︵1︶ ᠵᠡᠭᠡᠯᠢ ᠳᠠᠬᠢ ᠲᠡᠭᠡᠷᠡᠮᠳᠡᠯᠭᠡ | ᠵᠡᠭᠡᠯᠢ ᠳᠠᠬᠢ ᠲᠡᠭᠡᠷᠡᠮᠳᠡᠯᠭᠡ ᠭᠡᠳᠡᠭ ᠪᠤᠯ ᠬᠥᠴᠥᠷᠭᠡᠭᠯᠡᠬᠦ᠂ ᠰᠥᠷᠳᠡᠬᠦᠯᠬᠦ ᠪᠤᠶᠤ ᠪᠤᠰᠤᠳ ᠵᠥᠢᠯ ᠤᠨ ᠠᠷᠭ᠎ᠠ ᠪᠠᠷ ᠵᠡᠭᠡᠯᠢ ᠲᠡᠭᠡᠷ᠎ᠡ ᠨᠡᠶᠢᠳᠡ ᠶᠢᠨ ᠪᠠ ᠬᠤᠪᠢ | ᠶᠢᠨ ᠡᠳ᠋ ᠪᠤᠳᠠᠰ ᠢ ᠪᠤᠯᠢᠶᠠᠨ ᠲᠡᠭᠡᠷᠡᠮᠳᠡᠬᠦ ᠠᠵᠢᠯᠯᠠᠭ᠎ᠠ ᠶᠢ ᠵᠢᠭᠠᠵᠤ ᠪᠠᠶᠢᠨ᠎ᠠ᠃ ᠵᠡᠭᠡᠯᠢ ᠳᠠᠬᠢ ᠲᠡᠭᠡᠷᠡᠮᠳᠡᠯᠭᠡ ᠶᠢᠨ ᠪᠠᠴᠢᠮ ᠪᠠᠶᠢᠳᠠᠯ ᠢ ᠠᠷᠭᠠᠴᠠᠬᠤ ᠳᠤ᠄ | ① ᠬᠥᠮᠥᠨ ᠬᠠᠷ᠎ᠠ ᠬᠤᠷᠠᠨ ᠴᠤᠭᠯᠠᠷᠠᠬᠤ ᠭᠠᠵᠠᠷ ᠤᠷᠤᠨ ᠳᠤ ᠲᠡᠭᠡᠷᠡᠮᠳᠡᠯᠭᠡ ᠳᠤ ᠤᠴᠠᠷᠠᠪᠠᠯ᠂ ᠬᠥᠨᠥᠭᠡᠯ ᠳᠤ ᠤᠴᠠᠷᠠᠭᠰᠠᠨ ᠬᠥᠮᠥᠨ ᠶᠡᠭᠡ ᠲᠠᠭᠤᠨ ᠢᠶᠠᠷ | ᠤᠷᠢᠯᠠᠨ᠂ ᠶᠠᠯᠠᠳᠤ ᠡᠳᠡᠭᠡᠳ ᠢ ᠬᠡᠯᠮᠡᠭᠳᠡᠬᠦᠯᠬᠦ ᠶᠢᠨ ᠲᠠᠭᠠᠤ ᠴᠠᠭᠳᠠᠭ᠎ᠠ ᠳᠤ ᠮᠡᠳᠡᠭᠦᠯᠦᠨ᠎ᠡ᠃ | ② ᠪᠤᠶᠢᠳᠠ ᠪᠥᠭᠯᠡᠬᠦᠥ ᠭᠠᠵᠠᠷ ᠪᠤᠶᠤ ᠡᠰᠡᠷᠬᠦᠴᠡᠬᠦ ᠬᠥᠴᠥᠨ ᠥᠭᠡᠢ ᠥᠶᠡᠰ᠂ ᠡᠳ᠋ ᠪᠤᠳᠠᠰ ᠢᠶᠠᠨ ᠬᠠᠶᠠᠵᠤ᠂ ᠠᠮᠢ ᠪᠡᠶ᠎ᠡ ᠪᠠᠨ ᠬᠠᠮᠠᠭᠠᠯᠠᠬᠤ ᠭᠡᠷᠡᠭᠳᠡᠢ᠂ | ᠢᠡᠭᠬᠢᠭᠡᠳ ᠠᠮᠤᠷ ᠲᠥᠪᠰᠢᠨ ᠪᠠᠶᠢᠳᠠᠯ ᠳᠤ ᠤᠷᠤᠮᠠᠭᠴᠠ ᠪᠠᠨ ᠲᠡᠷᠦ᠋ᠢᠬᠠᠨ ᠴᠠᠭᠳᠠᠭ᠎ᠠ ᠳᠤ ᠮᠡᠳᠡᠬᠦᠯᠬᠦ ᠭᠡᠷᠡᠭᠳᠡᠢ᠃ | ③ ᠬᠤᠯᠠᠭᠠᠢ ᠲᠡᠭᠡᠷᠡᠮ ᠤᠨ ᠲᠤᠭ᠎ᠠ᠂ ᠪᠡᠶ᠎ᠡ ᠲᠥᠷᠬᠦ ᠶᠢᠨ ᠤᠨᠴᠠᠯᠢᠬ᠂ ᠶᠠᠷᠭᠠᠯᠠᠬᠤ ᠪᠠᠭᠠᠵᠢ᠂ ᠲᠤᠳᠠᠭᠠᠵᠤ ᠵᠠᠶᠢᠯᠠᠭᠰᠠᠨ ᠲᠡᠷᠭᠡ ᠮᠠᠰᠢᠨ ᠤ ᠳ᠋ᠤᠭᠠᠷ ᠵᠢᠴᠢ | ᠲᠤᠳᠠᠭᠠᠭᠰᠠᠨ ᠵᠥᠭ ᠴᠢᠭ ᠵᠡᠷᠭᠡ ᠪᠠᠶᠢᠳᠠᠯ ᠢ ᠠᠯᠢ ᠴᠢᠳᠠᠬᠤ ᠪᠠᠷ ᠴᠡᠭᠡᠵᠢᠯᠡᠬᠦ ᠭᠡᠷᠡᠭᠳᠡᠢ᠃ ᠡᠬᠦᠨ ᠤ ᠬᠠᠮᠳᠤ ᠠᠷᠭ᠎ᠠ ᠪᠥᠬᠦᠨ ᠢ ᠰᠥᠪᠡᠭᠴᠢᠯᠡᠨ ᠲᠤᠬᠠᠢ ᠶᠢᠨ ᠭᠠᠵᠠᠷ | ᠤᠨ ᠭᠡᠷᠡᠴᠢ ᠬᠥᠮᠥᠨ ᠢ ᠦᠯᠡᠳᠡᠭᠡᠨ᠎ᠡ᠃ | ᠰᠠᠨᠠᠭᠤᠯᠬᠤ ᠨᠢ᠄ | ① ᠵᠠᠯᠠᠭᠤ ᠪᠥᠰᠡᠬᠦ᠋ᠢᠴᠤᠳ᠂ ᠥᠳᠡᠯᠥᠭᠡ ᠨᠠᠰᠤᠳᠠᠳ ᠵᠢᠴᠢ ᠪᠠᠭᠠᠴᠤᠤᠯ ᠭᠡᠥᠭᠡᠳ ᠪᠤᠯ ᠶᠠᠯᠠᠳᠤ ᠡᠳᠡᠭᠡᠳ ᠤᠨ ᠲᠠᠭᠠᠷᠢᠯᠳᠠ ᠶᠢᠨ ᠭᠤᠤᠯ ᠬᠠᠷᠠᠯᠳᠠ ᠨᠢ | ᠪᠤᠯᠤᠨ᠎ᠠ᠃ | ③ ᠵᠠᠯᠠᠭᠤ ᠪᠥᠰᠡᠬᠦ᠋ᠢᠴᠤᠳ ᠭᠠᠭᠴᠠᠭᠠᠷ ᠭᠠᠳᠠᠭᠰᠢ ᠭᠠᠷᠬᠤ ᠳᠠᠭᠠᠨ ᠵᠠᠰᠠᠯ ᠵᠡᠮᠰᠡᠭ᠂ ᠭᠠᠷ ᠪᠤᠭᠴᠤ ᠵᠡᠷᠭᠡ ᠥᠨᠡᠳᠤ ᠡᠳ᠋ ᠡᠷᠳᠡᠨᠢᠰ ᠢ ᠪᠡᠶ᠎ᠡ ᠳᠡᠭᠡᠨ ᠠᠪᠴᠤ | ᠶᠠᠪᠤᠬᠤ ᠥᠭᠡᠢ ᠪᠤᠶᠤ ᠪᠠᠭ᠎ᠠ ᠠᠪᠴᠤ ᠶᠠᠪᠤᠬᠤ ᠭᠡᠷᠡᠭᠳᠡᠢ᠂ ᠨᠡᠩ ᠴᠤ ᠭᠡᠳᠥᠷᠭᠡᠢ ᠢᠯᠡ ᠭᠠᠷᠭᠠᠵᠤ ᠪᠤᠯᠬᠤ ᠥᠭᠡᠢ᠂ ᠶᠠᠯᠠᠳᠤ ᠡᠳᠡᠭᠡᠳ ᠤᠨ ᠲᠠᠭᠠᠷᠢᠯᠳᠠ ᠳᠤ | ᠤᠴᠠᠷᠠᠬᠤ ᠠᠴᠠ ᠰᠡᠷᠡᠮᠵᠢᠯᠡᠬᠦ ᠬᠡᠷᠡᠭᠳᠠᠢ᠃ | ④ ᠥᠳᠡᠯᠥᠭᠡ ᠨᠠᠰᠤᠳᠠᠳ ᠪᠠ ᠭᠡᠥᠭᠡᠳ ᠪᠠᠭᠠᠴᠤᠤᠯ ᠥᠳᠡᠰᠢ ᠤᠷᠤᠢ ᠭᠠᠳᠠᠭᠰᠢ ᠭᠠᠷᠬᠤ ᠳᠤ ᠤᠯᠠᠨ ᠬᠥᠮᠥᠨ ᠬᠠᠮᠳᠤ ᠶᠡᠪᠤᠬᠤ ᠶᠢ ᠠᠩᠬᠠᠷᠴᠤ᠂ ᠪᠠᠶ᠎ᠡ | ᠳᠡᠭᠡᠨ ᠥᠨᠡᠳᠤ ᠡᠳ᠋ ᠡᠷᠳᠡᠨᠢᠰ ᠪᠠ ᠤᠯᠠᠨ ᠮᠥᠡᠭᠬᠦ ᠵᠤᠭᠤᠰ ᠠᠪᠴᠤ ᠶᠠᠪᠤᠵᠤ ᠪᠤᠯᠬᠤ ᠥᠭᠡᠢ᠃ | ⑤ ᠪᠠᠩᠬᠢ ᠳᠤ ᠤᠴᠢᠵᠤ ᠶᠡᠭᠡ ᠭᠡᠮᠵᠢᠶᠡᠨ ᠤ ᠮᠥᠡᠭᠬᠦ ᠠᠪᠬᠤ ᠪᠠ ᠬᠠᠳᠠᠭᠠᠯᠠᠬᠤ ᠳᠤ ᠤᠯᠠᠨ ᠬᠥᠮᠥᠨ ᠴᠤᠭ ᠶᠠᠪᠤᠵᠤ᠂ ᠪᠠᠩᠬᠢ ᠠᠴᠠ ᠰᠠᠯᠵᠤ ᠶᠠᠪᠤᠬᠤ | ᠳᠠᠭᠠᠨ᠂ ᠰᠡᠵᠢᠭᠳᠡᠢ ᠬᠥᠮᠥᠨ ᠲᠠᠭᠠᠵᠤ ᠪᠠᠶᠢᠬᠤ ᠡᠰᠡᠬᠦ ᠶᠢ ᠰᠠᠶᠢᠳᠤᠷ ᠰᠡᠷᠡᠮᠵᠢᠯᠡᠬᠦ ᠭᠡᠷᠡᠭᠳᠡᠢ᠃ | ︵2︶ ᠥᠷᠥᠭᠡᠨ ᠳᠤ ᠤᠷᠤᠵᠤ ᠬᠤᠯᠠᠭᠠᠢᠢᠯᠠᠬᠤ | ᠥᠷᠥᠭᠡᠨ ᠳᠤ ᠤᠷᠤᠵᠤ ᠬᠤᠯᠠᠭᠠᠢᠢᠯᠠᠬᠤ ᠭᠡᠳᠡᠭ ᠪᠤᠯ ᠬᠠᠤᠯᠢ ᠪᠤᠰᠤ ᠪᠠᠷ ᠡᠵᠡᠯᠡᠨ ᠲᠡᠭᠡᠷᠡᠮᠳᠡᠬᠦ ᠪᠠᠷ | ᠵᠤᠷᠢᠯᠭ᠎ᠠ ᠪᠤᠯᠭᠠᠭᠰᠠᠨ ᠮᠥᠷᠳᠡᠭᠡᠨ ᠪᠤᠰᠤᠳ ᠬᠥᠮᠥᠨ ᠤᠷᠤᠨ ᠰᠠᠭᠤᠴᠠ ᠳᠤ ᠨᠢᠭᠤᠴᠠ ᠪᠠᠷ ᠤᠷᠤᠵᠤ ᠶᠡᠭᠡ ᠬᠡᠮᠵᠢᠶᠡᠨ ᠤ ᠨᠡᠶᠢᠳᠡ ᠶᠢᠨ ᠪᠠ ᠬᠤᠪᠢ ᠬᠥᠮᠥᠨ ᠤ | ᠡᠳ᠋ ᠪᠤᠳᠠᠰ ᠢ ᠬᠤᠯᠠᠭᠠᠢᠢᠯᠠᠬᠤ ᠠᠵᠢᠯᠯᠠᠭ᠎ᠠ ᠶᠢ ᠵᠢᠭᠠᠵᠤ ᠪᠠᠶᠢᠨ᠎ᠠ᠃ ᠥᠷᠥᠭᠡᠨ ᠤ ᠬᠤᠯᠠᠭᠠᠶᠢᠴᠢ ᠶᠢᠨ ᠪᠠᠴᠢᠮ ᠪᠠᠶᠢᠳᠠᠯ ᠢ ᠠᠷᠭᠠᠴᠠᠬᠤ ᠳᠤ᠄ | ① ᠥᠳᠡᠰᠢ ᠰᠥᠨᠢ ᠥᠷᠥᠭᠡᠨ ᠳᠤ ᠬᠤᠯᠠᠭᠠᠢᠢᠴᠢ ᠤᠷᠤᠵᠤ ᠢᠷᠡᠪᠡᠯ᠂ ᠪᠤᠯᠭᠤᠮᠵᠢᠳᠠᠢ ᠠᠷᠭᠠᠴᠠᠭᠠᠵᠤ᠂ ᠴᠢᠳᠠᠯ ᠬᠥᠴᠤ ᠬᠥᠷᠥᠯᠴᠡᠭᠡ ᠲᠠᠢ ᠪᠤᠯ | ᠬᠤᠯᠠᠭᠠᠢᠢᠴᠢ ᠶᠢ ᠲᠡᠷᠤᠩᠭᠤᠢᠢᠯᠠᠬᠤ ᠪᠤᠶᠤ ᠴᠠᠭᠳᠠᠭ᠎ᠠ ᠳᠤ ᠮᠡᠳᠡᠬᠦᠯᠥᠨ ᠲᠤᠰᠠᠯᠠᠮᠵᠢ ᠭᠤᠶᠤᠬᠤ ᠭᠡᠷᠡᠭᠳᠡᠢ᠃ ᠨᠢᠬᠡ ᠯᠠ ᠴᠠᠭ ᠤᠨ ᠴᠦᠯᠳᠦ ᠪᠠᠷ ᠲᠠᠯᠠᠭᠠᠷ ᠥᠷᠡᠭᠳᠡᠯ | ᠭᠠᠷᠭᠠᠵᠤ ᠶᠠᠭᠠᠬᠢᠭᠰᠠᠨ ᠴᠤ ᠪᠤᠯᠬᠤ ᠥᠭᠡᠢ᠃ | ② ᠭᠡᠷ ᠲᠤ ᠬᠥᠮᠥᠨ ᠥᠭᠡᠢ ᠥᠶᠡᠰ ᠬᠤᠯᠠᠭᠠᠢᠢᠴᠢ ᠤᠷᠤᠭᠰᠠᠨ ᠪᠤᠯ ᠤᠯᠵᠤ ᠮᠡᠳᠡᠭᠰᠡᠨ ᠤ ᠪᠠᠨ ᠰᠡᠬᠦᠯᠡᠷ ᠲᠡᠷᠦ᠋ᠢᠬᠠᠨ ᠴᠠᠭᠳᠠᠭ᠎ᠠ ᠳᠤ ᠮᠡᠳᠡᠬᠦᠯᠵᠤ᠂ | ᠲᠤᠬᠠᠢ ᠶᠢᠨ ᠲᠠᠯᠠᠪᠠᠢ ᠶᠢ ᠰᠠᠶᠢᠳᠤᠷ ᠬᠠᠮᠠᠭᠠᠯᠠᠬᠤ ᠭᠡᠷᠡᠭᠳᠡᠢ᠃ | ᠰᠠᠨᠠᠭᠤᠯᠬᠤ ᠨᠢ᠄ | ① ᠵᠡᠭᠡᠯᠢ ᠶᠢᠨ ᠮᠡᠭᠡᠯᠡᠭᠴᠢᠳ ᠤᠨ ᠮᠡᠭᠡᠯᠡᠯ ᠳᠤ ᠠᠪᠳᠠᠵᠤ ᠪᠤᠯᠬᠤ ᠥᠭᠡᠢ᠃ ᠥᠴᠥᠭᠡᠨ ᠠᠰᠢᠬ ᠲᠤ ᠭᠤᠷᠢᠯᠠᠵᠤ ᠲᠡᠨᠢᠵᠤ ᠮᠡᠳᠡᠬᠦ ᠥᠭᠡᠢ ᠬᠥᠮᠥᠨ ᠢ ᠭᠡᠷ | ᠲᠡᠭᠡᠨ ᠲᠠᠭᠠᠭᠤᠯᠤᠨ ᠢᠷᠡᠵᠤ ᠪᠤᠯᠬᠤ ᠥᠭᠡᠢ᠃ | ② ᠨᠠᠰᠤᠳᠠᠨ ᠪᠡ ᠭᠡᠥᠭᠡᠳ ᠭᠠᠭᠴᠠᠭᠠᠷ ᠭᠡᠷ ᠢᠶᠠᠨ ᠰᠠᠬᠢᠬᠤ ᠥᠶᠡᠰ᠂ ᠡᠬᠦᠳᠡ ᠪᠠᠨ ᠰᠠᠶᠢᠳᠤᠷ ᠤᠨᠢᠰᠤᠯᠠᠵᠤ᠂ ᠪᠤᠯᠵᠤᠭᠰᠠᠨ ᠥᠭᠡᠢ ᠪᠤᠯ ᠲᠡᠨᠢᠯ ᠪᠤᠰᠤ | ᠬᠥᠮᠥᠨ ᠢ ᠭᠡᠷ ᠲᠡᠭᠡᠨ ᠤᠷᠤᠭᠤᠯᠵᠤ ᠪᠤᠯᠬᠤ ᠥᠭᠡᠢ᠃ | ③ ᠥᠪᠡᠷ ᠢ ᠪᠠᠨ ᠬᠠᠮᠠᠭᠠᠯᠠᠬᠤ ᠤᠬᠠᠮᠰᠠᠷ ᠢᠶᠠᠨ ᠲᠡᠭᠡᠭᠰᠢᠯᠡᠬᠦᠯᠵᠤ᠂ ᠬᠤᠪᠢ ᠬᠥᠮᠥᠨ ᠤ ᠪᠤᠢ ᠪᠥᠬᠦᠢ ᠮᠡᠳᠡᠭᠡ ᠵᠠᠩᠬᠢ ᠪᠠᠨ ᠰᠠᠶᠢᠳᠤᠷ ᠬᠠᠮᠠᠭᠠᠯᠠᠬᠤ | ᠭᠡᠷᠡᠭᠳᠡᠢ᠃ ᠤᠯᠠᠨ ᠨᠡᠶᠢᠳᠡ ᠶᠢᠨ ᠭᠠᠵᠠᠷ ᠲᠠᠯᠠᠪᠤᠷ ᠲᠤ ᠲᠤᠰ ᠪᠡᠶ᠎ᠡ ᠪᠠ ᠡᠷᠥᠭᠡ ᠭᠡᠷ ᠤᠨ ᠢᠶᠠᠨ ᠡᠳ᠋ ᠬᠥᠷᠥᠩᠭᠡ ᠶᠢ ᠮᠠᠭᠳᠠᠨ ᠭᠠᠶᠢᠬᠠᠭᠤᠯᠵᠤ ᠪᠤᠯᠬᠤ ᠥᠭᠡᠢ᠃ | ︵3︶ ᠥᠷᠥᠭᠡᠨ ᠳᠤ ᠤᠷᠤᠵᠤ ᠲᠡᠭᠡᠷᠡᠮᠳᠡᠬᠦ | ᠥᠷᠥᠭᠡᠨ ᠳᠤ ᠤᠷᠤᠵᠤ ᠲᠡᠭᠡᠷᠡᠮᠳᠡᠬᠦ ᠭᠡᠳᠡᠭ ᠪᠤᠯ ᠪᠤᠰᠤᠳ ᠬᠥᠮᠥᠨ ᠤ ᠥᠷᠥᠭᠡᠨ ᠳᠤ ᠤᠷᠤᠵᠤ ᠲᠡᠭᠡᠷᠡᠮᠳᠡᠬᠦ ᠠᠵᠢᠯᠯᠠᠭ᠎ᠠ ᠶᠢ ᠵᠢᠭᠠᠵᠤ ᠪᠠᠶᠢᠨ᠎ᠠ᠃ | ᠥᠷᠥᠭᠡᠨ ᠤ ᠲᠡᠭᠡᠷᠡᠮᠳᠡᠯᠭᠡ ᠶᠢᠨ ᠪᠠᠴᠢᠮ ᠪᠠᠶᠢᠳᠠᠯ ᠢ ᠠᠷᠭᠠᠴᠠᠬᠤ ᠳᠤ᠄ | ① ᠡᠳ᠋ ᠪᠤᠳᠠᠰ ᠢᠶᠠᠨ ᠤᠷᠬᠢᠵᠤ᠂ ᠪᠡᠶ᠎ᠡ ᠶᠢᠨ ᠠᠮᠤᠷ ᠲᠥᠪᠰᠢᠨ ᠢᠶᠠᠨ ᠬᠠᠮᠠᠭᠠᠯᠠᠬᠤ ᠶᠢ ᠠᠩᠬᠠᠷᠤᠨ᠎ᠠ᠃ | ② ᠶᠠᠯᠠᠳᠤ ᠡᠳᠡᠭᠡᠳ ᠲᠠᠢ ᠨᠤᠤᠷᠠᠯᠳᠤᠵᠤ᠂ ᠵᠠᠪ ᠲᠤᠬᠢᠶᠠᠯ ᠲᠠᠭᠠᠷᠠᠪᠠᠯ ᠲᠡᠷᠦ᠋ᠢᠬᠠᠨ ᠪᠡᠶ᠎ᠡ ᠵᠠᠶᠢᠯᠠᠬᠤ ᠭᠡᠷᠡᠭᠳᠡᠢ᠃ ᠶᠠᠯᠠᠳᠤ ᠡᠳᠡᠭᠡᠳ ᠤᠨ ᠬᠥᠮᠥᠨ ᠤ | ᠲᠤᠭ᠎ᠠ᠂ ᠲᠥᠷᠢ ᠲᠥᠷᠬᠦ ᠶᠢᠨ ᠤᠨᠴᠠᠯᠢᠬ᠂ ᠶᠠᠮᠠᠷ ᠵᠥᠢᠯ ᠤᠨ ᠶᠠᠷᠭᠠᠯᠠᠬᠤ ᠪᠠᠭᠠᠵᠢ ᠠᠪᠴᠤ ᠶᠠᠪᠤᠭ᠎ᠠ ᠵᠡᠷᠭᠡ ᠪᠠᠶᠢᠳᠠᠯ ᠢ ᠴᠡᠭᠡᠵᠢᠯᠡᠵᠤ᠂ ᠠᠮᠤᠷ ᠲᠥᠪᠰᠢᠨ ᠪᠤᠯᠤᠮᠠᠭᠴᠠ | ᠪᠠᠨ ᠲᠡᠷᠦ᠋ᠢᠬᠠᠨ ᠴᠠᠭᠳᠠᠭ᠎ᠠ ᠳᠤ ᠮᠡᠳᠡᠭᠦᠯᠦᠨ᠎ᠡ᠃ | ᠰᠠᠨᠠᠭᠤᠯᠬᠤ ᠨᠢ᠄ | ① ᠨᠠᠰᠤᠳᠠᠨ ᠪᠠ ᠭᠡᠥᠭᠡᠳ ᠭᠠᠭᠴᠠᠭᠠᠷ ᠢᠶᠠᠨ ᠭᠡᠷ ᠢᠶᠠᠨ ᠰᠠᠬᠢᠬᠤ ᠳᠤ ᠡᠬᠦᠳᠡ ᠪᠠᠨ ᠰᠠᠶᠢᠳᠤᠷ ᠤᠨᠢᠰᠤᠯᠠᠵᠤ᠂ ᠪᠤᠯᠵᠤᠭᠰᠠᠨ ᠥᠭᠡᠢ ᠪᠤᠯ ᠲᠡᠨᠢᠯ ᠪᠤᠰᠤ | ᠬᠥᠮᠥᠨ ᠢ ᠭᠡᠷ ᠲᠡᠭᠡᠨ ᠤᠷᠤᠭᠤᠯᠵᠤ ᠪᠤᠯᠬᠤ ᠥᠭᠡᠢ᠃ | ② ᠵᠥᠢ ᠶᠤᠰᠤᠨ ᠤ ᠬᠠᠮᠠᠭᠠᠯᠠᠯᠳᠠ ᠬᠢᠬᠦ ᠳᠡᠭᠡᠨ ᠬᠢᠵᠠᠭᠠᠷᠯᠠᠯ ᠲᠠᠢ ᠪᠠᠶᠢᠬᠤ ᠭᠡᠷᠡᠭᠳᠡᠢ᠃ ᠬᠠᠮᠠᠭᠠᠯᠠᠯᠳᠠ ᠨᠢ ᠭᠡᠳᠥᠷᠡᠪᠡᠯ ᠮᠥᠨ ᠬᠦ ᠬᠠᠤᠯᠢ ᠴᠠᠭᠠᠵᠠ ᠶᠢᠨ | ᠬᠠᠷᠢᠭᠤᠴᠠᠯᠭ᠎ᠠ ᠡᠬᠦᠷᠭᠡᠯᠡᠬᠦ ᠪᠤᠯᠤᠨ᠎ᠠ᠃ | ③ ᠥᠪᠡᠷ ᠢ ᠪᠠᠨ ᠬᠠᠮᠠᠭᠠᠯᠠᠬᠤ ᠤᠬᠠᠮᠰᠠᠷ ᠢᠶᠠᠨ ᠲᠡᠭᠡᠭᠰᠢᠯᠡᠬᠦᠯᠵᠤ᠂ ᠬᠤᠪᠢ ᠬᠥᠮᠥᠨ ᠤ ᠪᠤᠢ ᠪᠥᠬᠦᠢ ᠮᠡᠳᠡᠭᠡ ᠵᠠᠩᠬᠢ ᠪᠠᠨ ᠰᠠᠶᠢᠳᠤᠷ ᠬᠠᠮᠠᠭᠠᠯᠠᠬᠤ | ᠭᠡᠷᠡᠭᠳᠡᠢ᠃ ᠤᠯᠠᠨ ᠨᠡᠶᠢᠳᠡ ᠶᠢᠨ ᠭᠠᠵᠠᠷ ᠲᠠᠯᠠᠪᠤᠷ ᠲᠤ ᠥᠪᠡᠷ ᠤᠨ ᠪᠡᠶ᠎ᠡ ᠪᠡ ᠡᠷᠥᠭᠡ ᠭᠡᠷ ᠤᠨ ᠢᠶᠠᠨ ᠡᠳ᠋ ᠬᠥᠷᠥᠩᠭᠡ ᠶᠢ ᠮᠠᠭᠳᠠᠨ ᠭᠠᠶᠢᠬᠠᠭᠤᠯᠵᠤ ᠪᠤᠯᠬᠤ ᠥᠭᠡᠢ᠃ | | ︵4︶ ᠤᠤᠯᠭᠠᠯᠠᠨ ᠪᠠᠷᠢᠴᠠᠭᠠᠯᠠᠬᠤ | ᠤᠤᠯᠭᠠᠯᠠᠨ ᠪᠠᠷᠢᠴᠠᠭᠠᠯᠠᠬᠤ ᠭᠡᠳᠡᠭ ᠪᠤᠯ ᠡᠳ᠋ ᠪᠤᠳᠠᠰ ᠬᠢᠬᠠᠨ ᠠᠪᠬᠤ ᠪᠠᠷ ᠵᠤᠷᠢᠯᠬ᠎ᠠ ᠪᠤᠯᠭᠠᠵᠤ᠂ ᠬᠥᠴᠥᠷᠭᠡᠭᠯᠡᠬᠦ᠂ ᠰᠥᠷᠳᠡᠬᠦᠯᠬᠦ ᠪᠤᠶᠤ ᠮᠢᠨᠴᠥᠷᠡᠬᠦᠯᠬᠦ | ᠵᠡᠷᠭᠡ ᠠᠷᠭ᠎ᠠ ᠪᠠᠷ ᠬᠥᠮᠥᠨ ᠢ ᠤᠤᠯᠭᠠᠯᠠᠨ ᠪᠠᠷᠢᠴᠠᠭᠠᠯᠠᠬᠤ ᠶᠠᠯᠠᠳᠤ ᠠᠵᠢᠯᠯᠠᠭ᠎ᠠ ᠶᠢ ᠵᠢᠭᠠᠵᠤ ᠪᠠᠶᠢᠨ᠎ᠠ᠃ ᠤᠤᠯᠭᠠᠯᠠᠨ ᠪᠠᠷᠢᠴᠠᠭᠠᠯᠠᠬᠤ ᠶᠢᠨ ᠪᠠᠴᠢᠮ ᠪᠠᠶᠢᠳᠠᠯ ᠢ | ᠠᠷᠭᠠᠴᠠᠬᠤ ᠳᠤ᠄ | ① ᠭᠡᠷᠪᠡ ᠲᠠᠨᠢᠳᠠᠭ ᠬᠥᠮᠥᠨ ᠳᠡᠭᠡᠨ ᠪᠠᠷᠢᠴᠠᠭᠠᠯᠠᠭᠳᠠᠪᠠᠯ ᠲᠡᠭᠡᠷᠡᠮ ᠤᠨ ᠱᠠᠭᠠᠷᠳᠠᠯᠭ᠎ᠠ ᠶᠢ ᠬᠢᠯᠪᠠᠷᠬᠠᠨ ᠵᠥᠪᠰᠢᠶᠡᠷᠡᠵᠤ ᠪᠤᠯᠬᠤ ᠥᠭᠡᠢ᠂ ᠡᠰᠡ ᠲᠡᠶᠢᠮᠥ ᠪᠤᠯ | ᠠᠮᠢ ᠨᠠᠰᠤ ᠶᠢ ᠪᠠᠳᠤᠯᠠᠬᠤ ᠳᠤ ᠪᠡᠷᠭᠡ ᠲᠠᠢ ᠪᠤᠯᠤᠨ᠎ᠠ᠃ | ② ᠪᠠᠷᠢᠴᠠᠭᠠᠯᠠᠭᠳᠠᠭᠰᠠᠨ ᠬᠥᠮᠥᠨ ᠥᠪᠡᠷ ᠤᠨ ᠪᠠᠶᠢᠭ᠎ᠠ ᠭᠠᠵᠠᠷ ᠤᠨ ᠪᠠᠶᠢᠷᠢᠰᠢᠯ ᠢ ᠠᠯᠢ ᠴᠢᠳᠠᠬᠤ ᠪᠠᠷ ᠤᠢᠢᠯᠠᠭᠠᠵᠤ ᠮᠡᠳᠡᠬᠦ ᠭᠡᠷᠡᠭᠳᠡᠢ᠃ | ③ ᠭᠡᠷᠪᠡ ᠨᠢᠳᠤ ᠶᠢ ᠴᠢᠨᠢ ᠪᠥᠳᠡᠭᠡᠭᠰᠡᠨ ᠪᠤᠯ ᠲᠤᠭᠠᠯᠠᠯᠭ᠎ᠠ ᠶᠢᠨ ᠠᠷᠭ᠎ᠠ ᠪᠠᠷ ᠮᠠᠰᠢᠨ ᠲᠡᠷᠭᠡᠨ ᠤ ᠲᠡᠪᠬᠢᠵᠤ ᠪᠠᠶᠢᠭ᠎ᠠ ᠴᠠᠭ ᠪᠠ ᠵᠠᠮ ᠤᠨ ᠬᠤᠯᠠ ᠤᠢᠢᠷ᠎ᠠ | ᠶᠢ ᠪᠠᠷᠤᠭᠴᠠᠭᠠᠯᠠᠵᠤ᠂ ᠮᠤᠷᠦ᠋ᠢᠬᠰᠠᠨ ᠲᠤᠭ᠎ᠠ ᠪᠠ ᠶᠡᠭᠡ ᠲᠥᠯᠥᠪ ᠵᠥᠭ ᠴᠢᠭ ᠢ ᠴᠡᠭᠡᠵᠢᠯᠡᠬᠦ ᠭᠡᠷᠡᠭᠳᠡᠢ᠃ | ④ ᠪᠠᠶ᠎ᠡ ᠳᠡᠭᠡᠨ ᠶᠡᠭᠡ ᠬᠥᠨᠥᠭᠡᠯ ᠤᠴᠠᠷᠠᠭᠤᠯᠬᠤ ᠥᠭᠡᠢ ᠪᠠᠶᠢᠬᠤ ᠶᠢ ᠪᠠᠳᠤᠯᠠᠭᠰᠠᠨ ᠤᠷᠢᠳᠠᠯ ᠲᠤᠤᠷ᠎ᠠ ᠶᠠᠯᠠᠳᠤ ᠡᠳᠡᠭᠡᠳ ᠲᠠᠢ ᠨᠤᠤᠷᠠᠯᠳᠤᠵᠤ᠂ ᠭᠡᠷᠪᠡ | ᠭᠡᠷ ᠤᠨ ᠬᠥᠮᠥᠰ ᠲᠠᠢ ᠪᠠᠨ ᠤᠳᠠᠰᠤ ᠪᠠᠷ ᠨᠡᠪᠳᠡᠷᠡᠬᠦ ᠵᠠᠪ ᠲᠤᠬᠢᠶᠠᠯ ᠤᠯᠪᠠᠯ᠂ ᠤᠷᠠᠨ ᠰᠠᠮᠪᠠᠭ᠎ᠠ ᠲᠠᠢ ᠪᠠᠷ ᠥᠪᠡᠷ ᠤᠨ ᠤᠷᠤᠨ ᠪᠠᠶᠢᠷᠢ᠂ ᠠᠬᠤᠢ ᠪᠠᠶᠢᠳᠠᠯ ᠵᠡᠷᠭᠡ | ᠪᠠᠨ ᠲᠥᠷᠥᠯ ᠰᠠᠳᠤᠨ ᠳᠠᠭᠠᠨ ᠮᠡᠳᠡᠭᠳᠡᠬᠦ ᠭᠡᠷᠡᠭᠳᠡᠢ᠃ ᠥᠪᠡᠷ ᠢ ᠪᠠᠨ ᠠᠪᠤᠷᠠᠬᠤ ᠠᠷᠭ᠎ᠠ ᠭᠡᠮᠵᠢᠶ᠎ᠡ ᠠᠪᠬᠤ ᠳᠠᠭᠠᠨ ᠴᠠᠭ ᠲᠤᠬᠢᠶᠠᠯ ᠢ ᠰᠤᠩᠭᠤᠵᠤ᠂ ᠥᠪᠡᠷ ᠤᠨ ᠪᠡᠶ᠎ᠡ | ᠶᠢᠨ ᠠᠮᠤᠷ ᠲᠥᠪᠰᠢᠨ ᠢ ᠪᠠᠳᠤᠯᠠᠭᠰᠠᠨ ᠪᠠᠶᠢᠳᠠᠯ ᠲᠤᠤᠷ᠎ᠠ ᠲᠤᠳᠠᠭᠠᠵᠤ ᠵᠠᠶᠢᠯᠠᠬᠤ ᠭᠡᠷᠡᠭᠳᠡᠢ᠃ | ⑤ ᠲᠤᠳᠠᠭᠠᠵᠤ ᠵᠠᠶᠢᠯᠠᠭᠰᠠᠨ ᠤ ᠪᠠᠨ ᠰᠡᠬᠦᠯᠡᠷ ᠲᠠᠷᠦ᠋ᠢᠬᠠᠨ ᠴᠠᠭᠳᠠᠭ᠎ᠠ ᠳᠤ ᠭᠡᠷᠡᠭ ᠢ ᠮᠡᠳᠡᠬᠦᠯᠵᠤ᠂ ᠶᠠᠯᠠᠳᠤ ᠡᠳᠡᠭᠡᠳ ᠤᠨ ᠬᠠᠮᠢᠶ᠎ᠠ ᠪᠥᠬᠦᠢ ᠪᠠᠶᠢᠳᠠᠯ ᠢ | ᠲᠤᠭᠠᠴᠢᠨ ᠭᠡᠯᠡᠬᠦ ᠭᠡᠷᠡᠭᠳᠡᠢ᠃ | ⑥ ᠪᠠᠷᠢᠴᠠᠭᠠᠯᠠᠭᠳᠠᠭᠰᠠᠨ ᠬᠥᠮᠥᠨ ᠤ ᠲᠥᠷᠥᠯ ᠰᠠᠳᠤᠨ ᠨᠢ ᠲᠠᠷᠦ᠋ᠢᠬᠠᠨ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠭᠡᠷᠡᠭ ᠢ ᠮᠡᠳᠡᠬᠦᠯᠬᠦ ᠭᠡᠷᠡᠭᠳᠡᠢ᠃ | | ⑦ ᠪᠠᠷᠢᠴᠠᠭᠠᠯᠠᠭᠳᠠᠭᠰᠠᠨ ᠬᠥᠮᠥᠨ ᠤ ᠲᠥᠷᠥᠯ ᠰᠠᠳᠤᠨ ᠨᠢ ᠴᠠᠭᠳᠠᠭ᠎ᠠ ᠶᠢᠨ ᠲᠠᠯ᠎ᠠ ᠶᠢᠨ ᠬᠢᠨ ᠤ ᠰᠠᠨᠠᠭᠤᠯᠤᠮᠵᠢ ᠶᠢ ᠵᠢᠷᠤᠮᠯᠠᠨ ᠶᠠᠯᠠᠳᠤ ᠡᠳᠡᠭᠡᠳ ᠲᠠᠢ | ᠬᠠᠷᠢᠯᠴᠠᠬᠤ ᠭᠡᠷᠡᠭᠳᠡᠢ᠃ ᠴᠠᠭᠳᠠᠭ᠎ᠠ ᠶᠢᠨ ᠲᠠᠯ᠎ᠠ ᠶᠢᠨ ᠬᠢᠨ ᠤ ᠲᠤᠭᠳᠠᠭᠠᠭᠰᠠᠨ ᠠᠪᠤᠷᠠᠬᠤ ᠲᠥᠰᠥᠯ ᠢ ᠥᠨᠳᠥᠰᠥᠯᠡᠨ᠂ ᠴᠠᠭᠳᠠᠭ᠎ᠠ ᠲᠠᠢ ᠬᠠᠮᠵᠢᠯᠴᠠᠨ ᠠᠪᠤᠷᠠᠬᠤ | ᠠᠵᠢᠯᠯᠠᠭ᠎ᠠ ᠥᠷᠨᠢᠬᠦᠯᠬᠦ ᠭᠡᠷᠡᠭᠳᠡᠢ᠃ ᠰᠠᠨᠠᠭᠠᠨ ᠵᠤᠷᠢᠬ ᠢᠶᠠᠷ ᠢᠶᠠᠨ ᠠᠵᠢᠯᠯᠠᠵᠤ ᠪᠤᠯᠬᠤ ᠥᠭᠡᠢ᠃ | ᠰᠠᠨᠠᠭᠤᠯᠬᠤ ᠨᠢ᠄ | ① ᠪᠠᠷᠢᠴᠠᠭᠠᠯᠠᠭᠳᠠᠭᠰᠠᠨ ᠬᠥᠮᠥᠨ ᠤ ᠲᠥᠷᠥᠯ ᠰᠠᠳᠤᠨ ᠨᠢ ᠭᠡᠷᠡᠭ ᠮᠡᠳᠡᠬᠦᠯᠬᠦ ᠳᠡᠭᠡᠨ ᠨᠢᠭᠤᠴᠠ ᠭᠡᠯᠪᠡᠷᠢ ᠶᠢ ᠠᠪᠬᠤ ᠭᠡᠷᠡᠭᠳᠡᠢ᠃ | ② ᠪᠠᠷᠢᠴᠠᠭᠠᠯᠠᠭᠳᠠᠭᠰᠠᠨ ᠬᠥᠮᠥᠨ ᠪᠠ ᠲᠥᠷᠥᠯ ᠰᠠᠳᠤᠨ ᠨᠢ ᠶᠠᠯᠠᠳᠤ ᠡᠳᠡᠭᠡᠳ ᠲᠠᠢ ᠬᠠᠷᠢᠯᠴᠠᠬᠤ ᠪᠠ ᠤᠳᠠᠰᠤ ᠪᠠᠷ ᠶᠠᠷᠢᠬᠤ ᠳᠠᠭᠠᠨ᠂ ᠤᠷᠠᠨ | ᠰᠠᠮᠪᠠᠭᠠᠯᠢᠬ ᠢᠶᠠᠷ ᠨᠤᠤᠷᠠᠯᠳᠤᠬᠤ ᠭᠡᠷᠡᠭᠳᠡᠢ᠃ ᠨᠥᠬᠦᠭᠡ ᠡᠳᠡᠭᠡᠳ ᠢ ᠠᠭᠤᠷᠯᠠᠭᠤᠯᠤᠨ ᠬᠤᠷᠤᠰᠬᠠᠵᠤ ᠪᠤᠯᠬᠤ ᠥᠭᠡᠢ᠃ |