1. ᠭᠤᠤᠯ ᠭᠡᠮ ᠤᠨ ᠭᠦᠨᠦᠭᠡᠯ ᠵᠢᠴᠢ ᠰᠡᠷᠭᠡᠶᠢᠯᠡᠨ ᠵᠠᠰᠠᠬᠤ | ︵1︶ ᠪᠠᠺᠲ᠋ᠧᠷᠢᠳᠤ ᠴᠢᠨᠠᠷ ᠲᠠᠢ ᠦᠭᠦᠰᠢᠷᠡᠭᠦ ᠭᠡᠮ | ᠭᠡᠮ ᠤᠨ ᠢᠯᠡᠷᠡᠯ᠄ ᠪᠦᠭᠦ ᠰᠠᠭᠤᠷᠢ ᠪᠠᠷ ᠢᠶᠠᠨ ᠪᠤᠭᠤᠨᠢᠰᠬᠤ ᠪᠠ ᠨᠠᠪᠴᠢ ᠨᠢ ᠰᠢᠷᠠᠯᠠᠵᠤ᠂ ᠨᠠᠪᠴᠢᠨ ᠤ | ᠨᠤᠭᠤᠭᠠᠨ ᠨᠢ ᠤᠨᠠᠵᠤ᠂ ᠴᠤᠮᠪᠤᠩ ᠭᠡᠯᠪᠡᠷᠢᠳᠡᠢ ᠪᠤᠯᠤᠨ᠎ᠠ᠃ ᠬᠠᠯᠠᠭᠤᠨ ᠲᠤᠯᠠᠭᠠᠨ᠂ ᠭᠠᠩ ᠬᠠᠭᠤᠷᠠᠢ ᠠᠭᠤᠷ | ᠠᠮᠢᠰᠬᠤᠯ ᠲᠤᠤᠷ᠎ᠠ ᠰᠠᠯᠠᠭ᠎ᠠ ᠮᠦᠴᠢᠷ ᠤᠨ ᠲᠦᠷᠦᠭᠦᠤ ᠨᠢ ᠵᠤᠯᠭᠠᠷᠠᠵᠤ᠂ ᠰᠡᠭᠦᠯᠡᠷ ᠨᠢ ᠠᠳᠠᠯᠢ ᠪᠤᠰᠤ ᠭᠡᠮᠵᠢᠶ᠎ᠠ ᠪᠠᠷ | ᠪᠦᠭᠦᠨ ᠢᠶᠠᠷ ᠢᠶᠠᠨ ᠵᠤᠯᠭᠠᠷᠠᠨ ᠦᠭᠦᠰᠢᠷᠡᠭᠡᠳ ᠦᠭᠦᠳᠡᠭ᠃ ᠬᠠᠳ᠋ᠬᠠᠰᠠᠨ ᠤ ᠰᠡᠭᠦᠯᠡᠷ ᠲᠠᠭᠢᠵᠤ ᠤᠷᠭᠤᠬᠤ ᠳᠠᠭᠠᠨ ᠨᠠᠩ | ᠪᠤᠭᠤᠨᠢ ᠪᠤᠯᠵᠤ᠂ ᠭᠦᠨᠳᠤ ᠭᠡᠮ ᠲᠠᠢ ᠡᠰᠢ ᠨᠢ ᠡᠪᠤᠯ ᠠᠮᠠᠷᠬᠠᠨ ᠭᠦᠯᠳᠡᠵᠤ ᠦᠭᠦᠳᠡᠭ᠃ ᠭᠤᠤᠯ ᠦᠨᠳᠤᠰᠤᠨ ᠤ ᠭᠢᠨᠢ | ᠬᠤᠪᠢᠷᠠᠯᠳᠠ ᠪᠠᠷ ᠲᠤᠰ ᠭᠡᠮ ᠢ ᠲᠤᠳᠤᠯᠠᠵᠤ ᠪᠤᠯᠤᠨ᠎ᠠ᠃ ᠢᠳᠡᠷᠡᠭᠦᠨ ᠦᠨᠳᠤᠰᠤ ᠲᠠᠢ ᠶᠢᠨ ᠭᠢᠨᠢ ᠦᠡᠭᠭᠡ ᠨᠢ ᠰᠦᠨ | ᠴᠠᠭᠠᠨ ᠪᠠᠶᠢᠵᠤ᠂ ᠭᠡᠮ ᠲᠠᠢ ᠶᠢᠨ ᠭᠢᠨᠢ ᠤᠯᠠᠪᠤᠷ ᠰᠢᠷ᠎ᠠ ᠪᠠ ᠴᠠᠶᠢᠪᠤᠷ ᠭᠦᠷᠡᠩ ᠪᠠᠶᠢᠳᠠᠭ᠃ | ᠭᠡᠮ ᠤᠨ ᠤᠨᠴᠠᠯᠢᠭ᠄ ᠡᠨᠡ ᠨᠢ ᠨᠢᠭᠡᠨ ᠵᠦᠢᠯ ᠤᠨ ᠰᠦᠨᠦᠭᠡᠭᠦ ᠴᠢᠨᠠᠷ ᠲᠠᠢ ᠭᠡᠮ ᠤᠨ ᠭᠦᠨᠦᠭᠡᠯ ᠪᠤᠯᠬᠤ | ᠪᠦᠭᠡᠳ ᠦᠷ᠎ᠠ ᠪᠠᠷ ᠲᠠᠮᠵᠢᠨ ᠬᠠᠯᠳᠠᠪᠤᠷᠢᠯᠠᠳᠠᠭ᠃ ᠰᠡᠷᠢᠭᠦᠭᠡᠨ᠂ ᠲᠤᠯᠠᠭᠠᠨ ᠠᠭᠤᠷ ᠠᠮᠢᠰᠬᠤᠯ ᠳᠤ ᠡᠨᠡ ᠭᠡᠮ ᠤᠨ | ᠲᠡᠯᠭᠡᠷᠡᠭᠦ ᠪᠡ ᠭᠦᠨᠦᠭᠡᠭᠦ ᠭᠦᠴᠤᠨ ᠨᠢ ᠨᠡᠩ ᠴᠢᠩᠭᠠᠷᠠᠳᠠᠭ᠃ ᠭᠡᠮ ᠡᠭᠦᠰᠭᠡᠭᠴᠢ ᠪᠠᠺᠲ᠋ᠧᠷᠢ ᠨᠢ | 21℃~27℃ ᠲᠤ 3 ᠵᠢᠯ ᠬᠠᠳᠠᠭᠠᠯᠬᠠᠰᠠᠨ ᠴᠠᠷᠭᠠᠰᠤ ᠶᠢᠨ ᠦᠷ᠎ᠠ ᠳᠤ ᠮᠦᠨ ᠭᠦ ᠠᠮᠢᠳᠤᠷᠠᠵᠤ ᠪᠠᠶᠢᠳᠠᠭ᠃ | ᠭᠦᠯᠳᠡᠵᠤ ᠰᠢᠷᠬᠠᠳᠤᠠᠠᠰᠠᠨ᠂ ᠬᠤᠷᠤᠬᠠᠢ ᠳᠤ ᠰᠢᠷᠬᠠᠳᠤᠠᠠᠰᠠᠨ ᠪᠠ ᠮᠧᠬᠠᠨᠢᠭ ᠲᠤ ᠰᠢᠷᠬᠠᠳᠤᠠᠠᠰᠠᠨ ᠰᠢᠷᠬ᠎ᠠ ᠰᠤᠷᠪᠢ | ᠪᠠᠷ ᠪᠠᠺᠲ᠋ᠧᠷᠢ ᠤᠷᠤᠵᠤ᠂ ᠦᠨᠳᠤᠰᠤ ᠨᠢ ᠢᠯᠵᠡᠷᠡᠬᠤ ᠦᠶᠡᠰ᠂ ᠤᠶᠢᠷ᠎ᠠ ᠬᠠᠪᠢ ᠶᠢᠨ ᠭᠦᠷᠤᠰᠤ ᠰᠢᠷᠤᠢ ᠳᠤ | ᠨᠡᠪᠴᠢᠳᠡᠭ᠃ | ᠰᠡᠷᠭᠡᠶᠢᠯᠡᠨ ᠵᠠᠰᠠᠬᠤ ᠠᠷᠭ᠎ᠠ᠄ ① ᠭᠦᠷᠤᠰᠤ ᠰᠢᠷᠤᠢ ᠶᠢ ᠭᠦᠢᠴᠡᠳ ᠦᠩ ᠰᠢᠮᠡᠯᠢᠭ ᠪᠠᠶᠢᠯᠭᠠᠬᠤ᠂ | ᠢᠯᠠᠩᠭᠤᠶ᠎ᠠ ᠺᠠᠯᠢ ᠪᠤᠯᠤᠨ ᠹᠤᠰᠹᠤᠷ ᠢ ᠡᠯᠪᠡᠭ ᠪᠠᠶᠢᠯᠭᠠᠬᠤ ᠭᠡᠷᠡᠭᠳᠡᠢ᠃ ② ᠦᠨᠳᠤᠰᠤ ᠪᠠ ᠰᠠᠴᠤᠭ ᠤᠨ ᠭᠡᠰᠡᠭ | ᠰᠢᠷᠬᠠᠳᠤᠬᠤ ᠠᠴᠠ ᠰᠡᠷᠭᠡᠶᠢᠯᠡᠭᠦ ᠭᠡᠷᠡᠭᠳᠡᠢ᠃ ③ ᠡᠰᠢ ᠨᠢ ᠬᠠᠳ᠋ᠬᠠᠰᠠᠨ ᠤ ᠰᠡᠭᠦᠯᠡᠷ ᠬᠠᠳᠤᠬᠤ ᠭᠡᠷᠡᠭᠳᠡᠢ᠃ ④ ᠭᠡᠮ | ᠲᠠᠢ ᠡᠪᠡᠰᠤ ᠶᠢ ᠬᠠᠳᠤᠬᠤ ᠠᠴᠠ ᠡᠮᠦᠨ᠎ᠠ ᠵᠦᠭᠡᠯᠡᠨ ᠨᠢᠯᠬ᠎ᠠ ᠢᠳᠡᠷᠡᠭᠦᠨ ᠡᠪᠡᠰᠤ ᠶᠢ ᠬᠠᠳᠤᠵᠤ ᠪᠤᠯᠬᠤ ᠦᠭᠡᠢ᠃ ⑤ | ᠭᠡᠮ ᠲᠠᠢ ᠦᠨᠳᠤᠰᠤ ᠨᠢ ᠭᠦᠢᠴᠡᠳ ᠢᠯᠵᠠᠷᠠᠬᠤ ᠠᠴᠠ ᠡᠮᠦᠨ᠎ᠠ᠂ ᠬᠠᠭᠤᠴᠢᠨ ᠴᠠᠷᠭᠠᠰᠤ ᠲᠠᠷᠢᠠᠠᠰᠠᠨ ᠭᠠᠵᠠᠷ ᠲᠤ | ᠰᠢᠨ᠎ᠠ ᠪᠠᠷ ᠲᠠᠷᠢᠵᠤ ᠪᠤᠯᠬᠤ ᠦᠭᠡᠢ᠃ ⑥ ᠭᠡᠮ ᠲᠠᠢ ᠤᠷᠤᠨ ᠤ ᠤᠰᠤ ᠪᠠᠷ ᠤᠰᠤᠯᠬᠠᠰᠠᠨ ᠭᠠᠵᠠᠷ ᠲᠠᠷᠢᠵᠤ ᠪᠤᠯᠬᠤ | ᠦᠭᠡᠢ᠃ ⑦ ᠤᠬᠤᠷ ᠬᠤᠭᠤᠴᠠᠭ᠎ᠠ ᠪᠠᠷ ᠡᠭᠡᠯᠵᠢᠯᠡᠨ ᠲᠠᠷᠢᠬᠤ ᠭᠡᠷᠡᠭᠳᠡᠢ᠃ | ︵2︶ ᠭᠦᠷᠡᠩ ᠲᠤᠯᠪᠤᠳᠤ ᠭᠡᠮ ᠢ ᠪᠠᠰᠠ ᠡᠩ ᠤᠨ ᠨᠠᠪᠴᠢᠨ ᠲᠤᠯᠪᠤᠳᠤ ᠭᠡᠮ ᠭᠡᠳᠡᠭ᠃ | ᠲᠤᠰ ᠭᠡᠮ ᠤᠨ ᠭᠦᠨᠦᠭᠡᠯ ᠪᠤᠯ ᠲᠡᠯᠡᠭᠡᠢ ᠶᠢᠨ ᠡᠯ᠎ᠡ ᠭᠠᠵᠠᠷ ᠲᠤ ᠴᠦᠮ ᠦᠷᠭᠡᠨ ᠢᠶᠠᠷ ᠡᠭᠦᠰᠳᠡᠭ᠃ | ᠭᠡᠮ ᠤᠨ ᠢᠯᠡᠷᠡᠯ᠄ ᠲᠤᠰ ᠭᠡᠮ ᠨᠢ ᠤᠷᠭᠤᠮᠠᠯ ᠢ ᠦᠭᠦᠭᠦᠯᠳᠡᠭ ᠦᠭᠡᠢ᠃ ᠭᠡᠪᠡᠴᠤ ᠴᠠᠷᠭᠠᠰᠤᠨ ᠤ | ᠨᠡᠮᠠᠭᠠ ᠶᠢ ᠶᠡᠭᠡ ᠪᠠᠷ ᠤᠨᠠᠭᠠᠵᠤ᠂ ᠠᠮᠢᠵᠢᠷᠠᠯ ᠤᠨ ᠭᠦᠴᠤᠨ ᠢ ᠨᠢ ᠪᠠᠭᠤᠷᠠᠭᠤᠯᠵᠤ᠂ ᠬᠠᠭᠤᠷᠠᠢ ᠡᠪᠡᠰᠤᠨ ᠤ | ᠪᠦᠳᠦᠭᠡᠭᠳᠡᠭᠦᠨ ᠤ ᠶᠠᠰᠤ ᠴᠢᠨᠠᠷ ᠢ ᠨᠢ ᠮᠠᠭᠤᠳᠠᠭᠤᠯᠳᠠᠭ᠃ ᠵᠢᠵᠢᠭ ᠨᠠᠪᠴᠢᠨ ᠲᠡᠭᠡᠷ᠎ᠡ ᠨᠢ ᠳ᠋ᠢᠶᠠᠮᠧᠲᠷ ᠨᠢ ᠪᠠᠷᠤᠭ | 2mm ᠵᠢᠵᠢᠭ ᠲᠤᠭᠤᠷᠢᠭ ᠲᠤᠯᠪᠤ ᠰᠠᠭᠤᠵᠤ᠂ ᠠᠷᠠᠭᠠᠴᠢᠯᠬᠠᠰᠠᠨ ᠭᠦᠪᠡᠭᠡ ᠲᠠᠢ ᠪᠠᠶᠢᠵᠤ ᠭᠡᠮ ᠤᠨ ᠲᠤᠯᠪᠤ ᠨᠢ | ᠪᠤᠯᠪᠠᠰᠤᠷᠬᠠᠰᠠᠨ ᠤ ᠰᠡᠭᠦᠯᠡᠷ ᠲᠤᠮᠳᠠᠭᠤᠷ ᠢᠶᠠᠨ ᠵᠤᠵᠠᠭᠠᠷᠠᠵᠤ᠂ ᠴᠠᠶᠢᠪᠤᠷ ᠭᠦᠷᠡᠩ ᠦᠡᠭᠭᠡ ᠲᠠᠢ ᠭᠦᠳᠦ᠋ᠢᠭᠰᠡᠨ ᠵᠢᠵᠢᠭ | ᠭᠡᠯᠪᠡᠷᠢ ᠲᠠᠢ ᠪᠤᠯᠳᠠᠭ᠃ ᠡᠨᠡ ᠬᠦ ᠤᠨᠴᠠᠯᠢᠭ ᠪᠤᠯᠤᠨ ᠠᠷᠠᠭᠠᠯᠢᠭ ᠭᠦᠪᠡᠭᠡ ᠪᠠᠷ ᠨᠢ ᠡᠨᠡ ᠭᠡᠮ ᠤᠨ ᠲᠤᠯᠪᠤ ᠪᠤᠯᠤᠨ | ᠡᠰᠢ ᠬᠠᠷᠠᠯᠠᠬᠤ ᠡᠪᠡᠳᠴᠢᠨ ᠠᠴᠠ ᠪᠤᠯᠤᠠᠠᠰᠠᠨ ᠭᠡᠮ ᠤᠨ ᠲᠤᠯᠪᠤ ᠶᠢ ᠢᠯᠭᠠᠵᠤ ᠪᠤᠯᠤᠨ᠎ᠠ᠃ | ᠭᠡᠮ ᠤᠨ ᠤᠨᠴᠠᠯᠢᠭ᠄ ᠤᠷᠭᠤᠯᠳᠠ ᠶᠢᠨ ᠪᠦᠭᠦ᠋ᠢᠯᠡ ᠤᠯᠠᠷᠢᠯ ᠳᠤ᠂ ᠪᠦᠷᠢᠮᠦᠰᠤᠨ ᠪᠤᠯᠪᠠᠰᠤᠷᠬᠠᠰᠠᠨ | ᠨᠠᠪᠴᠢᠨ ᠤ ᠦᠡᠭᠭᠡᠨ ᠲᠠᠯ᠎ᠠ ᠳᠤ ᠴᠦᠮ ᠰᠫᠤᠷ ᠤᠨ ᠤᠭᠤᠳᠠᠨ ᠲᠠᠪᠠᠭ ᠲᠠᠢ ᠪᠠᠶᠢᠳᠠᠭ᠃ ᠰᠫᠤᠷ ᠨᠢ ᠤᠭᠤᠳᠠᠨ ᠲᠠᠪᠠᠭ | ᠠᠴᠠ ᠬᠠᠷᠪᠤᠨ ᠭᠠᠷᠴᠤ ᠢᠷᠡᠭᠦ ᠪᠦᠭᠡᠳ ᠰᠠᠯᠭᠢᠨ ᠪᠤᠯᠤᠨ ᠪᠤᠷᠤᠭᠠᠨ ᠤ ᠤᠰᠤ ᠪᠠᠷ ᠬᠠᠯᠳᠠᠪᠤᠷᠢᠯᠠᠳᠠᠭ᠃ ᠦᠷ᠎ᠠ ᠪᠠᠷ | ᠬᠠᠯᠳᠠᠪᠤᠷᠢᠯᠠᠳᠠᠭ ᠪᠢᠰᠢ᠃ ᠠᠳᠠᠯᠢ ᠪᠤᠰᠤ ᠴᠠᠷᠭᠠᠰᠤ ᠳᠤ ᠬᠠᠯᠳᠠᠪᠤᠷᠢᠯᠬᠠᠰᠠᠨ ᠪᠠᠶᠢᠳᠠᠯ ᠢ ᠦᠨᠳᠦᠰᠦᠯᠡᠪᠡᠯ ᠡᠶᠢᠮᠤ | ᠪᠠᠺᠲ᠋ᠧᠷᠢ ᠲᠦᠷᠪᠡᠨ ᠵᠦᠢᠯ ᠪᠠᠶᠢᠨ᠎ᠠ᠃ | ︵3︶ ᠵᠢᠪᠡᠷᠡᠭᠦ ᠭᠡᠮ | ᠴᠠᠷᠭᠠᠰᠤ ᠶᠢ ᠭᠦᠨᠦᠭᠡᠳᠡᠭ᠃ | ᠭᠡᠮ ᠤᠨ ᠢᠯᠡᠷᠡᠯ᠄ ᠴᠦᠪᠤᠷᠢᠭᠦᠳᠤᠭᠦ ᠲᠤᠮᠳᠠ ᠤᠯᠠᠪᠤᠷ ᠭᠦᠷᠡᠩ ᠦᠡᠭᠭᠡ ᠲᠠᠢ᠂ ᠰᠫᠤᠷ ᠤᠨ ᠤᠪᠤᠭ᠎ᠠ ᠪᠤᠢ | ᠪᠤᠯᠵᠤ᠂ ᠵᠢᠵᠢᠭ ᠨᠠᠪᠴᠢ᠂ ᠨᠠᠪᠴᠢᠨ ᠤ ᠪᠠᠷᠢᠭᠤᠯ ᠪᠤᠯᠤᠨ ᠡᠰᠢ ᠶᠢᠨ ᠬᠠᠯᠢᠰᠤ ᠶᠢ ᠡᠪᠳᠡᠳᠡᠭ᠃ ᠵᠢᠪᠡᠷᠡᠭᠦ ᠭᠡᠮ ᠤᠨ | ᠰᠫᠤᠷ ᠤᠨ ᠤᠪᠤᠭ᠎ᠠ ᠶᠡᠭᠡ ᠭᠡᠮᠵᠢᠶ᠎ᠠ ᠪᠠᠷ ᠬᠠᠳᠠᠭᠠᠯᠬᠠᠳᠠᠬᠤ ᠦᠶᠡᠰ ᠨᠠᠪᠴᠢ ᠨᠢ ᠦᠷᠴᠶᠢᠨ ᠠᠪᠴᠢᠬᠤ ᠪᠦᠭᠡᠳ | ᠤᠷᠢᠳ ᠢᠶᠠᠷ ᠵᠤᠯᠭᠠᠷᠠᠳᠠᠭ᠃ ᠬᠠᠳᠤᠬᠤ ᠨᠢ ᠤᠷᠦ᠋ᠢᠳᠠᠪᠠᠯ ᠡᠰᠢᠨ ᠤ ᠭᠡᠰᠡᠭ ᠲᠤ ᠨᠢ ᠴᠤ ᠭᠦᠨᠳᠤ ᠨᠤᠴᠢᠳᠡᠢ | ᠬᠠᠯᠳᠠᠪᠤᠷᠢᠯᠠᠳᠠᠭ᠃ ᠵᠤᠨ ᠤ ᠰᠫᠤᠷ ᠪᠤᠯᠤᠨ ᠡᠪᠤᠯ ᠤᠨ ᠰᠫᠤᠷ ᠤᠨ ᠤᠪᠤᠭ᠎ᠠ ᠨᠢ ᠨᠠᠪᠴᠢᠨ ᠲᠡᠭᠡᠷ᠎ᠡ ᠢᠯᠡᠷᠡᠭᠦ ᠳᠡᠭᠡᠨ | ᠭᠡᠵᠢᠶᠡᠳᠡ ᠠᠳᠠᠯᠢ ᠨᠢᠭᠡᠨ ᠴᠦᠪᠤᠷᠢᠭᠦᠤ ᠲᠡᠭᠡᠷ᠎ᠡ ᠢᠯᠡᠷᠡᠳᠡᠭ᠃ ᠡᠮᠤᠨᠡᠳᠤ ᠤᠷᠤᠨ ᠳᠤ ᠪᠤᠯ ᠡᠪᠤᠯᠵᠢᠴᠢᠭᠡᠳᠡᠭ᠃ | ᠲᠠᠷᠬᠠᠯᠳᠠ ᠨᠢ ᠭᠡᠪᠡᠯ ᠪᠦᠭᠦ ᠪᠦᠮᠪᠤᠷᠴᠡᠭ ᠤᠨ ᠴᠢᠨᠠᠷ ᠲᠠᠢ ᠴᠠᠷᠭᠠᠰᠤ ᠶᠢᠨ ᠭᠡᠮ ᠤᠨ ᠭᠦᠨᠦᠭᠡᠯ ᠪᠤᠯᠤᠨ᠎ᠠ᠃ | ︵4︶ ᠴᠠᠭᠠᠨ ᠭᠦᠭᠡᠴᠤ ᠶᠢᠨ ᠭᠡᠮ | ᠭᠡᠮ ᠤᠨ ᠢᠯᠡᠷᠡᠯ᠄ ᠭᠡᠮ ᠲᠠᠢ ᠰᠠᠯᠠᠭ᠎ᠠ ᠨᠠᠮᠠᠭ᠎ᠠ ᠨᠢ ᠭᠦᠢᠭᠡᠨ ᠨᠤᠭᠤᠭᠠᠨ ᠪᠤᠶᠤ ᠰᠢᠷᠭᠠᠯ ᠦᠡᠭᠭᠡ ᠲᠠᠢ | ᠪᠠᠶᠢᠵᠤ᠂ ᠦᠶ᠎ᠠ ᠶᠢᠨ ᠵᠠᠢ ᠨᠢ ᠪᠤᠭᠤᠨᠢᠰᠬᠤ ᠪᠠ ᠠᠪᠴᠢᠬᠤ ᠠᠴᠠ ᠪᠤᠯᠤᠭᠠᠳ᠂ ᠨᠠᠪᠴᠢᠨ ᠤ ᠦᠡᠭᠭᠡ ᠨᠢ | ᠪᠦᠭᠦᠨ ᠢᠶᠠᠷ ᠢᠶᠠᠨ ᠪᠤᠶᠤ ᠭᠡᠰᠡᠭ ᠵᠠᠷᠢᠮ ᠨᠢ ᠪᠠᠭᠤᠷᠠᠵᠤ᠂ ᠨᠠᠪᠴᠢ ᠨᠢ ᠲᠠᠯᠪᠠᠶᠢᠵᠤ᠂ ᠠᠷᠤᠠᠰᠢ ᠪᠠᠨ ᠮᠢᠳᠠᠷᠠᠨ | ᠠᠪᠴᠢᠳᠠᠭ᠃ ᠨᠦᠭᠦᠴᠡᠯ ᠨᠢ ᠲᠤᠭᠢᠷᠠᠮᠵᠢᠳᠡᠢ ᠦᠶᠡᠰ ᠭᠡᠮ ᠲᠠᠢ ᠨᠠᠪᠴᠢᠨ ᠤ ᠠᠷᠤ ᠲᠠᠯ᠎ᠠ ᠳᠤᠨᠢ ᠭᠦᠢᠭᠡᠨ ᠪᠤᠷᠤ | ᠪᠤᠶᠤ ᠪᠤᠷᠤ ᠦᠡᠭᠭᠡ ᠶᠢᠨ ᠭᠦᠭᠡᠴᠤ ᠶᠢᠨ ᠲᠠᠪᠬᠤᠷᠭ᠎ᠠ ᠡᠭᠦᠰᠳᠡᠭ᠃ ᠡᠨᠡ ᠪᠤᠯ ᠲᠤᠰ ᠭᠡᠮ ᠤᠨ ᠨᠡᠶᠢᠳᠡᠯᠢᠭ ᠰᠢᠠᠵᠢ | ᠪᠤᠯᠤᠨ᠎ᠠ᠃ ᠵᠠᠯᠭᠠᠭᠠᠳ ᠭᠡᠮ ᠲᠠᠢ ᠨᠠᠪᠴᠢ ᠨᠢ ᠨᠠᠪᠴᠢᠨ ᠤ ᠦᠵᠦᠭᠦᠷ ᠪᠤᠶᠤ ᠭᠦᠪᠡᠭᠡ ᠠᠴᠠ ᠪᠠᠨ ᠡᠭᠢᠯᠡᠨ ᠭᠦᠢᠭᠡᠨ | ᠨᠤᠭᠤᠭᠠᠨ ᠪᠤᠶᠤ ᠰᠢᠷᠭᠠᠯ ᠦᠡᠭᠭᠡ ᠲᠠᠢ ᠲᠤᠯᠪᠤᠰᠢᠷᠠᠵᠤ᠂ ᠭᠡᠯᠪᠡᠷᠢ ᠲᠦᠷᠰᠤ ᠨᠢ ᠵᠢᠷᠤᠮᠵᠢᠯᠡᠯ ᠦᠭᠡᠢ ᠪᠠᠶᠢᠵᠤ᠂ | ᠵᠢᠵᠢᠭ ᠨᠠᠪᠴᠢ᠂ ᠨᠡᠶᠢᠯᠡᠮᠡᠯ ᠨᠠᠪᠴᠢ ᠴᠢᠨ᠋ᠬᠠᠰᠢᠯᠠᠪᠠᠯ ᠪᠦᠭᠦ᠋ᠢᠯᠡ ᠰᠠᠯᠠᠭ᠎ᠠ ᠨᠠᠮᠠᠭ᠎ᠠ ᠶᠢ ᠠᠭᠠᠵᠢᠮ ᠢᠶᠠᠷ ᠭᠦᠨᠦᠭᠡᠳᠡᠭ᠃ | ᠲᠠᠷᠬᠠᠯᠳᠠ ᠶᠢᠨ ᠤᠷᠤᠨ ᠨᠢ ᠭᠡᠪᠡᠯ ᠪᠦᠬᠦ ᠪᠦᠮᠪᠤᠷᠴᠡᠭ ᠤᠨ ᠴᠢᠨᠠᠷ ᠲᠠᠢ ᠪᠠᠶᠢᠨ᠎ᠠ᠃ | ᠭᠡᠮ ᠤᠨ ᠤᠨᠴᠠᠯᠢᠭ᠄ ᠲᠤᠯᠠᠭᠠᠨ ᠪᠦᠯᠢᠶᠠᠨ ᠴᠢᠭᠢᠭ ᠨᠦᠢᠳᠠᠨ ᠠᠭᠤᠷ ᠠᠮᠢᠰᠬᠤᠯ ᠤᠨ ᠨᠦᠭᠦᠴᠡᠯ ᠲᠤᠤᠷ᠎ᠠ | ᠲᠡᠯᠭᠡᠷᠡᠳᠡᠭ ᠪᠦᠭᠡᠳ ᠮᠠᠨ ᠤ ᠤᠯᠤᠰ ᠤᠨ ᠪᠠᠷᠠᠭᠤᠨ ᠬᠤᠶᠢᠳᠤ ᠶᠢᠨ ᠦᠨᠳᠦᠷᠯᠢᠭ ᠭᠠᠩ ᠬᠠᠭᠤᠷᠠᠢ ᠪᠠ ᠬᠠᠭᠠᠰ ᠭᠠᠩ | ᠬᠠᠭᠤᠷᠠᠢ ᠭᠠᠵᠠᠷ ᠤᠷᠤᠨ ᠳᠤ ᠭᠡᠨᠡᠳᠳᠡ ᠡᠭᠦᠰᠴᠤ ᠭᠠᠮᠰᠢᠭ ᠪᠤᠯᠳᠠᠭ᠃ ᠲᠤᠰ ᠭᠡᠮ ᠪᠤᠯ ᠦᠷ᠎ᠡ ᠪᠠᠷ ᠲᠠᠮᠵᠢᠨ | ᠬᠠᠯᠳᠠᠪᠤᠷᠢᠯᠠᠳᠠᠭ᠃ ᠴᠠᠭᠠᠨ ᠭᠦᠭᠡᠴᠤ ᠭᠡᠮ ᠤᠨ ᠰᠠᠯᠠᠭᠠᠯᠠᠬᠤ ᠰᠫᠤᠷ ᠨᠢ ᠰᠠᠯᠭᠢ ᠪᠠᠷ ᠲᠠᠮᠵᠢᠨ ᠬᠠᠯᠳᠠᠪᠤᠷᠢᠯᠠᠵᠤ᠂ | ᠢᠴᠡᠭᠡᠯᠡᠭᠦ ᠰᠫᠤᠷ ᠨᠢ ᠡᠪᠤᠯ ᠭᠡᠮ ᠤᠨ ᠨᠡᠭᠡᠳᠡᠰᠤ ᠳᠤ ᠢᠴᠡᠭᠡᠯᠡᠭᠡᠳ ᠬᠠᠪᠤᠷ ᠭᠦᠪᠤᠷᠡᠵᠤ᠂ ᠭᠡᠮ ᠤᠨ ᠡᠭᠦᠰᠪᠤᠷᠢ | ᠪᠠᠺᠲ᠋ᠧᠷᠢ ᠨᠢ ᠮᠦᠭᠦ ᠶᠢᠨ ᠰᠢᠷᠭᠡᠭ ᠢᠶᠠᠷ ᠤᠷᠭᠤᠮᠠᠯ ᠤᠨ ᠪᠠᠶ᠎ᠠ ᠳᠤ ᠡᠪᠤᠯᠵᠢᠳᠡᠭ᠃ ᠭᠦᠨᠳᠤ ᠨᠤᠴᠢᠳᠡᠢ ᠭᠡᠮᠳᠦᠭᠰᠡᠨ | ᠤᠷᠭᠤᠮᠠᠯ ᠢ ᠲᠠᠷᠦ᠋ᠢᠬᠠᠨ ᠬᠠᠳᠤᠵᠤ ᠠᠷᠢᠯᠭᠠᠪᠠᠯ᠂ ᠠᠭᠤᠷ ᠠᠮᠢᠰᠬᠤᠯ ᠲᠤᠯᠠᠭᠠᠷᠬᠠᠰᠠᠨ ᠤ ᠰᠡᠭᠦᠯᠡᠷ ᠰᠢᠨ᠎ᠠ ᠪᠠᠷ | ᠤᠷᠭᠤᠬᠤ ᠡᠪᠡᠰᠤᠨ ᠳᠤ ᠭᠡᠮ ᠲᠤᠰᠳᠠᠭ ᠦᠭᠡᠢ᠃ | ︵5︶ ᠴᠠᠷᠭᠠᠰᠤ ᠶᠢᠨ ᠰᠢᠷ᠎ᠠ ᠲᠤᠯᠪᠤᠳᠤ ᠭᠡᠮ | ᠭᠡᠮ ᠤᠨ ᠢᠯᠡᠷᠡᠯ᠄ ᠡᠭᠢᠯᠡᠭᠡᠳ ᠨᠠᠪᠴᠢᠨ ᠤ ᠦᠡᠭᠭᠡᠨ ᠲᠠᠯ᠎ᠠ ᠶᠢᠨ ᠰᠤᠳᠠᠰᠤ ᠲᠠᠭᠠᠨ ᠲᠠᠷᠬᠠᠵᠤ᠂ ᠨᠢᠭᠡᠨ | ᠭᠡᠰᠡᠭ ᠪᠤᠶᠤ ᠵᠢᠵᠢᠭ ᠬᠠᠷ᠎ᠠ ᠲᠤᠯᠪᠤ ᠶᠢᠨ ᠰᠦᠷᠦᠭᠯᠡᠯ ᠪᠤᠯᠵᠤ ᠲᠦᠪᠯᠡᠷᠡᠨ᠎ᠡ᠃ ᠡᠳᠡᠭᠡᠷ ᠵᠢᠵᠢᠭ ᠬᠠᠷ᠎ᠠ ᠲᠤᠯᠪᠤ ᠪᠤᠯ | ᠲᠠᠷᠤᠢ ᠭᠡᠮ ᠤᠨ ᠡᠭᠦᠰᠪᠤᠷᠢ ᠪᠠᠺᠲ᠋ᠧᠷᠢ ᠨᠢ ᠪᠡᠯᠭᠡ ᠶᠢᠨ ᠪᠤᠰᠤ ᠦᠷᠡᠵᠢᠭᠦ ᠳᠡᠭᠡᠨ ᠰᠠᠯᠠᠭᠠᠯᠠᠬᠤ ᠰᠫᠤᠷ ᠤᠨ ᠪᠠᠭᠠᠵᠢ | ᠪᠤᠯᠳᠠᠭ᠃ ᠵᠢᠵᠢᠭ ᠬᠠᠷ᠎ᠠ ᠲᠤᠯᠪᠤ ᠲᠦᠪᠯᠡᠷᠡᠭᠰᠡᠨ ᠭᠡᠰᠡᠭ ᠲᠤ ᠨᠠᠪᠴᠢᠨ ᠤ ᠦᠡᠭᠭᠡ ᠪᠠᠭ᠋ᠠᠨ ᠭᠦᠢᠭᠡᠨ ᠪᠤᠯᠵᠤ᠂ | ᠵᠠᠯᠭᠠᠭᠠᠳ ᠭᠦᠷᠡᠩ ᠪᠤᠶᠤ ᠬᠠᠷ᠎ᠠ ᠭᠦᠷᠡᠩ ᠦᠡᠭᠭᠡ ᠲᠠᠢ ᠨᠡᠯᠢᠶᠡᠳ ᠲᠤᠮᠤ ᠭᠡᠯᠪᠡᠷᠢ ᠶᠢᠨ ᠬᠠᠳᠠᠮᠠᠯ ᠲᠤᠯᠪᠤ ᠪᠤᠯᠵᠤ | ᠬᠤᠪᠢᠷᠠᠳᠠᠭ᠃ ᠭᠡᠮ ᠤᠨ ᠲᠤᠯᠪᠤ ᠨᠢ ᠮᠡᠳᠡᠭᠳᠡᠮ᠎ᠠ ᠭᠦᠪᠡᠭᠡ ᠦᠭᠡᠢ᠂ ᠲᠤᠠᠠᠳᠠᠮᠠᠯ ᠭᠡᠯᠪᠡᠷᠢ ᠲᠦᠷᠰᠤ ᠦᠭᠡᠢ᠂ ᠤᠯᠠᠩᠭᠢ | ᠨᠢ ᠨᠠᠪᠴᠢᠨ ᠤ ᠰᠤᠳᠠᠰᠤ ᠶᠢ ᠲᠠᠭᠠᠠᠠᠰᠠᠨ ᠨᠡᠯᠢᠶᠡᠳ ᠦᠷᠭᠡᠨ ᠵᠤᠷᠪᠤᠰ ᠲᠤᠯᠪᠤ ᠪᠠᠶᠢᠵᠤ᠂ ᠵᠠᠷᠢᠮ ᠨᠢ ᠪᠠᠰᠠ | ᠲᠠᠪᠢᠭᠦᠷ ᠤᠨ ᠭᠡᠯᠪᠡᠷᠢᠳᠤ ᠲᠤᠯᠪᠤ ᠪᠤᠶᠤ ᠲᠤᠭᠤᠷᠢᠭ ᠲᠤᠯᠪᠤ ᠲᠠᠢ ᠪᠠᠶᠢᠵᠤ᠂ ᠡᠭᠦᠨ ᠢᠶᠠᠷ ᠲᠠᠮᠵᠢᠨ ᠭᠡᠮ ᠲᠠᠢ ᠨᠠᠪᠴᠢ | ᠨᠢ ᠬᠠᠳᠠᠵᠤ ᠬᠤᠮᠦ᠋ᠢᠵᠤ᠂ ᠶᠡᠭᠡ ᠪᠠᠷ ᠵᠤᠯᠭᠠᠷᠠᠨ ᠤᠨᠠᠳᠠᠭ ᠪᠠᠶᠢᠨ᠎ᠠ᠃ | ᠲᠠᠷᠬᠠᠴᠠ ᠨᠢ ᠭᠡᠪᠡᠯ ᠲᠠᠯᠠᠭᠡᠢ ᠲᠠᠶᠠᠭᠠᠷ ᠲᠦᠭᠡᠵᠤ ᠪᠠᠶᠢᠨ᠎ᠠ᠃ | ᠭᠡᠮ ᠤᠨ ᠤᠠᠴᠠᠯᠢᠭ᠄ ᠭᠡᠮ ᠤᠨ ᠭᠦᠨᠦᠭᠡᠯ ᠨᠢ ᠵᠠᠷᠢᠮ ᠦᠶ᠎ᠠ ᠳᠤ ᠪᠡᠯᠭᠡ ᠶᠢᠨ ᠤᠭᠤᠳᠠᠳᠤ ᠰᠫᠤᠷ ᠲᠤ | ᠲᠦᠰᠢᠭᠯᠡᠨ ᠬᠠᠯᠳᠠᠪᠤᠷᠢᠯᠠᠵᠤ᠂ ᠬᠠᠪᠤᠷ ᠤᠨ ᠰᠡᠭᠦᠯᠴᠢ ᠪᠠᠷ ᠰᠫᠤᠷ ᠤᠨ ᠤᠭᠤᠳᠠᠳᠤ ᠲᠠᠪᠠᠭ ᠠᠴᠠ ᠦᠨᠳᠡᠭᠡᠨ ᠭᠡᠯᠪᠡᠷᠢ | ᠲᠠᠢ᠂ ᠦᠡᠭᠭᠡ ᠦᠭᠡᠢ ᠰᠫᠤᠷ ᠭᠠᠷᠭᠠᠵᠤ᠂ ᠡᠨᠡ ᠨᠢ ᠰᠠᠯᠭᠢᠨ ᠢ ᠲᠠᠭᠠᠨ ᠬᠠᠯᠳᠠᠪᠤᠷᠢᠯᠠᠳᠠᠭ᠃ ᠪᠤᠰᠤᠳ ᠨᠠᠪᠴᠢᠨ ᠤ | ᠭᠡᠮ ᠲᠠᠢ ᠡᠪᠡᠰᠤ ᠶᠢ ᠰᠢᠢᠳᠪᠤᠷᠢᠯᠡᠭᠦ ᠲᠠᠢ ᠠᠳᠠᠯᠢ ᠪᠠᠷ ᠨᠠᠪᠴᠢ ᠨᠢ ᠶᠡᠭᠡ ᠪᠠᠷ ᠵᠤᠯᠭᠠᠷᠠᠬᠤ ᠠᠴᠠ ᠨᠢ ᠡᠮᠦᠨ᠎ᠠ | ᠬᠠᠳᠤᠬᠤ ᠪᠤᠶᠤ ᠮᠠᠯ ᠪᠠᠯᠴᠢᠭᠡᠷᠯᠡᠭᠦᠯᠪᠡᠯ᠂ ᠲᠠᠭᠢᠨ ᠤᠷᠭᠤᠬᠤ ᠡᠪᠡᠰᠤᠨ ᠤ ᠭᠡᠮᠳᠤᠬᠦ ᠨᠤᠷᠮ᠎ᠠ ᠶᠢ ᠪᠠᠭᠤᠷᠠᠭᠤᠯᠬᠤ ᠳᠤ | ᠲᠤᠰᠠᠳᠠᠢ ᠶᠤᠮ᠃ | ︵6︶ ᠴᠠᠷᠭᠠᠰᠤ ᠶᠢᠨ ᠮᠦᠭᠦ ᠶᠢᠨ ᠪᠦᠭᠡᠮ ᠭᠡᠮ | ᠭᠡᠮ ᠤᠨ ᠢᠯᠠᠷᠠᠯ᠄ ᠭᠤᠤᠯ ᠨᠢ ᠨᠠᠪᠴᠢᠨ ᠤ ᠭᠦᠪᠡᠭᠡ ᠠᠴᠠ ᠡᠭᠢᠯᠡᠨ ᠵᠢᠷᠤᠮᠵᠢᠯ ᠦᠭᠡᠢ ᠪᠠᠷ | ᠤᠰᠤᠳᠤᠵᠤ᠂ ᠠᠭᠠᠵᠢᠮ ᠢᠶᠠᠷ ᠲᠤᠭᠤᠷᠢᠭ ᠪᠤᠶᠤ ᠵᠢᠷᠤᠮᠵᠢᠯᠠᠯ ᠦᠭᠡᠢ ᠲᠤᠯᠪᠤ ᠪᠤᠯᠵᠤ᠂ ᠲᠤᠯᠪᠤ ᠶᠢᠨ ᠲᠤᠮᠳᠠ ᠨᠢ | ᠴᠠᠶᠢᠪᠤᠷ ᠭᠦᠷᠡᠩ ᠪᠤᠶᠤ ᠬᠠᠷ᠎ᠠ ᠭᠦᠷᠡᠩ ᠦᠡᠭᠭᠡ ᠭᠠᠷᠴᠤ᠂ ᠦᠨᠳᠤᠰᠤ ᠡᠰᠢ ᠵᠢᠴᠢ ᠦᠨᠳᠤᠰᠤᠨ ᠰᠢᠰᠲ᠋ᠧᠮ ᠨᠢ | ᠤᠰᠤᠳᠤᠵᠦ ᠢᠯᠵᠠᠷᠠᠵᠤ᠂ ᠦᠨᠳᠤᠰᠤ ᠡᠰᠢ ᠶᠢᠨ ᠭᠡᠮ ᠤᠨ ᠬᠤᠪᠢᠷᠠᠯ ᠤᠨ ᠭᠡᠰᠡᠭ ᠲᠤᠨᠢ 3~7cm ᠤᠨ ᠴᠠᠭᠠᠨ | ᠦᠡᠭᠭᠡ ᠲᠠᠢ ᠤᠡᠭᠭᠠᠷᠢᠯᠯᠢᠬ ᠮᠦᠭᠦ ᠶᠢᠨ ᠰᠢᠷᠭᠡᠭ ᠤᠨ ᠴᠤᠠᠠᠴᠠ ᠲᠠᠢ ᠪᠤᠯᠳᠠᠭ᠃ | ᠭᠡᠮ ᠤᠨ ᠤᠨᠴᠠᠯᠢᠭ᠄ ᠮᠦᠭᠦ ᠶᠢᠨ ᠪᠦᠭᠡᠮ ᠤᠨ ᠭᠡᠮ ᠪᠤᠯ ᠤᠯᠠᠩᠭᠢ ᠳᠠᠭᠠᠨ ᠪᠦᠷᠭᠦᠭ ᠪᠤᠷᠤᠭᠠᠨ | ᠦᠷᠭᠦᠯᠵᠢᠯᠡᠭᠰᠡᠨ ᠬᠠᠪᠤᠷ ᠡᠭᠦᠰᠴᠤ᠂ ᠭᠡᠮᠳᠤᠬᠦ ᠨᠢ ᠲᠦᠷᠭᠡᠨ᠂ ᠭᠦᠨᠦᠭᠡᠯ ᠨᠢ ᠶᠡᠭᠡ ᠪᠠᠶᠢᠳᠠᠭ᠃ ᠡᠨᠡ ᠭᠡᠮ ᠪᠤᠯ | ᠦᠷ᠎ᠡ ᠪᠠᠷ ᠲᠠᠮᠵᠢᠨ ᠬᠠᠯᠳᠠᠪᠤᠷᠢᠯᠠᠳᠠᠭ ᠪᠤᠯᠬᠤᠷ ᠦᠷ᠎ᠡ ᠰᠤᠩᠭᠤᠬᠤ ᠪᠤᠭᠤᠮᠳᠠ ᠶᠢ ᠰᠠᠶᠢᠳᠤᠷ ᠠᠳᠬᠤᠬᠤ ᠨᠢ ᠲᠤᠰ | ᠭᠡᠮ ᠢ ᠰᠡᠷᠭᠡᠶᠢᠯᠡᠨ ᠵᠠᠰᠠᠬᠤ ᠶᠢᠨ ᠵᠠᠩᠭᠢᠯᠠᠭ᠎ᠠ ᠪᠤᠯᠤᠨ᠎ᠠ᠃ | ︵7︶ ᠴᠠᠷᠭᠠᠰᠤ ᠶᠢᠨ ᠦᠨᠳᠤᠰᠤ ᠢᠯᠵᠡᠷᠡᠬᠤ ᠭᠡᠮ | ᠭᠡᠮ ᠤᠨ ᠢᠯᠡᠷᠡᠯ᠄ ᠶᠠᠷᠤ ᠳᠡᠭᠡᠨ ᠡᠪᠤᠯᠵᠢᠭᠡᠳ ᠲᠠᠭᠢᠵᠤ ᠨᠤᠭᠤᠭᠠᠷᠬᠠᠰᠠᠨ ᠠᠴᠠ ᠬᠤᠶᠢᠰᠢ ᠦᠭᠦᠭᠰᠡᠨ | ᠤᠷᠭᠤᠮᠠᠯ ᠪᠤᠶᠤ ᠬᠠᠭᠠᠰ ᠦᠭᠦᠭᠰᠡᠨ ᠤᠷᠭᠤᠮᠠᠯ ᠤᠨ ᠲᠡᠭᠡᠷ᠎ᠡ ᠠᠴᠠ ᠲᠤᠰ ᠭᠡᠮ ᠢ ᠤᠯᠵᠤ ᠬᠠᠷᠠᠳᠠᠭ᠃ ᠡᠪᠡᠳᠴᠢᠯᠡᠭᠦ | ᠭᠡᠰᠡᠭ ᠨᠢ ᠤᠯᠠᠩᠭᠢ ᠳᠠᠭᠠᠨ ᠦᠨᠳᠤᠰᠤᠨ ᠭᠡᠰᠡᠭ ᠪᠠ ᠦᠨᠳᠤᠰᠤ ᠶᠢᠨ ᠭᠦᠵᠦᠭᠦᠨ ᠭᠡᠰᠡᠭ ᠲᠤ ᠢᠯᠡᠷᠡᠳᠡᠭ᠃ ᠭᠡᠮ | ᠲᠠᠢ ᠡᠰᠢ ᠶᠢᠨ ᠰᠢᠨ᠎ᠠ ᠰᠠᠯᠠᠭ᠎ᠠ ᠨᠢ ᠪᠠᠭᠠᠰᠴᠤ᠂ ᠨᠠᠪᠴᠢ ᠨᠢ ᠵᠢᠵᠢᠭᠷᠡᠵᠤ᠂ ᠭᠡᠨᠡᠳᠳᠡ ᠦᠨᠳᠤᠰᠤᠨ ᠤ ᠲᠦᠪ ᠭᠡᠰᠡᠭ | ᠨᠢ ᠢᠯᠵᠠᠷᠠᠭᠠᠳ ᠭᠦᠨᠳᠡᠢ ᠪᠤᠯᠳᠠᠭ᠃ ᠭᠡᠮ ᠲᠠᠢ ᠦᠨᠳᠤᠰᠤ ᠪᠤᠯᠤᠨ ᠦᠨᠳᠤᠰᠤᠨ ᠤ ᠭᠦᠵᠦᠭᠦᠨ ᠭᠡᠰᠡᠭ ᠲᠤ᠂ ᠵᠠᠷᠢᠮ | ᠦᠶ᠎ᠠ ᠳᠤ ᠴᠠᠭᠠᠨ ᠦᠡᠭᠭᠡ ᠶᠢᠨ ᠭᠦᠭᠡᠴᠤ ᠢᠯᠠᠷᠠᠵᠤ᠂ ᠵᠤᠯᠭᠠᠭᠠᠵᠤ ᠠᠪᠬᠤ ᠳᠤ ᠠᠮᠠᠷᠬᠠᠨ ᠪᠠᠶᠢᠳᠠᠭ᠃ ᠲᠤᠰ ᠭᠡᠮ | ᠪᠤᠯ ᠲᠤᠳᠤᠷᠭ᠎ᠠ ᠶᠢᠨ ᠴᠤᠬᠤᠷᠳᠤ ᠭᠡᠮ ᠤᠨ ᠮᠦᠭᠦ᠂ ᠬᠠᠳᠤᠭᠤᠷ ᠮᠦᠭᠦ ᠶᠢᠨ ᠲᠦᠷᠦᠯ ᠳᠤ ᠬᠠᠷᠢᠶᠠᠯᠬᠠᠳᠠᠨ᠎ᠠ᠃ | ᠰᠡᠷᠭᠡᠶᠢᠯᠡᠨ ᠵᠠᠰᠠᠬᠤ ᠠᠷᠭ᠎ᠠ ᠨᠢ 3% ᠶᠢᠨ ᠭᠤᠸᠠᠩ ᠺᠦ᠋ ᠯᠢᠩ ︵广枯灵︶ ᠤᠰᠤᠨ ᠡᠮ ᠢ | ᠭᠡᠷᠡᠭᠯᠡᠨ᠎ᠠ᠃ | ︵8︶ ᠡᠰᠢ ᠬᠠᠷᠠᠯᠠᠬᠤ ᠭᠡᠮ | ᠭᠡᠮ ᠤᠨ ᠢᠯᠠᠷᠠᠯ᠄ ᠲᠤᠰ ᠭᠡᠮ ᠪᠤᠯ ᠡᠰᠢᠨ ᠤ ᠭᠡᠰᠡᠭ ᠲᠤ ᠮᠠᠰᠢ ᠢᠯᠡᠷᠭᠡᠢ ᠪᠠᠶᠢᠵᠤ᠂ ᠶᠠᠷᠦᠩᠭᠡᠢ ᠳᠡᠭᠡᠨ | ᠤᠷᠳᠤᠯᠵᠢᠨ ᠪᠤᠶᠤ ᠵᠢᠷᠤᠮᠵᠢᠯ ᠦᠭᠡᠢ ᠭᠡᠯᠪᠡᠷᠢ ᠪᠦᠭᠦᠢ ᠲᠤᠯᠪᠤᠷᠠᠵᠤ᠂ ᠭᠦᠪᠡᠭᠡ ᠨᠢ ᠲᠤᠳᠤᠷᠬᠠᠢ᠂ ᠭᠦᠨ ᠭᠦᠷᠡᠩ᠂ | ᠬᠠᠷ᠎ᠠ ᠦᠡᠭᠭᠡ ᠲᠠᠢ᠂ ᠰᠡᠭᠦᠯ ᠤᠨ ᠦᠶ᠎ᠠ ᠳᠤ ᠲᠤᠯᠪᠤ ᠶᠢᠨ ᠲᠤᠮᠳᠡᠭᠢ ᠨᠢ ᠴᠠᠶᠢᠪᠤᠷ ᠪᠤᠯᠵᠤ᠂ ᠴᠠᠶᠢᠪᠤᠷ ᠪᠤᠶᠤ ᠴᠠᠭᠠᠨ | ᠦᠡᠭᠭᠡ ᠲᠠᠢ ᠪᠤᠯᠵᠤ ᠬᠤᠪᠢᠷᠠᠳᠠᠭ᠃ ᠵᠠᠷᠢᠮ ᠦᠶ᠎ᠠ ᠳᠤ ᠲᠤᠯᠪᠤ ᠶᠢᠨ ᠲᠤᠮᠳᠠ ᠭᠡᠰᠡᠭ ᠲᠤ ᠵᠢᠵᠢᠭ ᠬᠠᠷ᠎ᠠ ᠴᠡᠭ | ᠭᠠᠷᠴᠤ᠂ ᠲᠤᠬᠠᠶᠢᠯᠠᠪᠠᠯ ᠭᠡᠮ ᠡᠭᠦᠰᠭᠡᠭᠴᠢ ᠪᠠᠺᠲ᠋ᠧᠷᠢ ᠶᠢᠨ ᠰᠠᠯᠠᠭᠠᠯᠠᠬᠤ ᠰᠫᠤᠷ ᠤᠨ ᠰᠠᠪᠠ ᠪᠤᠯᠵᠤ᠂ ᠨᠠᠪᠴᠢᠨ ᠤ | ᠪᠠᠷᠢᠭᠤᠯ ᠨᠢ ᠴᠤ ᠭᠦᠷᠡᠩ ᠪᠤᠶᠤ ᠬᠠᠷ᠎ᠠ ᠦᠡᠭᠭᠡ ᠶᠢᠨ ᠲᠤᠯᠪᠤ ᠲᠠᠢ ᠪᠤᠯᠵᠤ᠂ ᠨᠠᠪᠴᠢᠨ ᠲᠡᠭᠡᠷ᠎ᠠ ᠨᠢ ᠶᠡᠭᠡ | ᠭᠡᠮᠵᠢᠶᠠᠨ ᠤ ᠰᠠᠯᠠᠭᠠᠯᠠᠬᠤ ᠰᠫᠤᠷ ᠤᠨ ᠰᠠᠪᠠ ᠪᠤᠢ ᠪᠤᠯᠳᠠᠭ᠃ ᠬᠤᠸᠠᠷ ᠨᠢ ᠭᠡᠮᠳᠦᠭᠰᠡᠨ ᠤ ᠰᠡᠭᠦᠯᠡᠷ ᠬᠠᠷ᠎ᠠ ᠭᠦᠷᠡᠩ | ᠦᠡᠭᠭᠡ ᠶᠢᠨ ᠲᠤᠯᠪᠤᠨ ᠭᠡᠰᠡᠭ ᠲᠠᠢ ᠪᠤᠯᠵᠤ᠂ ᠭᠦᠨᠳᠦᠷᠡᠭᠦ ᠦᠶᠡᠰ ᠬᠤᠸᠠᠷ ᠴᠡᠴᠡᠭ ᠨᠢ ᠬᠠᠳᠠᠵᠤ ᠦᠭᠦᠳᠡᠭ᠃ | ᠭᠡᠮ ᠤᠨ ᠤᠨᠴᠠᠯᠢᠭ᠄ ᠲᠤᠰ ᠭᠡᠮ ᠪᠤᠯ ᠦᠷ᠎ᠡ ᠪᠠᠷ ᠲᠠᠮᠵᠢᠨ ᠬᠠᠯᠳᠠᠪᠤᠷᠢᠯᠠᠳᠠᠭ᠃ ᠭᠡᠮ ᠤᠨ ᠪᠠᠺᠲ᠋ᠧᠷᠢ ᠨᠢ | ᠲᠠᠷᠢᠶᠠᠨ ᠲᠤᠮᠳᠠ ᠢᠴᠡᠭᠡᠯᠡᠭᠰᠡᠨ ᠮᠦᠭᠦ ᠶᠢᠨ ᠰᠢᠷᠭᠡᠭᠳᠤ ᠪᠡᠶ᠎ᠠ ᠪᠤᠶᠤ ᠰᠠᠯᠠᠭᠠᠯᠠᠬᠤ ᠰᠫᠤᠷ ᠤᠨ ᠰᠠᠪᠠ ᠶᠢᠨ ᠭᠡᠯᠪᠡᠷᠢ ᠪᠠᠷ | ᠵᠡᠷᠡᠮᠳᠡᠭ ᠪᠡᠶ᠎ᠡ ᠲᠡᠭᠡᠷ᠎ᠡ ᠡᠪᠤᠯᠵᠢᠳᠡᠭ᠃ ᠤᠰᠤᠯᠠᠯᠳᠠ ᠪᠠ ᠪᠤᠷᠤᠭᠠᠨ ᠤ ᠤᠰᠤ ᠪᠠᠷ ᠴᠤ ᠲᠠᠮᠵᠢᠨ ᠬᠠᠯᠳᠠᠪᠤᠷᠢᠯᠠᠳᠠᠭ | ᠪᠠᠶᠢᠨ᠎ᠠ᠃ | ᠰᠠᠷᠭᠡᠶᠢᠯᠡᠨ ᠵᠠᠰᠠᠬᠤ ᠠᠷᠭ᠎ᠠ ᠭᠡᠪᠡᠯ ᠤᠷᠢᠳᠴᠢᠯᠠᠨ ᠬᠠᠳᠤᠬᠤ ᠪᠤᠯ ᠲᠤᠰ ᠭᠡᠮ ᠢ ᠰᠡᠷᠭᠡᠶᠢᠯᠡᠨ ᠵᠠᠰᠠᠬᠤ ᠶᠢᠨ | ᠪᠦᠳᠦᠮᠵᠢᠳᠡᠢ ᠠᠷᠭ᠎ᠠ ᠵᠠᠮ ᠪᠤᠯᠤᠨ᠎ᠠ᠃ | ︵9︶ ᠭᠦᠭᠡᠴᠤᠳᠤ ᠨᠠᠪᠴᠢ ᠲᠤᠯᠪᠤᠰᠢᠷᠠᠬᠤ ᠭᠡᠮ | ᠭᠡᠮ ᠤᠨ ᠢᠯᠠᠷᠠᠯ᠄ ᠨᠠᠪᠴᠢ ᠨᠢ ᠶᠡᠭᠡ ᠭᠡᠮᠵᠢᠶ᠎ᠠ ᠪᠠᠷ ᠵᠤᠯᠭᠠᠷᠠᠨ ᠤᠨᠠᠨ᠎ᠠ᠃ ᠨᠠᠪᠴᠢᠨ ᠤ ᠪᠠᠷᠢᠭᠤᠯ᠂ ᠡᠰᠢ᠂ | ᠪᠠᠭ ᠴᠡᠴᠡᠭ ᠪᠤᠯᠤᠨ ᠪᠤᠭᠤᠷᠴᠠᠭ ᠤᠨ ᠭᠡᠰᠡᠭ ᠨᠢ ᠴᠦᠮ ᠨᠡᠷᠪᠡᠭᠳᠡᠳᠡᠭ᠃ ᠨᠠᠪᠴᠢᠨ ᠤ ᠭᠡᠰᠡᠭ ᠤᠨ ᠭᠡᠮ ᠤᠨ ᠲᠤᠯᠪᠤ | ᠨᠢ ᠵᠤᠤᠪᠠᠩ ᠭᠡᠯᠪᠡᠷᠢ ᠲᠠᠢ᠂ ᠪᠠᠬ᠎ᠠ ᠰᠢᠭᠢᠳᠴᠤ᠂ ᠭᠦᠷᠡᠩ ᠦᠡᠭᠭᠡ ᠲᠠᠢ᠂ ᠲᠦᠪ ᠭᠡᠰᠡᠭ ᠤᠨ ᠦᠡᠭᠭᠡ ᠨᠢ ᠪᠠᠭ᠋ᠠᠨ | ᠴᠠᠶᠢᠪᠤᠷ᠂ ᠭᠦᠪᠡᠭᠡ ᠨᠢ ᠲᠤᠳᠤᠷᠬᠠᠢ ᠦᠭᠡᠢ ᠪᠠᠶᠢᠳᠠᠭ᠃ ᠨᠡᠯᠢᠶᠡᠳ ᠠᠷᠬᠠᠭ ᠲᠤᠯᠪᠤ ᠨᠢ ᠴᠠᠭᠠᠷᠢᠭ ᠠᠷ ᠤᠨ ᠭᠡᠯᠪᠡᠷᠢ | ᠲᠠᠢ᠃ ᠭᠡᠯᠪᠡᠷᠢ ᠨᠢ ᠵᠢᠷᠤᠮᠵᠢᠯ ᠦᠭᠡᠢ ᠪᠠᠶᠢᠳᠠᠭ᠃ ᠤᠷᠭᠤᠯᠳᠠ ᠶᠢᠨ ᠡᠭᠢᠨ ᠤ ᠬᠤᠭᠤᠴᠠᠭᠠᠨ ᠳᠤ ᠭᠡᠮ ᠲᠠᠢ ᠭᠡᠰᠡᠭ | ᠨᠢ ᠰᠢᠷᠭᠠᠯ ᠦᠡᠭᠭᠡ ᠲᠠᠢ ᠪᠠᠶᠢᠵᠤ᠂ ᠲᠡᠭᠦᠨ ᠤ ᠲᠡᠭᠡᠷ᠎ᠡ ᠮᠠᠰᠢ ᠤᠯᠠᠨ ᠬᠠᠭᠤᠷᠮᠠᠭ ᠰᠫᠤᠷ ᠤᠨ ᠤᠭᠤᠳᠠ ᠲᠠᠢ ᠪᠠᠶᠢᠵᠤ | ᠂ ᠵᠤᠨ ᠤ ᠡᠭᠢᠨ ᠠᠴᠠ ᠬᠤᠶᠢᠰᠢ ᠭᠡᠵᠢᠶᠡᠳᠡ ᠬᠠᠷ᠎ᠠ ᠦᠡᠭᠭᠡ ᠶᠢᠨ ᠭᠦᠭᠡᠴᠤ ᠡᠳ᠋ ᠪᠤᠯᠳᠠᠭ᠃ ᠭᠡᠮ ᠲᠠᠢ ᠨᠠᠪᠴᠢ ᠨᠢ | ᠡᠭᠢᠨ ᠳᠡᠭᠡᠨ ᠦᠡᠭᠭᠡ ᠨᠢ ᠤᠨᠠᠵᠤ᠂ ᠦᠨᠡᠰᠤᠨ ᠦᠡᠭᠭᠡ ᠲᠠᠢ ᠪᠤᠯᠵᠤ᠂ ᠵᠠᠯᠭᠠᠭᠠᠳ ᠵᠤᠯᠭᠠᠷᠠᠵᠤ ᠦᠭᠦᠳᠡᠭ᠃ ᠡᠰᠢ | ᠪᠤᠯᠤᠨ ᠨᠠᠪᠴᠢᠨ ᠤ ᠪᠠᠷᠢᠭᠤᠯ ᠤᠨ ᠭᠡᠮ ᠤᠨ ᠲᠤᠯᠪᠤ ᠨᠢ ᠵᠤᠨ ᠤ ᠡᠭᠢᠨ ᠳᠤ ᠢᠯᠡᠷᠡᠵᠤ᠂ ᠬᠠᠷ᠎ᠠ ᠦᠡᠭᠭᠡ ᠶᠢᠨ | ᠤᠳᠠᠰᠤᠯᠢᠭ ᠭᠡᠯᠪᠡᠷᠢ ᠲᠠᠢ ᠪᠠᠶᠢᠵᠤ᠂ ᠴᠢᠭᠢᠭ ᠨᠦᠢᠳᠡᠨ ᠤᠯᠠᠷᠢᠯ ᠳᠤ ᠲᠤᠯᠪᠤ ᠨᠢ ᠶᠡᠭᠡᠳᠴᠤ᠂ ᠡᠰᠢ ᠨᠢ ᠨᠢᠴᠦᠭᠦᠷᠡᠵᠤ | ᠂ ᠦᠭᠦᠵᠤ ᠰᠦᠢᠳᠳᠡᠭ᠃ | ᠭᠡᠮ ᠤᠨ ᠤᠨᠴᠠᠯᠢᠭ᠄ ᠲᠤᠯᠠᠭᠠᠨ ᠴᠢᠭᠢᠭᠯᠢᠭ ᠨᠠᠮᠤᠷ ᠵᠤᠨ ᠤ ᠤᠯᠠᠷᠢᠯ ᠳᠤ ᠭᠡᠵᠢᠶᠡᠳᠡ ᠭᠦᠨᠳᠤ ᠨᠤᠴᠢᠳᠡᠢ | ᠬᠤᠭᠢᠷᠠᠯ ᠤᠴᠠᠷᠠᠭᠤᠯᠳᠠᠭ᠃ ᠤᠷᠭᠤᠯᠳᠠ ᠶᠢᠨ ᠰᠡᠭᠦᠯᠴᠢ ᠶᠢᠨ ᠬᠤᠭᠤᠴᠠᠭᠠᠨ ᠳᠤ ᠭᠡᠮ ᠡᠭᠦᠰᠭᠡᠭᠴᠢ ᠪᠠᠺᠲ᠋ᠧᠷᠢ ᠨᠢ | ᠪᠠᠭ ᠴᠡᠴᠡᠭ ᠵᠢᠴᠢ ᠦᠷ᠎ᠡ ᠳᠤ ᠬᠠᠯᠳᠠᠪᠤᠷᠢᠯᠠᠵᠤ᠂ ᠨᠡᠶᠢᠳᠡᠯᠢᠭ ᠪᠤᠭᠤᠷᠴᠠᠭ ᠤᠨ ᠬᠠᠯᠳᠠᠪᠤᠷᠢᠯᠠᠯ ᠨᠢ ᠪᠤᠭᠤᠷᠴᠠᠭ ᠢ | ᠰᠤᠨᠢᠨ ᠭᠡᠯᠪᠡᠷᠢ ᠲᠠᠢ ᠪᠤᠯᠭᠠᠳᠠᠭ᠃ ᠬᠠᠯᠳᠠᠪᠤᠷᠢᠯᠬᠠᠳ᠋ᠬᠠᠰᠠᠨ ᠦᠷ᠎ᠡ ᠨᠢ ᠵᠠᠷᠢᠮ ᠳᠠᠭᠠᠨ ᠪᠠᠰᠠ ᠠᠪᠴᠢᠵᠤ ᠦᠷᠴᠶᠢᠨ | ᠬᠠᠷ᠎ᠠ ᠦᠡᠭᠭᠡ ᠲᠠᠢ ᠪᠤᠯᠳᠠᠭ ᠪᠤᠯᠪᠠᠴᠤ ᠤᠯᠠᠩᠭᠢ ᠶᠢᠨ ᠭᠢᠨᠢ ᠭᠠᠳᠠᠷ ᠪᠠᠶᠢᠳᠠᠯ ᠨᠢ ᠲᠤᠳᠤ ᠦᠭᠡᠢ ᠪᠠᠶᠢᠳᠠᠭ᠃ | ᠭᠡᠮ ᠤᠨ ᠭᠦᠨᠦᠭᠡᠯ ᠲᠠᠢ ᠲᠠᠷᠢᠶᠠᠨ ᠭᠠᠵᠠᠷ ᠤᠨ ᠭᠤᠤᠯ ᠨᠢ ᠰᠠᠯᠭᠢ ᠪᠤᠷᠤᠭᠠᠨ ᠢᠶᠠᠷ ᠬᠠᠯᠳᠠᠪᠤᠷᠢᠯᠠᠵᠤ᠂ | ᠵᠢᠩᠭᠢᠨᠢ ᠮᠦᠭᠦ ᠲᠠᠢ ᠦᠷ᠎ᠡ ᠪᠤᠯ ᠭᠡᠮ ᠤᠨ ᠭᠦᠨᠦᠭᠡᠯ ᠬᠤᠯᠠ ᠠᠴᠠ ᠬᠠᠯᠳᠠᠪᠤᠷᠢᠯᠠᠳᠠᠭ ᠤᠨ ᠭᠤᠤᠯ ᠭᠡᠯᠪᠡᠷᠢ ᠪᠤᠯᠤᠨ᠎ᠠ᠃ | | ᠰᠡᠷᠭᠡᠶᠢᠯᠡᠨ ᠵᠠᠰᠠᠬᠤ ᠠᠷᠭ᠎ᠠ᠄ ᠭᠡᠮ ᠢ ᠲᠠᠷᠤᠬᠤ ᠰᠤᠷᠲ ᠢ ᠰᠤᠩᠭᠤᠬᠤ ᠶᠢᠨ ᠬᠠᠮᠳᠤ ᠭᠡᠮ ᠲᠠᠢ | ᠤᠷᠭᠤᠮᠠᠯ ᠢᠶᠠᠨ ᠲᠠᠷᠦ᠋ᠢᠬᠠᠨ ᠬᠠᠳᠤᠬᠤ ᠭᠡᠷᠡᠭᠳᠡᠢ᠃ | ︵10︶ ᠴᠠᠷᠭᠠᠰᠤ ᠶᠢᠨ ᠴᠠᠭᠠᠨ ᠲᠤᠭᠤᠰᠤᠳᠤ ᠭᠡᠮ | ᠭᠡᠮ ᠤᠨ ᠢᠯᠠᠷᠠᠯ᠄ ᠭᠡᠮ ᠲᠠᠢ ᠤᠷᠭᠤᠮᠠᠯ ᠤᠨ ᠨᠠᠪᠴᠢᠨ ᠤ ᠬᠤᠶᠠᠷ ᠲᠠᠯ᠎ᠠ᠂ ᠡᠰᠢ ᠶᠢᠨ ᠭᠡᠰᠡᠭ᠂ ᠨᠠᠪᠴᠢᠨ ᠤ | ᠪᠠᠷᠢᠭᠤᠯ ᠪᠤᠯᠤᠨ ᠪᠤᠭᠤᠷᠴᠠᠭ ᠤᠨ ᠲᠡᠭᠡᠷ᠎ᠡ ᠴᠠᠭᠠᠨ ᠲᠤᠭᠤᠰᠤᠨ ᠮᠠᠨᠠᠨ ᠲᠠᠪᠬᠤᠷᠭ᠎ᠠ ᠰᠠᠭᠤᠵᠤ᠂ ᠠᠭᠠᠯᠵᠢ ᠶᠢᠨ ᠲᠤᠤᠷ | ᠰᠢᠬ ᠪᠠᠶᠢᠳᠠᠭ᠃ ᠠᠩᠬ᠎ᠠ ᠢᠯᠡᠷᠡᠭᠦ ᠳᠡᠭᠡᠨ ᠵᠢᠵᠢᠭ ᠲᠤᠭᠤᠷᠢᠭ ᠭᠡᠯᠪᠡᠷᠢ ᠲᠠᠢ ᠪᠠᠶᠢᠵᠤ᠂ ᠭᠡᠮ ᠨᠢ ᠭᠦᠨᠳᠦᠷᠡᠭᠦ ᠶᠢ | ᠲᠠᠭᠠᠯᠳᠤᠨ ᠠᠭᠠᠵᠢᠮ ᠢᠶᠠᠷ ᠪᠦᠭᠦ ᠨᠠᠪᠴᠢ ᠶᠢ ᠪᠦᠷᠭᠦᠵᠤ᠂ ᠰᠡᠭᠦᠯ ᠤᠨ ᠦᠶ᠎ᠠ ᠳᠡᠭᠡᠨ ᠰᠠᠯᠠᠭᠠᠯᠠᠬᠤ ᠰᠫᠤᠷ ᠢᠯᠡᠷᠡᠵᠤ᠂ | ᠭᠡᠮ ᠤᠨ ᠲᠤᠯᠪᠤ ᠨᠢ ᠴᠠᠭᠠᠨ ᠲᠤᠭᠤᠰᠤᠨ ᠭᠡᠯᠪᠡᠷᠢ ᠲᠠᠢ ᠪᠤᠯᠵᠤ᠂ ᠰᠡᠭᠦᠯ ᠤᠨ ᠬᠤᠭᠤᠴᠠᠭ᠎ᠠ ᠪᠤᠯᠬᠤ ᠳᠤ | ᠭᠦᠭᠡᠴᠤ ᠶᠢᠨ ᠲᠠᠪᠬᠤᠷᠭ᠎ᠠ ᠨᠢ ᠬᠦᠢᠬᠡᠨ ᠭᠦᠷᠡᠩ ᠪᠤᠶᠤ ᠦᠨᠡᠰᠤᠨ ᠦᠡᠭᠭᠡ ᠲᠠᠢ ᠪᠤᠯᠬᠤ ᠶᠢᠨ ᠲᠠᠭᠠᠤ ᠤᠯᠠᠪᠤᠷ ᠰᠢᠷ᠎ᠠ | ᠪᠤᠶᠤ ᠬᠠᠷ᠎ᠠ ᠦᠡᠭᠭᠡ ᠶᠢᠨ ᠵᠢᠵᠢᠭ ᠲᠤᠰᠤᠯ ᠪᠤᠢ ᠪᠤᠯᠵᠤ᠂ ᠭᠡᠮ ᠡᠭᠦᠰᠭᠡᠭᠴᠢ ᠪᠠᠺᠲ᠋ᠧᠷᠢ ᠶᠢᠨ ᠪᠢᠳᠡᠭᠦᠤ ᠰᠫᠤᠷ ᠤᠨ | ᠤᠭᠤᠳᠠᠳᠤ ᠪᠡᠶ᠎ᠠ ᠪᠤᠯᠳᠠᠭ᠃ | ᠲᠠᠷᠬᠠᠯᠳᠠ ᠶᠢᠨ ᠤᠷᠤᠨ ᠨᠢ ᠪᠤᠯ ᠦᠪᠤᠷ ᠮᠤᠩᠭᠤᠯ᠂ ᠭᠢᠷᠢᠨ ᠵᠡᠷᠭᠡ ᠭᠠᠵᠠᠷ ᠤᠷᠤᠨ ᠳᠤ ᠦᠷᠭᠦᠯᠵᠢ | ᠲᠡᠯᠭᠡᠷᠡᠳᠡᠭ᠃ | ᠭᠡᠮ ᠤᠨ ᠤᠨᠴᠠᠯᠢᠭ᠄ ᠨᠠᠷᠠᠨ ᠤ ᠭᠡᠷᠡᠯ ᠭᠦᠢᠴᠡᠳ᠂ ᠭᠦᠷᠦᠰᠤ ᠰᠢᠷᠤᠢ ᠭᠠᠨᠭ᠍ᠳᠠᠮᠠᠯ᠂ ᠡᠳᠤᠷ ᠰᠦᠨᠢ ᠶᠢᠨ | ᠲᠤᠯᠠᠭᠠᠨ ᠤ ᠵᠦᠷᠢᠶ᠎ᠠ ᠶᠡᠭᠡ᠂ ᠰᠠᠯᠭᠢ ᠤᠯᠠᠠᠳᠠᠢ ᠵᠡᠷᠭᠡ ᠨᠦᠭᠦᠴᠡᠯ ᠲᠤᠤᠷ᠎ᠠ ᠠᠮᠠᠷᠬᠠᠨ ᠡᠭᠦᠰᠳᠡᠭ᠃ | ᠲᠤᠰ ᠭᠡᠮ ᠨᠢ ᠪᠢᠳᠡᠭᠦᠤ ᠰᠫᠤᠷ ᠤᠨ ᠤᠭᠤᠳᠠᠳᠤ ᠪᠠᠶ᠎ᠠ ᠪᠤᠶᠤ ᠢᠴᠡᠭᠡᠯᠡᠭᠰᠡᠨ ᠮᠦᠭᠦ ᠶᠢᠨ ᠰᠢᠷᠭᠡᠭ ᠤᠨ | ᠭᠡᠮᠳᠦᠭᠰᠡᠨ ᠵᠡᠷᠡᠮᠳᠡᠭ ᠪᠠᠶ᠎ᠠ ᠶᠢ ᠲᠦᠰᠢᠭᠯᠡᠨ ᠡᠪᠤᠯᠵᠢᠵᠤ᠂ ᠲᠠᠷᠠᠭ᠎ᠠ ᠵᠢᠯ ᠤᠨ ᠭᠢᠨᠢ ᠬᠠᠪᠤᠷ ᠰᠠᠯᠠᠭᠠᠯᠠᠬᠤ ᠰᠫᠤᠷ ᠪᠤᠶᠤ | ᠤᠭᠤᠳᠠᠳᠤ ᠰᠫᠤᠷ ᠢᠶᠠᠷ ᠬᠠᠯᠳᠠᠪᠤᠷᠢᠯᠠᠳᠠᠭ᠃ | ︵11︶ ᠪᠤᠳᠤᠷᠠᠬᠤ ᠭᠡᠮ | ᠲᠤᠰ ᠭᠡᠮ ᠪᠤᠯ ᠹᠢᠽᠢᠤᠯᠦᠭᠢ ᠶᠢᠨ ᠴᠢᠨᠠᠷ ᠲᠠᠢ ᠭᠡᠮ ᠤᠨ ᠭᠦᠨᠦᠭᠡᠯ ᠳᠤ ᠬᠠᠷᠢᠶᠠᠯᠬᠠᠳᠠᠨ᠎ᠠ᠃ | ᠭᠡᠮ ᠤᠨ ᠢᠯᠠᠷᠠᠯ᠄ ᠭᠦᠷᠤᠰᠤᠨ ᠤ ᠭᠠᠳᠠᠷᠭᠤ ᠳᠠᠬᠢ ᠡᠰᠢᠨ ᠲᠡᠭᠡᠷ᠎ᠡ ᠲᠤᠮᠤ ᠪᠤᠶᠤ ᠰᠢᠭᠢᠳᠦᠭᠰᠡᠨ ᠭᠡᠮ ᠲᠠᠢ | ᠲᠤᠯᠪᠤ ᠭᠠᠷᠴᠤ᠂ ᠰᠡᠭᠦᠯ ᠳᠡᠭᠡᠨ ᠨᠢᠭᠡ ᠪᠤᠶᠤ ᠤᠯᠠᠨ ᠰᠠᠯᠠᠭ᠎ᠠ ᠮᠦᠴᠢᠷ ᠨᠢ ᠨᠢᠴᠦᠭᠦᠷᠡᠨ ᠦᠭᠦᠳᠡᠭ᠃ ᠵᠤᠨ ᠪᠤᠶᠤ | ᠨᠠᠮᠤᠷ᠂ ᠭᠦᠨ ᠨᠤᠭᠤᠭᠠᠨ ᠮᠦᠴᠢᠷ ᠤᠨ ᠬᠤᠭᠤᠷᠤᠨᠳᠤ ᠡᠪᠡᠰᠤᠨ ᠦᠡᠭᠭᠡ ᠪᠤᠶᠤ ᠴᠠᠶᠢᠪᠤᠷ ᠦᠡᠭᠭᠡ ᠲᠠᠢ ᠦᠭᠦᠯ ᠤᠨ | ᠨᠡᠭᠡᠳᠡᠰᠤ ᠤᠷᠤᠰᠢᠵᠤ ᠪᠠᠶᠢᠳᠠᠭ᠃ ᠲᠤᠰ ᠭᠡᠮ ᠤᠨ ᠦᠨᠳᠤᠰᠤ ᠡᠰᠢ ᠶᠢᠨ ᠢᠯᠵᠠᠷᠠᠬᠤ ᠱᠠᠳᠤᠨ ᠤ ᠤᠨᠴᠠᠯᠢᠭ ᠨᠢ ᠪᠤᠯ | ᠭᠡᠮᠳᠤᠭ᠍ᠰᠡᠨ ᠨᠡᠭᠡᠳᠡᠰᠤ ᠨᠢ ᠬᠠᠷ᠎ᠠ ᠪᠤᠶᠤ ᠭᠦᠭᠡ ᠲᠤᠯᠪᠤ ᠲᠠᠢ ᠪᠤᠯᠳᠠᠭ᠃ | ᠭᠡᠮ ᠤᠨ ᠪᠠᠶᠢᠳᠠᠯ᠄ ᠵᠤᠩᠭᠢᠯᠠᠬᠤ ᠤᠯᠠᠨ ᠤᠷᠭᠤᠮᠠᠯ ᠪᠤᠯ ᠭᠡᠮ ᠤᠨ ᠰᠢᠨᠵᠢ ᠦᠭᠡᠢ᠂ ᠭᠡᠮ ᠬᠤᠷᠤᠬᠠᠢ ᠶᠢᠨ | ᠰᠢᠨᠵᠢ ᠢᠯᠡᠷᠡᠭᠦ ᠦᠶᠡᠰ᠂ ᠭᠦᠡᠭᠭᠡᠨ ᠨᠢ ᠨᠠᠪᠴᠢᠨ ᠤ ᠭᠡᠰᠡᠭ ᠲᠤᠯᠪᠤᠰᠢᠷᠠᠬᠤ ᠪᠠ ᠰᠤᠳᠠᠰᠤ ᠶᠢᠨ ᠨᠡᠭᠡᠳᠡᠰᠤ ᠶᠢᠨ | ᠦᠡᠭᠭᠡ ᠨᠢ ᠤᠨᠠᠵᠤ᠂ ᠵᠠᠷᠢᠮ ᠦᠶ᠎ᠠ ᠳᠤ ᠦᠭᠦᠳᠡᠭ᠃ ᠰᠢᠨ᠎ᠠ ᠪᠠᠷ ᠨᠠᠭᠢᠶᠠᠯᠠᠬᠤ ᠨᠠᠪᠴᠢ ᠨᠢ ᠵᠢᠵᠢᠭᠷᠡᠵᠤ᠂ ᠠᠪᠴᠢᠨ | ᠦᠷᠴᠶᠢᠭᠦ ᠪᠠ ᠵᠠᠷᠡᠮᠳᠡᠭ ᠪᠤᠯᠳᠠᠭ᠃ ᠵᠠᠷᠢᠮ ᠤᠷᠭᠤᠮᠠᠯ ᠨᠢ ᠤᠳᠦ᠋ᠢᠵᠤ ᠦᠭᠦᠳᠡᠭ᠃ | ᠭᠡᠮ ᠤᠨ ᠤᠨᠴᠠᠯᠢᠭ᠄ ᠭᠤᠤᠯ ᠨᠢ ᠴᠠᠷᠭᠠᠰᠤ ᠶᠢᠨ ᠨᠠᠪᠴᠢᠨ ᠤ ᠭᠡᠮ ᠪᠤᠯᠤᠨ᠎ᠠ᠃ ᠪᠦᠭᠦ ᠲᠡᠯᠡᠭᠡᠢ ᠶᠢᠨ | ᠴᠠᠷᠭᠠᠰᠤ ᠲᠠᠷᠢᠵᠤ ᠪᠦᠭᠦᠢ ᠭᠠᠵᠠᠷ ᠤᠷᠤᠨ ᠳᠤ ᠴᠦᠮ ᠢᠯᠡᠷᠡᠳᠡᠭ ᠪᠦᠭᠡᠳ ᠴᠠᠷᠭᠠᠰᠤ ᠶᠢᠨ ᠡᠪᠡᠰᠤᠨ ᠳᠤ ᠲᠡᠯᠭᠡᠷᠡᠳᠡᠭ | ᠃ ᠲᠤᠰ ᠭᠡᠮ ᠤᠨ ᠬᠤᠤᠷ ᠨᠢ ᠮᠧᠬᠠᠨᠢᠭ ᠪᠤᠶᠤ ᠪᠠᠭᠠᠷᠠᠩ ᠬᠤᠷᠤᠬᠠᠢ ᠪᠠᠷ ᠬᠠᠯᠳᠠᠪᠤᠷᠢᠯᠠᠳᠠᠭ ᠪᠠ ᠦᠷ᠎ᠡ ᠪᠠᠷ ᠴᠤ | ᠬᠠᠯᠳᠠᠪᠤᠷᠢᠯᠠᠳᠠᠭ᠃ | ︵12︶ ᠤᠳᠠᠰᠤᠯᠢᠭ ᠬᠤᠷᠤᠬᠠᠢ ᠠᠴᠠ ᠡᠭᠦᠰᠭᠦ ᠭᠡᠮ ᠤᠨ ᠭᠦᠨᠦᠭᠡᠯ | ᠭᠡᠮ ᠤᠨ ᠢᠯᠠᠷᠠᠯ᠄ ᠡᠰᠢᠨ ᠤ ᠤᠳᠠᠰᠤᠯᠢᠭ ᠬᠤᠷᠤᠬᠠᠢ ᠪᠤᠯ ᠴᠢᠬᠤᠯᠠ ᠤᠳᠠᠰᠤᠯᠢᠭ ᠬᠤᠷᠤᠬᠠᠢ ᠶᠢᠨ ᠨᠢᠭᠡ ᠨᠢ | ᠪᠤᠯᠤᠨ᠎ᠠ᠃ ᠭᠤᠤᠯ ᠨᠢ ᠦᠨᠳᠤᠰᠤ ᠰᠠᠴᠤᠭ ᠲᠠᠢ ᠰᠠᠯᠠᠭ᠎ᠠ ᠮᠦᠴᠢᠷ ᠤᠨ ᠤᠭ ᠲᠤ ᠢᠳᠡᠰᠢᠯᠡᠳᠡᠭ ᠪᠠ ᠦᠷᠡᠵᠢᠵᠤ᠂ | ᠡᠪᠡᠳᠴᠢᠯᠡᠭᠰᠡᠨ ᠤᠷᠭᠤᠮᠠᠯ ᠤᠨ ᠦᠨᠳᠤᠰᠤ ᠨᠠᠭᠢᠶ᠎ᠠ ᠨᠢ ᠲᠤᠮᠤᠷᠠᠵᠤ᠂ ᠴᠠᠶᠢᠷᠠᠵᠤ᠂ ᠰᠡᠶᠢᠮᠡᠭᠡᠶᠢᠯᠢᠭ ᠪᠤᠯᠵᠤ ᠠᠮᠠᠷᠬᠠᠨ | ᠬᠤᠭᠤᠷᠠᠵᠤ ᠲᠠᠰᠤᠷᠠᠳᠠᠭ᠃ ᠡᠰᠢᠨ ᠤ ᠤᠳᠠᠰᠤᠯᠢᠭ ᠬᠤᠷᠤᠬᠠᠢ ᠠᠴᠠ ᠡᠭᠦᠰᠦᠭᠰᠡᠨ ᠨᠡᠭᠡᠳᠡᠰᠤ ᠨᠢ ᠲᠠᠯᠠᠵᠤ᠂ | ᠲᠡᠭᠦᠨ ᠤ ᠤᠨᠴᠠᠯᠢᠭ ᠨᠢ ᠭᠡᠪᠡᠯ ᠬᠠᠯᠢᠰᠤᠨ ᠲᠠᠪᠬᠤᠷᠭ᠎ᠠ ᠶᠢᠨ ᠨᠢᠮᠭᠡᠨ ᠬᠠᠨ᠎ᠠ ᠶᠢᠨ ᠨᠡᠭᠡᠳᠡᠰᠤ ᠨᠢ ᠪᠦᠳᠦᠭᠦᠷᠡᠨ | ᠲᠤᠮᠤᠷᠠᠵᠤ᠂ ᠲᠤᠮᠳᠠ ᠴᠠᠪᠠᠤᠯᠢᠭ ᠲᠠᠪᠬᠤᠷᠭ᠎ᠠ ᠨᠢ ᠵᠠᠳᠠᠷᠠᠵᠤ᠂ ᠡᠰ ᠨᠢ ᠲᠤᠮᠤᠷᠠᠵᠤ ᠶᠡᠬᠡᠰᠳᠡᠭ ᠪᠠᠶᠢᠨ᠎ᠠ᠃ ᠭᠡᠮ ᠲᠠᠢ | ᠨᠠᠭᠢᠶ᠎ᠠ ᠠᠴᠠ ᠤᠷᠭᠤᠠᠠᠰᠠᠨ ᠰᠠᠯᠠᠭ᠎ᠠ ᠨᠠᠮᠠᠭ᠎ᠠ ᠨᠢ ᠭᠦᠨᠳᠤ ᠨᠤᠴᠢᠳᠡᠢ ᠤᠳᠦ᠋ᠢᠷᠠᠵᠤ᠂ ᠦᠶ᠎ᠠ ᠨᠢ ᠪᠦᠳᠦᠭᠦᠷᠡᠵᠤ᠂ | ᠦᠶ᠎ᠠ ᠶᠢᠨ ᠵᠠᠢ ᠨᠢ ᠪᠤᠭᠤᠨᠢᠰᠳᠠᠭ᠃ | ᠭᠡᠮ ᠤᠨ ᠤᠨᠴᠠᠯᠢᠭ᠄ ᠡᠰᠢᠨ ᠤ ᠤᠳᠠᠰᠤᠯᠢᠭ ᠬᠤᠷᠤᠬᠠᠢ ᠪᠤᠯ 15℃~20℃ ᠤᠨ ᠲᠤᠯᠠᠭᠠᠨ ᠳᠤ | ᠬᠠᠯᠳᠠᠪᠤᠷᠢᠯᠠᠳᠠᠭ ᠪᠦᠭᠡᠳ ᠦᠷᠡᠵᠢᠵᠤ᠂ ᠭᠦᠨᠦᠭᠡᠯ ᠶᠡᠭᠡᠳᠡᠢ ᠪᠦᠭᠡᠳ ᠦᠷ᠎ᠡ ᠪᠠᠷ ᠲᠠᠮᠵᠢᠨ ᠬᠠᠯᠳᠠᠪᠤᠷᠢᠯᠠᠳᠠᠭ᠃ | ︵13︶ ᠯᠢᠰᠯᠢᠭ ᠭᠡᠮ | ᠲᠤᠰ ᠭᠡᠮ ᠪᠤᠯ ᠹᠢᠽᠢᠤᠯᠤᠭᠢ ᠶᠢᠨ ᠴᠢᠨᠠᠷ ᠲᠠᠢ ᠭᠡᠮᠳᠦᠯ ᠤᠨ ᠭᠦᠨᠦᠭᠡᠯ ᠳᠤ ᠬᠠᠷᠢᠶᠠᠯᠬᠠᠳᠠᠨ᠎ᠠ᠃ | ᠭᠡᠯᠪᠡᠷᠢ ᠲᠦᠷᠰᠤ ᠶᠢᠨ ᠤᠨᠴᠠᠯᠢᠭ᠄ ᠵᠤᠨ ᠤ ᠬᠤᠭᠤᠴᠠᠭᠠᠨ ᠳᠤ ᠡᠯ᠎ᠡ ᠵᠦᠢᠯ ᠤᠨ ᠴᠠᠷᠭᠠᠰᠤ ᠨᠢ ᠴᠦᠮ | ᠠᠳᠠᠯᠢ ᠪᠤᠰᠤ ᠭᠡᠮᠵᠢᠶ᠎ᠠ ᠪᠠᠷ ᠭᠡᠮᠳᠦᠵᠤ᠂ ᠤᠮᠠᠷᠠᠳᠤ ᠤᠷᠤᠨ ᠤ ᠴᠠᠷᠭᠠᠰᠤ ᠶᠢᠨ ᠤᠯᠠᠩᠭᠢ ᠨᠢ 7 ᠳ᠋ᠤᠭᠠᠷ ᠰᠠᠷ᠎ᠠ ᠶᠢᠨ | ᠡᠴᠦᠰ ᠠᠴᠠ 8 ᠳ᠋ᠤᠭᠠᠷ ᠰᠠᠷ᠎ᠠ ᠶᠢᠨ ᠡᠴᠤᠰ ᠲᠤ ᠦᠭᠦᠵᠤ᠂ ᠬᠠᠷᠢᠨ ᠬᠤᠸᠠᠢ ᠢᠩ ᠤᠨᠴᠠᠷᠭᠠᠰᠤ ᠨᠢ 7 ᠳ᠋ᠤᠭᠠᠷ | ᠰᠠᠷ᠎ᠠ ᠶᠢᠨ ᠡᠴᠦᠰ ᠲᠤ ᠴᠦᠭᠡᠨ ᠦᠭᠦᠵᠤ᠂ ᠦᠭᠦᠭᠰᠡᠨ ᠤᠷᠭᠤᠮᠠᠯ ᠤᠨ ᠦᠨᠳᠤᠰᠤ ᠶᠢᠨ ᠭᠡᠰᠡᠭ ᠨᠢ ᠢᠯᠵᠡᠷᠡᠵᠤ᠂ | ᠦᠭᠳᠡᠭᠡᠭᠦ ᠳᠤ ᠲᠦᠭᠦᠮ ᠪᠤᠯᠵᠤ᠂ ᠮᠤᠳᠤᠯᠢᠭ ᠭᠡᠰᠡᠭ ᠨᠢ ᠭᠦᠷᠡᠩ ᠦᠡᠭᠭᠡ ᠲᠠᠢ ᠪᠤᠯᠵᠤ᠂ ᠸᠠᠯᠬᠠᠰᠠᠨ ᠦᠨᠤᠷ ᠲᠠᠢ | ᠪᠠᠶᠢᠳᠠᠭ᠃ | ︵14︶ ᠭᠦᠯᠳᠡᠭᠦ | ᠭᠦᠯᠳᠡᠭᠦ ᠨᠢ ᠹᠢᠽᠢᠤᠯᠤᠭᠢ ᠶᠢᠨ ᠴᠢᠨᠠᠷ ᠲᠠᠢ ᠭᠡᠮᠳᠦᠯ ᠤᠨ ᠭᠦᠨᠦᠭᠡᠯ ᠳᠤ ᠬᠠᠷᠢᠶᠠᠯᠬᠠᠳᠠᠨ᠎ᠠ᠃ | ᠭᠡᠯᠪᠡᠷᠢ ᠲᠦᠷᠰᠤ ᠶᠢᠨ ᠤᠨᠴᠠᠯᠢᠭ᠄ ᠲᠤᠤᠷ᠎ᠠ ᠲᠤᠯᠠᠭᠠᠨ ᠤ ᠭᠡᠮᠵᠢᠶ᠎ᠠ ᠪᠤᠯ ᠴᠠᠷᠭᠠᠰᠤ ᠶᠢᠨ ᠤᠷᠭᠤᠴᠠ ᠶᠢ | ᠭᠢᠵᠠᠭᠠᠷᠯᠠᠳᠠᠭ ᠭᠦᠴᠤᠨ ᠵᠦᠢᠯ ᠪᠤᠯᠤᠨ᠎ᠠ᠃ ᠭᠦᠯᠳᠡᠭᠦ ᠨᠢ ᠴᠠᠷᠭᠠᠰᠤ ᠶᠢᠨ ᠦᠢᠯᠡᠳᠪᠤᠷᠢᠯᠡᠯ ᠤᠨ ᠲᠠᠯ᠎ᠠ ᠪᠠᠷ ᠨᠠᠶᠢᠳᠡᠮ | ᠤᠷᠤᠰᠢᠵᠤ ᠪᠦᠭᠦᠢ ᠠᠰᠠᠭᠤᠳᠠᠯ ᠪᠤᠯᠤᠨ᠎ᠠ᠃ ᠠᠳᠠᠯᠢ ᠪᠤᠰᠤ ᠲᠤᠯᠭᠤᠷ ᠪᠢᠴᠢᠭ ᠲᠤ ᠴᠠᠷᠭᠠᠰᠤ ᠶᠢᠨ ᠦᠯᠴᠢᠷ ᠴᠢᠨᠠᠷ ᠢ | ᠠᠳᠠᠯᠢ ᠪᠤᠰᠤ ᠪᠠᠷ ᠲᠠᠨᠢᠯᠴᠠᠭᠤᠯᠤᠠᠠᠰᠠᠨ ᠪᠠᠶᠢᠳᠠᠭ᠃ ᠶᠠᠷᠦᠩᠭᠡᠢ ᠳᠤᠨᠢ ᠠᠪᠴᠤ ᠭᠡᠯᠡᠪᠡᠯ ᠤᠮᠠᠷᠠᠳᠤ ᠶᠢᠨ ᠭᠠᠵᠠᠷ | ᠤᠷᠤᠨ ᠤ ᠬᠠᠪᠤᠷ ᠤᠨ ᠰᠤᠶᠤᠭᠠᠯᠠᠬᠤ ᠬᠤᠭᠤᠴᠠᠭ᠎ᠠ ᠳᠤ ᠲᠡᠭ ᠠᠴᠠ ᠲᠤᠷᠤᠠᠠᠰᠢ 16℃ ᠲᠤ ᠭᠦᠡᠭᠭᠡᠨ ᠭᠦᠯᠳᠡᠵᠤ᠂ | ᠲᠡᠭ ᠠᠴᠠ ᠲᠤᠷᠤᠠᠠᠰᠢ 18℃ ᠲᠤ ᠲᠤᠮᠳᠠ ᠵᠡᠷᠭᠡ ᠭᠦᠯᠳᠡᠵᠤ᠂ ᠲᠡᠭ ᠠᠴᠠ ᠲᠤᠷᠤᠠᠠᠰᠢ 20℃ ᠲᠤ ᠭᠦᠨᠳᠤ | ᠨᠤᠴᠢᠳᠡᠢ ᠭᠦᠯᠳᠡᠵᠤ᠂ ᠲᠡᠭ ᠠᠴᠠ ᠲᠤᠷᠤᠠᠠᠰᠢ 22℃ ᠢᠶᠠᠷ | ᠨᠢᠭᠡ ᠴᠠᠭ ᠦᠷᠭᠦᠯᠵᠢᠯᠡᠭᠦ ᠳᠤ ᠰᠦᠢᠷᠠᠯᠳᠠ ᠶᠢᠨ ᠴᠢᠨᠠᠷ ᠲᠠᠢ ᠭᠦᠯᠳᠡᠳᠡᠭ᠃ ᠭᠦᠨᠦᠭᠡᠯ ᠳᠤ ᠤᠴᠠᠷᠠᠭᠤᠯᠤᠠᠠᠰᠠᠨ ᠤ | ᠰᠡᠭᠦᠯᠡᠷᠭᠢ ᠲᠤᠯᠠᠭᠠᠨ ᠤ ᠭᠡᠮᠵᠢᠶ᠎ᠠ ᠶᠢᠨ ᠡᠳᠤᠷ ᠤᠨ ᠬᠤᠪᠢᠷᠠᠯᠳᠠ ᠶᠢᠨ ᠭᠡᠮᠵᠢᠶ᠎ᠠ ᠶᠢᠨ ᠶᠡᠭᠡ ᠪᠠᠭ᠎ᠠ ᠪᠠᠶᠢᠬᠤ ᠨᠢ | ᠭᠦᠯᠳᠡᠭᠰᠡᠨ ᠭᠡᠮᠵᠢᠶ᠎ᠠ ᠶᠢ ᠭᠡᠴᠡᠭᠦᠳᠡᠭᠦᠯᠭᠦ ᠪᠡ ᠨᠠᠮᠳᠠᠭᠤᠯᠬᠤ ᠶᠢᠨ ᠤᠷᠢᠳᠠᠯ ᠨᠦᠭᠦᠴᠡᠯ ᠮᠦᠨ᠃ ᠰᠤᠳᠤᠯᠤᠯ ᠢᠶᠠᠷ | ᠲᠠᠮᠵᠢᠨ ᠭᠡᠷᠡᠴᠢᠯᠡᠭᠰᠡᠨ ᠢᠶᠠᠷ ᠪᠤᠯ ᠶᠡᠭᠡ ᠭᠡᠮᠵᠢᠶ᠎ᠠ ᠪᠠᠷ ᠲᠠᠷᠢᠠᠠᠰᠠᠨ ᠪᠤᠷᠤ ᠴᠠᠷᠭᠠᠰᠤ ᠳᠤ ᠨᠠᠮᠤᠷ ᠤᠨ ᠰᠡᠭᠦᠯᠴᠢ ᠪᠠᠷ | ᠰᠢᠷᠤᠢ ᠨᠡᠮᠡᠭᠦ ᠪᠡ ᠭᠦᠯᠳᠡᠭᠦ ᠠᠴᠠ ᠡᠮᠦᠨ᠎ᠠ ᠤᠰᠤᠯᠠᠬᠤ ᠠᠷᠭ᠎ᠠ ᠶᠢ ᠠᠪᠤᠪᠠᠯ᠂ ᠲᠡᠭᠦᠨ ᠤ ᠡᠪᠤᠯᠵᠢᠭᠦ ᠴᠢᠳᠠᠪᠤᠷᠢ ᠶᠢ ᠨᠢ | ᠲᠡᠭᠡᠭᠰᠢᠯᠡᠭᠦᠯᠵᠤ ᠪᠤᠯᠤᠨ᠎ᠠ᠃ | ︵15︶ ᠠᠽᠤᠲ ᠲᠤᠳ᠋ᠬᠠᠳᠠᠬᠤ ᠭᠡᠮ | ᠹᠢᠽᠢᠤᠯᠤᠭᠢ ᠶᠢᠨ ᠴᠢᠨᠠᠷ ᠲᠤ ᠬᠠᠷᠢᠶᠠᠯᠬᠠᠳᠠᠨ᠎ᠠ᠃ | ᠭᠡᠯᠪᠡᠷᠢ ᠲᠦᠷᠰᠤ ᠶᠢᠨ ᠤᠨᠴᠠᠯᠢᠭ᠄ ᠴᠠᠷᠭᠠᠰᠤ ᠶᠢᠨ ᠤᠷᠭᠤᠮᠠᠯ ᠳᠤ ᠠᠽᠤᠲ ᠤᠨ ᠭᠡᠮᠵᠢᠶ᠎ᠠ ᠨᠡᠯᠢᠶᠡᠳ | ᠦᠨᠳᠤᠷ ᠠᠭᠤᠯᠤᠭᠳᠠᠵᠤ᠂ ᠴᠡᠴᠡᠭ ᠲᠡᠯᠭᠡᠷᠡᠭᠦ ᠬᠤᠭᠤᠴᠠᠭᠠᠨ ᠳᠤ ᠢᠳᠡᠷᠡᠭᠦᠨ ᠴᠠᠷᠭᠠᠰᠤ ᠶᠢᠨ ᠠᠷᠪᠡᠨ ᠤ ᠨᠢᠭᠡ ᠳᠤᠨᠢ | 3% ᠠᠴᠠ ᠲᠡᠭᠡᠭᠰᠢ ᠠᠽᠤᠲ ᠠᠭᠤᠯᠤᠭᠳᠠᠵᠤ ᠪᠠᠶᠢᠳᠠᠭ᠃ ᠤᠷᠭᠤᠮᠠᠯ ᠤᠨ ᠲᠤᠳᠤᠷ᠎ᠠ ᠠᠽᠤᠲ ᠶᠢᠨ ᠲᠠᠷᠬᠠᠯᠳᠠ | ᠠᠳᠠᠯᠢ ᠦᠭᠡᠢ ᠪᠠᠶᠢᠳᠠᠭ ᠲᠤᠯᠠ ᠲᠠᠭᠢᠨ ᠰᠢᠨ᠎ᠠ ᠪᠠᠷ ᠲᠠᠷᠬᠠᠵᠤ᠂ ᠨᠢᠯᠬ᠎ᠠ ᠭᠡᠰᠡᠭ ᠤᠨ ᠬᠢ ᠨᠢ ᠦᠳᠡᠯᠦᠭᠰᠡᠨ | ᠭᠡᠰᠡᠭ ᠤᠨ ᠬᠢ ᠠᠴᠠ ᠦᠨᠳᠤᠷ ᠪᠤᠯᠳᠠᠭ ᠪᠠᠶᠢᠨ᠎ᠠ᠃ ᠡᠶᠢᠮᠤ ᠠᠴᠠ ᠠᠽᠤᠲ ᠲᠤᠳ᠋ᠬᠠᠳᠠᠬᠤ ᠦᠶᠡᠰ ᠭᠦᠭᠰᠢᠨ ᠨᠠᠪᠴᠢᠨ | ᠳᠠᠬᠢ ᠠᠽᠤᠲ ᠨᠢ ᠨᠢᠯᠬ᠎ᠠ ᠨᠠᠪᠴᠢᠨ ᠳᠤ ᠰᠢᠯᠵᠢᠭᠡᠳ᠂ ᠭᠦᠭᠰᠢᠨ ᠨᠠᠪᠴᠢ ᠨᠢ ᠭᠦᠨᠦᠭᠡᠯ ᠳᠤ ᠤᠴᠠᠷᠠᠳᠠᠭ᠃ | ᠴᠠᠷᠭᠠᠰᠤ ᠨᠢ ᠦᠨᠳᠤᠰᠤᠨ ᠪᠡᠳᠡᠭᠢ ᠶᠢᠨ ᠪᠠᠺᠲ᠋ᠧᠷᠢ ᠲᠠᠢ ᠴᠤᠭ ᠤᠷᠭᠤᠳᠠᠭ ᠪᠤᠯᠬᠤᠷ᠂ ᠤᠷᠭᠠᠨᠢᠭ ᠪᠤᠳᠠᠰ ᠤᠨ | ᠠᠭᠤᠯᠤᠭᠳᠠᠴᠨ ᠪᠠᠷ ᠪᠠᠭ᠎ᠠ ᠭᠦᠷᠤᠰᠤ ᠰᠢᠷᠤᠢ ᠳᠤ ᠲᠤᠤᠷ᠎ᠠ ᠬᠠᠷᠢᠴᠠᠯ ᠤᠨ ᠠᠽᠤᠲ ᠢ ᠤᠷᠤᠭᠤᠯᠪᠠᠯ ᠦᠨᠳᠤᠰᠤᠨ | ᠪᠡᠳᠡᠭᠢ ᠶᠢᠨ ᠪᠠᠺᠲ᠋ᠧᠷᠢ ᠪᠤᠢ ᠪᠤᠯᠵᠤ᠂ ᠴᠠᠷᠭᠠᠰᠤ ᠶᠢᠨ ᠨᠢᠯᠬ᠎ᠠ ᠴᠢᠭᠢ ᠶᠢᠨ ᠤᠷᠭᠤᠯᠳᠠ ᠳᠤ ᠠᠰᠢᠭ ᠲᠠᠢ ᠪᠠᠶᠢᠳᠠᠭ᠃ | ︵16︶ ᠹᠤᠰᠹᠤᠷ ᠲᠤᠳ᠋ᠬᠠᠳᠠᠬᠤ ᠭᠡᠮ | ᠹᠢᠽᠢᠤᠯᠤᠭᠢ ᠶᠢᠨ ᠴᠢᠨᠠᠷ ᠲᠤ ᠬᠠᠷᠢᠶᠠᠯᠬᠠᠳᠠᠨ᠎ᠠ᠃ | ᠭᠡᠯᠪᠡᠷᠢ ᠲᠦᠷᠰᠤ ᠶᠢᠨ ᠤᠨᠴᠠᠯᠢᠭ᠄ ᠹᠤᠰᠹᠤᠷ ᠤᠨ ᠤᠷᠭᠤᠮᠠᠯ ᠤᠨ ᠪᠡᠶ᠎ᠠ ᠳᠠᠬᠢ ᠲᠠᠷᠬᠠᠯᠳᠠ ᠨᠢ ᠲᠡᠭᠰᠢ | ᠦᠭᠡᠢ᠂ ᠢᠳᠡᠷᠡᠭᠦᠨ ᠤᠷᠭᠤᠵᠤ ᠪᠦᠭᠦᠢ ᠰᠠᠯᠠᠭᠠᠯᠠᠬᠤ ᠨᠡᠭᠡᠳᠡᠰᠤ ᠶᠢᠨ ᠹᠤᠰᠹᠤᠷ ᠤᠨ ᠠᠭᠤᠯᠤᠭᠳᠠᠴᠨ ᠨᠢ ᠦᠨᠳᠤᠷ | ᠪᠠᠶᠢᠳᠠᠭ᠃ ᠴᠠᠷᠭᠠᠰᠤ ᠨᠢ ᠤᠷᠭᠤᠯᠳᠠ ᠶᠢᠨ ᠡᠭᠢᠨ ᠤ ᠦᠶ᠎ᠡ ᠳᠡᠭᠡᠨ ᠹᠤᠰᠹᠤᠷ ᠢ ᠰᠢᠩᠭᠡᠭᠡᠨ ᠠᠪᠬᠤ ᠨᠢ ᠴᠤ ᠮᠠᠰᠢ | ᠶᠡᠭᠡ ᠪᠠᠶᠢᠳᠠᠭ᠃ ᠮᠡᠳᠡᠭᠡᠯᠡᠯ ᠢ ᠦᠨᠳᠦᠰᠦᠯᠡᠪᠡᠯ᠂ ᠬᠠᠭᠤᠷᠠᠢ ᠪᠤᠳᠠᠰ ᠤᠨ ᠭᠦᠨᠳᠤ ᠨᠢ ᠪᠠᠶ᠎ᠠ ᠪᠦᠳᠦᠭᠰᠡᠨ | ᠤᠷᠭᠤᠮᠠᠯ ᠤᠨ ᠶᠠᠷᠦᠩᠭᠡᠢ ᠬᠠᠳᠠᠮᠠᠯ ᠤᠨ ᠭᠦᠨᠳᠤ ᠶᠢᠨ ᠲᠦᠷᠪᠡᠨ ᠤ ᠨᠢᠭᠡ ᠳᠤ ᠭᠦᠷᠭᠦ ᠦᠶᠡᠰ ᠤᠨ ᠨᠢᠯᠬ᠎ᠠ | ᠤᠷᠭᠤᠮᠠᠯ ᠤᠨ ᠹᠤᠰᠹᠤᠷ ᠤᠨ ᠠᠭᠤᠯᠤᠭᠳᠠᠴᠨ ᠶᠢᠨ ᠭᠡᠮᠵᠢᠶ᠎ᠠ ᠨᠢ ᠪᠠᠶ᠎ᠠ ᠪᠦᠳᠦᠭᠰᠡᠨ ᠤᠷᠭᠤᠮᠠᠯ ᠤᠨ ᠶᠠᠷᠦᠩᠭᠡᠢ | ᠹᠤᠰᠹᠤᠷ ᠤᠨ ᠭᠡᠮᠵᠢᠶᠠᠨ ᠤ ᠲᠦᠷᠪᠡᠨ ᠤ ᠭᠤᠷᠪᠡ ᠳᠤ ᠭᠦᠷᠳᠡᠭ ᠪᠠᠶᠢᠨ᠎ᠠ᠃ ᠹᠤᠰᠹᠤᠷ ᠤᠨ ᠭᠦᠳᠡᠯᠭᠡᠭᠡᠨ ᠤ ᠴᠢᠨᠠᠷ ᠨᠢ | ᠠᠽᠤᠲ ᠲᠠᠢ ᠠᠳᠠᠯᠢ ᠮᠠᠰᠢ ᠴᠢᠩᠭ᠎ᠠ ᠪᠠᠶᠢᠵᠤ᠂ ᠠᠭᠤᠯᠤᠭᠳᠠᠴᠨ ᠶᠢᠨ ᠭᠡᠮᠵᠢᠶ᠎ᠠ ᠨᠢ ᠬᠤᠮᠰᠠᠳᠤᠬᠤ ᠦᠶ᠎ᠠ ᠳᠤ | ᠭᠦᠭᠰᠢᠨ ᠨᠡᠭᠡᠳᠡᠰᠤ ᠶᠢᠨ ᠹᠤᠰᠹᠤᠷ ᠨᠢ ᠨᠢᠯᠬ᠎ᠠ ᠨᠡᠭᠡᠳᠡᠰᠤ ᠳᠤ ᠰᠢᠯᠵᠢᠳᠡᠭ ᠪᠠᠶᠢᠨ᠎ᠠ᠃ ᠡᠶᠢᠮᠤ ᠠᠴᠠ ᠹᠤᠰᠹᠤᠷ | ᠲᠤᠳ᠋ᠬᠠᠳᠠᠬᠤ ᠦᠶᠡᠰ ᠭᠦᠭᠰᠢᠨ ᠨᠠᠪᠴᠢᠨ ᠳᠤ ᠭᠡᠮ ᠤᠨ ᠬᠤᠪᠢᠷᠠᠯ ᠡᠭᠦᠰᠳᠡᠭ᠃ ᠴᠠᠷᠭᠠᠰᠤ ᠳᠤ ᠹᠤᠰᠹᠤᠷ ᠲᠤᠳ᠋ᠬᠠᠳᠠᠪᠠᠯ | ᠠᠽᠤᠲ ᠤᠨ ᠠᠰᠢᠠᠠᠯᠠᠯᠳᠠ ᠨᠢ ᠪᠠᠭᠤᠷᠠᠭᠠᠳ᠂ ᠬᠠᠭᠤᠷᠠᠢ ᠪᠤᠳᠠᠰ ᠤᠨ ᠠᠭᠤᠯᠤᠭᠳᠠᠴᠨ ᠶᠢᠨ ᠭᠡᠮᠵᠢᠶ᠎ᠠ ᠨᠢ ᠪᠠᠭᠤᠷᠠᠳᠠᠭ | ᠪᠠᠶᠢᠨ᠎ᠠ᠃ | ︵17︶ ᠺᠠᠯᠢ ᠲᠤᠳ᠋ᠬᠠᠳᠠᠬᠤ ᠭᠡᠮ | ᠹᠢᠽᠢᠤᠯᠤᠭᠢ ᠶᠢᠨ ᠴᠢᠨᠠᠷ ᠲᠤ ᠬᠠᠷᠢᠶᠠᠯᠬᠠᠳᠠᠨ᠎ᠠ᠃ | ᠭᠡᠯᠪᠡᠷᠢ ᠲᠦᠷᠰᠤ ᠶᠢᠨ ᠤᠨᠴᠠᠯᠢᠭ᠄ ᠠᠽᠤᠲ ᠢ ᠭᠠᠷᠭᠠᠪᠠᠯ᠂ ᠴᠠᠷᠭᠠᠰᠤ ᠶᠢᠨ ᠲᠤᠳᠤᠷ᠎ᠠ ᠺᠠᠯᠢ ᠶᠢᠨ | ᠠᠭᠤᠯᠤᠭᠳᠠᠴᠨ ᠬᠠᠮᠤᠭ ᠤᠨ ᠦᠨᠳᠤᠷ ᠪᠠᠶᠢᠳᠠᠭ᠃ ᠴᠠᠷᠭᠠᠰᠤ ᠶᠢᠨ ᠺᠠᠯᠢ ᠶᠢᠨ ᠭᠡᠷᠡᠭᠴᠡᠭᠡ ᠴᠤ ᠮᠠᠰᠢ ᠶᠡᠭᠡ ᠪᠠᠶᠢᠳᠠᠭ᠃ | | ᠴᠠᠷᠭᠠᠰᠤ ᠶᠢᠨ ᠬᠠᠭᠤᠷᠠᠢ ᠡᠪᠡᠰᠤ ᠨᠢ 227kg ᠺᠠᠯᠢ ᠰᠢᠩᠭᠡᠭᠡᠨ ᠠᠪᠬᠤ ᠭᠡᠷᠡᠭᠴᠡᠭᠡ ᠲᠠᠢ᠃ ᠴᠠᠷᠭᠠᠰᠤ | ᠺᠠᠯᠢ ᠲᠤᠳ᠋ᠬᠠᠳᠠᠬᠤ ᠦᠶᠡᠰ᠂ ᠵᠢᠵᠢᠭ ᠨᠠᠪᠴᠢ ᠶᠢᠨ ᠭᠦᠪᠡᠭᠡ ᠪᠠᠷ ᠴᠠᠭᠠᠨ ᠲᠤᠯᠪᠤ ᠢᠯᠡᠷᠡᠵᠤ᠂ ᠰᠢᠩᠭᠡᠭᠡᠨ ᠠᠪᠤᠠᠠᠰᠠᠨ | ᠠᠽᠤᠲ ᠨᠢ ᠤᠷᠭᠤᠮᠠᠯ ᠲᠤᠳᠤᠷ᠎ᠠ ᠤᠭᠤᠷᠬᠠᠳᠤ ᠪᠤᠰᠤ ᠠᠽᠤᠲ ᠤᠨ ᠬᠤᠷᠠᠮᠳᠤᠯ ᠪᠤᠯᠤᠨ ᠪᠦᠷᠢᠯᠳᠦᠵᠤ᠂ ᠠᠮᠢᠨᠤ᠋ | ᠭᠦᠴᠢᠯ ᠨᠢ ᠤᠭᠤᠷᠬᠠᠳᠤ ᠡᠳ᠋ ᠪᠤᠯᠵᠤ ᠴᠢᠳᠠᠬᠤ ᠦᠭᠡᠢ ᠪᠤᠯᠤᠭᠠᠳ᠂ ᠡᠭᠦᠨ ᠠᠴᠠ ᠪᠤᠯᠵᠤ ᠤᠭᠤᠷᠬᠠᠳᠤ ᠡᠳ᠋ ᠤᠨ | ᠠᠭᠤᠯᠤᠭᠳᠠᠴᠨ ᠨᠢ ᠪᠠᠭᠤᠷᠠᠳᠠᠭ ᠪᠠᠶᠢᠨ᠎ᠠ᠃ | ︵18︶ ᠭᠦᠭᠦᠷ ᠲᠤᠳ᠋ᠬᠠᠳᠠᠬᠤ ᠭᠡᠮ | ᠭᠡᠯᠪᠡᠷᠢ ᠲᠦᠷᠰᠤ ᠶᠢᠨ ᠤᠨᠴᠠᠯᠢᠭ᠄ ᠤᠷᠢᠳ ᠢᠶᠠᠷ ᠨᠢᠯᠬ᠎ᠠ ᠨᠡᠭᠡᠳᠡᠰᠤᠨ ᠳᠤ ᠡᠭᠦᠰᠴᠤ᠂ ᠴᠠᠷᠭᠠᠰᠤᠨ ᠳᠤ ᠪᠤᠯ | ᠤᠷᠢᠳ ᠢᠶᠠᠷ ᠤᠷᠭᠤᠮᠠᠯ ᠤᠨ ᠲᠦᠷᠦᠭᠦᠨ ᠭᠡᠰᠡᠭ ᠲᠤ ᠡᠭᠦᠰᠴᠤ᠂ ᠨᠠᠪᠴᠢ ᠨᠢ ᠨᠤᠭᠤᠭᠠᠨ ᠦᠡᠭᠭᠡ ᠠᠴᠠ ᠪᠠᠨ | ᠰᠢᠷᠭᠠᠯ ᠪᠤᠯᠵᠤ ᠲᠠᠭᠢᠭᠠᠳ ᠰᠢᠷ᠎ᠡ ᠦᠡᠭᠭᠡ ᠲᠠᠢ ᠪᠤᠯᠳᠠᠭ᠃ ᠭᠦᠭᠦᠷ ᠲᠤᠳ᠋ᠬᠠᠳᠠᠬᠤ ᠨᠢ ᠤᠭᠤᠷᠬᠠᠳᠤ ᠡᠳ᠋ ᠤᠨ | ᠨᠡᠶᠢᠯᠡᠯ ᠢ ᠬᠠᠷᠰᠢᠯᠠᠵᠤ᠂ ᠦᠨᠳᠤᠰᠤᠨ ᠪᠡᠳᠡᠭᠢ ᠪᠤᠯᠤᠨ ᠠᠽᠤᠲ ᠤᠨ ᠲᠤᠠᠠᠳᠠᠯ ᠳᠤ ᠴᠤ ᠨᠦᠯᠦᠭᠡ ᠪᠤᠯᠳᠠᠭ᠃ | ᠭᠦᠨᠳᠤ ᠨᠤᠴᠢᠳᠠᠢ ᠭᠦᠭᠦᠷ ᠲᠤᠳ᠋ᠬᠠᠳ᠋ᠬᠠᠰᠠᠨ ᠦᠶ᠎ᠠ ᠳᠤ ᠤᠭᠤᠷᠬᠠᠳᠤ ᠡᠳ᠋ ᠤᠨ ᠨᠠᠶᠢᠯᠡᠯ ᠤᠨ ᠪᠠᠭᠤᠷᠠᠯᠳᠠ ᠠᠴᠠ | ᠲᠠᠪᠠᠵᠤ᠂ ᠤᠭᠤᠷᠬᠠᠳᠤ ᠪᠤᠰᠤ ᠠᠽᠤᠲ ᠤᠨ ᠬᠤᠷᠠᠮᠳᠤᠯ ᠪᠤᠯᠳᠠᠭ᠃ ᠲᠤᠮᠳᠠ ᠭᠡᠮᠵᠢᠶ᠎ᠠ ᠪᠠᠷ ᠭᠦᠭᠦᠷ ᠲᠤᠳ᠋ᠬᠠᠳᠠᠪᠠᠯ | ᠤᠭᠤᠷᠬᠠᠳᠤ ᠡᠳ᠋ ᠤᠨ ᠨᠡᠶᠢᠯᠡᠯ ᠢ ᠭᠢᠵᠠᠭᠠᠷᠯᠠᠳᠠᠭ ᠪᠦᠭᠡᠳ ᠤᠨᠠᠯᠳᠠ ᠨᠢ 20% ᠪᠠᠷ ᠬᠠᠰᠤᠠᠠᠳᠠᠳᠠᠭ ᠪᠠᠶᠢᠨ᠎ᠠ᠃ | 2. ᠭᠤᠤᠯ ᠬᠤᠷᠤᠬᠠᠢ ᠶᠢᠨ ᠭᠦᠨᠦᠭᠡᠯ | ︵1︶ ᠨᠢᠭᠦᠯᠳᠦ ᠴᠠᠷᠴᠠᠬᠠᠢ | ᠲᠦᠷᠰᠤ ᠶᠢᠨ ᠤᠨᠴᠠᠯᠢᠭ᠄ ᠲᠤᠯᠤᠭᠠᠢ ᠶᠢᠨ ᠭᠡᠰᠡᠭ ᠨᠢ ᠪᠤᠭᠤᠨᠢ ᠪᠦᠳᠦᠭᠦᠨ᠂ ᠲᠡᠮᠳᠡᠷᠢᠭᠦᠯ ᠨᠢ ᠤᠬᠤᠷ᠂ | ᠶᠠᠷᠦᠩᠭᠡᠢ ᠳᠡᠭᠡᠨ ᠪᠠᠶ᠎ᠠ ᠶᠢᠨ ᠢᠶᠠᠨ ᠬᠠᠭᠠᠰ ᠠᠴᠠ ᠲᠠᠪᠠᠳᠠᠭ ᠦᠭᠡᠢ᠃ ᠵᠠᠵᠢᠯᠬᠤ ᠡᠷᠭᠡᠳᠡᠨ ᠲᠠᠢ᠂ ᠭᠤᠷᠪᠡᠨ ᠲᠠᠩ | ᠨᠢᠳᠤ ᠲᠠᠢ᠂ ᠬᠤᠤᠰ ᠲᠠᠪᠬᠤᠷ ᠨᠢᠳᠤ ᠲᠠᠢ᠂ ᠡᠮᠦᠨ᠎ᠠ ᠴᠡᠭᠡᠵᠢᠨ ᠤ ᠠᠷᠤ ᠬᠠᠪᠳᠠᠰᠤ ᠨᠢ ᠪᠠᠳᠠᠷᠠᠩᠭᠤᠢ᠂ ᠴᠡᠭᠡᠵᠢᠨ | ᠭᠡᠰᠡᠭ ᠤᠨ ᠠᠷᠤ ᠲᠠᠯ᠎ᠠ ᠪᠤᠯᠤᠨ ᠬᠤᠶᠠᠷ ᠲᠠᠯ᠎ᠠ ᠪᠠᠨ ᠬᠠᠯᠬᠠᠯᠠᠵᠤ ᠪᠠᠶᠢᠳᠠᠭ᠃ ᠡᠮᠦᠨ᠎ᠠ ᠲᠠᠯᠠᠪᠴᠢ ᠨᠢ ᠨᠠᠷᠢᠨ ᠤᠷᠳᠤ᠂ | ᠨᠠᠯᠢᠶᠡᠳ ᠵᠤᠵᠠᠭᠠᠨ᠂ ᠬᠤᠶᠢᠳᠤ ᠲᠠᠯᠠᠪᠴᠢ ᠨᠢ ᠦᠷᠭᠡᠨ᠂ ᠭᠤᠷᠪᠡᠯᠵᠢᠨ ᠭᠡᠯᠪᠡᠷᠢ ᠲᠠᠢ᠂ ᠬᠠᠯᠢᠰᠤᠯᠢᠭ ᠪᠠᠶᠢᠳᠠᠭ᠃ | ᠵᠤᠠᠠᠰᠤᠩᠭᠤᠢ ᠪᠠᠶᠢᠳᠠᠯ ᠳᠤ ᠲᠡᠪᠢᠭᠦᠷᠯᠢᠭ ᠭᠡᠯᠪᠡᠷᠢ ᠪᠠᠷ ᠤᠷᠳᠤᠯᠵᠢᠨ ᠠᠳᠤᠷᠢᠵᠤ᠂ ᠡᠮᠦᠨ᠎ᠠ ᠲᠠᠯᠠᠪᠴᠢᠨ ᠳᠠᠭᠠᠨ | ᠬᠠᠯᠬᠠᠯᠬᠠᠳᠠᠵᠤ᠂ ᠵᠠᠷᠢᠮ ᠴᠦᠭᠡᠨ ᠲᠤᠭᠠᠨ ᠤ ᠲᠦᠷᠦᠯ ᠤᠨ ᠭᠢᠨᠢ ᠡᠮᠦᠨ᠎ᠠ ᠬᠤᠶᠢᠳᠤ ᠲᠠᠯᠠᠪᠴᠢ ᠨᠢ ᠪᠠᠳᠠᠷᠠᠩᠭᠤᠢ | ᠪᠢᠰᠢ ᠪᠤᠶᠤ ᠲᠠᠯᠠᠪᠴᠢ ᠪᠠᠶᠢᠳᠠᠭ ᠦᠭᠡᠢ᠃ ᠬᠤᠶᠢᠳᠤ ᠭᠦᠯ ᠨᠢ ᠲᠤᠮᠤ᠂ ᠦᠰᠤᠷᠴᠤ ᠲᠡᠭᠳᠡᠭᠦ ᠨᠢ ᠰᠠᠶᠢᠨ᠂ ᠰᠢᠯᠪᠢ | ᠨᠢ ᠭᠤᠷᠪᠡᠨ ᠦᠶ᠎ᠠ ᠲᠠᠢ᠂ ᠡᠴᠤᠰ ᠤᠨ ᠭᠡᠰᠡᠭ ᠲᠡᠭᠡᠨ ᠭᠢᠮᠤᠰᠤ ᠲᠠᠢ᠂ ᠨᠢᠭᠤᠷ ᠲᠠᠯ᠎ᠠ ᠨᠢ ᠪᠠᠭᠠᠨᠠᠯᠢᠭ ᠭᠡᠯᠪᠡᠷᠢ ᠲᠠᠢ᠂ | ᠨᠢᠭᠡᠳᠦᠭᠡᠷ ᠦᠶ᠎ᠠ ᠶᠢᠨ ᠠᠷᠤ ᠬᠠᠪᠳᠠᠰᠤᠨ ᠤ ᠬᠤᠶᠠᠷ ᠲᠠᠯ᠎ᠠ ᠳᠤ ᠨᠢᠭᠡᠨ ᠬᠤᠤᠰ ᠰᠤᠨᠤᠷ ᠤᠨ ᠡᠷᠭᠡᠳᠡᠨ ᠲᠠᠢ᠃ | ᠨᠢᠭᠤᠷ ᠤᠨ ᠡᠴᠤᠰ ᠤᠨ ᠭᠡᠰᠡᠭ ᠲᠡᠭᠡᠨ ᠨᠠᠯᠢᠶᠠᠳ ᠤᠬᠤᠷ ᠰᠡᠭᠦᠯ ᠤᠨ ᠰᠠᠬᠠᠯ ᠲᠠᠢ᠂ ᠱᠤᠷᠤᠯᠵᠢᠨ ᠭᠡᠯᠪᠡᠷᠢ ᠲᠠᠢ᠂ | ᠡᠮ᠎ᠠ ᠬᠤᠷᠤᠬᠠᠢ ᠶᠢᠨ ᠭᠡᠪᠡᠯᠢ ᠶᠢᠨ ᠬᠤᠶᠢᠳᠤ ᠭᠡᠰᠡᠭ ᠤᠨ ᠲᠤᠤᠷ᠎ᠠ ᠲᠠᠯ᠎ᠠ ᠳᠤ ᠨᠢᠭᠡᠨ ᠬᠤᠤᠰ ᠦᠨᠳᠡᠭᠡ ᠭᠠᠷᠭᠠᠬᠤ | ᠲᠠᠯᠪᠢ ᠲᠠᠢ᠃ | ᠤᠨᠴᠠᠯᠢᠭ ᠨᠢ ᠭᠡᠪᠡᠯ ᠨᠢᠭᠦᠯᠳᠦ ᠴᠠᠷᠴᠠᠬᠠᠢ ᠦᠨᠳᠡᠭᠡᠯᠡᠭᠦ ᠳᠡᠭᠡᠨ ᠲᠡᠳ᠋ ᠪᠡᠯᠭᠡ ᠶᠢᠨ ᠪᠤᠯᠴᠢᠷᠬᠠᠢ ᠠᠴᠠ ᠨᠢᠭᠡᠨ | ᠵᠦᠢᠯ ᠤᠨ ᠨᠠᠭᠠᠯᠳᠤᠩᠬᠠᠢ ᠰᠢᠩᠭᠡᠨᠱᠦ᠋ᠭᠦᠷᠡᠬᠦᠯᠵᠤ᠂ ᠦᠨᠳᠡᠭᠡᠨ ᠮᠦᠭᠦᠯᠢᠭ ᠢ ᠬᠠᠷᠢᠯᠴᠠᠨ ᠨᠢᠭᠡ ᠲᠤᠤᠷ᠎ᠠ | ᠨᠠᠭᠠᠯᠳᠤᠭᠤᠯᠵᠤ᠂ ᠦᠨᠳᠡᠭᠡᠨ ᠮᠦᠭᠦᠯᠢᠭ ᠤᠨ ᠡᠷᠭᠢᠨ ᠲᠤᠭᠤᠷᠢᠨ ᠤ ᠨᠠᠭᠠᠯᠳᠤᠩᠬᠠᠢ ᠰᠢᠩᠭᠡᠨ ᠨᠢ ᠰᠢᠷᠤᠢ᠂ ᠬᠠᠶᠢᠷ | ᠲᠠᠢ ᠬᠤᠯᠢᠯᠳᠤᠵᠤ᠂ ᠨᠢᠭᠡᠨ ᠲᠠᠪᠬᠤᠷᠭ᠎ᠠ ᠭᠠᠳᠠᠷ ᠪᠠᠭᠢᠯᠡᠯᠳᠡ ᠪᠤᠯᠳᠠᠭ᠃ ᠡᠨᠡ ᠮᠡᠳᠤ ᠦᠨᠳᠡᠭᠡᠨ ᠮᠦᠭᠦᠯᠢᠭ ᠢ | ᠬᠠᠮᠠᠭᠠᠯᠠᠬᠤ᠂ ᠤᠰᠤ ᠨᠡᠪᠴᠢᠭᠦ ᠶᠢ ᠰᠡᠷᠭᠡᠶᠢᠯᠡᠭᠦ ᠪᠦᠷᠢᠳᠦᠯ ᠢ ᠦᠨᠳᠡᠭᠡᠨ ᠤᠭᠤᠳᠠ ᠭᠡᠳᠡᠭ᠃ ᠦᠨᠳᠡᠭᠡᠨ | ᠤᠭᠤᠳᠠ ᠶᠢᠨ ᠪᠦᠷᠢᠳᠦᠯ᠂ ᠭᠡᠯᠪᠡᠷᠢ ᠨᠢ ᠴᠠᠷᠴᠠᠬᠠᠢ ᠶᠢᠨ ᠲᠦᠷᠦᠯ ᠤᠨ ᠠᠳᠠᠯᠢ ᠪᠤᠰᠤ ᠶᠢ ᠲᠠᠭᠠᠯᠳᠤᠨ ᠠᠳᠠᠯᠢ ᠦᠭᠡᠢ | ᠪᠠᠶᠢᠵᠤ᠂ ᠤᠯᠠᠩᠭᠢ ᠨᠢ ᠤᠷᠳᠤᠯᠵᠢᠨ ᠤᠭᠤᠳᠠᠨ ᠭᠡᠯᠪᠡᠷᠢ ᠲᠠᠢ ᠪᠠᠶᠢᠳᠠᠭ᠃ ᠴᠠᠷᠴᠠᠬᠠᠢ ᠶᠢᠨ ᠦᠨᠳᠡᠭᠡ ᠨᠢ ᠶᠠᠷᠦᠩᠭᠡᠢ | ᠳᠡᠭᠡᠨ ᠬᠤᠶᠠᠷ ᠦᠵᠦᠭᠦᠷ ᠨᠢ ᠲᠤᠭᠤᠷᠢᠭ ᠤᠷᠳᠤᠯᠵᠢᠨ ᠪᠠᠭᠠᠨ᠎ᠠ ᠶᠢᠨ ᠭᠡᠯᠪᠡᠷᠢ ᠲᠠᠢ᠂ ᠪᠠᠭ᠎ᠠ ᠨᠤᠮᠤᠳ᠋ᠬᠠᠰᠠᠨ | 3~10mm ᠤᠷᠳᠤ᠂ ᠳ᠋ᠢᠶᠠᠮᠧᠲᠷ ᠨᠢ 0.5~0.8mm ᠪᠠᠶᠢᠳᠠᠭ᠃ ᠪᠡᠶᠡᠯᠡᠭᠰᠡᠨ ᠬᠤᠷᠤᠬᠠᠢ ᠶᠢᠨ ᠭᠡᠯᠪᠡᠷᠢ | ᠲᠦᠷᠰᠤ ᠨᠢ ᠤᠯᠠᠨ ᠶᠠᠩᠵᠤ ᠲᠠᠢ ᠪᠠᠶᠢᠳᠠᠭ᠃ ᠨᠢᠭᠦᠯᠳᠦ ᠴᠠᠷᠴᠠᠬᠠᠢ ᠪᠤᠯ ᠵᠢᠯ ᠳᠤ ᠨᠢᠭᠡ ᠤᠳᠠᠭ᠎ᠠ ᠦᠷᠡᠵᠢᠳᠡᠭ᠂ | ᠵᠠᠷᠢᠮ ᠭᠠᠵᠠᠷ ᠲᠤ ᠬᠤᠶᠠᠷ ᠤᠳᠠᠭ᠎ᠠ ᠦᠷᠡᠵᠢᠳᠡᠭ ᠪᠤᠢ᠃ ᠡᠪᠤᠯᠵᠢᠭ᠍ᠰᠡᠨ ᠦᠨᠳᠡᠭᠡ ᠨᠢ ᠶᠡᠭᠡ ᠲᠦᠯᠤᠪ ᠲᠠᠪᠤ᠂ | ᠵᠢᠷᠭᠤᠭᠠᠨ ᠰᠠᠷ᠎ᠠ ᠳᠤ ᠨᠠᠪᠴᠢᠵᠤ᠂ ᠨᠢᠯᠬ᠎ᠠ ᠲᠠᠪᠭᠡᠷᠭᠡ ᠨᠢ 30~40 ᠬᠤᠨᠤᠭ ᠲᠤ ᠪᠤᠶᠢᠵᠢᠵᠤ᠂ ᠠᠷᠠᠰᠤ ᠨᠢ | ᠭᠡᠳᠦᠨᠳᠡ ᠬᠤᠨ᠋ᠠᠵᠢᠷᠠᠵᠤ ᠪᠡᠶᠡᠯᠡᠭᠰᠡᠨ ᠬᠤᠷᠤᠬᠠᠢ ᠪᠤᠯᠳᠠᠭ᠃ 7~8 ᠳ᠋ᠤᠭᠠᠷ ᠰᠠᠷ᠎ᠠ ᠳᠤ ᠪᠡᠶᠡᠯᠡᠭᠰᠡᠨ ᠬᠤᠷᠤᠬᠠᠢ ᠨᠢ | ᠪᠡᠯᠭᠡ ᠬᠠᠷᠢᠴᠠᠬᠤ ᠪᠠᠷ ᠲᠠᠮᠵᠢᠨ ᠦᠨᠳᠡᠭᠡᠯᠡᠵᠤ | ᠲᠠᠷᠠᠭ᠎ᠠ ᠪᠠᠷ ᠨᠢ ᠦᠭᠦᠴᠢᠭᠡᠳᠡᠭ᠃ ᠴᠠᠷᠴᠠᠬᠠᠢ ᠶᠢᠨ ᠪᠡᠶᠡᠵᠢᠭᠦ ᠬᠤᠭᠤᠴᠠᠭ᠎ᠠ ᠨᠢ ᠶᠠᠷᠦᠩᠭᠡᠢ ᠳᠡᠭᠡᠨ 30~50 | ᠬᠤᠨᠤᠭ ᠪᠠᠶᠢᠳᠠᠭ᠃ ᠨᠢᠭᠦᠯᠳᠦ ᠴᠠᠷᠴᠠᠬᠠᠢ ᠶᠢᠨ ᠲᠦᠷᠦᠯ ᠨᠢ ᠮᠠᠰᠢ ᠤᠯᠠᠨ᠂ ᠡᠯ᠎ᠡ ᠭᠠᠵᠠᠷ ᠤᠨ ᠤᠷᠴᠢᠨ ᠲᠤᠭᠤᠷᠢᠨ | ᠪᠤᠳᠤᠯᠢᠶᠠᠠᠳᠠᠢ᠂ ᠠᠭᠤᠷ ᠠᠮᠢᠰᠬᠤᠯ ᠤᠨ ᠵᠦᠷᠢᠶ᠎ᠠ ᠴᠤ ᠶᠡᠭᠡ ᠪᠠᠶᠢᠳᠠᠭ ᠪᠤᠯᠬᠤᠷ ᠡᠯ᠎ᠡ ᠭᠠᠵᠠᠷ ᠲᠤ ᠨᠢᠭᠦᠯᠳᠦ | ᠴᠠᠷᠴᠠᠬᠠᠢ ᠶᠢᠨ ᠢᠯᠡᠷᠡᠭᠦ ᠴᠠᠭ ᠬᠤᠭᠤᠴᠠᠭ᠎ᠠ ᠨᠢ ᠪᠦᠷᠢᠮᠦᠰᠤᠨ ᠠᠳᠠᠯᠢ ᠦᠭᠡᠢ ᠶᠤᠮ᠃ ᠦᠷᠭᠦᠯᠵᠢ ᠭᠡᠷᠡᠭᠯᠡᠭᠦ ᠡᠮ ᠪᠤᠯ | ᠷᠦᠢ ᠶᠢᠨ ᠲᠧ ︵锐劲特︶᠂ ᠮᠠᠶᠢᠰᠢᠶᠤᠨ ︵马拉硫磷︶ ᠵᠡᠷᠭᠡ ᠡᠮ ᠪᠤᠯᠤᠨ᠎ᠠ᠃ | ︵2︶ ᠨᠠᠪᠴᠢᠨ ᠦᠳᠤ | ᠭᠦᠨᠦᠭᠡᠯ ᠤᠨ ᠰᠢᠨᠵᠢ᠄ ᠨᠠᠪᠴᠢᠨ ᠦᠳᠤ ᠪᠤᠯ ᠨᠠᠪᠴᠢᠨ ᠤ ᠭᠠᠳᠠᠷ ᠬᠠᠯᠢᠰᠤᠨ ᠤ ᠲᠤᠤᠷ᠎ᠠ ᠨᠢᠭᠤᠠᠠᠳᠠᠨ ᠮᠠᠷᠠᠨ | ᠢᠳᠡᠵᠤ᠂ ᠨᠠᠪᠴᠢ ᠶᠢ ᠬᠠᠵᠠᠨ ᠰᠢᠷᠠᠯᠠᠭᠤᠯᠵᠤ᠂ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠨᠦᠯᠦᠭᠡᠯᠡᠵᠤ᠂ | ᠬᠤᠷᠢᠶᠠᠯᠳᠠ ᠶᠢ ᠬᠠᠰᠤᠠᠠᠳᠠᠭᠤᠯᠳᠠᠭ᠃ ᠡᠨᠡ ᠪᠤᠯ ᠦᠷᠭᠦᠯᠵᠢ ᠬᠠᠷᠬᠠᠳᠠᠳᠠᠭ ᠴᠠᠷᠭᠠᠰᠤ ᠶᠢᠨ ᠭᠦᠨᠦᠭᠡᠯᠳᠤ | ᠬᠤᠷᠤᠬᠠᠢ ᠶᠢᠨ ᠨᠢᠭᠡ ᠨᠢ ᠪᠤᠯᠤᠨ᠎ᠠ᠃ ᠢᠯᠠᠩᠭᠤᠶ᠎ᠠ ᠸᠠᠨᠳ᠋ᠸᠤ ᠶᠢᠨ ᠨᠠᠪᠴᠢᠨ ᠦᠳᠤ ᠪᠤᠯ 4~5 ᠳ᠋ᠤᠭᠠᠷ ᠰᠠᠷ᠎ᠠ ᠳᠤ | ᠪᠤᠷᠤ ᠴᠠᠷᠭᠠᠰᠤ ᠶᠢ ᠭᠦᠨᠦᠭᠡᠭᠦ ᠨᠢ ᠲᠤᠩ ᠭᠦᠨᠳᠤ ᠨᠤᠴᠢᠳᠠᠢ ᠪᠠᠶᠢᠵᠤ᠂ ᠰᠠᠭᠤᠷᠢ ᠶᠢ ᠭᠦᠨᠦᠭᠡᠭᠰᠡᠨ ᠨᠤᠷᠮ᠎ᠠ ᠨᠢ | 15%~20% ᠳᠤ ᠭᠦᠷᠳᠡᠭ ᠪᠠᠶᠢᠨ᠎ᠠ᠃ | ᠭᠡᠮ ᠤᠨ ᠤᠠᠴᠠᠯᠢᠭ ᠨᠢ᠄ ᠪᠡᠶᠡᠯᠡᠭᠰᠡᠨ ᠦᠳᠤ ᠨᠢ ᠨᠠᠪᠴᠢᠨ ᠤ ᠨᠡᠭᠡᠳᠡᠰᠤᠨ ᠳᠤ ᠦᠨᠳᠡᠭᠡᠯᠡᠵᠤ᠂ ᠨᠢᠯᠭ᠎ᠠ | ᠦᠳᠤ ᠨᠢ ᠨᠠᠪᠴᠢᠨ ᠤ ᠭᠠᠳᠠᠷ ᠬᠠᠯᠢᠰᠤᠨ ᠳᠤ ᠢᠳᠡᠰᠢ ᠡᠷᠢᠳᠡᠭ᠃ ᠡᠨᠡ ᠮᠡᠳᠤ ᠮᠡᠷᠡᠵᠤ ᠢᠳᠡᠭᠦ ᠨᠢ ᠨᠠᠪᠴᠢᠨ ᠤ | ᠮᠢᠬ᠎ᠠ ᠶᠢ ᠵᠢᠵᠢᠭ ᠴᠠᠭᠠᠨ ᠮᠤᠭᠠᠢ ᠶᠢᠨ ᠭᠡᠯᠪᠡᠷᠢ ᠶᠢᠨ ᠵᠠᠮ ᠲᠠᠢ ᠪᠤᠯᠭᠠᠳᠠᠭ᠃ ᠠᠪᠠᠭᠠᠯᠳᠠᠢ ᠨᠢ ᠶᠠᠷᠦᠳᠡ ᠪᠠᠨ | ᠭᠦᠷᠤᠰᠤᠨ ᠳᠤ ᠭᠡᠤᠭᠡᠯᠳᠡᠶᠢᠵᠢᠵᠤ᠂ ᠵᠠᠷᠢᠮ ᠭᠠᠵᠠᠷ ᠤᠷᠤᠨ ᠳᠤ ᠲᠠᠷᠠ ᠨᠢ ᠨᠠᠪᠴᠢᠨ ᠤ ᠵᠠᠮ ᠳᠤ ᠭᠡᠤᠭᠡᠯᠳᠡᠶᠢᠵᠢᠳᠡᠭ | ᠪᠠᠶᠢᠨ᠎ᠠ᠃ ᠵᠢᠯ ᠳᠤ ᠭᠡᠳᠤ ᠤᠳᠠᠭ᠎ᠠ ᠦᠷᠡᠵᠢᠵᠤ᠂ ᠮᠠᠰᠢ ᠭᠦᠨᠳᠤ ᠭᠦᠨᠦᠭᠡᠯ ᠲᠠᠢ ᠶᠤᠮ᠃ ᠵᠠᠷᠢᠮ ᠮᠡᠳᠡᠭᠡᠯᠡᠯ ᠢ | ᠦᠨᠳᠦᠰᠦᠯᠡᠪᠡᠯ ᠮᠢᠩᠭᠠᠨ ᠰᠠᠭᠤᠷᠢ ᠴᠠᠷᠭᠠᠰᠤ ᠶᠢᠨ ᠭᠠᠵᠠᠷ ᠲᠤ ᠲᠡᠭᠦᠨ ᠤ ᠨᠠᠪᠴᠢᠨ ᠤ ᠭᠦᠨᠦᠭᠡᠯ ᠤᠨ ᠨᠤᠷᠮ᠎ᠠ ᠨᠢ | ᠲᠤᠮᠳᠠᠴᠢ ᠪᠠᠷ 37% ᠳᠤ ᠭᠦᠷᠴᠡᠢ᠃ | ︵3︶ ᠤᠯᠠᠭᠠᠨ ᠲᠤᠯᠤᠭᠠᠶᠢᠳᠤ ᠴᠤᠬᠤ᠂ ᠪᠠᠰᠠ ᠪᠤᠷᠴᠠᠭ ᠤᠨ ᠵᠢᠶᠠᠩᠴᠠ ᠭᠡᠳᠡᠭ᠃ | ᠡᠨᠡ ᠬᠤᠷᠤᠬᠠᠢ ᠶᠢᠨ ᠪᠡᠶ᠎ᠠ ᠶᠢᠨ ᠤᠷᠳᠤ ᠨᠢ ᠪᠠᠷᠤᠭ 1.27~2.5cm ᠤᠷᠳᠤ᠂ ᠬᠠᠷ᠎ᠠ᠂ ᠪᠤᠷᠤ᠂ | ᠭᠦᠷᠡᠩ ᠦᠡᠭᠭᠡ ᠲᠠᠢ᠂ ᠵᠠᠷᠢᠮ ᠨᠢ ᠤᠳᠠᠰᠤᠨ ᠠᠷ ᠲᠠᠢ ᠪᠠᠶᠢᠳᠠᠭ᠃ ᠪᠦᠷ ᠯᠡ ᠨᠠᠷᠢᠨ ᠤᠷᠳᠤ᠂ ᠪᠠᠭᠠᠨ᠎ᠠ ᠶᠢᠨ | ᠭᠡᠯᠪᠡᠷᠢ ᠲᠠᠢ᠂ ᠪᠡᠶ᠎ᠠ ᠨᠢ ᠵᠦᠭᠡᠯᠡᠨ ᠪᠤᠯᠪᠠᠷᠠᠢ ᠴᠤᠬᠤ ᠶᠢᠨ ᠲᠦᠷᠦᠯ ᠪᠤᠯᠬᠤ ᠪᠦᠭᠡᠳ ᠪᠠᠶ᠎ᠠ ᠭᠢᠭᠡᠳ ᠲᠤᠯᠤᠭᠠᠢ ᠶᠢᠨ | ᠵᠠᠭᠠᠠᠠᠯᠠᠯ ᠨᠢ ᠲᠤᠳᠤᠷᠬᠠᠢ ᠪᠠᠶᠢᠳᠠᠭ᠃ | ᠭᠦᠨᠦᠭᠡᠯ ᠤᠨ ᠰᠢᠨᠵᠢ᠄ ᠪᠡᠶᠡᠯᠡᠭᠰᠡᠨ ᠴᠤᠬᠤ ᠪᠤᠯ 6~8 ᠳ᠋ᠤᠭᠠᠷ ᠰᠠᠷ᠎ᠠ ᠳᠤ ᠪᠤᠷᠴᠠᠭ ᠤᠨ ᠢᠵᠠᠭᠤᠷ ᠤᠨ | ᠡᠪᠡᠰᠤ ᠪᠡᠯᠴᠢᠭᠡᠷ ᠢ ᠭᠦᠨᠳᠤ ᠨᠤᠴᠢᠳᠠᠢ ᠭᠦᠨᠦᠭᠡᠵᠤ᠂ ᠨᠠᠪᠴᠢ᠂ ᠪᠤᠭᠤᠷᠴᠠᠭ ᠢ ᠢᠳᠡᠵᠤ᠂ ᠦᠷᠡᠯᠡᠭᠦ ᠦᠭᠡᠢ ᠪᠤᠯᠭᠠᠳᠠᠭ | ᠃ ᠪᠡᠶᠡᠯᠡᠭᠰᠡᠨ ᠴᠤᠬᠤ ᠨᠢ ᠴᠠᠷᠭᠠᠰᠤ ᠪᠤᠯᠤᠨ ᠪᠤᠰᠤᠳ ᠮᠠᠰᠢ ᠤᠯᠠᠨ ᠲᠠᠷᠢᠮᠠᠯ ᠤᠨ ᠴᠡᠴᠡᠭ ᠨᠠᠪᠴᠢ ᠶᠢ ᠢᠳᠡᠭᠡᠳ᠂ | ᠤᠷᠭᠤᠮᠠᠯ ᠢ ᠰᠦᠢᠷᠡᠮᠡᠳᠡᠬᠡᠢ᠂ ᠤᠳᠤᠢ ᠭᠡᠯᠪᠡᠷᠢ ᠲᠠᠢ ᠪᠤᠯᠭᠠᠵᠤ᠂ ᠵᠠᠷᠢᠮ ᠳᠠᠭᠠᠨ ᠶᠡᠭᠡ ᠭᠡᠮᠵᠢᠶᠠᠨ ᠤ ᠴᠤᠬᠤ ᠨᠢ | ᠤᠷᠭᠤᠮᠠᠯ ᠤᠨ ᠨᠠᠪᠴᠢ ᠶᠢ ᠬᠤᠷᠤᠮᠬᠠᠨ ᠵᠠᠭᠤᠷ᠎ᠠ ᠢᠳᠡᠵᠤ ᠲᠠᠭᠤᠰᠬᠠᠳᠠᠭ᠃ | ᠤᠨᠴᠠᠯᠢᠭ ᠨᠢ ᠭᠡᠪᠡᠯ ᠨᠢᠯᠬ᠎ᠠ ᠴᠤᠬᠤ ᠨᠢ ᠭᠦᠷᠦᠰᠤᠨ ᠳᠤ ᠡᠪᠤᠯᠵᠢᠵᠤ᠂ ᠭᠡᠤᠭᠡᠯᠳᠡᠶᠢᠵᠢᠵᠤ᠂ ᠲᠠᠷᠠᠭ᠎ᠠ | ᠵᠢᠯ ᠤᠨ ᠬᠠᠪᠤᠷ ᠦᠨᠳᠡᠭᠡᠯᠡᠭᠡᠳ ᠪᠡᠶᠡᠯᠡᠭᠰᠡᠨ ᠴᠤᠬᠤ ᠪᠤᠯᠳᠠᠭ᠃ ᠡᠮ᠎ᠠ ᠴᠤᠬᠤ ᠨᠢ 50 ᠠᠴᠠ ᠭᠡᠳᠦᠨ ᠵᠠᠭᠤᠨ | ᠮᠦᠭᠦᠯᠢᠭ ᠦᠨᠳᠡᠭᠡᠯᠡᠵᠤ᠂ ᠶᠠᠷᠦᠳᠡ ᠪᠠᠨ ᠭᠦᠷᠤᠰᠤ ᠰᠢᠷᠤᠢ ᠶᠢᠨ ᠵᠠᠢ ᠵᠠᠪᠰᠠᠷ ᠲᠤ ᠦᠨᠳᠡᠭᠡᠯᠡᠳᠡᠭ᠃ ᠦᠨᠳᠡᠭᠡ ᠨᠢ | ᠨᠠᠪᠴᠢᠭᠡᠳ ᠮᠠᠰᠢ ᠭᠦᠭᠵᠢᠶᠡᠨ ᠲᠠᠢ ᠮᠢᠬᠠᠨ ᠢᠳᠡᠰᠢ ᠲᠠᠢ ᠨᠢᠯᠬ᠎ᠠ ᠴᠤᠬᠤ ᠪᠤᠯᠵᠤ᠂ ᠵᠠᠷᠢᠮ ᠲᠦᠷᠦᠯ ᠤᠨ ᠨᠢᠯᠬ᠎ᠠ | ᠴᠤᠬᠤ ᠨᠢ ᠴᠠᠷᠴᠠᠬᠠᠢ ᠪᠤᠯᠤᠨ ᠭᠦᠷᠡᠯᠵᠡᠭᠡᠨ᠎ᠡ ᠶᠢᠨ ᠦᠨᠳᠡᠭᠡ ᠶᠢ ᠢᠳᠡᠳᠡᠭ ᠪᠤᠯᠬᠤᠷ ᠪᠠᠰᠠ ᠪᠠᠭ᠎ᠠ ᠰᠠᠭ᠎ᠠ ᠲᠤᠰᠠᠳᠠᠢ | ᠪᠠᠶᠢᠳᠠᠭ᠃ | ︵4︶ ᠴᠠᠷᠭᠠᠰᠤ ᠶᠢᠨ ᠴᠠᠭᠠᠨ ᠡᠷᠪᠡᠭᠡᠢ | ᠭᠡᠯᠪᠡᠷᠢ ᠲᠦᠷᠰᠤ ᠨᠢ ᠭᠡᠪᠡᠯ ᠪᠡᠶᠡᠯᠡᠭᠰᠡᠨ ᠡᠷᠪᠡᠭᠡᠢ ᠨᠢ ᠰᠢᠷ᠎ᠠ᠂ ᠲᠠᠯᠠᠪᠴᠢ ᠨᠢ ᠬᠠᠷ᠎ᠠ ᠨᠤᠭᠤᠭᠠᠨ ᠦᠡᠭᠭᠡ ᠲᠠᠢ | ᠂ ᠡᠮ᠎ᠡ ᠡᠷᠪᠡᠭᠡᠢ ᠪᠦᠷᠢ ᠨᠢ ᠨᠠᠪᠴᠢᠨ ᠤ ᠭᠠᠳᠠᠷᠭᠤ ᠳᠤ 500 ᠮᠦᠭᠦᠯᠢᠭ ᠦᠨᠳᠡᠭᠡᠯᠡᠳᠡᠭ᠃ | ᠬᠡᠮ ᠤᠨ ᠤᠨᠴᠠᠯᠢᠭ᠄ ᠨᠢᠯᠬ᠎ᠠ ᠠᠪᠠᠭᠠᠯᠳᠠᠢ ᠨᠢ ᠨᠠᠪᠴᠢ ᠢᠳᠡᠵᠤ ᠨᠠᠪᠴᠢᠨ ᠭᠡᠰᠡᠭ ᠢ ᠨᠦᠭᠡᠯᠡᠳᠡᠭ᠃ ᠨᠢᠯᠬ᠎ᠠ | ᠡᠷᠪᠡᠭᠡᠢ ᠨᠢ ᠪᠡᠶᠡᠯᠡᠭᠰᠡᠨ ᠤ ᠰᠡᠭᠦᠯᠡᠷ ᠨᠠᠪᠴᠢ ᠶᠢ ᠨᠢᠴᠦᠭᠦᠷᠡᠳᠡᠯᠠ ᠢᠳᠡᠴᠢᠭᠡᠳᠡᠭ᠃ | 2~3 ᠬᠤᠨᠤᠭ ᠲᠤ ᠦᠨᠳᠡᠭᠡ ᠨᠢ ᠨᠠᠪᠴᠢᠵᠤ᠂ ᠪᠠᠶ᠎ᠠ ᠶᠢᠨ ᠤᠷᠳᠤ ᠨᠢ 0.27cm᠂ ᠭᠦᠨ ᠨᠤᠭᠤᠭᠠᠨ | ᠦᠡᠭᠭᠡ ᠲᠠᠢ ᠬᠤᠨ ᠭᠠᠯᠠᠭᠤᠨ ᠤ ᠨᠤᠯᠤᠤᠷ ᠤᠨ ᠭᠡᠯᠪᠡᠷᠢ ᠲᠠᠢ ᠪᠠᠶᠢᠳᠠᠭ ᠪᠦᠭᠡᠳ ᠪᠡᠶ᠎ᠡ ᠪᠠᠨ ᠲᠠᠭᠠᠭᠠᠳ ᠴᠠᠭᠠᠨ | ᠰᠤᠳᠠᠰᠤ ᠲᠠᠢ ᠪᠠᠶᠢᠵᠤ᠂ ᠰᠡᠭᠦᠯᠡᠷ ᠨᠢ ᠰᠢᠷᠭᠠᠯ ᠨᠤᠭᠤᠭᠠᠨ ᠦᠡᠭᠭᠡ ᠲᠠᠢ ᠪᠤᠯᠵᠤ ᠬᠤᠪᠢᠷᠬᠠᠰᠠᠨ ᠨᠢᠴᠦᠭᠦᠨ | ᠭᠡᠤᠭᠡᠯᠳᠡᠢ ᠨᠢ ᠤᠷᠭᠤᠮᠠᠯ ᠤᠨ ᠡᠰᠢᠨ ᠲᠡᠭᠡᠷ᠎ᠡ ᠨᠠᠭᠠᠯᠳᠤᠵᠤ᠂ ᠶᠠᠷᠦᠳᠡ ᠪᠠᠨ ᠡᠨᠡ ᠬᠦ ᠭᠡᠪ ᠢᠶᠠᠷ ᠢᠶᠠᠨ ᠡᠪᠤᠯᠵᠢᠳᠡᠭ | ᠪᠠᠶᠢᠨ᠎ᠠ᠃ ᠭᠡᠪᠡᠴᠤ ᠵᠠᠷᠢᠮ ᠭᠠᠵᠠᠷ ᠤᠷᠤᠨ ᠳᠤ ᠵᠢᠯ ᠲᠤᠵᠢ ᠵᠠᠷᠢᠮ ᠨᠢᠯᠬ᠎ᠠ ᠡᠷᠪᠡᠭᠡᠢ ᠪᠡ ᠪᠡᠶᠡᠯᠡᠭᠰᠡᠨ ᠡᠷᠪᠡᠭᠡᠢ ᠶᠢ | ᠤᠯᠵᠤ ᠬᠠᠷᠠᠳᠠᠭ ᠪᠦᠭᠡᠳ ᠠᠭᠤᠷ ᠠᠮᠢᠰᠬᠤᠯ ᠤᠨ ᠨᠦᠭᠦᠴᠡᠯ ᠢᠶᠠᠷ ᠵᠢᠯ ᠳᠤ 2~7 ᠤᠳᠠᠭ᠎ᠠ ᠦᠷᠡᠵᠢᠳᠡᠭ ᠶᠠᠪᠤᠳᠠᠯ | ᠴᠤ ᠪᠤᠢ᠃ | ︵5︶ ᠨᠤᠭᠤᠭᠠᠨ ᠤ ᠵᠢᠵᠢᠭ ᠡᠷᠪᠡᠭᠡᠢ | ᠭᠡᠯᠪᠡᠷᠢ ᠲᠦᠷᠰᠤ᠄ ᠪᠡᠶᠡᠯᠡᠭᠰᠡᠨ ᠡᠷᠪᠡᠭᠡᠢ ᠨᠢ ᠬᠠᠷ᠎ᠠ ᠦᠡᠭᠭᠡ ᠲᠠᠢ᠂ ᠪᠡᠶ᠎ᠠ ᠶᠢᠨ ᠤᠷᠳᠤ ᠨᠢ 6~7mm᠂ | ᠲᠠᠯᠠᠪᠴᠢ ᠨᠢ 12~15mm ᠦᠷᠭᠡᠨ᠂ ᠡᠮᠦᠨ᠎ᠠ ᠬᠤᠶᠢᠨ᠎ᠠ ᠲᠠᠯᠠᠪᠴᠢ ᠨᠢ ᠴᠦᠮ ᠨᠠᠷᠢᠨ ᠤᠷᠳᠤᠯᠵᠢᠨ ᠭᠡᠯᠪᠡᠷᠢ | ᠲᠠᠢ ᠪᠦᠭᠡᠳ ᠲᠠᠯᠠᠪᠴᠢᠨ ᠤ ᠭᠠᠳᠠᠷ ᠭᠦᠪᠡᠭᠡ ᠨᠢ ᠨᠡᠯᠢᠶᠡᠳ ᠤᠷᠳᠤ ᠨᠤᠭᠤᠭᠠᠨ ᠦᠰᠤ ᠲᠠᠢ᠂ ᠢᠯᠠᠩᠭᠤᠶ᠎ᠠ | ᠲᠠᠯᠠᠪᠴᠢ ᠶᠢᠨ ᠭᠦᠪᠡᠭᠡᠨ ᠤ ᠦᠰᠤ ᠨᠢ ᠨᠡᠩ ᠤᠷᠳᠤ ᠪᠠᠶᠢᠳᠠᠭ᠃ ᠪᠡᠶᠡᠯᠡᠭᠰᠡᠨ ᠡᠷᠪᠡᠭᠡᠢ ᠵᠤᠠᠠᠰᠤᠩᠭᠤᠢ ᠦᠶ᠎ᠠ ᠳᠡᠭᠡᠨ | ᠬᠤᠶᠠᠷ ᠲᠠᠯᠠᠪᠴᠢ ᠨᠢ ᠪᠠᠶ᠎ᠠ ᠪᠠᠨ ᠭᠡᠷ ᠤᠨ ᠲᠠᠭᠡᠪᠤᠷ ᠤᠨ ᠭᠡᠯᠪᠡᠷᠢ ᠲᠠᠢ ᠪᠦᠷᠭᠦᠵᠤ᠂ ᠡᠮᠦᠨ᠎ᠠ ᠲᠠᠯᠠᠪᠴᠢᠨ ᠤ | ᠭᠦᠪᠡᠭᠡ ᠶᠢᠨ ᠦᠰᠤ ᠨᠢ ᠰᠡᠭᠯᠡᠶᠢᠵᠤ᠂ ᠬᠤᠶᠠᠷ ᠲᠠᠯᠠᠪᠴᠢᠨ ᠤ ᠠᠭᠤᠯᠵᠠᠭᠤᠷ ᠭᠠᠵᠠᠷ ᠨᠢ ᠠᠯᠢ ᠤᠯᠠᠨ ᠲᠦᠷᠪᠡᠯᠵᠢᠨ | ᠲᠤᠯᠪᠤ ᠲᠠᠢ ᠪᠠᠶᠢᠳᠠᠭ᠃ ᠨᠢᠯᠬ᠎ᠠ ᠡᠷᠪᠡᠭᠡᠢ ᠨᠢ ᠢᠭ ᠭᠡᠯᠪᠡᠷᠢ ᠲᠠᠢ᠂ ᠬᠦᠢᠬᠡᠨ ᠨᠤᠭᠤᠭᠠᠨ ᠦᠡᠭᠭᠡ ᠲᠠᠢ᠂ ᠪᠡᠶ᠎ᠠ ᠶᠢᠨ | ᠤᠷᠳᠤ ᠨᠢ 10~12mm᠂ ᠴᠡᠭᠡᠵᠢᠨ ᠤ ᠠᠷᠤ ᠬᠠᠪᠳᠠᠰᠤᠨ ᠲᠡᠭᠡᠷ᠎ᠡ ᠨᠢ ᠬᠦᠢᠬᠡᠨ ᠨᠤᠭᠤᠭᠠᠨ ᠪᠠ ᠦᠡᠭᠭᠡ | ᠦᠭᠡᠢ ᠵᠢᠵᠢᠭ ᠴᠡᠭ ᠢᠶᠠᠷ ᠪᠦᠷᠢᠯᠳᠦᠭᠰᠡᠨ ᠬᠤᠶᠠᠷ ᠰᠤᠳᠠᠰᠤ ᠲᠠᠢ ᠪᠠᠶᠢᠳᠠᠭ᠃ ᠪᠠᠶ᠎ᠠ ᠶᠢᠨ ᠡᠯ᠎ᠡ ᠦᠶ᠎ᠠ ᠨᠢ ᠤᠷᠳᠤ | ᠮᠦᠷᠳᠡᠭᠡᠨ ᠨᠠᠷᠢᠨ ᠦᠰᠤ ᠲᠠᠢ᠂ ᠭᠦᠯ ᠤᠨ ᠰᠤᠨᠤᠯᠳᠠ ᠨᠢ ᠤᠷᠤᠠᠠᠰᠢ ᠬᠤᠶᠢᠰᠢ ᠪᠡᠶ᠎ᠡ ᠠᠴᠠ ᠪᠠᠨ ᠭᠡᠳᠦᠷᠡᠵᠤ | ᠪᠠᠶᠢᠳᠠᠭ᠃ | ᠭᠡᠮ ᠤᠨ ᠤᠨᠴᠠᠯᠢᠭ᠄ ᠬᠠᠷᠠᠮᠦ᠋ᠷᠡᠨ ᠳᠤ ᠵᠢᠯ ᠳᠤ 3~4 ᠤᠳᠠᠭ᠎ᠠ ᠦᠷᠡᠵᠢᠵᠤ᠂ ᠠᠪᠠᠭᠠᠯᠳᠠᠢ ᠨᠢ ᠨᠠᠷᠨ | ᠲᠤᠰᠬᠤ ᠵᠡᠷᠡᠮᠳᠡᠭ ᠤᠷᠭᠤᠮᠠᠯ ᠤᠨ ᠨᠠᠪᠴᠢ ᠪᠤᠶᠤ ᠰᠤᠯᠠ ᠡᠪᠡᠰᠤᠨ ᠳᠤ ᠡᠪᠤᠯᠵᠢᠳᠡᠭ ᠪᠠᠶᠢᠨ᠎ᠠ᠃ ᠲᠠᠷᠠᠭ᠎ᠠ ᠬᠠᠪᠤᠷ ᠨᠢ | ᠭᠡᠤᠭᠡᠯᠳᠡᠢ ᠨᠢ ᠨᠠᠪᠴᠢᠨ ᠬᠤᠷᠤᠬᠠᠢ ᠪᠦᠳᠦᠭᠡᠳ ᠪᠡᠶᠡᠯᠡᠭᠰᠡᠨ ᠬᠤᠷᠤᠬᠠᠢ ᠨᠢ 5 ᠳ᠋ᠤᠭᠠᠷ ᠰᠠᠷ᠎ᠠ ᠶᠢᠨ ᠲᠤᠮᠳᠠᠴᠢ ᠪᠠᠷ | ᠢᠯᠡᠷᠡᠵᠤ ᠭᠠᠷᠳᠠᠭ᠂ ᠪᠡᠶᠡᠯᠡᠭᠰᠡᠨ ᠬᠤᠷᠤᠬᠠᠢ ᠶᠢᠨ ᠨᠢᠰᠭᠦ ᠭᠦᠴᠤᠨ ᠨᠢ ᠪᠠᠭᠤᠷᠠᠢ ᠵᠦᠪᠭᠡᠨ ᠤᠷᠭᠤᠮᠠᠯ ᠤᠨ | ᠬᠤᠭᠤᠷᠤᠨᠳᠤ ᠲᠤᠤᠭᠤᠷ ᠤᠬᠤᠷᠬᠠᠨ ᠵᠠᠢ ᠳᠤ ᠨᠢᠰᠳᠡᠭ᠃ ᠡᠮ᠎ᠡ ᠡᠷᠪᠡᠭᠡᠢ ᠨᠢ ᠨᠠᠪᠴᠢᠨ ᠤ ᠠᠷᠤ ᠪᠤᠶᠤ ᠵᠢᠷᠦᠭᠡᠨ | ᠨᠠᠪᠴᠢᠨ ᠲᠡᠭᠡᠷ᠎ᠡ ᠦᠨᠳᠡᠭᠡᠯᠡᠵᠤ᠂ ᠦᠨᠳᠡᠭᠡ ᠨᠢ 3~5 ᠬᠤᠨᠤᠭ ᠲᠤ ᠨᠠᠪᠴᠢᠨ ᠨᠢᠯᠬ᠎ᠠ ᠡᠷᠪᠡᠭᠡᠢ ᠪᠤᠯᠳᠠᠭ᠃ | ᠨᠤᠭᠤᠭᠠᠨ ᠤ ᠵᠢᠵᠢᠭ ᠡᠷᠪᠡᠭᠡᠢ ᠨᠢ ᠤᠯᠠᠨ ᠭᠡᠯᠪᠡᠷᠢ ᠲᠦᠷᠰᠤ ᠲᠠᠢ ᠪᠠᠶᠢᠳᠠᠭ ᠪᠦᠭᠡᠳ ᠭᠦᠨᠦᠭᠡᠯ ᠤᠨ ᠬᠤᠭᠤᠴᠠᠭ᠎ᠠ ᠨᠢ | ᠴᠤ ᠮᠠᠰᠢ ᠤᠷᠳᠤ ︵6~8 ᠰᠠᠷ᠎ᠠ ᠶᠢᠨ ᠬᠤᠭᠤᠷᠤᠨᠳᠦ︶ ᠪᠠᠶᠢᠳᠠᠭ᠃ ᠲᠠᠷᠠᠴᠢᠯᠡᠨ ᠲᠤᠰ ᠡᠷᠪᠡᠭᠡᠢ ᠪᠤᠯ ᠬᠠᠷ᠎ᠠ | ᠳ᠋ᠧᠩ᠂ ᠴᠡᠭᠡᠨ ᠳ᠋ᠧᠩ ᠤᠨ ᠭᠡᠷᠡᠯ ᠳᠤ ᠮᠠᠰᠢ ᠰᠡᠳᠤᠯᠳᠡ ᠲᠠᠢ ᠪᠠᠶᠢᠳᠠᠭ᠃ | ︵6︶ ᠴᠠᠷᠭᠠᠰᠤᠨ ᠢᠳᠤᠭᠠᠨ | ᠭᠡᠯᠪᠡᠷᠢ ᠲᠦᠷᠰᠤ ᠶᠢᠨ ᠤᠨᠴᠠᠯᠢᠭ᠄ ᠪᠡᠶ᠎ᠠ ᠶᠢᠨ ᠤᠷᠳᠤ ᠨᠢ 15mm᠂ ᠲᠠᠯᠠᠪᠴᠢ ᠶᠢᠨ ᠲᠡᠯᠭᠡᠴᠡ ᠨᠢ | 30~35mm᠂ ᠡᠮᠦᠨ᠎ᠠ ᠲᠠᠯᠠᠪᠴᠢ ᠨᠢ ᠰᠢᠷᠭᠠᠯ ᠨᠤᠭᠤᠭᠠᠨ᠂ ᠵᠠᠷᠢᠮ ᠦᠶ᠎ᠠ ᠳᠤ ᠴᠠᠶᠢᠪᠤᠷ ᠭᠦᠷᠡᠩ᠂ ᠲᠤᠮᠳᠠ | ᠭᠡᠰᠡᠭ ᠨᠢ ᠦᠷᠭᠡᠨ ᠪᠦᠭᠡᠳ ᠭᠦᠨ ᠭᠦᠨᠳᠡᠯᠡᠨ ᠵᠢᠷᠤᠭᠠᠰᠤ ᠲᠠᠢ᠂ ᠪᠦᠭᠡᠷ᠎ᠡ ᠶᠢᠨ ᠭᠡᠯᠪᠡᠷᠢ ᠪᠦᠭᠦᠢ ᠰᠤᠳᠠᠰᠤ ᠨᠢ ᠭᠦᠨ | ᠦᠡᠭᠭᠡ ᠲᠠᠢ ᠪᠠᠶᠢᠳᠠᠭ᠃ ᠬᠤᠶᠢᠨ᠎ᠠ ᠲᠠᠯᠠᠪᠴᠢ ᠨᠢ ᠰᠢᠷᠭᠠᠯ᠂ ᠭᠦᠪᠡᠭᠡ ᠶᠢᠨ ᠭᠡᠰᠡᠭ ᠨᠢ ᠬᠠᠷ᠎ᠠ᠂ ᠵᠢᠷᠦᠭᠡᠨ ᠭᠡᠯᠪᠡᠷᠢ | ᠪᠦᠭᠦᠢ ᠭᠦᠷᠡᠩ ᠲᠤᠯᠪᠤ ᠲᠠᠢ᠂ ᠲᠠᠯᠠᠪᠴᠢᠨ ᠤ ᠤᠭ ᠨᠢ ᠬᠠᠷ᠎ᠠ᠂ ᠲᠤᠮᠳᠠ ᠨᠢ ᠬᠠᠷ᠎ᠠ ᠲᠤᠯᠪᠤ ᠲᠠᠢ᠂ ᠭᠦᠪᠡᠭᠡ ᠶᠢᠨ | ᠦᠰᠤ ᠨᠢ ᠰᠢᠷᠠᠪᠳᠤᠷ ᠦᠡᠭᠭᠡ ᠲᠠᠢ᠂ ᠠᠩᠬ᠎ᠠ ᠦᠨᠳᠡᠭᠡᠯᠡᠭᠰᠡᠨ ᠦᠨᠳᠡᠭᠡ ᠨᠢ ᠴᠠᠭᠠᠨ ᠪᠠᠶᠢᠵᠤ ᠰᠡᠭᠦᠯᠳᠡᠭᠡᠳ ᠰᠢᠷᠭᠠᠯ | ᠪᠤᠯᠵᠤ ᠪᠦᠮᠪᠤᠷᠢᠭᠡᠨ ᠭᠡᠯᠪᠡᠷᠢ ᠲᠠᠢ ᠪᠦᠭᠡᠳ ᠰᠠᠭᠤᠷᠢ ᠨᠢ ᠲᠡᠭᠰᠢ᠂ ᠲᠤᠭᠤᠷᠢᠭᠠᠳ ᠭᠤᠯᠳᠤ ᠭᠡ ᠪᠠ ᠭᠦᠨᠳᠡᠯᠡᠨ | ᠵᠢᠷᠤᠭᠠᠰᠤ ᠲᠠᠢ ᠪᠠᠶᠢᠳᠠᠭ᠃ ᠨᠢᠯᠬ᠎ᠠ ᠢᠳᠤᠭᠠᠨ ᠤ ᠲᠤᠯᠤᠭᠠᠢ ᠨᠢ ᠰᠢᠷ᠎ᠠ ᠪᠦᠭᠡᠳ ᠬᠠᠷ᠎ᠠ ᠲᠤᠯᠪᠤ ᠲᠠᠢ᠂ 5~7 | ᠲᠤᠯᠪᠤ ᠨᠢ ᠨᠢᠭᠡᠨ ᠪᠦᠯᠦᠭ ᠪᠤᠯᠵᠤ᠂ ᠲᠤᠮᠳᠡᠭᠢ ᠲᠤᠯᠪᠤ ᠨᠤᠭᠤᠳ ᠨᠢ ᠭᠢᠳᠡᠳ ᠦᠰᠦᠭ ᠤᠨ ᠨᠡᠢᠮᠡ ᠶᠢᠨ ᠭᠡᠯᠪᠡᠷᠢ ᠲᠠᠢ | ᠪᠠᠶᠢᠳᠠᠭ᠃ ᠪᠡᠶ᠎ᠠ ᠶᠢᠨ ᠦᠡᠭᠭᠡ ᠶᠢᠨ ᠬᠤᠪᠢᠷᠠᠯᠳᠠ ᠨᠢ ᠶᠡᠭᠡ᠂ ᠭᠡᠪᠡᠴᠤ ᠶᠠᠷᠦᠩᠭᠡᠢ ᠳᠡᠭᠡᠨ ᠰᠢᠷ᠎ᠠ ᠨᠤᠭᠤᠭᠠᠨ ᠦᠡᠭᠭᠡ | ᠪᠠᠷ ᠭᠤᠤᠯᠯᠠᠵᠤ᠂ ᠲᠡᠭᠡᠷ᠎ᠡ ᠨᠢ ᠬᠠᠷ᠎ᠠ ᠦᠡᠭᠭᠡ ᠶᠢᠨ ᠭᠤᠯᠳᠤ ᠵᠢᠷᠤᠭᠠᠰᠤ ᠲᠠᠢ᠂ ᠨᠢᠯᠬ᠎ᠠ ᠢᠳᠤᠭᠠᠨ ᠤ ᠪᠡᠶ᠎ᠠ ᠶᠢᠨ | ᠤᠷᠳᠤ ᠨᠢ 40mm᠂ ᠭᠡᠤᠭᠡᠯᠳᠡᠢ ᠨᠢ ᠬᠦᠢᠬᠡᠨ ᠭᠦᠷᠡᠩ ᠦᠡᠭᠭᠡ ᠲᠠᠢ᠂ ᠰᠡᠭᠦᠯ ᠤᠨ ᠭᠡᠰᠡᠭ ᠨᠢ ᠦᠰᠤ ᠲᠠᠢ᠂ | ᠵᠢᠯ ᠪᠦᠷᠢ ᠳᠤ ᠬᠤᠶᠠᠷ ᠤᠳᠠᠭ᠎ᠠ ᠦᠷᠡᠵᠢᠵᠤ᠂ ᠭᠡᠤᠭᠡᠯᠳᠡᠢ ᠨᠢ ᠭᠦᠷᠦᠰᠤᠨ ᠳᠤ ᠡᠪᠤᠯᠵᠢᠵᠤ᠂ ᠠᠩᠬᠠᠳ᠋ᠬᠠᠴᠢ | ᠪᠡᠶᠡᠯᠡᠭᠰᠡᠨ ᠢᠳᠤᠭᠠᠨ ᠨᠢ ᠬᠠᠪᠤᠷ ᠤᠨ ᠰᠡᠭᠦᠯᠴᠢ ᠵᠤᠨ ᠤ ᠡᠭᠢᠨ ᠢᠶᠠᠷ ᠭᠦᠳᠡᠯᠵᠤ᠂ ᠡᠯ᠎ᠡ ᠲᠦᠷᠦᠯ ᠤᠨ ᠤᠷᠭᠤᠮᠠᠯ ᠤᠨ | ᠨᠠᠪᠴᠢ ᠪᠠ ᠴᠠᠴᠡᠭ ᠤᠨ ᠲᠡᠭᠡᠷ᠎ᠠ ᠦᠨᠳᠡᠭᠡᠯᠡᠳᠡᠭ᠃ ᠨᠢᠯᠬ᠎ᠠ ᠢᠳᠤᠭᠠᠨ ᠨᠢ ᠪᠤᠯ ᠰᠤᠴᠢᠮᠠᠳᠠᠭᠠᠢ ᠪᠦᠭᠡᠳ ᠦᠰᠤᠷᠴᠤ | ᠲᠡᠭᠳᠡᠳᠡᠭ᠃ | ︵7︶ ᠰᠢᠷᠤᠢ ᠶᠢᠨ ᠭᠦᠷᠢ | ᠭᠦᠨᠦᠭᠡᠯ ᠤᠨ ᠰᠢᠨᠵᠢ᠄ ᠤᠷᠭᠤᠮᠠᠯ ᠤᠨ ᠡᠰᠢ ᠪᠠ ᠨᠠᠪᠴᠢᠨ ᠪᠠᠷᠢᠭᠤᠯ ᠢ ᠭᠡᠮᠡᠯᠢᠵᠤ ᠮᠡᠷᠡᠭᠦ ᠶᠢᠨ ᠬᠠᠮᠳᠤ | ᠦᠨᠳᠤᠰᠤᠨ ᠤ ᠲᠡᠭᠡᠷ᠎ᠡ ᠲᠠᠯ᠎ᠠ ᠳᠤ ᠡᠭᠦᠷᠯᠡᠳᠡᠭ᠃ ᠬᠠᠶᠢᠷᠰᠤᠳᠤ ᠲᠠᠯᠠᠪᠴᠢᠳᠡᠨ ᠤ ᠪᠠᠭ ᠤᠨ | ᠢᠳᠤᠭᠠᠨ ᠤ ᠢᠵᠠᠭᠤᠷ ᠲᠤ ᠬᠠᠷᠢᠶᠠᠯᠬᠠᠳᠠᠨ᠎ᠠ᠃ | ᠤᠨᠴᠠᠯᠢᠭ᠄ ᠡᠳᠡᠭᠡᠷ ᠢᠳᠤᠭᠠᠨ ᠤ ᠲᠦᠷᠦᠯ ᠨᠢ ᠶᠠᠷᠦᠳᠡ ᠪᠠᠨ ᠭᠡᠷᠡᠯ ᠳᠤ ᠲᠠᠳ᠋ᠬᠠᠳᠠᠵᠤ᠂ ᠠᠪᠠᠭᠠᠯᠳᠠᠢ ᠨᠢ | ᠵᠠᠭᠠᠨ ᠤ ᠰᠢᠨᠵᠢ ᠲᠠᠢ᠂ ᠤᠷᠳᠤ ᠨᠢ 2.5~3.8cm᠂ ᠭᠦᠯᠢᠭᠡᠷ᠂ ᠭᠦᠷᠡᠩ᠂ ᠦᠨᠡᠰᠤᠨ ᠦᠡᠭᠭᠡ ᠪᠡ | ᠬᠠᠷᠠᠪᠳᠤᠷ ᠦᠡᠭᠭᠡ ᠲᠠᠢ ᠪᠠᠶᠢᠵᠤ᠂ ᠰᠤᠳᠠᠰᠤ ᠪᠤᠶᠤ ᠲᠤᠯᠪᠤ ᠲᠠᠢ ᠪᠠᠶᠢᠳᠠᠭ᠃ ᠤᠯᠠᠩᠭᠢ ᠰᠢᠷᠤᠢ ᠶᠢᠨ ᠭᠦᠷᠢ ᠨᠢ | ᠨᠢᠯᠬ᠎ᠠ ᠭᠦᠷᠢ ᠶᠢᠨ ᠪᠤᠶᠢᠵᠢᠯᠳᠡ ᠶᠢᠨ ᠦᠶ᠎ᠠ ᠳᠡᠭᠡᠨ ᠡᠪᠤᠯᠵᠢᠵᠤ᠂ ᠲᠠᠷᠠᠭ᠎ᠠ ᠬᠠᠪᠤᠷ ᠨᠢ ᠦᠷᠭᠦᠯᠵᠢᠯᠡᠨ ᠢᠳᠡᠰᠢ | ᠡᠷᠢᠳᠡᠭ᠃ ᠠᠪᠠᠭᠠᠯᠳᠠᠢ ᠨᠢ ᠤᠯᠠᠩᠭᠢ ᠳᠠᠭᠠᠨ ᠰᠦᠨᠢ ᠢᠳᠡᠰᠢ ᠡᠷᠢᠵᠤ᠂ ᠡᠳᠤᠷ ᠨᠢ ᠵᠡᠷᠡᠮᠳᠡᠭ ᠰᠠᠯᠠᠭ᠎ᠠ ᠮᠦᠴᠢᠷ ᠤᠨ | ᠨᠠᠪᠴᠢᠨ ᠲᠤᠤᠷ᠎ᠠ ᠨᠢᠭᠤᠠᠠᠳᠠᠳᠠᠭ᠃ ᠵᠠᠷᠢᠮ ᠨᠢ ᠵᠦᠪᠭᠡᠨ ᠨᠠᠪᠴᠢ ᠶᠢ ᠨᠢ ᠢᠳᠡᠳᠡᠭ᠃ ᠶᠠᠷᠦᠩᠭᠡᠢ ᠳᠡᠭᠡᠨ ᠵᠢᠯ ᠳᠤ | ᠨᠢᠬᠡ ᠯᠠ ᠤᠳᠠᠭ᠎ᠠ ᠦᠷᠡᠵᠢᠵᠤ᠂ ᠰᠢᠷ᠎ᠠ ᠭᠦᠷᠢ ᠪᠤᠯ ᠵᠢᠯ ᠳᠤ 2~3 ᠤᠳᠠᠭ᠎ᠠ ᠦᠷᠡᠵᠢᠳᠡᠭ ᠪᠠᠶᠢᠨ᠎ᠠ᠃ | ︵8︶ ᠨᠢᠶᠠᠨ ᠢᠳᠤᠭᠠᠨ | ᠭᠡᠯᠪᠡᠷᠢ ᠲᠦᠷᠰᠤ ᠶᠢᠨ ᠤᠨᠴᠠᠯᠢᠭ᠄ ᠪᠠᠶᠡᠯᠡᠭᠰᠡᠨ ᠢᠳᠤᠭᠠᠨ᠂ ᠦᠨᠳᠡᠭᠡ᠂ ᠠᠪᠠᠭᠠᠯᠳᠠᠢ ᠪᠠ ᠭᠡᠤᠭᠡᠯᠳᠡᠢ ᠵᠡᠷᠭᠡ | ᠲᠦᠷᠪᠡᠨ ᠲᠦᠷᠰᠤ ᠲᠠᠢ ᠪᠠᠶᠢᠵᠤ᠂ ᠬᠤᠯᠠ ᠨᠢᠰᠭᠦ ᠵᠠᠩᠰᠢᠯ ᠲᠠᠢ ᠪᠦᠭᠡᠳ ᠨᠢᠰᠦᠯᠳᠡ ᠶᠢᠨ ᠵᠠᠢ ᠨᠢ 1200km ᠲᠤ | ᠭᠦᠷᠳᠡᠭ᠃ ᠦᠷᠡᠵᠢᠯ ᠤᠨ ᠴᠢᠳᠠᠪᠤᠷᠢ ᠪᠠᠷ ᠰᠠᠶᠢᠨ᠂ ᠨᠢᠭᠡᠨ ᠡᠮ᠎ᠡ ᠢᠳᠤᠭᠠᠨ 1000~2000 ᠦᠨᠳᠡᠭᠡᠯᠡᠨᠡ᠃ | ᠬᠠᠷ᠎ᠠ ᠦᠡᠭᠭᠡ ᠶᠢᠨ ᠳ᠋ᠧᠩ ᠤᠨ ᠭᠡᠷᠡᠯ ᠳᠤ ᠡᠭᠡᠯᠢᠳᠡᠢ᠃ ᠰᠢᠭᠢᠷ᠂ ᠠᠷᠢᠭᠢ᠂ ᠭᠦᠴᠢᠯ ᠤᠨ ᠰᠢᠩᠭᠡᠨ ᠳᠤ ᠲᠤᠷᠠᠳᠠᠢ᠂ | ᠡᠪᠡᠰᠤ ᠲᠠᠷᠢᠶᠠᠨ ᠳᠤ ᠪᠠᠬ᠎ᠠ ᠲᠠᠢ ᠪᠦᠭᠡᠳ ᠲᠡᠭᠦᠨ ᠤ ᠲᠡᠭᠡᠷ᠎ᠡ ᠦᠨᠳᠡᠭᠡᠯᠡᠭᠦ ᠵᠠᠩᠰᠢᠯ ᠲᠠᠢ᠂ ᠠᠪᠠᠭᠠᠯᠳᠠᠢ ᠨᠢ 6 | ᠰᠠᠷ᠎ᠠ ᠶᠢᠨ ᠬᠤᠭᠤᠴᠠᠭ᠎ᠠ ᠲᠠᠢ᠂ ᠲᠦᠷᠦᠭᠦᠤ ᠭᠤᠷᠪᠡᠨ ᠰᠠᠷ᠎ᠠ ᠳᠠᠭᠠᠨ ᠪᠦᠯᠦᠭᠯᠡᠨ ᠭᠦᠨᠦᠭᠡᠯ ᠲᠠᠷᠢᠵᠤ᠂ ᠵᠢᠷᠭᠤᠭᠠᠨ | ᠰᠠᠷ᠎ᠠ ᠶᠢᠨ ᠲᠠᠷᠠᠭ᠎ᠠ ᠭᠦᠷᠦᠰᠤᠨ ᠳᠤ ᠰᠢᠷᠭᠤᠵᠤ | ᠭᠡᠤᠭᠡᠯᠳᠡᠶᠢᠵᠢᠳᠡᠭ᠃ ᠶᠡᠭᠡᠨᠭᠭᠢ ᠡᠪᠡᠰᠤ ᠪᠠᠯᠴᠢᠭᠡᠷ ᠲᠤ ᠭᠢᠭᠰᠡᠨ ᠪᠠᠶᠢᠴᠠᠭᠠᠯᠳᠠ ᠶᠢ ᠦᠨᠳᠦᠰᠦᠯᠡᠪᠡᠯ 6~7 ᠳ᠋ᠤᠭᠠᠷ | ᠰᠠᠷ᠎ᠠ ᠪᠤᠯ ᠬᠤᠶᠠᠳᠤᠭᠠᠷ ᠦᠶ᠎ᠠ ᠶᠢᠨ ᠨᠢᠶᠠᠨ ᠢᠳᠤᠭᠠᠨ ᠤ ᠭᠦᠨᠦᠭᠡᠯ ᠢᠶᠠᠷ ᠬᠠᠮᠤᠭ ᠤᠨ ᠭᠦᠨᠳᠤ ᠨᠤᠴᠢᠳᠡᠢ | ᠬᠤᠭᠤᠴᠠᠭ᠎ᠠ ᠪᠤᠯᠤᠨ᠎ᠠ᠃ | ᠲᠤᠰ ᠢᠳᠤᠭᠠᠨ ᠪᠤᠯ ᠬᠠᠶᠢᠷᠰᠤᠳᠤ ᠲᠠᠯᠠᠪᠴᠢᠳᠡᠨ ᠤ ᠪᠠᠭ᠂ ᠢᠳᠤᠭᠠᠨ ᠤ ᠢᠵᠠᠭᠤᠷ ᠲᠤ ᠬᠠᠷᠢᠶᠠᠯᠬᠠᠳᠠᠨ᠎ᠠ᠃ | | ᠭᠡᠮ ᠤᠨ ᠤᠨᠴᠠᠯᠢᠭ᠄ ᠨᠢᠶᠠᠨ ᠢᠳᠤᠭᠠᠨ ᠨᠠᠪᠴᠢᠭ᠍ᠰᠡᠨ ᠤ ᠪᠠᠨ ᠲᠠᠷᠠᠭ᠎ᠠ ᠲᠠᠷᠦ᠋ᠢᠬᠠᠨ ᠭᠠᠳ᠋ᠬᠠᠰᠢ ᠰᠢᠯᠵᠢᠵᠤ᠂ | ᠲᠤᠬᠠᠢ ᠶᠢᠨ ᠭᠠᠵᠠᠷ ᠤᠨ ᠡᠪᠤᠯᠵᠢᠭ᠍ᠰᠡᠨ ᠨᠢᠶᠠᠨ ᠢᠳᠤᠭᠠᠨ ᠪᠤᠯᠤᠨ ᠨᠢᠰᠴᠤ ᠢᠷᠡᠭᠰᠡᠨ ᠨᠢᠶᠠᠨ ᠢᠳᠤᠭᠠᠨ ᠲᠠᠢ | ᠬᠤᠯᠢᠯᠳᠤᠭᠠᠳ᠂ ᠢᠳᠤᠭᠠᠨ ᠤ ᠦᠨᠳᠡᠭᠡ ᠨᠢ ᠠᠳᠠᠯᠢ ᠬᠤᠭᠤᠴᠠᠭᠠᠨ ᠳᠤ ᠬᠠᠮᠤᠭ ᠤᠨ ᠶᠡᠭᠡ ᠢᠯᠡᠷᠡᠳᠡᠭ᠃ ᠮᠠᠨ ᠤᠨ | ᠤᠯᠤᠰ ᠤᠨ ᠡᠮᠦᠨᠡᠳᠤ ᠤᠷᠤᠨ 6~7 ᠳ᠋ᠤᠭᠠᠷ ᠰᠠᠷ᠎ᠠ ᠳᠤ ᠲᠤᠯᠠᠭᠠᠨ ᠤ ᠭᠡᠮᠵᠢᠶ᠎ᠠ ᠦᠨᠳᠤᠷ᠂ ᠴᠢᠭᠢᠭ ᠶᠡᠭᠡᠳᠡᠢ | ᠪᠠᠶᠢᠳᠠᠭ ᠪᠤᠯᠬᠤᠷ ᠨᠢᠶᠠᠨ ᠢᠳᠤᠭᠠᠨ ᠡᠭᠦᠰᠭᠦ ᠳᠤ ᠮᠠᠰᠢ ᠠᠰᠢᠠᠠᠳᠠᠢ ᠪᠠᠶᠢᠳᠠᠭ ᠪᠦᠭᠡᠳ ᠡᠭᠦᠨ ᠤ ᠲᠡᠭᠡᠷ᠎ᠡ ᠲᠠᠷᠠ | ᠦᠶᠡᠰ ᠡᠪᠡᠰᠤ ᠨᠤᠭᠤᠭ᠎ᠠ ᠵᠦᠭᠡᠯᠡᠨ᠂ ᠨᠢᠠᠠᠳᠠᠴᠠ ᠨᠢ ᠶᠡᠭᠡ ᠪᠠᠶᠢᠵᠤ᠂ ᠨᠢᠶᠠᠨ ᠢᠳᠤᠭᠠᠨ ᠡᠪᠡᠰᠤᠨ ᠳᠤ ᠨᠢᠭᠤᠠᠠᠳᠠᠨ | ᠭᠦᠨᠦᠭᠡᠯ ᠲᠠᠷᠢᠵᠤ᠂ ᠨᠢᠶᠠᠨ ᠢᠳᠤᠭᠠᠨ ᠳᠤ ᠢᠳᠡᠭᠳᠡᠭᠰᠡᠨ ᠡᠪᠡᠰᠤ ᠪᠡᠯᠴᠢᠭᠡᠷ ᠬᠤᠭᠢᠷᠠᠯ ᠳᠤ ᠤᠴᠠᠷᠠᠳᠠᠭ ᠪᠠᠶᠢᠨ᠎ᠠ᠃ | ᠢᠳᠤᠭᠠᠨ ᠳᠤ ᠭᠦᠨᠦᠭᠡᠭᠳᠡᠭᠰᠡᠨ ᠡᠪᠡᠰᠤ ᠪᠡᠯᠴᠢᠭᠡᠷ ᠢ ᠰᠠᠶᠢᠳᠤᠷ ᠬᠠᠮᠢᠶᠠᠷᠳᠠᠭ ᠯᠡ ᠶᠤᠮ ᠪᠤᠯ ᠡᠪᠡᠰᠤᠨ ᠤ ᠪᠦᠷᠭᠦᠴᠠ | 30 ᠬᠤᠨᠤᠭ ᠲᠤ ᠦᠨᠳᠤᠰᠤᠨ ᠳᠡᠭᠡᠨ ᠰᠡᠷᠭᠦᠵᠤ᠂ ᠲᠤᠰ ᠵᠢᠯ ᠳᠡᠭᠡᠨ ᠮᠠᠰᠢ ᠰᠠᠶᠢᠨ ᠬᠤᠷᠢᠶᠠᠯᠳᠠ ᠠᠪᠴᠤ ᠪᠤᠯᠤᠨ᠎ᠠ᠃ | | ︵9︶ ᠪᠡᠯᠴᠢᠭᠡᠷ ᠤᠨ ᠮᠢᠩ ᠬᠤᠷᠤᠬᠠᠢ | ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠡᠨ ᠬᠤᠷᠤᠬᠠᠢ ᠨᠢ ᠭᠦᠷᠡᠩ᠂ ᠪᠡᠶ᠎ᠠ ᠶᠢᠨ ᠤᠷᠳᠤ ᠨᠢ | 8~12mm᠂ ᠲᠠᠯᠠᠪᠴᠢᠨ ᠤ ᠲᠡᠯᠭᠡᠴᠡ ᠨᠢ 15~26mm᠂ ᠡᠮᠦᠨ᠎ᠠ ᠲᠠᠯᠠᠪᠴᠢ ᠨᠢ ᠭᠦᠷᠡᠩ᠂ | ᠪᠦᠳᠡᠩᠭᠢ ᠭᠦᠷᠡᠩ ᠲᠤᠯᠪᠤ ᠲᠠᠢ᠂ ᠭᠠᠳᠠᠷ ᠭᠦᠪᠡᠭᠡ ᠨᠢ ᠰᠢᠷᠭᠠᠯ ᠵᠤᠷᠪᠤᠰ ᠲᠠᠢ᠂ ᠲᠠᠯᠠᠪᠴᠢᠨ ᠤ ᠲᠤᠮᠳᠠ ᠭᠡᠰᠡᠭ | ᠲᠤᠨᠢ ᠨᠢᠭᠡᠨ ᠨᠡᠯᠢᠶᠡᠳ ᠲᠤᠮᠤ ᠰᠢᠷᠭᠠᠯ ᠲᠤᠯᠪᠤ ᠲᠠᠢ ᠪᠦᠭᠡᠳ ᠤᠷᠳᠤᠯᠵᠢᠨ ᠭᠡᠯᠪᠡᠷᠢ ᠲᠠᠢ᠂ ᠲᠠᠯᠠᠪᠴᠢ ᠨᠢ ᠦᠨᠡᠰᠤᠨ | ᠦᠡᠭᠭᠡ ᠲᠠᠢ᠂ ᠠᠪᠠᠭᠠᠯᠳᠠᠢ ᠶᠢᠨ ᠤᠷᠳᠤ ᠨᠢ 21mm᠂ ᠲᠤᠯᠤᠭᠠᠢ ᠨᠢ ᠬᠠᠷ᠎ᠠ ᠪᠠᠰᠠ ᠴᠠᠭᠠᠨ ᠲᠤᠯᠪᠤ ᠲᠠᠢ᠂ | ᠴᠠᠭᠡᠵᠢ᠂ ᠭᠡᠪᠡᠯᠢ ᠶᠢᠨ ᠭᠡᠰᠡᠭ ᠨᠢ ᠨᠤᠭᠤᠭᠠᠨ ᠪᠤᠶᠤ ᠰᠢᠷ᠎ᠠ ᠨᠤᠭᠤᠭᠠᠨ᠂ ᠪᠦᠳᠡᠭᠢ ᠤᠷᠳᠤᠯᠵᠢᠨ ᠰᠤᠳᠠᠰᠤ ᠲᠠᠢ᠂ | ᠪᠦᠭᠦ ᠪᠡᠶ᠎ᠠ ᠳᠡᠭᠡᠨ ᠪᠡᠳᠡᠭᠢ ᠲᠠᠢ᠃ | ᠭᠡᠮ ᠤᠨ ᠰᠢᠨᠵᠢ᠄ ᠠᠪᠠᠭᠠᠯᠳᠠᠢ ᠠᠴᠠ ᠪᠠᠨ ᠭᠦᠨᠦᠭᠡᠯ ᠲᠠᠢ ᠪᠦᠭᠡᠳ ᠠᠪᠠᠭᠠᠯᠳᠠᠢ ᠨᠢ ᠤᠯᠠᠩᠭᠢ ᠳᠠᠭᠠᠨ | ᠤᠷᠭᠤᠮᠠᠯ ᠤᠨ ᠵᠦᠭᠡᠯᠡᠨ ᠨᠠᠮᠠᠭᠠᠨ ᠲᠡᠭᠡᠷ᠎ᠡ ᠲᠦᠪᠯᠡᠷᠡᠵᠤ᠂ ᠨᠠᠪᠴᠢᠨ ᠤ ᠮᠢᠬ᠎ᠠ ᠶᠢ ᠢᠳᠡᠵᠤ᠂ ᠭᠤᠷᠪᠡᠨ ᠰᠠᠷ᠎ᠠ | ᠦᠡᠭᠭᠡᠷᠡᠪᠡᠯ ᠢᠯᠠᠩᠭᠤᠶ᠎ᠠ ᠶᠡᠭᠡ ᠪᠠᠷ ᠲᠡᠯᠭᠡᠷᠡᠭᠦ ᠵᠢᠯ ᠳᠤ ᠪᠦᠭᠦ ᠨᠠᠪᠴᠢᠰ ᠢ ᠴᠦᠮ ᠢᠳᠡᠨ ᠲᠠᠭᠤᠰᠬᠠᠵᠤ᠂ ᠨᠠᠪᠴᠢᠨ | ᠰᠤᠳᠠᠰᠤ ᠶᠢ ᠯᠡ ᠦᠯᠡᠳᠡᠭᠡᠵᠤ᠂ ᠪᠦᠭᠦ ᠤᠷᠭᠤᠮᠠᠯ ᠢ ᠬᠠᠳᠠᠵᠤ ᠦᠭᠦᠭᠦᠯᠳᠡᠭ᠃ | ᠲᠤᠰ ᠬᠤᠷᠤᠬᠠᠢ ᠪᠤᠯ ᠬᠠᠯᠢᠰᠤᠳᠤ ᠲᠠᠯᠠᠪᠴᠢᠳᠡᠨ ᠤ ᠪᠠᠭ᠂ ᠮᠢᠩ ᠡᠷᠪᠡᠭᠡᠢ ᠶᠢᠨ ᠢᠵᠠᠭᠤᠷ ᠲᠤ | ᠬᠠᠷᠢᠶᠠᠯᠬᠠᠳᠠᠨ᠎ᠠ᠃ | ᠭᠡᠮ ᠤᠨ ᠤᠨᠴᠠᠯᠢᠭ᠄ ᠪᠠᠯᠴᠢᠭᠡᠷ ᠤᠨ ᠮᠢᠩ ᠬᠤᠷᠤᠬᠠᠢ ᠪᠤᠯ ᠦᠪᠤᠷ ᠮᠤᠩᠭᠤᠯ ᠤᠨ ᠰᠢᠯᠢ ᠶᠢᠨ ᠭᠤᠤᠯ | ᠠᠶᠢᠮᠠᠭ ᠤᠨ ᠨᠡᠶᠢᠳᠡᠯᠢᠭ ᠲᠠᠯ᠎ᠠ ᠨᠤᠳᠤᠭ ᠤᠨ ᠤᠷᠤᠨ ᠳᠤ ᠵᠢᠯ ᠳᠤ ᠬᠤᠶᠠᠷ ᠤᠳᠠᠭ᠎ᠠ ᠦᠷᠡᠵᠢᠵᠤ᠂ ᠤᠯᠠᠩᠭᠢ | ᠠᠪᠠᠭᠠᠯᠳᠠᠢ ᠨᠢ 9 ᠳ᠋ᠤᠭᠡᠷ ᠰᠡᠷ᠎ᠠ ᠠᠴᠠ ᠡᠭᠢᠯᠡᠨ ᠤᠷᠤᠢ ᠲᠠᠷᠢᠠᠠᠰᠠᠨ ᠴᠠᠷᠭᠠᠰᠤ ᠶᠢᠨ ᠤᠷᠴᠢᠮ ᠳᠠᠬᠢ ᠭᠠᠵᠠᠷ ᠤᠨ | ᠭᠠᠳᠠᠷᠭᠤ ᠶᠢᠨ ᠡᠰᠢ ᠨᠠᠪᠴᠢᠨ ᠳᠤ ᠨᠢᠭᠤᠠᠠᠳᠠᠵᠤ᠂ ᠰᠤᠴᠢᠭᠠᠵᠤ ᠦᠷᠭᠦᠭᠡᠪᠡᠯ ᠨᠠᠪᠴᠢᠨ ᠲᠤᠤᠷ᠎ᠠ ᠲᠠᠯᠳᠠᠯᠠᠵᠤ᠂ | ᠠᠭᠠᠵᠢᠮ ᠢᠶᠠᠷ ᠤᠷᠴᠢᠮ ᠤᠨ ᠰᠤᠯᠠ ᠰᠢᠷᠤᠢ ᠳᠤ ᠪᠠᠷᠤᠭ 20cm ᠭᠦᠨ ᠳᠤ ᠡᠪᠤᠯᠵᠢᠳᠡᠭ᠃ ᠪᠡᠶᠡᠯᠡᠭᠰᠡᠨ | ᠬᠤᠷᠤᠬᠠᠢ ᠨᠢ ᠤᠯᠠᠩᠭᠢ ᠳᠠᠭᠠᠨ ᠰᠦᠨᠢ ᠤᠷᠤᠢ ᠭᠡᠤᠭᠡᠯᠳᠡᠶᠢᠵᠢᠵᠤ᠂ ᠶᠠᠷᠦᠩᠭᠡᠢ ᠳᠡᠭᠡᠨ 10~20 ᠮᠢᠨᠦ᠋ᠲ | ᠭᠡᠷᠡᠭᠰᠡᠳᠡᠭ᠃ ᠭᠡᠪᠡᠴᠤ ᠭᠡᠤᠭᠡᠯᠳᠡᠶᠢᠵᠢᠭᠦ ᠴᠠᠭ ᠬᠤᠭᠤᠴᠠᠭ᠎ᠠ ᠨᠢ ᠶᠠᠭ ᠠᠳᠠᠯᠢ ᠪᠢᠰᠢ᠃ ᠡᠶᠢᠮᠤ ᠠᠴᠠ ᠠᠳᠠᠯᠢ ᠨᠢᠭᠡᠨ | ᠬᠤᠭᠤᠴᠠᠭᠠᠨ ᠳᠤ ᠨᠢᠭᠡᠳᠦᠭᠡᠷ ᠦᠶ᠎ᠠ ᠶᠢᠨ ᠲᠦᠷᠪᠡᠨ ᠲᠦᠷᠦᠯ ᠤᠨ ᠬᠤᠷᠤᠬᠠᠢ ᠶᠢᠨ ᠲᠦᠷᠰᠤ ᠪᠤᠶᠤ ᠬᠤᠶᠠᠳᠤᠭᠠᠷ | ᠦᠶ᠎ᠠ ᠶᠢᠨ ᠠᠳᠠᠯᠢ ᠨᠢᠭᠡᠨ ᠬᠤᠷᠤᠬᠠᠢ ᠶᠢᠨ ᠲᠦᠷᠰᠤ ᠲᠠᠢ ᠪᠠᠶᠢᠵᠤ᠂ ᠦᠶ᠎ᠠ ᠰᠤᠯᠢᠠᠠᠳᠠᠯ ᠨᠢ ᠮᠠᠰᠢ ᠪᠤᠳᠤᠯᠢᠶᠠᠨ ᠲᠠᠢ | ᠪᠠᠶᠢᠳᠠᠭ᠃ ᠪᠡᠶᠡᠯᠡᠭᠰᠡᠨ ᠬᠤᠷᠤᠬᠠᠢ ᠨᠢ 7 ᠳ᠋ᠤᠭᠠᠷ ᠰᠠᠷ᠎ᠠ ᠶᠢᠨ ᠰᠡᠭᠦᠯᠴᠢ ᠠᠴᠠ 8 ᠳ᠋ᠤᠭᠠᠷ ᠰᠠᠷ᠎ᠠ ᠶᠢᠨ ᠲᠤᠮᠳᠡᠴᠢ | ᠭᠦᠷᠳᠡᠯ᠎ᠠ ᠤᠷᠤᠢ ᠪᠦᠷᠦᠢ ᠪᠤᠶᠤ ᠦᠷᠯᠦᠭᠡ ᠡᠷᠳᠡ ᠴᠠᠷᠭᠠᠰᠤ ᠶᠢᠨ ᠴᠡᠴᠡᠭ ᠤᠨ ᠲᠡᠭᠡᠷ᠎ᠡ ᠰᠠᠭᠤᠵᠤ᠂ ᠪᠠᠯ ᠢ ᠨᠢ | ᠢᠳᠡᠵᠤ ᠡᠳᠤᠷ ᠲᠤ ᠬᠤᠶᠠᠷ ᠲᠠᠭᠢᠳᠠᠭ᠃ ᠠᠪᠠᠭᠠᠯᠳᠠᠢ ᠨᠢ ᠲᠠᠪᠤᠨ ᠰᠠᠷ᠎ᠠ ᠶᠢᠨ ᠬᠤᠭᠤᠴᠠᠭ᠎ᠠ ᠲᠠᠢ ᠪᠠᠶᠢᠵᠤ᠂ | ᠲᠦᠷᠦᠭᠦᠤ ᠭᠤᠷᠪᠡᠨ ᠰᠠᠷ᠎ᠠ ᠳᠠᠭᠠᠨ ᠴᠠᠷᠭᠠᠰᠤ ᠶᠢᠨ ᠨᠠᠪᠴᠢ ᠶᠢ ᠢᠳᠡᠵᠤ᠂ ᠨᠠᠪᠴᠢ ᠶᠢ ᠵᠡᠷᠡᠮᠳᠡᠭ ᠪᠤᠶᠤ ᠪᠦᠭᠦᠨ ᠢ | ᠢᠳᠡᠵᠤ ᠪᠠᠷᠠᠭᠠᠳ ᠪᠦᠯᠦᠭᠯᠡᠨ ᠰᠢᠯᠵᠢᠳᠡᠭ᠃ ᠡᠭᠦᠨ ᠠᠴᠠ ᠪᠤᠯᠤᠭᠠᠳ ᠡᠪᠡᠰᠤ ᠪᠡᠯᠴᠢᠭᠡᠷ ᠭᠡᠰᠡᠭ ᠭᠡᠰᠡᠭ ᠢᠶᠠᠷ | ᠬᠠᠯᠴᠠᠭᠠᠶᠢᠷᠠᠳᠠᠭ᠃ | ︵10︶ ᠴᠠᠷᠭᠠᠰᠤᠨ ᠤ ᠴᠤᠬᠤ | ᠭᠡᠯᠪᠡᠷᠢ ᠲᠦᠷᠰᠤ ᠶᠢᠨ ᠤᠴᠠᠯᠢᠭ᠄ ᠪᠡᠶᠡᠯᠡᠭᠰᠡᠨ ᠴᠤᠬᠤ ᠨᠢ ᠭᠦᠷᠡᠩ ᠦᠡᠭᠭᠡ ᠲᠠᠢ᠂ 4.75mm ᠤᠷᠳᠤ | ᠂ ᠨᠢᠷᠤᠭᠤ ᠪᠠᠷ ᠢᠶᠠᠨ ᠭᠦᠨ ᠦᠡᠭᠭᠡ ᠶᠢᠨ ᠵᠤᠷᠪᠤᠰ ᠲᠠᠢ᠂ ᠨᠢᠷᠤᠭᠤ ᠶᠢᠨ ᠤᠷᠳᠤ ᠨᠢ ᠪᠡᠶ᠎ᠠ ᠶᠢᠨ ᠭᠢᠨᠢ ᠬᠠᠭᠠᠰ ᠭᠢᠷᠢ | ᠪᠠᠶᠢᠳᠠᠭ᠃ ᠦᠳᠡᠯᠭᠦ ᠶᠢ ᠨᠢ ᠲᠠᠭᠠᠯᠳᠤᠨ ᠤᠯᠠᠩᠭᠢ ᠪᠡᠶᠡᠯᠡᠭᠰᠡᠨ ᠴᠤᠬᠤ ᠨᠢ ᠨᠢᠬᠡ ᠯᠠ ᠠᠳᠠᠯᠢ ᠭᠦᠨ ᠭᠦᠷᠡᠩ | ᠦᠡᠭᠭᠡ ᠲᠠᠢ ᠪᠤᠯᠳᠠᠭ᠃ ᠡᠮ᠎ᠠ ᠪᠡᠶᠡᠯᠡᠭᠰᠡᠨ ᠬᠤᠷᠤᠬᠠᠢ ᠨᠢ ᠤᠪᠤᠭᠠᠯᠠᠨ ᠦᠨᠳᠡᠭᠡᠯᠡᠵᠤ᠂ ᠤᠪᠤᠭ᠎ᠠ ᠪᠦᠷᠢ ᠨᠢ | 1~30 ᠮᠦᠭᠦᠯᠢᠭ ᠨᠢᠮᠪᠡᠭᠡ ᠶᠢᠨ ᠦᠡᠭᠭᠡ ᠲᠠᠢ ᠦᠨᠳᠡᠭᠡ ᠲᠠᠢ ᠪᠠᠶᠢᠵᠤ᠂ ᠤᠷᠳᠤ ᠨᠢ ᠪᠠᠷᠤᠭ 0. | 52mm ᠪᠠᠶᠢᠵᠤ᠂ ᠴᠠᠷᠭᠠᠰᠤᠨ ᠤ ᠡᠰᠢ ᠶᠢᠨ ᠢᠳᠡᠭᠳᠡᠭᠰᠡᠨ ᠨᠦᠭᠡᠨ ᠳᠤ ᠦᠨᠳᠡᠭᠡᠯᠡᠳᠡᠭ᠃ ᠨᠠᠪᠴᠢᠭᠦ ᠠᠴᠠ ᠪᠠᠨ | ᠡᠮᠦᠨ᠎ᠠ ᠦᠨᠳᠡᠭᠡ ᠨᠢ ᠭᠦᠷᠡᠩ ᠦᠡᠭᠭᠡ ᠲᠠᠢ ᠪᠠᠶᠢᠳᠠᠭ᠃ ᠠᠭᠤᠷ ᠠᠮᠢᠰᠬᠤᠯ ᠲᠤᠯᠠᠭᠠᠨ ᠪᠦᠯᠢᠶᠠᠨ ᠦᠶ᠎ᠠ ᠳᠤ 1~2 | ᠭᠠᠷᠠᠭ ᠲᠤ ᠨᠠᠪᠴᠢᠵᠤ᠂ ᠠᠭᠤᠷ ᠠᠮᠢᠰᠬᠤᠯ ᠭᠦᠢᠳᠡᠨ ᠦᠶ᠎ᠠ ᠳᠤ ᠨᠡᠪᠴᠢᠭᠦ ᠬᠤᠭᠤᠴᠠᠭ᠎ᠠ ᠨᠢ ᠨᠡᠯᠢᠶᠡᠳ ᠤᠷᠳᠤ | ᠪᠠᠶᠢᠳᠠᠭ᠃ ᠠᠪᠠᠭᠠᠯᠳᠠᠢ ᠶᠢᠨ ᠡᠭᠢᠨ ᠤ ᠤᠷᠳᠤ ᠨᠢ ᠪᠠᠷᠤᠭ 1.27mm᠂ ᠰᠢᠷᠭᠠᠯ ᠦᠡᠭᠭᠡ ᠲᠠᠢ᠂ ᠬᠠᠷ᠎ᠠ | ᠲᠤᠯᠤᠭᠠᠢ ᠲᠠᠢ ᠪᠦᠭᠡᠳ ᠭᠦᠯᠢᠭᠡᠷ᠂ 3~4 ᠭᠠᠷᠠᠭ ᠪᠤᠯᠤᠠᠠᠰᠠᠨ ᠠᠪᠠᠭᠠᠯᠳᠠᠢ ᠶᠢᠨ ᠤᠷᠳᠤ ᠨᠢ 9.53mm | ᠪᠤᠯᠵᠤ᠂ ᠬᠦᠢᠬᠡᠨ ᠨᠤᠭᠤᠭᠠᠨ ᠦᠡᠭᠭᠡ ᠲᠠᠢ᠂ ᠬᠠᠷ᠎ᠠ ᠲᠤᠯᠤᠭᠠᠢ ᠪᠠ ᠨᠢᠷᠤᠭᠤᠨ ᠳᠠᠭᠠᠨ ᠴᠠᠭᠠᠨ ᠰᠤᠳᠠᠰᠤ ᠲᠠᠢ | ᠪᠤᠯᠳᠠᠭ᠃ ᠲᠤᠤᠷᠯᠢᠭ ᠭᠦᠷᠢ ᠶᠢᠨ ᠲᠤᠳᠤᠷ᠎ᠠ ᠭᠡᠤᠭᠡᠯᠳᠡᠶᠢᠵᠢᠵᠤ᠂ 1~2 ᠭᠠᠷᠠᠭ ᠤᠨ ᠬᠤᠶᠢᠨ᠎ᠠ ᠲᠠᠯᠠᠪᠴᠢᠯᠠᠳᠠᠭ᠃ | ᠤᠯᠠᠩᠭᠢ ᠭᠠᠵᠠᠷ ᠤᠷᠤᠨ ᠤ ᠴᠠᠷᠭᠠᠰᠤᠨ ᠴᠤᠬᠤ ᠨᠢ ᠵᠢᠯ ᠳᠤ ᠨᠢᠬᠡ ᠯᠠ ᠤᠳᠠᠭ᠎ᠠ ᠦᠷᠡᠵᠢᠵᠤ᠂ ᠪᠡᠶᠡᠯᠡᠭᠰᠡᠨ ᠴᠤᠬᠤ | ᠪᠤᠯᠵᠤ ᠡᠪᠤᠯᠵᠢᠳᠡᠭ᠃ ᠵᠤᠨ ᠤ ᠡᠭᠢᠨ ᠳᠤ ᠤᠯᠠᠩᠭᠢ ᠠᠪᠠᠭᠠᠯᠳᠠᠢ ᠨᠢ ᠪᠤᠯᠪᠠᠰᠤᠷᠠᠵᠤ᠂ ᠭᠡᠤᠭᠡᠯᠳᠡᠢ ᠪᠤᠯᠤᠠᠠᠰᠠᠨ ᠤ ᠪᠠᠨ | ᠬᠤᠶᠢᠨ᠎ᠠ ᠪᠡᠶᠡᠯᠡᠭᠰᠡᠨ ᠴᠤᠬᠤ ᠪᠤᠯᠳᠠᠭ᠃ | ᠭᠦᠨᠦᠭᠡᠯ ᠤᠨ ᠰᠢᠨᠵᠢ᠄ ᠠᠪᠠᠭᠠᠯᠳᠠᠢ ᠨᠢ ᠬᠠᠮᠤᠭ ᠤᠨ ᠭᠤᠤᠯ ᠭᠦᠨᠦᠭᠡᠯ ᠲᠠᠷᠢᠳᠠᠭ᠃ ᠲᠠᠷᠠ ᠨᠢ | ᠤᠷᠭᠤᠮᠠᠯ ᠤᠨ ᠤᠷᠤᠢ ᠳᠤ ᠠᠩᠬ᠎ᠠ ᠲᠡᠯᠭᠡᠭᠰᠡᠨ ᠨᠠᠪᠴᠢᠨ ᠲᠡᠭᠡᠷ᠎ᠡ ᠢᠳᠡᠰᠢᠯᠡᠵᠤ᠂ ᠰᠡᠭᠦᠯᠡᠷ ᠨᠢ ᠲᠤᠤᠷ᠎ᠡ ᠭᠡᠰᠡᠭ ᠤᠨ | ᠨᠠᠪᠴᠢᠨ ᠲᠡᠭᠡᠷ᠎ᠡ ᠢᠳᠡᠰᠢᠯᠡᠳᠡᠭ᠃ | ᠭᠦᠨᠳᠤ ᠨᠤᠴᠢᠳᠡᠢ ᠦᠶᠡᠰ᠂ ᠭᠤᠤᠯ ᠰᠤᠳᠠᠰᠤ ᠠᠴᠠ ᠪᠤᠰᠤᠳ ᠢ ᠨᠢ ᠴᠦᠮ ᠢᠳᠡᠵᠤ ᠲᠠᠭᠤᠰᠬᠠᠭᠠᠳ᠂ | ᠭᠦᠨᠦᠭᠡᠭᠳᠡᠭᠰᠡᠨ ᠡᠪᠡᠰᠤ ᠴᠦᠮ ᠰᠢᠷᠠᠯᠠᠵᠤ᠂ ᠦᠵᠡᠭᠦ ᠶᠢᠨ ᠠᠷᠭ᠎ᠠ ᠦᠭᠡᠢ ᠪᠤᠯᠭᠠᠳᠠᠭ᠃ | ︵11︶ ᠪᠠᠭᠠᠷᠠᠩ ᠬᠤᠷᠤᠬᠠᠢ | ᠭᠡᠯᠪᠡᠷᠢ ᠲᠦᠷᠰᠤ ᠶᠢᠨ ᠤᠨᠴᠠᠯᠢᠭ᠄ ᠪᠠᠭᠠᠷᠠᠩ ᠬᠤᠷᠤᠬᠠᠢ ᠶᠢᠨ ᠪᠡᠶ᠎ᠠ ᠪᠢᠴᠢᠬᠠᠨ᠂ ᠵᠦᠭᠡᠯᠡᠨ᠂ ᠲᠡᠮᠳᠡᠷᠢᠭᠦᠯ | ᠨᠢ ᠤᠷᠳᠤ᠂ 3~6 ᠦᠶ᠎ᠠ ᠲᠠᠢ᠂ ᠶᠠᠷᠤ ᠳᠡᠭᠡᠨ 6 ᠦᠶ᠎ᠠ ᠲᠠᠢ᠂ ᠡᠴᠤᠰ ᠤᠨ ᠦᠶ᠎ᠠ ᠶᠢᠨ ᠭᠡᠰᠡᠭ ᠪᠤᠯᠤᠨ | ᠡᠴᠤᠰ ᠤᠨ ᠡᠮᠦᠨ᠎ᠠ ᠦᠶ᠎ᠠ ᠶᠢᠨ ᠦᠵᠦᠭᠦᠷ ᠲᠤᠨᠢ ᠲᠤᠰ ᠲᠤᠰ ᠨᠢᠭᠡᠨ ᠲᠤᠭᠤᠷᠢᠭ ᠭᠡᠯᠪᠡᠷᠢ ᠪᠦᠭᠦᠢ ᠲᠦᠷᠦᠯᠭᠢ | ᠰᠠᠷᠠᠯ ᠤᠨ ᠰᠦᠪᠡ ᠲᠠᠢ᠂ ᠡᠮᠦᠨ᠎ᠠ ᠲᠠᠯᠠᠪᠴᠢ ᠨᠢ ᠲᠤᠮᠤ᠂ ᠬᠤᠶᠢᠨ᠎ᠠ ᠲᠠᠯᠠᠪᠴᠢ ᠨᠢ ᠪᠠᠭ᠎ᠠ᠂ ᠡᠮᠦᠨ᠎ᠠ ᠲᠠᠯᠠᠪᠴᠢ ᠨᠢ | ᠨᠢᠭᠡᠨ ᠭᠦᠨᠳᠡᠯᠡᠨ ᠰᠤᠳᠠᠰᠤ ᠲᠠᠢ ᠪᠠᠶᠢᠳᠠᠭ᠂ ᠪᠠᠭᠠᠷᠠᠩ ᠬᠤᠷᠤᠬᠠᠢ ᠶᠠᠷᠦ ᠳᠡᠭᠡᠨ ᠮᠡᠰᠢ ᠤᠯᠠᠨ ᠦᠶ᠎ᠠ ᠦᠷᠡᠵᠢᠵᠤ᠂ | ᠵᠠᠷᠢᠮ ᠨᠢ 20~30 ᠦᠶ᠎ᠠ ᠦᠷᠡᠵᠢᠳᠡᠭ᠃ ᠠᠮᠢᠳᠤᠷᠠᠯ ᠤᠨ ᠨᠦᠭᠦᠴᠡᠯ ᠨᠢ ᠰᠠᠶᠢᠨ ᠦᠶᠡᠰ ᠶᠠᠷᠦᠩᠭᠡᠢ ᠳᠡᠭᠡᠨ | ᠲᠠᠯᠠᠪᠴᠢ ᠦᠭᠡᠢ ᠬᠤᠷᠤᠬᠠᠢ ᠦᠷᠡᠵᠢᠵᠤ᠂ ᠠᠮᠢᠳᠤᠷᠠᠯ ᠤᠨ ᠤᠷᠴᠢᠨ ᠲᠤᠭᠤᠷᠢᠨ ᠪᠤᠶᠤ ᠰᠢᠮ᠎ᠠ ᠲᠡᠵᠢᠭᠡᠯ ᠨᠢ | ᠮᠠᠭᠤᠳ᠋ᠬᠠᠰᠠᠨ ᠦᠶᠡᠰ ᠲᠠᠯᠠᠪᠴᠢ ᠲᠠᠢ ᠬᠤᠷᠤᠬᠠᠢ ᠦᠷᠡᠵᠢᠳᠡᠭ᠃ ᠪᠠᠭᠠᠷᠠᠩ ᠬᠤᠷᠤᠬᠠᠢ ᠨᠢ ᠵᠤᠨ ᠨᠠᠮᠤᠷ ᠤᠨ ᠤᠯᠠᠷᠢᠯ | ᠳᠤ ᠲᠠᠩ ᠪᠡᠯᠭᠡᠳᠤ ᠪᠠᠷ ᠦᠷᠡᠵᠢᠳᠡᠭ ᠪᠠ ᠨᠠᠮᠤᠷ ᠤᠨ ᠡᠴᠦᠰ ᠲᠤ ᠡᠷ᠎ᠠ ᠬᠤᠷᠤᠬᠠᠢ ᠢᠯᠡᠷᠡᠵᠤ ᠬᠤᠤᠰ ᠪᠡᠯᠭᠡᠳᠤ ᠪᠠᠷ | ᠦᠨᠳᠡᠭᠡᠯᠡᠵᠤ᠂ ᠦᠨᠳᠡᠭᠡ ᠪᠠᠷ ᠢᠶᠠᠨ ᠡᠪᠤᠯᠵᠢᠳᠡᠭ᠃ ᠪᠠᠭᠠᠷᠠᠩ ᠬᠤᠷᠤᠬᠠᠢ ᠶᠢᠨ ᠲᠠᠩ ᠪᠡᠯᠭᠡᠳᠤ ᠦᠷᠡᠵᠢᠯ ᠪᠠ ᠬᠤᠤᠰ | ᠪᠡᠯᠭᠡᠳᠤ ᠦᠷᠡᠵᠢᠯ ᠤᠨ ᠰᠤᠯᠢᠠᠠᠳᠠᠯ ᠢ ᠦᠶ᠎ᠠ ᠰᠤᠯᠢᠠᠠᠳᠠᠯ ᠭᠡᠳᠡᠭ᠃ | ᠭᠡᠮ ᠤᠨ ᠤᠨᠴᠠᠯᠢᠭ᠄ ᠪᠠᠭᠠᠷᠠᠩ ᠬᠤᠷᠤᠬᠠᠢ ᠡᠭᠦᠰᠭᠦ ᠶᠢᠨ ᠵᠢᠮ᠎ᠠ ᠶᠤᠰᠤ ᠨᠢ ᠮᠦᠯᠵᠢᠭᠦᠷ ᠤᠷᠭᠤᠮᠠᠯ ᠤᠨ | ᠪᠤᠶᠢᠵᠢᠯᠳᠡ ᠶᠢᠨ ᠱᠠᠳᠤ ᠦᠶ᠎ᠠ ᠲᠠᠢ ᠨᠢᠠᠠᠳᠠ ᠬᠤᠯᠪᠤᠭ᠎ᠠ ᠲᠠᠢ ᠪᠠᠶᠢᠳᠠᠭ᠃ ᠭᠡᠭᠦ ᠳᠡᠭᠡᠨ ᠮᠦᠯᠵᠢᠭᠦᠷ ᠤᠷᠭᠤᠮᠠᠯ ᠪᠤᠯ | ᠪᠡᠶᠡᠨ ᠳᠠᠬᠢ ᠹᠢᠽᠢᠤᠯᠤᠭᠢ ᠶᠢᠨ ᠬᠤᠪᠢᠷᠠᠯᠳᠠ ᠭᠢᠭᠡᠳ ᠰᠢᠨ᠎ᠠ ᠬᠠᠭᠤᠴᠢᠨ ᠤ ᠰᠤᠯᠢᠠᠠᠳᠠᠯ ᠤᠨ ᠦᠢᠯᠡᠳᠦᠯ ᠤᠨ | ᠬᠤᠪᠢᠷᠠᠯᠳᠠ ᠪᠠᠷ ᠨᠦᠭᠦᠴᠡᠯ ᠪᠤᠯᠭᠠᠵᠤ᠂ ᠤᠷᠴᠢᠨ ᠠᠬᠤᠢ ᠶᠢᠨ ᠲᠤᠯᠠᠭᠠᠨ ᠴᠢᠭᠢᠭ ᠤᠨ ᠭᠡᠮᠵᠢᠶ᠎ᠠ᠂ ᠭᠡᠷᠡᠯ ᠰᠠᠴᠤᠷᠠᠯ | ᠲᠠᠢ ᠬᠤᠯᠪᠤᠠᠠᠳᠠᠳᠠᠭ᠃ ᠤᠷᠭᠤᠮᠠᠯ ᠨᠢ ᠵᠤᠭᠢᠬᠤ ᠤᠯᠠᠷᠢᠯ ᠳᠤ ᠭᠦᠷᠪᠡᠯ᠂ ᠶᠡᠭᠡ ᠭᠡᠮᠵᠢᠶᠠᠨ ᠤ ᠪᠠᠭᠠᠷᠠᠩ | ᠬᠤᠷᠤᠬᠠᠢ ᠶᠢᠨ ᠨᠡᠭᠦᠳᠡᠯᠯᠡᠭᠦ ᠦᠵᠡᠭᠳᠡᠯ ᠢ ᠪᠤᠢ ᠪᠤᠯᠭᠠᠳᠠᠭ᠃ ᠪᠠᠭᠠᠷᠠᠩ ᠬᠤᠷᠤᠬᠠᠢ ᠶᠢᠨ ᠲᠤᠭᠠᠨ ᠤ ᠭᠡᠮᠵᠢᠶᠠᠨ ᠤ | ᠨᠡᠮᠡᠭᠳᠡᠯ ᠬᠠᠰᠤᠠᠠᠳᠠᠯ ᠨᠢ ᠠᠭᠤᠷ ᠠᠮᠢᠰᠬᠤᠯ ᠤᠨ ᠡᠯᠧᠮᠧᠨ᠋ᠲ ᠤᠨ ᠨᠦᠯᠦᠭᠡ ᠶᠢ ᠭᠦᠷᠳᠡᠭᠦ ᠠᠴᠠ ᠭᠠᠳᠠᠨ᠎ᠠ ᠪᠠᠰᠠ | ᠲᠦᠷᠦᠯᠭᠢ ᠲᠠᠶᠢᠰᠤᠨ ᠤ ᠪᠠᠨ ᠭᠢᠵᠠᠭᠠᠷᠯᠠᠯ ᠢ ᠭᠦᠯᠢᠶᠡᠳᠡᠭ᠃ ᠡᠭᠦᠨ ᠳᠤ ᠭᠠᠷᠮᠠᠭᠠᠢ ᠲᠦᠷᠦᠯᠭᠢ ᠲᠠᠶᠢᠰᠤᠨ ᠨᠢ ᠭᠡᠪᠡᠯ | ᠬᠠᠳᠠᠭᠤ ᠲᠠᠯᠠᠪᠴᠢᠳᠡᠨ ᠤ ᠪᠠᠭ ᠤᠨ ᠰᠢᠭᠦᠷ ᠬᠤᠷᠤᠬᠠᠢ᠂ ᠰᠤᠳᠠᠰᠤᠯᠢᠭ ᠲᠠᠯᠠᠪᠴᠢᠳᠡᠨ ᠤ ᠪᠠᠭ ᠤᠨ ᠲᠠᠯ᠎ᠠ ᠶᠢᠨ | ᠦᠷᠦᠮ᠎ᠠ ᠶᠢᠨ ᠬᠤᠯᠠᠭᠠᠶᠢᠴᠢ᠂ ᠬᠤᠤᠰ ᠲᠠᠯᠠᠪᠴᠢᠳᠡᠨ ᠤ ᠪᠠᠭ ᠤᠨ ᠪᠠᠭᠠᠷᠠᠩᠴᠢ ᠱᠤᠩᠬᠤᠷ ᠢᠯᠠᠭ᠎ᠠ ᠪᠤᠯᠤᠨ | ᠬᠠᠯᠢᠰᠤᠯᠢᠭ ᠲᠠᠯᠠᠪᠴᠢᠨ ᠤ ᠪᠠᠭ ᠤᠨ ᠪᠠᠭᠠᠷᠠᠩᠴᠢ ᠵᠦᠭᠡᠢ ᠵᠡᠷᠭᠡ ᠰᠢᠮᠡᠭᠦᠷ ᠵᠦᠭᠡᠢ ᠪᠠᠶᠢᠨ᠎ᠠ᠃ | ︵ 12︶ ᠨᠠᠪᠴᠢᠳᠤ ᠲᠠᠷᠴᠠ | ᠭᠦᠨᠦᠭᠡᠯ ᠤᠨ ᠰᠢᠨᠵᠢ᠄ ᠪᠡᠶᠡᠯᠡᠭᠰᠡᠨ ᠬᠤᠷᠤᠬᠠᠢ ᠪᠤᠯᠤᠨ ᠠᠪᠠᠭᠠᠯᠳᠠᠢ ᠪᠤᠯ ᠴᠦᠮ ᠨᠠᠪᠴᠢ ᠪᠤᠯᠤᠨ ᠡᠰᠢ ᠶᠢ | ᠬᠠᠳᠬᠤᠨ ᠴᠤᠭᠤᠯᠵᠤ᠂ ᠰᠢᠭᠦᠰᠤ ᠶᠢ ᠨᠢ ᠰᠤᠷᠤᠳᠠᠭ ᠨᠢᠭᠡᠨ ᠵᠦᠢᠯ ᠤᠨ ᠭᠦᠨᠦᠭᠡᠯᠳᠤ ᠬᠤᠷᠤᠬᠠᠢ ᠪᠤᠯᠤᠨ᠎ᠠ᠃ | ᠬᠠᠳᠬᠤᠨ ᠰᠤᠷᠤᠬᠤ ᠨᠢ ᠨᠡᠭᠦᠷᠡᠰᠤ ᠤᠰᠤᠨ ᠤ ᠨᠢᠭᠡᠳᠪᠤᠷᠢ ᠶᠢᠨ ᠤᠯᠠᠷᠢᠯᠳᠠ ᠶᠢ ᠬᠠᠷᠰᠢᠯᠠᠵᠤ᠂ ᠨᠠᠪᠴᠢ ᠶᠢ | ᠰᠢᠷᠠᠯᠠᠭᠤᠯᠬᠤ ᠪᠠ ᠤᠯᠠᠭᠠᠨ ᠪᠤᠯᠤᠨ ᠶᠠᠭᠠᠨ ᠦᠡᠭᠭᠡ ᠪᠠᠷ ᠲᠤᠯᠪᠤᠷᠠᠨ ᠤᠨᠠᠵᠤ᠂ ᠭᠦᠨᠦᠭᠡᠯ ᠳᠤ ᠤᠴᠠᠷᠬᠠᠰᠠᠨ | ᠤᠷᠭᠤᠮᠠᠯ ᠨᠢ ᠤᠳᠦ᠋ᠢᠵᠢᠵᠤ᠂ ᠲᠡᠵᠢᠭᠡᠯ ᠪᠤᠷᠳᠤᠭᠠᠨ ᠤ ᠤᠨᠠᠯᠳᠠ ᠬᠠᠰᠤᠠᠠᠳᠠᠵᠤ᠂ ᠡᠪᠡᠰᠤ ᠪᠡᠯᠴᠢᠭᠡᠷ ᠤᠨ ᠴᠢᠨᠠᠷ ᠪᠠ | ᠭᠢᠮᠢ ᠶᠢᠨ ᠪᠦᠷᠢᠯᠳᠦᠭᠦᠨ ᠨᠢ ᠴᠤ ᠨᠦᠯᠦᠭᠡᠯᠡᠭᠳᠡᠵᠦ᠂ ᠴᠠᠷᠭᠠᠰᠤᠨ ᠳᠤ ᠨᠡᠩ ᠶᠡᠭᠡ ᠭᠦᠨᠦᠭᠡᠯ ᠲᠠᠢ ᠪᠠᠶᠢᠳᠠᠭ᠃ | ᠭᠡᠮ ᠤᠨ ᠤᠨᠴᠠᠯᠢᠭ᠄ ᠪᠡᠶᠡᠯᠡᠭᠰᠡᠨ ᠲᠠᠷᠴᠠ ᠨᠢ ᠱᠠᠭᠠᠠᠳᠠᠭ ᠭᠡᠯᠪᠡᠷᠢ ᠲᠠᠢ ᠴᠠᠶᠢᠪᠤᠷ ᠨᠤᠭᠤᠭᠠᠨ ᠦᠡᠭᠭᠡ | ᠲᠠᠢ ᠰᠢᠪᠠᠵᠢ ᠬᠤᠷᠤᠬᠠᠢ ᠪᠤᠯᠬᠤ ᠪᠦᠭᠡᠳ ᠤᠷᠳᠤ ᠪᠠᠷ ᠢᠶᠠᠨ 3.18mm᠂ ᠠᠪᠠᠭᠠᠯᠳᠠᠢ ᠨᠢ ᠪᠡᠶᠡᠯᠡᠭᠰᠡᠨ ᠬᠤᠷᠤᠬᠠᠢ | ᠲᠠᠢ ᠠᠳᠠᠯᠢᠪᠳᠤᠷ ᠪᠦᠭᠡᠳ ᠪᠡᠶ᠎ᠠ ᠨᠢ ᠪᠠᠭ᠎ᠠ᠂ ᠲᠠᠯᠠᠪᠴᠢ ᠦᠭᠡᠢ ᠪᠠᠶᠢᠵᠤ᠂ ᠮᠠᠰᠢ ᠭᠦᠷ ᠭᠦᠭᠵᠢᠶᠠᠨ ᠲᠠᠢ ᠪᠠ | ᠴᠤᠪᠤᠭᠤ ᠰᠡᠷᠭᠦᠯᠡᠩ ᠪᠠᠶᠢᠵᠤ᠂ ᠬᠤᠶᠢᠰᠢ ᠤᠷᠤᠠᠠᠰᠢ ᠵᠡᠭᠦᠨᠰᠢ ᠪᠠᠷᠠᠭᠤᠠᠰᠢ ᠵᠤᠠᠠᠰᠤᠯ ᠦᠭᠡᠢ ᠲᠡᠭᠳᠡᠵᠤ ᠪᠠᠶᠢᠳᠠᠭ᠃ | ᠡᠮ᠎ᠠ ᠬᠤᠷᠤᠬᠠᠢ ᠨᠢ ᠴᠠᠷᠭᠠᠰᠤ ᠪᠤᠯᠤᠨ ᠪᠤᠰᠤᠳ ᠲᠠᠷᠢᠮᠠᠯ ᠤᠨ ᠨᠠᠷᠢᠨ ᠡᠰᠢ ᠪᠤᠯᠤᠨ ᠨᠠᠪᠴᠢᠨ ᠰᠤᠳᠠᠰᠤᠨ ᠲᠤᠮᠳᠠ | ᠦᠨᠳᠡᠭᠡᠯᠡᠵᠤ᠂ 6~9 ᠬᠤᠨᠤᠭ ᠤᠨ ᠲᠠᠷᠠᠭ᠎ᠠ ᠨᠠᠪᠴᠢᠭᠡᠳ ᠴᠠᠭᠠᠨ ᠦᠡᠭᠭᠡ ᠶᠢᠨ ᠠᠪᠠᠭᠠᠯᠳᠠᠢ ᠪᠠᠶᠢᠠᠠᠰᠠᠨ ᠠᠴᠠ ᠪᠠᠨ | ᠮᠠᠰᠢ ᠬᠤᠷᠳᠤᠨ ᠰᠢᠷᠭᠠᠯ ᠦᠡᠭᠭᠡ ᠲᠠᠢ ᠪᠤᠯᠳᠠᠭ᠃ ᠦᠨᠳᠡᠭᠡ ᠶᠢᠨ ᠪᠡᠶᠡᠯᠡᠭᠰᠡᠨ ᠬᠤᠷᠤᠬᠠᠢ ᠪᠤᠯᠵᠤ ᠪᠤᠶᠢᠵᠢᠬᠤ | ᠶᠠᠪᠤᠴᠠ ᠨᠢ ᠪᠠᠷᠤᠭ 3 ᠭᠠᠷᠠᠭ ᠪᠠᠶᠢᠵᠤ᠂ ᠨᠢᠭᠡ ᠤᠯᠠᠷᠢᠯ ᠳᠤ ᠭᠡᠳᠦᠨᠳᠡ ᠦᠷᠡᠵᠢᠳᠡᠭ᠃ ᠴᠠᠷᠭᠠᠰᠤ ᠶᠢᠨ ᠲᠡᠭᠡᠷ᠎ᠡ | ᠪᠠᠰᠠ ᠮᠠᠰᠢ ᠤᠯᠠᠨ ᠪᠤᠰᠤᠳ ᠲᠦᠷᠦᠯ ᠤᠨ ᠨᠠᠪᠴᠢᠳᠤ ᠲᠠᠷᠴᠠ ᠬᠠᠷᠬᠠᠳᠠᠵᠤ ᠪᠠᠶᠢᠳᠠᠭ᠃ | ︵13︶ ᠬᠠᠯᠢᠰᠤᠯᠢᠭ ᠲᠡᠯᠠᠪᠴᠢᠳᠤ ᠬᠤᠰᠢᠭᠤᠳᠤ ᠲᠠᠷᠴᠠ | ᠭᠡᠯᠪᠡᠷᠢ ᠲᠦᠷᠰᠤ ᠶᠢᠨ ᠤᠠᠴᠠᠯᠢᠭ᠄ ᠪᠡᠶᠡᠯᠡᠭᠰᠡᠨ ᠬᠤᠷᠤᠬᠠᠢ ᠨᠢ ᠭᠤᠷᠪᠡᠯᠵᠢᠨ ᠭᠡᠯᠪᠡᠷᠢ ᠲᠠᠢ᠂ | ᠨᠤᠭᠤᠭᠠᠪᠳᠤᠷ ᠦᠡᠭᠭᠡ ᠲᠠᠢ᠂ ᠪᠠᠷᠤᠭ 6.35mm ᠤᠷᠳᠤ ᠪᠠᠶᠢᠳᠠᠭ᠃ ᠠᠪᠠᠭᠠᠯᠳᠠᠢ ᠨᠢ ᠪᠡᠶᠡᠯᠡᠭᠰᠡᠨ ᠬᠤᠷᠤᠬᠠᠢ | ᠲᠠᠢ ᠪᠠᠨ ᠠᠳᠠᠯᠢᠪᠳᠤᠷ᠂ ᠭᠡᠪᠡᠴᠤ ᠡᠪᠡᠰᠤᠨ ᠦᠡᠭᠭᠡ ᠪᠤᠶᠤ ᠬᠦᠢᠬᠡᠨ ᠨᠤᠭᠤᠭᠠᠨ ᠦᠡᠭᠭᠡ ᠲᠠᠢ ᠪᠦᠭᠡᠳ ᠰᠤᠷ ᠦᠰᠤ | ᠨᠢ ᠮᠡᠳᠡᠭᠳᠡᠮ᠎ᠠ ᠰᠠᠷᠡᠶᠢᠵᠤ ᠪᠠᠶᠢᠳᠠᠭ᠃ ᠬᠤᠰᠢᠭᠤᠳᠤ ᠲᠠᠷᠴᠠ ᠪᠤᠯ ᠪᠡᠶᠡᠯᠡᠭᠰᠡᠨ ᠬᠤᠷᠤᠬᠠᠢ ᠪᠠᠷ ᠡᠪᠤᠯᠵᠢᠵᠤ᠂ | ᠡᠮᠦᠨᠡᠳᠤ ᠤᠷᠤᠨ ᠤ ᠲᠤᠯᠭᠠᠨ ᠡᠪᠤᠯ ᠵᠢᠯ ᠲᠤᠵᠢ ᠭᠦᠭᠵᠢᠶᠠᠨ ᠲᠠᠢ ᠪᠠᠶᠢᠳᠠᠭ᠃ ᠡᠮ᠎ᠠ ᠬᠤᠷᠤᠬᠠᠢ ᠨᠢ ᠴᠠᠷᠭᠠᠰᠤᠨ ᠤ | ᠭᠠᠳᠠᠷ ᠬᠠᠯᠢᠰᠤᠨ ᠲᠤᠤᠷ᠎ᠡ ᠦᠨᠳᠡᠭᠡᠯᠡᠵᠤ᠂ ᠦᠨᠳᠡᠭᠡ ᠨᠢ ᠤᠷᠳᠤᠯᠵᠢᠨ ᠴᠠᠭᠠᠨ ᠦᠡᠭᠭᠡ ᠲᠠᠢ ᠪᠠᠶᠢᠵᠤ᠂ ᠵᠤᠨ ᠤ | ᠤᠯᠠᠷᠢᠯ ᠳᠤ 12~17 ᠬᠤᠨᠤᠭ ᠲᠤ ᠨᠠᠪᠴᠢᠵᠤ᠂ ᠠᠪᠠᠭᠠᠯᠳᠠᠢ ᠶᠢᠨ ᠬᠤᠭᠤᠴᠠᠭ᠎ᠠ ᠨᠢ 22~27 ᠬᠤᠨᠤᠭ | ᠪᠠᠶᠢᠵᠤ᠂ ᠦᠨᠳᠡᠭᠡ ᠠᠴᠠ ᠠᠪᠤᠭᠠᠳ ᠪᠡᠶᠡᠯᠡᠭᠰᠡᠨ ᠬᠤᠷᠤᠬᠠᠢ ᠪᠤᠯᠬᠤ ᠪᠦᠭᠦ ᠬᠤᠭᠤᠴᠠᠭ᠎ᠠ ᠨᠢ ᠪᠠᠷᠤᠭ ᠲᠠᠪᠢᠭᠠᠳ | ᠬᠤᠨᠤᠭ ᠪᠤᠯᠳᠠᠭ᠃ | ᠭᠦᠨᠦᠭᠡᠯ ᠤᠨ ᠰᠢᠨᠵᠢ᠄ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠴᠦᠮ ᠤᠷᠭᠤᠮᠠᠯ ᠤᠨ ᠰᠢᠭᠦᠰᠤ ᠶᠢ | ᠰᠤᠷᠤᠵᠤ᠂ ᠲᠠᠰᠢᠷᠠᠮ ᠡᠷᠢᠭᠦ ᠪᠤᠶᠤ ᠵᠢᠷᠤᠮᠵᠢᠯ ᠲᠠᠢ ᠪᠠᠷ ᠤᠳᠠᠰᠤᠯᠢᠭ ᠭᠡᠯᠪᠡᠷᠢ ᠶᠢᠨ ᠭᠡᠰᠡᠭ ᠲᠤ ᠡᠰᠢ ᠶᠢ ᠬᠠᠳᠬᠤᠨ | ᠴᠤᠭᠤᠯᠵᠤ᠂ ᠰᠢᠭᠦᠰᠤ ᠶᠢ ᠨᠢ ᠰᠤᠷᠤᠭᠠᠳ᠂ ᠰᠠᠭᠤᠷᠢ ᠶᠢᠨ ᠭᠡᠰᠡᠭ ᠢ ᠴᠦᠮ ᠮᠦᠯᠵᠢᠳᠡᠭ᠃ ᠵᠡᠮᠳᠡᠭᠷᠡᠭᠰᠡᠨ ᠡᠰᠢᠨ | ᠭᠡᠰᠡᠭ ᠨᠢ ᠭᠡᠵᠢᠶᠠᠳᠡ ᠪᠡᠳᠡᠭᠢ ᠪᠤᠯᠵᠤ᠂ ᠲᠡᠭᠡᠳᠤ ᠭᠡᠰᠡᠭ ᠤᠨ ᠡᠷᠭᠢᠯᠳᠡ ᠶᠢ ᠲᠠᠰᠤᠯᠳᠠᠭᠤᠯᠳᠠᠭ᠃ ᠮᠠᠰᠢ ᠤᠯᠠᠨ | ᠤᠷᠭᠤᠮᠠᠯ ᠰᠢᠷᠠᠯᠠᠵᠤ ᠬᠤᠮᠦ᠋ᠢᠵᠤ᠂ ᠬᠠᠭᠠᠷᠠᠬᠤ ᠪᠤᠶᠤ ᠦᠭᠦᠳᠡᠭ᠃ ᠲᠠᠷᠠᠴᠢᠯᠡᠨ ᠪᠦᠭᠦ᠋ᠢᠯᠡ ᠡᠪᠡᠰᠤ ᠪᠡᠯᠴᠢᠭᠡᠷ ᠤᠨ | ᠴᠤᠮᠤᠷᠯᠢᠭ ᠨᠢ ᠤᠨᠠᠳᠠᠭ᠃ | ︵14︶ ᠬᠠᠴᠢᠭ | ᠠᠭᠠᠯᠵᠢᠨ ᠭᠡᠯᠪᠡᠷᠢᠳᠤ ᠶᠢᠨ ᠠᠩᠭᠢ ᠳᠤ ᠬᠠᠷᠢᠶᠠᠯᠬᠠᠳᠠᠨ᠎ᠠ᠃ | ᠭᠡᠮ ᠤᠨ ᠤᠨᠴᠠᠯᠢᠭ᠄ ᠬᠠᠴᠢᠭ ᠤᠨ ᠴᠠᠷᠭᠠᠰᠤᠨ ᠤ ᠭᠦᠨᠦᠭᠡᠯ ᠨᠢ ᠭᠡᠪᠡᠯ ᠭᠤᠤᠯ ᠨᠢ ᠨᠠᠪᠴᠢ ᠪᠤᠯᠤᠨ | ᠪᠤᠭᠤᠷᠴᠠᠭ ᠢᠶᠠᠷ ᠲᠠᠮᠵᠢᠨ᠂ ᠰᠢᠭᠦᠰᠤ ᠶᠢ ᠨᠢ ᠰᠤᠷᠤᠵᠤ᠂ ᠭᠡᠵᠢᠶᠡᠳᠡ ᠨᠠᠪᠴᠢᠨ ᠲᠤᠤᠷ᠎ᠠ ᠬᠠᠷᠬᠠᠳᠠᠳᠠᠭ ᠪᠦᠭᠡᠳ ᠠᠳᠡ | ᠲᠡᠨᠳᠡ ᠰᠢᠷᠭᠡᠭ ᠪᠦᠭᠡᠯᠵᠢᠵᠤ᠂ ᠰᠢᠷᠭᠡᠭᠯᠢᠭ ᠲᠤᠤᠷ ᠲᠠᠳᠠᠵᠤ᠂ ᠪᠡᠶ᠎ᠠ ᠪᠠᠨ ᠬᠠᠮᠠᠭᠠᠯᠠᠳᠠᠭ᠃ ᠭᠦᠨᠦᠭᠡᠯ ᠳᠤ | ᠤᠴᠠᠷᠬᠠᠰᠠᠨ ᠨᠠᠪᠴᠢ ᠨᠢ ᠲᠤᠯᠪᠤᠷᠠᠵᠤ ᠭᠦᠷᠡᠩᠳᠦᠵᠤ᠂ ᠪᠤᠭᠤᠷᠴᠠᠭ ᠨᠢ ᠴᠤ ᠭᠦᠷᠡᠩᠳᠤᠵᠤ ᠬᠠᠳᠠᠭᠠᠳ ᠲᠦᠭᠦᠷᠡᠩ | ᠦᠷᠡᠯᠡᠵᠤ ᠴᠢᠳᠠᠳᠠᠭ ᠦᠭᠡᠢ ᠪᠤᠯᠳᠠᠭ᠃ ᠪᠡᠶᠡᠯᠡᠭᠰᠡᠨ ᠬᠤᠷᠤᠬᠠᠢ ᠨᠢ ᠭᠠᠵᠠᠷ ᠲᠡᠭᠡᠷᠡᠭᠢ ᠬᠤᠭ ᠨᠤᠪᠰᠢᠨ ᠳᠤ | ᠡᠪᠤᠯᠵᠢᠵᠤ᠂ ᠬᠠᠪᠤᠷ ᠪᠤᠯᠤᠮᠬᠠᠴᠠ ᠶᠠᠭ ᠤᠷᠭᠤᠵᠤ ᠪᠠᠶᠢᠭ᠎ᠠ ᠤᠷᠭᠤᠮᠠᠯ ᠳᠤ ᠰᠢᠯᠵᠢᠳᠡᠭ ᠪᠠᠶᠢᠨ᠎ᠠ᠃ | ︵15︶ ᠮᠠᠢ ᠶᠢᠨ ᠴᠤᠬᠤ | ᠭᠡᠯᠪᠡᠷᠢ ᠲᠦᠷᠰᠤ ᠶᠢᠨ ᠤᠠᠴᠠᠯᠢᠭ᠄ ᠪᠡᠶᠡᠯᠡᠭᠰᠨᠨ ᠬᠤᠷᠤᠬᠠᠢ ᠶᠢᠨ ᠪᠡᠶ᠎ᠠ ᠶᠢᠨ ᠤᠷᠳᠤ ᠨᠢ 7~9mm᠂ | ᠦᠷᠭᠡᠨ ᠨᠢ 4.5~5mm᠂ ᠬᠠᠷ᠎ᠠ ᠭᠦᠷᠡᠩ ᠪᠤᠶᠤ ᠪᠤᠷᠤ ᠦᠡᠭᠭᠡ ᠲᠠᠢ ᠪᠠᠶᠢᠳᠠᠭ᠃ ᠬᠠᠳᠠᠭᠤ ᠲᠠᠯᠠᠪᠴᠢ ᠨᠢ | ᠬᠤᠨ ᠭᠠᠯᠠᠭᠤᠨ ᠤ ᠨᠤᠯᠤᠤᠷ ᠠᠳᠠᠯᠢ ᠭᠢᠯᠳᠠᠭᠠᠨᠠᠵᠤ᠂ ᠲᠡᠮᠳᠡᠷᠢᠭᠦᠯ ᠨᠢ ᠭᠦᠷᠡᠩ᠂ 9 ᠦᠶ᠎ᠠ ᠲᠠᠢ᠂ ᠵᠠᠯᠮᠠᠭᠠᠢ ᠨᠢ 3 | ᠦᠶ᠎ᠠ ᠲᠠᠢ᠃ ᠬᠠᠳᠠᠭᠤ ᠲᠠᠯᠠᠪᠴᠢᠨ ᠲᠡᠭᠡᠷ᠎ᠡ ᠨᠢ ᠨᠠᠷᠢᠨ ᠦᠰᠤ ᠲᠠᠢ᠂ ᠲᠠᠯᠠᠪᠴᠢ ᠪᠦᠷᠢ ᠨᠢ ᠭᠤᠷᠪᠡᠨ ᠵᠤᠷᠪᠤᠰ | ᠠᠳᠤᠷᠢᠶᠠᠰᠤ ᠲᠠᠢ᠂ ᠭᠦᠪᠡᠭᠡ ᠨᠢ ᠦᠷᠭᠡᠰᠤ ᠲᠠᠢ᠂ ᠡᠮᠦᠨ᠎ᠠ ᠭᠦᠯ ᠤᠨ ᠭᠠᠳᠠᠷ ᠭᠦᠪᠡᠭᠡᠨ ᠳᠤ ᠬᠤᠶᠠᠷ ᠠᠷᠠᠭ᠎ᠠ ᠲᠠᠢ᠂ | ᠠᠪᠠᠭᠠᠯᠳᠠᠢ ᠶᠢ ᠨᠢ ᠦᠳᠦᠭ ᠬᠤᠷᠤᠬᠠᠢ ᠭᠡᠳᠡᠭ᠃ ᠪᠡᠶ᠎ᠠ ᠶᠢᠨ ᠤᠷᠳᠤ ᠨᠢ 15mm ᠤᠷᠴᠢᠮ᠂ ᠲᠠᠯ᠎ᠠ ᠰᠠᠷᠠᠨ | ᠭᠡᠯᠪᠡᠷᠢ ᠲᠠᠢ ᠴᠠᠭᠠᠷᠢᠠᠠᠯᠠᠵᠤ᠂ ᠲᠤᠯᠤᠭᠠᠢ ᠨᠢ ᠰᠢᠷᠭᠠᠯ ᠭᠦᠷᠡᠩ᠂ ᠭᠡᠭᠦᠳᠡᠭ ᠨᠢ ᠰᠦᠨ ᠴᠠᠭᠠᠨ ᠦᠡᠭᠭᠡ ᠲᠠᠢ ᠪᠠᠶᠢᠳᠠᠭ | ᠃ ᠨᠢᠴᠦᠭᠦᠨ ᠭᠡᠤᠭᠡᠯᠳᠡᠢ ᠨᠢ 8 mm ᠤᠷᠴᠢᠮ ᠤᠷᠳᠤ᠂ ᠭᠦᠷᠡᠩ ᠦᠡᠭᠭᠡ ᠲᠠᠢ᠂ ᠲᠠᠪᠬᠤᠷ ᠨᠢᠳᠤ ᠨᠢ ᠬᠠᠷ᠎ᠠ᠂ | ᠡᠯ᠎ᠠ ᠨᠢᠷᠤᠭᠤᠨ ᠦᠶ᠎ᠠ ᠨᠢ ᠭᠦᠳᠦᠬᠦᠷ᠂ ᠦᠵᠦᠭᠦᠷ ᠤᠨ ᠭᠡᠰᠡᠭ ᠲᠤ ᠨᠢ ᠬᠤᠶᠠᠷ ᠰᠡᠭᠦᠯ ᠤᠨ ᠦᠷᠭᠡᠰᠤ ᠲᠠᠢ᠃ | ᠦᠨᠳᠡᠭᠡ ᠨᠢ 1.2mm ᠤᠷᠳᠤ᠂ ᠵᠤᠤᠪᠠᠩ ᠭᠡᠯᠪᠡᠷᠢ ᠲᠠᠢ᠂ ᠠᠩᠬ᠎ᠠ ᠦᠨᠳᠡᠭᠡᠯᠡᠮᠡᠭᠴᠡ ᠪᠠᠨ ᠴᠠᠭᠠᠨ ᠦᠡᠭᠭᠡ ᠲᠠᠢ᠂ | ᠬᠠᠯᠢᠰᠤ ᠨᠢ ᠭᠦᠯᠢᠭᠡᠷ ᠪᠠᠶᠢᠵᠤ᠂ ᠰᠡᠭᠦᠯᠡᠷ ᠨᠢ ᠰᠢᠷᠭᠠᠯ ᠪᠤᠯᠵᠤ᠂ ᠨᠡᠪᠴᠢᠭᠦ ᠦᠶ᠎ᠠ ᠳᠡᠭᠡᠨ ᠭᠦᠷᠡᠩ ᠪᠤᠯᠳᠠᠭ᠃ | ᠬᠦᠨᠦᠭᠡᠯ ᠤᠨ ᠰᠢᠨᠵᠢ᠄ ᠪᠡᠶᠡᠯᠡᠭᠰᠡᠨ ᠬᠤᠷᠤᠬᠠᠢ ᠨᠢ ᠭᠦᠷᠦᠰᠤᠨ ᠲᠤᠤᠷ᠎ᠠ 30~40cm ᠭᠦᠨ ᠳᠤ | ᠡᠪᠤᠯᠵᠢᠵᠤ᠂ ᠡᠪᠤᠯᠵᠢᠭ᠍ᠰᠡᠨ ᠬᠤᠷᠤᠬᠠᠢ ᠨᠢ ᠭᠠᠷᠴᠤ ᠢᠷᠡᠭᠰᠡᠨ ᠤ ᠪᠠᠨ ᠰᠡᠭᠦᠯᠡᠷ ᠭᠤᠤᠯᠳᠠᠭᠤ ᠲᠠᠷᠢᠶᠠᠨ ᠲᠠᠯᠠᠩ ᠤᠨ | ᠭᠦᠪᠡᠭᠡ ᠳᠠᠬᠢ ᠡᠪᠡᠰᠤᠨ ᠳᠤ ᠢᠳᠡᠰᠢ ᠡᠷᠢᠵᠤ᠂ ᠡᠪᠡᠰᠤ ᠪᠡᠯᠴᠢᠭᠡᠷ ᠨᠡᠭᠢᠶᠠᠯᠬᠠᠰᠠᠨ ᠤ ᠰᠡᠭᠦᠯᠡᠷ ᠠᠭᠠᠵᠢᠮ ᠢᠶᠠᠷ | ᠡᠪᠡᠰᠤᠨ ᠳᠤ ᠰᠢᠯᠵᠢᠵᠤ ᠭᠦᠨᠦᠭᠡᠯ ᠲᠠᠷᠢᠳᠠᠭ᠃ ᠡᠳᠤᠷ ᠲᠠᠯᠳᠠᠯᠠᠵᠤ ᠰᠦᠨᠢ ᠭᠦᠳᠡᠯᠵᠤ᠂ ᠦᠭᠦᠭᠰᠡᠨ ᠢᠶᠠᠷ ᠤᠪᠯᠠᠬᠤ | ᠴᠢᠨᠠᠷ ᠲᠠᠢ᠂ ᠡᠮ᠎ᠡ ᠬᠤᠷᠤᠬᠠᠢ ᠨᠢ ᠭᠦᠷᠦᠰᠤᠨ ᠳᠤ 9cm ᠭᠦᠨ ᠳᠤ ᠤᠷᠭᠤᠮᠠᠯ ᠤᠨ ᠦᠨᠳᠤᠰᠤᠨ ᠤ ᠤᠷᠴᠢᠮ ᠳᠤ | ᠦᠨᠳᠡᠭᠡᠯᠡᠳᠡᠭ᠃ ᠵᠢᠯ ᠳᠤ ᠤᠯᠠᠨ ᠤᠳᠠᠭ᠎ᠠ ᠦᠷᠡᠵᠢᠵᠤ᠂ ᠠᠪᠠᠭᠠᠯᠳᠠᠢ ᠶᠢᠨ ᠬᠤᠭᠤᠴᠠᠭ᠎ᠠ ᠨᠢ 70~80 ᠬᠤᠨᠤᠭ᠂ | ᠭᠡᠤᠭᠡᠯᠳᠡᠢ ᠶᠢᠨ ᠬᠤᠭᠤᠴᠠᠭ᠎ᠠ ᠨᠢ 23 ᠬᠤᠨᠤᠭ ᠪᠠᠶᠢᠳᠠᠭ᠃ | ︵16︶ ᠬᠤᠰᠢᠶᠠᠩᠭᠤᠷ ᠦᠨᠳᠤᠰᠤᠨ ᠪᠡᠳᠡᠭᠢ ᠶᠢᠨ ᠴᠤᠬᠤ | ᠭᠡᠯᠪᠡᠷᠢ ᠲᠦᠷᠰᠤ ᠶᠢᠨ ᠤᠨᠴᠠᠯᠢᠭ᠄ ᠪᠠᠶᠡᠯᠡᠭᠰᠡᠨ ᠬᠤᠷᠤᠬᠠᠢ ᠨᠢ ᠬᠠᠷ᠎ᠠ ᠪᠤᠷᠤ ᠬᠠᠳᠠᠭᠤ ᠬᠤᠶᠠᠭ ᠲᠠᠢ | ᠬᠤᠷᠤᠬᠠᠢ ᠪᠤᠯᠤᠨ᠎ᠠ᠃ ᠤᠷᠳᠤ ᠪᠠᠷ ᠢᠶᠠᠨ 4.75mm ᠪᠠᠶᠢᠳᠠᠭ᠃ | ᠭᠦᠨᠦᠭᠡᠯ ᠤᠨ ᠰᠢᠨᠵᠢ᠄ ᠭᠤᠤᠯᠳᠠᠭᠤ ᠨᠠᠪᠴᠢ ᠶᠢ ᠢᠳᠡᠵᠤ᠂ ᠨᠠᠪᠴᠢᠨ ᠤ ᠭᠦᠪᠡᠭᠡ ᠶᠢ ᠵᠢᠷᠤᠮᠵᠢᠯ ᠦᠭᠡᠢ | ᠪᠠᠷ ᠨᠦᠭᠡᠯᠡᠳᠡᠭ᠃ ᠭᠡᠪᠡᠴᠤ ᠭᠤᠤᠯ ᠭᠦᠨᠦᠭᠡᠯ ᠨᠢ ᠭᠡᠪᠡᠯ ᠠᠪᠠᠭᠠᠯᠳᠠᠢ ᠨᠢ ᠦᠨᠳᠤᠰᠤᠨ ᠭᠡᠰᠡᠭ ᠢ ᠢᠳᠡᠭᠦ ᠳᠤ ᠪᠤᠢ᠃ | ᠠᠪᠠᠭᠠᠯᠳᠠᠢ ᠨᠢ ᠪᠠᠭ᠎ᠠ ᠳᠠᠭᠠᠨ ᠵᠢᠵᠢᠭ ᠪᠦᠭᠡᠳ ᠨᠠᠷᠢᠨ ᠦᠨᠳᠤᠰᠤ ᠶᠢ ᠢᠳᠡᠵᠤ᠂ ᠨᠡᠯᠢᠶᠡᠳ ᠪᠦᠳᠦᠭᠦᠨ ᠨᠢ ᠭᠤᠤᠯ | ᠦᠨᠳᠤᠰᠤ ᠶᠢ ᠲᠠᠯ᠎ᠠ ᠠᠴᠠ ᠨᠢ ᠮᠡᠷᠡᠵᠤ ᠭᠦᠨᠳᠡᠶᠢᠷᠡᠭᠦᠯᠳᠡᠭ᠃ ᠨᠢᠯᠬ᠎ᠠ ᠵᠦᠭᠡᠯᠡᠨ ᠴᠠᠷᠭᠠᠰᠤ ᠶᠢ ᠨᠡᠩ ᠭᠦᠨᠳᠤ | ᠨᠤᠴᠢᠳᠡᠢ ᠭᠦᠨᠦᠭᠡᠳᠡᠭ ᠪᠦᠭᠡᠳ ᠠᠪᠠᠭᠠᠯᠳᠠᠢ ᠶᠢᠨ ᠲᠠᠷᠢᠠᠠᠰᠠᠨ ᠭᠦᠨᠦᠭᠡᠯ ᠨᠢ ᠴᠠᠷᠭᠠᠰᠤᠨ ᠤ ᠭᠦᠯᠳᠡᠭᠦ ᠶᠢ ᠨᠡᠩ | ᠭᠦᠨᠳᠦᠷᠡᠭᠦᠯᠳᠡᠭ ᠪᠠᠶᠢᠨ᠎ᠠ᠃ | ᠭᠡᠮ ᠤᠨ ᠤᠨᠴᠠᠯᠢᠭ᠄ ᠲᠤᠰ ᠴᠤᠬᠤ ᠨᠢ ᠭᠦᠷᠦᠰᠤᠨ ᠭᠠᠳᠠᠷᠭᠤ ᠳᠠᠬᠢ ᠵᠡᠷᠡᠮᠳᠡᠭ ᠤᠷᠭᠤᠮᠠᠯ ᠪᠤᠶᠤ | ᠬᠠᠶ᠋ᠬᠠᠳᠠᠮᠠᠯ ᠡᠳ᠋ ᠤᠨ ᠲᠡᠭᠡᠷ᠎ᠡ ᠡᠪᠤᠯᠵᠢᠵᠤ᠂ ᠲᠤᠯᠠᠭᠠᠨ ᠪᠦᠯᠢᠶᠠᠨ ᠡᠪᠤᠯ ᠤᠨ ᠡᠳᠤᠷ ᠪᠠᠰᠠ ᠬᠠᠶᠠ ᠳᠠᠭᠠᠨ | ᠭᠦᠳᠡᠯᠭᠡᠭᠡᠨ ᠭᠢᠳᠡᠭ ᠪᠠᠶᠢᠨ᠎ᠠ᠃ ᠡᠮ᠎ᠡ ᠬᠤᠷᠤᠬᠠᠢ ᠨᠢ ᠬᠠᠪᠤᠷ ᠡᠷᠳᠡ ᠨᠠᠪᠴᠢᠨ ᠭᠡᠰᠡᠭ ᠪᠤᠶᠤ ᠭᠦᠷᠦᠰᠤᠨ ᠳᠤ | ᠦᠨᠳᠡᠭᠡᠯᠡᠵᠤ᠂ ᠦᠨᠳᠡᠭᠡ ᠨᠢ ᠵᠢᠵᠢᠭ ᠪᠦᠭᠡᠳ ᠴᠠᠭᠠᠨ ᠦᠡᠭᠭᠡ ᠲᠠᠢ ᠪᠠᠶᠢᠵᠤ᠂ ᠰᠡᠭᠦᠯᠳᠡᠵᠤ ᠢᠷᠡᠭᠡᠳ ᠦᠳᠳᠡᠷ | ᠲᠦᠷᠭᠡᠨ ᠨᠡᠭᠦᠷᠡᠰᠤᠨ ᠭᠦᠷᠡᠩ ᠦᠡᠭᠭᠡ ᠲᠠᠢ ᠪᠤᠯᠵᠤ᠂ 2 ᠭᠠᠷᠠᠭ ᠤᠨ ᠲᠤᠳᠤᠷ᠎ᠠ ᠨᠠᠪᠴᠢᠵᠤ᠂ ᠠᠪᠠᠭᠠᠯᠳᠠᠢ ᠶᠢᠨ | ᠬᠤᠭᠤᠴᠠᠭ᠎ᠠ ᠨᠢ 3 ᠭᠠᠷᠠᠭ ᠤᠷᠴᠢᠮ ᠪᠠᠶᠢᠳᠠᠭ᠃ ᠪᠡᠶᠡᠯᠡᠭᠰᠡᠨ ᠲᠤᠮᠤ ᠬᠤᠷᠤᠬᠠᠢ ᠨᠢ 6.25mm ᠤᠷᠳᠤ᠂ | ᠴᠠᠭᠠᠨ ᠦᠡᠭᠭᠡ ᠲᠠᠢ᠂ ᠭᠦᠯ ᠦᠭᠡᠢ᠂ ᠲᠤᠯᠤᠭᠠᠢ ᠨᠢ ᠴᠤᠺᠤᠯᠠᠳ᠋ ᠤᠨ ᠦᠡᠭᠭᠡ ᠲᠠᠢ᠂ ᠭᠡᠤᠭᠡᠯᠳᠡᠢ ᠶᠢᠨ ᠬᠤᠭᠤᠴᠠᠭ᠎ᠠ | ᠪᠠᠨ ᠭᠦᠷᠦᠰᠤᠨ ᠲᠤᠳᠤᠷ᠎ᠡ ᠦᠡᠭᠭᠡᠷᠡᠭᠦᠯᠵᠤ᠂ 8~10 ᠬᠤᠨᠤᠭ ᠪᠤᠯᠵᠦ᠂ ᠵᠢᠯ ᠳᠤ ᠨᠢᠬᠡ ᠯᠠ ᠤᠳᠠᠭ᠎ᠠ | ᠦᠷᠡᠵᠢᠳᠡᠭ᠃ | ︵ 7︶ ᠴᠠᠷᠭᠠᠰᠤᠨ ᠤ ᠪᠤᠭᠤᠨᠢ ᠬᠤᠰᠢᠭᠤᠳᠤ ᠴᠤᠬᠤ | ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠡᠨ ᠬᠤᠷᠤᠬᠠᠢ ᠨᠢ 9.53~12.7mm ᠤᠷᠳᠤ᠃ | ᠬᠠᠷ᠎ᠠ ᠦᠡᠭᠭᠡ ᠲᠠᠢ ᠪᠦᠭᠡᠳ ᠰᠤᠪᠤᠳᠯᠢᠭ ᠪᠤᠷᠤ ᠲᠤᠯᠪᠤ ᠲᠠᠢ᠂ ᠬᠠᠳᠠᠭᠤ ᠲᠠᠯᠠᠪᠴᠢ ᠨᠢ ᠬᠤᠮᠢᠭᠠᠰᠤᠳᠠᠢ᠃ ᠨᠢᠰᠴᠤ | ᠴᠢᠳᠠᠳᠠᠭ ᠦᠭᠡᠢ᠃ 5~9 ᠰᠠᠷ᠎ᠠ ᠳᠤ ᠭᠦᠷᠦᠰᠤᠨ ᠳᠤ ᠲᠠᠩ ᠢᠶᠠᠷ ᠦᠨᠳᠡᠭᠡᠯᠡᠵᠤ᠂ ᠪᠠᠷᠤᠭ ᠬᠤᠶᠠᠷ ᠭᠠᠷᠠᠭ ᠪᠤᠯᠪᠠᠯ | ᠨᠠᠪᠴᠢᠵᠤ᠂ ᠠᠪᠠᠭᠠᠯᠳᠠᠢ ᠨᠢ ᠭᠦᠷᠦᠰᠤᠨ ᠳᠤ ᠰᠢᠷᠭᠤᠵᠤ᠂ ᠤᠷᠢᠳ ᠢᠶᠠᠷ ᠴᠠᠷᠭᠠᠰᠤᠨ ᠤ ᠰᠠᠯᠠᠭ᠎ᠠ ᠦᠨᠳᠤᠰᠤ ᠶᠢ | ᠢᠳᠡᠵᠤ᠂ ᠰᠡᠭᠦᠯᠡᠷ ᠨᠢ ᠭᠤᠤᠯ ᠦᠨᠳᠤᠰᠤ ᠶᠢ ᠢᠳᠡᠵᠤ᠂ ᠭᠦᠨᠳᠤ ᠨᠤᠴᠢᠳᠡᠢ ᠭᠦᠨᠦᠭᠡᠳᠡᠭ᠃ | ᠭᠦᠨᠦᠭᠡᠯ ᠤᠨ ᠰᠢᠨᠵᠢ᠄ ᠭᠤᠤᠯ ᠨᠢ ᠠᠪᠠᠭᠠᠯᠳᠠᠢ ᠶᠢᠨ ᠭᠦᠨᠦᠭᠡᠯ ᠪᠤᠯᠤᠨ᠎ᠠ᠃ ᠦᠨᠳᠤᠰᠤᠨ ᠤ ᠲᠤᠳᠤᠷ᠎ᠡ | ᠮᠡᠷᠡᠭᠰᠡᠭᠡᠷ ᠪᠠᠶᠢᠭᠠᠳ ᠭᠦᠨ ᠬᠤᠪᠢᠯ ᠭᠠᠷᠭᠠᠳᠠᠭ᠃ ᠭᠦᠨᠳᠤ ᠨᠤᠴᠢᠳᠡᠢ ᠭᠦᠨᠦᠭᠡᠭᠳᠡᠭᠰᠡᠨ ᠲᠠᠷᠢᠶᠠᠨ ᠤ ᠨᠠᠪᠴᠢ ᠨᠢ | ᠰᠢᠷᠠᠯᠠᠵᠤ᠂ ᠭᠠᠩ ᠲᠠᠢ ᠦᠶᠡᠰ ᠨᠡᠩ ᠨᠤᠴᠢᠳᠡᠢ ᠭᠦᠨᠦᠭᠡᠳᠡᠭ᠃ | ︵18︶ ᠴᠠᠷᠭᠠᠰᠤᠨ ᠰᠤᠬᠤᠷ ᠪᠠᠷᠰ | ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠨᠨ ᠬᠤᠷᠤᠬᠠᠢ ᠶᠢᠨ ᠪᠡᠶ᠎ᠠ ᠶᠢᠨ ᠤᠷᠳᠤ ᠨᠢ 7.5mm᠂ ᠪᠠᠶ᠎ᠠ | ᠨᠢ ᠰᠢᠷᠭᠠᠯ ᠭᠦᠷᠡᠩ᠂ ᠲᠤᠯᠤᠭᠠᠢ ᠨᠢ ᠭᠦᠷᠡᠩ᠂ ᠴᠠᠭᠡᠵᠢ ᠨᠢᠷᠤᠭᠤ ᠨᠢ ᠰᠢᠷᠭᠠᠯ᠂ ᠠᠷᠤ ᠭᠦᠪᠡᠭᠡ ᠨᠢ ᠬᠤᠶᠠᠷ ᠬᠠᠷ᠎ᠠ | ᠲᠤᠯᠪᠤ ᠲᠠᠢ᠂ ᠬᠤᠶᠠᠭ ᠨᠢ ᠭᠤᠷᠪᠡᠯᠵᠢᠨ᠂ ᠲᠡᠭᠡᠷ᠎ᠡ ᠨᠢ ᠵᠢᠭᠳᠡ ᠬᠠᠷ᠎ᠠ ᠲᠤᠯᠪᠤ ᠲᠠᠢ᠃ ᠠᠪᠠᠭᠠᠯᠳᠠᠢ ᠨᠢ ᠨᠢᠭᠡᠳᠦᠭᠡᠷ | ᠬᠤᠭᠤᠴᠠᠭᠠᠨ ᠳᠠᠭᠠᠨ ᠨᠤᠭᠤᠭᠠᠨ᠂ ᠲᠠᠪᠬᠤᠷ ᠨᠢᠳᠤ ᠨᠢ ᠤᠯᠠᠭᠠᠨ᠂ ᠲᠠᠮᠳᠡᠷᠢᠭᠦᠯ ᠨᠢ ᠲᠦᠷᠪᠡᠨ ᠦᠶ᠎ᠠ ᠲᠠᠢ᠂ | ᠪᠡᠶ᠎ᠠ ᠶᠢᠨ ᠤᠷᠳᠤ ᠨᠢ 1.5mm ᠤᠷᠴᠢᠮ᠂ ᠬᠤᠶᠠᠳᠤᠭᠠᠷ ᠬᠤᠭᠤᠴᠠᠭᠠᠨ ᠳᠠᠭᠠᠨ ᠲᠠᠪᠬᠤᠷ ᠨᠢᠳᠤ ᠭᠢᠭᠡᠳ | ᠲᠠᠮᠳᠡᠷᠢᠭᠦᠯ ᠨᠢ ᠤᠯᠠᠭᠠᠨ᠂ ᠲᠠᠪᠤᠳᠤᠭᠠᠷ ᠬᠤᠭᠤᠴᠠᠭᠠᠨ ᠳᠠᠭᠠᠨ ᠪᠡᠶ᠎ᠠ ᠨᠢ ᠰᠢᠷᠭᠠᠯ ᠨᠤᠭᠤᠭᠠᠨ ᠪᠤᠯᠵᠤ᠂ ᠲᠠᠪᠬᠤᠷ | ᠨᠢᠳᠤ ᠨᠢ ᠪᠤᠷᠤᠪᠳᠤᠷ᠂ ᠲᠠᠮᠳᠡᠷᠢᠭᠦᠯ ᠨᠢ ᠭᠦᠷᠡᠩᠳᠤᠷ᠂ ᠪᠠᠶᠠᠨ ᠳᠤᠨᠢ ᠲᠤᠯᠪᠤ ᠨᠢᠠᠠᠳᠠᠷᠠᠵᠤ᠂ ᠪᠡᠶ᠎ᠠ ᠶᠢᠨ ᠤᠷᠳᠤ ᠨᠢ | 5mm ᠪᠤᠯᠳᠠᠭ᠃ ᠵᠢᠯ ᠳᠤ 3~4 ᠤᠳᠠᠭ᠎ᠠ ᠦᠷᠡᠵᠢᠵᠤ᠂ ᠦᠨᠳᠡᠭᠡ ᠨᠢ ᠴᠠᠷᠭᠠᠰᠤ ᠵᠢᠴᠢ ᠪᠤᠰᠤᠳ ᠮᠦᠯᠵᠢᠭᠦᠷ | ᠤᠷᠭᠤᠮᠠᠯ ᠤᠨ ᠡᠰᠢᠨ ᠳᠤ ᠡᠪᠤᠯᠵᠢᠵᠤ᠂ ᠲᠠᠷᠠᠭ᠎ᠠ ᠵᠢᠯ ᠤᠨ 4 ᠳ᠋ᠤᠭᠡᠷ ᠰᠠᠷ᠎ᠠ ᠶᠢᠨ ᠡᠭᠢ ᠪᠤᠶᠤ ᠲᠤᠮᠳᠠᠴᠢ ᠪᠠᠷ | ᠲᠤᠯᠠᠭᠠᠨ ᠤ ᠭᠡᠮᠵᠢᠶ᠎ᠠ 17℃ ᠪᠤᠯᠬᠤ ᠦᠶᠡᠰ ᠨᠠᠪᠴᠢᠵᠤ᠂ 5 ᠳ᠋ᠤᠭᠠᠷ ᠰᠠᠷ᠎ᠠ ᠶᠢᠨ ᠲᠤᠮᠳᠡᠴᠢ ᠪᠠᠷ ᠨᠢᠭᠡᠳᠦᠭᠡᠷ | ᠦᠶ᠎ᠠ ᠨᠢ ᠪᠡᠶᠡᠯᠡᠭᠰᠡᠨ ᠬᠤᠷᠤᠬᠠᠢ ᠪᠤᠯᠳᠠᠭ᠃ ᠭᠡᠤᠭᠡᠯᠳᠡᠶᠢᠵᠢᠭᠦ ᠬᠤᠭᠤᠴᠠᠭ᠎ᠠ ᠨᠢ 1 ᠰᠠᠷ᠎ᠠ ᠪᠠᠶᠢᠵᠦ ᠡᠷᠳᠡ | ᠭᠡᠤᠭᠡᠯᠳᠡᠶᠢᠵᠢᠭᠰᠡᠨ ᠨᠢ ᠴᠠᠷᠭᠠᠰᠤ ᠶᠢᠨ ᠭᠠᠵᠠᠷ ᠲᠤ ᠦᠷᠭᠦᠯᠵᠢᠯᠡᠨ ᠦᠨᠳᠡᠭᠡᠯᠡᠵᠤ᠂ ᠤᠷᠤᠢ ᠭᠡᠤᠭᠡᠯᠳᠡᠶᠢᠵᠢᠭᠰᠡᠨ ᠨᠢ | ᠴᠠᠷᠭᠠᠰᠤ ᠦᠳᠡᠯᠦᠭᠰᠡᠨ ᠠᠴᠠ ᠪᠤᠯᠤᠭᠠᠳ ᠪᠤᠰᠤᠳ ᠤᠷᠭᠤᠮᠠᠯ ᠲᠡᠭᠡᠷ᠎ᠡ ᠦᠨᠳᠡᠭᠡᠯᠡᠳᠡᠭ᠃ ᠵᠢᠷᠭᠤᠳᠤᠭᠠᠷ ᠰᠠᠷ᠎ᠠ ᠶᠢᠨ | ᠲᠤᠮᠳᠠᠴᠢ ᠪᠠᠷ ᠬᠤᠶᠠᠳᠤᠭᠠᠷ ᠦᠶ᠎ᠠ ᠶᠢᠨ ᠪᠡᠶᠡᠯᠡᠭᠰᠡᠨ ᠬᠤᠷᠤᠬᠠᠢ ᠨᠢ ᠶᠡᠭᠡ ᠪᠠᠷ ᠢᠯᠡᠷᠡᠵᠤ᠂ 6 ᠳ᠋ᠤᠭᠠᠷ ᠰᠠᠷ᠎ᠠ ᠶᠢᠨ | ᠲᠤᠮᠳᠠᠴᠢ ᠪᠤᠶᠤ ᠰᠡᠭᠦᠯᠴᠢ ᠪᠠᠷ ᠬᠤᠶᠠᠳᠤᠭᠠᠷ ᠦᠶ᠎ᠠ ᠨᠢ ᠭᠡᠤᠭᠡᠯᠳᠡᠶᠢᠵᠢᠳᠡᠭ᠃ 7 ᠳ᠋ᠤᠭᠠᠷ ᠰᠠᠷ᠎ᠠ ᠪᠤᠯ ᠭᠤᠷᠪᠡᠳᠤᠭᠠᠷ | ᠦᠶ᠎ᠠ ᠶᠢᠨ ᠬᠤᠷᠤᠬᠠᠢ ᠶᠢᠨ ᠭᠦᠨᠦᠭᠡᠯ ᠤᠨ ᠬᠤᠭᠤᠴᠠᠭ᠎ᠠ ᠪᠤᠯᠤᠨ᠎ᠠ᠃ 7 ᠳ᠋ᠤᠭᠠᠷ ᠰᠠᠷ᠎ᠠ ᠶᠢᠨ ᠰᠡᠭᠦᠯᠴᠢ ᠪᠠᠷ | ᠭᠤᠷᠪᠡᠳᠤᠭᠠᠷ ᠦᠶ᠎ᠠ ᠶᠢᠨ ᠪᠡᠶᠡᠯᠡᠭᠰᠡᠨ ᠬᠤᠷᠤᠬᠠᠢ ᠭᠡᠤᠭᠡᠯᠳᠡᠶᠢᠵᠢᠳᠡᠭ᠃ 9 ᠳ᠋ᠤᠭᠡᠷ ᠰᠠᠷ᠎ᠠ ᠶᠢᠨ ᠲᠤᠮᠳᠡᠴᠢ ᠪᠠᠷ | ᠲᠦᠷᠪᠡᠳᠦᠭᠡᠷ ᠦᠶ᠎ᠠ ᠨᠢ ᠭᠡᠤᠭᠡᠯᠳᠡᠶᠢᠵᠢᠵᠤ᠂ ᠴᠠᠷᠭᠠᠰᠤ ᠵᠡᠷᠭᠡ ᠪᠤᠷᠴᠠᠬ ᠤᠨ ᠢᠵᠠᠭᠤᠷ ᠤᠨ ᠤᠷᠭᠤᠮᠠᠯ ᠤᠨ ᠡᠰᠢᠨ ᠳᠤ | ᠡᠪᠤᠯᠵᠢᠳᠡᠭ ᠪᠠᠶᠢᠨ᠎ᠠ᠃ ᠭᠦᠨᠦᠭᠡᠯ ᠨᠢ ᠭᠡᠪᠡᠯ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠴᠦᠮ ᠤᠷᠭᠤᠮᠠᠯ ᠤᠨ | ᠵᠦᠭᠡᠯᠡᠨ ᠡᠰᠢ᠂ ᠨᠠᠭᠢᠶ᠎ᠠ᠂ ᠨᠠᠪᠴᠢ ᠪᠤᠯᠤᠨ ᠴᠡᠴᠡᠭ ᠤᠨ ᠰᠢᠭᠦᠰᠤ ᠶᠢ ᠰᠤᠷᠤᠵᠤ᠂ ᠲᠡᠭᠦᠨ ᠢ ᠬᠠᠳᠠᠭᠠᠵᠤ | ᠦᠭᠦᠭᠦᠯᠳᠡᠭ ᠶᠤᠮ᠃ | ︵19︶ ᠡᠪᠡᠰᠤ ᠪᠡᠯᠴᠢᠭᠡᠷ ᠤᠨ ᠰᠤᠬᠤᠷ ᠪᠢᠰ | ᠭᠡᠯᠪᠡᠷᠢ ᠲᠦᠷᠰᠤ ᠶᠢᠨ ᠤᠠᠴᠠᠯᠢᠭ᠄ ᠪᠡᠶ᠎ᠠ ᠶᠢᠨ ᠤᠷᠳᠤ ᠨᠢ 6mm᠂ ᠦᠷᠭᠡᠨ ᠨᠢ 3mm᠂ ᠪᠦᠭᠦ ᠪᠡᠶ᠎ᠠ | ᠨᠢ ᠨᠤᠭᠤᠭᠠᠨ ᠭᠦᠷᠡᠩ᠂ ᠲᠤᠯᠤᠭᠠᠢ᠂ ᠲᠡᠮᠳᠡᠷᠢᠭᠦᠯ ᠨᠢ ᠭᠦᠷᠡᠩ᠂ ᠲᠠᠪᠬᠤᠷ ᠨᠢᠳᠤ ᠨᠢ ᠬᠤᠶᠠᠷ ᠲᠠᠯ᠎ᠠ ᠵᠦᠭ ᠢᠶᠠᠨ | ᠭᠦᠳᠦᠭᠦᠷ᠂ ᠬᠠᠷ᠎ᠠ ᠭᠦᠷᠡᠩ ᠦᠡᠭᠭᠡ ᠲᠠᠢ᠃ ᠵᠢᠯ ᠳᠤ ᠪᠠᠷᠤᠭ ᠬᠤᠶᠠᠷ ᠦᠶ᠎ᠠ ᠦᠷᠡᠵᠢᠵᠤ᠂ ᠪᠡᠶᠡᠯᠡᠭᠰᠡᠨ ᠪᠡᠶ᠎ᠠ ᠪᠠᠷ | ᠡᠪᠤᠯᠵᠢᠳᠡᠭ᠃ ᠬᠠᠪᠤᠷ ᠡᠷᠳᠡ ᠰᠠᠯᠠᠭ᠎ᠠ ᠨᠠᠮᠠᠭ᠎ᠠ ᠪᠤᠶᠤ ᠨᠠᠪᠴᠢᠨ ᠤ ᠨᠡᠭᠡᠳᠡᠰᠤᠨ ᠳᠤ ᠦᠨᠳᠡᠭᠡᠯᠡᠵᠤ᠂ ᠵᠦᠭᠡᠯᠡᠨ | ᠨᠠᠪᠴᠢᠨ ᠲᠡᠭᠡᠷ᠎ᠡ ᠦᠨᠳᠡᠭᠡᠯᠡᠭᠰᠡᠨ ᠭᠠᠵᠠᠷ ᠨᠢ ᠵᠢᠭᠠᠬᠠᠨ ᠤᠯᠠᠭᠠᠪᠳᠤᠷ ᠪᠠᠶᠢᠵᠤ᠂ ᠡᠮ᠎ᠠ ᠬᠤᠷᠤᠬᠠᠢ ᠪᠦᠷᠢ ᠨᠢ | 36~80 ᠦᠨᠳᠡᠭᠡᠯᠡᠳᠡᠭ᠃ | ᠭᠦᠨᠦᠭᠡᠯ ᠤᠨ ᠰᠢᠨᠵᠢ ᠨᠢ ᠭᠡᠪᠡᠯ ᠠᠪᠠᠭᠠᠯᠳᠠᠢ ᠨᠢ ᠰᠢᠭᠦᠰᠤ ᠶᠢ ᠰᠤᠷᠤᠵᠤ᠂ ᠨᠠᠪᠴᠢ ᠪᠤᠯᠤᠨ ᠵᠢᠮᠢᠰ ᠢ ᠦᠡᠭᠭᠡ | ᠠᠯᠳᠠᠭᠤᠯᠤᠨ ᠦᠷᠴᠶᠢᠵᠤ ᠬᠤᠷᠪᠤᠶᠢᠯᠭᠠᠨ ᠲᠦᠷᠰᠤ ᠠᠯᠳᠠᠭᠤᠯᠳᠠᠭ᠃ | ︵20︶ ᠴᠠᠷᠭᠠᠰᠤᠨ ᠤ ᠦᠷᠭᠡᠨ ᠮᠦᠷᠳᠤ ᠵᠢᠵᠢᠭ ᠵᠦᠭᠡᠢ | ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠡᠨ ᠵᠢᠵᠢᠭ ᠵᠦᠭᠡᠢ ᠶᠢᠨ ᠪᠡᠶ᠎ᠠ ᠶᠢᠨ ᠤᠷᠳᠤ ᠨᠢ 1. | 8~2mm᠂ ᠬᠠᠷ᠎ᠠ ᠦᠡᠭᠭᠡ ᠲᠠᠢ᠂ ᠭᠠᠭᠴᠠ ᠭᠦᠯ ᠨᠢ ᠰᠢᠷᠭᠠᠯ ᠭᠦᠷᠡᠩ ᠪᠠᠶᠢᠳᠠᠭ᠃ ᠦᠨᠳᠡᠭᠡ ᠨᠢ ᠦᠡᠭᠭᠡ | ᠦᠭᠡᠢ᠂ ᠠᠪᠠᠭᠠᠯᠳᠠᠢ ᠨᠢ ᠭᠦᠯ ᠦᠭᠡᠢ ᠮᠤᠰᠭᠢᠯᠳᠤᠵᠦ᠂ ᠬᠠᠭᠠᠰ ᠲᠤᠭᠤᠷᠢᠭ ᠭᠡᠯᠪᠡᠷᠢ ᠲᠠᠢ ᠲᠤᠯᠤᠭᠠᠢ ᠨᠢ ᠲᠤᠳᠤ | ᠦᠭᠡᠢ᠂ ᠨᠢᠴᠦᠭᠦᠨ ᠭᠡᠤᠭᠡᠯᠳᠡᠢ ᠨᠢ ᠴᠠᠭᠠᠨ᠂ ᠭᠡᠪᠡᠴᠤ ᠠᠭᠠᠵᠢᠮ ᠢᠶᠠᠷ ᠬᠠᠷᠠᠪᠳᠤᠷ ᠪᠤᠯᠵᠤ᠂ ᠭᠡᠤᠭᠡᠯᠳᠡᠶᠢᠵᠢᠭᠦ ᠦᠶ᠎ᠠ | ᠳᠡᠭᠡᠨ ᠬᠠᠷ᠎ᠠ ᠪᠤᠯᠳᠠᠭ᠃ ᠦᠨᠳᠡᠭᠡ ᠶᠢᠨ ᠨᠡᠪᠴᠢᠭᠦ ᠬᠤᠭᠤᠴᠠᠭ᠎ᠠ ᠨᠢ 4~10 ᠡᠳᠤᠷ ᠪᠠᠶᠢᠵᠤ᠂ ᠠᠪᠠᠭᠠᠯᠳᠠᠢ ᠨᠢ | ᠪᠦᠷᠢᠮᠦᠰᠤᠨ ᠪᠤᠶᠢᠵᠢᠬᠤ ᠳᠤ ᠪᠠᠷᠤᠭ 12~13 ᠬᠤᠨᠤᠭ ᠭᠡᠷᠡᠭᠯᠡᠨ᠎ᠡ᠃ ᠠᠪᠠᠭᠠᠯᠳᠠᠢ ᠨᠢ ᠦᠷ᠎ᠡ ᠶᠢᠨ ᠲᠤᠮᠳᠠ | ᠭᠡᠤᠭᠡᠯᠳᠡᠶᠢᠵᠢᠵᠤ᠂ ᠵᠤᠨ ᠤ ᠭᠡᠤᠭᠡᠯᠳᠡᠶᠢᠵᠢᠭᠦ ᠬᠤᠭᠤᠴᠠᠭ᠎ᠠ ᠨᠢ 6~10 ᠬᠤᠨᠤᠭ ᠪᠠᠶᠢᠳᠠᠭ᠃ ᠪᠡᠶᠡᠯᠡᠭᠦ ᠬᠤᠷᠤᠬᠠᠢ | ᠨᠢ ᠦᠷ᠎ᠡ ᠶᠢᠨ ᠬᠠᠯᠢᠰᠤ ᠶᠢ ᠭᠡᠮᠡᠯᠢᠨ ᠲᠤᠭᠤᠷᠢᠭ ᠨᠦᠭᠡ ᠭᠠᠷᠭᠠᠨ ᠭᠡᠤᠭᠡᠯᠳᠡᠶᠢᠵᠢᠨ ᠭᠠᠷᠴᠤ ᠢᠷᠡᠭᠡᠳ ᠵᠢᠯ ᠳᠤ | ᠭᠡᠳᠦᠨ ᠦᠶ᠎ᠠ ᠦᠷᠡᠵᠢᠳᠡᠭ᠃ | ᠭᠦᠨᠦᠭᠡᠯ ᠨᠢ ᠭᠡᠪᠡᠯ ᠵᠢᠵᠢᠭ ᠵᠦᠭᠡᠢ ᠪᠤᠯ ᠪᠤᠷᠴᠠᠭ ᠤᠨ ᠢᠵᠠᠭᠤᠷ ᠤᠨ ᠡᠪᠡᠰᠤ ᠪᠡᠯᠴᠢᠭᠡᠷ ᠢ ᠭᠦᠨᠦᠭᠡᠳᠡᠭ | ᠭᠤᠤᠯ ᠭᠦᠨᠦᠭᠡᠯᠳᠤ ᠬᠤᠷᠤᠬᠠᠢ ᠪᠤᠯᠤᠨ᠎ᠠ᠃ ᠦᠷ᠎ᠡ ᠶᠢᠨ ᠲᠤᠳᠤᠷ᠎ᠡ ᠰᠢᠮᠡᠳᠭᠦ ᠨᠤᠷᠮ᠎ᠠ ᠨᠢ 30%~50% ᠳᠤ | ᠭᠦᠷᠳᠡᠭ᠃ ᠡᠮ᠎ᠠ ᠵᠦᠭᠡᠢ ᠨᠢ ᠦᠨᠳᠡᠬᠡᠪᠴᠢ ᠪᠠᠨ ᠪᠤᠭᠤᠷᠴᠠᠭ ᠪᠤᠶᠤ ᠶᠠᠭ ᠦᠷᠡᠯᠡᠵᠤ ᠪᠦᠭᠦᠢ ᠦᠷ᠎ᠡ ᠶᠢᠨ ᠲᠤᠳᠤᠷ᠎ᠠ | ᠬᠠᠳᠬᠤᠨ ᠤᠷᠤᠭᠤᠯᠵᠤ᠂ ᠶᠠᠷᠦ ᠳᠡᠭᠡᠨ ᠨᠢᠭᠡ ᠮᠦᠭᠦᠯᠢᠭ ᠦᠷ᠎ᠡ ᠳᠤ ᠨᠢᠭᠡ ᠦᠨᠳᠡᠭᠡᠯᠡᠵᠤ᠂ ᠠᠪᠠᠭᠠᠯᠳᠠᠢ ᠶᠢᠨ | ᠪᠤᠶᠢᠵᠢᠯᠳᠡ ᠶᠢ ᠲᠠᠭᠠᠯᠳᠤᠨ ᠦᠷ᠎ᠡ ᠶᠢᠨ ᠴᠦᠮ᠎ᠠ ᠶᠢ ᠴᠦᠮ ᠢᠳᠡᠵᠤ ᠲᠠᠭᠤᠰᠬᠠᠭᠠᠳ᠂ ᠵᠦᠪᠭᠡᠨ ᠬᠠᠯᠢᠰᠤ ᠶᠢ ᠨᠢ | ᠦᠯᠡᠳᠡᠭᠡᠳᠡᠭ ᠪᠠᠶᠢᠨ᠎ᠠ᠃ | ︵21︶ ᠵᠢᠮ᠎ᠡ ᠬᠤᠷᠤᠬᠠᠢ | ᠭᠦᠨᠦᠭᠡᠯ ᠤᠨ ᠰᠢᠨᠵᠢ᠄ ᠵᠢᠮ᠎ᠡ ᠬᠤᠷᠤᠬᠠᠢ ᠶᠢᠨ ᠪᠡᠶᠡᠯᠡᠭᠰᠡᠨ ᠬᠤᠷᠤᠬᠠᠢ ᠪᠤᠯᠤᠨ ᠠᠪᠠᠭᠠᠯᠳᠠᠢ ᠨᠢ ᠭᠤᠤᠯ ᠨᠢ | ᠴᠠᠷᠭᠠᠰᠤ ᠶᠢᠨ ᠨᠢᠯᠬ᠎ᠠ ᠨᠡᠭᠡᠳᠡᠰᠤ ᠶᠢ ᠢᠳᠡᠵᠤ᠂ ᠴᠢᠭᠢᠯᠡᠭᠦ ᠪᠡ ᠰᠠᠯᠠᠭᠠᠯᠠᠬᠤ ᠦᠶ᠎ᠠ ᠳᠤ ᠭᠤᠤᠯ ᠨᠠᠪᠴᠢ ᠪᠠ ᠨᠢᠯᠬ᠎ᠠ | ᠨᠠᠪᠴᠢ ᠶᠢ ᠭᠦᠨᠦᠭᠡᠵᠤ᠂ ᠴᠠᠴᠡᠭ ᠲᠡᠯᠭᠡᠷᠡᠭᠦ ᠪᠡ ᠦᠷᠡᠯᠡᠭᠦ ᠦᠶᠡᠰ ᠭᠤᠤᠯ ᠨᠢ ᠴᠡᠴᠡᠭ ᠢ ᠭᠦᠨᠦᠭᠡᠳᠡᠭ᠃ ᠴᠡᠴᠡᠭ ᠤᠨ | ᠲᠤᠳᠤᠷ᠎ᠡ ᠢᠳᠡᠰᠢ ᠡᠷᠢᠭᠦ ᠳᠡᠭᠡᠨ ᠴᠡᠴᠡᠭ ᠢ ᠨᠢᠴᠠᠯᠤᠨ ᠲᠠᠯᠬᠠᠳᠠᠵᠤ᠂ ᠲᠤᠯᠭᠠᠭᠤᠷᠢ ᠶᠢ ᠨᠢ ᠡᠪᠳᠡᠵᠤ᠂ ᠴᠡᠴᠡᠭ ᠤᠨ | ᠰᠢᠮ᠎ᠠ ᠶᠢ ᠨᠢ ᠰᠤᠷᠤᠵᠤ᠂ ᠴᠠᠴᠡᠭ ᠪᠡ ᠪᠤᠭᠤᠷᠴᠠᠭ ᠢ ᠤᠨᠠᠭᠠᠵᠤ᠂ ᠦᠷ᠎ᠠ ᠶᠢᠨ ᠭᠠᠷᠤᠯᠳᠠ ᠶᠢ ᠪᠠᠭᠤᠷᠠᠭᠤᠯᠳᠠᠭ᠃ | ᠵᠢᠮ᠎ᠡ ᠬᠤᠷᠤᠬᠠᠢ ᠶᠢᠨ ᠭᠦᠨᠦᠭᠡᠯ ᠢᠶᠠᠷ ᠴᠠᠷᠭᠠᠰᠤ ᠶᠢᠨ ᠬᠠᠭᠤᠷᠠᠢ ᠡᠪᠡᠰᠤᠨ ᠤ ᠤᠨᠠᠯᠳᠠ ᠪᠠᠭᠤᠷᠠᠵᠤ᠂ ᠰᠢᠮ᠎ᠠ | ᠲᠡᠵᠢᠭᠡᠯ ᠤᠨ ᠪᠦᠷᠢᠯᠳᠦᠭᠦᠨ ᠨᠢ ᠶᠡᠭᠡ ᠪᠠᠷ ᠬᠠᠰᠤᠠᠠᠳᠠᠵᠤ᠂ ᠪᠦᠳᠦᠭᠦᠯᠢᠭ ᠰᠢᠷᠭᠡᠭᠯᠢᠭ ᠤᠨ ᠠᠭᠤᠯᠤᠭᠳᠠᠴᠨ | ᠲᠡᠭᠡᠭᠰᠢᠯᠡᠵᠤ᠂ ᠠᠽᠤᠲ ᠭᠦᠴᠢᠯ ᠤᠨ ᠶᠠᠷᠦᠩᠭᠡᠢ ᠭᠡᠮᠵᠢᠶ᠎ᠠ ᠪᠠᠭᠤᠷᠠᠵᠤ᠂ ᠡᠴᠤᠰ ᠲᠡᠭᠡᠨ ᠴᠠᠷᠭᠠᠰᠤᠨ ᠤ ᠴᠢᠨᠠᠷ ᠨᠢ | ᠭᠦᠨᠳᠤ ᠨᠤᠴᠢᠳᠡᠢ ᠮᠠᠭᠤᠳᠠᠳᠠᠭ᠃ | ᠤᠨᠴᠠᠯᠢᠭ᠄ ᠵᠢᠮ᠎ᠡ ᠬᠤᠷᠤᠬᠠᠢ ᠪᠤᠯ ᠭᠡᠤᠭᠡᠯᠳᠡᠢ ᠪᠠᠷ ᠢᠶᠠᠨ 5~10cm ᠭᠦᠨ ᠭᠦᠷᠦᠰᠤᠨ ᠳᠤ ᠡᠪᠤᠯᠵᠢᠵᠤ | ᠂ 4 ᠳ᠋ᠤᠬᠡᠷ ᠰᠠᠷ᠎ᠠ ᠶᠢᠨ ᠲᠤᠮᠳᠠᠴᠢ ᠪᠠᠷ ᠲᠤᠮᠳᠠᠴᠢ ᠲᠤᠯᠭᠠᠨ ᠤ ᠭᠡᠮᠵᠢᠶ᠎ᠠ 8℃ ᠠᠴᠠ ᠲᠡᠭᠡᠭᠰᠢ ᠪᠤᠯᠬᠤ ᠦᠶ᠎ᠠ ᠳᠤ | ᠭᠡᠤᠭᠡᠯᠳᠡᠢ ᠨᠢ ᠪᠡᠶᠡᠯᠡᠭᠰᠡᠨ ᠬᠤᠷᠤᠬᠠᠢ ᠪᠤᠯᠤᠭᠠᠳ ᠤᠷᠭᠤᠵᠤ ᠪᠠᠶᠢᠭ᠎ᠠ ᠤᠷᠭᠤᠮᠠᠯ ᠤᠨ ᠵᠦᠭ ᠨᠡᠭᠦᠳᠡᠯᠯᠡᠳᠡᠭ᠃ 10 | ᠳ᠋ᠤᠭᠠᠷ ᠰᠠᠷ᠎ᠠ ᠶᠢᠨ ᠲᠤᠮᠳᠡᠴᠢ ᠪᠡ ᠲᠤᠮᠳᠠᠴᠢ ᠲᠤᠯᠠᠭᠠᠨ ᠤ ᠭᠡᠮᠵᠢᠶ᠎ᠠ 7℃ ᠪᠤᠯᠵᠤ ᠪᠠᠭᠤᠷᠠᠬᠤ ᠦᠶᠡᠰ ᠭᠡᠤᠭᠡᠯᠳᠡᠢ ᠨᠢ | ᠭᠦᠷᠦᠰᠤᠨ ᠳᠤ ᠤᠷᠤᠵᠤ ᠡᠪᠤᠯᠵᠢᠳᠡᠭ᠃ ᠵᠢᠮ᠎ᠡ ᠬᠤᠷᠤᠬᠠᠢ ᠶᠢᠨ ᠪᠡᠶ᠎ᠠ ᠶᠢᠨ ᠤᠷᠳᠤ ᠨᠢ 1~1.8mm ᠪᠠᠶᠢᠵᠤ᠂ | ᠭᠦᠷᠡᠩ ᠦᠡᠭᠭᠡ ᠲᠠᠢ᠂ ᠵᠢᠯ ᠳᠤ ᠪᠠᠷᠤᠭ ᠲᠠᠪᠤᠨ ᠦᠶ᠎ᠠ ᠦᠷᠡᠵᠢᠳᠡᠭ᠃ ᠲᠠᠭᠦᠨ ᠤ ᠦᠰᠴᠤ ᠦᠷᠡᠵᠢᠭᠦ ᠬᠠᠮᠤᠭ ᠤᠨ | ᠲᠤᠭᠢᠷᠠᠮᠵᠢᠳᠡᠢ ᠲᠤᠮᠳᠡᠴᠢ ᠲᠤᠯᠠᠭᠠᠨ ᠤ ᠭᠡᠮᠵᠢᠶ᠎ᠠ ᠨᠢ ᠪᠤᠯ 20℃~25℃ ᠪᠤᠯᠤᠨ᠎ᠠ᠃ ᠬᠠᠷᠢᠴᠠᠩᠭᠤᠢ | ᠴᠢᠭᠢᠭ ᠤᠨ ᠭᠡᠮᠵᠢᠶ᠎ᠠ ᠨᠢ 60%~70% ᠪᠤᠯᠤᠨ᠎ᠠ᠃ ᠢᠯᠡᠳᠳᠡ ᠪᠤᠯᠪᠠᠷᠠᠢ ᠪᠠᠶᠢᠵᠤ᠂ ᠭᠤᠤᠯ ᠨᠢ ᠲᠡᠯᠭᠡᠷᠡᠭᠡᠳᠦᠢ | ᠴᠡᠴᠡᠭ ᠤᠨ ᠲᠤᠮᠳᠠ ᠦᠨᠳᠡᠭᠡᠯᠡᠳᠡᠭ ᠪᠠᠶᠢᠨ᠎ᠠ᠃ |