︵1︶ ᠰᠠᠴᠤᠷᠠᠭ ᠡᠭᠦᠰᠭᠡᠭᠴᠢ | ᠰᠠᠴᠤᠷᠠᠭ ᠡᠬᠦᠰᠭᠡᠭᠴᠢ ᠭᠡᠳᠡᠭ ᠪᠤᠯ ᠰᠠᠪᠠᠨ ᠲᠤᠳᠤᠷ᠎ᠠ ᠨᠢᠬᠳᠠ ᠪᠢᠳᠡᠬᠦᠮᠵᠢᠯᠡᠭᠰᠡᠨ ᠪᠤᠶᠤ ᠨᠢᠬᠳᠠ ᠴᠢᠩᠭ᠎ᠠ ᠪᠤᠭᠤᠯᠳᠠ ᠲᠠᠢ ᠬᠠᠳᠠᠭᠤ ᠲᠥᠯᠥᠪ ᠤᠨ | ᠰᠠᠴᠤᠷᠠᠭ ᠴᠢᠨᠠᠷ ᠲᠠᠢ ᠮᠠᠲ᠋ᠧᠷᠢᠶᠠᠯ ᠢ ᠵᠢᠭᠠᠵᠤ ᠪᠠᠶᠢᠨ᠎ᠠ᠃ ᠰᠠᠴᠤᠷᠠᠭ ᠡᠬᠦᠰᠭᠡᠭᠴᠢ ᠶᠢᠨ ᠬᠠᠷᠪᠤᠵᠤ ᠭᠠᠷᠭᠠᠭᠰᠠᠨ ᠰᠠᠴᠤᠷᠠᠭ ᠪᠤᠯ ᠬᠥᠮᠥᠨ ᠤ ᠨᠢᠳᠥᠨ ᠳᠤ ᠥᠵᠡᠭᠳᠡᠬᠦ | ᠥᠭᠡᠢ᠂ ᠭᠠᠷ ᠲᠤ ᠪᠠᠷᠢᠭᠳᠠᠬᠤ ᠥᠭᠡᠢ᠂ ᠥᠨᠥᠷ ᠥᠭᠡᠢ ᠵᠥᠢᠯ ᠶᠤᠮ᠃ | ᠲᠡᠷᠡ ᠨᠢ ᠵᠤᠬᠢᠬᠤ ᠡᠨᠧᠷᠬᠢ ᠲᠠᠢ ᠪᠠᠶᠢᠵᠤ᠂ ᠡᠰ ᠤᠨ ᠨᠡᠭᠡᠭᠡᠯᠳᠡ ᠶᠢ ᠡᠪᠳᠡᠵᠤ᠂ ᠬᠥᠮᠥᠨ ᠤ ᠪᠡᠶ᠎ᠡ ᠶᠢ ᠬᠥᠨᠥᠭᠡᠳᠡᠭ᠃ ᠰᠠᠴᠤᠷᠠᠭ ᠡᠬᠦᠰᠭᠡᠭᠴᠢ ᠶᠢ ᠢᠯᠭᠠᠨ | ᠲᠠᠨᠢᠬᠤ ᠳᠤ ᠱᠤᠰᠢᠭ᠎ᠠ ᠲᠡᠮᠳᠡᠭ᠂ ᠪᠤᠭᠤᠳᠠᠯ ᠠᠴᠠ ᠨᠢ ᠮᠡᠳᠡᠬᠦ ᠶᠢ ᠭᠠᠷᠭᠠᠪᠠᠯ ᠵᠥᠪᠭᠡᠨ ᠲᠤᠰᠬᠠᠢ ᠠᠵᠢᠯᠳᠠᠳ ᠲᠤᠰᠬᠠᠢ ᠭᠡᠮᠵᠢᠬᠦᠷ ᠪᠠᠭᠠᠵᠢ ᠪᠠᠷ ᠯᠠ ᠰᠠᠶ᠋ᠢ ᠢᠯᠭᠠᠨ | ᠲᠠᠨᠢᠵᠤ ᠴᠢᠳᠠᠨ᠎ᠠ᠃ ᠰᠠᠴᠤᠷᠠᠭ ᠡᠭᠦᠰᠭᠡᠭᠴᠢ ᠶᠢᠨ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠬᠥᠮᠥᠨ ᠬᠠᠮᠢᠶᠠᠷᠴᠤ ᠥᠭᠡᠢ ᠠᠶᠤᠯ ᠲᠠᠢ | ᠰᠠᠴᠤᠷᠠᠭ ᠤᠨ ᠲᠡᠮᠳᠡᠭ ᠡᠳ᠋ ᠢ ᠤᠯᠵᠤ ᠮᠡᠳᠡᠭᠰᠡᠨ ᠪᠤᠶᠤ ᠬᠠᠷ᠎ᠠ ᠲᠤᠭᠤᠯᠭ᠎ᠠ᠂ ᠪᠤᠯᠤᠳ᠂ ᠴᠢᠯᠠᠭᠤᠨ ᠯᠠ ᠵᠡᠷᠭᠡ ᠪᠠᠷ ᠬᠢᠭᠰᠡᠨ ᠪᠥᠮᠪᠥᠷᠢᠭᠡᠨ ᠭᠡᠯᠪᠡᠷᠢ ᠪᠤᠶᠤ | ᠪᠥᠮᠪᠥᠭᠡᠨ ᠭᠡᠯᠪᠡᠷᠢ ᠶᠢᠨ ᠡᠳ᠋ ᠢ ᠤᠯᠵᠤ ᠥᠵᠡᠪᠡᠯ᠂ ᠶᠠᠭᠠᠬᠢᠭᠰᠠᠨ ᠴᠤ ᠲᠤᠷ᠎ᠠ ᠪᠠᠷ ᠢᠶᠠᠨ ᠰᠢᠯᠵᠢᠬᠦᠯᠬᠦ᠂ ᠨᠡᠭᠡᠭᠡᠵᠤ ᠥᠵᠡᠬᠦ᠂ ᠭᠡᠷ ᠲᠡᠭᠡᠨ ᠠᠪᠴᠢᠷᠠᠬᠤ ᠪᠤᠶᠤ | ᠬᠠᠶᠠᠭᠳᠠᠮᠠᠯ ᠡᠳ᠋ ᠬᠤᠳᠠᠯᠳᠤᠨ ᠠᠪᠬᠤ ᠭᠠᠵᠠᠷ ᠬᠤᠳᠠᠯᠳᠤᠵᠤ ᠪᠤᠯᠬᠤ ᠥᠭᠡᠢ᠃ | ② ᠬᠥᠮᠥᠨ ᠬᠠᠮᠢᠶᠠᠷᠴᠤ ᠥᠭᠡᠢ ᠬᠡᠷᠡᠯᠳᠥᠨ ᠬᠢᠯᠳᠠᠭᠠᠨᠠᠵᠤ ᠪᠠᠶᠢᠭ᠎ᠠ ᠲᠡᠮᠦᠷᠯᠢᠭ ᠬᠢᠨᠵᠢ ᠵᠡᠷᠭᠡ ᠲᠡᠮᠦᠷᠯᠢᠭ ᠮᠥᠨ ᠡᠰᠡᠬᠦ ᠨᠢ ᠲᠤᠳᠤᠷᠬᠠᠢ ᠥᠭᠡᠢ ᠡᠳ᠋ ᠢ | ᠤᠯᠵᠤ ᠥᠵᠡᠪᠡᠯ ᠲᠡᠷᠦ᠋ᠢᠬᠠᠨ ᠲᠤᠬᠠᠢ ᠶᠢᠨ ᠲᠠᠯᠠᠪᠤᠷ ᠠᠴᠠ ᠬᠤᠯᠠ ᠵᠠᠶᠢᠯᠠᠬᠤ ᠭᠡᠷᠡᠭᠳᠡᠢ᠂ ᠶᠠᠭᠠᠬᠢᠭᠰᠠᠨ ᠴᠤ ᠡᠳᠡᠭᠡᠷ ᠡᠳ᠋ ᠢ ᠰᠢᠯᠵᠢᠬᠦᠯᠬᠦ ᠪᠠ ᠡᠷᠥᠭᠡ ᠭᠡᠷ ᠲᠡᠭᠡᠨ | ᠠᠪᠴᠢᠷᠠᠵᠤ ᠪᠤᠯᠬᠤ ᠥᠭᠡᠢ᠃ | ③ ᠰᠡᠵᠢᠭ ᠲᠠᠢ ᠡᠳ᠋ ᠤᠨ ᠤᠢᠢᠷ᠎ᠠ ᠤᠷᠴᠢᠮ ᠳᠤ ᠲᠡᠮᠳᠡᠭ ᠪᠤᠰᠬᠠᠵᠤ᠂ ᠬᠥᠮᠥᠰ ᠲᠤ ᠤᠢᠢᠷᠠᠳᠤᠵᠤ ᠪᠤᠯᠬᠤ ᠥᠭᠡᠢ ᠭᠡᠮᠡᠨ ᠰᠡᠷᠡᠮᠵᠢᠯᠡᠬᠦᠯᠵᠤ᠂ ᠤᠷᠴᠢᠨ | ᠲᠤᠭᠤᠷᠢᠨ ᠤ ᠬᠠᠮᠠᠭᠠᠯᠠᠯᠳᠠ ᠵᠡᠷᠭᠡ ᠬᠠᠮᠢᠶ᠎ᠠ ᠪᠥᠬᠦᠢ ᠰᠠᠯᠠᠭ᠎ᠠ ᠮᠥᠴᠢᠷ ᠲᠤ ᠲᠡᠷᠦ᠋ᠢᠬᠠᠨ ᠤᠳᠠᠰᠤᠳᠠᠨ ᠮᠡᠳᠡᠭᠦᠯᠦᠨ᠎ᠡ᠃ | ᠰᠠᠨᠠᠭᠤᠯᠬᠤ ᠨᠢ᠄ | ① ᠰᠠᠴᠤᠷᠠᠭ ᠴᠢᠨᠠᠷ ᠤᠨ ᠰᠡᠷᠡᠮᠵᠢ ᠶᠢᠨ ᠲᠡᠮᠳᠡᠭ ᠲᠠᠢ ᠭᠠᠵᠠᠷ ᠤᠷᠤᠨ ᠳᠤ ᠰᠤᠬᠤᠷ ᠪᠠᠯᠠᠢ ᠪᠠᠷ ᠤᠷᠤᠵᠤ ᠪᠤᠯᠬᠤ ᠥᠭᠡᠢ᠃ | ② ᠰᠠᠴᠤᠷᠠᠭ ᠡᠬᠦᠰᠭᠡᠭᠴᠢ ᠶᠢᠨ ᠬᠥᠮᠥᠰ ᠤᠨ ᠪᠡᠶ᠎ᠡ ᠮᠠᠬᠠᠪᠤᠳ ᠢ ᠬᠥᠨᠥᠭᠡᠬᠦ ᠶᠢ ᠰᠡᠷᠭᠡᠶᠢᠯᠡᠬᠦ ᠪᠠ ᠪᠠᠭᠠᠰᠬᠠᠬᠤ ᠶᠢᠨ ᠲᠤᠯᠠᠳᠠ ᠰᠠᠴᠤᠷᠠᠭ ᠡᠬᠦᠰᠭᠡᠭᠴᠢ ᠠᠴᠠ | ᠭᠡᠳᠥᠢ ᠬᠤᠯᠠ ᠵᠠᠶᠢᠳᠠᠢ ᠪᠤᠯ ᠲᠡᠳᠥᠢ ᠪᠠᠭ᠎ᠠ ᠬᠥᠨᠥᠭᠡᠯ ᠳᠤ ᠤᠴᠠᠷᠠᠨ᠎ᠠ᠃ ᠵᠤᠬᠢᠬᠤ ᠬᠠᠯᠬᠠᠪᠴᠢ ᠮᠠᠲ᠋ᠧᠷᠢᠶᠠᠯ ᠢ ᠰᠤᠩᠭᠤᠨ ᠰᠠᠴᠤᠷᠠᠭ ᠡᠬᠦᠰᠭᠡᠭᠴᠢ ᠠᠴᠠ ᠬᠠᠷᠪᠤᠭᠰᠠᠨ | ᠰᠠᠴᠤᠷᠠᠭ ᠢ ᠬᠠᠯᠬᠠᠯᠠᠬᠤ ᠭᠡᠷᠡᠭᠳᠡᠢ᠃ ᠰᠠᠴᠤᠷᠠᠭ ᠡᠬᠦᠰᠭᠡᠭᠴᠢ ᠲᠠᠢ ᠤᠢᠢᠷᠠᠳᠤᠬᠤ ᠴᠠᠭ ᠢ ᠠᠯᠢ ᠴᠢᠳᠠᠬᠤ ᠪᠠᠷ ᠪᠤᠭᠤᠨᠢᠰᠬᠠᠨ᠎ᠠ᠃ | ︵2︶ ᠪᠤᠵᠠᠷ ᠰᠤᠮᠤ | ᠪᠤᠵᠠᠷ ᠰᠤᠮᠤ ᠶᠢᠨ ᠰᠢᠨᠵᠢᠯᠡᠭᠡᠨ ᠤ ᠨᠡᠷ᠎ᠡ ᠨᠢ ︽ᠰᠠᠴᠤᠷᠠᠭ ᠲᠠᠷᠬᠠᠭᠠᠳᠠᠭ ᠲᠤᠨᠤᠭᠯᠠᠯ︾ ᠭᠡᠳᠡᠭ᠃ ᠲᠡᠷᠡ ᠨᠢ ᠨᠢᠭᠡ ᠵᠥᠢᠯ ᠤᠨ ᠰᠠᠴᠤᠷᠠᠭ ᠪᠤᠳᠠᠰ ᠢ | ᠥᠷᠭᠡᠨ ᠬᠡᠪᠴᠢᠶ᠎ᠡ ᠪᠠᠷ ᠲᠡᠷᠬᠠᠭᠠᠳᠠᠭ ᠵᠡᠪᠰᠡᠭ ᠪᠤᠯᠤᠨ᠎ᠠ᠃ ᠲᠡᠭᠡᠬᠦ ᠳᠡᠭᠡᠨ ᠴᠥᠮ᠎ᠡ ᠶᠢᠨ ᠲᠡᠯᠪᠡᠷᠡᠯᠳᠡ ᠡᠬᠦᠰᠭᠡᠳᠡᠭ ᠥᠭᠡᠢ᠃ ᠪᠤᠵᠠᠷ ᠰᠤᠮᠤ ᠲᠡᠯᠪᠡᠷᠡᠭᠰᠡᠨ ᠤ ᠰᠡᠬᠦᠯᠡᠷ | ᠰᠠᠴᠤᠷᠠᠭ ᠴᠢᠨᠠᠷ ᠲᠠᠢ ᠮᠥᠬᠦᠯᠢᠭ ᠢ ᠥᠷᠭᠡᠨ ᠢᠶᠠᠷ ᠲᠡᠷᠬᠠᠭᠠᠵᠤ᠂ ᠬᠥᠮᠥᠰ ᠤᠨ ᠪᠡᠶ᠎ᠡ ᠮᠠᠬᠠᠪᠤᠳ ᠢ ᠬᠤᠤᠷᠳᠠᠭᠤᠯᠳᠠᠭ ᠪᠠᠶᠢᠨ᠎ᠠ᠃ ᠪᠤᠵᠠᠷ ᠰᠤᠮᠤ ᠶᠢᠨ ᠠᠳᠡᠯ ᠤᠨ | ᠪᠠᠴᠢᠮ ᠪᠠᠶᠢᠳᠠᠯ ᠢ ᠠᠷᠭᠠᠴᠠᠬᠤ ᠳᠤ᠄ | ① ᠪᠤᠵᠠᠷ ᠰᠤᠮᠤᠨ ᠤ ᠲᠠᠭᠠᠷᠢᠯᠳᠠ ᠳᠤ ᠤᠴᠠᠷᠠᠬᠤ ᠥᠶᠡᠰ ᠲᠡᠷᠦ᠋ᠢᠬᠠᠨ ᠡᠷᠥᠭᠡ ᠭᠡᠷ᠂ ᠬᠠᠮᠤᠭ ᠤᠨ ᠰᠠᠶᠢᠨ ᠨᠢ ᠨᠥᠭᠡᠨ ᠭᠡᠷ ᠲᠤ ᠨᠢᠭᠤᠨ ᠲᠠᠯᠳᠠᠯᠠᠵᠤ᠂ | ᠡᠬᠦᠳᠡ ᠴᠤᠩᠬᠤ ᠪᠠ ᠪᠤᠰᠤᠳ ᠰᠠᠯᠬᠢ ᠨᠡᠪᠳᠡᠷᠡᠬᠦ ᠰᠢᠰᠲ᠋ᠧᠮ ᠢ ᠨᠢᠭᠳᠠ ᠬᠠᠭᠠᠵᠤ ᠪᠢᠳᠡᠬᠦᠮᠵᠢᠯᠡᠵᠤ᠂ ᠠᠮᠤᠷ ᠲᠥᠪᠰᠢᠨ ᠢᠶᠠᠷ ᠵᠠᠶᠢᠯᠠᠵᠤ ᠴᠢᠳᠠᠬᠤ ᠥᠶᠡᠰ ᠲᠡᠷᠦ᠋ᠢᠬᠠᠨ | ᠭᠠᠷᠴᠤ ᠵᠠᠶᠢᠯᠠᠨ᠎ᠠ᠃ | ② ᠲᠡᠯᠪᠡᠷᠡᠯᠳᠡ ᠶᠢᠨ ᠤᠷᠤᠨ ᠠᠴᠠ ᠬᠤᠯᠠ ᠵᠠᠶᠢᠯᠠᠨ᠎ᠠ᠃ ᠰᠠᠴᠤᠷᠠᠭ ᠮᠥᠬᠦᠯᠢᠭ ᠨᠢ ᠰᠠᠯᠬᠢ ᠤᠷᠤᠭᠤ ᠲᠠᠷᠬᠠᠳᠠᠭ ᠪᠤᠯᠬᠤᠷ ᠪᠤᠯᠤᠯᠴᠠᠭ᠎ᠠ ᠲᠠᠢ ᠪᠤᠯ | ᠰᠠᠯᠬᠢᠨ ᠤ ᠲᠡᠭᠡᠷ᠎ᠡ ᠲᠡᠯ᠎ᠠ ᠳᠤ ᠭᠠᠷᠬᠤ ᠶᠢ ᠠᠩᠬᠠᠷᠤᠨ᠎ᠠ᠃ | ③ ᠭᠡᠷᠪᠡ ᠪᠠᠶᠠᠨ ᠲᠡᠭᠡᠷ᠎ᠡ ᠪᠤᠬᠢᠷᠳᠤᠭᠰᠠᠨ ᠪᠤᠯ ᠲᠡᠷᠦ᠋ᠢᠬᠠᠨ ᠪᠤᠬᠢᠷᠳᠤᠭᠰᠠᠨ ᠬᠤᠪᠴᠠᠰᠤ ᠬᠤᠨᠠᠷ ᠢᠶᠠᠨ ᠲᠡᠶᠢᠯᠵᠤ᠂ ᠰᠠᠪᠤᠩ ᠢᠶᠠᠷ ᠪᠥᠬᠦ ᠪᠡᠶ᠎ᠡ ᠪᠠᠨ | ᠬᠥᠢᠴᠡᠳ ᠤᠬᠢᠶᠠᠨ ᠴᠡᠪᠡᠷᠯᠡᠬᠦ ᠭᠡᠷᠡᠭᠳᠡᠢ᠃ | ④ ᠪᠤᠬᠢᠷᠳᠤᠭᠰᠠᠨ ᠢᠳᠡᠭᠡᠨ᠂ ᠪᠤᠬᠢᠷᠳᠤᠭᠰᠠᠨ ᠤᠮᠳᠠᠭᠠᠨ ᠢ ᠢᠳᠡᠵᠤ ᠤᠤᠭᠤᠬᠤ ᠥᠭᠡᠢ ᠪᠠᠶᠢᠵᠤ᠂ ᠰᠠᠴᠤᠷᠠᠭ ᠪᠤᠳᠠᠰ ᠲᠡᠮ ᠢᠶᠠᠷ ᠰᠢᠩᠭᠡᠬᠦ ᠶᠢ | ᠰᠡᠷᠭᠡᠶᠢᠯᠡᠬᠦ ᠭᠡᠷᠡᠭᠳᠡᠢ᠃ | ⑤ ᠪᠤᠬᠢᠷᠳᠤᠯ ᠳᠤ ᠤᠴᠠᠷᠠᠭᠰᠠᠨ ᠪᠤᠯ ᠢᠯᠡᠬᠦᠭᠡᠨ ᠤᠰᠤ ᠤᠤᠭᠤᠵᠤ᠂ ᠪᠠᠶᠡᠨ ᠳᠠᠬᠢ ᠰᠠᠴᠤᠷᠠᠭ ᠪᠤᠳᠠᠰ ᠢ ᠲᠥᠷᠭᠡᠭᠡᠨ ᠲᠠᠭᠤᠵᠤ ᠭᠠᠷᠭᠠᠬᠤ ᠭᠡᠷᠡᠭᠳᠡᠢ᠃ | ᠰᠠᠨᠠᠭᠤᠯᠬᠤ ᠨᠢ᠄ | ① ᠪᠤᠵᠠᠷ ᠰᠤᠮᠤᠨ ᠤ ᠲᠠᠭᠠᠷᠢᠯᠳᠠ ᠳᠤ ᠤᠴᠠᠷᠠᠭᠰᠠᠨ ᠥᠶᠡᠰ ᠠᠶᠤᠵᠤ ᠰᠤᠴᠢᠬᠤ ᠪᠠ ᠡᠮᠬᠢ ᠵᠠᠮᠪᠠᠷᠠᠭ᠎ᠠ ᠪᠠᠨ ᠠᠯᠳᠠᠵᠤ ᠪᠤᠯᠬᠤ ᠥᠭᠡᠢ᠂ ᠲᠤᠰᠬᠠᠢ | ᠠᠵᠢᠯᠳᠠᠳ ᠤᠨ ᠵᠢᠯᠤᠭᠤᠳᠤᠯᠭ᠎ᠠ ᠶᠢ ᠲᠠᠭᠠᠬᠤ ᠭᠡᠷᠡᠭᠳᠡᠢ᠃ | ② ᠪᠤᠵᠠᠷ ᠰᠤᠮᠤᠨ ᠤ ᠲᠠᠭᠠᠷᠢᠯᠳᠠ ᠥᠡᠭᠭᠡᠷᠡᠭᠰᠡᠨ ᠤ ᠰᠡᠬᠦᠯᠡᠷ ᠲᠤᠰᠬᠠᠢ ᠠᠵᠢᠯ ᠤᠨ ᠪᠤᠰᠤ ᠬᠥᠮᠥᠰ ᠬᠥᠨᠳᠤ ᠨᠤᠴᠢᠳᠠᠢ ᠪᠤᠬᠢᠷᠳᠤᠭᠰᠠᠨ ᠭᠠᠵᠠᠷ ᠤᠷᠤᠨ | ᠳᠤ ᠤᠴᠢᠵᠤ ᠪᠤᠯᠬᠤ ᠥᠭᠡᠢ᠃ | ︵3︶ ᠬᠥᠨᠳᠤ ᠨᠤᠴᠢᠳᠠᠢ ᠴᠥᠮ᠎ᠡ ᠶᠢᠨ ᠡ᠊ᠨᠳᠡᠯ | ᠴᠥᠮ᠎ᠡ ᠶᠢᠨ ᠤᠷᠪᠠᠯ ᠤᠨ ᠵᠤᠤᠬ᠎ᠠ᠂ ᠴᠥᠮ᠎ᠡ ᠶᠢᠨ ᠴᠠᠬᠢᠯᠭᠠᠨ ᠥᠷᠳᠡᠭᠡ ᠨᠢ ᠭᠡᠷᠪᠡ ᠡ᠊ᠨᠳᠡᠯ ᠡᠬᠦᠰᠪᠡᠯ ᠶᠡᠭᠡ ᠭᠡᠮᠵᠢᠶᠡᠨ ᠤ ᠰᠠᠴᠤᠷᠠᠭ ᠪᠤᠳᠠᠰ ᠢ ᠠᠭᠠᠷ ᠲᠤ | ᠲᠠᠷᠬᠠᠭᠠᠵᠤ᠂ ᠶᠡᠭᠡ ᠭᠡᠮᠵᠢᠶᠡᠨ ᠤ ᠰᠠᠴᠤᠷᠠᠭ ᠥᠨᠡᠰᠤ ᠲᠤᠭᠤᠰᠤ ᠶᠢ ᠪᠤᠢ ᠪᠤᠯᠭᠠᠳᠠᠭ᠃ ᠲᠡᠷᠡ ᠨᠢ ᠬᠥᠮᠥᠨ ᠤ ᠪᠡᠶ᠎ᠡ ᠳᠤ ᠰᠢᠭᠤᠳ ᠲᠤᠰᠳᠠᠭ ᠪᠥᠭᠡᠳ ᠪᠠᠰᠠ | ᠠᠮᠢᠰᠬᠤᠬᠤ᠂ ᠠᠷᠠᠰᠤ ᠬᠥᠷᠥᠰᠤ ᠪᠤᠬᠢᠷᠳᠤᠬᠤ᠂ ᠢᠳᠡᠵᠤ ᠤᠤᠭᠤᠬᠤ ᠵᠡᠷᠭᠡ ᠪᠠᠷ ᠲᠡᠮᠵᠢᠨ ᠬᠥᠮᠥᠨ ᠤ ᠪᠡᠶ᠎ᠡ ᠳᠤ ᠨᠡᠪᠴᠢᠳᠡᠭ᠃ ᠬᠥᠨᠳᠤ ᠨᠤᠴᠢᠳᠠᠢ ᠴᠥᠮ᠎ᠡ ᠶᠢᠨ | ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠷᠠᠳᠢᠤ᠋ ᠨᠡᠪᠳᠡᠷᠡᠬᠦᠯᠭᠡ᠂ ᠲᠧᠯᠸᠢᠰ ᠵᠡᠷᠭᠡ ᠪᠠᠷ ᠲᠡᠮᠵᠢᠨ ᠴᠥᠮ᠎ᠠ ᠶᠢᠨ ᠴᠠᠬᠢᠯᠭᠠᠨ ᠥᠢᠯᠡᠳᠪᠥᠷᠢ ᠪᠤᠶᠤ ᠴᠥᠮ᠎ᠡ ᠶᠢᠨ ᠤᠷᠪᠠᠯ ᠤᠨ ᠵᠤᠤᠬ᠎ᠠ ᠨᠢ ᠴᠥᠮ᠎ᠠ | ᠶᠢᠨ ᠡ᠊ᠨᠳᠡᠯ ᠡᠬᠦᠰᠥᠭᠰᠡᠨ ᠢ ᠤᠯᠵᠤ ᠮᠡᠳᠡᠪᠡᠯ ᠠᠯᠢ ᠴᠢᠳᠠᠬᠤ ᠪᠠᠷ ᠭᠡᠷ ᠠᠴᠠ ᠪᠠᠨ ᠭᠠᠷᠬᠤ ᠥᠭᠡᠢ ᠪᠠᠶᠢᠵᠤ᠂ ᠡᠬᠦᠳᠡ ᠴᠤᠩᠬᠤ ᠪᠠ ᠪᠤᠢ ᠪᠥᠬᠦᠢ ᠰᠠᠯᠬᠢ ᠨᠡᠪᠳᠡᠷᠡᠬᠦ | ᠰᠢᠰᠲ᠋ᠧᠮ ᠢ ᠶᠠᠭ ᠲᠠᠭ ᠲᠡᠷᠤᠬᠤ ᠭᠡᠷᠡᠭᠳᠡᠢ᠃ ᠭᠡᠷᠪᠡ ᠥᠷᠥᠭᠡ ᠭᠡᠷ ᠠᠴᠠ ᠪᠠᠨ ᠭᠠᠳᠠᠨ᠎ᠠ ᠪᠠᠶᠢᠪᠠᠯ ᠭᠠᠷ ᠤᠨ ᠠᠯᠴᠢᠭᠤᠷ᠂ ᠠᠮᠠᠪᠴᠢ᠂ ᠡᠷᠡᠬᠦᠯ ᠬᠠᠮᠠᠭᠠᠯᠠᠯ ᠤᠨ | ᠴᠠᠭᠠᠰᠤ ᠠᠯᠴᠢᠭᠤᠷ ᠪᠤᠶᠤ ᠪᠤᠰᠤᠳ ᠵᠥᠢᠯ ᠢᠶᠠᠷ ᠠᠮᠠ ᠬᠠᠮᠠᠷ ᠢᠶᠠᠨ ᠲᠡᠷᠤᠵᠤ᠂ ᠰᠠᠯᠬᠢ ᠥᠭᠡᠳᠡ ᠵᠠᠶᠢᠯᠠᠵᠤ᠂ ᠠᠮᠤᠷ ᠲᠥᠪᠰᠢᠨ ᠭᠠᠵᠠᠷ ᠢ ᠰᠤᠩᠭᠤᠨ ᠪᠡᠶ᠎ᠡ | ᠲᠠᠯᠳᠠᠯᠠᠬᠤ ᠭᠡᠷᠡᠭᠳᠡᠢ᠃ | ② ᠬᠤᠪᠴᠠᠰᠤ ᠬᠤᠨᠠᠷ ᠪᠠ ᠠᠷᠠᠰᠤ ᠬᠥᠷᠥᠰᠤ ᠴᠢᠨᠢ ᠪᠤᠬᠢᠷᠳᠤᠭᠰᠠᠨ ᠪᠤᠶᠤ ᠪᠤᠬᠢᠷᠳᠤᠵᠤ ᠮᠡᠳᠡᠬᠦ ᠥᠶᠡᠰ ᠭᠠᠳᠠᠷ ᠬᠤᠪᠴᠠᠰᠤ ᠪᠠᠨ ᠲᠠᠶᠢᠯᠬᠤ ᠶᠢᠨ ᠲᠠᠭᠠᠤ᠂ | ᠭᠠᠷ᠂ ᠨᠢᠭᠤᠷ᠂ ᠲᠤᠯᠤᠭᠠᠢ ᠪᠠᠨ ᠰᠠᠶᠢᠳᠤᠷ ᠤᠬᠢᠶᠠᠨ᠎ᠠ᠃ | ③ ᠪᠤᠬᠢᠷᠳᠤᠯ ᠤᠨ ᠤᠷᠤᠨ ᠠᠴᠠ ᠵᠠᠶᠢᠯᠠᠭᠰᠠᠨ ᠤ ᠰᠡᠬᠦᠯᠡᠷ ᠪᠤᠬᠢᠷᠳᠤᠭᠰᠠᠨ ᠬᠤᠪᠴᠠᠰᠤ ᠬᠤᠨᠠᠷ ᠢᠶᠠᠨ ᠲᠥᠪᠯᠡᠷᠡᠬᠦᠯᠥᠨ ᠰᠢᠳᠠᠭᠠᠬᠤ ᠪᠠ ᠪᠤᠯᠠᠬᠤ ᠶᠢ | ᠠᠩᠬᠠᠷᠤᠨ᠎ᠠ᠃ | ᠰᠠᠨᠠᠭᠤᠯᠬᠤ ᠨᠢ᠄ | ① ᠴᠥᠮ᠎ᠡ ᠶᠢᠨ ᠡ᠊ᠨᠳᠡᠯ ᠡᠬᠦᠰᠥᠭᠰᠡᠨ ᠥᠶᠡᠰ ᠬᠠᠮᠢᠶ᠎ᠠ ᠪᠥᠬᠦᠢ ᠰᠠᠯᠠᠭ᠎ᠠ ᠮᠥᠴᠢᠷ ᠪᠤᠶᠤ ᠲᠤᠰᠬᠠᠢ ᠠᠵᠢᠯᠳᠠᠨ ᠤ ᠵᠢᠯᠤᠭᠤᠳᠤᠯᠭ᠎ᠠ ᠶᠢ ᠰᠤᠨᠤᠰᠴᠤ᠂ | ᠱᠠᠯᠠᠪᠬᠠᠨ ᠠᠷᠭ᠎ᠠ ᠭᠡᠮᠵᠢᠶ᠎ᠡ ᠠᠪᠴᠤ᠂ ᠰᠠᠴᠤᠷᠠᠭ ᠪᠤᠳᠠᠰ ᠢ ᠰᠢᠩᠭᠡᠭᠡᠨ ᠠᠪᠬᠤ ᠠᠴᠠ ᠰᠡᠷᠭᠡᠶᠢᠯᠡᠨ᠎ᠡ᠃ | ② ᠲᠡᠷᠦ᠋ᠢᠬᠠᠨ ᠤᠢᠢᠷ᠎ᠠ ᠬᠠᠪᠢ ᠶᠢᠨ ᠠᠷᠠᠳ ᠤᠨ ᠠᠭᠠᠷ ᠤᠨ ᠰᠡᠷᠭᠡᠶᠢᠯᠡᠯᠳᠡ ᠶᠢᠨ ᠪᠠᠷᠢᠯᠭ᠎ᠠ ᠳᠤ ᠨᠢᠭᠤᠭᠳᠠᠪᠡᠯ ᠰᠠᠶᠢᠨ᠃ | ︵4︶ ᠡᠩ ᠤᠨ ᠵᠡᠪᠰᠡᠭ ᠤᠨ ᠠᠭᠠᠷ ᠤᠨ ᠲᠠᠭᠠᠷᠢᠯᠳᠠ ᠡᠩ ᠤᠨ ᠵᠡᠪᠰᠡᠭ ᠤᠨ ᠠᠭᠠᠷ ᠤᠨ ᠲᠠᠭᠠᠷᠢᠯᠳᠠ ᠭᠡᠳᠡᠭ ᠪᠤᠯ ᠴᠥᠮ᠎ᠡ᠂ ᠬᠢᠮᠢ᠂ ᠠᠮᠢᠳᠤ ᠪᠤᠳᠠᠰ ᠤᠨ | ᠵᠡᠪᠰᠡᠭ ᠠᠴᠠ ᠪᠤᠰᠤᠳ ᠵᠥᠢᠯ ᠤᠨ ᠵᠡᠪᠰᠡᠭ ᠠᠭᠠᠷ ᠠᠴᠠ ᠭᠠᠵᠠᠷ ᠲᠡᠭᠡᠷᠡᠬᠢ᠂ ᠤᠰᠤᠨ ᠲᠡᠭᠡᠷᠡᠬᠢ ᠬᠠᠷᠠᠯᠳᠠ ᠶᠢ ᠲᠠᠭᠠᠷᠢᠬᠤ ᠶᠢ ᠵᠢᠭᠠᠵᠤ ᠪᠠᠶᠢᠨ᠎ᠠ᠃ ᠡᠩ ᠤᠨ | ᠵᠡᠪᠰᠡᠭ ᠤᠨ ᠠᠭᠠᠷ ᠤᠨ ᠲᠠᠭᠠᠷᠢᠯᠳᠠ ᠶᠢᠨ ᠠᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠰᠡᠷᠡᠮᠵᠢ ᠶᠢᠨ ᠲᠤᠬᠢᠶ᠎ᠠ ᠶᠢ ᠤᠯᠵᠤ ᠰᠤᠨᠤᠰᠤᠮᠠᠭᠴᠠ ᠪᠠᠨ ᠴᠠᠬᠢᠯᠭᠠᠨ ᠡᠬᠦᠰᠭᠡᠭᠴᠢ ᠪᠠᠨ ᠲᠠᠰᠤᠯᠵᠤ᠂ ᠨᠡᠬᠦᠷᠡᠰᠥᠨ ᠭᠡᠢ ᠪᠠᠨ ᠬᠠᠭᠠᠵᠤ᠂ ᠵᠤᠤᠬ᠎ᠠ ᠶᠢᠨ | ᠭᠠᠯ ᠢᠶᠠᠨ ᠤᠨᠳᠠᠷᠠᠭᠠᠵᠤ᠂ ᠠᠭᠠᠷ ᠤᠨ ᠰᠡᠷᠭᠡᠶᠢᠯᠡᠯᠳᠡ ᠶᠢᠨ ᠬᠠᠮᠠᠭᠠᠯᠠᠯᠳᠠ ᠶᠢᠨ ᠪᠠᠭᠠᠵᠢ ᠭᠡᠷᠡᠭᠰᠡᠯ ᠪᠠ ᠠᠮᠢᠳᠤᠷᠠᠯ ᠤᠨ ᠴᠢᠬᠤᠯᠠ ᠡᠳ᠋ᠯᠡᠯ ᠭᠡᠷᠡᠭᠰᠡᠯ ᠢᠶᠠᠨ ᠠᠪᠴᠤ᠂ | ᠲᠡᠷᠦ᠋ᠢᠬᠠᠨ ᠡᠮᠬᠢ ᠲᠢᠭᠯᠢᠮ ᠲᠠᠢ ᠪᠠᠷ ᠠᠭᠠᠷ ᠤᠨ ᠰᠡᠷᠭᠡᠶᠢᠯᠡᠯᠳᠡ ᠶᠢᠨ ᠪᠠᠷᠢᠯᠭ᠎ᠠ ᠪᠤᠶᠤ ᠵᠢᠭᠠᠨ ᠲᠤᠭᠳᠠᠭᠠᠭᠰᠠᠨ ᠲᠠᠯᠳᠠᠯᠠᠬᠤ ᠤᠷᠤᠨ ᠪᠠᠶᠢᠷᠢ ᠳᠤ ᠰᠢᠯᠵᠢᠬᠦ ᠭᠡᠷᠡᠭᠳᠡᠢ᠃ | | ② ᠠᠭᠠᠷ ᠤᠨ ᠲᠠᠭᠠᠷᠢᠯᠳᠠ ᠶᠢᠨ ᠰᠡᠷᠡᠮᠵᠢ ᠶᠢᠨ ᠲᠤᠬᠢᠶ᠎ᠠ ᠶᠢ ᠰᠤᠨᠤᠰᠤᠮᠠᠭᠴᠠ ᠪᠠᠨ ᠤᠢᠢᠷ᠎ᠠ ᠬᠠᠪᠢ ᠶᠢᠨ ᠠᠭᠠᠷ ᠤᠨ ᠰᠡᠷᠭᠡᠶᠢᠯᠡᠯᠳᠡ ᠶᠢᠨ ᠪᠠᠷᠢᠯᠭ᠎ᠠ ᠳᠤ | ᠨᠢᠭᠤᠨ ᠲᠠᠯᠳᠠᠯᠠᠵᠤ᠂ ᠪᠠᠶᠢᠳᠠᠯ ᠪᠠᠴᠢᠮ ᠲᠤᠯᠭᠠᠮ᠎ᠠ ᠪᠤᠯᠵᠤ ᠠᠭᠠᠷ ᠤᠨ ᠰᠡᠷᠭᠡᠶᠢᠯᠡᠯᠳᠡ ᠶᠢᠨ ᠪᠠᠷᠢᠯᠭ᠎ᠠ ᠳᠤ ᠤᠷᠤᠵᠤ ᠵᠠᠪᠳᠤᠬᠤ ᠥᠭᠡᠢ ᠥᠶᠡᠰ ᠭᠠᠵᠠᠷ ᠤᠨ ᠪᠠᠶᠢᠴᠠ | ᠪᠠ ᠭᠠᠵᠠᠷ ᠲᠡᠭᠡᠷᠡᠬᠢ ᠲᠤᠬᠢᠳᠠᠢ ᠭᠠᠵᠠᠷ ᠨᠢᠭᠤᠨ ᠲᠠᠯᠳᠠᠯᠠᠭᠠᠷᠠᠢ᠃ | ③ ᠤᠯᠠᠨ ᠨᠡᠶᠢᠳᠡ ᠶᠢᠨ ᠭᠠᠵᠠᠷ ᠲᠠᠯᠠᠪᠠᠢ ᠳᠤ ᠪᠠᠶᠢᠪᠠᠯ ᠤᠢᠢᠷ᠎ᠠ ᠤᠷᠴᠢᠮ ᠤᠨ ᠨᠥᠭᠡᠨ ᠭᠡᠷ᠂ ᠭᠠᠵᠠᠷ ᠲᠤᠤᠷᠠᠬᠢ ᠲᠡᠮᠥᠷ ᠵᠠᠮ ᠤᠨ ᠥᠷᠳᠡᠭᠡ ᠪᠤᠶᠤ | ᠪᠤᠯᠤᠳ ᠰᠢᠷᠪᠤᠰᠤᠳᠤ ᠪᠧᠲ᠋ᠤᠨ ᠪᠥᠳᠥᠴᠡᠳᠤ ᠪᠠᠷᠢᠯᠭ᠎ᠠ ᠶᠢᠨ ᠲᠤᠤᠷ᠎ᠠ ᠲᠠᠪᠬᠤᠷᠭ᠎ᠠ ᠵᠡᠷᠭᠡ ᠭᠠᠵᠠᠷ ᠨᠢᠭᠤᠨ ᠲᠠᠯᠳᠠᠯᠠᠬᠤ ᠭᠡᠷᠡᠭᠳᠡᠢ᠃ ᠥᠨᠳᠥᠷ ᠬᠦᠴᠤᠳᠠᠯᠳᠦ | ᠴᠠᠬᠢᠯᠭᠠᠨ ᠤᠳᠠᠰᠤ᠂ ᠲᠤᠰᠤᠨ ᠬᠥᠮᠥᠷᠭᠡ ᠵᠡᠷᠭᠡ ᠠᠶᠤᠯ ᠲᠠᠢ ᠭᠠᠵᠠᠷ ᠶᠠᠭᠠᠬᠢᠭᠰᠠᠨ ᠴᠤ ᠲᠠᠯᠳᠠᠯᠠᠵᠤ ᠪᠤᠯᠬᠤ ᠥᠭᠡᠢ᠃ | ④ ᠲᠠᠭᠠᠷᠢᠯᠳᠠ ᠶᠢᠨ ᠭᠠᠵᠠᠷ ᠲᠤ ᠪᠠᠶᠢᠪᠠᠯ ᠤᠢᠢᠷ᠎ᠠ ᠬᠠᠪᠢ ᠶᠢᠨ ᠬᠤᠳᠤᠭᠤᠷ ᠭᠠᠵᠠᠷ᠂ ᠰᠢᠷᠤᠢ ᠶᠢᠨ ᠤᠪᠤᠭ᠎ᠠ᠂ ᠲᠤᠮᠤ ᠮᠤᠳᠤᠨ ᠤ ᠲᠤᠤᠷ᠎ᠠ ᠲᠡᠷᠬᠠᠨ | ᠲᠠᠯᠳᠠᠯᠠᠬᠤ ᠭᠡᠷᠡᠭᠳᠡᠢ᠃ ᠭᠡᠷᠪᠡ ᠲᠡᠰᠥᠷᠡᠬᠦ ᠪᠥᠮᠪᠦᠭᠡ ᠤᠢᠢᠷ᠎ᠠ ᠬᠠᠪᠢ ᠳᠤᠨᠢ ᠴᠢᠨᠢ ᠪᠠᠭᠤᠬᠤ ᠪᠤᠶᠤ ᠲᠡᠯᠪᠡᠷᠡᠬᠦ ᠥᠶᠡᠰ᠂ ᠱᠠᠯᠠᠪᠬᠠᠨ ᠡᠯᠢᠭᠡ ᠲᠥᠷᠥᠬᠦᠯᠡᠨ ᠭᠡᠪᠳᠡᠵᠤ᠂ | ᠴᠢᠬᠢ ᠪᠠᠨ ᠪᠥᠭᠯᠡᠨ᠂ ᠠᠮᠠ ᠪᠠᠨ ᠠᠩᠭᠠᠢᠢᠵᠤ᠂ ᠨᠢᠳᠤ ᠪᠠᠨ ᠠᠨᠢᠬᠤ ᠭᠡᠷᠡᠭᠳᠡᠢ᠃ ᠭᠡᠪᠳᠡᠬᠦ ᠳᠡᠭᠡᠨ ᠴᠡᠭᠡᠵᠢᠨ ᠪᠡᠶ᠎ᠡ ᠪᠠᠨ ᠭᠠᠵᠠᠷ ᠲᠠᠢ ᠶᠠᠭ ᠨᠠᠭᠠᠯᠳᠤᠭᠤᠯᠵᠤ ᠪᠤᠯᠬᠤ | ᠥᠭᠡᠢ᠂ ᠲᠦᠷᠬᠡᠨ ᠰᠢᠷᠬᠠᠳᠤᠬᠤ ᠠᠴᠠ ᠬᠢᠴᠢᠶᠡᠨ᠎ᠡ᠃ | ⑤ ᠰᠡᠷᠡᠮᠵᠢ ᠶᠢᠨ ᠲᠤᠬᠢᠶ᠎ᠠ ᠶᠢ ᠵᠤᠭᠰᠤᠭᠠᠭᠰᠠᠨ ᠤ ᠰᠡᠬᠦᠯᠡᠷ ᠵᠤᠬᠢᠶᠠᠨ ᠪᠠᠶᠢᠭᠤᠯᠤᠯᠳᠠ ᠲᠠᠢ ᠪᠠᠷ ᠠᠶᠤᠯ ᠲᠠᠢ ᠤᠷᠤᠨ ᠠᠴᠠ ᠵᠠᠶᠢᠯᠠᠵᠤ᠂ ᠥᠪᠡᠷ ᠢ ᠪᠠᠨ | ᠠᠪᠤᠷᠠᠬᠤ᠂ ᠬᠠᠷᠢᠯᠴᠠᠨ ᠠᠪᠤᠷᠠᠬᠤ ᠪᠠ ᠥᠢᠯᠡᠳᠪᠥᠷᠢᠯᠡᠯ ᠠᠮᠢᠳᠤᠷᠠᠯ ᠤᠨ ᠡᠮᠬᠢ ᠲᠢᠭᠯᠢᠮ ᠢᠶᠠᠨ ᠰᠡᠷᠬᠦᠭᠡᠬᠦ ᠠᠵᠢᠯ ᠤᠳ ᠢ ᠲᠡᠷᠦ᠋ᠢᠬᠠᠨ ᠦᠷᠨᠢᠭᠦᠯᠦᠨ᠎ᠡ᠃ | ᠰᠠᠨᠠᠭᠤᠯᠬᠤ ᠨᠢ᠄ | ① ᠠᠭᠠᠷ ᠤᠨ ᠰᠡᠷᠭᠡᠶᠢᠯᠡᠯᠳᠡ ᠶᠢᠨ ᠰᠡᠷᠡᠮᠵᠢ ᠶᠢᠨ ᠲᠤᠬᠢᠶ᠎ᠠ ᠶᠢ ᠢᠯᠭᠠᠨ ᠲᠠᠨᠢᠬᠤ ᠤᠷᠢᠳᠴᠢᠯᠠᠭᠰᠠᠨ ᠰᠡᠷᠡᠮᠵᠢ ᠶᠢᠨ ᠲᠤᠬᠢᠶ᠎ᠠ᠄ 36 ᠰᠧᠺᠦ᠋ᠨ᠋ᠳ᠋ | ᠲᠤᠤᠭᠠᠷᠴᠤ᠂ 24 ᠰᠧᠺᠦ᠋ᠨ᠋ᠳ᠋ ᠵᠤᠭᠰᠤᠭᠠᠵᠤ᠂ 3 ᠤᠳᠠᠭ᠎ᠠ ᠲᠠᠪᠳᠠᠵᠤ᠂ 3 ᠮᠢᠨᠦ᠋ᠲ ᠤᠨ ᠴᠠᠭ ᠭᠡᠷᠡᠭᠰᠡᠨ᠎ᠡ᠃ | ᠠᠭᠠᠷ ᠤᠨ ᠲᠠᠭᠠᠷᠢᠯᠳᠠ ᠶᠢᠨ ᠰᠡᠷᠡᠮᠵᠢ ᠶᠢᠨ ᠲᠤᠬᠢᠶ᠎ᠠ᠄ 6 ᠰᠧᠺᠦ᠋ᠨ᠋ᠳ᠋ ᠲᠤᠤᠭᠠᠷᠴᠤ᠂ 6 ᠰᠧᠺᠦ᠋ᠨ᠋ᠳ᠋ ᠵᠤᠭᠰᠤᠵᠤ᠂ 15 ᠤᠳᠠᠭ᠎ᠠ ᠲᠠᠪᠳᠠᠵᠤ᠂ 3 ᠮᠢᠨᠦ᠋ᠲ | ᠤᠨ ᠴᠠᠭ ᠭᠡᠷᠡᠭᠰᠡᠨ᠎ᠡ᠃ | ᠰᠡᠷᠡᠮᠵᠢ ᠶᠢᠨ ᠲᠤᠬᠢᠶ᠎ᠠ ᠶᠢ ᠵᠤᠭᠰᠤᠭᠠᠬᠤ᠄ ᠥᠷᠬᠦᠯᠵᠢᠯᠡᠨ 3 ᠮᠢᠨᠦ᠋ᠲ ᠲᠤᠤᠭᠠᠷᠭᠠᠨᠠ᠃ | ② ᠠᠭᠠᠷ ᠤᠨ ᠲᠠᠭᠠᠷᠢᠯᠳᠠ ᠠᠴᠠ ᠡᠮᠥᠨᠡᠬᠢ ᠰᠡᠷᠭᠡᠶᠢᠯᠡᠯᠳᠡ ᠶᠢᠨ ᠪᠡᠯᠡᠳᠭᠡᠯ ᠤᠢᠢᠷ᠎ᠠ ᠤᠷᠴᠢᠮ ᠤᠨ ᠠᠭᠠᠷ ᠤᠨ ᠰᠡᠷᠭᠡᠶᠢᠯᠡᠯᠳᠡ ᠶᠢᠨ ᠲᠠᠯᠳᠠᠯᠠᠬᠤ | ᠪᠡᠯᠡᠳᠭᠡᠮᠵᠢ ᠶᠢ ᠮᠡᠳᠡᠨ ᠠᠪᠴᠤ᠂ ᠲᠠᠷᠬᠠᠭᠠᠬᠤ᠂ ᠲᠠᠯᠳᠠᠯᠠᠬᠤ ᠵᠠᠮ ᠱᠤᠭᠤᠮ ᠢ ᠲᠤᠳᠤᠷᠬᠠᠢᠢᠯᠠᠨ᠎ᠠ᠃ ᠭᠠᠷ ᠭᠡᠷᠡᠯᠳᠥᠬᠦᠯᠭᠡ᠂ ᠤᠤᠭᠤᠬᠤ ᠤᠰᠤ᠂ ᠲᠥᠷᠭᠡᠨ | ᠠᠪᠤᠷᠠᠯᠳᠠ ᠶᠢᠨ ᠪᠤᠭᠴᠤ ᠵᠡᠷᠭᠡ ᠪᠡᠶ᠎ᠡ ᠳᠡᠭᠡᠨ ᠠᠪᠴᠤ ᠶᠠᠪᠤᠬᠤ ᠠᠮᠢᠳᠤᠷᠠᠯ ᠤᠨ ᠬᠡᠷᠡᠭᠰᠡᠯ ᠪᠠ ᠡᠮ ᠢ ᠰᠠᠶᠢᠳᠤᠷ ᠪᠡᠯᠡᠳᠭᠡᠬᠦ ᠭᠡᠷᠡᠭᠳᠡᠢ᠃ ᠥᠷᠥᠭᠡ ᠭᠡᠷ ᠤᠨ ᠢᠶᠠᠨ ᠰᠢᠯ | ᠴᠤᠩᠬᠤ ᠪᠠᠨ ᠴᠥᠮ ︽米︾ ᠪᠤᠶᠤ ︽井︾ ᠭᠡᠯᠪᠡᠷᠢ ᠶᠢᠨ ᠴᠠᠭᠠᠰᠤ ᠪᠤᠶᠤ ᠪᠥᠰ ᠢᠶᠠᠷ ᠵᠤᠷᠪᠤᠰᠯᠠᠨ ᠨᠠᠭᠠᠵᠤ᠂ ᠰᠢᠯ ᠨᠢ ᠲᠤᠷᠬᠢᠨ ᠬᠠᠭᠠᠷᠠᠵᠦ ᠬᠥᠮᠥᠨ ᠢ | ᠰᠢᠷᠬᠠᠳᠤᠭᠤᠯᠬᠤ ᠠᠴᠠ ᠰᠡᠷᠭᠡᠶᠢᠯᠡᠨ᠎ᠡ᠃ | ︵5︶ ᠤᠷᠴᠢᠨ ᠲᠤᠭᠤᠷᠢᠨ ᠤ ᠪᠤᠬᠢᠷᠳᠤᠯ ᠤᠨ ᠡ᠊ᠨᠳᠡᠯ ᠤᠷᠴᠢᠨ ᠲᠤᠭᠤᠷᠢᠨ ᠤ ᠪᠤᠬᠢᠷᠳᠤᠯ ᠤᠨ ᠡ᠊ᠨᠳᠡᠯ ᠢ ᠤᠰᠤᠨ ᠤ ᠪᠤᠬᠢᠷᠳᠤᠯ ᠤᠨ ᠡ᠊ᠨᠳᠡᠯ᠂ ᠠᠭᠠᠷ | ᠮᠠᠨᠳᠡᠯ ᠤᠨ ᠪᠤᠬᠢᠷᠳᠤᠯ ᠤᠨ ᠡ᠊ᠨᠳᠡᠯ᠂ ᠬᠠᠳᠠᠭᠤ ᠪᠡᠶᠡᠳᠤ ᠬᠠᠶᠠᠭᠳᠠᠮᠠᠯ ᠡᠳ᠋ ᠤᠨ ᠪᠤᠬᠢᠷᠳᠤᠯ ᠤᠨ ᠡ᠊ᠨᠳᠡᠯ᠂ ᠰᠠᠴᠤᠷᠠᠭ ᠴᠢᠨᠠᠷ ᠤᠨ ᠪᠤᠬᠢᠷᠳᠤᠯ ᠤᠨ ᠡ᠊ᠨᠳᠡᠯ ᠭᠡᠬᠦ ᠵᠡᠷᠭᠡ | ᠪᠠᠷ ᠢᠯᠭᠠᠳᠠᠭ᠃ ᠤᠷᠴᠢᠨ ᠲᠤᠭᠤᠷᠢᠨ ᠤ ᠪᠤᠬᠢᠷᠳᠤᠯ ᠤᠨ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠲᠤᠬᠠᠢ ᠶᠢᠨ ᠲᠠᠯᠠᠪᠤᠷ ᠲᠤ ᠲᠡᠯᠪᠡᠷᠡᠭᠰᠡᠨ ᠭᠡᠢ ᠪᠡᠶᠡᠳᠤ ᠥᠭᠡᠢ ᠪᠠᠶᠢᠳᠠᠯ ᠲᠤᠤᠷ᠎ᠠ ᠲᠡᠷᠦ᠋ᠢᠬᠠᠨ 119᠂ 110 ᠪᠤᠶᠤ ᠲᠤᠬᠠᠢ ᠶᠢᠨ ᠭᠠᠵᠠᠷ ᠤᠨ | ᠤᠷᠴᠢᠨ ᠲᠤᠭᠤᠷᠢᠨ ᠤ ᠬᠠᠮᠠᠭᠠᠯᠠᠯᠳᠠ ᠶᠢᠨ ᠰᠠᠯᠠᠭ᠎ᠠ ᠮᠥᠴᠢᠷ ᠲᠤ ᠤᠳᠠᠰᠤᠳᠠᠵᠤ᠂ ᠭᠡᠷᠡᠭ ᠡᠬᠦᠰᠥᠭᠰᠡᠨ ᠲᠤᠳᠤᠷᠬᠠᠢ ᠭᠠᠵᠠᠷ ᠤᠷᠤᠨ᠂ ᠤᠷᠤᠨ ᠲᠤᠭᠤᠷᠢᠬ ᠪᠠ | ᠪᠤᠬᠢᠷᠳᠤᠯ ᠤᠨ ᠥᠵᠡᠭᠳᠡᠯ᠂ ᠬᠠᠷᠢᠯᠴᠠᠬᠤ ᠬᠥᠮᠥᠨ ᠤ ᠤᠳᠠᠰᠤ ᠪᠠᠨ ᠲᠤᠳᠤᠷᠬᠠᠢ ᠭᠡᠯᠡᠵᠤ ᠥᠭᠬᠦ ᠬᠡᠷᠡᠭᠳᠠᠢ᠃ | ② ᠪᠤᠬᠢᠷᠳᠤᠯ ᠤᠨ ᠠᠳᠡᠯ ᠤᠨ ᠲᠤᠬᠠᠢ ᠶᠢᠨ ᠲᠠᠯᠠᠪᠤᠷ ᠤᠨ ᠪᠠᠶᠢᠳᠠᠯ ᠢ ᠥᠨᠳᠥᠰᠥᠯᠡᠨ᠂ ᠪᠤᠬᠢᠷᠳᠤᠭᠰᠠᠨ ᠭᠠᠵᠠᠷ ᠤᠷᠤᠨ ᠤ ᠨᠠᠰᠤᠳᠠᠢ᠂ ᠪᠠᠭᠤᠷᠠᠢ᠂ | ᠡᠪᠡᠳᠴᠢᠡ ᠲᠠᠢ᠂ ᠵᠡᠮᠳᠡᠭ ᠬᠥᠮᠥᠰ ᠪᠠ ᠬᠤᠤᠷᠳᠠᠭᠳᠠᠭᠰᠠᠨ ᠬᠥᠮᠥᠰ ᠢ ᠲᠡᠷᠦ᠋ᠢᠬᠠᠨ ᠲᠤᠬᠢᠳᠠᠢ ᠰᠠᠶᠢᠨ ᠲᠥᠪᠬᠢᠨᠡᠬᠦᠯᠬᠦ ᠭᠡᠷᠡᠭᠳᠡᠢ᠃ | ③ ᠤᠪᠤᠭᠠᠷᠠᠨ ᠥᠵᠡᠬᠦ ᠪᠠ ᠴᠤᠤ ᠲᠠᠷᠬᠠᠭᠠᠵᠤ ᠪᠤᠯᠬᠤ ᠥᠭᠡᠢ᠃ ᠪᠤᠬᠢᠷᠳᠤᠯ ᠤᠨ ᠲᠥᠷᠥᠯ ᠵᠥᠢᠯ ᠢ ᠥᠨᠳᠥᠰᠥᠯᠡᠨ ᠲᠤᠰᠬᠠᠢ ᠠᠵᠢᠯᠳᠠᠨ ᠢᠶᠠᠷ ᠠᠪᠤᠷᠠᠨ | ᠵᠠᠰᠠᠭᠤᠯᠤᠨ᠎ᠠ᠃ | ᠰᠠᠨᠠᠭᠤᠯᠬᠤ ᠨᠢ᠄ | ① ᠤᠰᠤ ᠪᠤᠬᠢᠷᠳᠤᠭᠰᠠᠨ ᠢ ᠤᠯᠵᠤ ᠮᠡᠳᠡᠭᠰᠡᠨ ᠥᠶᠡᠰ ᠪᠤᠯᠭᠤᠮᠵᠢᠳᠠᠢ ᠭᠡᠷᠡᠭᠯᠡᠬᠦ ᠪᠠ ᠤᠤᠭᠤᠬᠤ ᠶᠢ ᠲᠠᠭ ᠬᠤᠷᠢᠭᠯᠠᠵᠤ᠂ ᠲᠡᠷᠦ᠋ᠢᠬᠠᠨ ᠲᠤᠬᠠᠢ ᠶᠢᠨ ᠭᠠᠵᠠᠷ | ᠤᠨ ᠢᠶᠠᠨ ᠡᠷᠡᠬᠦᠯ ᠬᠠᠮᠠᠭᠠᠯᠠᠯ ᠪᠤᠶᠤ ᠤᠷᠴᠢᠨ ᠲᠤᠭᠤᠷᠢᠨ ᠤ ᠬᠠᠮᠠᠭᠠᠯᠠᠯᠳᠠ ᠶᠢᠨ ᠰᠠᠯᠠᠭ᠎ᠠ ᠮᠥᠴᠢᠷ ᠲᠤ ᠮᠡᠳᠡᠭᠦᠯᠦᠨ᠎ᠡ᠃ | ② ᠬᠤᠤᠷ ᠲᠠᠢ ᠭᠡᠢ ᠪᠡᠶᠡᠳᠤ ᠶᠢ ᠤᠯᠵᠤ ᠮᠡᠳᠡᠭᠰᠡᠨ ᠥᠶᠡᠰ ᠰᠠᠭᠤᠭᠠᠯᠢ ᠠᠷᠠᠳ ᠰᠠᠯᠬᠢᠨ ᠤ ᠥᠭᠡᠳᠡ ᠰᠢᠯᠵᠢᠨ ᠵᠠᠶᠢᠯᠠᠵᠤ᠂ ᠬᠤᠤᠷᠳᠠᠭᠳᠠᠬᠰᠠᠳ ᠢ ᠰᠢᠨ᠎ᠡ | ᠰᠤᠷᠭᠤᠭ ᠠᠭᠠᠷ ᠲᠠᠢ ᠭᠠᠵᠠᠷ ᠲᠤ ᠰᠢᠯᠵᠢᠬᠦᠯᠵᠤ᠂ ᠲᠡᠷᠦ᠋ᠢᠬᠠᠨ ᠲᠤᠬᠠᠢ ᠶᠢᠨ ᠭᠠᠵᠠᠷ ᠤᠨ ᠡᠮ ᠡᠮᠨᠡᠯᠭᠡ ᠶᠢᠨ ᠲᠥᠷᠭᠡᠨ ᠠᠪᠤᠷᠠᠬᠤ ᠲᠥᠪ ᠪᠤᠯᠤᠨ ᠬᠠᠮᠢᠶ᠎ᠠ ᠪᠥᠬᠦᠢ | ᠰᠠᠯᠠᠭ᠎ᠠ ᠮᠥᠴᠢᠷ ᠲᠤ ᠮᠡᠳᠡᠭᠦᠯᠦᠨ᠎ᠡ᠃ | ③ ᠬᠤᠤᠷ ᠲᠠᠢ ᠬᠢᠮᠢ ᠶᠢᠨ ᠪᠤᠳᠠᠰ ᠢ ᠤᠯᠵᠤ ᠮᠡᠳᠡᠪᠡᠯ ᠬᠤᠤᠷᠳᠠᠭᠳᠠᠭᠰᠠᠳ ᠢ ᠲᠡᠷᠦ᠋ᠢᠬᠠᠨ ᠠᠮᠤᠷ ᠲᠥᠪᠰᠢᠨ ᠭᠠᠵᠠᠷ ᠰᠢᠯᠵᠢᠬᠦᠯᠬᠦ ᠪᠤᠶᠤ ᠡᠮᠨᠡᠯᠭᠡ ᠳᠤ | ᠬᠥᠷᠭᠡᠵᠤ ᠠᠪᠤᠷᠠᠨ ᠲᠤᠰᠠᠯᠠᠭᠤᠯᠬᠤ ᠭᠡᠷᠡᠭᠳᠡᠢ᠃ ᠪᠧᠨ᠋ᠽᠧᠨ᠂ ᠮᠧᠲ᠋ᠢᠯᠳᠤ ᠪᠧᠨ᠋ᠽᠧᠨ ᠵᠡᠷᠭᠡ ᠰᠢᠩᠭᠡᠨ ᠪᠡᠶᠡᠳᠤ ᠶᠢᠨ ᠲᠥᠷᠥᠯ ᠤᠨ ᠬᠤᠤᠷ ᠲᠠᠢ ᠬᠢᠮᠢ ᠶᠢᠨ ᠪᠤᠳᠠᠰ ᠶᠡᠭᠡ | ᠭᠡᠮᠵᠢᠶ᠎ᠡ ᠪᠠᠷ ᠨᠠᠪᠴᠢᠨ ᠭᠤᠭᠤᠵᠢᠭᠰᠠᠨ ᠢ ᠤᠯᠵᠤ ᠮᠡᠳᠡᠪᠡᠯ᠂ ᠲᠥᠭᠡᠭᠡᠯ ᠤᠰᠤ ᠪᠠᠷ ᠰᠥᠷᠴᠢᠨ ᠤᠬᠢᠶᠠᠵᠤ ᠤᠭᠳᠤ ᠪᠤᠯᠬᠤ ᠥᠭᠡᠢ᠂ ᠬᠠᠷᠢᠨ ᠡᠯᠡᠰᠤ ᠰᠢᠷᠤᠢ᠂ | ᠰᠢᠪᠠᠷ ᠢᠶᠠᠷ ᠲᠠᠷᠤᠬᠤ ᠪᠤᠶᠤ ᠲᠤᠬᠢᠳᠠᠢ ᠰᠤᠷᠤᠯᠳᠠ ᠡᠳ᠋ ᠢᠶᠠᠷ ᠰᠤᠷᠤᠭᠤᠯᠤᠨ ᠠᠪᠴᠤ᠂ ᠪᠤᠬᠢᠷᠳᠤᠯ ᠤᠨ ᠥᠷᠪᠢᠰᠴᠤ ᠲᠡᠯᠡᠬᠦ ᠶᠢ ᠰᠡᠷᠭᠡᠶᠢᠯᠡᠨ᠎ᠡ᠃ | ④ ᠢᠯᠵᠠᠷᠠᠬᠤ ᠴᠢᠨᠠᠷ ᠲᠠᠢ ᠪᠤᠬᠢᠷᠳᠤᠯ ᠪᠤᠳᠠᠰ ᠢ ᠤᠯᠵᠤ ᠮᠡᠳᠡᠪᠡᠯ ᠰᠠᠭᠠᠷᠮᠠᠭᠵᠢᠭᠤᠯᠬᠤ ᠠᠷᠭ᠎ᠠ ᠶᠢ ᠭᠡᠷᠡᠭᠯᠡᠨ᠂ ᠲᠤᠬᠠᠢᠢᠯᠠᠪᠠᠯ ᠲᠠᠪᠤᠰᠤᠨ ᠬᠥᠴᠢᠯ᠂ ᠬᠥᠬᠦᠷ | ᠬᠥᠴᠢᠯ ᠢ ᠪᠤᠯ ᠴᠤᠬᠤᠢ ᠪᠠᠷ ᠰᠠᠭᠠᠷᠮᠠᠭᠵᠢᠭᠤᠯᠤᠨ ᠰᠢᠢᠳᠪᠥᠷᠢᠯᠡᠵᠤ᠂ ᠶᠡᠷᠥ ᠶᠢᠨ ᠬᠤᠵᠢᠷᠯᠢᠬ ᠢᠯᠵᠡᠷᠡᠮᠡᠯ ᠡᠳ᠋ ᠢ ᠡᠲ᠋ᠠ ᠬᠥᠴᠢᠯ ᠢᠶᠠᠷ ᠰᠢᠢᠳᠪᠥᠷᠢᠯᠡᠬᠦ ᠭᠡᠷᠡᠭᠳᠡᠢ᠃ | ᠰᠢᠢᠳᠪᠥᠷᠢᠯᠡᠬᠦ ᠬᠥᠮᠥᠰ ᠡᠷᠭᠡᠪᠰᠢ ᠬᠠᠮᠠᠭᠠᠯᠠᠯᠳᠠ ᠶᠢᠨ ᠬᠤᠪᠴᠠᠰᠤ ᠬᠤᠨᠠᠷ ᠪᠠ ᠲᠤᠰᠬᠠᠢ ᠪᠠᠭᠠᠵᠢ ᠭᠡᠷᠡᠭᠰᠡᠯ ᠢ ᠭᠡᠷᠡᠭᠯᠡᠬᠦ ᠭᠡᠷᠡᠭᠳᠡᠢ᠃ | ⑤ ᠰᠠᠴᠤᠷᠠᠭ ᠤᠨ ᠴᠢᠨᠠᠷ ᠲᠠᠢ ᠪᠤᠬᠢᠷᠳᠤᠯ ᠢ ᠤᠯᠵᠤ ᠮᠡᠳᠡᠪᠡᠯ᠂ ᠲᠤᠬᠠᠢ ᠶᠢᠨ ᠲᠠᠯᠠᠪᠤᠷ ᠠᠴᠠ ᠲᠡᠷᠦ᠋ᠢᠬᠠᠨ ᠬᠤᠯᠠ ᠵᠠᠶᠢᠯᠠᠬᠤ ᠶᠢᠨ ᠲᠠᠭᠠᠤ ᠴᠠᠭᠳᠠᠭ᠎ᠠ ᠳᠤ | ᠮᠡᠳᠡᠬᠦᠯᠬᠦ ᠭᠡᠷᠡᠭᠳᠡᠢ᠃ |