠡᠪᠡᠯ ᠴᠠᠭ ᠲᠠᠷᠤᠢ ᠳᠤᠨᠢ ᠠᠪᠴᠤ ᠬᠠᠶᠠᠵᠤ᠂ | ᠰᠠᠯᠭᠢ ᠨᠡᠪᠳᠡᠷᠡᠭᠦᠯᠦᠨ ᠭᠡᠷᠡᠯ ᠲᠤᠰᠬᠠᠬᠤ ᠭᠡᠷᠡᠭᠳᠡᠢ᠃ | ᠰᠢᠬᠤᠯᠤ ᠭᠤᠸ᠎ᠠ ᠨᠢ 4 ᠲᠦᠮᠡᠨ ᠯᠸᠦ᠋ᠾᠰ ︵勒志斯︶ ᠤᠨ ᠬᠤᠷᠴᠡ ᠭᠡᠷᠡᠯ᠂ | 22℃~23℃ ᠲᠤᠯᠠᠭᠠᠨ ᠤ ᠨᠦᠭᠦᠴᠡᠯ ᠲᠤᠤᠷ᠎ᠠ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠨᠦᠭᠦᠪᠤᠷᠢ | ᠴᠡᠭ ᠨᠢ 63ppm ᠪᠠᠶᠢᠳᠠᠭ᠂ ᠵᠢᠱᠢᠶᠡᠯᠡᠪᠡᠯ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠦᠳᠭᠡᠴᠡ ᠨᠢ | 800ppm ᠪᠤᠯᠬᠤ ᠦᠶᠡᠰ ᠭᠡᠷᠡᠯ ᠤᠨ ᠨᠡᠶᠢᠯᠡᠯᠭᠡ ᠶᠢᠨ ᠬᠤᠷᠳᠤᠴᠠ ᠶᠢᠨ ᠨᠤᠷᠮ᠎ᠠ ᠨᠢ ᠨᠢᠭᠡ ᠲᠠᠭᠢᠨ ᠢᠶᠠᠷ | ᠨᠡᠮᠡᠭᠳᠡᠳᠡᠭ᠃ ᠡᠶᠢᠮᠤ ᠠᠴᠠ ᠵᠢᠮᠢᠰᠯᠡᠭᠦ ᠬᠤᠭᠤᠴᠠᠭᠠᠨ ᠳᠤᠨᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠶᠢᠳᠤ | ᠪᠤᠷᠳᠤᠭᠤᠷ ᠤᠷᠤᠭᠤᠯᠪᠠᠯ ᠬᠤᠷᠢᠶᠠᠯᠳᠠ ᠶᠢ ᠮᠡᠳᠡᠭᠳᠡᠮ᠎ᠡ ᠨᠡᠮᠡᠭᠳᠡᠭᠦᠯᠵᠤ ᠪᠤᠯᠤᠨ᠎ᠠ᠃ | ᠲᠡᠭᠦᠵᠤ ᠬᠤᠷᠢᠶᠠᠬᠤ ᠲᠠᠯ᠎ᠠ ᠪᠠᠷ ᠵᠢᠮᠢᠰ ᠨᠢ 0.5~1kg ᠭᠦᠨᠳᠤ ᠪᠤᠯᠬᠤ ᠦᠶ᠎ᠠ ᠳᠤ ᠲᠠᠷᠦ᠋ᠢᠬᠠᠨ ᠲᠡᠭᠦᠵᠤ | ᠬᠤᠷᠢᠶᠠᠨ᠎ᠠ᠂ ᠭᠡᠷᠪᠡ ᠭᠡᠳᠦᠷᠭᠡᠢ ᠤᠷᠤᠢ ᠲᠡᠭᠦᠵᠤ ᠬᠤᠷᠢᠶᠠᠪᠠᠯ ᠤᠨᠠᠯᠳᠠ ᠨᠢ ᠪᠠᠭᠤᠷᠠᠬᠤ ᠮᠦᠷᠳᠡᠭᠡᠨ ᠪᠠᠰᠠ ᠴᠢᠨᠠᠷ ᠨᠢ | ᠮᠠᠭᠤᠳᠠᠳᠠᠭ ᠪᠠᠶᠢᠨ᠎ᠠ᠃ | 6. ᠦᠵᠦᠮ ᠲᠠᠷᠢᠬᠤ ᠮᠡᠷᠭᠡᠵᠢᠯ | ︵1︶ ᠦᠵᠦᠮ ᠤᠨ ᠰᠤᠷᠲ ᠢ ᠭᠡᠷᠭᠢᠨ ᠰᠤᠩᠭᠤᠬᠤ ᠪᠤᠢ︖ | ᠬᠠᠮᠠᠭᠠᠯᠠᠯᠳᠠ ᠶᠢᠨ ᠭᠠᠵᠠᠷ ᠲᠤ ᠦᠵᠦᠮ ᠲᠠᠷᠢᠬᠤ ᠳᠤ ᠵᠢᠮᠢᠰ ᠢ ᠡᠷᠳᠡ ᠪᠤᠯᠪᠠᠰᠤᠷᠠᠭᠤᠯᠵᠤ ᠵᠠᠬ᠎ᠠ ᠲᠡᠯᠭᠡᠭᠦᠷ | ᠲᠤ ᠭᠠᠷᠭᠠᠬᠤ ᠶᠢᠨ ᠲᠤᠰᠠᠳᠠ᠂ ᠶᠠᠷᠦᠩᠭᠡᠢ ᠳᠡᠭᠡᠨ ᠭᠦᠢᠳᠡᠨ ᠤ ᠭᠡᠮᠵᠢᠶ᠎ᠠ ᠪᠠᠭ᠎ᠠ᠂ ᠢᠴᠡᠭᠡᠯᠡᠭᠦ ᠬᠤᠭᠤᠴᠠᠭ᠎ᠠ ᠨᠢ | ᠤᠬᠤᠷ ᠪᠦᠭᠦᠢ ᠲᠦᠢᠯ ᠤᠨ ᠡᠷᠳᠡ ᠪᠤᠯᠪᠠᠰᠤᠷᠠᠯᠳᠠ᠂ ᠡᠷᠳᠡ ᠪᠤᠯᠪᠠᠰᠤᠷᠠᠯᠳᠠ ᠶᠢᠨ ᠪᠠ ᠲᠤᠮᠳᠠ ᠪᠤᠯᠪᠠᠰᠤᠷᠠᠯᠳᠠ ᠶᠢᠨ | ᠰᠤᠷᠲ ᠢ ᠰᠤᠩᠭᠤᠬᠤ ᠴᠢᠬᠤᠯᠠ ᠲᠠᠢ᠃ ᠰᠢᠭᠦᠰᠤᠳᠤ ᠵᠢᠮᠢᠰ ᠤᠨ ᠪᠤᠶᠢᠵᠢᠯᠳᠡ ᠶᠢᠨ ᠬᠤᠭᠤᠴᠠᠭ᠎ᠠ ᠨᠢ 60~90 | ᠬᠤᠨᠤᠭ ᠪᠠᠶᠢᠬᠤ ᠶᠢᠨ ᠬᠠᠮᠳᠤ ᠮᠦᠭᠦᠯᠢᠭ ᠨᠢ ᠲᠤᠮᠤ᠂ ᠴᠢᠨᠠᠷ ᠰᠠᠶᠢᠳᠠᠢ᠂ ᠲᠦᠷᠦᠭᠦᠤ ᠨᠢ ᠨᠢᠠᠠᠳᠠ᠂ ᠦᠡᠭᠭᠡ ᠨᠢ | ᠭᠤᠶᠤ᠂ ᠵᠢᠮᠢᠰ ᠨᠢ ᠵᠢᠭᠳᠡ᠂ ᠬᠤᠷᠢᠶᠠᠯᠳᠠ ᠨᠢ ᠦᠨᠳᠤᠷ᠂ ᠵᠦᠭᠡᠭᠡᠪᠤᠷᠢᠯᠡᠭᠦ ᠳᠤ ᠲᠠᠰᠪᠤᠷᠢᠳᠡᠢ ᠪᠠ ᠰᠦᠷᠭᠦ | ᠴᠢᠨᠠᠷ ᠢᠶᠠᠷ ᠴᠢᠩᠭ᠎ᠠ ᠵᠡᠷᠭᠡ ᠲᠠᠪᠠᠭᠤᠯᠢᠭ ᠲᠠᠯ᠎ᠠ ᠲᠠᠢ ᠪᠠᠶᠢᠬᠤ ᠭᠡᠷᠡᠭᠳᠡᠢ᠃ ᠡᠶᠢᠮᠤ ᠠᠴᠠ ᠰᠤᠩᠭᠤᠵᠤ ᠪᠤᠯᠬᠤ ᠰᠤᠷᠲ | ᠭᠡᠪᠡᠯ ᠴᠦᠮ᠎ᠠ ᠦᠭᠡᠢ ᠪᠠᠢ ᠵᠢᠢ ᠰᠢᠨ ︵白鸡心︶᠂ ᠯᠢ ᠵᠠ ᠮᠠ ᠨᠣᠣ ︵里扎玛瑙︶᠂ ᠯᠢ ᠵᠠ | ᠮᠠ ᠲᠧ ︵里扎马特︶᠂ ᠵᠢᠩ ᠽᠢ ᠵᠢᠩ ︵京紫晶︶᠂ ᠵᠢᠩ ᠶᠠ ︵京亚︶᠂ ᠵᠢᠩ | ᠶᠢᠤ ︵京优︶᠂ ᠽᠤᠤ ᠱᠧᠩ ᠭᠤᠤ ᠮᠦᠸᠧ ︵早生高墨︶᠂ ᠭᠠᠷᠤᠳᠢ ︵凤凰︶ 51 | ᠨᠤᠮᠧᠷᠳᠤ᠂ ᠵᠠ ᠨᠠ ︵乍娜︶᠂ ᠸᠠᠨ ᠬᠤᠩ ︵晚红︶ ᠵᠡᠷᠭᠡ ᠰᠤᠷᠲ ᠪᠠᠶᠢᠨ᠎ᠠ᠃ | ︵2︶ ᠦᠵᠦᠮ ᠢ ᠶᠠᠮᠠᠷ ᠮᠡᠷᠭᠡᠵᠢᠯ ᠢᠶᠠᠷ ᠲᠠᠷᠢᠵᠤ ᠠᠷᠠᠴᠢᠯᠠᠬᠤ ᠪᠤᠢ︖ | ᠡᠭᠦᠨ ᠳᠤ ᠶᠠᠷᠦᠩᠭᠡᠢ ᠳᠡᠭᠡᠨ ᠡᠮᠦᠨ᠎ᠠ ᠤᠮᠠᠷ᠎ᠠ ᠶᠢᠨ ᠴᠢᠭᠯᠡᠯ ᠤᠨ ᠮᠦᠷ ᠪᠡ ᠬᠤᠤᠰ ᠮᠦᠷ ᠤᠨ ᠪᠦᠰᠡᠯᠢᠭ | ᠲᠠᠷᠢᠬᠤ ᠠᠷᠭ᠎ᠠ ᠶᠢ ᠭᠡᠷᠡᠭᠯᠡᠵᠤ᠂ ᠰᠠᠭᠤᠷᠢ ᠶᠢᠨ ᠵᠠᠢ ᠶᠢ 0.5m᠂ ᠨᠠᠷᠢᠨ ᠮᠦᠷ ᠤᠨ ᠵᠠᠢ ᠶᠢ 0.5m᠂ ᠲᠤᠮᠤ | ᠮᠦᠷ ᠤᠨ ᠵᠠᠢ ᠶᠢ 2m ᠪᠠᠶᠢᠯᠭᠠᠨ᠎ᠠ᠂ ᠬᠤᠤᠰ ᠮᠦᠷ ᠤᠨ ᠰᠢᠪᠡᠭᠡ ᠪᠤᠰᠬᠠᠵᠤ᠂ ᠤᠷᠳᠤ ᠤᠬᠤᠷ ᠢ ᠨᠢ ᠵᠠᠰᠠᠨ | ᠬᠠᠶᠢᠴᠢᠯᠡᠨᠡ᠃ | ᠬᠠᠮᠠᠭᠠᠯᠠᠯᠳᠠ ᠶᠢᠨ ᠭᠠᠵᠠᠷ ᠲᠠᠬᠢ ᠦᠵᠦᠮ ᠢ ᠲᠤᠯᠠᠭᠠᠯᠠᠨ ᠰᠤᠶᠤᠭᠠᠯᠠᠭᠤᠯᠬᠤ ᠬᠤᠭᠤᠴᠠᠭ᠎ᠠ ᠳᠤ ︵ᠶᠠᠷᠦᠩᠭᠡᠢ | ᠳᠡᠭᠡᠨ 2 ᠳ᠋ᠤᠭᠠᠷ ᠰᠠᠷ᠎ᠠ ᠶᠢᠨ ᠡᠭᠢ ᠪᠠᠷ ᠲᠤᠯᠠᠭᠠᠯᠠᠨ᠎ᠠ︶᠂ ᠠᠩᠬᠠᠳᠤᠭᠠᠷ ᠭᠠᠷᠠᠭ ᠲᠤ ᠲᠤᠤᠷ᠎ᠡ ᠲᠤᠯᠠᠭᠠᠨ ᠢᠶᠠᠷ | ᠠᠷᠠᠴᠢᠯᠠᠵᠤ᠂ ᠡᠳᠤᠷ ᠤᠨ ᠲᠤᠯᠠᠭᠠᠨ ᠢ 10℃ ᠠᠴᠠ ᠢᠳᠡᠭ ᠢᠳᠡᠭ ᠢᠶᠠᠷ ᠨᠡᠮᠡᠭᠳᠡᠭᠦᠯᠦᠨ 20℃ ᠲᠤ | ᠭᠦᠷᠦᠭᠦᠯᠦᠨ᠎ᠠ᠃ ᠰᠦᠨᠢ ᠶᠢᠨ ᠲᠤᠯᠠᠭᠠᠨ ᠢ 5℃ ᠠᠴᠠ ᠢᠳᠡᠭ ᠢᠳᠡᠭ ᠢᠶᠠᠷ 10℃ ᠲᠤ ᠭᠦᠷᠦᠭᠦᠯᠦᠨ᠎ᠠ᠃ ᠡᠭᠦᠨ | ᠠᠴᠠ ᠬᠤᠶᠢᠰᠢ ᠨᠡᠭᠢᠶᠠᠯᠠᠳᠠᠯᠠ ᠨᠢ ᠲᠤᠯᠠᠭᠠᠨ ᠤ ᠭᠡᠮᠵᠢᠶ᠎ᠠ ᠶᠢ ᠠᠭᠠᠵᠢᠮ ᠢᠶᠠᠷ ᠲᠡᠭᠡᠭᠰᠢᠯᠡᠭᠦᠯᠵᠤ᠂ ᠡᠳᠤᠷ ᠲᠡᠭᠡᠨ | 28℃~30℃᠂ ᠰᠦᠨᠢ ᠳᠡᠭᠡᠨ 15℃~20℃ ᠪᠠᠶᠢᠯᠭᠠᠵᠤ᠂ ᠬᠠᠷᠢᠴᠠᠩᠭᠤᠢ ᠴᠢᠭᠢᠭ ᠤᠨ ᠭᠡᠮᠵᠢᠶ᠎ᠠ ᠶᠢ | 80% ᠠᠴᠠ ᠲᠡᠭᠡᠭᠰᠢ ᠪᠠᠶᠢᠯᠭᠠᠨ᠎ᠠ᠃ | ᠨᠠᠭᠢᠶᠠᠯᠬᠠᠰᠠᠨ ᠠᠴᠠ ᠠᠪᠤᠭᠠᠳ ᠴᠡᠴᠡᠭᠯᠡᠭᠦ ᠠᠴᠠ ᠡᠮᠦᠨ᠎ᠠ ᠭᠦᠷᠳᠡᠯ᠎ᠠ ᠭᠦᠯᠡᠮᠵᠢᠨ ᠤ ᠲᠤᠯᠠᠭᠠᠨ ᠢ | 20℃~28℃ ᠲᠤ ᠭᠢᠵᠠᠭᠠᠷᠯᠠᠵᠤ᠂ ᠰᠦᠨᠢ ᠳᠡᠭᠡᠨ 12℃~15℃ ᠪᠠᠶᠢᠯᠭᠠᠵᠤ᠂ ᠲᠤᠩᠭᠠᠯᠠᠭ ᠡᠳᠤᠷ ᠰᠠᠯᠭᠢ | ᠨᠡᠪᠳᠡᠷᠡᠭᠦᠯᠦᠨ ᠠᠮᠢᠰᠬᠤᠯ ᠢ ᠰᠤᠯᠢᠵᠤ᠂ ᠴᠢᠭᠢᠭ ᠤᠨ ᠭᠡᠮᠵᠢᠶ᠎ᠠ ᠶᠢ 60% ᠤᠷᠴᠢᠮ ᠳᠤ ᠭᠢᠵᠠᠭᠠᠷᠯᠠᠨ᠎ᠠ᠃ | ᠦᠵᠦᠮ ᠨᠢ ᠴᠡᠴᠡᠭ ᠲᠡᠯᠭᠡᠷᠡᠵᠤ ᠲᠤᠭᠤᠰᠤᠳᠤᠬᠤ ᠬᠤᠭᠤᠴᠠᠭᠠᠨ ᠳᠤ ᠲᠤᠯᠠᠭᠠᠨ ᠤ ᠭᠡᠮᠵᠢᠶ᠎ᠠ ᠶᠢᠨ | ᠱᠠᠭᠠᠷᠳᠠᠯᠭ᠎ᠠ ᠨᠢ ᠰᠤᠷᠲ ᠤᠨ ᠪᠠᠶᠢᠳᠠᠯ ᠢᠶᠠᠷ ᠲᠤᠠᠠᠳᠠᠭᠠᠨ᠎ᠠ᠃ ᠶᠠᠷᠦᠩᠭᠡᠢ ᠳᠡᠭᠡᠨ ᠡᠳᠤᠷ ᠤᠨ ᠲᠤᠯᠠᠭᠠᠨ ᠢ | 30℃ ᠢᠶᠠᠷ ᠭᠢᠵᠠᠭᠠᠷᠯᠠᠵᠤ᠂ ᠵᠢᠤᠢ ᠹᠧᠩ ︵巨峰︶ ᠦᠵᠦᠮ ᠤᠨ ᠡᠳᠤᠷ ᠤᠨ ᠲᠤᠯᠠᠭᠠᠨ ᠢ 28℃ ᠤᠷᠴᠢᠮ | ᠪᠠᠶᠢᠯᠭᠠᠵᠤ᠂ ᠵᠠ ᠨᠠ ︵乍娜︶ ᠵᠡᠷᠭᠡ ᠡᠸᠦ᠋ᠷᠦᠫᠡ ᠠᠽᠢᠶ᠎ᠠ ᠶᠢᠨ ᠰᠤᠷᠲ ᠤᠨ ᠬᠢ ᠶᠢ ᠲᠤᠭᠢᠳᠡᠢ ᠲᠤᠤᠷ᠎ᠠ ᠰᠢᠬ | ᠪᠠᠶᠢᠯᠭᠠᠨ᠎ᠠ᠃ ᠰᠦᠨᠢ ᠶᠢᠨ ᠲᠤᠯᠠᠭᠠᠨ ᠢ 18℃~20℃ ᠪᠠᠶᠢᠯᠭᠠᠵᠤ᠂ ᠴᠢᠭᠢᠭ ᠤᠨ ᠭᠡᠮᠵᠢᠶ᠎ᠠ ᠶᠢ 50% | ᠤᠷᠴᠢᠮ ᠢᠶᠠᠷ ᠭᠢᠵᠠᠭᠠᠷᠯᠠᠨ᠎ᠠ᠃ | ᠨᠢᠯᠬ᠎ᠠ ᠵᠢᠮᠢᠰ ᠤᠨ ᠲᠤᠮᠤᠷᠠᠬᠤ ᠬᠤᠭᠤᠴᠠᠭ᠎ᠠ ᠨᠢ ᠰᠦᠨᠢ ᠶᠢᠨ ᠲᠤᠯᠠᠭᠠᠨ ᠳᠤ ᠮᠠᠰᠢ ᠦᠨᠳᠤᠷ ᠱᠠᠭᠠᠷᠳᠠᠯᠭ᠎ᠠ | ᠲᠠᠢ ᠪᠠᠶᠢᠳᠠᠭ᠃ ᠴᠡᠴᠡᠭᠯᠡᠭᠰᠡᠨ ᠠᠴᠠ ᠬᠤᠶᠢᠰᠢ 15 ᠡᠳᠤᠷ ᠲᠤ ᠰᠦᠨᠢ ᠶᠢᠨ ᠲᠤᠯᠠᠭᠠᠨ ᠤ ᠭᠡᠮᠵᠢᠶ᠎ᠠ ᠨᠢ 20℃ | ᠤᠷᠴᠢᠮ ᠪᠠᠶᠢᠬᠤ ᠶᠢ ᠱᠠᠭᠠᠷᠳᠡᠨᠠ᠃ ᠡᠭᠦᠨ ᠠᠴᠠ ᠬᠤᠶᠢᠰᠢ 16℃~20℃ ᠢᠶᠠᠷ ᠭᠢᠵᠠᠭᠠᠷᠯᠠᠵᠤ᠂ ᠡᠳᠤᠷ ᠤᠨ | ᠲᠤᠯᠠᠭᠠᠨ ᠤ ᠭᠡᠮᠵᠢᠶ᠎ᠠ ᠶᠢ 25℃~28℃ ᠪᠠᠶᠢᠯᠭᠠᠵᠤ᠂ ᠴᠢᠭᠢᠭ ᠤᠨ ᠭᠡᠮᠵᠢᠶ᠎ᠠ ᠶᠢ 60% ᠠᠴᠠ ᠭᠡᠳᠦᠷᠡᠭᠦᠯᠵᠤ | ᠪᠤᠯᠬᠤ ᠦᠭᠡᠢ᠃ | ᠦᠵᠦᠮ ᠨᠢ ᠪᠤᠳᠤᠭ ᠰᠠᠭᠤᠬᠤ ᠬᠤᠭᠤᠴᠠᠭᠠᠨ ᠳᠤ ᠡᠳᠤᠷ ᠤᠨ ᠲᠤᠯᠠᠭᠠᠨ ᠤ ᠭᠡᠮᠵᠢᠶ᠎ᠠ ᠶᠢ 25℃~28℃ | ᠂ ᠰᠦᠨᠢ ᠶᠢᠨ ᠲᠤᠯᠠᠭᠠᠨ ᠤ ᠭᠡᠮᠵᠢᠶ᠎ᠠ ᠶᠢ 16℃~17℃ ᠪᠠᠶᠢᠯᠭᠠᠵᠤ᠂ ᠰᠠᠯᠭᠢ ᠨᠡᠪᠳᠡᠷᠡᠭᠦᠯᠭᠦ ᠴᠠᠭ ᠢ | ᠤᠷᠳᠤᠳᠬᠠᠵᠤ᠂ ᠰᠦᠨᠢ ᠳᠡᠭᠡᠨ ᠰᠠᠯᠭᠢᠨ ᠤ ᠠᠮᠠ ᠪᠠᠨ ᠬᠠᠭᠠᠬᠤ ᠦᠭᠡᠢ ᠪᠠᠶᠢᠵᠤ᠂ ᠡᠳᠤᠷ ᠰᠦᠨᠢ ᠶᠢᠨ ᠲᠤᠯᠠᠭᠠᠨ ᠤ | ᠵᠦᠷᠢᠶ᠎ᠡ ᠶᠢ ᠨᠡᠮᠡᠭᠳᠡᠭᠦᠯᠵᠤ ᠪᠤᠯᠤᠨ᠎ᠠ᠃ | ᠪᠦᠷᠭᠦᠭᠦᠯ ᠪᠦᠳᠡᠭᠡᠭᠦ ᠪᠠ ᠬᠤᠷᠢᠶᠠᠵᠤ ᠠᠪᠬᠤ ᠬᠤᠭᠤᠴᠠᠭ᠎ᠠ᠄ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ ᠡᠭᠢ | ᠪᠠᠷ ᠰᠠᠭᠤᠷᠢᠰᠢᠭᠤᠯᠤᠨ ᠲᠠᠷᠢᠵᠤ᠂ ᠲᠠᠷᠢᠠᠠᠰᠠᠨ ᠤ ᠪᠠᠨ ᠲᠠᠷᠠᠭ᠎ᠠ ᠪᠦᠷᠭᠦᠭᠦᠯ ᠢᠶᠠᠨ ᠪᠦᠳᠡᠭᠡᠵᠤ ᠰᠡᠭᠦᠯᠴᠢ ᠶᠢᠨ | ᠭᠢᠷᠠᠭᠤ ᠶᠢ ᠰᠡᠷᠭᠡᠶᠢᠯᠡᠨ᠎ᠠ᠃ ᠰᠡᠭᠦᠯᠴᠢ ᠶᠢᠨ ᠭᠢᠷᠠᠭᠤ ᠦᠡᠭᠭᠡᠷᠡᠭᠰᠡᠨ ᠤ ᠰᠡᠭᠦᠯᠡᠷ ᠠᠭᠤᠷ ᠠᠮᠢᠰᠬᠤᠯ ᠢᠳᠡᠭ | ᠢᠳᠡᠭ ᠢᠶᠠᠷ ᠲᠤᠯᠠᠭᠠᠷᠠᠬᠤ ᠲᠤᠯᠠ 6 ᠳ᠋ᠤᠭᠠᠷ ᠰᠠᠷ᠎ᠠ ᠶᠢᠨ ᠲᠤᠮᠳᠡᠴᠢ ᠪᠠᠷ ᠪᠦᠷᠭᠦᠭᠦᠯ ᠢᠶᠠᠨ ᠬᠤᠷᠢᠶᠠᠵᠤ ᠠᠪᠴᠤ | ᠪᠤᠯᠤᠨ᠎ᠠ᠃ 9 ᠳ᠋ᠤᠬᠡᠷ ᠰᠠᠷ᠎ᠠ ᠶᠢᠨ ᠡᠭᠢ ᠪᠠᠷ ᠪᠦᠷᠭᠦᠭᠦᠯ ᠢᠶᠠᠨ ᠡᠭᠢᠯᠡᠨ ᠪᠦᠳᠡᠭᠡᠵᠤ᠂ ᠡᠷᠳᠡ ᠶᠢᠨ ᠭᠢᠷᠠᠭᠤ ᠶᠢ | ᠰᠡᠷᠭᠡᠶᠢᠯᠡᠵᠤ᠂ ᠨᠠᠪᠴᠢᠨ ᠤ ᠪᠦᠳᠦᠮᠵᠢᠳᠡᠢ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠴᠠᠭ ᠢ ᠤᠷᠳᠤᠳᠬᠠᠵᠤ᠂ | ᠰᠠᠯᠠᠭ᠎ᠠ ᠨᠠᠮᠠᠭ᠎ᠠ ᠨᠢ ᠭᠦᠢᠴᠡᠳ ᠪᠤᠯᠪᠠᠰᠤᠷᠠᠬᠤ ᠶᠢ ᠠᠭᠢᠭᠤᠯᠤᠨ᠎ᠠ᠃ 12 ᠳ᠋ᠤᠭᠠᠷ ᠰᠠᠷ᠎ᠠ ᠳᠤ ᠨᠠᠪᠴᠢ ᠨᠢ | ᠤᠨ᠋ᠬᠠᠰᠠᠨ ᠤ ᠰᠡᠭᠦᠯᠡᠷ ᠡᠪᠡᠰᠤᠨ ᠪᠦᠳᠡᠭᠡᠯᠭᠡ ᠪᠠᠷ ᠬᠤᠴᠢᠵᠤ᠂ ᠲᠠᠷᠠᠭ᠎ᠠ ᠵᠢᠯ ᠤᠨ 2 ᠳ᠋ᠤᠭᠠᠷ ᠰᠠᠷ᠎ᠠ ᠶᠢᠨ ᠲᠤᠮᠳᠡᠴᠢ | ᠭᠦᠷᠳᠡᠯ᠎ᠠ ᠬᠤᠴᠢᠵᠤ᠂ ᠲᠤᠯᠠᠭᠠᠨ ᠤ ᠭᠡᠮᠵᠢᠶ᠎ᠠ ᠲᠡᠭᠡᠭᠰᠢᠯᠡᠵᠤ ᠰᠤᠶᠤᠭᠠᠯᠠᠭᠤᠯᠬᠤ ᠦᠶ᠎ᠠ ᠳᠤ ᠪᠦᠷᠭᠦᠭᠦᠯ ᠢᠶᠠᠨ | ᠬᠤᠷᠢᠶᠠᠵᠤ ᠠᠪᠤᠨ᠎ᠠ᠃ | ᠶᠠᠷᠦᠩᠭᠡᠢ ᠳᠡᠭᠡᠨ ᠪᠠᠳᠠᠷᠠᠭ᠋ᠳ ᠮᠤᠳᠤ ᠶᠢ ᠲᠤᠭᠢᠳᠡᠶᠢᠠᠬᠨ ᠤᠷᠤᠢ ᠰᠢᠬ ᠨᠠᠭᠢᠶᠠᠯᠠᠭᠤᠯᠵᠤ᠂ ᠪᠠᠭᠤᠷᠠᠢ ᠮᠤᠳᠤ ᠶᠢ | ᠠᠯᠢ ᠴᠢᠳᠠᠬᠤ ᠪᠠᠷ ᠡᠷᠳᠡᠭᠡᠨ ᠨᠠᠭᠢᠶᠠᠯᠠᠭᠤᠯᠵᠤ ᠰᠠᠭᠤᠷᠢᠰᠢᠭᠤᠯᠤᠨ ᠲᠠᠷᠢᠨ᠎ᠠ᠃ ᠰᠢᠨ᠎ᠠ ᠰᠠᠯᠠᠭᠠᠨ ᠳᠤ ᠴᠡᠴᠡᠭ ᠤᠨ ᠪᠠᠭ | ᠰᠠᠭᠤᠠᠠᠰᠠᠨ ᠦᠶ᠎ᠠ ᠳᠤ ᠵᠢᠮᠢᠰᠯᠡᠭᠦ ᠰᠠᠯᠠᠭ᠎ᠠ ᠶᠢ ᠢᠯᠡᠭᠦᠭᠡᠨ ᠦᠯᠡᠳᠡᠭᠡᠵᠤ᠂ ᠪᠠᠭᠤᠷᠠᠢ ᠶᠢ ᠨᠢ ᠬᠠᠶᠠᠵᠤ ᠢᠳᠡᠷᠡᠭᠦᠨ ᠢ ᠨᠢ | ᠦᠯᠡᠳᠡᠭᠡᠭᠦ ᠵᠠᠷᠴᠢᠮ ᠢᠶᠠᠷ ᠨᠢᠯᠬ᠎ᠠ ᠰᠠᠯᠠᠭ᠎ᠠ ᠶᠢ ᠨᠠᠭᠢᠶᠠᠯᠠᠭᠤᠯᠤᠨ᠂ ᠦᠯᠡᠳᠡᠭᠡᠭᠰᠡᠨ ᠰᠢᠨ᠎ᠠ ᠰᠠᠯᠠᠭ᠎ᠠ ᠪᠠᠨ ᠠᠯᠢ ᠴᠢᠳᠠᠬᠤ | ᠪᠠᠷ ᠲᠠᠷᠢ ᠵᠢᠭᠳᠡ ᠪᠠᠶᠢᠯᠭᠠᠬᠤ ᠭᠡᠷᠡᠭᠳᠡᠢ᠃ | ᠰᠢᠪᠡᠭᠡᠨ ᠭᠡᠷᠡᠰᠭᠡ ᠪᠤᠰᠬᠠᠬᠤ ᠳᠠᠭᠠᠨ ᠰᠢᠨ᠎ᠠ ᠰᠠᠯᠠᠭ᠎ᠠ ᠠᠴᠠ 20cm ᠤᠷᠴᠢᠮ ᠵᠠᠶᠢᠳᠠᠢ ᠪᠠᠶᠢᠯᠭᠠᠪᠠᠯ | ᠲᠤᠭᠢᠷᠠᠮᠵᠢᠳᠡᠢ ᠪᠠᠶᠢᠳᠠᠭ᠃ ᠭᠡᠳᠦᠷᠭᠡᠢ ᠨᠢᠠᠠᠳᠠ᠂ ᠨᠠᠷᠢᠨ ᠪᠠᠭᠤᠷᠠᠢ᠂ ᠴᠡᠴᠡᠭ ᠤᠨ ᠪᠠᠭ ᠦᠭᠡᠢ ᠰᠢᠨ᠎ᠠ ᠰᠠᠯᠠᠭ᠎ᠠ ᠶᠢ | ᠴᠦᠮ ᠠᠪᠴᠤ ᠬᠠᠶᠠᠬᠤ ᠭᠡᠷᠡᠭᠳᠡᠢ᠃ | ᠰᠢᠨ᠎ᠠ ᠰᠠᠯᠠᠭ᠎ᠠ ᠨᠢ 40cm ᠤᠷᠴᠢᠮ ᠤᠷᠭᠤᠬᠤ ᠦᠶᠡᠰ ᠰᠢᠨ᠎ᠠ ᠰᠠᠯᠠᠭ᠎ᠠ ᠪᠠᠨ ᠰᠢᠪᠡᠭᠡ ᠭᠡᠷᠡᠰᠭᠡ | ᠲᠡᠭᠡᠷ᠎ᠡ ᠪᠠᠨ ᠤᠶᠠᠬᠤ ᠭᠡᠷᠡᠭᠳᠡᠢ᠃ ᠪᠤᠢ ᠪᠦᠭᠦᠢ ᠰᠢᠨ᠎ᠠ ᠰᠠᠯᠠᠭᠠᠨ ᠲᠡᠭᠡᠷᠡᠭᠢ ᠤᠷᠢᠶᠠᠩᠭᠤ ᠨᠢ ᠰᠢᠮ᠎ᠠ ᠲᠡᠵᠢᠭᠡᠯ ᠢ | ᠬᠤᠷᠤᠠᠠᠳᠠᠭᠤᠯᠬᠤ ᠪᠠᠷ ᠪᠠᠷᠠᠬᠤ ᠦᠭᠡᠢ ᠪᠠᠰᠠ ᠰᠢᠨ᠎ᠠ ᠰᠠᠯᠠᠭᠠᠨ ᠤ ᠪᠠᠶᠢᠷᠢᠰᠢᠯ ᠢ ᠰᠠᠮᠠᠭᠤᠷᠠᠭᠤᠯᠳᠠᠭ ᠪᠤᠯᠬᠤᠷ ᠡᠷᠭᠡᠪᠰᠢ | ᠴᠠᠭ ᠲᠠᠷᠤᠢ ᠳᠤᠨᠢ ᠬᠠᠶᠢᠴᠢᠯᠡᠨ ᠠᠪᠴᠤ ᠬᠠᠶᠠᠬᠤ ᠭᠡᠷᠡᠭᠳᠡᠢ᠃ | ᠴᠡᠴᠡᠭ ᠨᠢ ᠭᠦᠨᠳᠤ ᠨᠤᠴᠢᠳᠡᠢ ᠵᠤᠯᠭᠠᠷᠠᠳᠠᠭ ᠰᠤᠷᠲ ᠢ ᠪᠤᠯ ᠶᠠᠷᠦᠩᠭᠡᠢ ᠳᠡᠭᠡᠨ ᠴᠡᠴᠡᠭᠯᠡᠭᠦ ᠠᠴᠠ ᠨᠢ | 2~3 ᠡᠳᠤᠷ ᠤᠨ ᠡᠮᠦᠨ᠎ᠠ᠂ ᠵᠢᠮᠢᠰᠯᠡᠭᠦ ᠰᠠᠯᠠᠭᠠᠨ ᠤ ᠤᠷᠤᠢ ᠶᠢ ᠨᠢ ᠭᠢᠷᠭᠠᠪᠠᠯ ᠵᠢᠮᠢᠰ ᠰᠠᠭᠤᠬᠤ ᠨᠤᠷᠮ᠎ᠠ ᠶᠢ | ᠲᠡᠭᠡᠭᠰᠢᠯᠡᠭᠦᠯᠵᠤ ᠪᠤᠯᠤᠨ᠎ᠠ᠃ ᠶᠠᠷᠤᠩᠭᠡᠢ ᠳᠡᠭᠡᠨ ᠴᠡᠴᠡᠭ ᠤᠨ ᠲᠡᠭᠡᠷ᠎ᠡ 5~7 ᠨᠠᠪᠴᠢ ᠦᠯᠡᠳᠡᠭᠡᠭᠦ ᠶᠢᠨ ᠬᠠᠮᠳᠤ | ᠴᠡᠴᠡᠭ ᠤᠨ ᠲᠦᠷᠦᠭᠦᠤ ᠶᠢᠨ ᠪᠦᠭᠦ᠋ᠢᠯᠡ ᠲᠠᠭᠠᠯᠳᠠ ᠰᠠᠯᠠᠭ᠎ᠠ ᠶᠢ ᠠᠪᠴᠤ ᠬᠠᠶᠠᠨ᠎ᠠ᠃ ᠨᠠᠮᠤᠷ ᠪᠤᠯᠵᠤ ᠰᠢᠨ᠎ᠠ ᠰᠠᠯᠠᠭ᠎ᠠ | ᠪᠠᠳᠠᠷᠠᠭ᠋ᠳ ᠤᠷᠭᠤᠬᠤ ᠦᠶᠡᠰ᠂ 7 ᠳ᠋ᠤᠭᠠᠷ ᠰᠠᠷ᠎ᠠ ᠶᠢᠨ ᠲᠤᠮᠳᠡᠴᠢ ᠠᠴᠠ 8 ᠳ᠋ᠤᠭᠠᠷ ᠰᠠᠷ᠎ᠠ ᠶᠢᠨ ᠡᠭᠢ ᠪᠠᠷ | ᠤᠷᠤᠢ ᠶᠢ ᠨᠢ ᠲᠠᠷᠤᠵᠤ᠂ ᠰᠢᠮ᠎ᠠ ᠲᠡᠵᠢᠭᠡᠯ ᠬᠤᠷᠠᠮᠳᠤᠬᠤ ᠪᠤᠯᠭᠠᠬᠤ ᠭᠡᠷᠡᠭᠳᠡᠢ᠃ ᠤᠷᠤᠢ ᠶᠢ ᠨᠢ ᠲᠠᠷᠤᠠᠠᠰᠠᠨ ᠤ | ᠰᠡᠭᠦᠯᠡᠷ ᠡᠮᠦᠨ᠎ᠠ ᠭᠡᠰᠡᠭ ᠲᠤᠨᠢ ᠬᠤᠶᠠᠷ ᠤᠷᠳᠤ ᠲᠠᠭᠠᠯᠳᠠ ᠰᠠᠯᠠᠭ᠎ᠠ ᠦᠯᠡᠳᠡᠭᠡᠭᠦ ᠶᠢ ᠭᠠᠷᠭᠠᠪᠠᠯ᠂ ᠪᠤᠰᠤᠳ ᠲᠠᠭᠠᠯᠳᠠ | ᠰᠠᠯᠠᠭ᠎ᠠ ᠶᠢ ᠪᠦᠭᠦᠨ ᠢ ᠠᠪᠴᠤ ᠬᠠᠶᠠᠬᠤ ᠭᠡᠷᠡᠭᠳᠡᠢ᠃ | ᠰᠢᠨ᠎ᠠ ᠰᠠᠯᠠᠭ᠎ᠠ ᠨᠢ 6~7 ᠨᠠᠪᠴᠢᠯᠠᠬᠤ ᠦᠶᠡᠰ ᠮᠤᠳᠤᠨ ᠲᠡᠭᠡᠷ᠎ᠡ ᠪᠠᠨ 200~300 ᠲᠠᠭᠢᠨ ᠤ B9 | ᠡᠮ ᠢ ᠰᠦᠷᠴᠢᠪᠡᠯ ᠰᠢᠨ᠎ᠠ ᠰᠠᠯᠠᠭ᠎ᠠ ᠶᠢᠨ ᠤᠷᠭᠤᠯᠳᠠ ᠶᠢ ᠨᠢ ᠪᠦᠳᠦᠮᠵᠢᠳᠡᠢ ᠪᠠᠷ ᠭᠢᠵᠠᠭᠠᠷᠯᠠᠵᠤ᠂ ᠵᠢᠮᠢᠰ ᠰᠠᠭᠤᠬᠤ | ᠨᠤᠷᠮ᠎ᠠ ᠶᠢ ᠲᠡᠭᠡᠭᠰᠢᠯᠡᠭᠦᠯᠵᠤ ᠪᠤᠯᠤᠨ᠎ᠠ᠃ | ᠰᠠᠭᠤᠷᠢ ᠪᠦᠷᠢ 3~5 ᠵᠢᠮᠢᠰᠯᠡᠭᠦ ᠰᠢᠨ᠎ᠠ ᠰᠠᠯᠠᠭ᠎ᠠ ᠦᠯᠡᠳᠡᠭᠡᠵᠤ᠂ ᠶᠠᠷᠦᠩᠭᠡᠢ ᠳᠡᠭᠡᠨ ᠰᠢᠨ᠎ᠠ ᠰᠠᠯᠠᠭ᠎ᠠ | ᠪᠦᠷᠢ ᠳᠤ ᠨᠢᠭᠡ ᠵᠢᠮᠢᠰ ᠤᠨ ᠲᠦᠷᠦᠭᠦᠤ ᠦᠯᠡᠳᠡᠭᠡᠨ᠂ ᠪᠠᠭᠤᠷᠠᠢ ᠰᠠᠯᠠᠭᠠᠨ ᠳᠤ ᠦᠯᠡᠳᠡᠭᠡᠭᠦ ᠦᠭᠡᠢ᠂ ᠢᠳᠡᠷᠡᠭᠦᠨ | ᠰᠠᠯᠠᠭᠠᠨ ᠳᠤ ᠢᠯᠡᠭᠦᠤ ᠬᠤᠶᠠᠷ ᠵᠢᠮᠢᠰ ᠤᠨ ᠲᠦᠷᠦᠭᠦᠤ ᠦᠯᠡᠳᠡᠭᠡᠵᠤ ᠪᠤᠯᠤᠨ᠎ᠠ᠃ ᠰᠢᠮ᠎ᠠ ᠲᠡᠵᠢᠭᠡᠯ ᠢ ᠠᠷᠪᠢᠯᠠᠬᠤ ᠶᠢᠨ | ᠲᠤᠰᠠᠳᠠ᠂ ᠴᠡᠴᠡᠭᠯᠡᠭᠦ ᠠᠴᠠ ᠨᠢ ᠡᠮᠦᠨ᠎ᠠ ᠭᠡᠳᠦᠷᠭᠡᠢ ᠤᠯᠠᠨ ᠴᠡᠴᠡᠭ ᠤᠨ ᠪᠠᠭ ᠢ ᠰᠡᠶᠢᠷᠡᠭᠵᠢᠭᠦᠯᠵᠤ᠂ ᠲᠠᠭᠠᠯᠳᠠ | ᠲᠦᠷᠦᠭᠦᠤ ᠪᠠ ᠭᠤᠷᠪᠡᠨ ᠤ ᠨᠢᠭᠡ ᠶᠢᠨ ᠲᠦᠷᠦᠭᠦᠤ ᠶᠢᠨ ᠦᠵᠦᠭᠦᠷ ᠢ ᠠᠪᠴᠤ ᠬᠠᠶᠠᠬᠤ ᠭᠡᠷᠡᠭᠳᠡᠢ᠃ ᠵᠢᠮᠢᠰ | ᠰᠠᠭᠤᠠᠠᠰᠠᠨ ᠤ ᠰᠡᠭᠦᠯᠡᠷ ᠵᠢᠮᠢᠰ ᠤᠨ ᠲᠦᠷᠦᠭᠦᠤ ᠪᠠᠨ ᠰᠠᠶᠢᠳᠤᠷ ᠲᠡᠭᠰᠢᠯᠡᠨ ᠵᠠᠰᠠᠬᠤ ᠭᠡᠷᠡᠭᠳᠡᠢ᠃ ᠰᠠᠭᠤᠷᠢ ᠪᠦᠷᠢ 2. | 5~3kg ᠵᠢᠮᠢᠰ ᠰᠠᠭᠤᠯᠭᠠᠵᠤ᠂ ᠮᠤ᠋ ᠪᠦᠷᠢ ᠠᠴᠠ 3000~3500kg ᠦᠵᠦᠮ ᠬᠤᠷᠢᠶᠠᠨ᠎ᠠ᠃ | ᠰᠢᠪᠡᠭᠡ ᠭᠡᠷᠡᠰᠭᠡ ᠪᠤᠰᠬᠠᠨ ᠲᠠᠷᠢᠬᠤ ᠳᠤ ᠶᠡᠷᠦᠩᠭᠡᠢ ᠳᠡᠭᠡᠨ ᠤᠷᠳᠤ ᠤᠬᠤᠷ ᠰᠠᠯᠠᠭ᠎ᠠ ᠶᠢ ᠬᠤᠯᠢᠯᠳᠤᠭᠤᠯᠤᠨ | ᠬᠠᠶᠢᠴᠢᠯᠠᠵᠤ ᠵᠠᠰᠠᠨ᠎ᠠ᠃ ᠰᠠᠭᠤᠷᠢ ᠪᠦᠷᠢ ᠬᠤᠶᠠᠷ ᠵᠠᠯ᠎ᠠ ᠦᠯᠡᠳᠡᠭᠡᠵᠤ᠂ ᠡᠪᠤᠯ ᠬᠠᠶᠢᠴᠢᠯᠠᠬᠤ ᠳᠠᠭᠠᠨ᠂ ᠨᠢᠭᠡ ᠵᠠᠯ᠎ᠠ | ᠳᠤᠨᠢ ᠪᠤᠯᠪᠠᠰᠤᠷᠬᠠᠰᠠᠨ ᠭᠡᠰᠡᠭ ᠤᠨ ᠭᠤᠷᠪᠡᠨ ᠤ ᠬᠤᠶᠠᠷ ᠢ ᠨᠢ ᠦᠯᠡᠳᠡᠭᠡᠵᠤ᠂ ᠤᠷᠳᠤ ᠰᠠᠯᠠᠭ᠎ᠠ ᠶᠢ ᠨᠢ ᠬᠠᠶᠢᠴᠢᠯᠡᠨ | ᠵᠠᠰᠠᠨ᠎ᠠ᠃ ᠨᠦᠭᠦᠭᠡ ᠨᠢᠭᠡ ᠵᠠᠯ᠎ᠠ ᠳᠤ ᠲᠤᠩ ᠤᠬᠤᠷ ᠰᠠᠯᠠᠭ᠎ᠠ ᠶᠢ ᠬᠠᠶᠢᠴᠢᠯᠡᠨ ᠵᠠᠰᠠᠵᠤ᠂ ᠤᠷᠳᠤ ᠰᠠᠯᠠᠭ᠎ᠠ ᠶᠢᠨ | ᠵᠢᠮᠢᠰᠯᠡᠭᠦ ᠶᠢ ᠠᠰᠢᠠᠠᠯᠠᠵᠤ᠂ ᠵᠢᠮᠢᠰᠯᠡᠭᠰᠡᠨ ᠤ ᠰᠡᠭᠦᠯᠡᠷ ᠪᠦᠭᠦᠨ ᠢ | ᠰᠠᠶᠢᠷᠡᠭᠵᠢᠭᠦᠯᠦᠨ ᠵᠠᠰᠠᠨ᠎ᠠ᠃ | ᠤᠬᠤᠷ ᠰᠠᠯᠠᠭ᠎ᠠ ᠶᠢ ᠮᠦᠷ ᠢᠶᠠᠨ ᠲᠠᠭᠠᠭᠤᠯᠤᠨ ᠲᠠᠳᠠᠵᠤ᠂ ᠰᠡᠭᠦᠯᠡᠷ ᠨᠢ ᠨᠢᠭᠡᠨ ᠤᠷᠳᠤ ᠰᠠᠯᠠᠭ᠎ᠠ ᠶᠢ | ᠦᠯᠡᠳᠡᠭᠡᠨ ᠵᠢᠮᠢᠰᠯᠡᠭᠦᠯᠵᠤ᠂ ᠤᠬᠤᠷ ᠰᠠᠯᠠᠭ᠎ᠠ ᠶᠢ ᠨᠢ ᠵᠢᠯ ᠵᠢᠯ ᠡᠨᠡ ᠮᠡᠳᠤ ᠵᠠᠰᠠᠨ᠎ᠠ᠃ 4~5 ᠵᠢᠯ ᠪᠤᠯᠵᠤ ᠮᠤᠳᠤ | ᠨᠢ ᠭᠦᠭᠰᠢᠷᠡᠨ ᠮᠠᠭᠤᠳᠠᠪᠠᠯ᠂ ᠰᠢᠨ᠎ᠠ ᠴᠢᠭᠢ ᠲᠠᠷᠢᠵᠤ ᠲᠦᠢᠯᠪᠤᠷᠢᠳᠡᠢ ᠰᠢᠨᠡᠴᠢᠯᠡᠨ᠎ᠡ᠃ | ᠶᠠᠷᠦᠩᠭᠡᠢ ᠳᠡᠭᠡᠨ ᠵᠢᠯ ᠳᠤ ᠭᠤᠷᠪᠡ ᠤᠳᠠᠭ᠎ᠠ ᠪᠤᠷᠳᠤᠭᠤᠷ ᠤᠷᠤᠭᠤᠯᠤᠨ᠎ᠠ᠃ ᠲᠤᠬᠠᠶᠢᠯᠠᠪᠠᠯ ᠨᠠᠮᠤᠷ ᠡᠷᠳᠡ | ᠰᠠᠭᠤᠷᠢ ᠪᠤᠷᠳᠤᠭᠤᠷ ᠤᠷᠤᠭᠤᠯᠵᠤ᠂ ᠵᠢᠮᠢᠰ ᠰᠠᠭᠤᠠᠠᠰᠠᠨ ᠤ ᠰᠡᠭᠦᠯᠡᠷ ᠰᠠᠭᠤᠷᠢ ᠪᠤᠷᠳᠤᠭᠤᠷ ᠨᠦᠭᠦᠵᠤ᠂ ᠪᠤᠳᠤᠭ | ᠰᠠᠭᠤᠠᠠᠰᠠᠨ ᠤ ᠰᠡᠭᠦᠯᠡᠷ ᠪᠤᠷᠳᠤᠭᠤᠷ ᠨᠡᠮᠡᠵᠤ ᠤᠷᠤᠭᠤᠯᠤᠨ᠎ᠠ᠃ ᠰᠠᠭᠤᠷᠢ ᠪᠤᠷᠳᠤᠭᠤᠷ ᠲᠤ ᠬᠠᠮᠤᠭ ᠤᠨ ᠰᠠᠶᠢᠨ ᠨᠢ | ᠭᠦᠢᠴᠡᠳ ᠦᠤᠭ᠍ᠰᠡᠨ ᠲᠠᠭᠢᠶᠠᠨ ᠪᠠᠭᠠᠰᠤ᠂ ᠭᠠᠭ᠋ᠠᠢ ᠶᠢᠨ ᠪᠠᠭᠠᠰᠤ ᠵᠡᠷᠭᠡ ᠶᠢ ᠭᠡᠷᠡᠭᠯᠡᠵᠤ᠂ ᠮᠤ᠋ ᠪᠦᠷᠢ | 3000~5000kg ᠤᠷᠤᠭᠤᠯᠤᠨ᠎ᠠ᠃ ᠵᠢᠮᠢᠰ ᠰᠠᠭᠤᠠᠠᠰᠠᠨ ᠤ ᠰᠡᠭᠦᠯᠡᠷ ᠠᠽᠤᠲ᠂ ᠹᠤᠰᠹᠤᠷ᠂ ᠺᠠᠯᠢ ᠶᠢᠨ | ᠬᠠᠷᠢᠴᠡᠯ ᠢ 2᠄ 1᠄ 1 ᠬᠤᠪᠢ ᠶᠢᠨ ᠲᠤᠰᠬᠠᠢ ᠭᠡᠷᠡᠭᠯᠡᠭᠡᠨ ᠤ ᠪᠤᠷᠳᠤᠭᠤᠷ ᠪᠤᠶᠤ ᠡᠰᠡᠭᠦᠯ᠎ᠠ ᠦᠪᠡᠷᠰᠡᠳ ᠢᠶᠠᠨ | ᠨᠠᠶᠢᠷᠠᠭᠤᠯᠤᠠᠠᠰᠠᠨ ᠪᠤᠷᠳᠤᠭᠤᠷ ᠢ ᠮᠤ᠋ ᠪᠦᠷᠢ 30~45kg ᠤᠷᠤᠭᠤᠯᠤᠨ᠎ᠠ᠃ ᠪᠤᠳᠤᠭ ᠰᠠᠭᠤᠬᠤ ᠠᠴᠠ ᠨᠢ ᠡᠮᠦᠨ᠎ᠠ | ᠠᠽᠤᠲ᠂ ᠹᠤᠰᠹᠤᠷ᠂ ᠺᠠᠯᠢ ᠶᠢᠨ ᠬᠠᠷᠢᠴᠡᠯ ᠢ 1᠄ 2᠄ 2 ᠬᠤᠪᠢ ᠶᠢᠨ ᠲᠤᠰᠬᠠᠢ ᠭᠡᠷᠡᠭᠯᠡᠭᠡᠨ ᠤ ᠪᠤᠷᠳᠤᠭᠤᠷ ᠪᠤᠶᠤ | ᠡᠰᠡᠭᠦᠯ᠎ᠠ ᠦᠪᠡᠷᠰᠡᠳ ᠢᠶᠠᠨ ᠨᠠᠶᠢᠷᠠᠭᠤᠯᠤᠠᠠᠰᠠᠨ ᠨᠡᠶᠢᠯᠡᠮᠡᠯ ᠪᠤᠷᠳᠤᠭᠤᠷ ᠢ ᠮᠤ᠋ ᠪᠦᠷᠢ 20~25kg ᠤᠷᠤᠭᠤᠯᠤᠨ᠎ᠠ᠃ | ᠦᠷᠡᠵᠢᠯ ᠤᠨ ᠬᠤᠭᠤᠴᠠᠭᠠᠨ ᠳᠤᠨᠢ ᠪᠠᠶᠢᠳᠠᠯ ᠢ ᠦᠵᠡᠨ ᠲᠤᠭᠢᠳᠡᠢ ᠴᠠᠭ ᠲᠤᠨᠢ ᠨᠠᠪᠴᠢᠨ ᠳᠤᠨᠢ ᠰᠦᠷᠴᠢᠵᠤ᠂ | ᠠᠽᠤᠲ᠂ ᠹᠤᠰᠹᠤᠷ᠂ ᠺᠠᠯᠢ ᠵᠢᠴᠢ ᠪᠤᠷ᠂ ᠮᠠᠩᠭᠠᠨ᠂ ᠮᠬᠠᠨᠢ ᠵᠡᠷᠭᠡ ᠪᠢᠴᠢᠯ ᠡᠯᠧᠮᠧᠨ᠋ᠲ ᠢ ᠨᠦᠭᠦᠪᠤᠷᠢᠯᠡᠨ᠎ᠡ᠃ | ᠶᠠᠷᠦᠩᠭᠡᠢ ᠳᠡᠭᠡᠨ ᠴᠢᠭᠢᠯᠡᠭᠦ ᠦᠶ᠎ᠠ ᠳᠤ ᠨᠢᠭᠡ ᠤᠳᠠᠭ᠎ᠠ ᠲᠠᠪᠳᠦᠳᠡᠯ᠎ᠡ ᠨᠢ ᠤᠰᠤᠯᠠᠵᠤ᠂ ᠵᠢᠮᠢᠰ ᠰᠠᠭᠤᠠᠠᠰᠠᠨ | ᠠᠴᠠ ᠬᠤᠶᠢᠰᠢ ᠪᠠᠭ᠎ᠠ ᠤᠰᠤ ᠪᠠᠷ ᠤᠯᠠᠠᠳᠠ ᠤᠰᠤᠯᠠᠵᠤ᠂ ᠮᠤ᠋ ᠪᠦᠷᠢ ᠶᠢ ᠠᠷᠪᠠᠭᠠᠳ ᠡᠳᠤᠷ ᠠᠯᠤᠰᠯᠠᠭᠠᠳ ᠨᠢᠭᠡ | ᠤᠳᠠᠭ᠎ᠠ ᠪᠠᠭ᠎ᠠ ᠤᠰᠤᠯᠠᠨ᠎ᠠ᠃ ᠵᠢᠮᠢᠰ ᠨᠢ ᠲᠤᠮᠤᠷᠠᠬᠤ ᠬᠤᠭᠤᠴᠠᠭᠠᠨ ᠳᠤ ᠤᠰᠤᠨ ᠤ ᠭᠡᠷᠡᠭᠴᠡᠭᠡ ᠨᠢ ᠨᠡᠮᠡᠭᠳᠡᠭᠦ ᠲᠤᠯᠠ | 1~2 ᠤᠳᠠᠭ᠎ᠠ ᠬᠠᠨᠳᠠᠯ᠎ᠠ ᠤᠰᠤᠯᠠᠨ᠎ᠠ᠃ ᠵᠢᠮᠢᠰ ᠨᠢ ᠡᠭᠢᠯᠡᠨ ᠪᠤᠳᠤᠭ ᠰᠠᠭᠤᠵᠤ ᠪᠤᠯᠪᠠᠰᠤᠷᠠᠬᠤ ᠠᠴᠠ ᠠᠪᠤᠭᠠᠳ | ᠲᠡᠭᠦᠵᠤ ᠬᠤᠷᠢᠶᠠᠬᠤ ᠭᠦᠷᠳᠡᠯ᠎ᠡ ᠶᠠᠷᠦᠩᠭᠡᠢ ᠳᠡᠭᠡᠨ ᠤᠰᠤᠯᠠᠬᠤ ᠪᠠᠨ ᠵᠤᠠᠠᠰᠤᠨᠠ᠃ ᠨᠠᠪᠴᠢ ᠨᠢ ᠤᠨᠠᠵᠤ᠂ | ᠵᠠᠰᠬᠠᠰᠠᠨ ᠤ ᠰᠡᠭᠦᠯᠡᠷ ᠨᠢᠭᠡ ᠤᠳᠠᠭ᠎ᠠ ᠡᠪᠤᠯᠵᠢᠭᠦᠯᠤᠯ ᠤᠨ ᠤᠰᠤ ᠪᠠᠷ ᠤᠰᠤᠯᠠᠨ᠎ᠠ᠃ ᠬᠠᠷ᠎ᠠ ᠦᠡᠭᠭᠡ ᠶᠢᠨ | ᠪᠦᠷᠭᠦᠭᠦᠯ ᠢᠶᠠᠷ ᠪᠦᠳᠡᠭᠡᠪᠡᠯ ᠤᠰᠤᠯᠠᠯᠳᠠ ᠶᠢᠨ ᠤᠳᠠᠭ᠎ᠠ ᠲᠤᠭ᠎ᠠ ᠶᠢ ᠬᠠᠰᠤᠠᠠᠳᠠᠭᠤᠯᠵᠤ ᠪᠤᠯᠤᠨ᠎ᠠ᠃ | |